ᠲᠤᠯᠤᠭᠠᠳ ᠪᠣᠰᠬᠤ ᠭᠠᠵᠠᠷ ᠪᠠᠢᠪᠠᠯ ᠲᠤᠭ ᠢ᠋ᠶ᠋ᠠᠨ ᠬᠡᠢᠰᠬᠡᠬᠦ ᠲᠩᠷᠢ ᠪᠠᠢᠳᠠᠭ- ᠭ· ᠴᠢᠩᠪᠠᠭᠠᠲᠤᠷДолоод босох газар байвал догоо гийсгэх тэнгэр байдаг-Г·Чинбаатар
ᠭ· ᠴᠢᠩᠪᠠᠭᠠᠲᠤᠷ
ᠬᠠᠪᠤᠷ ᠤ᠋ᠨ ᠬᠠᠷ᠎ᠠ ᠰᠠᠯᠬᠢ ᠢᠳᠡ ᠠᠪᠴᠤ ᠪᠠᠢᠭᠰᠠᠨ4 ᠳ᠋ᠦ᠍ᠭᠡᠷ ᠰᠠᠷ᠎ᠠ ᠶ᠋ᠢᠨ ᠰᠡᠭᠦᠯᠴᠢ ᠪᠡᠷ ᠨᠠᠳᠠ ᠰᠢᠯᠢ ᠶ᠋ᠢᠨ ᠭᠣᠣᠯ ᠠᠢᠮᠠᠭ ᠤ᠋ᠨ ᠬᠣᠶᠠᠷ ᠦᠵᠦᠮᠦᠴᠢᠨ ᠪᠣᠯᠤᠨ ᠠᠪᠠᠭ᠎ᠠ ᠬᠣᠰᠢᠭᠤ ᠪᠠᠷ ᠰᠤᠷᠪᠤᠯᠵᠢᠯᠠᠨ ᠶᠠᠪᠤᠬᠤ ᠠᠵᠠᠲᠠᠢ ᠲᠣᠬᠢᠶᠠᠯ ᠬᠠᠷᠭᠤᠵᠤ᠂23 ᠤ᠋ ᠥᠷᠯᠥᠭᠡ《ᠺᠠᠶ᠋ᠢᠰᠫᠣᠷ》 ᠬᠡᠮᠡᠬᠦ ᠠᠶᠠᠨᠴᠢᠨ ᠤ᠋ ᠮᠠᠰᠢᠨ ᠢ᠋ᠶ᠋ᠠᠷ ᠰᠢᠯᠢᠩᠬᠣᠲᠠ ᠤᠷᠤᠭᠤ ᠮᠣᠷᠳᠠᠯ᠎ᠠ᠃ ᠶᠠᠮᠠᠷ ᠴᠤ ᠠᠷᠠᠴᠢᠯᠠᠭ᠎ᠠ ᠳᠣᠳᠣᠮᠳᠠᠯᠭ᠎ᠠ ᠦᠭᠡᠢ᠂ ᠬᠠᠮᠠᠭᠠᠯᠠᠯᠲᠠ ᠭᠡᠵᠦ ᠦᠭᠡᠢ ᠴᠠᠷᠳᠠᠮᠠᠯ ᠵᠠᠮ ᠡᠳᠦᠷ ᠦ᠋ᠨ ᠤᠳᠠᠭᠠᠨ ᠳ᠋ᠤ᠌ ᠢᠳᠡᠭᠳᠡᠨ ᠡᠪᠳᠡᠷᠡᠵᠦ ᠣᠩᠭᠣ ᠴᠣᠩᠭᠣ ᠪᠣᠯᠴᠢᠬᠠᠭᠰᠠᠨ ᠪᠣᠯᠬᠣᠷ ᠵᠢᠷᠢᠢᠲᠡᠯ᠎ᠡ ᠳᠠᠪᠬᠢᠬᠤ ᠶ᠋ᠢᠨ ᠠᠷᠭ᠎ᠠ ᠦᠭᠡᠢ ᠳᠤᠩᠰᠢᠭᠤᠯᠵᠤ ᠯᠠ ᠶᠠᠪᠤᠯ᠎ᠠ᠃《ᠶᠠᠭᠠᠬᠢᠭᠠᠳ ᠵᠠᠮ ᠬᠠᠮᠠᠭᠠᠯᠠᠬᠤ ᠮᠣᠳᠣ ᠦᠭᠡᠢ ᠪᠣᠢ?》 ᠭᠡᠮᠡᠨ ᠭᠠᠳᠠᠭᠠᠳᠤ ᠶ᠋ᠢᠨ ᠵᠣᠴᠢᠳ ᠭᠠᠢᠬᠠᠰᠢ ᠠᠯᠳᠠᠯ᠎ᠠ ᠭᠡᠵᠦ ᠬᠠᠵᠠᠭᠤ ᠶ᠋ᠢᠨ ᠰᠠᠭᠤᠳᠠᠯ ᠤ᠋ᠨ ᠠᠶᠠᠨᠴᠢᠳ ᠤ᠋ᠨ ᠶᠠᠷᠢᠬᠤ ᠶ᠋ᠢ ᠴᠢᠩᠨᠠᠵᠤ ᠲᠠᠴᠢᠷ ᠭᠠᠩᠳᠠᠭᠤ ᠪᠠᠢᠳᠠᠯ ᠢ᠋ᠶ᠋ᠠᠷ ᠦᠷᠭᠦᠯᠵᠢᠯᠡᠨ ᠨᠡᠯᠦᠢᠭᠴᠢ ᠲᠠᠯ᠎ᠠ ᠲᠤᠯᠤᠭᠠᠳ ᠤ᠋ᠨ ᠳᠤᠮᠳᠠᠭᠤᠷ ᠪᠢ ᠤᠢᠳᠬᠠᠷ ᠢ᠋ᠶ᠋ᠠᠨ ᠲᠣᠭᠠᠴᠢᠬᠤ ᠰᠢᠭ᠋《ᠰᠠᠵᠢᠯᠠᠭᠤᠯᠤᠯᠠ》᠃ ᠬᠤᠪᠢᠯᠠᠢ ᠬᠠᠭᠠᠨ ᠶᠤᠸᠠᠨ ᠤᠯᠤᠰ ᠢ᠋ ᠪᠠᠢᠭᠤᠯᠤᠭᠰᠠᠨ ᠤ᠋ ᠳᠠᠷᠠᠭ᠎ᠠ ᠥᠷᠲᠡᠭᠡ ᠵᠠᠮ ᠤ᠋ᠨ ᠣᠢᠵᠢᠭᠤᠯᠤᠯᠲᠠ ᠶ᠋ᠢ ᠶᠡᠬᠡ ᠪᠡᠷ ᠬᠢᠵᠦ ᠰᠠᠭᠯᠠᠭᠠᠷ ᠨᠠᠮᠠᠭ᠎ᠠ ᠲᠠᠢ᠂ ᠰᠡᠭᠦᠳᠡᠷ ᠶᠡᠬᠡ ᠲᠡᠢ᠂ ᠲᠤᠰ ᠭᠠᠵᠠᠷ ᠤ᠋ᠨ ᠬᠥᠷᠥᠰᠥ ᠰᠢᠷᠣᠢ ᠳ᠋ᠤ᠌ ᠤᠷᠭᠤᠵᠤ ᠴᠢᠳᠠᠬᠤ ᠪᠠᠷᠢᠮᠵᠢᠶ᠎ᠠ ᠪᠠᠷ ᠵᠠᠮ ᠤ᠋ᠨ ᠬᠣᠶᠠᠷ ᠲᠠᠯ᠎ᠠ ᠪᠠᠷ ᠮᠣᠳᠣ ᠵᠠᠢᠯᠠᠯᠠ ᠭᠡᠳᠡᠭ ᠲᠡᠦᠬᠡᠨ ᠲᠡᠮᠳᠡᠭᠯᠡᠯ ᠪᠣᠢ ᠪᠥᠭᠡᠳ ᠥᠭᠡᠷ᠎ᠡ ᠠᠯᠢ ᠲᠥᠷᠥ ᠶ᠋ᠢᠨ ᠬᠠᠭᠠᠳ ᠴᠤ ᠢᠩᠭᠢᠵᠦ ᠬᠢᠭᠡ ᠦᠭᠡᠢ ᠠᠵᠢ᠃ ᠵᠠᠮ ᠵᠠᠰᠠᠬᠤ ᠨᠢ ᠨᠢᠭᠡ ᠶᠣᠰᠣᠨ ᠳ᠋ᠠᠭᠠᠨ ᠪᠦᠷᠢᠨ ᠪᠦᠲᠦᠨ ᠭᠠᠵᠠᠷ ᠤ᠋ᠨ ᠬᠥᠷᠥᠰᠥ ᠰᠢᠷᠣᠢ ᠶ᠋ᠢ ᠬᠥᠨᠳᠡᠵᠦ ᠡᠪᠳᠡᠭᠰᠡᠨ ᠪᠣᠯᠬᠣᠷ ᠮᠣᠳᠣ ᠪᠤᠷᠭᠠᠰᠤ ᠵᠠᠢᠯᠠᠨ ᠲᠠᠷᠢᠵᠤ ᠤᠤᠯ ᠲᠥᠷᠬᠦ ᠶ᠋ᠢ ᠨᠢ ᠰᠡᠷᠭᠦᠭᠡᠨ ᠬᠠᠮᠠᠭᠠᠯᠠᠬᠤ ᠤᠬᠠᠮᠰᠠᠷᠲᠤ ᠠᠷᠭ᠎ᠠ ᠶ᠋ᠢ ᠠᠯᠢ ᠬᠡᠳᠦᠨ ᠵᠠᠭᠤᠨ ᠤ᠋ ᠡᠮᠦᠨ᠎ᠡ ᠮᠣᠩᠭᠣᠯ ᠬᠠᠭᠠᠳ ᠠᠩᠬᠠᠷᠴᠤ᠂ ᠬᠢᠵᠦ ᠪᠠᠢᠭᠰᠠᠨ ᠤ᠋ ᠭᠡᠷᠡᠴᠢ ᠡᠨᠡ᠃ ᠪᠥᠮᠪᠥᠷᠴᠡᠭ ᠡᠭᠦᠰᠦᠭᠰᠡᠨ ᠡᠴᠡ ᠠᠪᠤᠭᠠᠳ ᠥᠭᠡᠳᠡᠰᠦ ᠨᠢ ᠪᠣᠯᠵᠤ ᠲᠣᠭᠲᠠᠭᠰᠠᠨ ᠡᠨᠡ ᠨᠤᠲᠤᠭ᠂ ᠤᠮᠠᠷᠠᠲᠤ ᠶ᠋ᠢᠨ ᠨᠡᠭᠦᠳᠡᠯᠴᠢᠨ ᠦᠨᠳᠦᠰᠦᠲᠡᠨ ᠦ᠌ ᠢᠷᠠᠭᠤ ᠭᠠᠢᠬᠠᠮᠰᠢᠭᠲᠤ ᠲᠡᠦᠬᠡ ᠲᠤᠤᠯᠢᠰ᠂ ᠰᠣᠶᠣᠯ ᠢᠷᠭᠡᠨᠰᠢᠯ ᠊ᠢ ᠬᠦᠪᠦᠷᠡᠭᠦᠯᠦᠨ ᠲᠥᠯᠥᠵᠢᠭᠦᠯᠦᠭᠰᠡᠨ ᠭᠠᠵᠠᠷ ᠰᠢᠷᠣᠢ᠂ ᠳᠡᠯᠡᠬᠡᠢ ᠶ᠋ᠢᠨ ᠲᠠᠪᠤᠨ ᠶᠡᠬᠡ ᠲᠠᠯ᠎ᠠ ᠨᠤᠲᠤᠭ ᠦ᠋ᠨ ᠨᠢᠭᠡ ᠭᠡᠮᠡᠨ ᠭᠠᠶ᠋ᠢᠬᠠᠭᠳᠠᠨ ᠲᠡᠮᠳᠡᠭᠯᠡᠭᠳᠡᠵᠦ ᠢᠷᠡᠭᠰᠡᠨ ᠥᠩᠰᠢᠭ ᠲᠠᠩᠰᠤᠭ ᠪᠠᠶ᠋ᠢᠭᠠᠯᠢ ᠤᠰᠤ ᠵᠢᠴᠢ ᠡᠯᠡᠰᠦ ᠰᠢᠭᠤᠷᠠᠭᠰᠠᠨ ᠥᠨᠥᠳᠥᠷ ᠦ᠋ᠨ ᠤᠯᠠᠭᠠᠨ ᠨᠢᠴᠦᠭᠦᠨ ᠲᠠᠯ᠎ᠠ ᠵᠢᠷᠦᠬᠡ ᠰᠡᠳᠬᠢᠯ ᠦ᠋ᠨ ᠮᠢᠨᠢ ᠭᠡᠶᠦᠷᠡᠯᠲᠦ ᠶᠣᠩᠬᠣᠷ ᠊ᠢ ᠬᠦᠨᠳᠦᠬᠡᠨ ᠤᠭᠵᠠᠷᠠᠵᠤ ᠪᠠᠶ᠋ᠢᠪᠠ᠃ ᠪᠠᠶ᠋ᠢᠭᠠᠯᠢ ᠠᠬᠤᠢ ᠶ᠋ᠢ ᠬᠠᠶ᠋ᠢᠷᠠᠯᠠᠨ ᠬᠠᠮᠠᠭᠠᠯᠠᠬᠤ ᠮᠥᠩᠬᠡ ᠶ᠋ᠢᠨ ᠤᠬᠠᠮᠰᠠᠷ ᠰᠢᠩᠭᠡᠭᠰᠡᠨ ᠮᠣᠩᠭᠣᠯᠴᠤᠳ ᠦ᠋ᠨ ᠢᠵᠠᠭᠤᠷ ᠠᠷᠠᠨᠰᠢᠨ ᠡᠨᠡ ᠨᠤᠲᠤᠭ ᠠ᠋ᠴᠠ ᠠᠳᠤᠭᠤᠨ ᠤ ᠮᠥᠷ ᠠᠷᠴᠢᠬᠳᠠᠭᠰᠠᠨ ᠰᠢᠬ ᠠᠯᠠᠭ᠎ᠠ ᠪᠣᠯᠵᠤ ᠣᠳᠪᠠ ᠤᠤ? ᠥᠨᠥ ᠯᠠ ᠰᠡᠴᠡᠷᠬᠡᠭᠡᠳ ᠪᠠᠶ᠋ᠢᠳᠠᠭ
《ᠲᠩᠷᠢ ᠶ᠋ᠢᠨ ᠴᠢᠷᠠᠢ ᠬᠠᠷᠠᠵᠤ ᠮᠠᠯ ᠮᠠᠯᠵᠢᠳᠠᠭ》 ᠬᠠᠭᠤᠴᠢᠨ ᠬᠣᠴᠣᠷᠤᠭᠳᠠᠩᠭᠤᠢ ᠭᠡᠭᠳᠡᠭᠰᠡᠨ ᠮᠠᠯᠵᠢᠯ ᠦ᠋ᠨ ᠠᠷᠭ᠎ᠠ ᠪᠠᠷᠢᠯ ᠦ᠋ᠨ ᠮᠠᠭᠤ ᠠ᠋ᠴᠠ ᠪᠣᠯᠪᠠ ᠦᠦ? ᠡᠰᠡᠬᠦᠯ᠎ᠡ ᠬᠣᠶᠠᠷ ᠭᠠᠷ ᠨᠢ ᠰᠠᠶ᠋ᠢᠨ ᠮᠠᠭᠤ ᠶᠠᠭᠤᠨ ᠳᠤ ᠴᠦ᠍ ᠬᠦᠷᠴᠦ᠂ ᠨᠢᠭᠦᠯ ᠪᠤᠶᠠᠨ ᠊ᠢ ᠠᠯᠢ ᠶ᠋ᠢ ᠴᠦ᠍ ᠦᠢᠯᠡᠳᠳᠡᠭ ᠬᠥᠮᠦᠨ ᠬᠠᠷ᠎ᠠ ᠲᠡᠷᠢᠭᠦᠲᠡᠨ ᠦ ᠲᠦᠷᠢᠮᠡᠬᠡᠢ ᠠᠰᠢᠬᠯᠠᠯᠲᠠ ᠡᠴᠡ ᠴᠦ᠍ ᠪᠣᠯᠪᠠ ᠦᠦ? ᠶᠠᠭᠤᠲᠠᠢ ᠲᠠᠢ ᠴᠦ᠍ ᠭᠡᠰᠡᠨ ᠲᠦᠮᠡᠳ ᠦ᠋ᠨ ᠲᠠᠯ᠎ᠠ ᠲᠠᠢ ᠦᠷᠭᠦᠯᠵᠢᠯᠡᠨ ᠬᠦᠪᠦᠷᠡᠭᠰᠡᠨ ᠲᠠᠯ᠎ᠠ ᠬᠥᠨᠳᠡᠢ ᠡᠶ᠋ᠢᠨ ᠬᠦ ᠠᠷᠳᠠᠭᠰᠢᠵᠤ ᠡᠯᠡᠰᠦᠵᠢᠵᠦ ᠭᠦᠢᠴᠡᠵᠡᠢ᠃ ᠪᠠᠶ᠋ᠢᠭᠠᠯᠢ ᠶ᠋ᠢᠨ ᠤᠤᠭᠠᠯ ᠨᠥᠬᠥᠴᠡᠯ ᠊ᠢ ᠲᠡᠷᠡ ᠥᠭᠭᠦᠭᠡᠵᠢ ᠪᠠᠷ ᠨᠢ ᠠᠰᠢᠬᠯᠠᠵᠤ᠂ ᠠᠮᠢ ᠠᠬᠤᠢ ᠶ᠋ᠢᠨ ᠲᠣᠭᠲᠠᠯᠴᠠᠭ᠎ᠠ ᠶ᠋ᠢ ᠡᠰᠡ ᠡᠪᠳᠡᠬᠦ ᠤᠷᠢᠳᠠᠯ ᠳᠣᠣᠷ᠎ᠠ ᠤᠷᠭᠤᠮᠠᠯ ᠪᠡᠯᠴᠢᠭᠡᠷ ᠦ᠋ᠨ ᠰᠡᠯᠭᠦᠯᠲᠡ ᠤᠷᠭᠤᠯᠲᠠ᠂ ᠤᠯᠠᠷᠢᠯ ᠦ᠋ᠨ ᠲᠤᠯᠭᠠᠨ ᠬᠦᠢᠲᠡᠨ᠂ ᠴᠢᠭᠢᠭ ᠠᠭᠤᠷᠰᠢᠯ ᠦ᠋ᠨ ᠲᠣᠮᠵᠢᠶ᠎ᠠ ᠶ᠋ᠢ ᠠᠩᠬᠠᠷᠴᠤ ᠬᠠᠷᠠᠭᠠᠯᠵᠠᠭᠰᠠᠨ ᠨᠡᠭᠦᠳᠡᠯ ᠮᠠᠯᠵᠢᠯ ᠊ᠢ ᠥᠨᠥᠳᠥᠷ ᠦ᠋ᠨ ᠬᠥᠮᠦᠰ《ᠰᠢᠨᠵᠢᠯᠡᠬᠦ ᠤᠬᠠᠭᠠᠨᠴᠢ ᠪᠤᠰᠤ᠂ ᠬᠣᠴᠣᠷᠤᠭᠳᠠᠩᠭᠤᠢ》 ᠭᠡᠵᠦ ᠳ᠋ᠦ᠋ᠩᠨᠡᠭᠰᠡᠨ᠃《ᠲᠩᠷᠢ ᠶ᠋ᠢᠨ ᠴᠢᠷᠠᠢ ᠬᠠᠷᠠᠵᠤ ᠮᠠᠯ ᠮᠡᠯᠵᠢᠨᠡ》 ᠭᠡᠳᠡᠭ ᠦᠨᠡᠨ ᠳ᠋ᠡᠭᠡᠨ ᠪᠠᠶ᠋ᠢᠭᠠᠯᠢ ᠶ᠋ᠢᠨ ᠵᠢᠮ᠎ᠡ ᠶᠣᠰᠣᠨ ᠳᠤ ᠵᠣᠬᠢᠴᠠᠨ᠎ᠠ ᠭᠡᠰᠡᠨ ᠤᠳᠬ᠎ᠠ ᠲᠠᠢ ᠭᠡᠳᠡᠭ ᠊ᠢ ᠰᠡᠳᠬᠢᠬᠦᠢ ᠵᠡᠮᠳᠡᠭᠷᠡᠵᠦ᠂ ᠬᠡᠯᠡ ᠡᠷᠡᠮᠳᠡᠭᠯᠡᠭᠰᠡᠨ ᠥᠨᠥᠳᠥᠷ ᠦ᠋ᠨ ᠪᠢᠳᠡ ᠲᠤᠭᠤᠷᠠᠲᠠᠯ᠎ᠠ ᠣᠶ᠋ᠢᠯᠠᠭᠠᠬᠤ ᠠ᠋ᠴᠠ ᠬᠣᠯᠠᠳᠴᠠᠢ᠃ ᠬᠠᠷᠢᠨ ᠡᠪᠳᠡᠯ ᠲᠠᠯᠬᠢᠯ ᠦ᠋ᠨ ᠶ᠋ᠢᠡᠨ ᠦᠷ᠎ᠡ ᠳ᠋ᠦ᠋ᠩ ᠊ᠢ ᠦᠵᠡᠭᠰᠡᠨ ᠬᠣᠶ᠋ᠢᠨ᠎ᠠ ᠶᠠᠭᠤᠨ ᠳᠤ ᠬᠠᠰᠢᠶᠠᠯᠠᠵᠤ ᠮᠠᠯᠵᠢᠬᠤ᠂ ᠪᠣᠷᠲᠤᠨ ᠲᠠᠷᠭᠤᠯᠠᠭᠤᠯᠬᠤ᠂ ᠰᠡᠯᠭᠦᠵᠦ ᠪᠡᠯᠴᠢᠭᠡᠷᠯᠡᠭᠦᠯᠬᠦ ᠭᠡᠬᠦᠴᠢᠯᠡᠨ ᠰᠢᠨᠵᠢᠯᠡᠬᠦ ᠤᠬᠠᠭᠠᠨᠴᠢ ᠭᠡᠭᠳᠡᠭᠰᠡᠨ ᠠᠷᠭ᠎ᠠ ᠯᠠ ᠭᠠᠷᠤᠭᠰᠠᠨ ᠳ᠋ᠠ᠂ ᠡᠨᠡ ᠬᠥᠭᠵᠢᠯᠲᠡ ᠮᠥᠨ ᠤᠤ? ᠱᠠᠭᠠᠵᠠᠩ ᠬᠠᠭᠠᠷᠠᠭᠰᠠᠨ ᠬᠣᠶ᠋ᠢᠨ᠎ᠠ ᠡᠪᠯᠡᠭᠦᠯᠵᠦ ᠵᠦᠢᠵᠦ ᠪᠣᠯᠬᠤ ᠦᠭᠡᠢ ᠴᠦ᠍ ᠰᠢᠨ᠎ᠡ ᠶ᠋ᠢ ᠠᠪᠴᠤ ᠪᠣᠯᠤᠨ᠎ᠠ᠃ ᠪᠥᠮᠪᠥᠷᠴᠡᠭ ᠶ᠋ᠢᠡᠨ ᠡᠪᠳᠡᠭᠰᠡᠨ ᠬᠣᠶ᠋ᠢᠨ᠎ᠠ ᠡᠷᠭᠢᠵᠦ ᠰᠢᠨ᠎ᠡ ᠣᠯᠳᠠᠳᠠᠭ ᠪᠣᠯ ᠤᠤ? ᠲᠤᠯᠤᠭᠠᠳ ᠪᠣᠰᠬᠤ ᠭᠠᠵᠠᠷ ᠪᠠᠶ᠋ᠢᠪᠠᠯ ᠲᠤᠭ ᠶ᠋ᠢᠠᠨ ᠬᠡᠶ᠋ᠢᠰᠭᠡᠬᠦ ᠲᠩᠷᠢ ᠪᠠᠶ᠋ᠢᠳᠠᠭ ᠭᠡᠰᠡᠨ ᠵᠦᠢᠲᠡᠢ ᠮᠣᠩᠭᠣᠯ ᠦᠭᠡ— ᠰᠣᠶᠣᠯ ᠢᠷᠭᠡᠨᠰᠢᠯ᠂ ᠲᠡᠦᠬᠡ ᠲᠤᠤᠯᠢ᠂ ᠬᠥᠮᠦᠨ ᠵᠤᠨ ᠊ᠢ ᠳᠥᠯᠵᠢᠭᠦᠯᠦᠭᠰᠡᠨ ᠭᠠᠵᠠᠷ ᠨᠤᠲᠤᠭ ᠬᠡᠴᠢᠨᠡᠨ ᠴᠢᠬᠤᠯᠠ ᠭᠡᠰᠡᠨ ᠊ᠢ ᠵᠢᠭᠠᠭᠰᠠᠨ ᠡᠴᠢᠨ᠎ᠡ ᠤᠴᠢᠷᠲᠠᠢ᠃ ᠴᠢᠨᠠᠭᠰᠢᠳᠠ ᠦᠷᠭᠦᠯᠵᠢᠯᠡᠬᠦ ᠳᠣᠪᠣ ᠲᠤᠯᠤᠭᠠᠳ᠂ ᠡᠯᠡᠰᠦᠨ ᠰᠢᠭᠤᠷᠭ᠎ᠠ᠂ ᠲᠠᠯ᠎ᠠ ᠬᠥᠨᠳᠡᠢ᠁ ᠡᠨᠡ ᠨᠤᠲᠤᠭ ᠤ᠋ᠨ ᠬᠦᠦ ᠨᠢ ᠪᠣᠯᠬᠤ᠂ ᠡᠵᠡᠨ ᠨᠢ ᠪᠣᠯᠬᠤ ᠮᠢᠨᠦ ᠵᠢᠷᠦᠬᠡᠨ᠎ᠡ ᠬᠢᠯᠢᠰ ᠭᠣᠮᠣᠳᠠᠯ ᠢ᠋ᠶ᠋ᠠᠨ ᠠᠰᠬᠠᠬᠤ ᠮᠡᠲᠦ ᠭᠠᠰᠢᠭᠤ ᠣᠷᠭᠢᠭᠤᠯᠵᠤ ᠪᠠᠢᠯ᠎ᠠ᠃
ᠪᠦᠲᠦᠨ12 ᠴᠠᠭ ᠠᠶᠠᠨ ᠬᠥᠭᠡᠭᠡᠵᠦ ᠰᠢᠯᠢᠩᠬᠣᠲᠠ ᠶ᠋ᠢᠨ ᠪᠠᠷ᠎ᠠ ᠬᠠᠷᠠᠯ᠎ᠠ᠃ ᠥᠨᠥ ᠯᠡ ᠵᠢᠵᠢᠭᠬᠡᠨ ᠪᠣᠷᠣ ᠬᠣᠲᠠ ᠲᠣᠭᠣᠰᠣᠨ ᠳ᠋ᠤ᠌ ᠪᠤᠯᠠᠭᠳᠠᠭᠰᠠᠨ ᠬᠠᠪᠤᠷ ᠤ᠋ᠨ ᠵᠦᠳᠡᠭᠦᠬᠡᠨ ᠴᠢᠷᠠᠢ ᠪᠠᠷ ᠨᠠᠮᠠᠶ᠋ᠢ ᠤᠭᠲᠤᠯ᠎ᠠ᠃《ᠰᠢᠯᠢ ᠶ᠋ᠢᠨ ᠭᠣᠣᠯ ᠤ᠋ᠨ ᠤᠰᠤ ᠨᠢ ᠰᠢᠯ ᠦ᠋ᠨ ᠪᠣᠯᠣᠷ ᠰᠢᠭ᠋ ᠮᠡᠯᠮᠡᠯᠵᠡᠨᠡ》 ᠭᠡᠰᠡᠨ ᠠᠯᠳᠠᠷᠲᠤ ᠳᠠᠭᠤᠴᠢᠨ ᠴᠢᠯᠠᠭᠤ ᠶ᠋ᠢᠨ ᠳᠠᠭᠤᠤ ᠪᠣᠳᠣᠯ ᠳ᠋ᠤ᠌ ᠣᠷᠣᠭᠠᠳ ᠪᠠᠢᠬᠤ ᠪᠠᠷ ᠰᠢᠯᠢᠩᠬᠣᠲᠠ ᠳ᠋ᠤ᠌ ᠪᠠᠢᠵᠠᠨᠠᠬᠤ ᠬᠣᠶᠠᠷ ᠡᠳᠦᠷ ᠦ᠋ᠨ ᠵᠠᠭᠤᠷ᠎ᠠ ᠳ᠋ᠤ᠌ ᠪᠢ ᠡᠷᠳᠡᠨᠢᠣ᠋ᠪᠣᠭᠠ ᠳ᠋ᠤ᠌ ᠭᠠᠷᠴᠤ ᠰᠢᠯᠢ ᠶ᠋ᠢᠨ ᠭᠣᠣᠯ ᠤ᠋ᠨ ᠪᠠᠷ᠎ᠠ ᠶ᠋ᠢ ᠬᠠᠷᠠᠯ᠎ᠠ᠃ ᠪᠤᠭᠤᠷᠤᠯ ᠬᠢᠯᠭᠠᠰᠤ ᠮᠡᠲᠦ ᠨᠠᠷᠢᠬᠠᠨ ᠲᠠᠬᠢᠷᠯᠠᠨ ᠤᠷᠤᠰᠬᠤ ᠤᠷᠤᠰᠬᠠᠯ ᠢ᠋ ᠨᠢ ᠬᠠᠷᠠᠭᠠᠳ《ᠠᠭᠤᠯᠠᠨ ᠤ᠋ ᠨᠢᠯᠪᠤᠰᠤ ᠬᠣᠷᠮᠣᠢ ᠪᠠᠨ ᠳᠡᠪᠲᠦᠭᠡᠨ ᠮᠠᠯᠬᠢᠨᠠ᠂ ᠤᠭᠠᠯᠵᠠ ᠵᠢᠷᠤᠵᠤ ᠭᠠᠵᠠᠷ ᠡᠵᠢ ᠪᠡᠨ ᠠᠷᠭᠠᠳᠠᠨ᠎ᠠ》 ᠭᠡᠰᠡᠨ ᠶᠠᠳᠠᠭᠤᠬᠠᠨ ᠮᠥᠷ ᠵᠣᠪᠬᠢᠨ ᠠ᠋ᠴᠠ ᠠᠯᠳᠠᠷᠠᠬᠤ ᠨᠢᠯᠪᠤᠰᠤ ᠮᠡᠲᠦ ᠪᠣᠳᠣᠯ ᠵᠦᠰᠦᠨ ᠣᠷᠣᠵᠤ ᠢᠷᠡᠪᠡ᠃ ᠥᠪᠥᠷ ᠮᠣᠩᠭᠣᠯ ᠣᠷᠣᠨ ᠤ᠋ ᠮᠠᠨᠢ ᠣᠯᠠᠩᠬᠢ ᠭᠠᠵᠠᠷ ᠡᠯᠡᠰᠦᠷᠬᠡᠭᠵᠢᠯ ᠲᠠᠴᠢᠷᠳᠠᠯ᠂ ᠪᠤᠵᠠᠷᠲᠤᠯ ᠪᠣᠬᠢᠷᠲᠤᠯ ᠳ᠋ᠤ᠌ ᠥᠷᠲᠥᠵᠦ᠂ ᠦᠵᠦᠮᠦᠴᠢᠨ ᠬᠥᠯᠥᠨ ᠪᠤᠢᠷ ᠬᠣᠶᠠᠷ ᠯᠠ ᠲᠠᠯ᠎ᠠ ᠨᠤᠲᠤᠭ ᠤ᠋ᠨ ᠠᠮᠢᠳᠤᠷᠠᠯ᠂ ᠨᠡᠭᠦᠳᠡᠯ ᠮᠠᠯᠵᠢᠯ᠂ ᠠᠶᠠᠭ ᠠᠭᠠᠯᠢ ᠪᠦᠬᠦᠨ ᠢ᠋ ᠥᠮᠴᠢᠯᠡᠨ ᠦᠯᠡᠳᠡᠭᠡ ᠶᠤᠮ ᠰᠢᠬ ᠰᠠᠨᠠᠭᠳᠠᠳᠠᠭ ᠪᠣᠯᠬᠣᠷ ᠰᠢᠯᠢᠩᠬᠣᠲᠠ ᠬᠦᠷᠲᠡᠯᠡᠬᠢ ᠰᠠᠯᠬᠢ ᠲᠣᠭᠣᠰᠣ᠂ ᠨᠢᠴᠦᠭᠦᠨ ᠲᠠᠯ᠎ᠠ ᠮᠢᠨᠦ ᠡᠷᠡᠮᠡᠯᠵᠡᠯ ᠲᠡᠮᠡᠦᠯᠦᠯ ᠢ᠋ ᠠᠷᠠᠢ ᠳᠠᠰᠤᠯᠤᠭᠠ ᠦᠭᠡᠢ ᠰᠠᠨ᠃ ᠵᠢᠷᠤᠭ ᠲᠧᠯᠸᠢᠰ ᠡᠴᠡ ᠣᠯᠠᠨᠲᠠ ᠬᠠᠷᠠᠳᠠᠭ ᠠᠳᠤᠭᠤ ᠳᠠᠪᠬᠢᠯᠳᠤᠭᠰᠠᠨ ᠲᠠᠯ᠎ᠠ᠂ ᠬᠣᠨᠢᠳ ᠪᠡᠯᠴᠢᠭᠰᠡᠨ ᠬᠥᠳᠡᠭᠡ᠂ ᠤᠷᠭ᠎ᠠ ᠲᠣᠬᠣᠢᠯᠠᠭᠰᠠᠨ ᠮᠠᠯᠴᠢᠳ᠂ ᠤᠷᠲᠤ ᠶ᠋ᠢᠨ ᠰᠠᠢᠬᠠᠨ ᠳᠠᠭᠤᠤ᠁ ᠮᠢᠨᠦ ᠬᠡᠴᠢᠨᠡᠨ ᠡᠳᠦᠷ ᠦ᠋ᠨ ᠬᠦᠰᠡᠵᠦ ᠲᠡᠮᠡᠦᠯᠵᠦ ᠢᠷᠡᠭᠰᠡᠨ ᠠᠵᠠ ᠵᠢᠷᠭᠠᠯ ᠤ᠋ᠨ ᠮᠢᠨᠢ ᠣᠷᠭᠢᠯ ᠪᠠᠢᠵᠤ ᠡᠨᠡ ᠪᠦᠬᠦᠨ ᠢ᠋ ᠬᠠᠷᠠᠶ᠎ᠠ ᠭᠡᠰᠡᠨ ᠪᠣᠳᠣᠯ ᠰᠠᠯᠬᠢᠨ ᠲᠠᠢ ᠲᠡᠷᠡ ᠰᠥᠨᠢ ᠶ᠋ᠢᠨ ᠵᠡᠭᠦᠳᠦ ᠮᠢᠨᠢ ᠪᠠᠢᠭᠰᠠᠨ᠃ ᠲᠠᠪᠤᠨ ᠬᠣᠰᠢᠭᠤ ᠮᠠᠯ᠂ ᠡᠷ᠎ᠡ ᠶ᠋ᠢᠨ ᠭᠤᠷᠪᠠᠨ ᠨᠠᠭᠠᠳᠤᠮ᠂ ᠤᠷᠲᠤ ᠶ᠋ᠢᠨ ᠰᠠᠢᠬᠠᠨ ᠳᠠᠭᠤᠤ ᠦᠨᠡᠨ ᠳ᠋ᠡᠭᠡᠨ ᠡᠢᠮᠦ ᠯᠡ ᠨᠤᠲᠤᠭ ᠲᠤ ᠰᠢᠬᠠᠭᠳᠠᠨ ᠦᠯᠡᠳᠡᠭᠰᠡᠨ ᠪᠠᠢᠬᠤ ᠤᠴᠢᠷᠲᠠᠢ ᠪᠥᠭᠡᠳ ᠡᠨᠳᠡ ᠡᠴᠡ ᠪᠢ ᠥᠪ ᠰᠣᠶᠣᠯ ᠢ᠋ᠶ᠋ᠠᠨ ᠭᠡᠰᠡᠨ ᠳᠠᠷᠬᠠᠨ ᠶᠡᠬᠡ ᠬᠠᠷᠢᠭᠤᠴᠠᠯᠭ᠎ᠠ᠂ ᠵᠤᠯᠠ ᠶ᠋ᠢᠨ ᠭᠡᠭᠡ ᠮᠡᠲᠦ ᠡᠷᠡᠮᠡᠯᠵᠡᠯ᠂ ᠠᠮᠢᠳᠤ ᠶᠠᠪᠤᠬᠤ ᠶ᠋ᠢᠨ ᠤᠳᠬ᠎ᠠ ᠠᠭᠤᠯᠭ᠎ᠠ ᠪᠦᠬᠦᠨ ᠢ᠋ᠶ᠋ᠡᠨ ᠣᠯᠵᠤ ᠳᠡᠢᠯᠬᠦ ᠰᠢᠭ ᠯᠡ ᠰᠠᠨᠠᠭᠳᠠᠬᠤ ᠶᠤᠮ᠃
ᠮᠠᠷᠭᠠᠰᠢ ᠨᠢ ᠵᠡᠭᠦᠨ ᠦᠵᠦᠮᠦᠴᠢᠨ ᠵᠦᠭ ᠬᠥᠳᠡᠯᠦᠯ᠎ᠡ᠃ ᠵᠢᠷᠪᠢᠯᠵᠡᠨ ᠳᠠᠪᠬᠢᠬᠤ ᠲᠡᠷᠭᠡᠨ ᠴᠣᠩᠬᠣ ᠪᠠᠷ ᠭᠠᠳᠠᠭᠰᠢ ᠬᠠᠷᠠᠬᠤᠶ᠎ᠠ ᠬᠠᠭᠤᠷᠠᠢ ᠲᠠᠴᠢᠷ ᠲᠠᠯ᠎ᠠ ᠬᠥᠨᠳᠡᠢ᠂ ᠲᠣᠭᠣᠰᠣᠷᠠᠨ ᠮᠠᠨᠠᠯᠵᠠᠭᠰᠠᠨ ᠠᠯᠤᠰ ᠤ᠋ᠨ ᠪᠠᠷ᠎ᠠ᠂ ᠴᠣᠩᠬᠣ ᠱᠠᠵᠢᠭᠢᠨᠠᠭᠤᠯᠬᠤ ᠡᠯᠡᠰᠦᠨ ᠮᠥᠬᠥᠯᠢᠭ ᠮᠢᠨᠦ ᠬᠡᠴᠢᠨᠡᠨ ᠡᠳᠦᠷ ᠦ᠋ᠨ ᠬᠦᠰᠡᠯ ᠲᠡᠮᠡᠦᠯᠦᠯ ᠪᠦᠬᠦᠨ ᠢ᠋ ᠮᠢᠨᠢ ᠮᠢᠲᠠᠷᠠᠭᠠᠨ ᠬᠤᠭᠤᠴᠢᠵᠤ᠂ ᠲᠠᠮᠲᠤᠭᠯᠠᠨ ᠰᠦᠢᠷᠡᠭᠦᠯᠵᠦ ᠪᠠᠢᠪᠠ᠃ ᠡᠢᠨ ᠬᠦ᠌ ᠡᠪᠦᠯ ᠦ᠋ᠨ ᠶᠠᠪᠠᠭᠠᠨ ᠰᠢᠭᠤᠷᠭ᠎ᠠ ᠮᠡᠲᠦ ᠭᠠᠵᠠᠷ ᠡᠯᠢᠭᠡᠳᠡᠨ ᠰᠢᠭᠤᠷᠠᠬᠤ ᠡᠯᠡᠰᠦᠨ ᠳᠤᠮᠳᠠᠭᠤᠷ ᠬᠣᠶᠠᠷ ᠴᠠᠭ ᠢᠯᠡᠭᠦᠦ ᠲᠡᠮᠲᠡᠴᠢᠭᠰᠡᠭᠡᠷ ᠤᠯᠢᠶᠠᠰᠤᠲᠠᠢ ᠪᠠᠯᠭᠠᠰᠤᠨ᠎ᠠ ᠪᠠᠭᠤᠯ᠎ᠠ᠃
ᠶᠡᠷᠦ ᠨᠢ《ᠦᠵᠦᠮᠦᠴᠢᠨ》 ᠭᠡᠬᠦ ᠳ᠋ᠦ᠍ ᠯᠡ《ᠦᠵᠦᠮ》 ᠭᠡᠰᠡᠨ ᠦᠭᠡ ᠪᠣᠳᠣᠯ ᠳ᠋ᠤ᠌ ᠣᠷᠣᠭᠠᠳ ᠪᠠᠢᠳᠠᠭ᠃ ᠰᠡᠭᠦᠯᠡᠷ ᠨᠢ ᠡᠨᠡ ᠨᠡᠷᠡᠢᠳᠦᠯ ᠦᠨᠡᠬᠡᠷ《ᠦᠵᠦᠮ》 ᠭᠡᠰᠡᠨ ᠦᠭᠡ ᠲᠡᠢ ᠰᠠᠯᠤᠰᠢ ᠦᠭᠡᠢ ᠬᠣᠯᠪᠣᠭ᠎ᠠ ᠲᠠᠢ᠂ ᠲᠡᠭᠡᠭᠡᠳ ᠴᠦ᠍ ᠡᠭᠦᠨ ᠦ᠌ ᠲᠤᠬᠠᠢ ᠬᠠᠭᠤᠴᠢ ᠲᠤᠩ ᠣᠯᠠᠨ ᠭᠡᠳᠡᠭ ᠢ᠋ ᠮᠡᠳᠡᠭᠰᠡᠨ ᠰᠠᠨ᠃ ᠡᠨᠡ ᠨᠡᠷᠡᠢᠳᠦᠯ ᠦ᠋ᠨ ᠲᠤᠬᠠᠢ《ᠦᠵᠡᠮᠦᠷᠢᠴᠢᠨ᠂ ᠰᠢᠯᠢᠭᠦᠷᠴᠢ᠂ ᠰᠣᠨᠢᠭᠤᠴᠢ᠂ ᠬᠠᠷᠠᠭᠤᠯ ᠵᠣᠭᠰᠣᠭᠠᠴᠢ》 ᠭᠡᠮᠡᠨ ᠵᠠᠰᠠᠭ ᠤ᠋ᠨ ᠪᠤᠶᠤ ᠠᠵᠢᠯ ᠤ᠋ᠨ ᠪᠠᠢᠳᠠᠯ ᠠ᠋ᠴᠠ ᠢᠷᠡᠯᠲᠡᠢ ᠭᠡᠵᠦ ᠳᠣᠲᠣᠭᠠᠳᠤ ᠭᠠᠳᠠᠭᠠᠳᠤ ᠶ᠋ᠢᠨ ᠡᠷᠳᠡᠮᠲᠡᠳ ᠵᠦᠢᠯ ᠵᠦᠢᠯ ᠢ᠋ᠶ᠋ᠡᠷ ᠲᠠᠭᠠᠮᠠᠭᠯᠠᠨ ᠰᠤᠳᠤᠯᠵᠤ ᠪᠠᠢᠭᠰᠠᠨ ᠠᠵᠢ ᠃ ᠭᠡᠲᠡᠯ᠎ᠡ ᠨᠤᠲᠤᠭ ᠤ᠋ᠨ ᠪᠤᠭᠤᠷᠤᠯᠴᠤᠳ ᠤ᠋ᠨ ᠬᠠᠭᠤᠴᠢ ᠶᠠᠷᠢᠶ᠎ᠠ ᠯᠠ ᠣᠷᠣ ᠲᠠᠢ ᠭᠡᠵᠦ ᠨᠠᠳᠠ ᠰᠠᠨᠠᠭᠳᠠᠭᠰᠠᠨ ᠶᠤᠮ᠃ ᠶᠠᠭᠠᠬᠢᠭᠠᠳ ᠭᠡᠬᠦᠯ᠎ᠡ ᠮᠣᠩᠭᠣᠯᠴᠤᠳ ᠥᠪᠡᠷ ᠦ᠋ᠨ ᠤᠳᠤᠮ ᠲᠡᠦᠬᠡ ᠪᠡᠨ ᠦᠷ᠎ᠡ ᠬᠣᠢᠴᠢᠰ ᠲᠠᠭᠠᠨ ᠦᠯᠢᠭᠡᠷ ᠮᠡᠲᠦ ᠶᠠᠷᠢᠨ ᠦᠶ᠎ᠡ ᠶ᠋ᠢᠨ ᠦᠶ᠎ᠡ ᠤᠯᠠᠮᠵᠢᠯᠠᠨ ᠴᠡᠭᠡᠵᠢᠯᠡᠭᠦᠯᠳᠡᠭ ᠢᠵᠠᠭᠤᠷ ᠵᠠᠩᠰᠢᠯ ᠲᠠᠢ ᠪᠣᠯᠬᠣᠷ ᠬᠡᠳᠦᠢᠪᠡᠷ ᠤᠳᠠᠭᠠᠨ ᠣᠨ ᠤ᠋ ᠡᠯᠡᠭᠡᠯᠲᠡ ᠳᠤᠮᠳᠠ ᠵᠠᠷᠢᠮ ᠦᠨᠡᠨ ᠪᠠᠲᠤᠲᠠᠢ ᠤᠴᠢᠷ ᠨᠢ ᠳᠣᠮᠣᠭ ᠲᠤᠤᠯᠢ ᠰᠢᠭ᠋ ᠪᠣᠯᠳᠠᠭ ᠴᠤ᠌ ᠭᠣᠣᠯ ᠴᠢᠬᠤᠯᠠ ᠵᠦᠢᠯ ᠨᠢ ᠲᠡᠷᠡ ᠳᠤᠮᠳᠠ ᠦᠨᠡᠲᠡᠢ ᠬᠡᠪ ᠢ᠋ᠶ᠋ᠡᠷ ᠢ᠋ᠶ᠋ᠡᠨ ᠰᠢᠭᠢᠳᠬᠡᠭᠡᠷᠢᠯᠡᠨ ᠦᠯᠡᠳᠡᠳᠡᠭ ᠪᠢᠯᠡ᠃《ᠬᠥᠮᠦᠨ ᠲᠡᠦᠬᠡ ᠡᠴᠡ ᠪᠡᠨ᠂ ᠤᠷᠭᠤᠮᠠᠯ ᠦᠨᠳᠦᠰᠦ ᠡᠴᠡ ᠪᠡᠨ》 ᠭᠡᠵᠦ ᠮᠣᠩᠭᠣᠯᠴᠤᠳ ᠶᠠᠷᠢᠳᠠᠭ ᠤ᠋ᠨ ᠤᠴᠢᠷ ᠡᠨᠡ᠃《ᠦᠵᠦᠮᠦᠴᠢᠨ ᠪᠣᠯ ᠳᠡᠭᠡᠷ᠎ᠡ ᠦᠶ᠎ᠡ ᠳ᠋ᠡᠭᠡᠨ ᠦᠵᠦᠮ ᠦ᠋ᠨ ᠴᠠᠭᠠᠨ ᠠᠭᠤᠯᠠᠨ ᠳ᠋ᠤ᠌ ᠵᠡᠷᠯᠢᠭ ᠦᠵᠦᠮ ᠲᠡᠭᠦᠨ ᠠᠮᠢᠳᠤᠷᠠᠵᠤ ᠪᠠᠢᠪᠠ》᠂《ᠦᠵᠦᠮ ᠦ᠋ᠨ ᠠᠭᠤᠯᠠ ᠪᠣᠯ ᠬᠠᠯᠬ᠎ᠠ ᠶ᠋ᠢᠨ ᠪᠠᠷᠠᠭᠤᠨ ᠵᠠᠬ᠎ᠠ ᠳ᠋ᠤ᠌ ᠪᠠᠢᠳᠠᠭ ᠦᠵᠦᠮ ᠶᠡᠬᠡ ᠤᠷᠭᠤᠳᠠᠭ ᠭᠠᠵᠠᠷ ᠶᠤᠮ᠃ ᠮᠣᠷᠢ ᠲᠠᠢ ᠬᠥᠮᠦᠨ ᠶᠠᠪᠤᠪᠠᠯ ᠮᠣᠷᠢᠨ ᠲᠤᠭᠤᠷᠠᠢ ᠳ᠋ᠤ᠌ ᠦᠵᠦᠮ ᠦ᠋ᠨ ᠰᠢᠭᠦᠰᠦ ᠰᠢᠪᠠᠶ᠋ᠢᠷᠠᠳᠠᠭ》 ᠭᠡᠰᠡᠨ ᠪᠤᠭᠤᠷᠤᠯ ᠲᠣᠮᠣᠭᠠᠲᠠᠳ ᠤ᠋ᠨ ᠬᠠᠭᠤᠴᠢ ᠪᠠᠢᠳᠠᠭ ᠦᠨᠡᠭᠡᠷᠡᠨ ᠴᠦ᠍ ᠦᠵᠦᠮᠦᠴᠢᠨ ᠮᠣᠩᠭᠣᠯᠴᠤᠳ ᠤ᠋ᠨ《ᠣᠷᠳᠣᠨ ᠰᠦᠯᠳᠡ ᠶ᠋ᠢᠨ ᠳᠠᠬᠢᠯᠠᠭ᠎ᠠ》 ᠶ᠋ᠢᠨ《ᠭᠤᠷᠪᠠᠨ ᠳᠠᠭᠤᠤ》 ᠳ᠋ᠤ᠌《ᠶᠡᠬᠡ ᠪᠣᠭᠳᠠ ᠪᠤᠯᠠᠭᠠᠨ ᠬᠠᠩᠭᠠᠢ᠂ ᠥᠪᠥᠷ ᠥᠪᠥᠷ ᠲᠡᠭᠡᠨ ᠦᠵᠦᠮ ᠲᠡᠢ ᠬᠠᠩᠭᠠᠢ᠂ ᠦᠵᠦᠮ ᠦ᠋ᠨ ᠰᠥᠮᠥᠰᠦ ᠪᠦᠷᠬᠦᠭᠰᠡᠨ ᠬᠠᠩᠭᠠᠢ》 ᠭᠡᠵᠦ ᠳᠠᠭᠤᠯᠠᠳᠠᠭ ᠪᠠᠢᠨ᠎ᠠ᠃ ᠡᠢᠨ ᠬᠦ᠌ ᠦᠵᠦᠮᠦᠴᠢᠨ ᠮᠣᠩᠭᠣᠯᠴᠤᠳ ᠨᠢ ᠠᠯᠲᠠᠢ ᠬᠠᠩᠭᠠᠢ ᠠᠭᠤᠯᠠᠨ ᠠ᠋ᠴᠠ ᠤᠨᠤᠨ ᠬᠡᠷᠦᠯᠦᠨ ᠲᠤᠤᠯᠠ ᠭᠣᠣᠯ ᠰᠢᠭ᠋ ᠢ᠋ᠶ᠋ᠡᠨ ᠡᠬᠢ ᠤᠯᠪᠠᠭ᠎ᠠ ᠪᠠᠨ ᠠᠪᠴᠤ᠂ ᠰᠡᠭᠦᠯᠡᠷ ᠨᠢ ᠤᠯᠤᠰ ᠲᠥᠷᠥ᠂ ᠴᠡᠷᠢᠭ ᠲᠡᠢᠨ᠂ ᠠᠵᠤ ᠠᠬᠤᠢ ᠶ᠋ᠢᠨ ᠣᠯᠠᠨ ᠰᠢᠯᠲᠠᠭᠠᠨ ᠠ᠋ᠴᠠ ᠪᠣᠯᠵᠤ《ᠦᠵᠦᠮ ᠦ᠋ᠨ ᠠᠭᠤᠯᠠᠨ ᠠ᠋ᠴᠠ ᠪᠠᠨ ᠨᠡᠭᠦᠬᠦ ᠳ᠋ᠦ᠍ ᠥᠪᠥᠩ ᠭᠡᠷ ᠲᠡᠢ ᠪᠡᠨ ᠭᠠᠷᠴᠤ ᠢᠷᠡᠭᠰᠡᠨ᠂ ᠠᠷᠤ ᠬᠠᠩᠭᠠᠢ ᠠ᠋ᠴᠠ ᠪᠠᠨ ᠭᠠᠷᠴᠤ ᠢᠷᠡᠬᠦ ᠳ᠋ᠦ᠍ ᠠᠭᠠᠯᠵᠢᠨ ᠭᠡᠷ ᠲᠡᠢ ᠪᠡᠨ ᠭᠠᠷᠴᠤ ᠢᠷᠡᠭᠰᠡᠨ》 ᠭᠡᠮᠡᠨ ᠲᠡᠦᠬᠡ ᠶ᠋ᠢᠨ ᠤᠯᠠ ᠮᠥᠷ ᠭᠦᠨᠵᠡᠭᠡᠢ ᠰᠢᠩᠭᠡᠭᠰᠡᠨ ᠳᠠᠭᠤᠤ ᠪᠠᠨ ᠳᠠᠭᠤᠯᠠᠭᠰᠠᠭᠠᠷ ᠨᠡᠭᠦᠳᠡᠯ ᠦ᠋ᠨ ᠤᠷᠲᠤ ᠠᠶᠠᠨ ᠴᠥᠷᠬᠡᠯᠡᠨ ᠡᠳᠦᠭᠡ ᠶ᠋ᠢᠨ ᠨᠤᠲᠤᠭ ᠲᠤ ᠢᠷᠡᠭᠰᠡᠨ ᠠᠵᠢ᠃ ᠡᠨᠡ ᠪᠦᠬᠦᠨ ᠢ᠋ ᠢᠩᠭᠢᠵᠦ ᠤᠴᠢᠷ ᠮᠡᠳᠡᠬᠦ ᠦᠭᠡᠢ ᠭᠡᠨᠡᠬᠡᠨ ᠰᠡᠳᠬᠢᠯ ᠳ᠋ᠡᠭᠡᠨ ᠰᠡᠷᠭᠦᠭᠡᠨ ᠰᠠᠨᠠᠬᠤ ᠳ᠋ᠤ᠌《ᠠᠯᠲᠠᠢ ᠶᠤ᠌ ᠬᠠᠩᠭᠠᠢ ᠭᠠᠵᠠᠷ ᠤ᠋ᠨ ᠥᠨᠳᠥᠷ᠂ ᠠᠭᠲᠠ ᠮᠣᠷᠢ ᠮᠢᠨᠢ ᠲᠩᠷᠢ ᠶ᠋ᠢᠨ ᠤᠨᠠᠭ᠎ᠠ》 ᠭᠡᠰᠡᠨ ᠤᠷᠲᠤ ᠶ᠋ᠢᠨ ᠰᠠᠢᠬᠠᠨ ᠳᠠᠭᠤᠤ ᠵᠢᠷᠦᠬᠡᠨ᠎ᠡ ᠡᠭᠡᠰᠢᠭᠯᠡᠬᠦ ᠮᠡᠲᠦ᠃
ᠮᠣᠩᠭᠣᠯᠴᠤᠳ ᠳᠡᠯᠡᠬᠡᠢ ᠶ᠋ᠢᠨ ᠲᠡᠦᠬᠡᠨ᠎ᠡ ᠭᠢᠯᠠᠯᠵᠠᠭᠰᠠᠨ ᠬᠠᠭᠤᠳᠠᠰᠤ ᠶ᠋ᠢ ᠪᠢᠴᠢᠭᠯᠡᠬᠦ ᠶ᠋ᠢᠨ ᠰᠠᠴᠠᠭᠤ ᠮᠠᠰᠢ ᠣᠯᠠᠨ ᠡᠭᠦᠳᠦᠯᠲᠡ ᠲᠡᠢ ᠪᠠᠢᠭᠰᠠᠨ ᠪᠥᠭᠡᠳ ᠦᠵᠦᠮ ᠦ᠋ᠨ ᠡᠨᠧᠷᠭᠢ ᠮᠡᠷᠭᠡᠵᠢᠯ ᠢ᠋ ᠴᠦ᠍ ᠮᠣᠩᠭᠣᠯᠴᠤᠳ ᠵᠦᠩᠶᠦᠸᠡᠨ ᠣᠷᠣᠨ ᠳ᠋ᠤ᠌ ᠳᠡᠯᠭᠡᠷᠡᠭᠦᠯᠦᠨ ᠤᠯᠠᠮᠵᠢᠯᠠᠯ᠎ᠠ ᠭᠡᠳᠡᠭ ᠢ᠋ ᠲᠡᠦᠬᠡ ᠶ᠋ᠢᠨ ᠰᠤᠳᠤᠷ ᠪᠢᠴᠢᠭ ᠪᠢᠳᠡᠨ ᠳ᠋ᠦ᠍ ᠲᠣᠳᠣᠷᠬᠠᠢ ᠶᠠᠷᠢᠵᠤ ᠪᠣᠢ᠃ ᠶᠡᠬᠡ ᠮᠣᠩᠭᠣᠯ ᠤᠯᠤᠰ ᠪᠤᠶᠤ ᠶᠤᠸᠠᠨ ᠤᠯᠤᠰ ᠤ᠋ᠨ ᠦᠶ᠎ᠡ ᠳ᠋ᠦ᠍ ᠦᠵᠦᠮ ᠲᠡᠭᠦᠵᠦ ᠠᠰᠢᠭᠯᠠᠵᠤ ᠠᠷᠢᠬᠢ ᠨᠡᠷᠡᠵᠦ ᠪᠠᠢᠭᠰᠠᠨ ᠦᠵᠦᠮ ᠦ᠋ᠨ ᠠᠵᠤ ᠠᠬᠤᠢᠲᠠᠨ ᠨᠠᠷ ᠪᠣᠯ ᠦᠵᠦᠮᠦᠴᠢᠨ ᠠᠢᠮᠠᠭ ᠤ᠋ᠨ ᠳᠡᠭᠡᠳᠦᠰ ᠪᠠᠢᠭᠰᠠᠨ ᠪᠣᠯᠤᠮᠵᠢ ᠶᠡᠬᠡ ᠠᠵᠢ᠃ ᠡᠢᠨ ᠬᠦ᠌ ᠬᠠᠮᠲᠤ ᠶ᠋ᠢᠨ ᠠᠵᠤ ᠠᠬᠤᠢ᠂ ᠭᠠᠵᠠᠷ ᠨᠤᠲᠤᠭ ᠲᠠᠢ ᠪᠠᠢᠳᠠᠯ ᠤ᠋ᠨ ᠳᠣᠣᠷ᠎ᠠ ᠬᠣᠵᠢᠮ ᠨᠢ ᠡᠳᠡᠭᠡᠷ ᠬᠥᠮᠦᠰ ᠠᠭᠠᠵᠢᠮ ᠢ᠋ᠶ᠋ᠠᠷ ᠨᠢᠭᠡᠨ ᠠᠢᠮᠠᠭ ᠤᠭᠰᠠᠭ᠎ᠠ ᠪᠣᠯᠤᠨ ᠪᠦᠷᠢᠯᠳᠦᠵᠦ ᠪᠠᠲᠤᠮᠥ᠋ᠩᠬᠡ ᠳᠠᠶᠠᠨ ᠬᠠᠭᠠᠨ ᠤ᠋ ᠦᠶ᠎ᠡ᠂ ᠲᠤᠬᠠᠢᠯᠠᠪᠠᠯ15 ᠳ᠋ᠤᠭᠠᠷ ᠵᠠᠭᠤᠨ ᠤ᠋ ᠳᠤᠮᠳᠠᠴᠢ ᠪᠠᠷ ᠨᠢᠭᠡᠨᠲᠡ ᠪᠡᠶ᠎ᠡ ᠪᠡᠨ ᠳᠠᠭᠠᠭᠠᠭᠰᠠᠨ ᠨᠡᠢᠭᠡᠮ ᠦ᠋ᠨ ᠪᠦᠯᠦᠭ ᠪᠣᠯᠵᠠᠢ᠃ ᠪᠠᠲᠤᠮᠥ᠋ᠩᠬᠡ ᠳᠠᠶᠠᠨ ᠬᠠᠭᠠᠨ ᠤ᠋ ᠶᠡᠬᠡ ᠬᠥᠪᠡᠭᠦᠨ ᠲᠦᠷᠦᠪᠣᠯᠣᠳ ᠡᠴᠢᠭᠡ ᠶ᠋ᠢᠨ ᠬᠠᠮᠲᠤ ᠵᠡᠭᠦᠨ ᠭᠤᠷᠪᠠᠨ ᠲᠦᠮᠡᠨ ᠢ᠋ ᠵᠠᠬᠢᠷᠤᠨ ᠲᠤᠬᠠᠢ ᠶ᠋ᠢᠨ ᠦᠶ᠎ᠡ ᠳ᠋ᠦ᠍ ᠮᠣᠩᠭᠣᠯ ᠬᠠᠭᠠᠨᠲᠤ ᠲᠥᠷᠥ ᠶ᠋ᠢᠨ ᠲᠥᠪ ᠪᠠᠢᠭᠰᠠᠨ ᠴᠠᠬᠠᠷ ᠲᠦᠮᠡᠨ ᠢ᠋ ᠰᠢᠭᠤᠳ ᠥᠮᠴᠢᠯᠡᠵᠡᠢ᠃ ᠲᠦᠷᠦᠪᠣᠯᠣᠳ᠂ ᠶᠡᠬᠡ ᠬᠥᠪᠡᠭᠦᠨ ᠪᠣᠳᠢ ᠲᠠᠢᠵᠢ ᠳ᠋ᠤ᠌ ᠥᠪᠡᠷ ᠦ᠋ᠨ ᠥᠮᠴᠢᠯᠡᠵᠦ ᠪᠠᠢᠭᠰᠠᠨ ᠭᠤᠷᠪᠠᠨ ᠨᠤᠲᠤᠭ ᠢ᠋ ᠬᠤᠪᠢᠶᠠᠨ ᠥᠮᠴᠢᠯᠡᠵᠦ ᠪᠢᠯᠡ᠃ ᠪᠣᠳᠢ ᠲᠠᠢᠵᠢ ᠬᠠᠭᠠᠨ ᠰᠢᠷᠡᠭᠡᠨ ᠳ᠋ᠦ᠍ ᠰᠠᠭᠤᠭᠰᠠᠨ ᠬᠣᠢᠨ᠎ᠠ ᠲᠡᠭᠦᠨ ᠢ᠋《ᠪᠣᠳᠢ ᠠᠯᠠᠭ ᠬᠠᠭᠠᠨ》 ᠬᠡᠮᠡᠳᠡᠭ ᠪᠣᠯᠵᠤ᠂ ᠪᠣᠳᠢ ᠠᠯᠠᠭ ᠬᠠᠭᠠᠨ ᠭᠣᠣᠯ ᠬᠠᠲᠤᠨ ᠤ᠋ ᠪᠠᠨ ᠭᠤᠷᠪᠠᠨ ᠬᠥᠪᠡᠭᠦᠨ ᠳ᠋ᠡᠭᠡᠨ ᠲᠤᠰ ᠲᠤᠰ ᠨᠢᠭᠡ ᠣᠲᠣᠭ ᠬᠤᠪᠢᠶᠠᠨ ᠥᠭᠭᠦᠭᠰᠡᠨ ᠪᠥᠭᠡᠳ ᠭᠣᠯᠣᠮᠲᠠ ᠡᠵᠡᠯᠡᠭᠰᠡᠨ ᠤᠳᠬᠤᠨ ᠬᠦᠦ ᠣᠩᠭᠣᠨ ᠳᠤᠷᠠᠯ ᠨᠣᠶᠠᠨ ᠦᠵᠦᠮᠦᠴᠢᠨ ᠦ᠌ ᠳᠠᠷᠬᠠᠨ ᠪᠠᠭᠤᠷᠢ ᠪᠠᠨ ᠰᠠᠬᠢᠵᠠᠢ᠃ ᠢᠩᠭᠢᠭᠡᠳ ᠡᠳᠡ ᠭᠤᠷᠪᠠᠨ ᠬᠥᠪᠡᠭᠦᠨ ᠥᠪᠡᠷ ᠥᠪᠡᠷ ᠦ᠋ᠨ ᠥᠮᠴᠢᠨ ᠦ᠌ ᠨᠤᠲᠤᠭ ᠢ᠋ᠶ᠋ᠠᠨ《ᠰᠥᠨᠢᠳ ᠠᠢᠮᠠᠭ》《ᠬᠠᠭᠤᠴᠢᠳ ᠠᠢᠮᠠᠭ》《ᠦᠵᠦᠮᠦᠴᠢᠨ ᠠᠢᠮᠠᠭ》 ᠭᠡᠮᠡᠨ ᠵᠣᠬᠢᠶᠠᠨ ᠪᠠᠢᠭᠤᠯᠤᠮᠵᠢ ᠶ᠋ᠢᠨ ᠬᠤᠪᠢ ᠪᠠᠷ ᠨᠡᠷᠡᠯᠡᠭᠰᠡᠨ ᠢ᠋ᠶ᠋ᠡᠷ ᠦᠵᠦᠮᠦᠴᠢᠨ ᠡᠨᠳᠡ ᠡᠴᠡ ᠡᠬᠢᠯᠡᠨ ᠠᠢᠮᠠᠭ ᠤ᠋ᠨ ᠬᠤᠪᠢ ᠪᠠᠷ ᠮᠡᠨᠳᠦᠯᠡᠵᠡᠢ᠃ ᠡᠨᠡ ᠨᠢ ᠪᠠᠷᠤᠭ ᠨᠡᠢᠲᠡ ᠶ᠋ᠢᠨ ᠣᠨ ᠲᠣᠭᠠᠯᠠᠯ ᠤ᠋ᠨ 16 ᠳ᠋ᠤᠭᠠᠷ ᠵᠠᠭᠤᠨ ᠤ᠋ ᠳᠡᠭᠡᠷ᠎ᠡ ᠬᠠᠭᠠᠰ ᠦᠶ᠎ᠡ ᠪᠣᠯᠬᠤ ᠶᠤᠮ᠃
1368 ᠣᠨ ᠳ᠋ᠤ᠌ ᠳᠡᠯᠡᠬᠡᠢ ᠳ᠋ᠠᠬᠢᠨ᠎ᠠ ᠬᠠᠮᠤᠭ ᠬᠦᠴᠦᠷᠬᠡᠭ ᠠᠭᠤᠳᠠᠮ ᠭᠡᠭᠳᠡᠵᠦ ᠪᠠᠢᠭᠰᠠᠨ ᠮᠣᠩᠭᠣᠯ ᠤ᠋ᠨ ᠬᠠᠭᠠᠨᠲᠤ ᠲᠥᠷᠥ ᠵᠦᠩᠶᠦᠸᠠᠨ ᠣᠷᠣᠨ ᠤ᠋ ᠨᠣᠶᠠᠷᠬᠠᠯ ᠢ᠋ᠶ᠋ᠠᠨ ᠠᠯᠳᠠᠵᠤ᠂1370 ᠣᠨ ᠳ᠋ᠤ᠌ ᠲᠣᠭᠣᠨᠲᠡᠮᠦᠷ ᠬᠠᠭᠠᠨ ᠪᠠᠷᠰ ᠬᠣᠲᠠᠨ᠎ᠠ ᠨᠠᠰᠤ ᠪᠠᠷᠠᠨ᠂ ᠬᠠᠨ ᠬᠥᠪᠡᠭᠦᠨ ᠠᠶᠤᠰᠢᠳᠠᠷᠢ ᠴᠤ ᠬᠠᠷᠠᠬᠣᠷᠢᠨ ᠳ᠋ᠠᠭᠠᠨ ᠡᠭᠡᠵᠡᠢ᠃ ᠢᠩᠭᠢᠵᠦ《ᠤᠮᠠᠷᠠᠲᠤ ᠶᠤᠸᠠᠨ ᠤᠯᠤᠰ》 ᠭᠡᠮᠡᠨ ᠲᠦᠷ ᠠᠵᠠᠨᠠᠭᠰᠠᠨ ᠪᠣᠯᠪᠠᠴᠤ ᠬᠠᠷᠠᠬᠣᠷᠢᠨ ᠲᠠᠯᠬᠢᠭᠳᠠᠬᠤ ᠶ᠋ᠢᠨ ᠵᠡᠷᠭᠡᠴᠡᠭᠡ ᠮᠣᠩᠭᠣᠯ ᠤ᠋ᠨ ᠲᠥᠪ ᠵᠠᠰᠠᠭ ᠤ᠋ᠨ ᠣᠷᠳᠣᠨ ᠲᠣᠭᠲᠠᠭᠤᠨ ᠪᠤᠰᠤ ᠪᠣᠯᠵᠤ ᠮᠣᠩᠭᠣᠯ ᠭᠡᠷ ᠢ᠋ᠶ᠋ᠡᠷ ᠲᠥᠪᠯᠡᠭᠰᠡᠨ ᠵᠠᠰᠠᠭ ᠤ᠋ᠨ ᠪᠠᠢᠭᠤᠯᠤᠯᠲᠠ ᠳᠠᠬᠢᠨ ᠡᠬᠢᠯᠡᠵᠡᠢ᠃ ᠥᠪᠡᠷ ᠵᠠᠭᠤᠷ᠎ᠠ ᠪᠠᠨ ᠬᠡᠮᠬᠢᠯᠳᠦᠵᠦ᠂ ᠬᠦᠴᠦᠷᠬᠡᠭ ᠳᠠᠢᠰᠤᠨ ᠤ᠋ ᠢᠯᠳᠦᠨ ᠳᠣᠣᠷ᠎ᠠ ᠪᠠᠢᠭᠰᠠᠨ ᠬᠦᠨᠳᠦᠷᠡᠯ ᠲᠡᠢ ᠪᠠᠢᠳᠠᠯ ᠨᠢ ᠳᠠᠶᠠᠭᠠᠷ ᠮᠣᠩᠭᠣᠯᠴᠤᠳ ᠤ᠋ᠨ ᠡᠪ ᠪᠦᠯᠬᠦᠮᠳᠡᠯ ᠢ᠋ ᠮᠠᠰᠢ ᠬᠦᠰᠡᠵᠦ ᠪᠠᠢᠭᠰᠠᠨ ᠪᠣᠯᠪᠠᠴᠤ ᠥᠭᠡᠳᠡ ᠲᠡᠢ ᠲᠡᠢᠰᠢ ᠡᠷᠭᠢᠭᠡ ᠦᠭᠡᠢ ᠪᠥᠭᠡᠳ ᠮᠣᠩᠭᠣᠯ ᠳ᠋ᠤ᠌ ᠣᠨᠣᠭᠳᠠᠭᠰᠠᠨ ᠲᠡᠷᠡ ᠬᠠᠲᠠᠭᠤ ᠵᠠᠶᠠᠭ᠎ᠠ ᠶ᠋ᠢᠨ ᠨᠢᠭᠡ ᠬᠡᠰᠡᠭ ᠦᠵᠦᠮᠴᠢᠨᠴᠤᠳ ᠤ᠋ᠨ ᠬᠢ ᠪᠠᠢᠭᠰᠠᠨ ᠶᠤᠮ᠃ ᠦᠵᠦᠮᠦᠴᠢᠨ ᠮᠣᠩᠭᠣᠯᠴᠤᠳ ᠲᠡᠷᠡ ᠦᠶ᠎ᠡ ᠳ᠋ᠦ᠍ ᠲᠥᠷᠥ ᠵᠠᠰᠠᠭ ᠤ᠋ᠨ ᠬᠡᠷᠡᠭᠴᠡᠭᠡ ᠪᠡᠷ ᠨᠡᠭᠦᠳᠡᠯᠯᠡᠨ ᠰᠢᠯᠵᠢᠳᠡᠭ ᠪᠠᠢᠭᠰᠠᠨ ᠪᠥᠭᠡᠳ ᠠᠩᠬᠠᠨ ᠳ᠋ᠠᠭᠠᠨ ᠬᠠᠩᠭᠠᠢ᠂ ᠪᠣᠷᠣ ᠲᠣᠬᠣᠢ᠂ ᠰᠢᠯᠢ ᠶ᠋ᠢᠨ ᠭᠣᠣᠯ ᠤ᠋ᠨ ᠬᠣᠭᠣᠷᠣᠨᠳᠣ ᠨᠡᠭᠦᠳᠡᠯᠯᠡᠵᠦ ᠪᠠᠢᠭᠰᠠᠨ ᠴᠤ ᠰᠡᠭᠦᠯ ᠳ᠋ᠡᠭᠡᠨ ᠬᠠᠩᠭᠠᠢ᠂ ᠰᠢᠯᠢ ᠶ᠋ᠢᠨ ᠭᠣᠣᠯ ᠤ᠋ᠨ ᠬᠣᠭᠣᠷᠣᠨᠳᠣ᠂ ᠡᠴᠦᠰ ᠲᠡᠭᠡᠨ ᠬᠠᠩᠭᠠᠢ ᠠ᠋ᠴᠠ ᠰᠢᠯᠵᠢᠨ ᠰᠢᠯᠢ ᠶ᠋ᠢᠨ ᠭᠣᠣᠯ ᠳ᠋ᠤ᠌ ᠲᠣᠭᠲᠠᠵᠠᠢ᠃ ᠦᠵᠦᠮᠦᠴᠢᠨ ᠠᠢᠮᠠᠭ ᠬᠠᠩᠭᠠᠢ ᠠᠭᠤᠯᠠᠨ ᠠ᠋ᠴᠠ ᠭᠣᠪᠢ ᠶ᠋ᠢᠨ ᠡᠮᠦᠨ᠎ᠡ ᠨᠡᠭᠦᠵᠦ ᠨᠤᠲᠤᠭᠰᠢᠭᠰᠠᠨ ᠴᠠᠭ ᠬᠤᠭᠤᠴᠠᠭ᠎ᠠ ᠪᠣᠯ15 ᠳ᠋ᠤᠭᠠᠷ ᠵᠠᠭᠤᠨ ᠤ᠋ ᠰᠡᠭᠦᠯᠴᠢ ᠶ᠋ᠢᠨ20 ᠵᠢᠯ ᠪᠣᠯᠤᠯᠲᠠᠢ ᠭᠡᠮᠡᠨ ᠦᠵᠦᠮᠦᠴᠢᠨ ᠦ᠌ ᠰᠣᠶᠣᠯ ᠲᠡᠦᠬᠡ ᠶ᠋ᠢᠨ ᠵᠢᠳᠬᠦᠯᠲᠡᠨ ᠭᠣ᠊· ᠷᠠᠬᠤᠠ ᠪᠢᠴᠢᠭᠰᠡᠨ ᠪᠠᠢᠳᠠᠭ᠃1600 ᠣᠨ ᠤ᠋ ᠡᠬᠢ ᠪᠡᠷ ᠵᠦᠷᠴᠢᠨ ᠦᠨᠳᠦᠰᠦᠲᠡᠨ ᠬᠦᠴᠦᠷᠬᠡᠭᠵᠢᠨ1616 ᠣᠨ ᠳ᠋ᠤ᠌《ᠬᠣᠢᠲᠤ ᠠᠯᠲᠠᠨ ᠤᠯᠤᠰ》 ᠢ᠋ ᠪᠠᠢᠭᠤᠯᠵᠠᠢ᠃ ᠡᠨᠡ ᠬᠦ᠌ ᠰᠢᠨᠡᠬᠡᠨ ᠲᠥᠷᠥ ᠨᠢ ᠶᠠᠭᠤᠨ ᠲᠦᠷᠦᠭᠦᠨ ᠳ᠋ᠦ᠍ ᠤᠮᠠᠷᠠᠲᠤ ᠶᠤᠸᠠᠨ ᠤᠯᠤᠰ ᠢ᠋ ᠲᠦᠷᠢᠮᠡᠬᠡᠢᠯᠡᠬᠦ ᠪᠡᠷ ᠭᠣᠷᠢᠳᠠᠨ᠂ ᠳᠠᠢᠯᠠᠨ ᠳᠠᠭᠠᠭᠤᠯᠬᠤ᠂ ᠳᠣᠲᠣᠭᠠᠳᠤ ᠳ᠋ᠤᠨᠢ ᠶᠠᠰᠤ ᠬᠠᠶᠠᠬᠤ᠂ ᠨᠠᠢᠷᠠᠮᠳᠠᠯ ᠢ᠋ᠶ᠋ᠠᠷ ᠣᠷᠣᠭᠤᠯᠵᠤ ᠠᠪᠬᠤ ᠭᠡᠬᠦᠴᠢᠯᠡᠨ ᠠᠯᠢ ᠣᠯᠠᠨ ᠣᠪᠵᠢᠨ ᠠᠷᠭ᠎ᠠ ᠪᠠᠷ ᠪᠦᠲᠦᠮᠵᠢᠲᠡᠢ ᠠᠵᠢᠯᠯᠠᠭᠰᠠᠨ ᠢ᠋ᠶ᠋ᠠᠷ ᠬᠣᠷᠴᠢᠨ ᠠᠢᠮᠠᠭ ᠬᠠᠮᠤᠭ ᠲᠦᠷᠦᠭᠦᠦ ᠵᠦᠷᠴᠢᠨ ᠳ᠋ᠦ᠍ ᠣᠷᠣᠵᠤ ᠥᠭᠴᠡᠢ᠃ ᠡᠭᠦᠨ ᠦ᠌ ᠳᠠᠭᠠᠤ ᠪᠠᠭᠠᠷᠢᠨ᠂ ᠠᠤᠬᠠᠨ᠂ ᠨᠠᠢ᠍ᠮᠠᠨ᠂ ᠳᠥᠷᠪᠡᠳ᠂ ᠵᠠᠯᠠᠢᠳ᠂ ᠭᠣᠷᠯᠣᠰ᠂ ᠣᠩᠨᠢᠭᠤᠳ᠂ ᠬᠡᠰᠢᠭᠲᠡᠨ᠂ ᠵᠠᠷᠤᠳ ᠵᠡᠷᠭᠡ ᠠᠢᠮᠠᠭ ᠴᠤ ᠨᠢᠭᠡ ᠳ᠋ᠦ᠍ ᠮᠠᠨᠵᠤ ᠶ᠋ᠢᠨ ᠥᠳᠥᠭᠡᠯᠭᠡ ᠥᠭᠶᠥᠭᠡ ᠳ᠋ᠤ᠌ ᠳᠤᠷᠠᠯᠠᠨ᠂ ᠡᠷᠬᠡ ᠠᠰᠢᠭ᠂ ᠪᠠᠢᠷᠢ ᠰᠠᠭᠤᠷᠢ ᠪᠠᠨ ᠪᠥᠭᠡᠴᠡᠢᠯᠡᠨ᠂ ᠨᠥᠭᠦᠭᠡ ᠳ᠋ᠦ᠍ ᠯᠢᠭᠳᠡᠨ ᠬᠤᠲᠤᠭᠲᠤ ᠬᠠᠭᠠᠨ ᠤ᠋ ᠬᠣᠯᠠᠴᠢ ᠵᠣᠷᠢᠯᠲᠠ ᠶ᠋ᠢ ᠬᠠᠷᠠᠬᠠᠨ ᠣᠢᠯᠠᠭᠠᠭ᠎ᠠ ᠦᠭᠡᠢ ᠶ᠋ᠢᠨ ᠬᠠᠷᠠᠭ᠎ᠠ ᠪᠠᠷ ᠪᠦᠬᠦ ᠮᠣᠩᠭᠣᠯ ᠤ᠋ᠨ ᠬᠤᠪᠢ ᠵᠠᠶᠠᠭ᠎ᠠ ᠶ᠋ᠢ ᠭᠡᠳᠡᠷᠭᠦ ᠲᠦᠯᠬᠢᠨ ᠣᠳᠤᠭᠰᠠᠨ ᠢ᠋ᠶ᠋ᠠᠷ ᠯᠢᠭᠳᠡᠨ ᠬᠤᠲᠤᠭᠲᠤ ᠬᠠᠭᠠᠨ ᠤ᠋ ᠪᠦᠬᠦᠢᠯᠡ ᠴᠢᠷᠮᠠᠢᠯᠭ᠎ᠠ ᠲᠠᠯᠠᠭᠠᠷᠳᠠᠵᠤ ᠮᠣᠩᠭᠣᠯ ᠲᠡᠦᠬᠡ ᠶ᠋ᠢᠨ ᠭᠤᠨᠢᠭᠲᠠᠢ ᠨᠢᠭᠡᠨ ᠬᠠᠭᠤᠳᠠᠰᠤ ᠪᠢᠴᠢᠭᠳᠡᠵᠡᠢ᠃ ᠥᠨᠥ ᠡᠨᠡ ᠪᠦᠬᠦ ᠪᠤᠷᠤᠭᠤ ᠶ᠋ᠢ ᠯᠢᠭᠳᠡᠨ ᠬᠤᠲᠤᠭᠲᠤ ᠶ᠋ᠢᠨ《ᠣᠯᠢᠭ ᠦᠭᠡᠢ》 ᠳ᠋ᠦ᠍ ᠰᠢᠯᠲᠠᠨ᠂ ᠲᠡᠭᠦᠨ ᠦ᠌ ᠯᠡ ᠪᠤᠷᠤᠭᠤ ᠮᠡᠲᠦ ᠵᠠᠩᠨᠠᠵᠤ ᠶᠠᠪᠤᠭ᠎ᠠ ᠶ᠋ᠢ ᠪᠢᠳᠡ ᠳᠠᠬᠢᠨ ᠨᠢᠭᠲᠠᠯᠠᠬᠤ ᠤᠴᠢᠷᠲᠠᠢ ᠰᠠᠨ ᠪᠢᠰᠢ ᠤᠤ?
ᠯᠢᠭᠳᠡᠨ ᠬᠠᠭᠠᠨ ᠪᠠᠷᠠᠭᠤᠨᠰᠢ ᠣᠷᠳᠣᠰ ᠵᠦᠭ ᠶᠠᠪᠤᠬᠤ ᠳ᠋ᠤ᠌ ᠶᠤᠸᠠᠨ ᠤᠯᠤᠰ ᠦᠨᠳᠦᠰᠦᠨ ᠰᠠᠭᠤᠷᠢᠰᠢᠯ ᠤ᠋ᠨ ᠣᠯᠠᠨ ᠢ᠋ ᠳᠣᠷᠵᠢ ᠰᠡᠴᠡᠨ ᠵᠢᠨᠦᠩ ᠳᠠᠭᠠᠭᠤᠯᠵᠤ ᠡᠷᠲᠡᠨ ᠦ᠌ ᠨᠤᠲᠤᠭ— ᠬᠠᠯᠬ᠎ᠠ ᠤᠷᠤᠭᠤ ᠪᠠᠨ ᠪᠤᠴᠠᠵᠠᠢ᠃ ᠡᠨᠡ ᠨᠢ ᠬᠡᠷᠡᠭ ᠳᠡᠭᠡᠷ᠎ᠡ ᠪᠡᠨ《ᠴᠠᠬᠠᠷ ᠲᠦᠮᠡᠨ》 ᠦ᠌ ᠬᠣᠶᠠᠷ ᠲᠦᠷᠦᠭᠦᠦ ᠬᠣᠶᠠᠷ ᠵᠠᠮ ᠢ᠋ᠶ᠋ᠠᠷ ᠴᠡᠷᠢᠭ ᠤᠬᠤᠷᠢᠨ᠂ ᠥᠪᠡᠷ ᠦ᠋ᠨ ᠬᠦᠴᠦᠨ ᠢ᠋ᠶ᠋ᠡᠨ ᠬᠠᠮᠠᠭᠠᠯᠠᠵᠤ᠂ ᠮᠠᠨᠵᠤ ᠶ᠋ᠢ ᠳᠠᠬᠢᠨ ᠡᠰᠡᠷᠭᠦᠴᠡᠬᠦ ᠪᠡᠷ ᠵᠡᠭᠡᠭᠡᠭᠰᠡᠨ ᠪᠣᠳᠣᠯᠭ᠎ᠠ ᠠᠵᠢ᠃ 1634 ᠣᠨ ᠳ᠋ᠤ᠌ ᠯᠢᠭᠳᠡᠨ ᠬᠠᠭᠠᠨ ᠬᠥᠬᠡᠨᠠᠭᠤᠷ ᠤ᠋ᠨ ᠰᠢᠷ᠎ᠠ ᠲᠠᠯ᠎ᠠ ᠳ᠋ᠤ᠌ ᠡᠪᠡᠳᠴᠢᠨ ᠢ᠋ᠶ᠋ᠡᠷ ᠨᠠᠰᠤ ᠪᠠᠷᠠᠭᠰᠠᠨ ᠤ᠋ ᠳᠠᠷᠠᠭ᠎ᠠ 1635 ᠣᠨ ᠪᠣᠯᠬᠤ ᠳ᠋ᠤ᠌ ᠮᠠᠨᠵᠤ ᠶ᠋ᠢᠨ ᠰᠦᠷᠳᠡᠭᠦᠯᠦᠯ ᠨᠢᠭᠡᠨᠲᠡ ᠬᠠᠯᠬ᠎ᠠ ᠶ᠋ᠢᠨ ᠬᠢᠯᠢ ᠬᠦᠷᠲᠡᠯ᠎ᠡ ᠠᠰᠠᠵᠠᠢ᠃ ᠡᠢᠮᠦ ᠪᠠᠢᠳᠠᠯ ᠳ᠋ᠤ᠌ ᠳᠣᠷᠵᠢ ᠰᠡᠴᠡᠨ ᠵᠢᠨᠦᠩ ᠰᠢᠢᠳᠮᠡᠭᠡᠢ ᠪᠣᠳᠣᠯᠭ᠎ᠠ ᠠᠪᠴᠤ᠂ ᠥᠪᠡᠷ ᠦ᠋ᠨ ᠮᠣᠩᠭᠣᠯ ᠣᠷᠣᠨ᠂ ᠭᠠᠵᠠᠷ ᠨᠤᠲᠤᠭ ᠢ᠋ᠶ᠋ᠠᠨ ᠡᠵᠡᠯᠡᠵᠦ ᠰᠠᠭᠤᠷᠢᠰᠢᠬᠤ ᠶ᠋ᠢᠨ ᠬᠡᠷᠡᠭᠴᠡᠭᠡ ᠡᠴᠡ ᠪᠣᠯᠵᠤ᠂ ᠠᠷᠭ᠎ᠠ ᠪᠤᠰᠤ ᠮᠠᠨᠵᠤ ᠶ᠋ᠢᠨ ᠨᠣᠶᠠᠷᠬᠠᠯ ᠢ᠋ ᠮᠡᠳᠡᠷᠡᠨ ᠠᠯᠪᠠ ᠪᠠᠷᠢᠵᠤ᠂ ᠭᠣᠪᠢ ᠶ᠋ᠢᠨ ᠡᠮᠦᠨ᠎ᠡ ᠪᠡᠨ ᠳᠠᠭᠢᠵᠤ ᠨᠡᠭᠦᠵᠦ ᠢᠷᠡᠵᠡᠢ᠃ ᠡᠭᠦᠨ ᠳ᠋ᠦ᠍ ᠦᠵᠦᠮᠦᠴᠢᠨᠴᠦᠳ ᠴᠦ᠍ ᠡᠳᠦᠭᠡ ᠶ᠋ᠢᠨ ᠨᠤᠲᠤᠭ ᠲᠠᠭᠠᠨ ᠪᠤᠴᠠᠨ ᠢᠷᠡᠪᠡ᠃1646 ᠣᠨ ᠳ᠋ᠤ᠌ ᠦᠵᠦᠮᠦᠴᠢᠨ ᠠᠢᠮᠠᠭ ᠨᠢ《ᠦᠵᠦᠮᠦᠴᠢᠨ ᠪᠠᠷᠠᠭᠤᠨ ᠭᠠᠷ ᠤ᠋ᠨ ᠬᠣᠰᠢᠭᠤ》᠂《ᠦᠵᠦᠮᠦᠴᠢᠨ ᠵᠡᠭᠦᠨ ᠭᠠᠷ ᠤ᠋ᠨ ᠬᠣᠰᠢᠭᠤ》 ᠪᠣᠯᠤᠨ ᠰᠠᠯᠭᠠᠭᠳᠠᠵᠤ ᠪᠠᠷᠠᠭᠤᠨ ᠬᠣᠰᠢᠭᠤ ᠨᠢ ᠴᠢᠨ ᠸᠠᠩ ᠳ᠋ᠤ᠌᠂ ᠵᠡᠭᠦᠨ ᠬᠣᠰᠢᠭᠤ ᠨᠢ ᠪᠡᠢᠯᠡ ᠨᠣᠶᠠᠨ ᠳ᠋ᠤ᠌ ᠲᠤᠰ ᠲᠤᠰ ᠬᠠᠮᠢᠶᠠᠷᠤᠭᠳᠠᠵᠠᠢ᠃ ᠡᠶᠡᠪᠡᠷ ᠵᠠᠰᠠᠭᠴᠢ ᠶ᠋ᠢᠨ ᠭᠤᠷᠪᠠᠳᠤᠭᠠᠷ ᠣᠨ ᠳ᠋ᠤ᠌ ᠦᠵᠦᠮᠦᠴᠢᠨ ᠵᠡᠭᠦᠨ ᠭᠠᠷ ᠤ᠋ᠨ ᠬᠣᠰᠢᠭᠤ ᠪᠠᠢᠭᠤᠯᠤᠭᠳᠠᠬᠤ ᠦᠶ᠎ᠡ ᠳ᠋ᠦ᠍ ᠴᠢᠩ ᠤᠯᠤᠰ ᠤ᠋ᠨ ᠵᠠᠰᠠᠭ ᠤ᠋ᠨ ᠭᠠᠵᠠᠷ ᠠ᠋ᠴᠠ ᠬᠣᠰᠢᠭᠤ ᠵᠠᠰᠠᠭ ᠨᠣᠶᠠᠨ ᠢ᠋ ᠨᠢ《ᠵᠠᠰᠠᠭ ᠲᠥᠷᠥ ᠶ᠋ᠢᠨ ᠡᠷᠳᠡᠨᠢ ᠪᠡᠢᠯᠡ》 ᠡᠷᠭᠦᠮᠵᠢᠯᠡᠭᠰᠡᠨ ᠪᠣᠯᠬᠣᠷ ᠪᠠᠰᠠ《ᠪᠡᠢᠯᠡ ᠬᠣᠰᠢᠭᠤ》 ᠭᠡᠳᠡᠭ᠃ ᠠᠩᠬᠠᠳᠤᠭᠠᠷ ᠤᠳᠠᠭᠠᠨ ᠤ᠋ ᠦᠵᠦᠮᠦᠴᠢᠨ ᠵᠡᠭᠦᠨ ᠭᠠᠷ ᠤ᠋ᠨ ᠬᠤᠰᠢᠭᠤᠨ ᠤ᠋ ᠵᠠᠰᠠᠭ— ᠵᠠᠰᠠᠭ ᠲᠥᠷᠥ ᠶ᠋ᠢᠨ ᠡᠷᠳᠡᠨᠢ ᠪᠡᠢᠯᠡ ᠰᠡᠷᠡᠩ ᠪᠣᠯ ᠤᠭ ᠨᠢ ᠤᠮᠠᠷᠠᠲᠤ ᠶᠤᠸᠠᠨ ᠤᠯᠤᠰ ᠤ᠋ᠨ ᠴᠠᠬᠠᠷ ᠲᠦᠮᠡᠨ ᠦ᠌ ᠦᠵᠦᠮᠦᠴᠢᠨ ᠠᠢᠮᠠᠭ ᠤ᠋ᠨ ᠬᠥᠮᠦᠨ᠂ ᠪᠣᠷᠵᠢᠭᠢᠨ ᠣᠪᠣᠭᠲᠠᠢ᠂ ᠴᠢᠩᠭᠢᠰ ᠬᠠᠭᠠᠨ ᠤ᠋ 18 ᠳ᠋ᠤᠭᠠᠷ ᠦᠶ᠎ᠡ ᠶ᠋ᠢᠨ ᠠᠴᠢ ᠪᠣᠯᠬᠤ ᠣᠩᠭᠣᠨ ᠳᠤᠷᠠᠯ ᠨᠣᠶᠠᠨ ᠤ᠋ ᠶᠡᠬᠡ ᠬᠥᠪᠡᠭᠦᠨ ᠴᠣᠭᠲᠤ ᠪᠠᠭᠠᠲᠤᠷ ᠨᠣᠶᠠᠨ ᠤ᠋ ᠤᠤᠭᠠᠨ ᠬᠥᠪᠡᠭᠦᠨ ᠪᠢᠯᠡ᠃ ᠡᠨᠡ ᠬᠦ᠌ ᠪᠡᠢᠯᠡ ᠨᠣᠶᠠᠨ ᠤ᠋ ᠵᠡᠷᠭᠡ ᠨᠢ15 ᠦᠶ᠎ᠡ ᠤᠯᠠᠷᠢᠨ᠂ ᠵᠠᠰᠠᠭ ᠲᠥᠷᠥ ᠶ᠋ᠢᠨ ᠡᠷᠳᠡᠨᠢ ᠪᠡᠢᠯᠡ ᠰᠣᠨᠣᠮᠳᠠᠪᠴᠢ ᠪᠣᠯ ᠬᠠᠮᠤᠭ ᠰᠡᠭᠦᠯᠴᠢ ᠶ᠋ᠢᠨ ᠵᠠᠰᠠᠭ ᠪᠡᠢᠯᠡ ᠶᠦᠮ᠃ ᠰᠣᠨᠣᠮᠳᠠᠪᠴᠢ1942 ᠣᠨ ᠳ᠋ᠤ᠌ ᠵᠡᠷᠭᠡ ᠵᠠᠯᠭᠠᠮᠵᠢᠯᠠᠨ1946 ᠣᠨ ᠳ᠋ᠤ᠌ ᠦᠵᠦᠮᠦᠴᠢᠨ ᠵᠡᠭᠦᠨ ᠭᠠᠷ ᠤ᠋ᠨ ᠬᠣᠰᠢᠭᠤ ᠴᠢᠯᠥᠭᠡᠯᠡᠭᠳᠡᠵᠡᠢ᠃
ᠴᠠᠭ ᠲᠥᠷᠥ ᠶ᠋ᠢᠨ ᠣᠷᠣᠭ᠎ᠠ ᠪᠤᠰᠬᠠᠭ᠎ᠠ ᠥᠩᠭᠡᠷᠡᠯᠲᠡ᠂ ᠲᠡᠦᠬᠡ ᠴᠠᠳᠠᠭ ᠲᠤ ᠮᠥᠷ ᠢ᠋ᠶ᠋ᠡᠨ ᠦᠯᠡᠳᠡᠭᠡᠭᠰᠡᠨ ᠦᠶ᠎ᠡ ᠦᠶ᠎ᠡ ᠶ᠋ᠢᠨ ᠬᠥᠮᠦᠰ ᠪᠠ ᠮᠠᠨᠳᠤᠵᠤ ᠤᠷᠤᠭᠤᠳᠠᠵᠤ ᠢᠷᠡᠭᠰᠡᠨ ᠥᠴᠥᠭᠡᠳᠦᠷ ᠢ᠋ ᠡᠢᠨ ᠬᠦ᠌ ᠭᠠᠰᠢᠭᠤᠨ ᠰᠢᠷ᠎ᠠ ᠤᠰᠤ ᠣᠭᠣᠴᠢᠬᠤ ᠮᠡᠲᠦ ᠡᠷᠭᠢᠴᠡᠭᠦᠯᠦᠨ ᠳᠤᠷᠠᠰᠴᠤ ᠦᠵᠡᠬᠦ ᠳ᠋ᠦ᠍《ᠠ ᠳᠠ᠂ ᠨᠢᠳᠤᠨᠤᠨ ᠪᠣᠯᠲᠠᠯ᠎ᠠ ᠭᠠᠢᠭᠤᠢ ᠯᠠ ᠪᠠᠢᠭᠰᠠᠨ ᠰᠢᠲᠠ᠃ ᠡᠨᠡ ᠵᠢᠯ ᠶᠠᠭᠠᠬᠢᠬᠤ ᠳ᠋ᠠᠭᠠᠨ ᠡᠳᠦᠷᠵᠢᠨ ᠡᠯᠡᠰᠦᠨ ᠰᠢᠭᠤᠷᠭ᠎ᠠ ᠪᠣᠰᠤᠭᠠᠳ ᠪᠠᠢᠳᠠᠭ ᠪᠣᠯᠪᠠ ᠠ᠋? ᠮᠣᠳᠣ ᠴᠤ ᠭᠥᠯᠥᠭᠡᠯᠡᠭᠡ ᠦᠭᠡᠢ ᠭᠡᠭᠴᠢ ᠰᠣᠨᠢᠨ ᠳᠠ》 ᠭᠡᠮᠡᠨ ᠨᠤᠲᠤᠭ ᠤ᠋ᠨ ᠮᠠᠯᠴᠢᠳ ᠢ᠋ ᠰᠡᠭᠦᠷᠡᠰᠦ ᠠᠯᠳᠠᠭᠤᠯᠤᠭᠰᠠᠨ ᠪᠠᠢᠭᠠᠯᠢ ᠡᠵᠢ ᠶ᠋ᠢᠨ ᠬᠠᠲᠠᠭᠤᠬᠠᠨ ᠲᠤᠯᠭᠠᠭᠰᠠᠨ ᠵᠠᠶᠠᠭ᠎ᠠ ᠲᠠᠢ ᠳᠠᠩᠴᠤ ᠨᠢᠭᠡ ᠬᠣᠯᠪᠣᠭ᠎ᠠ ᠲᠠᠢ ᠮᠡᠲᠦ ᠰᠠᠨᠠᠭᠳᠠᠭᠠᠳ ᠪᠣᠯᠳᠠᠭ ᠦᠭᠡᠢ᠃《ᠪᠦᠬᠦ ᠬᠤᠰᠢᠭᠤᠨ ᠤ᠋ ᠵᠤᠳ ᠢ᠋ ᠲᠤᠭᠤᠯᠤᠭᠰᠠᠨ ᠮᠠᠯ ᠰᠦᠷᠦᠭ ᠦ᠋ᠨ ᠣᠨᠳᠣᠷᠣᠯᠲᠠ ᠭᠠᠢᠭᠤᠢᠬᠠᠨ ᠪᠣᠯᠪᠠᠴᠤ ᠲᠥᠯ ᠦ᠋ᠨ ᠪᠣᠢᠵᠢᠯᠲᠠ50% ᠳ᠋ᠤ᠌ ᠬᠦᠷᠪᠡᠯ ᠲᠤᠯᠤᠭᠰᠠᠨ ᠨᠣᠷᠮ᠎ᠠ》᠂《4 ᠳ᠋ᠦ᠍ᠭᠡᠷ ᠰᠠᠷ᠎ᠠ ᠶ᠋ᠢᠨ6 ᠤ᠋ ᠨᠢᠭᠡ ᠯᠡ ᠰᠥᠨᠢ ᠶ᠋ᠢᠨ ᠰᠠᠯᠬᠢᠨ ᠳ᠋ᠤ᠌ ᠪᠦᠬᠦ ᠬᠣᠰᠢᠭᠤ1500 ᠲᠦᠮᠡᠨ ᠲᠥᠭᠥᠷᠢᠭ ᠦ᠋ᠨ ᠠᠵᠤ ᠠᠬᠤᠢ ᠶ᠋ᠢᠨ ᠰᠢᠭᠤᠳ ᠬᠣᠬᠢᠷᠠᠯ ᠳ᠋ᠤ᠌ ᠤᠴᠠᠷᠠᠵᠤ᠂ ᠮᠠᠯ ᠤᠨᠤᠭ᠎ᠠ ᠡᠯᠡᠰᠦᠨ ᠳ᠋ᠦ᠍ ᠳᠠᠷᠤᠭᠳᠠᠵᠤ ᠦᠬᠦᠭᠰᠡᠨ ᠪᠤᠶᠤ ᠪᠦᠲᠡᠩᠰᠢᠵᠦ ᠦᠬᠦᠭᠰᠡᠨ》᠂《ᠲᠣᠣᠷ ᠬᠦᠷᠢᠶ᠎ᠡ ᠲᠠᠲᠠᠵᠤ᠂ ᠪᠡᠯᠴᠢᠭᠡᠷ ᠦ᠋ᠨ ᠰᠡᠯᠭᠦᠯᠲᠡ ᠮᠠᠭᠤᠳᠴᠤ᠂ ᠠᠢᠯ ᠰᠠᠭᠠᠬᠠᠯᠲᠠ ᠪᠠᠷ ᠢ᠋ᠶ᠋ᠠᠨ ᠡᠪ ᠳᠦᠨᠵᠢᠨ ᠠᠨᠠᠢ ᠪᠤᠯᠵᠠᠭᠠᠭᠰᠠᠨ 》᠁ ᠵᠡᠷᠭᠡ ᠨᠢ ᠪᠦᠷ ᠥᠩᠭᠡᠷᠡᠭᠰᠡᠨ ᠴᠠᠭ ᠤ᠋ᠨ ᠡᠯᠡᠷᠡᠭᠰᠡᠨ ᠲᠡᠦᠬᠡ ᠶ᠋ᠢ ᠵᠠᠯᠭᠠᠵᠤ ᠴᠥᠷᠬᠡᠯᠡᠭᠡ ᠣᠨ ᠵᠢᠯ ᠦ᠋ᠨ ᠤᠷᠤᠰᠬᠠᠯ ᠪᠤᠶᠤ ᠡᠨᠡ ᠬᠦ᠌ ᠳᠠᠭᠠᠭᠠᠴᠠᠲᠠᠢ ᠨᠤᠬᠤᠴᠠᠭᠠᠨ ᠤ᠋ ᠦᠷ᠎ᠡ ᠳ᠋ᠦᠩ ᠶᠤᠮᠰᠠᠨ᠃ ᠪᠠᠢᠭᠠᠯᠢ ᠶ᠋ᠢᠨ ᠬᠠᠲᠠᠭᠤ ᠬᠡᠲᠡᠭᠦᠦ ᠨᠥᠬᠥᠴᠡᠯ᠂ ᠡᠨᠡ ᠬᠠᠲᠠᠭᠤ ᠨᠥᠬᠥᠴᠡᠯ ᠲᠡᠢ ᠥᠷᠢᠰᠴᠦ᠂ ᠡᠶᠡᠳᠡᠵᠦ᠂ ᠣᠷᠣᠩᠨᠠᠬᠤ ᠦᠵᠦᠮᠦᠴᠢᠨᠴᠤᠳ ᠤ᠋ᠨ ᠠᠮᠢᠳᠤᠷᠠᠯ ᠣᠷᠣᠰᠢᠯ᠂ ᠨᠣᠭᠣᠭᠠᠨ ᠲᠠᠯ᠎ᠠ ᠮᠡᠲᠦ ᠰᠢᠬᠠᠭᠳᠠᠨ ᠠᠷᠴᠢᠭᠳᠠᠬᠤ ᠰᠣᠶᠣᠯ ᠵᠠᠩᠰᠢᠯ᠁ ᠤ᠋ᠨ ᠲᠤᠬᠠᠢ᠂ ᠡᠨᠳᠡᠬᠢ ᠶ᠋ᠢᠨ ᠬᠥᠮᠦᠨ ᠠᠷᠠᠳ ᠬᠡᠨ ᠡᠴᠡ ᠴᠤ ᠢᠯᠡᠭᠦᠦ ᠰᠡᠳᠬᠢᠯ ᠦ᠋ᠨ ᠬᠥᠨᠳᠡᠭᠦᠷ ᠲᠡᠢ ᠶᠠᠪᠤᠭ᠎ᠠ ᠨᠢ ᠮᠡᠳᠡᠭᠡᠵᠢ᠃
4 ᠳ᠋ᠦ᠍ᠭᠡᠷ ᠰᠠᠷ᠎ᠠ ᠶ᠋ᠢᠨ27 ᠤ᠋ ᠡᠳᠦᠷ ᠰᠢᠭᠤᠳ ᠨᠡᠪᠲᠡᠷᠡᠭᠦᠯᠭᠡ ᠶ᠋ᠢᠨ ᠨᠡᠪᠲᠡᠷᠡᠭᠦᠯᠬᠦ ᠡᠭᠦᠷᠭᠡ ᠪᠡᠨ ᠠᠮᠵᠢᠯᠲᠠ ᠲᠠᠢ ᠪᠡᠶᠡᠯᠡᠭᠦᠯᠴᠢᠬᠡᠭᠡᠳ ᠦᠶ᠎ᠡ ᠬᠤᠷᠠᠭ ᠤ᠋ᠨ ᠤᠷᠠᠨ ᠪᠦᠲᠦᠭᠡᠯᠴᠢᠳ᠂ ᠦᠢᠯᠡᠰ ᠦ᠋ᠨ ᠬᠠᠨᠢᠲᠠᠳ ᠲᠠᠢ ᠪᠠᠨ ᠦᠳᠡᠰᠢ ᠶ᠋ᠢᠨ ᠰᠡᠯᠡᠭᠦᠬᠡᠨ ᠳ᠋ᠦ᠍ ᠬᠥᠭᠡᠷᠦᠯᠳᠦᠨ ᠰᠠᠭᠤᠯ᠎ᠠ᠃《ᠪᠠᠯᠭᠠᠰᠤᠨ ᠠ᠋ᠴᠠ ᠬᠣᠢᠰᠢ ᠬᠣᠯᠠ ᠦᠭᠡᠢ ᠪᠠᠢᠭ᠎ᠠ ᠤᠯᠢᠶᠠᠰᠤᠲᠠᠢ ᠠᠭᠤᠯᠠᠨ ᠳ᠋ᠤ᠌ ᠲᠣᠭᠣᠭᠠᠨ ᠴᠢᠨᠡᠭᠡ ᠤᠰᠤ ᠪᠠᠢᠳᠠᠭ᠃ ᠬᠥᠯ ᠦᠭᠡᠢ ᠤᠰᠤ ᠭᠡᠭᠳᠡᠳᠡᠭ ᠡᠨᠡ ᠤᠰᠤᠨ ᠳ᠋ᠤ᠌ ᠤᠨᠠᠪᠠᠯ ᠬᠡᠭᠦᠷ ᠨᠢ ᠡᠵᠢ ᠨᠠᠭᠤᠷ ᠠ᠋ᠴᠠ ᠭᠠᠷᠴᠤ ᠢᠷᠡᠳᠡᠭ᠃ ᠡᠨᠡ ᠠᠭᠤᠯᠠ ᠶ᠋ᠢᠨ ᠠᠭᠤᠢ ᠳ᠋ᠤ᠌ ᠤᠤᠯ ᠨᠢ ᠰᠢᠯᠢ ᠶ᠋ᠢᠨ ᠰᠠᠢᠨ ᠡᠷ᠎ᠡ ᠨᠡᠮᠡᠬᠦ ᠭᠡᠭᠴᠢ ᠰᠠᠭᠤᠵᠤ ᠪᠠᠢᠭᠰᠠᠨ ᠬᠠᠭᠤᠴᠢ ᠲᠠᠢ》᠂《ᠡᠵᠢ ᠨᠠᠭᠤᠷ ᠥᠨᠥ ᠰᠢᠷᠭᠢᠬᠦ ᠳ᠋ᠡᠭᠡᠨ ᠳᠥᠭᠥᠵᠡᠢ᠂ ᠠᠷᠭ᠎ᠠ ᠴᠤ ᠦᠭᠡᠢ ᠳᠡ᠂ ᠤᠰᠤ ᠶ᠋ᠢ ᠨᠢ ᠲᠠᠰᠤᠯᠤᠨ ᠳᠠᠪᠤᠰᠤ ᠰᠢᠷᠭᠠᠭᠠᠨᠠ ᠭᠡᠳ ᠬᠠᠮᠢᠶ᠎ᠠ ᠬᠠᠢᠳᠠᠭ ᠦᠭᠡᠢ ᠬᠥᠮᠦᠨ ᠬᠠᠷ᠎ᠠ ᠴᠤᠪᠤᠷᠠᠬᠤ ᠯᠠ ᠶᠤᠮ ᠴᠢᠨᠢ》 ᠭᠡᠰᠡᠨ ᠨᠤᠲᠤᠭ ᠤ᠋ᠨ ᠲᠤᠬᠠᠢ ᠶᠠᠷᠢᠶ᠎ᠠ᠂《ᠤᠤᠯ ᠨᠢ ᠶᠣᠯᠣ ᠰᠢᠪᠠᠭᠤ ᠠᠷᠪᠢᠨ ᠪᠠᠢᠬᠤ ᠳ᠋ᠤ᠌ ᠬᠥᠮᠦᠰ ᠶᠣᠯᠣ ᠶ᠋ᠢᠨ ᠬᠣᠳᠣᠭᠣᠳᠣ ᠪᠠᠷ ᠡᠪᠡᠳᠴᠢᠨ ᠡᠮᠨᠡᠳᠡᠭ ᠪᠠᠢᠵᠠᠢ᠃ ᠭᠡᠷ ᠡᠴᠡ ᠣᠢᠷ᠎ᠠ ᠢᠷᠡᠬᠦ ᠳ᠋ᠦ᠍ᠨᠢ ᠮᠢᠬ᠎ᠠ ᠬᠠᠶᠠᠵᠤ ᠠᠷᠭᠠᠳᠠᠭᠰᠠᠭᠠᠷ ᠪᠠᠢᠭᠠᠳ ᠭᠡᠨᠡᠳᠲᠡ ᠤᠯᠠᠢᠯᠭᠠᠭᠰᠠᠨ ᠠᠯᠤᠬᠠᠨ ᠲᠣᠯᠣᠭᠠᠢ ᠬᠠᠶᠠᠵᠤ ᠥᠭᠪᠡᠯ ᠲᠣᠰᠣᠨ ᠵᠠᠯᠭᠢᠭᠰᠠᠨ ᠢ᠋ᠶ᠋ᠠᠨ ᠲᠦᠷ ᠮᠠᠭᠤᠵᠢᠷᠠᠨ ᠪᠣᠰᠴᠤ ᠢᠷᠡᠳᠡᠭ ᠭᠡᠨ᠎ᠡ ᠪᠢᠯᠡ᠃ ᠶᠣᠯᠣ ᠶ᠋ᠢᠨ ᠬᠣᠳᠣᠭᠣᠳᠣ ᠶ᠋ᠢ ᠨᠣᠮᠣᠳᠬᠠᠵᠤ ᠪᠠᠢᠬᠤ ᠨᠢ ᠲᠡᠷᠡ ᠭᠡᠨ᠎ᠡ》 ᠭᠡᠰᠡᠨ ᠳᠣᠮᠣᠭ ᠰᠢᠤᠬᠠᠨ ᠵᠣᠭᠣᠭ᠂《ᠨᠠᠰᠤᠲᠠᠨ ᠪᠤᠭᠤᠷᠤᠯᠴᠤᠳ ᠠ᠋ᠴᠠ ᠪᠠᠨ ᠮᠡᠳᠡᠬᠦ ᠦᠭᠡᠢ ᠴᠢᠳᠠᠬᠤ ᠦᠭᠡᠢ ᠪᠡᠨ ᠠᠰᠠᠭᠤᠵᠤ ᠠᠪᠬᠤ ᠰᠠᠨ》 ᠭᠡᠰᠡᠨ ᠳᠠᠮ ᠨᠡᠢᠯᠡᠭᠰᠡᠨ ᠪᠣᠳᠣᠯ《ᠥᠭᠡᠷ᠎ᠡ ᠴᠠᠭ᠂ ᠥᠭᠡᠷ᠎ᠡ ᠣᠷᠴᠢᠯᠠᠩ ᠳ᠋ᠤ᠌᠂ ᠥᠨᠥᠳᠥᠷ ᠡᠴᠡ ᠣᠨᠳᠣᠣ ᠳᠠᠪᠲᠠᠭᠳᠠᠬᠤ ᠶᠤᠮ ᠦᠭᠡᠢ》 ᠭᠡᠰᠡᠨ ᠰᠢᠯᠦᠭ ᠦ᠋ᠨ ᠮᠥᠷ ᠢ᠋ᠶ᠋ᠡᠷ ᠤᠯᠢᠶᠠᠰᠤᠲᠠᠢ ᠶ᠋ᠢᠨ ᠲᠡᠷᠡ ᠦᠳᠡᠰᠢ ᠴᠠᠯᠭᠢᠯᠠᠵᠤ ᠪᠠᠢᠯ᠎ᠠ᠃ ᠭᠠᠳᠠᠨ᠎ᠠ ᠡᠯᠡᠰᠦ ᠪᠤᠵᠢᠭᠢᠨᠠᠨ ᠰᠠᠯᠬᠢ ᠬᠤᠤᠭᠢᠨᠠ᠃ ᠠᠶ᠎ᠠ᠂ ᠨᠤᠲᠤᠭ ᠤᠰᠤ ᠪᠠᠨ ᠪᠤᠰᠤᠳ ᠤ᠋ᠨ ᠥᠮᠴᠢ ᠪᠣᠯᠭᠠᠬᠤ ᠦᠭᠡᠢ ᠭᠡᠵᠦ ᠮᠠᠨᠵᠤ ᠶ᠋ᠢᠨ ᠨᠣᠶᠠᠷᠬᠠᠯ ᠢ᠋ ᠳ᠋ᠡᠭᠡᠨ ᠨᠡᠭᠦᠵᠦ ᠢᠷᠡᠭᠰᠡᠨ ᠳᠣᠷᠵᠢ ᠰᠡᠴᠡᠨ ᠵᠢᠨᠦᠩ ᠰᠢᠭ ᠢ᠋ᠶ᠋ᠡᠷ ᠪᠠᠢᠭᠠᠯᠢ ᠣᠷᠴᠢᠨ ᠢ᠋ᠶ᠋ᠠᠨ ᠠᠪᠤᠷᠠᠰᠢ ᠦᠭᠡᠢ ᠮᠥᠷ ᠢ᠋ᠶ᠋ᠡᠷ ᠶᠠᠪᠤᠭᠤᠯᠬᠤ ᠦᠭᠡᠢ ᠭᠡᠵᠦ ᠵᠢᠳᠬᠦᠬᠦ ᠬᠥᠮᠦᠨ ᠣᠳᠣ ᠬᠡᠳᠦ ᠪᠠᠢᠭ᠎ᠠ ᠪᠣᠯ ᠠ᠋?《ᠦᠵᠦᠮᠦᠴᠢᠨ ᠲᠡᠨᠢᠭᠡᠷ ᠠᠭᠤᠳᠠᠮ᠂ ᠬᠥᠮᠦᠨ ᠮᠠᠯ ᠤᠤᠯ ᠠ᠋ᠴᠠ ᠪᠠᠨ ᠰᠡᠢᠷᠡᠭ ᠴᠥᠭᠡᠨ᠂ ᠡᠪᠡᠰᠦ ᠪᠡᠯᠴᠢᠭᠡᠷ ᠵᠤᠵᠠᠭᠠᠨ ᠡᠯᠪᠡᠭ ᠪᠠᠢᠳᠠᠭ ᠴᠤ ᠮᠠᠯᠴᠢᠳ ᠨᠤᠲᠤᠭ ᠤᠰᠤ ᠪᠠᠨ ᠶᠠᠭᠤᠨ ᠠᠴᠠ ᠴᠤ ᠢᠯᠡᠭᠦᠦ ᠬᠠᠢᠷᠠᠯᠠᠵᠤ ᠬᠠᠮᠠᠭᠠᠯᠠᠳᠠᠭ ᠰᠤᠷᠲᠠᠯ ᠲᠠᠢ ᠶᠤᠮ》᠃ ᠠᠷᠠᠳ ᠤ᠋ᠨ ᠦᠭᠡᠨ ᠳ᠋ᠦ᠍《ᠠᠪᠤ ᠶ᠋ᠢᠨ ᠦᠶ᠎ᠡ ᠶ᠋ᠢᠨ ᠵᠠᠭ ᠢ᠋ ᠠᠢᠯ ᠤ᠋ᠨ ᠪᠡᠷᠢ ᠬᠤᠭᠤᠯᠬᠤ ᠦᠭᠡᠢ᠂ ᠡᠭᠡᠴᠢ ᠲᠡᠢ ᠪᠡᠨ ᠰᠠᠴᠠᠭᠤ ᠵᠠᠭ ᠢ᠋ ᠡᠪᠦᠭᠡ ᠡᠮᠡᠭᠡ ᠲᠦᠯᠡᠬᠦ ᠦᠭᠡᠢ》 ᠭᠡᠳᠡᠭ᠃ ᠪᠠᠢᠭᠠᠯᠢ ᠶ᠋ᠢᠨ ᠶᠠᠮᠠᠷᠪᠠ ᠠᠮᠢᠲᠠᠨ ᠭᠣᠣᠯᠳᠠᠨ᠂ ᠬᠣᠷᠣᠬᠠᠢ ᠰᠢᠪᠠᠵᠢ ᠳ᠋ᠤ᠌ ᠬᠦᠷᠲᠡᠯ᠎ᠡ ᠬᠡᠷᠡᠭ ᠲᠡᠢ ᠲᠠᠯ᠎ᠠ ᠪᠠᠢᠳᠠᠭ ᠶᠤᠮ ᠭᠡᠵᠦ ᠮᠣᠩᠭᠣᠯᠴᠤᠳ ᠲᠠᠨᠢᠳᠠᠭ ᠪᠣᠯᠬᠣᠷ ᠣᠷᠣᠩᠨᠠᠨ ᠣᠷᠣᠰᠢᠭᠰᠠᠨ ᠨᠤᠲᠤᠭ ᠤᠰᠤᠨ ᠤ᠋ ᠪᠠᠨ ᠶᠠᠭᠤ ᠪᠦᠬᠦᠨ ᠢ᠋ ᠴᠦ᠍ ᠭᠦᠨᠳᠡᠨ ᠡᠪᠳᠡᠬᠦ ᠡᠴᠡ ᠬᠢᠴᠢᠶᠡᠳᠡᠭ᠃ ᠡᠨᠡ ᠨᠢ ᠮᠥᠨ ᠴᠦ᠍ ᠤᠮᠠᠷᠠᠲᠤ ᠶ᠋ᠢᠨ ᠥᠨᠳᠥᠷᠯᠢᠭ ᠦ᠋ᠨ ᠣᠷᠴᠢᠨ ᠠᠬᠤᠢ ᠶ᠋ᠢᠨ ᠨᠥᠬᠥᠴᠡᠯ᠂ ᠠᠭᠤᠷ ᠠᠮᠢᠰᠬᠤᠯ ᠤ᠋ᠨ ᠲᠣᠭᠲᠠᠯᠴᠠᠭ᠎ᠠ ᠳ᠋ᠤ᠌ ᠰᠢᠳᠦᠨ ᠡᠭᠦᠰᠦᠭᠰᠡᠨ ᠨᠡᠭᠦᠳᠡᠯ ᠮᠠᠯᠵᠢᠯ ᠤ᠋ᠨ ᠠᠮᠢᠳᠤᠷᠠᠯ ᠠ᠋ᠴᠠ ᠲᠥᠯᠵᠢᠭᠰᠡᠨ ᠬᠡᠵᠢᠶ᠎ᠡ ᠴᠦ᠍ ᠬᠣᠴᠣᠷᠠᠰᠢ ᠦᠭᠡᠢ ᠰᠣᠶᠣᠯ ᠪᠠᠢᠭ᠎ᠠ ᠰᠠᠨ᠃ ᠭᠡᠲᠡᠯ᠎ᠡ ᠳᠡᠭᠡᠳᠦᠰ ᠦ᠋ᠨ ᠢ᠋ᠶ᠋ᠡᠨ ᠵᠣᠪᠠᠨ ᠡᠯᠡᠨ ᠪᠠᠢᠵᠤ ᠴᠤᠭᠯᠠᠭᠤᠯᠤᠭᠰᠠᠨ ᠲᠥᠷᠥ ᠶ᠋ᠢ ᠦᠷ᠎ᠡ ᠬᠣᠢᠴᠢᠰ ᠨᠢ ᠲᠤᠬᠠᠲᠠᠢ ᠡᠵᠡᠮᠰᠢᠵᠦ ᠳᠦᠢᠲᠡᠢ ᠡᠷᠬᠢᠯᠡᠵᠦ ᠴᠢᠳᠠᠭ᠎ᠠ ᠦᠭᠡᠢ ᠶ᠋ᠢᠨ ᠬᠠᠷᠠᠭ᠎ᠠ ᠪᠠᠷ ᠳᠡᠯᠡᠬᠡᠢ ᠶ᠋ᠢᠨ ᠲᠦᠮᠡᠨ ᠦᠨᠳᠦᠰᠦᠲᠡᠨ ᠡᠴᠡ ᠭᠡᠭᠡᠭᠳᠡᠨ ᠬᠣᠴᠣᠷᠬᠤ ᠥᠨᠥᠳᠥᠷ ᠦ᠋ᠨ ᠤᠯᠠ ᠶ᠋ᠢ ᠰᠢᠷᠢᠵᠦ ᠥᠭᠭᠦᠭᠰᠡᠨ ᠪᠥᠭᠡᠳ ᠮᠢᠩ᠂ ᠴᠢᠩ ᠦ᠋ᠨ ᠲᠦᠭᠵᠢᠮᠡᠯ ᠲᠥᠷᠥ ᠶ᠋ᠢᠨ ᠪᠣᠳᠣᠯᠭ᠎ᠠ ᠤᠮᠠᠷᠠᠲᠤ ᠶ᠋ᠢᠨ ᠥᠨᠳᠥᠷᠯᠢᠭ ᠢ᠋ ᠬᠡᠳᠦᠨ ᠵᠠᠭᠤᠨ ᠵᠢᠯ ᠢ᠋ᠶ᠋ᠡᠷ ᠠᠪᠳᠠᠷ᠎ᠠ ᠮᠡᠲᠦ ᠣᠨᠢᠰᠤᠯᠠᠵᠤ᠂ ᠪᠠᠢᠭᠠᠯᠢ ᠣᠷᠴᠢᠨ ᠢ᠋ᠶ᠋ᠠᠨ ᠳᠡᠭᠡᠳᠦᠯᠡᠨ ᠬᠠᠢᠷᠠᠯᠠᠳᠠᠭ᠂ ᠠᠷᠠᠯᠵᠢᠶ᠎ᠠ ᠬᠤᠳᠠᠯᠳᠤᠭ᠎ᠠ ᠶ᠋ᠢ ᠬᠦᠨᠳᠦᠳᠬᠡᠳᠡᠭ ᠤᠯᠠᠮᠵᠢᠯᠠᠯ ᠠᠭᠠᠵᠢᠮ ᠢ᠋ᠶ᠋ᠠᠷ ᠮᠠᠷᠲᠠᠭᠳᠠᠵᠤ᠂ ᠬᠠᠷᠢ ᠪᠤᠰᠤᠳ ᠰᠣᠶᠣᠯ ᠤ᠋ᠨ ᠮᠠᠭᠤ ᠮᠠᠭᠤᠬᠠᠢ ᠪᠣᠯᠬᠢ ᠵᠦᠢᠯᠡᠰ ᠨᠠᠪᠴᠢᠨ ᠣᠷᠣᠵᠤ᠂ ᠢᠯᠠᠩᠭᠤᠶ᠎ᠠ ᠨᠡᠭᠦᠳᠡᠯ ᠮᠠᠯᠵᠢᠯ ᠤ᠋ᠨ ᠠᠮᠢᠳᠤᠷᠠᠯ ᠠᠭᠠᠵᠢᠮ ᠢ᠋ᠶ᠋ᠠᠷ ᠬᠣᠯᠠᠳᠴᠤ᠂ ᠣᠨᠳᠣᠣ ᠦᠢᠯᠡᠳᠪᠦᠷᠢᠯᠡᠯ ᠦ᠋ᠨ ᠬᠡᠯᠪᠡᠷᠢ ᠮᠠᠶᠢᠭ ᠬᠥᠯᠰᠢᠨ ᠲᠦᠷᠢᠭᠰᠡᠨ ᠦ᠌ ᠬᠠᠷᠠᠭ᠎ᠠ ᠪᠠᠷ ᠮᠠᠯ ᠮᠠᠯᠵᠢᠯ ᠯᠤᠭ᠎ᠠ ᠬᠣᠯᠪᠣᠭᠳᠠᠨ ᠡᠭᠦᠰᠦᠭᠰᠡᠨ ᠵᠠᠩ ᠦᠢᠯᠡ᠂ ᠠᠶᠠᠭ ᠠᠭᠠᠯᠢ᠂ ᠰᠣᠶᠣᠯ ᠰᠡᠳᠬᠢᠯᠭᠡᠨ ᠤᠰᠤ ᠬᠣᠯᠢᠭᠰᠠᠨ ᠰᠦ ᠮᠡᠲᠦ ᠰᠢᠩᠭᠡᠷᠡᠨ᠂ ᠠᠮᠢ ᠪᠠᠨ ᠪᠣᠳᠣᠵᠤ ᠳᠣᠪᠣ ᠪᠠᠨ ᠰᠢᠷᠠᠯᠠᠭᠤᠯᠬᠤ ᠣᠬᠣᠷ ᠪᠣᠳᠣᠯ ᠬᠥᠮᠦᠰ ᠦ᠋ᠨ ᠰᠡᠳᠬᠢᠯ ᠳ᠋ᠦ᠍ ᠵᠠᠢ ᠠᠪᠤᠨ ᠤᠷᠭᠤᠭᠰᠠᠨ ᠨᠢ ᠲᠡᠷᠡ ᠰᠠᠢᠬᠠᠨ ᠰᠣᠶᠣᠯ ᠲᠠᠢ ᠪᠠᠨ ᠲᠡᠩᠴᠡᠰᠢ ᠦᠭᠡᠢ ᠰᠠᠨᠠᠭᠳᠠᠬᠤ ᠪᠤᠰᠤ ᠤᠤ?
4 ᠳ᠋ᠦ᠍ᠭᠡᠷ ᠰᠠᠷ᠎ᠠ ᠶ᠋ᠢᠨ28 ᠤ ᠡᠳᠦᠷ᠂ ᠢᠷᠠᠭᠤ ᠢᠷᠠᠭᠤ ᠨᠠᠢᠷᠠᠭᠴᠢ ᠰ • ᠰᠠᠷᠠᠨᠰᠥ᠋ᠬᠡ ᠶ᠋ᠢᠨ ᠳᠠᠭᠠᠭᠤᠯᠭ᠎ᠠ ᠪᠠᠷ ᠤᠯᠢᠶᠠᠰᠤᠲᠠᠢ ᠪᠠᠯᠭᠠᠰᠤᠨ᠎ᠠ ᠪᠠᠢᠭ᠎ᠠ ᠨᠤᠲᠤᠭ ᠤ᠋ᠨ ᠬᠡᠳᠦᠨ ᠪᠤᠭᠤᠷᠤᠯ ᠲᠠᠢ ᠪᠠᠷᠠᠳᠠᠨ ᠤᠴᠠᠷᠠᠯ᠎ᠠ᠃ ᠵᠡᠭᠦᠨ ᠦᠵᠦᠮᠦᠴᠢᠨ ᠬᠣᠰᠢᠭᠤ ᠪᠠᠢᠭᠤᠯᠤᠭᠳᠠᠬᠤ ᠦᠶ᠎ᠡ ᠳ᠋ᠦ᠍ ᠮᠠᠯ ᠠᠵᠤ ᠠᠬᠤᠢ ᠶ᠋ᠢᠨ ᠲᠣᠪᠴᠢᠶᠠᠨ ᠳᠠᠷᠤᠭ᠎ᠠ ᠪᠠᠢᠭᠰᠠᠨ ᠪᠦᠬᠡᠵᠠᠶᠠᠭᠠ᠂《ᠴᠢᠩ ᠤᠯᠤᠰ ᠤ᠋ᠨ ᠦᠶ᠎ᠡ ᠶ᠋ᠢᠨ ᠦᠵᠦᠮᠦᠴᠢᠨ ᠵᠡᠭᠦᠨ ᠭᠠᠷ ᠤ᠋ᠨ ᠬᠣᠰᠢᠭᠤ》 ᠭᠡᠰᠡᠨ ᠳᠥᠴᠢᠨ ᠬᠡᠳᠦᠨ ᠲᠦᠮᠡᠨ ᠦᠰᠦᠭ ᠲᠡᠢ ᠲᠡᠦᠬᠡᠨ ᠨᠣᠮ ᠢ᠋ ᠨᠠᠢᠷᠠᠭᠤᠯᠵᠤ ᠪᠢᠴᠢᠭᠰᠡᠨ ᠤᠤᠯ ᠤ᠋ᠨ ᠬᠣᠰᠢᠭᠤ ᠳᠠᠷᠤᠭ᠎ᠠ ᠠᠭᠰᠠᠨ ᠲᠦᠪᠳᠦᠨ᠂ ᠪᠠᠢᠴᠠᠭᠠᠬᠤ ᠬᠣᠷᠢᠶᠠᠨ ᠤ᠋ ᠳᠠᠷᠤᠭ᠎ᠠ ᠠᠭᠰᠠᠨ ᠨᠦᠨᠡᠢ᠂ ᠤᠯᠤᠰ ᠲᠥᠷᠥ ᠶ᠋ᠢᠨ ᠵᠥᠪᠯᠡᠯᠭᠡᠨ ᠦ᠌ ᠳᠠᠷᠤᠭ᠎ᠠ ᠠᠭᠰᠠᠨ ᠡᠷᠢᠨᠴᠢᠨ᠂ ᠠᠬᠠᠮᠠᠳ ᠺᠠᠳ᠋ᠷ ᠤ᠋ᠨ ᠳᠠᠷᠤᠭ᠎ᠠ ᠠᠭᠰᠠᠨ ᠨᠠᠮᠵᠢᠯ᠂ ᠠᠬᠠᠮᠠᠳ ᠮᠠᠯᠴᠢᠨ ᠰᠢᠷᠠᠪ ᠨᠠᠷ ᠨᠠᠮᠠᠶ᠋ᠢ ᠠᠮᠠᠨ ᠰᠦ ᠨᠢ ᠠᠷᠢᠯᠤᠭ᠎ᠠ ᠦᠭᠡᠢ ᠬᠡᠦᠬᠡᠳ ᠭᠡᠯ ᠦᠭᠡᠢ ᠬᠦᠯᠢᠶᠡᠵᠦ ᠠᠪᠴᠤ ᠶᠠᠷᠢᠯᠴᠠᠭᠰᠠᠨ ᠰᠠᠨ᠃ ᠲᠦᠪᠳᠦᠨ ᠭᠤᠸᠠᠢ ᠣᠯᠠᠭᠠᠢ ᠰᠤᠮᠤᠨ ᠤ᠋ ᠪᠠᠶᠠᠨᠭᠤᠤᠯ ᠭᠠᠴᠠᠭᠠᠨ ᠤ᠋ ᠮᠠᠯᠴᠢᠨ ᠸ᠂ ᠨᠠᠮᠵᠢᠯᠰᠥ᠋ᠷᠦᠩ ᠬᠤᠰᠢᠭᠤᠨ ᠤ᠋ ᠤᠯᠤᠰ ᠲᠥᠷᠥ ᠶ᠋ᠢᠨ ᠵᠥᠪᠯᠡᠯᠭᠡᠨ ᠦ᠌ ᠳᠡᠳ᠋ ᠲᠡᠷᠢᠭᠦᠯᠡᠭᠴᠢ᠂ ᠳ᠋ᠣᠩᠷᠤᠪ ᠬᠣᠰᠢᠭᠤ ᠰᠠᠬᠢᠯᠭ᠎ᠠ ᠪᠠᠲᠤ ᠪᠠᠢᠴᠠᠭᠠᠬᠤ ᠬᠣᠷᠢᠶᠠᠨ ᠤ᠋ ᠱᠦᠵᠢ ᠳᠡᠮᠪᠡᠷᠢᠯ ᠨᠠᠷ ᠲᠠᠢ ᠬᠠᠮᠵᠢᠯᠴᠠᠨ ᠣᠷᠣᠨ ᠨᠤᠲᠤᠭ ᠤ᠋ᠨ ᠲᠡᠦᠬᠡ ᠪᠢᠴᠢᠬᠦ ᠠᠵᠢᠯ ᠳ᠋ᠤ᠌ ᠶᠡᠷᠡᠭᠡᠳ ᠣᠨ ᠠ᠋ᠴᠠ ᠡᠬᠢᠯᠡᠨ ᠵᠢᠳᠬᠦᠵᠦ᠂ ᠦᠵᠦᠮᠦᠴᠢᠨ ᠠᠢᠮᠠᠭ ᠤ᠋ᠨ ᠡᠭᠦᠰᠦᠯ ᠭᠠᠷᠤᠯ᠂ ᠨᠤᠲᠤᠭ ᠤ᠋ᠨ ᠬᠡᠪᠴᠢᠶ᠎ᠡ᠂ ᠠᠵᠤ ᠠᠬᠤᠢ ᠶ᠋ᠢᠨ ᠲᠣᠢᠮᠣ᠂ ᠱᠠᠰᠢᠨ ᠰᠢᠲᠦᠯᠭᠡ ᠶ᠋ᠢᠨ ᠪᠠᠢᠳᠠᠯ᠂ ᠰᠣᠶᠣᠯ ᠰᠤᠷᠭᠠᠨ ᠬᠥᠮᠦᠵᠢᠯ᠂ ᠤᠳᠬ᠎ᠠ ᠰᠣᠶᠣᠯ᠂ ᠤᠷᠠᠯᠢᠭ᠂ ᠤᠯᠠᠮᠵᠢᠯᠠᠯᠲᠤ ᠵᠠᠩ ᠦᠢᠯᠡ᠂ ᠲᠡᠦᠬᠡᠨ ᠲᠣᠮᠣ ᠬᠡᠷᠡᠭ ᠶᠠᠪᠤᠳᠠᠯ ᠤ᠋ᠳ ᠢ᠋ ᠬᠠᠮᠤᠷᠤᠨ ᠪᠢᠴᠢᠵᠡᠢ᠃ ᠡᠨᠡ ᠬᠦ᠌ ᠲᠣᠮᠣ ᠨᠣᠮ ᠢ᠋ ᠲᠤᠭᠤᠷᠪᠢᠬᠤ ᠶ᠋ᠢᠨ ᠲᠥᠯᠥᠭᠡ ᠪᠡᠭᠡᠵᠢᠩ ᠦ᠋ᠨ ᠬᠠᠭᠤᠴᠢᠨ ᠳᠠᠩᠰᠠ ᠡᠪᠬᠡᠮᠡᠯ ᠦ᠋ᠨ ᠭᠠᠵᠠᠷ ᠳᠠᠬᠢ ᠴᠢᠩ ᠤᠯᠤᠰ ᠤ᠋ᠨ ᠦᠶ᠎ᠡ ᠶ᠋ᠢᠨ ᠬᠣᠰᠢᠭᠤ ᠨᠤᠲᠤᠭ ᠤ᠋ᠨ ᠲᠤᠬᠠᠢ ᠲᠡᠮᠳᠡᠭᠯᠡᠯ᠂ ᠢᠯᠡᠳᠬᠡᠯ ᠱᠠᠰᠲᠢᠷ᠂ ᠨᠡᠭᠦᠳᠡᠯ ᠮᠠᠯᠵᠢᠯ ᠤ᠋ᠨ ᠲᠡᠮᠳᠡᠭᠯᠡᠯ ᠵᠡᠷᠭᠡ ᠲᠡᠦᠬᠡᠨ ᠨᠣᠮ ᠤ᠋ᠳ ᠢ᠋ ᠨᠤᠬᠤᠴᠠᠲᠠᠢ ᠤᠷᠪᠠᠭᠤᠯᠵᠤ᠂ ᠨᠤᠲᠤᠭ ᠤ᠋ᠨ ᠪᠤᠭᠤᠷᠤᠯᠴᠤᠳ ᠠ᠋ᠴᠠ ᠠᠰᠠᠭᠤᠨ ᠰᠤᠷᠪᠤᠯᠵᠢᠯᠠᠵᠤ ᠨᠥᠷᠢ ᠶᠡᠬᠡ ᠬᠥᠳᠡᠯᠮᠦᠷᠢ ᠵᠠᠷᠤᠴᠠᠭᠤᠯᠵᠠᠢ᠃ ᠣᠨᠴᠠ ᠵᠠᠷᠢᠮ ᠵᠦᠢᠯ ᠨᠢ ᠲᠣᠳᠣᠷᠬᠠᠢ ᠪᠢᠴᠢᠭ ᠲᠡᠮᠳᠡᠭᠯᠡᠯ ᠦᠭᠡᠢ ᠪᠤᠶᠤ ᠪᠠᠯᠠᠷᠬᠠᠢ ᠪᠣᠯᠬᠣᠷ ᠴᠥᠬᠥᠷᠡᠯ ᠦᠭᠡᠢ ᠠᠰᠠᠭᠤᠵᠤ ᠯᠠᠪᠯᠠᠵᠤ ᠶᠠᠪᠤᠭᠰᠠᠨ ᠠᠵᠢ᠃ ᠵᠢᠱ᠌ᠢᠶᠡᠯᠡᠪᠡᠯ ᠵᠡᠭᠦᠨ ᠦᠵᠦᠮᠦᠴᠢᠨ ᠬᠤᠰᠢᠭᠤᠨ ᠤ᠋ ᠱᠠᠩ ᠶᠠᠮᠤ ᠴᠢᠩ ᠤᠯᠤᠰ ᠤ᠋ᠨ ᠦᠶ᠎ᠡ ᠳ᠋ᠦ᠍ ᠬᠠᠮᠢᠭ᠎ᠠ ᠪᠠᠢᠯ᠎ᠠ ᠭᠡᠳᠡᠭ ᠨᠢ ᠲᠡᠦᠬᠡ ᠲᠡᠮᠳᠡᠭᠯᠡᠯ ᠳ᠋ᠦ᠍ ᠪᠠᠯᠠᠷᠬᠠᠢ᠂ ᠤᠤᠯ ᠨᠤᠲᠤᠭ ᠤ᠋ᠨ ᠬᠥᠮᠦᠰ ᠨᠢ ᠴᠦ᠍1945 ᠣᠨ ᠳ᠋ᠤ᠌ ᠮᠣᠩᠭᠣᠯ ᠤᠯᠤᠰ ᠲᠤ ᠨᠡᠭᠦᠭᠡᠳ ᠶᠠᠪᠤᠭᠰᠠᠨ ᠪᠣᠯᠬᠣᠷ ᠰᠤᠷᠠᠭ ᠪᠢᠲᠡᠭᠦᠦ ᠪᠠᠢᠯ᠎ᠠ᠃ ᠡᠢᠨ ᠬᠦ᠌ ᠣᠷᠣᠨ ᠨᠤᠲᠤᠭ ᠤ᠋ᠨ ᠲᠡᠦᠬᠡᠴᠢ ᠪᠠᠢᠭᠰᠠᠨ ᠲᠠᠷᠠᠬᠠ ᠠᠪᠤ ᠭᠡᠭᠴᠢ ᠬᠥᠮᠦᠨ ᠦ᠌ ᠪᠢᠴᠢᠵᠦ ᠦᠯᠡᠳᠡᠭᠡᠭᠰᠡᠨ ᠨᠣᠮ ᠢ᠋ ᠣᠯᠵᠤ ᠵᠠᠷᠢᠮ ᠵᠦᠢᠯ ᠢ᠋ ᠯᠠᠪᠯᠠᠵᠤ ᠠᠪᠤᠭᠰᠠᠨ ᠪᠠ ᠶᠠᠫᠣᠨ ᠲᠦᠷᠢᠮᠡᠬᠡᠢᠯᠡᠵᠦ ᠪᠠᠢᠭᠰᠠᠨ ᠦᠶ᠎ᠡ ᠳ᠋ᠦ᠍ ᠶᠠᠫᠣᠨ ᠤ᠋ ᠬᠠᠷᠠᠭᠤᠯ ᠤ᠋ᠨ ᠴᠡᠷᠢᠭ ᠪᠠᠢᠭᠰᠠᠨ ᠰᠠᠩᠵᠠᠶ᠋ᠢᠵᠠᠪ ᠭᠡᠭᠴᠢ ᠮᠠᠯᠴᠢᠨ ᠤ᠋ ᠲᠤᠬᠠᠢ ᠶ᠋ᠢᠨ ᠵᠢᠯ ᠲᠡᠮᠳᠡᠭᠯᠡᠭᠰᠡᠨ ᠭᠠᠵᠠᠷ ᠨᠤᠲᠤᠭ ᠤ᠋ᠨ ᠪᠠᠢᠷᠢᠰᠢᠯ ᠨᠡᠷ᠎ᠡ ᠶ᠋ᠢᠨ ᠲᠤᠬᠠᠢ ᠲᠡᠮᠳᠡᠭᠯᠡᠯ ᠢ᠋ ᠣᠯᠵᠤ ᠲᠡᠦᠬᠡ ᠲᠡᠮᠳᠡᠭᠯᠡᠯ ᠳ᠋ᠡᠬᠢ《ᠬᠦᠢᠰᠦ ᠲᠣᠯᠣᠭᠠᠢ》 ᠭᠡᠰᠡᠨ ᠭᠠᠵᠠᠷ ᠲᠠᠢ ᠬᠠᠷᠭᠤᠭᠤᠯᠵᠤ ᠬᠣᠯᠠ ᠣᠢᠷ᠎ᠠ ᠶ᠋ᠢᠨ ᠵᠠᠢ ᠶ᠋ᠢ ᠨᠢ ᠬᠡᠮᠵᠢᠵᠦ ᠪᠠᠢᠭᠠᠳ ᠲᠣᠳᠣᠯᠠᠭᠰᠠᠨ ᠪᠠᠢᠨ᠎ᠠ᠃《ᠳᠡᠭᠡᠳᠦ ᠦᠶ᠎ᠡ ᠶ᠋ᠢᠨ ᠲᠡᠦᠬᠡ ᠶ᠋ᠢ ᠬᠡᠦᠬᠡᠳ ᠳᠡᠭᠦᠦ ᠨᠠᠷ ᠲᠠᠭᠠᠨ ᠮᠡᠳᠡᠭᠦᠯᠬᠦ ᠬᠡᠷᠡᠭᠲᠡᠢ᠃ ᠡᠳᠦᠢ ᠨᠠᠰᠤ ᠶ᠋ᠢ ᠨᠠᠰᠤᠯᠠᠭᠰᠠᠨ ᠪᠣᠯᠬᠣᠷ ᠦᠵᠡᠭᠰᠡᠨ ᠪᠤᠶᠤ ᠰᠣᠨᠣᠰᠤᠭᠰᠠᠨ ᠵᠦᠢᠯ ᠢ᠋ᠶ᠋ᠡᠨ ᠡᠮᠬᠢᠯᠡᠵᠦ ᠦᠯᠡᠳᠡᠭᠡᠶ᠎ᠡ ᠭᠡᠰᠡᠨ ᠶᠦᠮ᠃ ᠬᠠᠷᠢᠨ ᠡᠭᠦᠨ ᠢ᠋ ᠵᠠᠯᠭᠠᠵᠤ ᠡᠮᠬᠢᠳᠬᠡᠬᠦ ᠠᠵᠢᠯ ᠮᠠᠰᠢ ᠣᠯᠠᠨ ᠪᠣᠢ᠃ ᠡᠨᠡ ᠨᠤᠲᠤᠭ ᠲᠤ ᠬᠡᠳᠦᠢ ᠲᠥᠷᠥᠯ ᠦ᠋ᠨ ᠠᠮᠢᠲᠠᠨ ᠤᠷᠭᠤᠮᠠᠯ ᠪᠠᠢᠭᠰᠠᠨ᠂ ᠶᠠᠮᠠᠷ ᠶᠠᠮᠠᠷ ᠬᠡᠷᠡᠭᠴᠡᠭᠡ ᠦᠢᠯᠡᠳᠦᠯ ᠲᠡᠢ᠂ ᠶᠠᠮᠠᠷ ᠠᠭᠤᠷᠬᠠᠢ ᠪᠤᠯᠠᠭᠳᠠᠴᠠ ᠭᠠᠷᠤᠯᠲᠠ ᠲᠠᠢ᠂ ᠠᠭᠤᠯᠠ ᠤᠰᠤᠨ ᠤ᠋ ᠨᠡᠷ᠎ᠡ ᠪᠠᠢᠷᠢᠰᠢᠯ ᠨᠢ ᠶᠠᠮᠠᠷ ᠭᠡᠬᠦᠴᠢᠯᠡᠨ ᠲᠡᠮᠳᠡᠭᠯᠡᠵᠦ ᠪᠢᠴᠢᠬᠦ ᠦᠭᠡᠢ ᠪᠣᠯ ᠡᠨᠡ ᠪᠦᠬᠦᠨ ᠮᠠᠷᠲᠠᠭᠳᠠᠬᠤ ᠳ᠋ᠤ᠌ ᠬᠦᠷᠦᠨ᠎ᠡ᠃ ᠭᠡᠬᠦ ᠳ᠋ᠡᠭᠡᠨ ᠲᠡᠦᠬᠡ ᠭᠡᠳᠡᠭ ᠥᠪᠡᠷ ᠦ᠋ᠨ ᠰᠠᠨᠠᠭ᠎ᠠ ᠪᠠᠷ ᠢ᠋ᠶ᠋ᠠᠨ ᠤᠷᠭᠤᠭᠤᠯᠤᠨ ᠪᠣᠳᠣᠵᠤ ᠪᠢᠴᠢᠴᠢᠬᠡᠵᠦ ᠪᠣᠯᠳᠠᠭ ᠦᠭᠡᠢ ᠶᠦᠮ》 ᠭᠡᠵᠦ ᠲᠦᠪᠳᠦᠨ ᠭᠤᠸᠠᠢ ᠰᠠᠨᠠᠭᠠᠰᠢᠷᠠᠨ ᠶᠠᠷᠢᠵᠤ ᠪᠠᠢᠯ᠎ᠠ᠃ ᠮᠣᠩᠭᠣᠯᠴᠤᠳ ᠥᠪᠡᠷ ᠦ᠋ᠨ ᠲᠡᠦᠬᠡ ᠤᠳᠤᠮ ᠢ᠋ᠶ᠋ᠠᠨ ᠦᠷ᠎ᠡ ᠬᠣᠢᠴᠢᠰ ᠲᠠᠭᠠᠨ ᠮᠡᠳᠡᠭᠦᠯᠦᠨ ᠤᠯᠠᠮᠵᠢᠯᠠᠳᠠᠭ ᠰᠠᠢᠬᠠᠨ ᠵᠠᠩᠰᠢᠯ ᠤ᠋ᠨ ᠦᠷᠭᠦᠯᠵᠢᠯᠡᠯ— ᠲᠠᠷᠠᠬᠠ ᠠᠪᠤ᠂ ᠰᠠᠩᠵᠠᠢᠵᠠᠪ ᠨᠠᠰᠤᠲᠠᠨ᠂ ᠲᠦᠪᠳᠦᠨ ᠭᠤᠸᠠᠢ ᠵᠡᠷᠭᠡ ᠪᠤᠭᠤᠷᠤᠯᠴᠤᠳ ᠤ᠋ᠨ ᠵᠢᠳᠬᠦᠯ ᠢ᠋ᠶ᠋ᠡᠷ ᠪᠢᠳᠡᠨ ᠲᠡᠢ ᠵᠣᠯᠭᠠᠵᠤ ᠪᠠᠢᠨ᠎ᠠ᠃ ᠡᠨᠡ ᠪᠦᠬᠦᠨ ᠢ᠋ ᠴᠠᠭᠠᠰᠢ ᠨᠢ ᠤᠯᠠᠮᠵᠢᠯᠠᠨ ᠬᠢᠬᠦ ᠬᠦᠨᠳᠦ ᠮᠥᠷᠲᠡᠭᠡᠨ ᠵᠠᠢᠯᠠᠭᠤᠯᠵᠤ ᠪᠣᠯᠣᠰᠢ ᠦᠭᠡᠢ ᠬᠠᠷᠢᠭᠤᠴᠠᠯᠭ᠎ᠠ ᠶ᠋ᠢ ᠪᠢᠳᠡ ᠮᠥᠷᠥᠯᠡᠳᠦᠨ ᠶᠠᠪᠤᠭ᠎ᠠ ᠪᠣᠯᠪᠠᠴᠤ ᠨᠢᠭᠡ ᠯᠡ ᠲᠡᠪᠴᠢᠶᠡᠷᠢ ᠲᠡᠢ᠂ ᠭᠠᠭᠴᠠ ᠦᠵᠦᠭᠦᠷᠲᠦ ᠰᠡᠳᠬᠢᠯ ᠢ᠋ᠶ᠋ᠡᠷ ᠰᠢᠮᠳᠠᠨ ᠬᠢᠬᠦ ᠮᠠᠨᠢ ᠬᠦᠷᠦᠯᠴᠡᠭᠡ ᠦᠭᠡᠢ ᠪᠠᠢᠭ᠎ᠠ ᠶᠤᠮ᠃ ᠨᠡᠭᠦᠳᠡᠯ ᠪᠣᠢ ᠪᠣᠯᠤᠭᠰᠠᠨ ᠠ᠋ᠴᠠ ᠠᠪᠤᠭᠠᠳ ᠮᠣᠩᠭᠣᠯᠴᠤᠳ ᠣᠯᠠᠨ ᠶᠠᠭᠤᠮ᠎ᠠ ᠪᠠᠨ ᠭᠡᠭᠡᠵᠦ ᠣᠷᠬᠢᠵᠤ᠂ ᠣᠯᠠᠨ ᠶᠠᠭᠤᠮ᠎ᠠ ᠶ᠋ᠢ ᠰᠠᠢᠨ ᠲᠠᠢ ᠰᠠᠭᠠᠷ ᠲᠠᠢ ᠨᠢ ᠰᠢᠩᠭᠡᠭᠡᠵᠦ ᠢᠷᠡᠬᠦ ᠳ᠋ᠦ᠍ ᠨᠡᠭᠦᠳᠡᠯ ᠦ᠋ᠨ ᠴᠥᠷᠬᠡᠯᠡᠭᠡ ᠰᠢᠭ ᠣᠨ ᠴᠠᠭ ᠤ᠋ᠨ ᠰᠢᠷᠦᠭᠦᠨ ᠤᠷᠤᠰᠬᠠᠯ ᠡᠨᠡ ᠪᠤᠭᠤᠷᠤᠯ ᠥᠨᠳᠥᠷᠯᠢᠭ ᠦ᠋ᠨ ᠬᠥᠮᠦᠨ ᠵᠤᠨ ᠢ᠋ ᠠᠮᠲᠠᠲᠠᠢ ᠭᠠᠰᠢᠭᠤᠨ ᠬᠣᠶᠠᠷ ᠢ᠋ᠶ᠋ᠠᠷ ᠡᠭᠡᠯᠵᠢᠯᠡᠨ ᠭᠡᠢᠭᠦᠯᠵᠦ ᠶᠠᠪᠤᠭᠰᠠᠨ ᠪᠥᠯᠥᠭᠡ᠃ ᠢᠩᠭᠢᠬᠦ ᠳ᠋ᠦ᠍ ᠲᠡᠦᠬᠡ ᠲᠠᠰᠤᠷᠠᠨ᠎ᠠ ᠭᠡᠳᠡᠭ ᠤᠭᠰᠠᠭ᠎ᠠ ᠪᠠᠯᠠᠷᠠᠨ᠎ᠠ ᠭᠡᠰᠡᠨ ᠦᠭᠡ᠂ ᠤᠭᠰᠠᠭ᠎ᠠ ᠪᠠᠯᠠᠷᠠᠬᠤ ᠶ᠋ᠢᠨ ᠰᠠᠴᠠᠭᠤ ᠶᠠᠭᠤ ᠪᠦᠬᠦᠨ ᠮᠠᠨᠢ ᠬᠠᠪᠤᠷ ᠤ᠋ᠨ ᠰᠠᠯᠬᠢ ᠮᠡᠲᠦ ᠠᠷᠢᠯᠤᠨ᠎ᠠ᠃ ᠥᠩᠭᠡᠷᠡᠭᠰᠡᠨ ᠲᠡᠦᠬᠡ ᠪᠡᠨ ᠮᠡᠳᠡᠬᠦ ᠳ᠋ᠦ᠍ ᠯᠡ ᠬᠥᠮᠦᠨ ᠡᠭᠦᠨ ᠢ᠋ ᠵᠠᠯᠭᠠᠵᠤ ᠶᠠᠭᠤ ᠬᠢᠬᠦ ᠪᠣᠢ ᠭᠡᠳᠡᠭ ᠰᠡᠭᠡᠭᠡ ᠣᠷᠣᠨ᠎ᠠ᠃ ᠡᠨᠡ ᠰᠡᠭᠡᠭᠡ ᠶ᠋ᠢ ᠪᠠᠯᠠᠯᠤᠶᠠ᠂ ᠡᠨᠡ ᠰᠡᠭᠡᠭᠡ ᠬᠡᠷᠡᠭ ᠦᠭᠡᠢ ᠭᠡᠵᠦ ᠰᠠᠨᠠᠪᠠᠯ ᠲᠡᠦᠬᠡ ᠶ᠋ᠢ ᠨᠢ ᠮᠠᠷᠲᠠᠭᠤᠯᠬᠤ ᠡᠰᠡᠬᠦᠯ᠎ᠡ ᠲᠡᠦᠬᠡ ᠪᠡᠨ ᠮᠠᠷᠲᠠᠬᠤ ᠤᠴᠢᠷ ᠶᠤᠮ᠃
ᠬᠥᠮᠦᠨ ᠥᠪᠡᠷ ᠦ᠋ᠨ ᠥᠮᠴᠢᠨ ᠦ᠌ ᠶᠠᠭᠤᠮ᠎ᠠ ᠳ᠋ᠠᠭᠠᠨ ᠳᠡᠩᠳᠡᠭᠦᠦ ᠬᠠᠷᠠᠮᠴᠢ ᠮᠥᠷᠲᠡᠭᠡᠨ ᠬᠣᠪᠳᠣᠭ ᠠᠪᠯᠢᠭᠠᠴᠢ ᠪᠠᠢᠳᠠᠭ ᠪᠣᠯ ᠪᠠᠢᠭᠠᠯᠢ ᠡᠵᠢ ᠮᠢᠨᠢ ᠥᠨᠥᠳᠥᠷ ᠥᠪᠡᠷ ᠦ᠋ᠨ ᠥᠮᠴᠢᠨ ᠶᠠᠭᠤᠮ᠎ᠠ ᠪᠠᠨ ᠨᠡᠬᠡᠨ ᠳᠣᠭᠰᠢᠷᠠᠵᠤ ᠪᠠᠢᠨ᠎ᠠ᠃ ᠬᠠᠢᠷ᠎ᠠ ᠭᠠᠮ ᠦᠭᠡᠢ ᠪᠣᠯ ᠥᠴᠥᠭᠡᠳᠦᠷ ᠦ᠋ᠨ ᠰᠠᠢᠬᠠᠨ ᠪᠦᠬᠦᠨ ᠥᠨᠥᠳᠥᠷ ᠬᠠᠷ᠎ᠠ ᠳᠠᠷᠤᠭᠰᠠᠨ ᠵᠡᠭᠦᠳᠦ ᠪᠣᠯᠳᠠᠭ ᠠᠵᠢ ᠪᠦᠬᠡᠵᠠᠶᠠᠭᠠ ᠭᠤᠸᠠᠢ᠄《ᠵᠡᠭᠦᠨ ᠦᠵᠦᠮᠦᠴᠢᠨ ᠬᠣᠰᠢᠭᠤ ᠪᠠᠢᠭᠤᠯᠤᠭᠳᠠᠬᠤ ᠦᠶ᠎ᠡ ᠳ᠋ᠦ᠍ 80 ᠬᠡᠳᠦᠨ ᠲᠦᠮᠡᠨ ᠮᠠᠯ ᠲᠠᠢ ᠪᠠᠢᠭᠰᠠᠨ ᠪᠣᠯ 1966 ᠣᠨ ᠳ᠋ᠤ᠌ 178 ᠲᠦᠮᠡᠨ ᠮᠠᠯ ᠲᠠᠢ ᠪᠣᠯᠤᠭᠰᠠᠨ ᠃ ᠲᠡᠷᠡ ᠦᠶ᠎ᠡ ᠳ᠋ᠦ᠍ ᠲᠠᠯ᠎ᠠ ᠶ᠋ᠢᠨ ᠪᠡᠯᠴᠢᠭᠡᠷ ᠳᠥᠷᠥᠭᠡ ᠰᠢᠭᠦᠷᠡᠵᠦ᠂᠂ ᠪᠤᠭᠤ ᠭᠥᠷᠥᠭᠡᠰᠦ ᠬᠤᠰᠢᠭᠤᠨ ᠤ᠋ ᠳᠡᠷᠭᠡᠳᠡᠭᠦᠷ ᠴᠦ᠍ ᠪᠡᠯᠴᠢᠭᠡᠷᠯᠡᠨ ᠢᠷᠡᠳᠡᠭ᠃ ᠵᠤᠳ ᠪᠣᠯᠪᠠᠯ ᠰᠢᠯᠢᠩᠬᠣᠲᠠ ᠲᠠᠢᠰᠢ ᠪᠠᠨ ᠣᠲᠣᠷᠯᠠᠳᠠᠭ ᠪᠥᠭᠡᠳ ᠨᠡᠭᠦᠳᠡᠯ ᠦ᠋ᠨ ᠪᠡᠯᠴᠢᠭᠡᠷ ᠴᠦ᠍ ᠶᠡᠬᠡ ᠠᠭᠤᠳᠠᠮ ᠪᠠᠢᠭᠰᠠᠨ᠃ ᠰᠡᠭᠦᠯ ᠳ᠋ᠦ᠍ᠨᠢ ᠰᠠᠭᠤᠷᠢᠰᠢᠯ ᠪᠣᠯᠤᠯ᠎ᠠ᠃ ᠡᠢᠨ ᠬᠦ᠌ ᠬᠤᠰᠢᠭᠤᠨ ᠤ᠋ ᠪᠠᠨ ᠬᠡᠪᠴᠢᠶᠡᠨ ᠳ᠋ᠦ᠍ ᠣᠲᠣᠷᠯᠠᠳᠠᠭ ᠪᠣᠯᠵᠤ᠂ ᠳᠠᠷᠠᠭ᠎ᠠ ᠨᠢ ᠰᠤᠮᠤᠨ ᠳ᠋ᠠᠭᠠᠨ ᠣᠲᠣᠷᠯᠠᠵᠤ᠂ ᠪᠦᠷ ᠰᠡᠭᠦᠯ ᠳ᠋ᠦ᠍ᠨᠢ ᠪᠠᠭ ᠳᠣᠲᠣᠷ᠎ᠠ ᠪᠠᠨ ᠣᠲᠣᠷᠯᠠᠳᠠᠭ ᠪᠣᠯᠵᠤ᠂ ᠨᠠᠮᠠᠶ᠋ᠢ ᠠᠵᠢᠯ ᠠ᠋ᠴᠠ ᠪᠠᠨ ᠠᠮᠠᠷᠠᠬᠤ ᠦᠶ᠎ᠡ ᠳ᠋ᠦ᠍ ᠳᠤᠭᠤᠢᠯᠠᠩ ᠤ᠋ᠨ ᠬᠡᠪᠴᠢᠶᠡᠨ ᠳ᠋ᠡᠭᠡᠨ ᠯᠡ ᠣᠲᠣᠷᠯᠠᠳᠠᠭ ᠪᠣᠯᠤᠭᠰᠠᠨ ᠳᠠ᠃ ᠢᠩᠭᠢᠭᠡᠳ ᠬᠥᠮᠦᠨ ᠠᠮᠠ ᠠᠷᠪᠢᠳᠴᠤ᠂ ᠵᠣᠬᠢᠰᠲᠠᠢ ᠠᠰᠢᠭᠯᠠᠬᠤ ᠨᠢ ᠠᠨᠠᠢ ᠪᠣᠯᠵᠤ ᠪᠡᠯᠴᠢᠭᠡᠷ ᠮᠠᠭᠤᠳᠴᠤ ᠡᠬᠢᠯᠡᠯ᠎ᠡ᠃ ᠡᠨᠡ ᠪᠦᠬᠦᠨ ᠮᠠᠯ ᠤ᠋ᠨ ᠪᠤᠷᠤᠭᠤ ᠪᠢᠰᠢ᠂ ᠬᠠᠷᠢᠨ ᠶᠠᠭᠠᠬᠢᠵᠤ ᠡᠪ ᠳᠦᠢᠲᠡᠢ ᠠᠰᠢᠭᠯᠠᠬᠤ ᠪᠣᠢ ᠭᠡᠳᠡᠭ ᠬᠥᠮᠦᠨ ᠦ᠌ ᠤᠬᠠᠭᠠᠨ ᠠ᠋ᠴᠠ ᠯᠠ ᠰᠢᠯᠲᠠᠭᠠᠯᠠᠨ᠎ᠠ》 ᠭᠡᠮᠡᠨ ᠳᠤᠷᠠᠰᠴᠤ ᠰᠠᠨ᠃ ᠥᠨᠥ ᠶ᠋ᠢᠨ ᠬᠠᠮᠤᠭ ᠤ᠋ᠨ ᠰᠦᠷᠡᠬᠡᠢ ᠮᠠᠭᠤᠳᠠᠭᠰᠠᠨ ᠨᠤᠲᠤᠭ ᠪᠡᠯᠴᠢᠭᠡᠷ ᠨᠢ ᠥᠩᠭᠡᠷᠡᠭᠰᠡᠨ ᠳ᠋ᠦ᠍ ᠬᠠᠮᠤᠭ ᠤ᠋ᠨ ᠰᠠᠢᠨ ᠪᠠᠢᠭᠰᠠᠨ ᠨᠤᠲᠤᠭ ᠪᠡᠯᠴᠢᠭᠡᠷ ᠪᠣᠯᠤᠨ᠎ᠠ᠃ ᠡᠢᠮᠦᠷᠬᠦᠦ ᠪᠠᠢᠳᠠᠯ ᠨᠢ ᠪᠡᠯᠴᠢᠭᠡᠷ ᠦ᠋ᠨ ᠮᠠᠯ ᠠᠵᠤ ᠠᠬᠤᠢ ᠶ᠋ᠢ ᠬᠠᠮᠤᠭ ᠤ᠋ᠨ ᠪᠦᠷᠢᠨ ᠪᠦᠲᠦᠨ ᠬᠠᠳᠠᠭᠠᠯᠠᠵᠤ ᠪᠠᠢᠭ᠎ᠠ ᠰᠢᠯᠢ ᠶ᠋ᠢᠨ ᠭᠣᠣᠯ ᠠᠢᠮᠠᠭ ᠲᠤ᠌ ᠨᠡᠩ ᠳᠣᠪᠣᠢᠮ᠎ᠠ ᠪᠠᠢᠨ᠎ᠠ᠃ ᠰᠢᠯᠢ ᠶ᠋ᠢᠨ ᠭᠣᠣᠯ ᠠᠢᠮᠠᠭ ᠤ᠋ᠨ2.8 ᠳ᠋ᠦᠩᠰᠢᠭᠤᠷ ᠮᠦ᠍ ᠨᠤᠲᠤᠭ ᠪᠡᠯᠴᠢᠭᠡᠷ ᠡᠴᠡ2.6 ᠳ᠋ᠦᠩᠰᠢᠭᠤᠷ ᠮᠦ᠍ ᠶ᠋ᠢ ᠨᠢ ᠠᠰᠢᠭᠯᠠᠵᠤ ᠪᠣᠯᠤᠨ᠎ᠠ ᠭᠡᠳᠡᠭ ᠴᠤ1984 ᠣᠨ ᠤ᠋ ᠨᠤᠲᠤᠭ ᠪᠡᠯᠴᠢᠭᠡᠷ ᠦ᠋ᠨ ᠨᠡᠢᠳᠡᠮ ᠪᠠᠢᠴᠠᠭᠠᠯᠲᠠ ᠳ᠋ᠤ᠌ ᠮᠠᠭᠤᠵᠢᠷᠠᠭᠰᠠᠨ ᠲᠠᠯᠠᠪᠠᠢ ᠨᠢᠭᠡᠨᠲᠡ48% ᠳ᠋ᠤ᠌ ᠬᠦᠷᠦᠭᠡᠳ ᠪᠠᠢᠭᠰᠠᠨ᠂ ᠣᠳᠣ ᠬᠠᠷᠢᠨ60% ᠳ᠋ᠤ᠌ ᠬᠦᠷᠦᠭᠰᠡᠨ ᠪᠠᠢᠨ᠎ᠠ᠃ ᠢᠯᠠᠩᠭᠤᠶ᠎ᠠ ᠡᠮᠦᠨ᠎ᠡ ᠬᠡᠰᠡᠭ ᠦ᠋ᠨ ᠬᠤᠰᠢᠭᠤᠳ ᠤ᠋ᠨ ᠪᠡᠯᠴᠢᠭᠡᠷ70—80% ᠪᠠᠷ ᠮᠠᠭᠤᠳᠠᠵᠠᠢ᠃
ᠨᠡᠭᠦᠳᠡᠯ ᠮᠠᠯᠵᠢᠯ ᠤ᠋ᠨ ᠠᠮᠢᠳᠤᠷᠠᠯ ᠪᠢᠳᠡᠨ ᠡᠴᠡ ᠠᠶᠠᠷᠯᠠᠨ᠂ ᠲᠠᠪᠤᠨ ᠬᠣᠰᠢᠭᠤ ᠮᠠᠯ ᠤ᠋ᠨ ᠪᠦᠲᠦᠴᠡ ᠡᠪᠳᠡᠭᠳᠡᠵᠦ ᠬᠥᠮᠦᠨ ᠬᠠᠷ᠎ᠠ ᠠᠷᠪᠢᠳᠤᠨ ᠵᠣᠬᠢᠰ ᠦᠭᠡᠢ ᠨᠡᠭᠡᠭᠡᠨ ᠠᠰᠢᠭᠯᠠᠵᠤ ᠪᠦᠲᠦᠭᠡᠨ ᠪᠠᠢᠭᠤᠯᠤᠭᠰᠠᠨ ᠤ᠋ ᠮᠠᠭᠤ ᠦᠷ᠎ᠡ ᠪᠡᠷ ᠪᠠᠢᠭᠠᠯᠢ ᠣᠷᠴᠢᠨ᠂ ᠠᠭᠤᠷ ᠠᠮᠢᠰᠬᠤᠯ᠂ ᠮᠠᠯ ᠰᠦᠷᠦᠭ ᠦ᠋ᠨ ᠲᠣᠭᠲᠠᠯᠴᠠᠭ᠎ᠠ ᠠ᠋ᠴᠠ ᠡᠭᠦᠰᠦᠭᠰᠡᠨ ᠬᠡᠴᠢᠨᠡᠨ ᠮᠢᠩᠭᠠᠨ ᠵᠢᠯ ᠦ᠋ᠨ ᠮᠠᠯᠵᠢᠯ ᠤ᠋ᠨ ᠭᠠᠢᠬᠠᠮᠰᠢᠭᠲᠤ ᠰᠣᠶᠣᠯ ᠮᠠᠷᠲᠠᠭᠳᠠᠨ ᠭᠡᠭᠡᠭᠳᠡᠵᠦ᠂ ᠮᠠᠷᠲᠠᠭᠳᠠᠨ ᠭᠡᠭᠡᠭᠳᠡᠭᠰᠡᠭᠡᠷ ᠪᠠᠢᠨ᠎ᠠ᠃ ᠡᠭᠦᠨ ᠦ᠌ ᠳᠠᠭᠠᠤ ᠳ᠋ᠤ᠌ ᠪᠠᠢᠭᠠᠯᠢ ᠣᠷᠴᠢᠨ ᠮᠠᠨᠢ ᠴᠤ ᠮᠠᠭᠤᠳᠠᠵᠤ ᠡᠬᠢᠯᠡᠵᠡᠢ᠃《ᠡᠪᠡᠰᠦᠨ ᠦ᠌ ᠤᠷᠭᠤᠴᠠ ᠪᠣᠭᠣᠨᠢᠰᠤᠭᠰᠠᠨ ᠪᠣᠯᠬᠣᠷ ᠱᠠᠭ᠎ᠠ ᠴᠢᠨᠡᠭᠡ ᠴᠠᠰᠤ ᠣᠷᠣᠬᠤ ᠳ᠋ᠤ᠌ ᠯᠠ ᠵᠤᠳ ᠪᠣᠯᠴᠢᠬᠠᠨ᠎ᠠ᠃ ᠡᠪᠦᠯ ᠦ᠋ᠨ ᠵᠤᠳ ᠢ᠋ᠶ᠋ᠠᠷ ᠬᠦᠷᠢᠶᠡᠨ ᠳ᠋ᠦ᠍ ᠮᠢᠨᠢ ᠪᠠᠢᠭᠰᠠᠨ ᠳᠥᠴᠢᠭᠡᠳ ᠵᠡᠭᠡᠷ᠎ᠡ ᠴᠦ᠍ ᠬᠥᠯᠳᠡᠭᠡᠳ ᠦᠬᠦᠴᠢᠬᠡᠯ᠎ᠡ᠂ ᠬᠥᠭᠡᠷᠦᠬᠦᠢ᠃ ᠬᠣᠪᠢᠨ ᠤ᠋ ᠮᠠᠯ ᠴᠤ ᠶᠠᠭᠠᠬᠢᠬᠤ ᠪᠣᠢ᠂ ᠭᠠᠳᠠᠨ᠎ᠠ ᠠ᠋ᠴᠠ ᠡᠪᠡᠰᠦ ᠪᠣᠷᠳᠣᠭ᠎ᠠ ᠣᠷᠣᠭᠤᠯᠤᠭᠰᠠᠨ ᠲᠠᠢ᠂ ᠰᠢᠨ᠎ᠡ ᠬᠠᠭᠤᠴᠢᠨ ᠡᠪᠡᠰᠦ ᠡᠯᠪᠡᠭ ᠪᠠᠢᠭᠰᠠᠨ ᠲᠠᠢ᠂ ᠨᠠᠮᠤᠷ ᠠᠷᠪᠢᠨ ᠮᠠᠯ ᠬᠤᠳᠠᠯᠳᠤᠭᠰᠠᠨ ᠲᠠᠢ᠂ ᠪᠠᠰᠠ ᠭᠠᠢᠭᠤᠢ》 ᠭᠡᠵᠦ ᠬᠥᠳᠡᠯᠮᠦᠷᠢ ᠶ᠋ᠢᠨ ᠵᠢᠱ᠌ᠢᠶᠡᠴᠢ ᠪᠠᠭ᠎ᠠ ᠢᠳᠠᠮ ᠶᠠᠷᠢᠯ᠎ᠠ᠃《ᠮᠠᠨ ᠤ᠋ ᠬᠢᠨ ᠦ᠌ ᠮᠠᠯᠴᠢᠳ ᠪᠦᠷ ᠯᠡ ᠦᠵᠦᠮᠦᠴᠢᠨ ᠬᠣᠨᠢ᠂ ᠬᠢᠩᠭ᠎ᠠ ᠶ᠋ᠢᠨ ᠢᠮᠠᠭ᠎ᠠ ᠪᠠᠨ ᠮᠠᠯᠵᠢᠳᠠᠭ᠃ ᠰᠠᠢᠨ ᠡᠭᠦᠯᠳᠡᠷ ᠦ᠋ᠨ ᠢᠮᠠᠭ᠎ᠠ ᠭᠡᠵᠦ ᠬᠡᠳᠦ ᠠᠪᠴᠢᠷᠠᠭᠰᠠᠨ ᠨᠢ ᠬᠦᠢᠲᠡᠨ ᠦ᠌ ᠭᠣᠣᠯ ᠢ᠋ᠶ᠋ᠠᠷ ᠬᠡᠳᠦᠬᠡᠨ ᠮᠠᠢᠯᠠᠭᠠᠳ ᠯᠠ ᠴᠠᠭᠠᠰᠢ ᠪᠠᠨ ᠬᠠᠨᠳᠤᠴᠢᠬᠠᠨᠠ᠃ ᠡᠭᠦᠯᠳᠡᠷ ᠰᠠᠢᠵᠢᠷᠠᠭᠤᠯᠬᠤ ᠳ᠋ᠤ᠌ ᠬᠠᠰᠢ ᠯᠠ ᠣᠷᠣᠨ ᠨᠤᠲᠤᠭ ᠤ᠋ᠨ ᠨᠥᠬᠥᠴᠡᠯ ᠳ᠋ᠦ᠍ ᠲᠣᠬᠢᠷᠠᠬᠤ ᠡᠰᠡᠬᠦ ᠶ᠋ᠢ ᠠᠩᠬᠠᠷᠬᠤ ᠬᠡᠷᠡᠭᠲᠡᠢ ᠶᠦᠮ ᠠ᠋》᠂《ᠨᠢᠳᠤᠨᠤᠨ ᠤ᠋ ᠭᠠᠩ᠂ ᠡᠪᠦᠯ ᠦ᠋ᠨ ᠵᠤᠳ᠂ ᠬᠠᠪᠤᠷ ᠤ᠋ᠨ ᠭᠠᠴᠢᠭ ᠲᠤ᠌ ᠶᠠᠳᠠᠷᠠᠭᠰᠠᠨ ᠮᠠᠯ ᠲᠠᠷᠭᠤ ᠠᠪᠬᠤ ᠳ᠋ᠤ᠌ ᠬᠦᠴᠢᠷ᠃ ᠡᠪᠡᠰᠦ ᠪᠣᠷᠳᠣᠭᠤᠷ ᠤ᠋ᠨ ᠬᠢᠨᠢ ᠦᠨ᠎ᠡ ᠳ᠋ᠦ᠍ ᠣᠷᠣᠭᠰᠠᠨ ᠨᠢ ᠴᠦ᠍ ᠰᠦᠷ᠃ ᠣᠯᠤᠭᠰᠠᠨ ᠬᠡᠳᠦᠨ ᠣᠷᠣᠯᠭ᠎ᠠ ᠪᠠᠨ ᠮᠠᠯ ᠳ᠋ᠠᠭᠠᠨ ᠯᠠ ᠴᠢᠳᠬᠤᠭᠠᠳ ᠳᠠᠭᠤᠰᠴᠤ ᠪᠠᠢᠨ᠎ᠠ》᠂《ᠮᠠᠯᠴᠢᠳ ᠪᠦᠲᠦᠭᠡᠨ ᠪᠠᠢᠭᠤᠯᠤᠯᠲᠠ ᠬᠢᠬᠦ ᠳᠤᠷ᠎ᠠ ᠦᠭᠡᠢ ᠴᠦ᠍ ᠪᠢᠰᠢ᠂ ᠪᠡᠯᠡ ᠮᠥᠩᠭᠥ ᠭᠠᠴᠢᠭᠳᠠᠵᠤ ᠪᠠᠢᠨ᠎ᠠ》᠂《ᠤᠯᠠᠷᠢᠯ ᠢ᠋ᠶ᠋ᠠᠷ ᠰᠡᠯᠭᠦᠬᠦ ᠨᠤᠲᠤᠭ ᠦᠭᠡᠢ ᠪᠣᠯᠤᠭᠰᠠᠨ ᠳᠡᠭᠡᠷ᠎ᠡ ᠲᠣᠣᠷ ᠬᠦᠷᠢᠶ᠎ᠡ ᠲᠠᠲᠠᠭᠠᠳ ᠠᠢᠯ ᠰᠠᠭᠠᠬᠠᠯᠲᠠ ᠪᠠᠷ ᠢ᠋ᠶ᠋ᠠᠨ ᠡᠳᠦᠷᠵᠢᠨ ᠬᠡᠯᠡ ᠠᠮᠠ》᠂《ᠬᠥᠳᠡᠭᠡ ᠮᠠᠯ ᠤ᠋ᠨ ᠡᠮᠴᠢ ᠳᠤᠲᠠᠭᠳᠠᠵᠤ ᠪᠠᠢᠨ᠎ᠠ᠃ ᠮᠠᠯ ᠠᠵᠤ ᠠᠬᠤᠢ ᠶ᠋ᠢᠨ ᠮᠡᠷᠭᠡᠵᠢᠯ ᠰᠤᠷᠤᠭᠰᠠᠨ ᠵᠠᠯᠠᠭᠤᠴᠤᠳ ᠠᠵᠢᠯ ᠤ᠋ᠨ ᠪᠠᠢᠷᠢ ᠣᠯᠬᠤ ᠦᠭᠡᠢ᠂ ᠬᠢᠳᠡᠯ ᠦᠭᠡᠢ ᠰᠠᠭᠤᠬᠤ ᠨᠢ ᠪᠠᠢᠬᠤ ᠯᠠ》 ᠭᠡᠵᠦ ᠰᠤᠷᠪᠤᠯᠵᠢᠯᠠᠭ᠎ᠠ ᠬᠦᠯᠢᠶᠡᠭᠰᠡᠨ ᠳᠡᠮᠪᠡᠷᠢᠯ᠂ ᠵᠢᠷᠭᠠᠯ᠂ ᠠ· ᠵᠢᠷᠭᠠᠯ ᠵᠡᠷᠭᠡ ᠮᠠᠯᠴᠢᠳ᠂ ᠬᠣᠰᠢᠭᠤ ᠮᠠᠯ ᠠᠵᠤ ᠠᠬᠤᠢ ᠶ᠋ᠢᠨ ᠲᠣᠪᠴᠢᠶᠠᠨ ᠤ᠋ ᠳᠠᠷᠤᠭ᠎ᠠ ᠰᠢᠷᠠᠪ ᠨᠠᠷ ᠰᠠᠨᠠᠭᠠᠰᠢᠷᠠᠨ ᠶᠠᠷᠢᠵᠤ ᠪᠠᠢᠯ᠎ᠠ᠃ ᠪᠠᠢᠭᠠᠯᠢ ᠶ᠋ᠢᠨ ᠡᠪᠳᠡᠭᠳᠡᠯ ᠡᠴᠡ ᠡᠭᠦᠳᠦᠭᠳᠡᠭᠰᠡᠨ ᠡᠳᠡᠭᠡᠷ ᠠᠰᠠᠭᠤᠳᠠᠯ ᠨᠢ ᠮᠠᠯᠵᠢᠬᠤ ᠰᠣᠶᠣᠯ ᠤ᠋ᠨ ᠬᠤᠪᠢ ᠳ᠋ᠤ᠌ ᠠᠴᠠ ᠰᠣᠩᠭᠣᠯᠲᠠ ᠶ᠋ᠢ ᠲᠤᠯᠭᠠᠷᠠᠭᠤᠯᠵᠤ᠂ ᠮᠠᠯ ᠠᠵᠤ ᠠᠬᠤᠢ ᠶ᠋ᠢᠨ ᠬᠥᠭᠵᠢᠯᠲᠡ ᠳ᠋ᠦ᠍ ᠶᠡᠬᠡᠬᠡᠨ ᠲᠡᠭᠡᠭᠡᠷ᠎ᠡ ᠠᠪᠴᠢᠷᠠᠭᠰᠠᠨ ᠠᠵᠢ᠃《ᠪᠢᠳᠡᠨ ᠢ᠋ ᠪᠠᠭ᠎ᠠ ᠪᠠᠢᠬᠤ ᠳ᠋ᠤ᠌ ᠠᠬᠠᠮᠠᠳ ᠤ᠋ᠳ ᠮᠢᠨᠢ ᠪᠡᠯᠴᠢᠭᠡᠷ ᠦ᠋ᠨ ᠡᠪᠡᠰᠦ ᠶ᠋ᠢ ᠵᠠᠵᠢᠯᠵᠤ ᠦᠵᠡᠭᠡᠳ ᠮᠠᠯ ᠢ᠋ᠶ᠋ᠠᠨ ᠬᠠᠮᠢᠭᠠᠰᠢ ᠪᠡᠯᠴᠢᠭᠡᠪᠡᠯ ᠡᠪᠡᠰᠦ ᠰᠢᠮ᠎ᠡ᠂ ᠲᠠᠷᠭᠤ ᠠᠪᠬᠤ ᠨᠢ ᠰᠠᠢᠨ ᠭᠡᠵᠦ ᠵᠢᠭᠠᠵᠤ ᠥᠭᠳᠡᠭ ᠪᠠᠢᠭᠰᠠᠨ᠃ ᠣᠳᠣ ᠲᠡᠢᠮᠦ ᠪᠢᠰᠢ ᠪᠣᠯᠵᠠᠢ᠃ ᠠᠷᠭ᠎ᠠ ᠦᠭᠡᠢ ᠴᠤ ᠶᠤᠮ ᠤᠤ? ᠬᠣᠨᠢ ᠠᠬᠤᠷᠯᠠᠬᠤ ᠪᠠᠨ ᠴᠤ ᠪᠠᠢᠭᠰᠠᠨ ᠭᠠᠵᠠᠷ ᠳᠠ᠃ ᠠᠬᠤᠷᠯᠠᠭᠰᠠᠨ ᠬᠣᠨᠢᠨ ᠤ᠋ ᠠᠷᠠᠰᠤ ᠨᠢ ᠵᠤᠵᠠᠭᠠᠷᠠᠵᠤ᠂ ᠮᠢᠬ᠎ᠠ ᠨᠢ ᠴᠢᠩᠭᠠᠷᠠᠨ ᠥᠯᠴᠢᠷ ᠳᠠᠭᠠᠭᠠᠮᠠᠭᠠᠢ ᠪᠣᠯᠳᠠᠭ ᠢ᠋ ᠵᠠᠯᠠᠭᠤᠴᠤᠳ ᠮᠡᠳᠡᠬᠦ ᠪᠡᠨ ᠪᠠᠢᠭᠰᠠᠨ ᠤ᠋ ᠬᠢ ᠤᠤ? ᠵᠠᠯᠬᠠᠭᠤ ᠶ᠋ᠢᠨ ᠬᠢ ᠤᠤ?》 ᠭᠡᠵᠦ ᠨᠦᠨᠡᠢ ᠭᠤᠸᠠᠢ ᠶᠠᠷᠢᠨ᠎ᠠ᠃ ᠥᠪ ᠰᠣᠶᠣᠯ ᠤ᠋ᠨ ᠢ᠋ᠶ᠋ᠠᠨ ᠮᠠᠷᠲᠠᠭᠳᠠᠯ ᠳ᠋ᠤ᠌ ᠰᠠᠨᠠᠭ᠎ᠠ ᠠᠯᠭᠠᠰᠠᠵᠤ ᠪᠠᠢᠭ᠎ᠠ ᠨᠤᠲᠤᠭ ᠤ᠋ᠨ ᠣᠯᠠᠨ ᠤ᠋ ᠪᠣᠳᠣᠯ ᠤ᠋ᠨ ᠦᠭᠡ ᠡᠨᠡ ᠶᠤᠮ᠃
ᠨᠢᠭᠡᠨᠲᠡ ᠲᠣᠭᠲᠠᠯᠴᠠᠭ᠎ᠠ ᠪᠠᠨ ᠠᠯᠳᠠᠭᠰᠠᠨ ᠪᠠᠢᠭᠠᠯᠢ ᠶ᠋ᠢ ᠡᠨᠳᠡ ᠨᠢ ᠨᠥᠬᠥᠲᠡᠯᠡ ᠲᠡᠨᠳᠡ ᠨᠢ ᠴᠤᠭᠤᠷᠠᠳᠠᠭ ᠤ᠋ᠨ ᠶᠣᠰᠣ ᠶ᠋ᠢ ᠥᠨᠥᠳᠥᠷ ᠦ᠋ᠨ ᠦᠵᠦᠮᠦᠴᠢᠨ ᠦᠵᠡᠭᠦᠯᠵᠦ ᠪᠠᠢᠨ᠎ᠠ᠃ ᠨᠢᠳᠤᠨᠤᠨ ᠬᠠᠪᠤᠷ ᠤ᠋ᠨ ᠡᠨᠡ ᠦᠶ᠎ᠡ ᠪᠡᠷ ᠪᠢ ᠶᠡᠬᠡ ᠵᠣᠣ ᠠᠢᠮᠠᠭ ᠤ᠋ᠨ ᠣᠲᠣᠭ ᠬᠣᠰᠢᠭᠤ ᠪᠠᠷ ᠶᠠᠪᠤᠬᠤ ᠳ᠋ᠠᠭᠠᠨ ᠮᠥᠨ ᠡᠯᠡᠰᠦᠨ ᠰᠢᠭᠤᠷᠭ᠎ᠠ ᠶ᠋ᠢ ᠬᠠᠷᠠᠭᠰᠠᠨ᠃ ᠭᠡᠪᠡᠴᠦ ᠣᠷᠳᠣᠰ ᠨᠤᠲᠤᠭ ᠡᠯᠡᠰᠦ ᠲᠡᠢ᠂ ᠪᠠᠯᠠᠷ ᠲᠠᠢ᠂ ᠭᠠᠩᠳᠠᠭᠤ ᠭᠡᠳᠡᠭ ᠢ᠋ ᠡᠷᠲᠡ ᠡᠴᠡ ᠰᠣᠨᠣᠰᠴᠤ ᠪᠠᠢᠭᠰᠠᠨ ᠪᠣᠯᠬᠣᠷ ᠲᠡᠳᠦᠢ ᠯᠡ ᠤᠪᠠᠢᠨ ᠳ᠋ᠠᠭᠠᠨ ᠠᠪᠤᠭ᠎ᠠ ᠦᠭᠡᠢ ᠶᠠᠪᠤᠵᠠᠢ᠃ ᠬᠠᠷᠢᠨ ᠥᠨᠥᠳᠥᠷ ᠦ᠋ᠨ ᠦᠵᠦᠮᠦᠴᠢᠨ ᠥᠴᠥᠭᠡᠳᠦᠷ ᠦ᠋ᠨ ᠣᠷᠳᠣᠰ ᠤ᠋ᠨ ᠮᠥᠷ ᠢ᠋ᠶ᠋ᠡᠷ ᠶᠠᠪᠤᠵᠤ ᠪᠣᠢ ᠭᠡᠭᠴᠢ ᠶ᠋ᠢ ᠡᠨᠳᠡ ᠢᠷᠡᠭᠡᠳ ᠡᠷᠬᠡ ᠦᠭᠡᠢ ᠮᠡᠳᠡᠷᠡᠯ᠎ᠡ᠃20 ᠵᠢᠯ ᠦ᠋ᠨ ᠣᠬᠣᠷᠬᠠᠨ ᠬᠤᠭᠤᠴᠠᠭᠠᠨ ᠳ᠋ᠤ᠌ ᠥᠪᠥᠷ ᠮᠣᠩᠭᠣᠯ ᠤ᠋ᠨ ᠠᠯᠳᠠᠷᠲᠠᠢ ᠲᠠᠪᠤᠨ ᠶᠡᠬᠡ ᠲᠠᠯ᠎ᠠ ᠨᠤᠲᠤᠭ ᠤ᠋ᠨ ᠭᠤᠷᠪᠠ ᠨᠢ ᠨᠢᠭᠡᠨᠲᠡ ᠣᠷᠣ ᠲᠠᠰᠤ ᠪᠣᠯᠵᠤ᠂ ᠰᠢᠯᠢ ᠶ᠋ᠢᠨ ᠭᠣᠣᠯ᠂ ᠬᠥᠯᠥᠨ ᠪᠤᠢᠷ ᠯᠠ ᠠᠮᠢ ᠲᠠᠢ ᠯᠤᠭᠰᠢᠨ ᠦᠯᠡᠳᠡᠭᠰᠡᠨ ᠵᠢᠷᠦᠬᠡ ᠪᠣᠯᠤᠨ ᠬᠣᠴᠣᠷᠴᠠᠢ᠃ ᠪᠠᠢᠴᠠᠭᠠᠯᠲᠠ ᠶ᠋ᠢ ᠦᠨᠳᠦᠰᠦᠯᠡᠪᠡᠯ᠂ ᠨᠢᠭᠡ ᠾᠧᠺᠲ᠋ᠠᠷ ᠡᠪᠡᠰᠦ ᠪᠡᠯᠴᠢᠭᠡᠷ ᠡᠪᠳᠡᠭᠳᠡᠪᠡᠯ ᠣᠢᠷ᠎ᠠ ᠬᠠᠪᠢ ᠶ᠋ᠢᠨ ᠬᠢᠨᠢ ᠭᠤᠷᠪᠠᠨ ᠾᠧᠺᠲ᠋ᠠᠷ ᠡᠪᠡᠰᠦ ᠪᠡᠯᠴᠢᠭᠡᠷ
ᠡᠯᠡᠰᠦᠷᠬᠡᠭᠵᠢᠨᠡ᠃ ᠦᠶᠡᠲᠦ ᠡᠪᠡᠰᠦ ᠰᠠᠬᠤᠯᠢᠭ ᠤᠷᠭᠤᠭᠰᠠᠨ ᠪᠡᠯᠴᠢᠭᠡᠷ ᠬᠡᠷᠪᠡ
ᠬᠠᠭᠠᠯᠪᠤᠷᠢᠯᠠᠭᠳᠠᠭᠰᠠᠨ ᠤ᠋ ᠳᠠᠷᠠᠭ᠎ᠠ ᠠᠲᠠᠷᠰᠢᠪᠠᠯ15—20 ᠵᠢᠯ ᠦ᠋ᠨ ᠬᠤᠭᠤᠴᠠᠭᠠᠨ ᠳ᠋ᠤ᠌ ᠰᠠᠶᠢ ᠤᠤᠯ ᠤ᠋ᠨ ᠪᠠᠢᠳᠠᠯ ᠢ᠋ᠶ᠋ᠠᠨ ᠰᠡᠷᠭᠦᠭᠡᠵᠦ ᠴᠢᠳᠠᠳᠠᠭ᠃ ᠡᠢᠮᠦ ᠪᠠᠢᠬᠤ ᠳ᠋ᠤ᠌᠂ ᠵᠢᠷᠠᠭᠠᠳ ᠣᠨ ᠠ᠋ᠴᠠ ᠳᠠᠯᠠᠭᠠᠳ ᠣᠨ ᠤ᠋ ᠳᠤᠮᠳᠠᠴᠢ ᠪᠣᠯᠲᠠᠯ᠎ᠠ ᠥᠪᠥᠷ ᠮᠣᠩᠭᠣᠯ ᠳ᠋ᠤ᠌ 97᠂6 ᠲᠦᠮᠡᠨ ᠾᠧᠺᠲ᠋ᠠᠷ ᠪᠠᠢᠭᠠᠯᠢ ᠶ᠋ᠢᠨ ᠪᠡᠯᠴᠢᠭᠡᠷ ᠢ᠋ ᠬᠠᠭᠠᠯᠪᠤᠷᠢᠯᠠᠵᠤ ᠰᠦᠢᠳᠬᠡᠭᠰᠡᠨ ᠲᠡᠦᠬᠡ ᠲᠡᠢ᠃ ᠡᠨᠡ ᠴᠢᠨᠢ ᠭᠤᠷᠪᠠᠨ ᠵᠠᠭᠤᠭᠠᠳ ᠲᠦᠮᠡᠨ ᠾᠧᠺᠲ᠋ᠠᠷ ᠨᠤᠲᠤᠭ ᠪᠡᠯᠴᠢᠭᠡᠷ ᠡᠯᠡᠰᠦᠷᠬᠡᠭᠵᠢᠯ ᠲᠡᠴᠢᠷᠳᠡᠯ ᠦ᠋ᠨ ᠠᠶᠤᠯ ᠳ᠋ᠤ᠌ ᠥᠷᠲᠥᠯᠡ ᠭᠡᠰᠡᠨ ᠦᠭᠡ᠃ ᠡᠭᠦᠨ ᠯᠤᠭ᠎ᠠ ᠬᠣᠯᠪᠣᠭᠳᠠᠭᠤᠯᠤᠨ ᠰᠠᠨᠠᠬᠤᠶ᠎ᠠ ᠤᠯᠢᠶᠠᠰᠤᠲᠠᠢ ᠠᠭᠤᠯᠠᠨ ᠤ᠋ ᠲᠣᠭᠣᠭ᠎ᠠ ᠴᠢᠨᠡᠭᠡ ᠤᠰᠤ ᠡᠵᠢ ᠨᠠᠭᠤᠷ ᠲᠠᠢ ᠰᠤᠳᠠᠰᠤ ᠮᠡᠲᠦ ᠨᠡᠪᠲᠡᠷᠡᠳᠡᠭ ᠬᠡᠮᠡᠬᠦ ᠬᠠᠭᠤᠴᠢ ᠦᠨᠡᠨ ᠳ᠋ᠡᠭᠡᠨ ᠪᠠᠢᠭᠠᠯᠢ ᠣᠷᠴᠢᠨ ᠭᠡᠳᠡᠭ ᠮᠠᠨᠢ ᠬᠦᠢ ᠶ᠋ᠢᠨ ᠠᠯᠲᠠᠨ ᠬᠣᠯᠪᠣᠭ᠎ᠠ ᠲᠠᠢ ᠭᠡᠭᠴᠢ ᠶ᠋ᠢ ᠵᠠᠬᠢᠭᠰᠠᠨ ᠰᠤᠷᠭᠠᠯ ᠪᠠᠢᠵᠠᠢ᠃ ᠣᠢ ᠮᠣᠳᠣ ᠡᠯᠪᠡᠭ ᠠᠭᠤᠯᠠ ᠬᠠᠢᠷᠬᠠᠨ᠂ ᠤᠷᠤᠰᠬᠠᠯ ᠰᠠᠢᠲᠠᠢ ᠭᠣᠣᠯ ᠭᠣᠷᠣᠬ᠎ᠠ ᠶ᠋ᠢ ᠮᠣᠩᠭᠣᠯᠴᠤᠳ ᠳᠠᠷᠬᠠᠯᠠᠨ ᠬᠠᠮᠠᠭᠠᠯᠠᠵᠤ ᠳᠠᠬᠢᠵᠤ ᠰᠢᠲᠦᠳᠡᠭ ᠦ᠋ᠨ ᠴᠠᠭᠠᠳᠤ ᠤᠴᠢᠷ ᠢ᠋ ᠮᠤᠩᠬᠠᠭ ᠣᠶᠤᠨ ᠳ᠋ᠠᠭᠠᠨ ᠲᠤᠩᠭᠠᠬᠤ ᠳ᠋ᠤ᠌ ᠨᠢᠭᠡ ᠨᠤᠲᠤᠭ ᠤ᠋ᠨ ᠴᠢᠭᠢᠭ ᠬᠤᠷ᠎ᠠ᠂ ᠳᠤᠯᠠᠭᠠᠨ ᠬᠦᠢᠲᠡᠨ᠂ ᠰᠢᠮ᠎ᠡ ᠬᠦᠴᠦ ᠵᠡᠷᠭᠡ ᠨᠢ ᠡᠢᠮᠦᠷᠬᠦᠦ ᠠᠭᠤᠯᠠ ᠬᠠᠢᠷᠬᠠᠨ ᠭᠣᠣᠯ ᠭᠣᠷᠣᠬ᠎ᠠ ᠠ᠋ᠴᠠ ᠰᠠᠯᠵᠤ ᠪᠣᠯᠣᠰᠢ ᠦᠭᠡᠢ ᠬᠣᠯᠪᠣᠭ᠎ᠠ ᠲᠠᠢ ᠪᠠᠢᠳᠠᠭ ᠢ᠋ᠶ᠋ᠠᠷ ᠬᠡᠷᠪᠡ ᠡᠨᠡ ᠪᠦᠬᠦᠨ ᠡᠪᠳᠡᠭᠳᠡᠬᠦ ᠳ᠋ᠦ᠍ ᠬᠦᠷᠪᠡᠯ ᠪᠦᠬᠦ ᠵᠦᠢᠯ ᠱᠠᠯ ᠣᠨᠳᠣᠣ ᠲᠠᠢᠰᠢ ᠪᠠᠨ ᠬᠥᠭᠵᠢᠬᠦ ᠳ᠋ᠦ᠍ ᠬᠦᠷᠳᠡᠭ ᠪᠠᠢᠨ᠎ᠠ᠃ ᠢᠩᠭᠢᠬᠦ ᠳ᠋ᠦ᠍ ᠬᠥᠯᠥᠨ ᠪᠤᠢᠷ ᠤ᠋ᠨ ᠲᠠᠯ᠎ᠠ ᠨᠤᠲᠤᠭ ᠢ᠋ ᠬᠠᠮᠠᠭᠠᠯᠠᠵᠤ ᠬᠢᠮᠠᠭᠠᠳᠠᠵᠤ ᠴᠢᠳᠠᠬᠤ ᠦᠭᠡᠢ ᠳ᠋ᠦ᠍ ᠬᠦᠷᠪᠡᠯ᠂ ᠥᠪᠥᠷ ᠮᠣᠩᠭᠣᠯ ᠤ᠋ᠨ ᠡᠯᠡᠰᠦᠷᠬᠡᠭᠵᠢᠯ ᠳᠡᠴᠢᠷᠳᠠᠯ ᠢ᠋ ᠵᠠᠰᠠᠬᠤ ᠡᠷᠡᠮᠡᠯᠵᠡᠯ ᠲᠠᠰᠤᠷᠠᠬᠤ ᠪᠣᠯᠤᠨ᠎ᠠ ᠭᠡᠰᠡᠨ ᠲᠤᠰᠬᠠᠢ ᠮᠡᠷᠭᠡᠵᠢᠯᠲᠡᠨ ᠦ᠌ ᠦᠭᠡ ᠬᠣᠭᠣᠰᠣᠨ ᠴᠤᠤᠳᠠᠮᠨᠠᠯ ᠪᠢᠰᠢ᠃
ᠨᠤᠲᠤᠭ ᠪᠡᠯᠴᠢᠭᠡᠷ ᠳᠡᠴᠢᠷᠰᠢᠨ ᠠᠮᠢ ᠠᠬᠤᠢ ᠲᠡᠩᠴᠡᠭᠦᠷᠢᠰᠢᠯ ᠡᠪᠳᠡᠭᠳᠡᠭᠰᠡᠨ ᠡᠴᠡ ᠪᠣᠯᠵᠤ ᠭᠠᠩ ᠬᠠᠭᠰᠠᠷᠠᠭᠠᠨ ᠡᠭᠦᠰᠬᠦ ᠨᠣᠷᠮ᠎ᠠ ᠶᠡᠬᠡᠰᠴᠦ᠂ ᠦᠷᠭᠦᠯᠵᠢᠯᠡᠬᠦ ᠬᠤᠭᠤᠴᠠᠭ᠎ᠠ ᠨᠢ ᠤᠷᠲᠤ ᠪᠣᠯᠳᠠᠭ ᠵᠢᠮ᠎ᠡ ᠲᠡᠢ᠃ ᠥᠪᠥᠷ ᠮᠣᠩᠭᠣᠯ ᠤ᠋ᠨ ᠣᠢᠷ᠎ᠠ ᠶ᠋ᠢᠨ ᠭᠤᠴᠢᠨ ᠵᠢᠯ ᠦ᠋ᠨ ᠴᠠᠭ ᠠᠭᠤᠷ ᠤ᠋ᠨ ᠮᠠᠲ᠋ᠧᠷᠢᠶᠠᠯ ᠢ᠋ ᠦᠨᠳᠦᠰᠦᠯᠡᠪᠡᠯ ᠬᠤᠷ᠎ᠠ ᠲᠤᠨᠤᠳᠠᠰᠤ ᠶ᠋ᠢᠨ ᠬᠡᠮᠵᠢᠶ᠎ᠡ ᠵᠢᠯ ᠳᠠᠷᠠᠭᠠᠯᠠᠨ ᠪᠠᠭᠤᠷᠠᠵᠤ᠂60. 70. ᠨᠠᠶᠠᠭᠠᠳ ᠣᠨ ᠳ᠋ᠤ᠌ ᠲᠣᠰᠪᠣᠷᠢ309 ᠮᠢᠯᠢᠮᠧᠲ᠋ᠷ᠂307.1 ᠮᠢᠯᠢᠮᠧᠲ᠋ᠷ᠂289.4 ᠮᠢᠯᠢᠮᠧᠲ᠋ᠷ ᠪᠠᠢᠪᠠ᠃ ᠡᠭᠦᠨ ᠦ᠌ ᠬᠠᠮᠲᠤ ᠭᠠᠩ ᠬᠠᠭᠰᠠᠷᠠᠭᠠᠨ ᠤ᠋ ᠦᠶᠡᠯᠡᠬᠦ ᠬᠤᠭᠤᠴᠠᠭ᠎ᠠ ᠪᠣᠭᠣᠨᠢᠰᠴᠠᠢ᠃1937.1947.1957 ᠣᠨ ᠨᠤᠭᠤᠳ ᠴᠤ ᠶᠡᠬᠡ ᠭᠠᠩᠳᠠᠵᠤ᠂ ᠦᠶᠡᠯᠡᠬᠦ ᠬᠤᠭᠤᠴᠠᠭ᠎ᠠ ᠨᠢ ᠠᠷᠪᠠᠨ ᠵᠢᠯ ᠪᠠᠢᠪᠠ᠃1957 ᠣᠨ ᠪᠠ1965 ᠣᠨ ᠳ᠋ᠤ᠌ ᠶᠡᠬᠡ ᠭᠠᠩᠳᠠᠵᠤ ᠦᠶᠡᠯᠡᠬᠦ ᠬᠤᠭᠤᠴᠠᠭ᠎ᠠ ᠨᠢ ᠨᠠᠢ᠍ᠮᠠᠨ ᠵᠢᠯ ᠪᠣᠯᠵᠤ᠂1966 ᠣᠨ ᠪᠠ1970 ᠣᠨ ᠳ᠋ᠤ᠌ ᠶᠡᠬᠡ ᠭᠠᠩᠳᠠᠵᠤ᠂ ᠦᠶᠡᠯᠡᠬᠦ ᠬᠤᠭᠤᠴᠠᠭ᠎ᠠ ᠨᠢ ᠲᠦᠷᠪᠢᠨ ᠵᠢᠯ ᠪᠣᠯᠪᠠ᠃
1971—1982 ᠣᠨ ᠳ᠋ᠤ᠌ 4 ᠤᠳᠠᠭ᠎ᠠ ᠶᠡᠬᠡ ᠭᠠᠩᠳᠠᠵᠤ᠂ ᠦᠶᠡᠯᠡᠬᠦ ᠬᠤᠭᠤᠴᠠᠭ᠎ᠠ ᠨᠢ ᠭᠤᠷᠪᠠᠨ ᠵᠢᠯ ᠪᠣᠯᠪᠠ᠃ ᠨᠤᠲᠤᠭ ᠪᠡᠯᠴᠢᠭᠡᠷ ᠭᠠᠩᠳᠠᠬᠤ ᠶ᠋ᠢ ᠳᠠᠭᠠᠯᠳᠤᠨ ᠰᠠᠯᠬᠢ ᠤᠰᠤᠨ ᠢᠳᠡᠭᠳᠡᠭᠦᠯᠦᠯ ᠬᠦᠨᠳᠦᠷᠡᠵᠦ᠂ ᠡᠯᠡᠰᠦᠷᠬᠡᠭᠵᠢᠬᠦ᠂ ᠬᠠᠢᠷᠰᠢᠬᠤ᠂ ᠬᠤᠵᠢᠷᠰᠢᠬᠤ ᠵᠢᠴᠢ ᠬᠤᠯᠤᠭᠠᠨ᠎ᠠ ᠪᠠ ᠬᠣᠷᠣᠬᠠᠢ ᠶ᠋ᠢᠨ ᠬᠥᠨᠥᠭᠡᠯ ᠴᠦ᠍ ᠣᠯᠠᠨᠲᠠ ᠡᠭᠦᠰᠬᠦ ᠪᠣᠯᠵᠠᠢ᠃ ᠡᠢᠨ ᠬᠦ᠌ ᠣᠷᠴᠢᠨ ᠠᠬᠤᠢ ᠶᠢᠨ ᠮᠠᠭᠤᠳᠠᠯ ᠨᠢ ᠮᠠᠯ ᠠᠵᠤ ᠠᠬᠤᠢ ᠶ᠋ᠢᠨ ᠡᠷᠡᠭᠦᠯ ᠬᠥᠭᠵᠢᠯᠲᠡ ᠶ᠋ᠢ ᠬᠠᠷᠰᠢᠯᠠᠵᠤ ᠲᠠᠪᠤᠨ ᠬᠣᠰᠢᠭᠤ ᠮᠠᠯ ᠤ᠋ᠨ ᠪᠦᠲᠦᠴᠡ ᠶ᠋ᠢᠨ ᠡᠪᠳᠡᠭᠳᠡᠯ ᠨᠢ ᠰᠣᠶᠣᠯ ᠤ᠋ᠨ ᠬᠢᠮᠤᠷᠠᠯ ᠢ᠋ ᠪᠣᠢ ᠪᠣᠯᠭᠠᠭᠰᠠᠨ ᠪᠢᠯᠡ᠃ ᠤᠳᠠᠭᠠᠨ ᠣᠨ ᠤ᠋ ᠲᠤᠷᠰᠢᠳᠠ ᠥᠭᠰᠥᠯ ᠤᠷᠤᠭᠤᠳᠠᠯ ᠣᠯᠠᠨ ᠢ᠋ ᠦᠵᠡᠭᠰᠡᠨ ᠪᠤᠭᠤᠷᠤᠯ ᠦᠨᠳᠦᠰᠦᠲᠡᠨ ᠦ᠌ ᠥᠥᠬᠡ ᠲᠡᠦᠬᠡ ᠡᠳᠦᠭᠡ ᠶ᠋ᠢᠨ ᠪᠢᠳᠡᠨ ᠦ᠌ ᠪᠠᠬᠠᠷᠬᠠᠵᠤ ᠣᠮᠣᠭᠰᠢᠵᠤ᠂ ᠤᠩᠰᠢᠵᠤ ᠯᠠ ᠰᠠᠭᠤᠳᠠᠭ ᠥᠪ ᠪᠣᠯᠤᠨ ᠳᠣᠮᠣᠭᠰᠢᠬᠰᠠᠨ ᠪᠠᠢᠨ᠎ᠠ᠃ ᠭᠡᠲᠡᠯ᠎ᠡ ᠡᠨᠡ ᠪᠦᠬᠦ ᠭᠠᠢᠬᠠᠮᠰᠢᠭᠲᠤ ᠵᠦᠢᠯ ᠢ᠋ ᠲᠥᠯᠵᠢᠭᠦᠯᠵᠦ ᠤᠷᠭᠤᠭᠤᠯᠤᠭᠴᠢ ᠤᠮᠠᠷᠠᠲᠤ ᠶ᠋ᠢᠨ ᠥᠨᠳᠥᠷᠯᠢᠭ ᠦ᠋ᠨ ᠴᠡᠩᠬᠡᠷ ᠲᠩᠷᠢ ᠮᠠᠷᠭᠠᠰᠢ ᠳᠠᠭᠤᠤ ᠯᠠ ᠪᠣᠯᠤᠨ ᠨᠢᠯᠪᠤᠰᠤᠷᠠᠬᠤ ᠭᠡᠵᠦ ᠤᠤ? ᠪᠦᠷᠢᠳᠬᠡᠯ ᠢ᠋ ᠦᠨᠳᠦᠰᠦᠯᠡᠪᠡᠯ᠂ ᠪᠠᠷᠠᠭᠤᠨ ᠦᠵᠦᠮᠦᠴᠢᠨ ᠬᠤᠰᠢᠭᠤᠨ ᠤ᠋ 20979 ᠲᠡᠭᠰᠢ ᠳᠥᠷᠪᠡᠯᠵᠢᠨ ᠺᠢᠯᠣᠮᠧᠲ᠋ᠷ ᠠᠰᠢᠭᠯᠠᠵᠤ ᠪᠣᠯᠬᠤᠢᠴᠠ ᠪᠡᠯᠴᠢᠭᠡᠷ ᠦ᠋ᠨ 4725 ᠲᠡᠭᠰᠢ ᠳᠥᠷᠪᠡᠯᠵᠢᠨ ᠺᠢᠯᠣᠮᠧᠲ᠋ᠷ ᠨᠢ ᠨᠢᠭᠡᠨᠲᠡ ᠡᠯᠡᠰᠦᠷᠬᠡᠭᠵᠢᠵᠦ 24% ᠳ᠋ᠦ᠍ ᠬᠦᠷᠪᠡ᠃ ᠨᠠᠶᠠᠭᠠᠳ ᠣᠨ ᠳ᠋ᠤ᠌8 ᠮᠦ᠍ ᠪᠡᠯᠴᠢᠭᠡᠷ ᠲᠦ᠍ ᠨᠢᠭᠡ ᠪᠤᠭ ᠮᠠᠯ ᠮᠠᠯᠵᠢᠵᠤ ᠪᠣᠯᠳᠠᠭ ᠪᠠᠢᠭᠰᠠᠨ ᠪᠣᠯ ᠣᠳᠣ17 ᠮᠦ᠍ ᠳ᠋ᠦ᠍ ᠨᠢᠭᠡ ᠪᠤᠭ ᠮᠠᠯ ᠯᠠ ᠮᠠᠯᠵᠢᠬᠤ ᠲᠡᠳᠦᠢ ᠪᠣᠯᠪᠠ᠃ ᠪᠠᠷᠠᠭᠤᠨ ᠦᠵᠦᠮᠦᠴᠢᠨ ᠬᠤᠰᠢᠭᠤᠨ ᠤ᠋ ᠲᠡᠦᠬᠡᠨ ᠳ᠋ᠦ᠍ ᠭᠠᠳᠠᠨ᠎ᠠ ᠠ᠋ᠴᠠ ᠡᠪᠡᠰᠦ ᠣᠷᠣᠭᠤᠯᠵᠤ ᠪᠠᠢᠭᠰᠠᠨ ᠲᠡᠮᠳᠡᠭᠯᠡᠯ ᠶᠡᠷᠦ ᠦᠭᠡᠢ᠃ ᠭᠡᠲᠡᠯ᠎ᠡ1999 ᠣᠨ ᠠ᠋ᠴᠠ ᠡᠬᠢᠯᠡᠨ ᠵᠡᠭᠦᠨ ᠬᠣᠢᠲᠤ ᠣᠷᠣᠨ ᠠ᠋ᠴᠠ ᠡᠪᠡᠰᠦ ᠣᠷᠣᠭᠤᠯᠵᠤ ᠡᠬᠢᠯᠡᠵᠡᠢ᠃ ᠵᠥᠪᠬᠡᠨ ᠥᠩᠭᠡᠷᠡᠭᠴᠢ ᠡᠪᠦᠯ 4800 ᠲᠦᠮᠡᠨ ᠺᠢᠯᠣᠭ᠌ᠷᠠᠮ ᠡᠪᠡᠰᠦ ᠪᠣᠷᠳᠣᠭ᠎ᠠ ᠣᠷᠣᠭᠤᠯᠤᠭᠰᠠᠨ ᠪᠥᠭᠡᠳ ᠵᠡᠭᠦᠨ ᠦᠵᠦᠮᠦᠴᠢᠨ ᠬᠣᠰᠢᠭᠤ ᠴᠤ ᠡᠭᠦᠨ ᠡᠴᠡ ᠥᠩᠭᠡᠷᠡᠦ ᠳᠡᠭᠡᠷᠡᠳᠦᠭᠡ ᠦᠭᠡᠢ ᠪᠢᠯᠡ᠃ 1920 ᠣᠨ ᠤ᠋ 160 ᠬᠣᠨᠣᠭ ᠤ᠋ᠨ ᠣᠨᠴᠠ ᠶᠡᠬᠡ ᠴᠠᠰᠤ ᠵᠤᠳ ᠲᠤ ᠵᠡᠭᠦᠨ ᠦᠵᠦᠮᠦᠴᠢᠨ ᠦ᠌ ᠬᠣᠨᠢ ᠦᠬᠡᠷ ᠬᠠᠭᠠᠰ ᠨᠢ ᠬᠣᠬᠢᠷᠠᠪᠠ᠃1940 ᠣᠨ ᠤ᠋ ᠵᠤᠳ ᠲᠤ ᠮᠠᠯ ᠰᠦᠷᠦᠭ ᠶᠡᠬᠡ ᠪᠡᠷ ᠬᠣᠬᠢᠷᠠᠨ ᠬᠠᠪᠤᠷ ᠨᠢ ᠪᠠᠷᠤᠭ ᠲᠥᠯ ᠲᠤᠰᠤᠭᠰᠠᠨ ᠦᠭᠡᠢ᠃1977 ᠣᠨ ᠤ᠋ ᠵᠤᠳ ᠲᠤ ᠵᠡᠭᠦᠨ ᠦᠵᠦᠮᠦᠴᠢᠨ ᠦ᠌ 160 ᠲᠦᠮᠡᠨ ᠮᠠᠯ ᠠ᠋ᠴᠠ 80 ᠲᠦᠮᠡ ᠨᠢ ᠬᠣᠬᠢᠷᠠᠪᠠ᠃ ᠥᠩᠭᠡᠷᠡᠬᠦ ᠡᠪᠦᠯ ᠭᠠᠳᠠᠨ᠎ᠠ ᠠ᠋ᠴᠠ2500 ᠲᠦᠮᠡᠨ ᠺᠢᠯᠣᠭ᠌ᠷᠠᠮ ᠡᠪᠡᠰᠦ᠂ 800 ᠲᠦᠮᠡᠨ ᠺᠢᠯᠣᠭ᠌ᠷᠠᠮ ᠪᠣᠷᠳᠣᠭ᠎ᠠ ᠬᠤᠳᠠᠯᠳᠤᠨ ᠣᠷᠣᠭᠤᠯᠤᠭᠰᠠᠨ ᠪᠣᠯᠪᠠᠴᠤ 25 ᠲᠦᠮᠡᠨ ᠮᠠᠯ ᠬᠣᠬᠢᠷᠠᠵᠤ᠂140 ᠲᠦᠮᠡᠨ ᠡᠬᠡ ᠮᠠᠯ ᠠ᠋ᠴᠠ ᠲᠥᠩᠬᠢᠵᠦ 70 ᠲᠦᠮᠡᠨ ᠲᠥᠯ ᠲᠤᠰᠤᠭᠰᠠᠨ ᠪᠢᠯᠡ᠃ ᠬᠠᠪᠤᠷ ᠤ᠋ᠨ ᠠᠭᠤᠷ ᠣᠷᠣᠭᠰᠠᠨ ᠠ᠋ᠴᠠ ᠬᠣᠢᠰᠢ᠂ ᠪᠦᠬᠦ ᠰᠢᠯᠢ ᠶ᠋ᠢᠨ ᠭᠣᠣᠯ ᠠᠢᠮᠠᠭ ᠲᠤ ᠭᠠᠩ ᠬᠠᠭᠰᠠᠷᠠᠭᠠᠨ᠂ ᠥᠨᠳᠥᠷ ᠬᠠᠯᠠᠭᠤᠨ᠂ ᠡᠯᠡᠰᠦᠨ ᠰᠢᠭᠤᠷᠭ᠎ᠠ᠂ ᠴᠠᠷᠴᠠᠬᠠᠢ ᠤ᠋ ᠭᠠᠮᠰᠢᠭ ᠬᠡᠴᠡᠭᠦᠳᠴᠦ᠂ ᠵᠤᠳ ᠤ᠋ᠨ ᠵᠤᠲᠠᠷᠠᠯ ᠢ᠋ ᠬᠦᠨᠳᠦᠷᠡᠭᠦᠯᠵᠡᠢ᠃ 6 ᠳ᠋ᠤᠭᠠᠷ ᠰᠠᠷ᠎ᠠ ᠶ᠋ᠢᠨ ᠰᠡᠭᠦᠯᠴᠢ ᠪᠣᠯᠲᠠᠯ᠎ᠠ ᠲᠣᠨᠤᠳᠠᠰᠤᠨ ᠤ᠋ ᠬᠡᠮᠵᠢᠶ᠎ᠡ10mm ᠬᠦᠷᠬᠦ ᠦᠭᠡᠢ ᠪᠠᠢᠵᠤ᠂ ᠤᠷᠢᠳ ᠬᠣᠵᠢᠳ25 ᠤᠳᠠᠭᠠᠨ ᠤ᠋ ᠡᠯᠡᠰᠦᠨ ᠰᠢᠭᠤᠷᠭᠠᠨᠲᠤ ᠠᠭᠤᠷ ᠠᠮᠢᠰᠬᠤᠯ ᠢᠯᠡᠷᠡᠵᠦ᠂ ᠮᠠᠯᠵᠢᠬᠤ ᠣᠷᠣᠨ ᠳ᠋ᠤ᠌ ᠰᠠᠯᠬᠢ ᠦᠭᠡᠢ᠂ ᠲᠣᠭᠣᠰᠣ ᠦᠭᠡᠢ ᠡᠳᠦᠷ ᠬᠣᠪᠣᠷ ᠪᠣᠯᠤᠭᠰᠠᠨ ᠪᠢᠯᠡ᠃ ᠪᠦᠬᠦ ᠠᠢᠮᠠᠭ ᠤ᠋ᠨ59% ᠦ᠌ ᠪᠡᠯᠴᠢᠭᠡᠷ ᠬᠥᠬᠡᠷᠡᠭᠡ ᠦᠭᠡᠢ ᠪᠠᠢᠵᠤ᠂ ᠮᠠᠯ ᠤᠨᠤᠭ᠎ᠠ ᠨᠣᠭᠣᠭᠠᠨ ᠳ᠋ᠤ᠌ ᠴᠠᠳᠤᠭ᠎ᠠ ᠦᠭᠡᠢ ᠪᠣᠯᠬᠣᠷ ᠪᠣᠷᠳᠣᠬᠤ ᠳ᠋ᠤ᠌ ᠲᠦᠰᠢᠭᠯᠡᠨ ᠠᠷᠭᠠᠴᠠᠭᠠᠵᠤ ᠪᠠᠢᠪᠠ᠃ ᠡᠷᠦᠬᠡ ᠳᠣᠳᠣᠮ ᠳ᠋ᠤ᠌ ᠲᠡᠭᠰᠢᠳᠬᠡᠭᠰᠡᠨ ᠲᠦᠮᠡᠨ ᠲᠥᠭᠥᠷᠢᠭ ᠪᠠᠢᠵᠤ᠂ ᠨᠣᠣᠰᠣ ᠨᠣᠯᠤᠤᠷ ᠤ᠋ᠨ ᠬᠠᠩᠰᠢ ᠪᠠᠭᠤᠷᠠᠵᠤ ᠳᠡᠭᠡᠳᠦ ᠬᠠᠭᠠᠰ ᠵᠢᠯ ᠳ᠋ᠡᠬᠢ ᠮᠠᠯᠴᠢᠳ ᠤ᠋ᠨ ᠣᠷᠣᠯᠭ᠎ᠠ ᠨᠢᠳᠤᠨᠤᠨ ᠤ᠋ ᠠᠳᠠᠯᠢ ᠬᠤᠭᠤᠴᠠᠭᠠᠨ ᠤ᠋ ᠠ᠋ᠴᠠ1900 ᠲᠥᠭᠥᠷᠢᠭ ᠪᠠᠭᠤᠷᠠᠪᠠ᠃7 ᠳ᠋ᠤᠭᠠᠷ ᠰᠠᠷ᠎ᠠ ᠶ᠋ᠢᠨ ᠳᠤᠮᠳᠠᠴᠢ ᠪᠣᠯᠲᠠᠯ᠎ᠠ ᠬᠥᠪᠡᠭᠡᠲᠦ ᠰᠢᠷ᠎ᠠ ᠬᠣᠰᠢᠭᠤ ᠮᠡᠲᠦ ᠶ᠋ᠢᠨ ᠵᠠᠷᠢᠮ ᠭᠠᠵᠠᠷ ᠮᠥᠨ ᠯᠡ ᠤᠯᠠᠭᠠᠨ ᠨᠢᠴᠦᠭᠦᠨ ᠪᠠᠢᠵᠤ᠂ ᠣᠲᠣᠷ ᠬᠠᠢᠳᠠᠭ ᠶᠠᠪᠤᠵᠠᠭᠠᠵᠤ᠂ ᠤᠰᠤᠨ ᠤ᠋ ᠰᠤᠷᠪᠤᠯᠵᠢ ᠬᠣᠪᠣᠷᠳᠠᠨ᠂ ᠮᠠᠯᠴᠢᠳ ᠤ᠋ᠨ ᠠᠵᠤ ᠠᠮᠢᠳᠤᠷᠠᠯ ᠲᠤᠢᠯ ᠤ᠋ᠨ ᠶᠡᠬᠡ ᠬᠦᠴᠢᠷᠳᠡᠯ ᠳ᠋ᠦ᠍ ᠤᠴᠠᠷᠠᠪᠠ᠃ ᠤᠰᠤ ᠲᠡᠭᠡᠭᠡᠵᠦ ᠤᠰᠤᠯᠠᠵᠤ ᠪᠠᠢᠬᠤ᠂ ᠡᠪᠡᠰᠦ ᠪᠣᠷᠳᠣᠭ᠎ᠠ ᠣᠷᠣᠭᠤᠯᠵᠤ ᠪᠠᠢᠬᠤ᠂ ᠦᠬᠡᠷ ᠮᠠᠯ ᠦᠬᠦᠵᠦ ᠪᠠᠢᠬᠤ᠂ ᠨᠣᠣᠰᠣ ᠨᠣᠯᠤᠤᠷ ᠪᠣᠷᠣᠯᠠᠭᠤᠯᠭ᠎ᠠ ᠮᠠᠭᠤᠲᠠᠢ ᠪᠠᠢᠬᠤ ᠭᠡᠬᠦᠴᠢᠯᠡᠨ ᠵᠢᠷᠦᠬᠡ ᠳᠡᠯᠡᠰᠦᠭᠰᠡᠨ ᠴᠢᠮᠡᠭᠡ ᠦᠷᠭᠦᠯᠵᠢᠯᠡᠨ ᠲᠤᠭᠤᠯᠳᠠᠭᠰᠠᠭᠠᠷ ᠪᠠᠢᠪᠠ᠃ ᠬᠤᠯᠤᠭᠠᠨ᠎ᠠ ᠬᠦᠷᠲᠡᠯ᠎ᠡ ᠢᠳᠡᠬᠦ ᠶᠠᠭᠤᠮ᠎ᠠ ᠦᠭᠡᠢ ᠪᠣᠯᠬᠤ ᠳ᠋ᠠᠭᠠᠨ ᠠᠮᠢᠳᠤ ᠪᠠᠭᠤᠷᠠᠢ ᠬᠣᠨᠢ ᠶ᠋ᠢ ᠢᠳᠡᠭᠰᠡᠨ ᠤᠴᠢᠷ ᠰᠢᠯᠤᠭᠤᠨ ᠴᠠᠭᠠᠨ ᠬᠤᠰᠢᠭᠤᠨ ᠳ᠋ᠤ᠌ ᠭᠠᠷᠤᠭᠰᠠᠨ ᠯᠠ ᠳᠠ᠃ ᠰᠥᠨᠢᠳ ᠦ᠋ᠨ ᠮᠠᠯᠴᠢᠳ ᠬᠣᠨᠢ ᠪᠠᠨ ᠪᠡᠯᠴᠢᠭᠡᠷᠯᠡᠭᠦᠯᠬᠦ ᠳ᠋ᠡᠭᠡᠨ ᠰᠢᠷᠣᠢ ᠶ᠋ᠢ ᠨᠢ ᠭᠦᠪᠢᠳᠡᠭ ᠪᠣᠯᠤᠭᠰᠠᠨ ᠪᠥᠭᠡᠳ ᠵᠠᠷᠢᠮ ᠬᠣᠨᠢᠨ ᠠ᠋ᠴᠠ ᠠᠷᠪᠠᠭᠠᠳ ᠵᠢᠩ ᠬᠤᠮᠠᠭ ᠭᠠᠷᠤᠯ᠎ᠠ ᠭᠡᠳᠡᠭ᠃ ᠡᠢᠨ ᠬᠦ᠌ ᠪᠠᠭᠤᠷᠠᠢ ᠮᠠᠯ ᠤᠯᠠᠮ ᠲᠠᠷᠳᠠᠵᠤ ᠵᠤᠨ ᠤ᠋ ᠠᠭᠤᠷ ᠥᠩᠭᠡᠷᠡᠲᠡᠯ᠎ᠡ ᠨᠣᠭᠣᠭᠠᠨ ᠳ᠋ᠤ᠌ ᠴᠠᠳᠤᠭ᠎ᠠ ᠦᠭᠡᠢ ᠪᠣᠯᠬᠣᠷ ᠦᠬᠦᠯ ᠬᠣᠬᠢᠷᠠᠯ ᠨᠡᠮᠡᠭᠳᠡᠵᠦ ᠡᠬᠢᠯᠡᠵᠡᠢ᠃
ᠰᠥᠨᠢᠳ ᠦ᠋ᠨ ᠨᠢᠭᠡᠨ ᠮᠠᠯᠴᠢᠨ ᠡᠵᠢ ᠤᠬᠢᠯᠠᠨ ᠪᠠᠢᠵᠤ᠄《ᠡᠵᠢ ᠳ᠋ᠦ᠍ ᠪᠡᠨ ᠪᠦᠦ ᠭᠣᠮᠣᠳᠠ! ᠪᠠᠢᠳᠠᠭ ᠢ᠋ᠶ᠋ᠠᠨ ᠲᠠᠨᠠᠷ ᠲᠠᠭᠠᠨ ᠥᠭᠭᠦᠯ᠎ᠡ᠃ ᠡᠨᠡ ᠭᠠᠩ ᠢ᠋ ᠶᠠᠭᠠᠬᠢᠬᠤ ᠪᠣᠢ》ᠭᠡᠵᠦ ᠥᠯᠥᠳᠡᠵᠦ ᠲᠠᠷᠳᠠᠭᠰᠠᠨ ᠮᠠᠯ ᠳ᠋ᠠᠭᠠᠨ ᠶᠠᠷᠢᠯ᠎ᠠ ᠭᠡᠳᠡᠭ ᠰᠠᠨ᠃ ᠡᠨᠡ ᠪᠦᠬᠦᠨ ᠢ᠋ ᠠᠪᠤᠨ ᠦᠵᠡᠬᠦ ᠳ᠋ᠦ᠍ ᠵᠥᠪᠬᠡᠨ ᠪᠠᠢᠭᠠᠯᠢ ᠶ᠋ᠢᠨ ᠡᠪᠳᠡᠭᠳᠡᠯ᠂ ᠮᠠᠯ ᠠᠬᠤᠢ ᠳ᠋ᠤ᠌ ᠤᠴᠠᠷᠠᠭᠰᠠᠨ ᠬᠦᠴᠢᠷᠳᠡᠯ ᠮᠡᠲᠦ ᠪᠣᠯᠪᠠᠴᠤ ᠨᠢᠭᠲᠠᠯᠠᠨ ᠪᠣᠳᠣᠬᠤᠶ᠎ᠠ ᠨᠡᠭᠦᠳᠡᠯ ᠰᠣᠶᠣᠯ ᠳ᠋ᠤ᠌ ᠲᠤᠯᠭᠠᠷᠠᠭᠰᠠᠨ ᠬᠢᠮᠤᠷᠠᠯ ᠲᠦᠭᠰᠢᠭᠦᠷᠢ ᠪᠠᠢᠭ᠎ᠠ ᠶᠤᠮ᠃ ᠤᠴᠢᠷ ᠨᠢ ᠶᠠᠮᠠᠷᠪᠠ ᠨᠢᠭᠡ ᠦᠨᠳᠦᠰᠦᠲᠡᠨ ᠦ᠌ ᠠᠵᠤ ᠠᠬᠤᠢ᠂ ᠰᠣᠶᠣᠯ ᠢᠷᠭᠡᠨᠰᠢᠯ ᠢ᠋ ᠲᠥᠯᠵᠢᠭᠦᠯᠦᠭᠰᠡᠨ ᠪᠠᠢᠭᠠᠯᠢ ᠣᠷᠴᠢᠨ ᠨᠢ ᠡᠪᠳᠡᠭᠳᠡᠨ ᠬᠣᠬᠢᠷᠠᠬᠤ ᠳ᠋ᠤ᠌ ᠬᠦᠷᠪᠡᠯ ᠡᠭᠦᠨ ᠲᠡᠢ ᠬᠠᠷᠠᠭᠠᠯᠵᠠᠨ ᠪᠣᠢ ᠪᠣᠯᠤᠭᠰᠠᠨ ᠠᠵᠤ ᠠᠬᠤᠢ ᠶ᠋ᠢᠨ ᠬᠡᠯᠪᠡᠷᠢ᠂ ᠡᠨᠡᠬᠦ ᠠᠵᠤ ᠠᠬᠤᠢ ᠶ᠋ᠢᠨ ᠬᠡᠯᠪᠡᠷᠢ ᠳ᠋ᠦ᠍ ᠰᠠᠭᠤᠷᠢᠯᠠᠭᠰᠠᠨ ᠠᠳᠠᠯ ᠦᠢᠯᠡ᠂ ᠠᠶᠠᠭ ᠠᠭᠠᠯᠢ᠂ ᠰᠣᠶᠣᠯ ᠰᠡᠳᠬᠢᠯᠭᠡᠨ ᠨᠢ ᠴᠤ ᠰᠡᠮᠡᠷᠡᠨ ᠭᠡᠭᠡᠭᠳᠡᠬᠦ ᠳ᠋ᠦ᠍ ᠬᠦᠷᠳᠡᠭ᠃ ᠮᠣᠩᠭᠣᠯᠴᠤᠳ ᠪᠠᠢᠭᠠᠯᠢ ᠣᠷᠴᠢᠨ ᠢ᠋ᠶ᠋ᠠᠨ ᠬᠠᠢᠷᠠᠯᠠᠳᠠᠭ ᠤ᠋ᠨ ᠴᠢᠨᠠᠳᠤ ᠤᠴᠢᠷ ᠴᠤ ᠡᠨᠳᠡ ᠪᠠᠢᠭ᠎ᠠ ᠶᠤᠮ᠃
4 ᠳ᠋ᠦ᠍ᠭᠡᠷ ᠰᠠᠷ᠎ᠠ ᠶ᠋ᠢᠨ29 ᠦ᠌ ᠡᠳᠦᠷ ᠪᠤᠴᠠᠬᠤ ᠪᠣᠯᠤᠯ᠎ᠠ᠃ ᠬᠠᠷᠢᠨ ᠬᠠᠮᠲᠤ ᠶᠠᠪᠤᠭᠰᠠᠳ ᠮᠠᠨᠢ ᠬᠣᠰᠢᠭᠤ ᠲᠡᠭᠦᠷᠭᠡ ᠳ᠋ᠦ᠍ ᠪᠠᠢᠭ᠎ᠠ ᠴᠡᠷᠢᠭ ᠦ᠋ᠨ ᠬᠣᠷᠢᠶᠠᠨ ᠳ᠋ᠤ᠌ ᠰᠤᠷᠪᠤᠯᠵᠢᠯᠠᠭ᠎ᠠ ᠬᠢᠵᠦ ᠬᠠᠭᠠᠰ ᠡᠳᠦᠷ ᠲᠦᠳᠡᠬᠦ ᠶ᠋ᠢᠨ ᠲᠠᠰᠢᠷᠠᠮ ᠪᠢ ᠤᠯᠢᠶᠠᠰᠤᠲᠠᠢ ᠤᠷᠤᠭᠤ ᠪᠤᠴᠠᠵᠤ ᠫ᠂ ᠲᠤᠭᠠᠷ ᠭᠤᠸᠠᠢ ᠲᠠᠢ ᠵᠣᠯᠭᠠᠵᠤ ᠪᠢᠯᠡ᠃ ᠭᠠᠩᠳᠠᠭᠤᠨ ᠶᠠᠷᠢᠶ᠎ᠠ ᠲᠠᠢ᠂ ᠲᠥᠪᠡᠳ ᠬᠡᠯᠡ ᠮᠡᠳᠡᠳᠡᠭ᠂ ᠰᠣᠶᠣᠯ ᠤᠷᠠᠯᠢᠭ ᠤ᠋ᠨ ᠲᠤᠬᠠᠢ ᠪᠠᠢᠩᠭᠤ ᠰᠠᠨᠠᠭᠠᠰᠢᠷᠠᠵᠤ ᠶᠠᠪᠤᠳᠠᠭ ᠫ᠂ ᠲᠤᠭᠠᠷ ᠭᠤᠸᠠᠢ᠄《ᠥᠪᠡᠷ ᠦ᠋ᠨ ᠶᠠᠭᠤᠮ᠎ᠠ ᠪᠠᠨ ᠰᠤᠷᠴᠤ ᠰᠤᠳᠤᠯᠬᠤ ᠶ᠋ᠢ ᠬᠢᠴᠢᠶᠡᠬᠦ ᠦᠭᠡᠢ᠂ ᠦᠷᠬᠦᠢ ᠪᠤᠰᠤᠳ ᠢ᠋ ᠳᠠᠭᠠᠵᠤ ᠳᠡᠷᠪᠡᠵᠦ ᠶᠠᠪᠤᠭ᠎ᠠ ᠵᠠᠯᠠᠭᠤᠴᠤᠳ ᠢ᠋ ᠪᠢ ᠬᠠᠷᠠᠭᠠᠳ ᠭᠠᠢᠬᠠᠬᠤ ᠶᠤᠮ᠃ ᠬᠠᠯᠲᠤ ᠯᠠ ᠭᠡᠪᠡᠯ ᠭᠤᠸᠠᠭᠰᠠᠨ ᠳ᠋ᠤ᠌ ᠠᠷᠢᠬᠢᠳᠠᠵᠤ ᠳᠠᠭᠤᠯᠠᠵᠤ ᠯᠠ ᠰᠠᠭᠤᠵᠠᠭᠠᠬᠤ ᠨᠢ ᠬᠠᠴᠢᠨ᠃ ᠪᠢ ᠴᠦ᠍ ᠶᠠᠭᠠᠬᠢᠬᠤ ᠪᠣᠢ᠂ ᠡᠳᠦᠢ ᠨᠠᠰᠤ ᠶ᠋ᠢ ᠨᠠᠰᠤᠯᠠᠲᠠᠯ᠎ᠠ ᠪᠠᠨ ᠮᠡᠳᠡᠭᠰᠡᠨ ᠴᠢᠳᠠᠭᠰᠠᠨ ᠤ᠋ ᠪᠠᠨ ᠬᠢᠷᠢ ᠪᠡᠷ ᠪᠠᠭ᠎ᠠ ᠰᠠᠭ᠎ᠠ ᠶᠠᠭᠤᠮ᠎ᠠ ᠪᠢᠴᠢᠭᠰᠡᠨ ᠳᠡ᠃ ᠭᠡᠬᠦ ᠳ᠋ᠡᠭᠡᠨ ᠰᠠᠶᠢᠬᠢ ᠡᠷᠳᠡᠮᠲᠡᠨ᠂ ᠵᠣᠬᠢᠶᠠᠯᠴᠢ ᠨᠢ ᠪᠣᠯᠤᠶ᠎ᠠ ᠭᠡᠵᠦ ᠰᠠᠨᠠᠭ᠎ᠠ ᠦᠭᠡᠢ ᠯᠡ ᠶᠠᠪᠤᠭ᠎ᠠ᠃ ᠬᠣᠢᠴᠢ ᠶ᠋ᠢᠨ ᠬᠥᠮᠦᠨ ᠳ᠋ᠦ᠍ ᠬᠡᠷᠡᠭ ᠪᠣᠯᠳᠠᠭ ᠴᠠᠭ ᠪᠠᠢᠯᠭᠦᠢ᠃ ᠵᠠᠯᠠᠭᠤᠴᠤᠳ ᠮᠠᠨᠢ ᠲᠡᠦᠬᠡ ᠪᠡᠨ ᠤᠮᠠᠷᠲᠠᠵᠤ ᠪᠠᠢᠨ᠎ᠠ᠃ ᠦᠵᠦᠮᠦᠴᠢᠨ ᠳ᠋ᠦ᠍ ᠤᠷᠤᠯᠳᠤᠭᠠᠨ ᠮᠣᠷᠢ ᠪᠠᠷᠢᠶᠠᠨ ᠤ᠋ ᠭᠠᠵᠠᠷ ᠳᠥᠭᠥᠬᠦ ᠳ᠋ᠦ᠍ ( ᠭᠢᠰ ᠭᠢᠰ) ᠭᠡᠵᠦ ᠬᠠᠰᠬᠢᠷᠳᠠᠭ᠃( ᠭᠢᠰ ᠭᠢᠰ) ᠭᠡᠳᠡᠭ ᠴᠢᠨᠢ ᠰᠦᠯᠳᠡ ᠲᠩᠷᠢ ᠶ᠋ᠢᠨ ᠵᠢᠷᠦᠬᠡᠨ ᠲᠠᠷᠨᠢ ᠶᠤᠮ ᠰᠢᠦ᠃ ᠣᠳᠣ ᠡᠭᠦᠨ ᠢ᠋ ᠮᠡᠳᠡᠬᠦ ᠦᠭᠡᠢ ᠬᠥᠮᠦᠰ ᠵᠠᠬ᠎ᠠ ᠠ᠋ᠴᠠ ᠪᠠᠨ᠁ ᠨᠠᠰᠤᠲᠠᠢ ᠲᠣᠮᠣᠭᠠᠲᠠᠢ ᠬᠥᠮᠦᠨ ᠡᠴᠡ ᠮᠡᠳᠡᠬᠦ ᠦᠭᠡᠢ ᠣᠢᠯᠠᠭᠠᠬᠤ ᠦᠭᠡᠢ ᠪᠡᠨ ᠠᠰᠠᠭᠤᠨ᠎ᠠ ᠭᠡᠳᠡᠭ ᠶᠡᠬᠡ ᠴᠢᠬᠤᠯᠠ᠂ ᠶᠠᠭᠤ ᠴᠤ ᠪᠣᠯᠳᠠᠭ ᠪᠣᠯ ᠠ᠋᠁》 ᠭᠡᠮᠡᠨ ᠪᠣᠳᠣᠯ ᠪᠣᠯᠤᠨ ᠶᠠᠷᠢᠯ᠎ᠠ᠃ ᠮᠣᠩᠭᠣᠯ ᠠᠷᠠᠳ ᠤ᠋ᠨ ᠮᠠᠨᠢ ᠰᠡᠴᠡᠨ ᠦᠭᠡᠨ ᠳ᠋ᠦ᠍《ᠳᠤᠨᠳᠠᠭᠤᠷ ᠰᠠᠪᠠ ᠶ᠋ᠢᠨ ᠴᠠᠯᠭᠢᠬᠤ ᠨᠢ ᠢᠯᠡᠭᠦᠦ》 ᠭᠡᠳᠡᠭ᠃ ᠦᠨᠡᠬᠡᠷ ᠴᠦ᠍ ᠲᠡᠢᠮᠦ ᠳᠡ᠃ ᠰᠣᠶᠣᠯ ᠲᠡᠦᠬᠡ ᠪᠡᠨ ᠮᠡᠳᠡᠬᠦ ᠦᠭᠡᠢ᠂ ᠬᠥᠮᠦᠨ ᠦ᠌ ᠶᠠᠭᠤᠮ᠎ᠠ ᠶ᠋ᠢ ᠴᠤ ᠨᠤᠬᠤᠴᠠᠲᠠᠢ ᠣᠢᠯᠠᠭᠠᠬᠤ ᠦᠭᠡᠢ ᠬᠢᠷᠢ ᠨᠢ ᠨᠡᠷᠡᠲᠦ ᠠᠯᠳᠠᠷᠲᠤ ᠴᠣᠯᠠ ᠳᠠᠭᠤᠳᠠᠭᠤᠯᠤᠭᠰᠠᠨ ᠪᠠᠢᠬᠤ ᠯᠠ ᠪᠤᠶᠠᠨ ᠰᠢᠦ ᠳᠡ! ᠬᠢᠭᠰᠡᠨ ᠢ᠋ᠶ᠋ᠡᠨ ᠮᠠᠵᠤᠤᠯᠠᠳᠠᠭ ᠦᠭᠡᠢ᠂ ᠬᠡᠯᠡᠭᠰᠡᠨ ᠢ᠋ᠶ᠋ᠡᠨ ᠵᠠᠯᠭᠢᠳᠠᠭ ᠦᠭᠡᠢ ᠴᠡᠪᠡᠷ ᠠᠷᠠᠨᠰᠢᠨ ᠲᠠᠢ ᠠᠬᠠᠮᠠᠳ ᠳᠡᠭᠡᠳᠦᠭᠦᠯᠡ ᠮᠠᠨᠢ ᠬᠣᠢᠴᠢ ᠦᠶ᠎ᠡ ᠪᠡᠨ ᠬᠥᠯ ᠢ᠋ ᠨᠢ ᠳᠥᠷᠦᠭᠡᠨ ᠳ᠋ᠦ᠍᠂ ᠭᠠᠷ ᠢ᠋ ᠨᠢ ᠭᠠᠨᠵᠤᠭᠠᠨ ᠳ᠋ᠤ᠌ ᠬᠦᠷᠭᠡᠵᠦ᠂ ᠣᠨ ᠴᠠᠭ ᠤ᠋ᠨ ᠴᠥᠪ ᠢ᠋ ᠲᠤᠭᠤᠯᠵᠤ᠂ ᠰᠣᠶᠣᠯ ᠲᠡᠦᠬᠡ ᠶ᠋ᠢᠨ ᠠᠮᠢᠰᠬᠤᠭ᠎ᠠ ᠶ᠋ᠢ ᠥᠨᠥᠳᠥᠷ ᠲᠤ ᠵᠣᠯᠭᠠᠭᠤᠯᠤᠭᠰᠠᠨ ᠪᠢᠵᠡ ᠠ᠋᠃ ᠬᠠᠷᠢᠨ ᠪᠢᠳᠡ ᠭᠠᠷ ᠲᠠᠭᠠᠨ ᠪᠠᠢᠭ᠎ᠠ ᠵᠦᠢᠯ ᠢ᠋ ᠪᠦᠷᠢᠨ ᠪᠦᠲᠦᠨ ᠢ᠋ᠶ᠋ᠡᠷ ᠨᠢ ᠭᠬᠢᠷ ᠲᠠᠭ ᠬᠦᠷᠭᠡᠯ ᠦᠭᠡᠢ ᠪᠡᠷ ᠦᠷ᠎ᠡ ᠬᠣᠢᠴᠢᠳ ᠲᠠᠭᠠᠨ ᠠᠳᠬᠤᠭᠤᠯᠵᠤ ᠴᠢᠳᠠᠳᠠᠭ ᠪᠣᠯᠪᠠ ᠤᠤ? ᠬᠡᠳᠦᠶ᠋ᠢᠪᠡᠷ ᠡᠯᠡᠷᠡᠵᠦ ᠥᠩᠭᠡᠷᠡᠭᠰᠡᠨ ᠲᠡᠦᠬᠡᠨ ᠴᠠᠭ ᠦᠶ᠎ᠡ ᠨᠢ ᠥᠨᠥ ᠴᠠᠭ ᠤ᠋ᠨ ᠬᠤᠪᠢᠷᠠᠯ ᠠ᠋ᠴᠠ ᠠᠰᠤᠷᠤ ᠬᠣᠴᠣᠷᠤᠨ ᠭᠣᠭᠣᠵᠢᠬᠳᠠᠭᠰᠠᠨ ᠪᠣᠯᠪᠠᠴᠤ ᠡᠨᠡ ᠪᠦᠬᠦᠨ ᠢ᠋ ᠡᠷᠭᠢᠵᠦ ᠬᠥᠨᠳᠡᠭᠦᠷᠯᠡᠨ ᠳᠤᠷᠠᠰᠴᠤ᠂ ᠰᠡᠳᠬᠢᠯ ᠳ᠋ᠡᠭᠡᠨ ᠪᠠᠢᠩᠭᠤ ᠰᠠᠨᠠᠵᠤ ᠶᠠᠪᠤᠨ᠎ᠠ ᠭᠡᠳᠡᠭ ᠦᠨᠡᠨ ᠳ᠋ᠡᠭᠡᠨ ᠴᠠᠭ ᠤ᠋ᠨ ᠬᠠᠲᠠᠭᠤ ᠤᠨᠤᠭᠠᠨ ᠳ᠋ᠤ᠌ ᠪᠠᠷᠢᠴᠠ ᠠᠯᠳᠠᠵᠤ ᠰᠣᠶᠣᠯ ᠰᠡᠳᠬᠢᠯᠭᠡᠨ ᠨᠢ ᠬᠢᠮᠤᠷᠠᠯ ᠳ᠋ᠤ᠌ ᠤᠴᠠᠷᠠᠭᠰᠠᠨ ᠤ᠋ ᠳᠠᠷᠠᠭᠠᠬᠢ ᠣᠶᠤᠨ ᠰᠦᠨᠡᠰᠦ ᠪᠡᠨ ᠡᠷᠢᠨ ᠪᠡᠭᠲᠡᠷᠡᠭᠰᠡᠨ ᠪᠡᠭᠲᠡᠷᠡᠯ ᠪᠠ ᠣᠢ ᠭᠠᠰᠢᠭᠤ ᠯᠠ ᠪᠣᠯᠬᠤ ᠶᠤᠮ᠃ ᠵᠣᠷᠢᠭ ᠰᠠᠨᠠᠭ᠎ᠠ ᠪᠦᠬᠦᠨ ᠥᠴᠥᠭᠡᠳᠦᠷ ᠡᠴᠡ ᠡᠭᠦᠰᠪᠦᠷᠢᠯᠡᠨ ᠮᠠᠷᠭᠠᠰᠢ ᠶ᠋ᠢ ᠰᠥᠷᠦᠨ ᠲᠤᠭᠤᠯᠬᠤ ᠶ᠋ᠢᠨ ᠲᠡᠪᠴᠢᠶᠡᠷᠢ ᠬᠦᠴᠦᠨ ᠢ᠋ ᠬᠥᠮᠦᠨ ᠳ᠋ᠦ᠍᠂ ᠮᠥᠨ ᠬᠠᠮᠲᠤ ᠨᠢᠭᠡᠴᠢ ᠪᠣᠯᠤᠭᠰᠠᠨ ᠠᠷᠠᠳ ᠣᠯᠠᠨ ᠳ᠋ᠤ᠌ ᠥᠭᠳᠡᠭ ᠵᠢᠮ᠎ᠡ ᠲᠡᠢ᠃ ᠢᠩᠭᠢᠬᠦᠯᠡᠷ ᠥᠩᠭᠡᠷᠡᠭᠰᠡᠨ ᠪᠦᠬᠦᠨ ᠢ᠋ᠶ᠋ᠡᠨ ᠣᠷᠣ ᠲᠠᠰᠤ ᠮᠠᠷᠲᠠᠬᠤ ᠪᠤᠶᠤ ᠭᠡᠭᠡᠨ ᠣᠷᠬᠢᠨ᠎ᠠ ᠭᠡᠳᠡᠭ ᠥᠪᠡᠷ ᠦ᠋ᠨ ᠣᠶᠤᠨ ᠰᠦᠨᠡᠰᠦ ᠪᠡᠨ ᠣᠷᠬᠢᠨ ᠣᠭᠣᠷᠴᠤ ᠪᠠᠢᠭ᠎ᠠ ᠲᠠᠢ ᠠᠳᠠᠯᠢ ᠪᠣᠯᠬᠣᠷ ᠰᠡᠳᠬᠢᠯ ᠦ᠋ᠨ ᠪᠠᠲᠤ ᠲᠦᠰᠢᠭ ᠨᠢ ᠡᠢᠨ ᠬᠦ᠌ ᠨᠤᠷᠠᠨ ᠤᠨᠠᠬᠤ ᠳ᠋ᠤ᠌ ᠴᠠᠭ ᠤ᠋ᠨ ᠤᠷᠤᠰᠬᠠᠯ ᠢ᠋ ᠳᠠᠭᠠᠭᠠᠬᠤ ᠲᠡᠩᠬᠡᠭᠡ ᠲᠠᠰᠤᠷᠠᠳᠠᠭ ᠪᠢᠯᠡ᠃ ᠳᠤᠷᠠᠰᠤᠯ ᠦᠨᠡᠨ ᠳ᠋ᠡᠭᠡᠨ ᠲᠡᠦᠬᠡ ᠪᠠᠢᠵᠤ᠂ ᠲᠡᠦᠬᠡ ᠪᠡᠨ ᠮᠠᠷᠲᠠᠯ ᠦᠭᠡᠢ ᠬᠣᠢᠴᠢ ᠦᠶ᠎ᠡ ᠳ᠋ᠡᠭᠡᠨ ᠥᠪᠯᠡᠭᠦᠯᠵᠦ ᠴᠢᠳᠠᠭᠰᠠᠨ ᠦᠨᠳᠦᠰᠦᠲᠡᠨ ᠳᠡᠯᠡᠬᠡᠢ ᠶ᠋ᠢᠨ ᠲᠦᠮᠡᠨ ᠦᠨᠳᠦᠰᠦᠲᠡᠨ ᠲᠡᠢ ᠵᠤᠤᠵᠠᠢ ᠬᠣᠯᠪᠣᠨ ᠲᠠᠪᠰᠢᠬᠤ ᠨᠥᠭᠡᠴᠡ ᠲᠡᠢ ᠲᠡᠩᠬᠡᠭᠡ ᠶ᠋ᠢ ᠯᠠᠪ ᠣᠯᠬᠤ ᠤᠴᠢᠷᠲᠠᠢ᠃ ᠶᠠᠭᠠᠬᠢᠭᠠᠳ ᠭᠡᠪᠡᠯ ᠥᠩᠭᠡᠷᠡᠭᠰᠡᠨ ᠲᠡᠦᠬᠡᠨ ᠳ᠋ᠦ᠍ ᠨᠢᠭᠡ ᠤᠯᠤᠰ ᠦᠨᠳᠦᠰᠦᠲᠡᠨ ᠦ᠌ ᠳᠠᠯᠳᠠ ᠶ᠋ᠢᠨ ᠶᠡᠬᠡ ᠤᠬᠠᠭ᠎ᠠ ᠰᠡᠭᠡᠭᠡ᠂ ᠰᠡᠳᠬᠢᠯ ᠦ᠋ᠨ ᠲᠠᠮᠢᠷ᠂ ᠰᠦᠭ ᠰᠦᠨᠡᠰᠦ ᠨᠢ ᠠᠭᠤᠰᠤᠨ ᠰᠢᠩᠭᠡᠵᠦ ᠪᠠᠢᠳᠠᠭ ᠶᠤᠮ᠃
ᠪᠣᠳᠣᠯ ᠳ᠋ᠠᠭᠠᠨ ᠳᠠᠷᠤᠭᠳᠠᠨ ᠶᠠᠪᠤᠬᠤ ᠳ᠋ᠤ᠌ ᠨᠥᠭᠦᠭᠡ ᠲᠣᠭᠣᠰᠣᠷᠠᠨ ᠬᠦᠳᠡᠩᠲᠦᠭᠰᠡᠨ ᠲᠠᠯ᠎ᠠ ᠬᠥᠨᠳᠡᠢ ᠴᠦ᠍ ᠨᠠᠳᠠ ᠰᠢᠭ᠋ ᠲᠦᠩᠰᠦᠢᠨ《ᠳᠠᠬᠢᠭᠠᠳ ᠬᠣᠶᠠᠷ ᠵᠢᠯ ᠦ᠋ᠨ ᠳᠠᠷᠠᠭ᠎ᠠ ᠲᠠᠯ᠎ᠠ ᠨᠤᠲᠤᠭ ᠪᠠᠢᠬᠤ ᠦᠭᠡᠢ ᠪᠣᠯᠴᠢᠬᠠᠨ᠎ᠠ᠂ ᠲᠠ ᠨᠠᠷ ᠠᠮᠵᠢᠵᠤ ᠢᠷᠡᠵᠡᠢ》 ᠭᠡᠰᠡᠨ ᠵᠢᠯᠣᠭᠣᠴᠢ ᠶ᠋ᠢᠨ ᠶᠠᠷᠢᠶ᠎ᠠ ᠵᠢᠷᠦᠬᠡᠨ ᠳ᠋ᠦ᠍ ᠴᠢᠯᠠᠭᠤ ᠤᠨᠠᠭᠠᠵᠤ ᠪᠠᠢᠯ᠎ᠠ᠃ ᠰᠢᠯᠢᠩᠬᠣᠲᠠ ᠬᠦᠷᠬᠦ ᠵᠠᠮ ᠬᠡᠳᠦᠢ ᠳᠠᠷᠳᠠᠩ ᠴᠤ ᠡᠯᠡᠰᠦᠨ ᠰᠢᠭᠤᠷᠭ᠎ᠠ ᠳᠤᠮᠳᠠ ᠲᠠᠪᠤᠨ ᠠᠯᠲᠠ ᠶ᠋ᠢᠨ ᠵᠠᠢ ᠳ᠋ᠤ᠌ ᠶᠠᠭᠤᠮ᠎ᠠ ᠬᠠᠷᠠᠭᠳᠠᠬᠤ ᠦᠭᠡᠢ ᠪᠣᠯᠬᠣᠷ ᠵᠢᠯᠣᠭᠣᠴᠢ ᠳ᠋ᠧᠩ ᠢ᠋ᠶ᠋ᠡᠨ ᠠᠰᠠᠭᠠᠵᠤ ᠠᠭᠠᠵᠢᠭᠤ ᠶᠠᠪᠤᠭᠤᠯᠤᠯ᠎ᠠ᠃
5 ᠳ᠋ᠤᠭᠠᠷ ᠰᠠᠷ᠎ᠠ ᠶ᠋ᠢᠨ1 ᠦ᠌ ᠪᠠᠶᠠᠷ ᠲᠠᠭᠠᠷᠠᠵᠤ᠂ ᠪᠠᠷᠠᠭᠤᠨ ᠦᠵᠦᠮᠦᠴᠢᠨ᠂ ᠠᠪᠠᠭ᠎ᠠ ᠬᠤᠰᠢᠭᠤᠨ ᠤ᠋ ᠠᠯᠪᠠᠨ ᠪᠠᠢᠭᠤᠯᠭ᠎ᠠ ᠪᠦᠷ ᠴᠢᠯᠥᠭᠡ ᠲᠠᠯᠪᠢᠭᠰᠠᠨ ᠪᠣᠯᠬᠣᠷ ᠪᠢᠳᠡ ᠴᠤ ᠰᠤᠷᠪᠤᠯᠵᠢᠯᠠᠭ᠎ᠠ ᠪᠠᠨ ᠳᠤᠲᠠᠭᠤ ᠮᠥᠴᠢᠳ ᠲᠡᠭᠦᠰᠬᠡᠵᠦ ᠪᠤᠴᠠᠬᠤ ᠪᠣᠯᠤᠯ᠎ᠠ᠃ ᠨᠤᠲᠤᠭ ᠢ᠋ᠶ᠋ᠠᠷ ᠳᠠᠭᠠᠷᠢᠵᠤ ᠬᠠᠷᠢᠬᠤ ᠵᠥᠪᠰᠢᠶᠡᠷᠡᠯ ᠢ᠋ ᠪᠠᠢᠭᠤᠯᠭ᠎ᠠ ᠠ᠋ᠴᠠ ᠪᠠᠨ ᠠᠪᠴᠢᠬᠠᠭᠠᠳ ᠬᠥᠪᠡᠭᠡᠲᠦ ᠰᠢᠷ᠎ᠠ ᠬᠦᠷᠬᠦ ᠠᠶᠠᠨᠴᠢᠨ ᠤ᠋ ᠮᠠᠰᠢᠨ ᠳ᠋ᠤ᠌ ᠡᠳᠦᠷᠵᠢᠨ ᠨᠦᠳᠦᠭᠦᠯᠪᠡ᠃ ᠨᠠᠷᠢᠨ ᠰᠢᠷᠭᠠᠯ ᠲᠣᠭᠣᠰᠣ ᠨᠠᠮᠤᠷ ᠤ᠋ᠨ ᠮᠠᠨᠠᠨ ᠰᠢᠭ᠋ ᠪᠦᠴᠢᠵᠦ᠂ ᠭᠠᠭᠴᠠ ᠴᠤ ᠨᠣᠭᠣᠭᠠᠨ ᠤᠷᠭᠤᠮᠠᠯ ᠴᠤᠬᠤᠢᠭ᠎ᠠ ᠦᠭᠡᠢ ᠨᠢᠴᠦᠭᠦᠨ ᠲᠠᠯ᠎ᠠ ᠳᠡᠭᠡᠷ᠎ᠡ ᠶᠠᠰᠤᠨ ᠬᠡᠳᠡᠷᠭᠡ ᠪᠣᠯᠤᠭᠰᠠᠨ ᠬᠡᠳᠦᠨ ᠦᠬᠡᠷ ᠬᠠᠷᠭᠠᠨ᠎ᠠ ᠶ᠋ᠢᠨ ᠲᠣᠯᠣᠭᠠᠢ ᠬᠡᠮᠡᠯᠢᠵᠦ ᠨᠠᠢᠭᠤᠬᠤ ᠪᠥᠭᠡᠳ ᠭᠠᠵᠠᠷ ᠰᠡᠢᠴᠢᠭᠰᠡᠨ ᠬᠤᠯᠤᠭᠠᠨ᠎ᠠ ᠶ᠋ᠢᠨ ᠨᠦᠬᠡ ᠴᠣᠬᠣᠷ ᠰᠠᠷᠬᠢᠨᠠᠭ ᠰᠢᠭ᠋ ᠬᠠᠷᠠᠭᠳᠠᠬᠤ ᠪᠠᠷ《ᠴᠠᠢᠳᠠᠮ ᠳᠤᠮᠳᠠᠭᠤᠷ ᠶᠠᠪᠤᠬᠤ ᠳ᠋ᠤ᠌ ᠴᠠᠷᠬᠢ ᠰᠢᠪᠠᠭᠤᠨ ᠤ᠋ ᠥᠨᠳᠡᠭᠡ᠂ ᠴᠠᠭᠠᠰᠢ ᠪᠠᠨ ᠬᠠᠨᠳᠤᠭᠠᠳ ᠶᠠᠪᠤᠬᠤ ᠳ᠋ᠤ᠌ ᠴᠢᠷᠠᠢ ᠳᠦᠭᠦᠷᠡᠩ ᠨᠢᠯᠪᠤᠰᠤ》 ᠭᠡᠰᠡᠨ ᠣᠷᠳᠣᠰ ᠠᠷᠠᠳ ᠤ᠋ᠨ ᠳᠠᠭᠤᠤ ᠶ᠋ᠢ ᠡᠩᠰᠡᠷᠡᠲᠡᠯ᠎ᠡ ᠪᠡᠨᠠᠪᠡᠨ ᠳᠠᠭᠤᠯᠠᠮᠠᠷ ᠰᠠᠨᠠᠭᠳᠠᠬᠤ ᠶ᠋ᠢ ᠶᠠᠭᠠᠬᠢᠶ᠎ᠠ!《4 ᠰᠠᠷ᠎ᠠ ᠶ᠋ᠢᠨ 6 ᠤ᠋ ᠰᠥᠨᠢ ᠶ᠋ᠢᠨ ᠡᠯᠡᠰᠦᠨ ᠰᠢᠭᠤᠷᠭᠠᠨ ᠳ᠋ᠤ᠌ ᠭᠡᠷ ᠳᠣᠲᠣᠷ᠎ᠠ ᠴᠤ ᠰᠠᠭᠤᠬᠤ ᠶ᠋ᠢᠨ ᠠᠷᠭ᠎ᠠ ᠦᠭᠡᠢ ᠪᠣᠯᠤᠭᠰᠠᠨ ᠃ ᠠᠷᠭ᠎ᠠ ᠦᠭᠡᠢ ᠬᠥᠨᠵᠢᠯᠡ ᠪᠡᠨ ᠨᠣᠷᠭᠠᠵᠤ᠂ ᠴᠣᠩᠬᠣ ᠪᠠᠨ ᠳᠠᠷᠤᠭᠠᠳ᠂ ᠨᠣᠢᠲᠠᠨ ᠠᠯᠴᠢᠭᠤᠷ ᠢ᠋ᠶ᠋ᠠᠷ ᠨᠢᠭᠤᠷ ᠢ᠋ᠶ᠋ᠠᠨ ᠪᠦᠲᠡᠭᠡᠵᠦ ᠬᠡᠪᠲᠡᠭᠰᠡᠨ᠃ ᠭᠡᠪᠡᠴᠦ ᠬᠣᠭᠣᠯᠠᠢ ᠴᠡᠭᠡᠵᠢ ᠬᠣᠷᠣᠰᠤᠭᠠᠳ ᠤᠨᠲᠠᠵᠤ ᠴᠢᠳᠠᠬᠤ ᠦᠭᠡᠢ ᠪᠠᠢᠭᠰᠠᠨ》 ᠭᠡᠵᠦ ᠭᠡᠷ ᠲᠡᠭᠡᠨ ᠬᠠᠷᠢᠵᠤ ᠪᠣᠢ ᠰᠤᠷᠤᠭᠴᠢᠳ ᠤ᠋ᠨ ᠶᠠᠷᠢᠯᠴᠠᠬᠤ ᠶ᠋ᠢ ᠰᠣᠨᠣᠰᠴᠤ᠂ ᠵᠡᠭᠦᠨ ᠦᠵᠦᠮᠦᠴᠢᠨ ᠬᠤᠰᠢᠭᠤᠨ ᠳ᠋ᠤ᠌ ᠨᠢᠭᠡ ᠯᠡ ᠰᠥᠨᠢ ᠶ᠋ᠢᠨ ᠳᠣᠲᠣᠷ᠎ᠠ1500 ᠲᠦᠮᠡᠨ ᠲᠥᠭᠥᠷᠢᠭ ᠦ᠋ᠨ ᠬᠣᠬᠢᠷᠠᠯ ᠤᠴᠠᠷᠠᠭᠤᠯᠤᠭᠰᠠᠨ ᠲᠡᠷᠡ ᠤᠳᠠᠭᠠᠨ ᠤ᠋ ᠰᠠᠯᠬᠢ ᠶᠠᠮᠠᠷ ᠰᠦᠷᠡᠬᠡᠢ ᠶ᠋ᠢ ᠲᠥᠰᠦᠭᠡᠯᠡᠵᠦ ᠶᠠᠪᠤᠯ᠎ᠠ᠃ ᠠᠢ ᠳᠠ! ᠡᠯᠡᠰᠦ ᠪᠣᠯᠵᠤ ᠰᠡᠮᠡᠷᠡᠭᠰᠡᠨ ᠡᠯᠡᠩᠬᠡᠢ ᠳᠠᠪᠤᠤ ᠰᠢᠭ᠋ ᠨᠤᠲᠤᠭ ᠮᠢᠨᠢ!
ᠲᠡᠷᠭᠡ ᠳᠦᠭᠦᠷᠡᠩ ᠮᠣᠩᠭᠣᠯ ᠰᠤᠷᠤᠭᠴᠢᠳ ᠪᠦᠷ ᠪᠦᠷ ᠰᠢᠶᠠᠩᠭᠠᠩ ᠲᠠᠢᠸᠠᠨ ᠤ᠋ ᠢᠨᠠᠭ ᠤ᠋ᠨ ᠳᠠᠭᠤᠤ ᠶ᠋ᠢ ᠰᠢᠩᠭᠡᠭᠡᠯᠲᠡ ᠶ᠋ᠢᠨ ᠵᠢᠵᠢᠭ ᠮᠠᠰᠢᠨ ᠢ᠋ᠶ᠋ᠠᠷ ᠢ᠋ᠶ᠋ᠠᠨ ᠰᠣᠨᠣᠰᠴᠤ ᠲᠣᠯᠣᠭᠠᠢ ᠭᠡᠭᠡᠯᠵᠡᠩᠬᠡᠨ ᠴᠣᠩᠬᠣᠨ ᠭᠠᠳᠠᠨᠠᠬᠢ ᠶ᠋ᠢ ᠤᠪᠠᠢᠯᠠᠬᠤ ᠦᠭᠡᠢ ᠶᠠᠪᠤᠵᠠᠭᠠᠨ᠎ᠠ᠃ ᠥᠨᠳᠥᠷᠯᠢᠭ ᠡᠴᠡ ᠮᠢᠨᠢ ᠲᠠᠪᠤᠨ ᠬᠣᠰᠢᠭᠤ ᠮᠠᠯ ᠤ᠋ᠨ ᠮᠥᠷ ᠠᠷᠴᠢᠭᠳᠠᠭᠰᠠᠭᠠᠷ ᠪᠠᠢᠭ᠎ᠠ ᠴᠠᠭ ᠲᠤ᠂ ᠡᠨᠡ ᠪᠦᠬᠦᠨ ᠲᠡᠢ ᠮᠥᠩᠬᠡ ᠶ᠋ᠢᠨ ᠬᠣᠯᠪᠣᠭ᠎ᠠ ᠲᠠᠢ ᠳᠠᠭᠤᠤ ᠬᠤᠭᠤᠷ ᠤ᠋ᠨ ᠢᠷᠠᠭᠤ ᠰᠣᠳᠣᠨ ᠡᠬᠡᠰᠢᠭ᠂ ᠡᠨᠡ ᠢᠷᠠᠭᠤ ᠰᠣᠳᠣᠨ ᠡᠬᠡᠰᠢᠭ ᠢ᠋ ᠰᠣᠨᠢᠷᠬᠠᠨ ᠲᠠᠭᠠᠰᠢᠶᠠᠬᠤ ᠤᠷᠮ᠎ᠠ ᠰᠣᠨᠢᠷᠬᠠᠯ ᠬᠥᠮᠦᠰ ᠦ᠋ᠨ ᠣᠢ ᠲᠣᠢᠨ ᠠ᠋ᠴᠠ ᠠᠷᠢᠯᠤᠨ᠂ ᠡᠪᠳᠡᠷᠬᠡᠢ ᠣᠶᠤᠨ ᠤ᠋ ᠬᠢᠨᠢ ᠪᠢᠴᠢᠬᠠᠨ ᠵᠠᠢ ᠠᠮᠢ ᠬᠤᠪᠢ ᠶ᠋ᠢᠨ ᠢ᠋ᠶ᠋ᠡᠨ ᠥᠴᠦᠬᠡᠨ ᠵᠦᠢᠯ ᠦ᠋ᠨ ᠲᠥᠯᠥᠭᠡ ᠲᠡᠯᠡᠵᠦ ᠪᠠᠢᠳᠠᠭ ᠪᠣᠯᠵᠠᠢ᠃
《ᠠᠷᠭᠤᠮᠠᠭ ᠬᠦᠯᠦᠭ ᠠᠪᠠ ᠶᠢᠨ ᠨᠣᠬᠠᠢ ᠪᠠᠨ ᠠᠯᠳᠠᠪᠠ
ᠠᠪᠠ ᠶ᠋ᠢᠨ ᠨᠣᠬᠠᠢ ᠠᠴᠢᠲᠤ ᠡᠵᠡᠨ ᠢ᠋ᠶ᠋ᠡᠨ ᠠᠯᠳᠠᠪᠠ
ᠪᠥᠷᠲᠡ ᠴᠢᠨᠣ᠎ᠠ ᠶ᠋ᠢᠨ ᠨᠤᠲᠤᠭ ᠡᠯᠡᠰᠦ ᠪᠣᠯᠤᠨ ᠰᠡᠮᠡᠷᠡᠬᠦ ᠳ᠋ᠦ᠍
ᠪᠤᠭᠤᠷᠤᠯ ᠥᠨᠳᠥᠷᠯᠢᠭ ᠦ᠋ᠨ ᠤᠢᠳᠬᠠᠷ ᠢ᠋ ᠬᠡᠨ ᠢᠷᠡᠵᠦ ᠠᠷᠭᠠᠳᠠᠬᠤ ᠪᠣᠢ? 》
ᠳᠠᠭᠤᠤ ᠦᠨᠡᠨ ᠳ᠋ᠡᠭᠡᠨ ᠨᠢᠯᠪᠤᠰᠤ ᠭᠡᠳᠡᠭ ᠢ᠋ ᠪᠢ ᠡᠨᠡ ᠦᠶ᠎ᠡ ᠳ᠋ᠦ᠍ ᠯᠡ ᠤᠬᠠᠭᠠᠷᠠᠵᠤ ᠶᠠᠪᠤᠯ᠎ᠠ᠃ ᠭᠡᠪᠡᠴᠦ ᠡᠨᠡ ᠨᠢᠯᠪᠤᠰᠤ ᠬᠠᠩᠬᠤ ᠲᠠᠲᠠᠭᠰᠠᠨ ᠬᠠᠭᠤᠷᠠᠢ ᠡᠯᠡᠰᠦᠨ ᠡᠴᠡ ᠰᠢᠭᠦᠷᠡᠭᠰᠡᠨ ᠰᠢᠷᠬ᠎ᠠ ᠲᠠᠢ ᠪᠦᠷᠭᠦᠳ ᠦ᠋ᠨ ᠴᠢᠰᠤ ᠰᠢᠭ᠋ ᠨᠢᠯᠪᠤᠰᠤ ᠶᠤᠮ᠃ ᠡᠴᠢᠭᠡ ᠲᠩᠷᠢ ᠡᠬᠡ ᠭᠠᠵᠠᠷ ᠤ᠋ᠨ ᠢ᠋ᠶ᠋ᠠᠨ ᠵᠣᠪᠠᠯᠠᠩᠲᠤ ᠭᠠᠩᠰᠠᠷᠠᠯ᠂ ᠤᠢᠳᠬᠠᠷᠲᠤ ᠰᠡᠭᠦᠷᠡᠰᠦ ᠳᠤᠮᠳᠠᠭᠤᠷ ᠥᠨᠥᠴᠢᠨ ᠪᠣᠲᠣᠭᠣ ᠰᠢᠭ᠋ ᠰᠡᠳᠬᠢᠯ ᠳ᠋ᠡᠭᠡᠨ ᠮᠡᠭᠰᠢᠭᠰᠡᠭᠡᠷ ᠪᠢᠳᠡ ᠶᠠᠪᠤᠵᠤ ᠪᠠᠢᠨ᠎ᠠ᠃ ᠪᠢᠳᠡ ᠬᠠᠮᠢᠭ᠎ᠠ ᠬᠦᠷᠬᠦ ᠪᠡᠷ ᠪᠠᠢᠭ᠎ᠠ ᠪᠢᠯᠡ? ᠳᠡᠯᠡᠬᠡᠢ ᠳᠡᠭᠡᠷ᠎ᠡ ᠣᠨᠳᠣᠣ ᠪᠠᠰᠠ ᠨᠣᠭᠣᠭᠠᠨ ᠲᠠᠯ᠎ᠠ᠂ ᠴᠡᠩᠬᠡᠷ ᠲᠩᠷᠢ ᠭᠡᠵᠦ ᠪᠠᠢᠨ᠎ᠠ ᠤᠤ?
ᠦᠰᠦᠭ ᠠᠮᠢᠯᠠᠭᠤᠯᠤᠭᠴᠢ᠄ ᠪᠠᠯ᠂ ᠤᠷᠠᠨᠴᠢᠮᠡᠭ᠂ ᠰᠤᠳᠤᠯᠲᠤ᠂ ᠨᠠᠷᠠᠨᠲᠤᠶᠠᠭ᠎ᠠ᠂ ᠪᠠᠶᠠᠨᠴᠡᠴᠡᠭ᠂ ᠡᠷᠳᠡᠨᠢᠭᠣᠤ᠎ᠠ᠂ ᠢᠳᠰᠢᠩᠬᠣᠷᠯᠣ᠂ ᠨᠡᠭᠦᠳᠡᠯ᠂ ᠣᠶᠤᠨᠪᠠᠲᠤ
ᠬᠢᠨᠠᠭᠴᠢ᠄ ᠣᠳᠬᠠᠨᠰᠣ᠎ᠠ᠂ ᠪᠦᠷᠢᠨᠰᠠᠶ᠋ᠢᠬᠠᠨ᠂ ᠭᠠᠷᠮ᠎ᠠ᠂ᠰᠡᠬᠡᠭᠡᠷᠡᠯ
