ᠪᠠᠷᠢᠭᠳᠠᠵᠤ ᠪᠠᠢᠭ᠎ᠠ ᠬᠡᠷᠡᠮ- ᠭ· ᠴᠢᠩᠪᠠᠭᠠᠲᠤᠷБаригдаж байгаа хэрэм-Г· чанбаатар
ᠭ· ᠴᠢᠩᠪᠠᠭᠠᠲᠤᠷ
ᠨᠡᠭᠦᠳᠡᠯ ᠦ᠋ᠨ ᠰᠣᠶᠣᠯ ᠪᠠ ᠲᠠᠷᠢᠶᠠᠯᠠᠩ ᠤ᠋ᠨ ᠰᠣᠶᠣᠯ ᠤ᠋ᠨ ᠣᠯᠠᠨ ᠵᠠᠭᠤᠨ ᠵᠢᠯ ᠦ᠋ᠨ ᠮᠥᠷᠭᠥᠯᠳᠦᠭᠡᠨ ᠦ᠌ ᠪᠦᠲᠦᠭᠡᠯ ᠪᠣᠯᠤᠭᠰᠠᠨ ᠤᠷᠲᠤ ᠴᠠᠭᠠᠨ ᠬᠡᠷᠡᠮ ᠢ᠋ ᠨᠡᠭᠦᠳᠡᠯᠴᠢᠳ ᠪᠠᠷᠢᠭᠤᠯᠤᠭᠰᠠᠨ ᠶᠤᠮ᠃ ᠳᠡᠯᠡᠬᠡᠢ ᠶ᠋ᠢᠨ ᠠᠯᠳᠠᠷᠲᠤ ᠪᠠᠷᠢᠯᠭ᠎ᠠ ᠭᠡᠭᠳᠡᠵᠦ ᠪᠠᠢᠭ᠎ᠠ ᠲᠡᠷᠡ ᠬᠡᠷᠡᠮ ᠢ᠋ ᠲᠤᠬᠠᠢ ᠶ᠋ᠢᠨ ᠨᠣᠶᠠᠷᠬᠠᠭᠴᠢᠳ ᠨᠢ ᠭᠠᠢᠬᠠᠮᠰᠢᠭ ᠡᠭᠦᠳᠬᠦ ᠭᠡᠵᠦ ᠪᠠᠷᠢᠭᠰᠠᠨ ᠪᠢᠰᠢ᠂ ᠬᠠᠷᠢᠨ ᠤᠮᠠᠷᠠᠲᠤ ᠶ᠋ᠢᠨ ᠨᠡᠭᠦᠳᠡᠯᠴᠢᠨ ᠤᠳᠤᠮ ᠤ᠋ᠨ ᠮᠣᠷᠢᠲᠤ ᠳᠠᠢᠴᠢᠳ ᠢ᠋ ᠬᠣᠷᠢᠬᠤ ᠯᠠ ᠭᠡᠵᠦ ᠠᠷᠠᠳ ᠲᠦᠮᠡᠨ ᠢ᠋ᠶ᠋ᠡᠷ ᠢ᠋ᠶ᠋ᠡᠨ ᠪᠠᠷᠢᠭᠤᠯᠤᠭᠰᠠᠨ ᠠᠵᠢ᠃ ᠭᠡᠪᠡᠴᠦ ᠮᠥᠩᠬᠡ ᠲᠡᠭᠷᠢ ᠶ᠋ᠢᠨ ᠰᠦᠷ ᠰᠦᠯᠳᠡ ᠳ᠋ᠦ᠍ ᠰᠦᠵᠢᠭᠯᠡᠨ《ᠠᠶᠤᠲᠤᠭᠠᠢ᠂ ᠪᠢᠰᠢᠷᠡᠲᠦᠭᠡᠢ!》 ᠭᠡᠮᠡᠨ ᠤᠤᠬᠠᠢ ᠬᠠᠰᠬᠢᠷᠤᠭᠰᠠᠨ ᠣᠮᠣᠭᠲᠤ ᠮᠣᠷᠢᠲᠡᠳ ᠢ᠋ ᠠᠭᠤᠯᠠ ᠶ᠋ᠢᠨ ᠬᠢᠷ᠎ᠠ ᠡᠮᠵᠢᠭᠰᠡᠨ ᠲᠡᠷᠡ ᠬᠡᠷᠡᠮ ᠬᠠᠰᠢᠵᠤ ᠳᠡᠢᠯᠬᠦ ᠦᠭᠡᠢ ᠭᠡᠳᠡᠭ ᠢ᠋ ᠰᠠᠭᠤᠭᠠᠯᠢ ᠢᠷᠭᠡᠳ ᠮᠡᠳᠡᠭᠡ ᠦᠭᠡᠢ ᠤᠴᠢᠷ ᠠ᠋ᠴᠠ ᠲᠡᠳᠡᠨ ᠢ᠋《ᠲᠩᠷᠢ ᠶ᠋ᠢᠨ ᠴᠡᠷᠢᠭ》 ᠭᠡᠮᠡᠨ ᠡᠮᠢᠶᠡᠨ ᠣᠢᠯᠠᠭᠠᠵᠤ ᠴᠤ᠌ ᠪᠠᠢᠭᠰᠠᠨ ᠪᠠᠢᠨ᠎ᠠ᠃ ᠲᠥᠪ ᠠᠽᠢᠶ᠎ᠠ ᠶ᠋ᠢᠨ ᠥᠨᠳᠥᠷᠯᠢᠭ ᠡᠴᠡ ᠡᠬᠢ ᠠᠪᠤᠭᠰᠠᠨ ᠨᠡᠭᠦᠳᠡᠯᠴᠢᠳ ᠦ᠋ᠨ ᠲᠣᠭᠰᠢᠨ ᠦᠶᠡᠷ ᠡᠢᠨ ᠬᠦ᠌ ᠠᠮᠠᠭᠠᠢ ᠵᠢᠯᠣᠭᠣ ᠦᠭᠡᠢ ᠳᠣᠪᠲᠣᠯᠤᠨ ᠭᠤᠷᠪᠠᠨ ᠲᠢᠪ ᠦ᠋ᠨ ᠠᠭᠤᠳᠠᠮ ᠵᠠᠢ ᠪᠠᠷ ᠲᠡᠯᠡᠷᠡᠨ ᠲᠡᠯᠡᠷᠡᠭᠰᠡᠭᠡᠷ ᠳᠠᠶᠠᠭᠠᠷᠴᠢᠯᠠᠯ ᠤ᠋ᠨ ᠡᠭᠦᠳᠡ ᠶ᠋ᠢ ᠨᠡᠭᠡᠭᠡᠵᠦ᠂ ᠰᠡᠭᠦᠯᠡᠷ ᠨᠢ ᠨᠠᠭᠤᠷ ᠪᠦᠷᠢᠳᠦ ᠪᠣᠯᠤᠨ ᠴᠡᠯᠡᠯᠵᠡᠨ ᠲᠣᠭᠲᠠᠵᠠᠢ᠃ ᠲᠡᠦᠬᠡ ᠶ᠋ᠢᠨ ᠬᠦᠷᠳᠦ ᠵᠣᠭᠰᠣᠭ᠎ᠠ ᠦᠭᠡᠢ ᠡᠷᠭᠢᠭᠰᠡᠭᠡᠷ᠁ ᠨᠡᠭᠦᠳᠡᠯᠴᠢᠳ ᠦ᠋ᠨ ᠨᠢᠭᠡ ᠬᠡᠰᠡᠭ ᠨᠢ ᠳᠡᠯᠡᠬᠡᠢ ᠶ᠋ᠢᠨ ᠥᠨᠴᠥᠭ ᠪᠤᠯᠤᠩ ᠪᠦᠬᠦᠨ ᠳ᠋ᠦ᠍ ᠠᠭᠤᠰᠤᠨ ᠰᠢᠩᠭᠡᠵᠦ᠂ ᠢᠵᠢᠯᠢᠰᠢᠨ ᠬᠣᠯᠢᠮᠠᠭᠵᠢᠵᠤ; ᠨᠥᠭᠦᠭᠡ ᠬᠡᠰᠡᠭ ᠨᠢ ᠤᠤᠭᠠᠯ ᠨᠤᠲᠤᠭ ᠮᠣᠩᠭᠣᠯ ᠤ᠋ᠨ ᠥᠨᠳᠥᠷᠯᠢᠭ ᠲᠡᠭᠡᠨ ᠬᠠᠷᠢᠵᠤ ᠬᠣᠷᠸ᠎ᠠ ᠶ᠋ᠢᠨ ᠴᠢᠬᠢ ᠰᠣᠨᠣᠷ ᠠ᠋ᠴᠠ ᠬᠣᠯᠠ ᠵᠠᠢᠳᠠᠭᠤ《ᠦᠨᠡᠨ ᠢ᠋ᠶ᠋ᠡᠨ ᠬᠡᠯᠡᠵᠦ᠂ ᠪᠡᠯᠡᠨ ᠢ᠋ᠶ᠋ᠡᠨ ᠢᠳᠡᠵᠦ》 ᠠᠮᠢᠳᠤᠷᠠᠭᠰᠠᠭᠠᠷ ᠥᠨᠥ ᠳ᠋ᠦ᠍ ᠬᠦᠷᠴᠡᠢ᠃ ᠭᠡᠪᠡᠴᠦ᠂ ᠴᠠᠭᠠᠨ ᠬᠡᠷᠡᠮ ᠡᠷᠲᠡ ᠨᠢᠭᠡᠨ ᠴᠠᠭ ᠲᠠᠬᠢ ᠣᠮᠣᠭᠲᠤ ᠨᠡᠭᠦᠳᠡᠯᠴᠢᠳ ᠦ᠋ᠨ ᠲᠣᠭᠰᠢᠨ ᠲᠡᠦᠬᠡ ᠪᠣᠯᠤᠨ ᠬᠤᠯᠴᠢᠭᠠᠷ ᠰᠠᠭᠤᠭᠠᠯᠢᠴᠢᠳ ᠤ᠋ᠨ ᠲᠦᠭᠰᠢᠭᠦᠷᠢᠲᠦ ᠦᠶ᠎ᠡ ᠶ᠋ᠢ ᠪᠠᠲᠤ ᠭᠡᠷᠡᠴᠢᠯᠡᠨ ᠰᠡᠬᠦᠢᠭᠰᠡᠭᠡᠷ ᠪᠥᠯᠥᠭᠡ! ᠡᠨᠡ ᠬᠡᠷᠡᠮ ᠨᠢ ᠪᠠᠰᠠ ᠴᠤ᠌ ᠲᠠᠷᠢᠶᠠᠯᠠᠩ ᠤ᠋ᠨ ᠪᠣᠯᠤᠨ ᠮᠠᠯᠵᠢᠯ ᠤ᠋ᠨ ᠰᠣᠶᠣᠯ ᠤ᠋ᠨ ᠭᠠᠵᠠᠷ ᠵᠦᠢ᠂ ᠴᠠᠭ ᠠᠭᠠᠷ ᠤ᠋ᠨ ᠲᠣᠭᠲᠠᠯᠴᠠᠭ᠎ᠠ ᠲᠠᠢ ᠤᠶᠠᠯᠳᠤᠭᠰᠠᠨ ᠵᠠᠭᠠᠭ ᠪᠠᠢᠭᠰᠠᠨ ᠶᠤᠮ᠃
《ᠰᠠᠯᠬᠢ ᠨᠡᠪᠲᠡᠷᠡᠬᠦ ᠦᠭᠡᠢ ᠬᠡᠷᠡᠮ ᠭᠡᠵᠦ ᠦᠭᠡᠢ》 ᠭᠡᠳᠡᠭ ᠶ᠋ᠢᠡᠷ ᠴᠠᠭᠠᠨ ᠬᠡᠷᠡᠮ ᠦᠨᠡᠬᠡᠷ ᠲᠡᠦᠬᠡ ᠶ᠋ᠢᠨ ᠰᠠᠯᠬᠢ ᠶ᠋ᠢ ᠬᠠᠭᠠᠵᠤ ᠴᠢᠳᠠᠭ᠎ᠠ ᠦᠭᠡᠢ᠂ ᠴᠢᠳᠠᠬᠤ ᠴᠤ᠌ ᠦᠭᠡᠢ ᠭᠡᠳᠡᠭ ᠊ᠢ ᠲᠡᠦᠬᠡ ᠭᠡᠷᠡᠴᠢᠯᠡᠵᠡᠢ᠃ ᠬᠦᠢᠲᠡᠨ ᠵᠡᠪᠰᠡᠭ ᠦ᠋ᠨ ᠴᠠᠭ ᠦᠶ᠎ᠡ ᠥᠩᠭᠡᠷᠡᠵᠦ᠂ ᠭᠠᠯᠲᠤ ᠵᠡᠪᠰᠡᠭ ᠦ᠋ᠨ ᠡᠷᠢᠨ ᠪᠣᠯᠬᠤ ᠳᠤ ᠨᠡᠩ ᠴᠦ᠍ ᠪᠠᠷᠢᠮᠠᠯ ᠬᠡᠷᠡᠮ ᠬᠡᠷᠡᠭ ᠡᠴᠡ ᠪᠡᠨ ᠭᠠᠷᠴᠤ᠂ ᠬᠦᠴᠦᠷᠬᠡᠭᠯᠡᠯ ᠪᠤᠶᠤ ᠺᠣᠯᠣᠨᠢᠴᠢᠯᠠᠯ ᠨᠢ ᠥᠭᠡᠷ᠎ᠡ ᠨᠢᠭᠡ《ᠵᠡᠪᠰᠡᠭ》 ᠶ᠋ᠢᠡᠷ ᠭᠦᠢᠴᠡᠳᠬᠡᠭᠳᠡᠬᠦ ᠪᠣᠯᠵᠠᠢ᠃ ᠳᠡᠯᠡᠬᠡᠢ ᠶ᠋ᠢᠨ ᠬᠣᠶᠠᠳᠤᠭᠠᠷ ᠳᠠᠶ᠋ᠢᠨ ᠤ ᠳᠠᠷᠠᠭ᠎ᠠ ᠶᠠᠯᠲ᠋ᠠ ᠶ᠋ᠢᠨ ᠬᠤᠷᠠᠯᠳᠤᠭᠠᠨ ᠶ᠋ᠢᠠᠷ ᠳᠠᠮᠵᠢᠨ ᠬᠦᠴᠦᠨ ᠬᠦᠷᠢᠶ᠎ᠡ ᠬᠤᠪᠢᠶᠠᠯᠴᠠᠭᠰᠠᠨ᠂ ᠭᠧᠷᠮᠠᠨ ᠪᠣᠯᠤᠨ ᠰᠣᠯᠣᠩᠭᠣᠰ ᠊ᠢ ᠠᠳᠠᠯᠢ ᠦᠭᠡᠢ ᠪᠠᠶ᠋ᠢᠭᠤᠯᠤᠮᠵᠢ ᠶ᠋ᠢᠨ ᠬᠡᠷᠡᠮ ᠶ᠋ᠢᠡᠷ ᠬᠣᠶᠠᠷ ᠬᠤᠪᠢᠶᠠᠭᠰᠠᠨ᠁ ᠵᠡᠷᠭᠡ ᠬᠥᠮᠦᠨ ᠲᠥᠷᠥᠯᠬᠢᠲᠡᠨ ᠦ ᠲᠡᠦᠬᠡᠨ ᠳᠡᠭᠡᠷᠡᠬᠢ《ᠬᠡᠷᠡᠮ ᠦ᠋ᠨ ᠲᠡᠦᠬᠡ》 ᠠᠳᠠᠯᠢ ᠪᠤᠰᠤ ᠴᠠᠭ ᠦᠶ᠎ᠡ ᠳᠤ᠂ ᠠᠳᠠᠯᠢ ᠪᠤᠰᠤ ᠭᠠᠵᠠᠷ ᠣᠷᠣᠨ ᠳᠤ ᠦᠷᠭᠦᠯᠵᠢᠯᠡᠭᠰᠡᠭᠡᠷ ᠪᠠᠶ᠋ᠢᠯ᠎ᠠ᠃ ᠪᠠᠬᠠᠷᠠᠯ ᠲᠠᠢ ᠨᠢ ᠭᠡᠪᠡᠯ᠂ ᠭᠧᠷᠮᠠᠨᠴᠤᠳ ᠪᠧᠷᠯᠢᠨ ᠬᠡᠷᠡᠮ ᠊ᠢ ᠨᠤᠷᠠᠭᠠᠵᠤ ᠨᠢᠭᠡᠳᠦᠭᠰᠡᠨ ᠭᠧᠷᠮᠠᠨ ᠤᠯᠤᠰ ᠪᠣᠯᠤᠭᠰᠠᠨ ᠶ᠋ᠢᠠᠷ ᠳᠡᠯᠡᠬᠡᠢ ᠶ᠋ᠢᠨ ᠲᠦᠪᠰᠢᠨ ᠦ ᠥᠨᠳᠥᠷ ᠬᠥᠭᠵᠢᠯᠲᠡ ᠲᠡᠢ ᠪᠣᠯᠵᠤ ᠴᠢᠳᠠᠭᠰᠠᠨ ᠰᠠᠨ᠃ ᠡᠨᠡ ᠲᠤᠬᠠᠢ ᠮᠣᠩᠭᠣᠯ ᠤᠯᠤᠰ ᠦ᠋ᠨ ᠭᠠᠪᠢᠶᠠᠲᠤ ᠳᠠᠭᠤᠴᠢᠨ᠂《ᠴᠢᠩᠭᠢᠰ ᠬᠠᠭᠠᠨ ᠬᠠᠮᠲᠤᠯᠢᠭ》 ᠦ᠋ᠨ ᠠᠬᠠᠯᠠᠭᠴᠢ ᠵᠢᠷᠭᠠᠯᠰᠠᠶ᠋ᠢᠬᠠᠨ ᠲᠥᠪ ᠷᠠᠳᠢᠣ᠋ ᠶ᠋ᠢᠨ ᠰᠤᠷᠪᠤᠯᠵᠢᠯᠠᠭ᠎ᠠ ᠪᠠᠷ᠄《ᠪᠧᠷᠯᠢᠨ ᠬᠡᠷᠡᠮ ᠊ᠢ ᠨᠤᠷᠠᠭᠠᠭᠰᠠᠨ ᠤ ᠳᠠᠷᠠᠭ᠎ᠠ ᠭᠧᠷᠮᠠᠨ ᠤ ᠪᠦᠬᠦ ᠷᠣᠺᠴᠤᠳ ᠠᠭᠤᠳᠠᠮ ᠲᠠᠯᠠᠪᠠᠢ ᠳᠤ ᠬᠠᠷᠠᠮᠵᠢ ᠦᠭᠡᠢ ᠲᠣᠭᠯᠠᠯᠲᠠ ᠬᠢᠵᠦ ᠪᠡᠯᠭᠡᠯᠡᠭᠰᠡᠨ᠁ ᠲᠡᠭᠡᠬᠦ ᠦᠭᠡᠢ ᠴᠦ᠍ ᠶᠠᠭᠠᠬᠢᠬᠤ ᠪᠤᠢ᠁》 ᠭᠡᠵᠦ ᠶᠠᠷᠢᠵᠤ ᠪᠠᠶ᠋ᠢᠬᠰᠠᠨ ᠪᠢᠯᠡ! ᠬᠠᠷᠢᠨ ᠥᠨᠥᠳᠥᠷ ᠪᠣᠯ ᠠᠵᠤ ᠠᠬᠤᠢ ᠨᠢᠭᠡ ᠡᠰᠢᠵᠢᠵᠦ᠂ ᠰᠣᠶᠣᠯ ᠣᠯᠠᠨ ᠡᠰᠢᠵᠢᠵᠦ ᠪᠠᠶ᠋ᠢᠭ᠎ᠠ ᠡᠷᠢᠨ᠃ ᠳᠠᠶᠠᠭᠠᠷᠴᠢᠯᠠᠯ ᠦ᠋ᠨ ᠡᠨᠡ ᠴᠠᠭ ᠦᠶ᠎ᠡ ᠳᠤ ᠬᠥᠭᠵᠢᠭᠰᠡᠨ ᠤᠯᠤᠰ ᠦᠨᠳᠦᠰᠦᠲᠡᠨ ᠪᠠᠭ᠎ᠠ ᠪᠠᠭᠤᠷᠠᠢ ᠤᠯᠤᠰ ᠦᠨᠳᠦᠰᠦᠲᠡᠨ ᠊ᠢ ᠠᠵᠤ ᠠᠬᠤᠢ᠂ ᠰᠣᠶᠣᠯ ᠦ᠋ᠨ ᠲᠠᠯ᠎ᠠ ᠪᠠᠷ ᠰᠢᠬᠠᠨ ᠳᠡᠭᠡᠷᠡᠯᠬᠡᠬᠦ ᠨᠢ ᠬᠦᠴᠦᠷᠬᠡᠭᠯᠡᠯ ᠦ᠋ᠨ ᠳᠠᠶ᠋ᠢᠨ ᠠ᠋ᠴᠠ ᠬᠣᠯᠠ ᠢᠯᠡᠭᠦᠦ ᠲᠦᠷᠢᠯᠲᠡ ᠭᠡᠯᠮᠡᠭᠳᠡᠯ ᠊ᠢ ᠠᠪᠴᠢᠷᠠᠭᠰᠠᠨ ᠶᠤᠮ᠃ ᠡᠭᠦᠨ ᠊ᠢ ᠶᠠᠮᠠᠷ ᠬᠡᠷᠡᠮ ᠶ᠋ᠢᠡᠷ ᠬᠠᠰᠢᠬᠤ ᠪᠢᠯᠡ? ᠭᠡᠪᠡᠯ ᠭᠠᠭᠴᠠᠬᠠᠨ ᠪᠣᠯᠤᠮᠵᠢ ᠪᠤᠢ᠃ ᠳᠠᠷᠤᠢ ᠥᠪᠡᠷ ᠦ᠋ᠨ《ᠦᠨᠳᠦᠰᠦᠲᠡᠨ ᠦ ᠰᠣᠶᠣᠯ ᠦ᠋ᠨ ᠬᠡᠷᠡᠮ》— ᠨᠡᠶ᠋ᠢᠲᠡ ᠶ᠋ᠢᠨ ᠰᠣᠶᠣᠯ ᠰᠡᠳᠬᠢᠯᠭᠡᠨ ᠦ ᠣᠨᠴᠠᠯᠢᠭ ᠶ᠋ᠢᠠᠨ ᠪᠠᠲᠤ ᠬᠠᠳᠠᠭᠠᠯᠠᠬᠤ ᠯᠡ ᠴᠢᠬᠤᠯᠠ᠃ ᠬᠡᠷᠪᠡ ᠡᠨᠡ ᠬᠡᠷᠡᠮ ᠨᠤᠷᠠᠵᠤ ᠰᠦᠢᠳᠪᠡᠰᠦ ᠠᠶᠤᠯ ᠪᠣᠯᠤᠨ᠎ᠠ ᠭᠡᠳᠡᠭ ᠊ᠢ᠂《ᠦᠵᠡᠭᠳᠡᠬᠦ ᠦᠭᠡᠢ ᠬᠡᠷᠡᠮ ᠦ᠋ᠨ ᠶᠡᠭᠦᠷᠡᠬᠦ ᠨᠢ ᠦᠵᠡᠭᠳᠡᠨ᠎ᠡ᠂ ᠦᠯᠡᠳᠡᠭᠰᠡᠨ ᠨᠢ ᠰᠢᠳᠦ ᠯᠡ ᠪᠣᠯᠤᠭᠠᠰᠠᠢ》 ᠭᠡᠰᠡᠨ ᠨᠢᠭᠡᠨ ᠰᠢᠯᠦᠭ ᠲᠤ ᠤᠴᠢᠷᠯᠠᠭᠰᠠᠨ ᠪᠠᠶ᠋ᠢᠳᠠᠭ ᠪᠢᠯᠡ᠃ ᠬᠠᠷᠢᠨ ᠥᠨᠥᠳᠥᠷ ᠦ᠋ᠨ ᠡᠨᠡ ᠬᠡᠷᠡᠮ ᠡᠪᠳᠡᠭᠳᠡᠵᠦ᠂ ᠬᠠᠯᠠᠭᠤᠨ ᠵᠠᠭᠤᠷ᠎ᠠ ᠮᠢᠨᠢ ᠲᠤᠰᠠᠭᠠᠷᠯᠠᠭᠰᠠᠨ ᠥᠭᠡᠷ᠎ᠡ ᠬᠡᠷᠡᠮ ᠰᠠᠮ ᠪᠠᠷᠢᠬᠳᠠᠭᠰᠠᠭᠠᠷ ᠪᠠᠶ᠋ᠢᠭ᠎ᠠ ᠰᠠᠨ᠁
᠁ ᠮᠣᠩᠭᠣᠯ ᠤᠯᠤᠰ ᠦ᠋ᠨ ᠬᠤᠪᠢ ᠲᠧᠯᠸᠢᠰ ᠦ᠋ᠨ ᠨᠢᠭᠡᠨ ᠤᠳᠤᠷᠢᠳᠤᠭᠠᠴᠢ ᠨᠠᠳᠠ᠄《ᠮᠣᠩᠭᠣᠯᠴᠤᠳ ᠰᠣᠶᠣᠯ ᠦ᠋ᠨ ᠬᠤᠪᠢ ᠳᠤ ᠮᠠᠰᠢ ᠵᠥᠷᠢᠶ᠎ᠡ ᠲᠡᠢ ᠪᠣᠯᠤᠭᠠᠳ ᠪᠠᠢᠭ᠎ᠠ᠃ ᠵᠢᠱ᠌ᠢᠶᠡᠯᠡᠬᠦ ᠳ᠋ᠦ᠍ ᠤᠯᠠᠭᠠᠨᠪᠠᠭᠠᠲᠤᠷ ᠤ᠋ᠨ ᠮᠣᠩᠭᠣᠯᠴᠤᠳ ᠪᠣᠯᠤᠨ ᠬᠥᠳᠡᠭᠡ ᠣᠷᠣᠨ ᠨᠤᠲᠤᠭ ᠲᠠᠭᠠᠨ ᠪᠠᠢᠭ᠎ᠠ ᠮᠣᠩᠭᠣᠯᠴᠤᠳ ᠱᠠᠯ ᠥᠭᠡᠷ᠎ᠡ ᠰᠣᠶᠣᠯ ᠰᠡᠳᠬᠢᠯᠭᠡᠨ ᠲᠡᠢ ᠪᠣᠯᠤᠭᠠᠳ ᠪᠠᠢᠭ᠎ᠠ ᠰᠢᠦ ᠳᠡ᠃ ᠬᠠᠷᠢᠨ ᠲᠠᠨ ᠤ᠋ ᠬᠢᠨ ᠦ᠌ ᠰᠣᠶᠣᠯ ᠤ᠋ᠨ ᠵᠥᠷᠢᠶ᠎ᠡ ᠨᠡᠩ ᠢᠯᠡᠭᠦᠦ ᠴᠦ᠍ ᠶᠦᠮ ᠤᠤ ᠳᠠ!》 ᠭᠡᠰᠡᠨ ᠨᠢ ᠰᠠᠨᠠᠭᠠᠨ ᠠ᠋ᠴᠠ ᠭᠠᠷᠳᠠᠭ ᠦᠭᠡᠢ᠂ ᠬᠠᠶᠠ ᠪᠣᠳᠣᠬᠤ ᠪᠦᠷᠢ ᠬᠡᠳᠦᠨ ᠭ᠌ᠷᠠᠮ ᠳᠤᠲᠠᠴᠢᠬᠠᠭᠠᠳ ᠠᠭᠰᠤᠮ ᠲᠠᠯᠪᠢᠮᠠᠷ ᠪᠣᠯᠬᠤ ᠶᠤᠮ᠃ ᠭᠡᠪᠡᠴᠦ ᠡᠨᠡ ᠨᠢ ᠠᠭᠰᠤᠮ ᠲᠠᠯᠪᠢᠬᠤ᠂ ᠡᠰᠡᠬᠦᠯ᠎ᠡ ᠭᠣᠮᠣᠳᠠᠨ ᠭᠤᠲᠤᠷᠠᠬᠤ᠂ ᠤᠬᠢᠯᠠᠨ ᠬᠠᠢᠯᠠᠬᠤ ᠲᠡᠳᠦᠢᠬᠡᠨ ᠢ᠋ᠶ᠋ᠡᠷ ᠰᠢᠢᠳᠪᠦᠷᠢᠯᠡᠭᠳᠡᠬᠦ ᠠᠰᠠᠭᠤᠳᠠᠯ ᠪᠢᠰᠢ᠃ ᠲᠡᠷᠡ ᠨᠢ ᠣᠯᠠᠨ ᠵᠢᠯ ᠦ᠋ᠨ ᠲᠤᠷᠰᠢᠬᠢ ᠬᠠᠷᠢ ᠦᠨᠳᠦᠰᠦᠲᠡᠨ ᠦ᠌ ᠰᠣᠶᠣᠯ ᠤ᠋ᠨ ᠲᠦᠷᠢᠯᠲᠡ᠂ ᠮᠣᠩᠭᠣᠯᠴᠤᠳ ᠤ᠋ᠨ ᠦᠢᠯᠡᠳᠪᠦᠷᠢᠯᠡᠯ ᠠᠮᠢᠳᠤᠷᠠᠯ ᠤ᠋ᠨ ᠬᠡᠯᠪᠡᠷᠢ ᠳ᠋ᠦ᠍ ᠬᠢᠭᠰᠡᠨ ᠠᠯᠪᠠᠳᠠᠯᠭ᠎ᠠ ᠶ᠋ᠢᠨ ᠥᠭᠡᠷᠡᠴᠢᠯᠡᠯᠲᠡ᠁ ᠵᠡᠷᠭᠡ ᠲᠡᠦᠬᠡ ᠶ᠋ᠢᠨ ᠡᠭᠡᠵᠢᠭ ᠶᠡᠬᠡᠲᠡᠢ ᠬᠤᠪᠢᠰᠤᠯᠲᠠ ᠠ᠋ᠴᠠ ᠰᠢᠯᠲᠠᠭᠠᠯᠠᠭᠰᠠᠨ ᠪᠢᠯᠡ᠃
ᠴᠢᠩ ᠭᠦᠷᠦᠨ ᠴᠢᠯᠠᠭᠤ ᠲᠣᠭᠣᠰᠬ᠎ᠠ ᠪᠠᠷ ᠬᠡᠷᠡᠮ ᠪᠠᠷᠢᠵᠤ ᠮᠣᠩᠭᠣᠯᠴᠤᠳ ᠢ᠋ ᠬᠣᠷᠢᠬᠤ ᠪᠠᠷ ᠣᠷᠣᠯᠳᠣᠭᠰᠠᠨ ᠦᠭᠡᠢ᠂ ᠨᠡᠭᠦᠳᠡᠯᠴᠢᠳ ᠢ᠋ ᠲᠡᠢᠮᠦ ᠬᠡᠷᠡᠮ ᠬᠡᠵᠢᠶ᠎ᠡ ᠴᠦ᠍ ᠬᠣᠷᠢᠵᠤ ᠳᠡᠢᠯᠬᠦ ᠦᠭᠡᠢ ᠭᠡᠳᠡᠭ ᠢ᠋ ᠥᠪᠡᠷᠰᠡᠳ ᠢ᠋ᠶ᠋ᠡᠨ ᠴᠦ᠍ ᠨᠡᠭᠦᠳᠡᠯᠴᠢᠨ ᠪᠠᠢᠭᠰᠠᠨ ᠲᠡᠳᠡ ᠰᠠᠢᠨ ᠮᠡᠳᠡᠵᠦ ᠪᠠᠢᠯ᠎ᠠ᠃ ᠬᠠᠷᠢᠨ ᠮᠣᠩᠭᠣᠯᠴᠤᠳ ᠢ᠋ ᠬᠣᠰᠢᠭᠤ ᠠᠢᠮᠠᠭ ᠬᠤᠪᠢᠶᠠᠵᠤ ᠣᠷᠣᠨ ᠨᠤᠲᠤᠭ ᠤ᠋ᠨ ᠵᠠᠭᠠᠭ ᠲᠣᠭᠲᠠᠭᠠᠵᠤ᠂ ᠬᠣᠭᠣᠷᠣᠨᠳᠣ ᠨᠢ ᠲᠤᠰᠠᠭᠠᠷᠯᠠᠭᠰᠠᠨ《ᠬᠡᠷᠡᠮ》 ᠲᠡᠢ ᠪᠣᠯᠭᠠᠬᠤ ᠨᠢ ᠳᠡᠭᠡᠳᠦ ᠠᠷᠭ᠎ᠠ ᠭᠡᠰᠡᠨ ᠢ᠋ ᠮᠠᠰᠢ ᠬᠤᠢᠬᠤᠷ ᠤᠬᠠᠭᠠᠨ ᠢ᠋ᠶ᠋ᠠᠷ ᠰᠤᠪᠢᠵᠤ ᠣᠯᠤᠭᠰᠠᠨ ᠴᠢᠩ ᠭᠦᠷᠦᠨ ᠦ᠌ ᠪᠣᠳᠣᠯᠭ᠎ᠠ ᠦᠨᠡᠬᠡᠷ ᠦᠷ᠎ᠡ ᠳ᠋ᠦᠩ ᠲᠡᠢ ᠪᠣᠯᠵᠤ᠂ ᠥᠪᠡᠷ ᠥᠪᠡᠷ ᠦ᠋ᠨ ᠬᠠᠷᠢᠶ᠎ᠠ ᠨᠤᠲᠤᠭ ᠲᠠᠭᠠᠨ ᠣᠲᠤᠭ᠍ᠠ᠋ ᠵᠡᠭᠦᠨ ᠳᠤᠩᠬᠤᠯᠵᠠᠭᠰᠠᠨ ᠮᠣᠩᠭᠣᠯᠴᠤᠳ《ᠮᠠᠨ ᠤ᠋᠂ ᠲᠠᠨ ᠤ᠋》 ᠭᠡᠯᠴᠡᠨ ᠭᠡᠳᠡᠰᠦᠨ ᠳ᠋ᠡᠭᠡᠨ ᠬᠥᠯ ᠢ᠋ᠶ᠋ᠡᠨ ᠬᠢᠯᠴᠡᠬᠦ ᠪᠣᠯᠤᠭᠰᠠᠨ ᠶᠤᠮ᠃ ᠭᠠᠭᠴᠠ ᠵᠢᠱ᠌ᠢᠶ᠎ᠡ ᠲᠠᠲᠠᠬᠤ ᠳ᠋ᠤ᠌᠂ ᠦᠨᠳᠦᠰᠦᠲᠡᠨ ᠦ᠌ ᠪᠥᠬᠡ ᠪᠡᠨ ᠪᠠᠷᠢᠯᠳᠤᠭᠤᠯᠬᠤ ᠳ᠋ᠤ᠌ ᠬᠦᠷᠲᠡᠯ᠎ᠡ《ᠰᠡᠳᠬᠢᠯ ᠦ᠋ᠨ ᠬᠡᠷᠡᠮ》 ᠲᠡᠢ ᠪᠠᠢᠭ᠎ᠠ ᠪᠠᠨ ᠰᠠᠨᠠᠵᠠᠭᠠᠭᠲᠤᠨ! ᠪᠥᠬᠡ ᠶ᠋ᠢᠨ ᠲᠡᠷᠢᠭᠦᠨ ᠢ᠋ᠶ᠋ᠡᠨ ᠠᠯᠳᠠᠪᠠᠯ ᠪᠥᠬᠡ ᠶ᠋ᠢᠨ ᠬᠡᠢᠮᠣᠷᠢ ᠬᠡᠪᠲᠡᠨ᠎ᠡ ᠭᠡᠵᠦ《ᠥᠰᠢᠯ ᠥᠰᠢᠨ᠂ ᠬᠢᠰᠠᠯ ᠬᠢᠰᠠᠬᠤ》 ᠨᠢ ᠢᠪᠴᠤᠤ ᠰᠠᠨᠠᠭᠠᠨ ᠤ᠋ ᠭᠠᠢ᠃ ᠨᠠᠭᠠᠳᠤᠬᠢ ᠴᠢᠨᠢ ᠦᠨᠳᠦᠰᠦᠲᠡᠨ ᠦ᠌ ᠪᠥᠬᠡ — ᠨᠡᠢᠲᠡ ᠠᠷᠠᠳ ᠤ᠋ᠨ ᠪᠡᠶ᠎ᠡ ᠶ᠋ᠢᠨ ᠲᠠᠮᠢᠷ ᠤ᠋ᠨ ᠨᠢᠭᠡᠨ ᠲᠥᠷᠥᠯ ᠰᠢᠦ ᠳᠡ᠂ ᠶᠠᠭᠠᠬᠢᠬᠤ ᠭᠡᠵᠦ ᠬᠡᠷᠡᠮ ᠪᠤᠰᠬᠠᠭᠠᠳ ᠪᠠᠢᠨ᠎ᠠ ᠠ᠋? ᠡᠢᠨ ᠬᠦ᠌ ᠬᠥᠭᠵᠢᠯᠲᠡ ᠶ᠋ᠢᠨ ᠬᠥᠯ ᠢ᠋ᠶ᠋ᠡᠨ ᠥᠪᠡᠷᠰᠡᠳ ᠢ᠋ᠶ᠋ᠡᠨ ᠲᠤᠰᠢᠭᠰᠠᠨ ᠵᠢᠱ᠌ᠢᠶ᠎ᠡ ᠪᠥᠬᠡ ᠪᠠᠷ ᠯᠠ ᠵᠣᠭᠰᠣᠬᠤ ᠪᠢᠰᠢ᠃ ᠴᠢᠩ ᠭᠦᠷᠦᠨ ᠰᠠᠭᠤᠷᠢ ᠶ᠋ᠢ ᠨᠢ ᠲᠠᠯᠪᠢᠵᠤ ᠦᠭᠭᠦᠭᠰᠡᠨ ᠡᠨᠡ ᠬᠡᠷᠡᠮ ᠤᠯᠠᠮ ᠠᠬᠢᠴᠠᠲᠠᠢ ᠪᠠᠷᠢᠭᠳᠠᠭᠰᠠᠭᠠᠷ ᠪᠠᠢᠵᠤ᠂ ᠬᠣᠰᠢᠭᠤ᠂ ᠰᠤᠮᠤ᠂ ᠭᠠᠴᠠᠭ᠎ᠠ ᠪᠠᠷ ᠨᠢᠭᠡᠴᠢᠯᠡᠬᠦ ᠪᠣᠯᠵᠤ᠂ ᠪᠦᠷ ᠰᠡᠭᠦᠯ ᠳ᠋ᠦ᠍ᠨᠢ ᠠᠢᠯ ᠠᠢᠯ ᠢ᠋ᠶ᠋ᠠᠷ ᠨᠢᠭᠡᠴᠢᠯᠡᠭᠰᠡᠨ ᠲᠡᠮᠦᠷ ᠤᠲᠠᠰᠤᠨ ᠲᠣᠣᠷ ᠪᠣᠯᠲᠠᠯ᠎ᠠ《ᠬᠥᠭᠵᠢᠯᠡ》 ᠢᠩᠭᠢᠭᠡᠳ ᠪᠠᠷᠤᠭ ᠶᠠᠮᠠᠷ ᠴᠤ᠌ ᠬᠡᠷᠡᠮ ᠳ᠋ᠤ᠌ ᠬᠠᠰᠢᠭᠳᠠᠭᠠ ᠦᠭᠡᠢ ᠶᠠᠪᠤᠭᠰᠠᠨ ᠮᠣᠷᠢᠲᠤ ᠳᠠᠢᠴᠢᠳ ᠬᠡᠪᠡᠷᠡᠭ ᠨᠢ ᠠᠷᠭ᠎ᠠ ᠦᠭᠡᠢ ᠲᠡᠮᠦᠷ ᠤᠲᠠᠰᠤᠨ ᠲᠣᠣᠷ ᠤ᠋ᠨ ᠳᠣᠲᠣᠷ᠎ᠠ ᠪᠡᠯᠴᠢᠭᠡᠷ ᠦ᠋ᠨ ᠲᠠᠪᠤᠨ ᠬᠣᠰᠢᠭᠤ ᠮᠠᠯ ᠢ᠋ᠶ᠋ᠠᠨ ᠪᠣᠷᠳᠣᠭ᠎ᠠ ᠬᠡᠮᠡᠯᠢᠭᠰᠡᠨ ᠬᠡᠳᠦᠨ ᠲᠡᠵᠢᠭᠡᠪᠦᠷᠢ ᠪᠣᠯᠭᠠᠵᠤ ᠮᠠᠨ ᠤ᠋ ᠬᠢ᠂ ᠲᠠᠨ ᠤ᠋ ᠬᠢ ᠭᠡᠯᠴᠡᠨ ᠰᠢᠳᠦ ᠵᠠᠭᠤᠯᠴᠠᠵᠤ ᠰᠠᠭᠤᠬᠤ ᠪᠣᠯᠵᠤ᠂ ᠠᠬ᠎ᠠ ᠳᠡᠭᠦᠦ ᠬᠣᠭᠣᠷᠣᠨᠳᠣ ᠪᠠᠨ ᠠᠯᠠᠭᠠᠨ ᠬᠢᠷᠢ ᠭᠠᠵᠠᠷ ᠤ᠋ᠨ ᠲᠥᠯᠥᠭᠡ ᠨᠢᠭᠤᠷ ᠤᠯᠠᠢᠯᠴᠠᠬᠤ ᠭᠤᠨᠢᠭᠲᠤ ᠵᠦᠴᠦᠭᠡ ᠴᠦ᠍ ᠲᠡᠷᠡ ᠲᠡᠮᠦᠷ ᠤᠲᠠᠰᠤᠨ《ᠬᠡᠷᠡᠮ》 ᠦ᠋ᠨ ᠳᠣᠣᠷ᠎ᠠ ᠲᠣᠭᠯᠠᠭᠳᠠᠬᠤ ᠪᠣᠯᠤᠨ᠎ᠠ᠃
ᠮᠠᠯᠵᠢᠬᠤ᠂ ᠬᠠᠭᠠᠰ ᠲᠠᠷᠢᠶᠠᠯᠠᠬᠤ ᠬᠠᠭᠠᠰ ᠮᠠᠯᠵᠢᠬᠤ᠂ ᠲᠠᠷᠢᠶᠠᠯᠠᠬᠤ ᠵᠢᠴᠢ ᠬᠣᠲᠠᠵᠢᠬᠤ ᠠᠮᠢᠳᠤᠷᠠᠯ ᠤ᠋ᠨ ᠤᠳᠠᠭᠠᠨ ᠣᠨ ᠤ᠋ ᠬᠤᠪᠢᠷᠠᠯᠲᠠ ᠪᠠᠷ ᠮᠣᠩᠭᠣᠯᠴᠤᠳ ᠰᠣᠶᠣᠯ ᠰᠡᠳᠬᠢᠯᠭᠡᠨ ᠦ᠌ ᠲᠠᠯ᠎ᠠ ᠪᠠᠷ ᠬᠦᠨᠳᠦ ᠰᠠᠯᠪᠤᠷᠢᠯᠠᠯ ᠭᠠᠷᠴᠤ᠂ ᠥᠷᠲᠡᠭ ᠦ᠋ᠨ ᠦᠵᠡᠯᠲᠡ᠂ ᠭᠤᠸ᠎ᠠ ᠰᠠᠢᠬᠠᠨ ᠤ᠋ ᠦᠵᠡᠯᠲᠡ᠂ ᠶᠣᠰᠣ ᠪᠡᠯᠭᠡᠳᠡᠯ᠂ ᠵᠠᠩ ᠦᠢᠯᠡ ᠶ᠋ᠢᠨ ᠣᠨᠴᠠᠯᠢᠭ᠁ ᠨᠢ ᠥᠭᠡᠷ᠎ᠡ ᠥᠭᠡᠷ᠎ᠡ ᠪᠣᠯᠤᠭᠰᠠᠨ ᠢ᠋ᠶ᠋ᠠᠷ ᠠᠰᠤᠷᠤ ᠲᠣᠮᠣ《ᠰᠣᠶᠣᠯ ᠤ᠋ᠨ ᠵᠥᠷᠢᠭᠳᠡᠯ ᠬᠥᠨᠳᠡᠢ》 ᠪᠣᠢ ᠪᠣᠯᠵᠠᠢ᠃ ᠦᠨᠳᠦᠰᠦᠲᠡᠨ ᠨᠦ᠍ᠭᠦᠳ ᠦ᠋ᠨ ᠬᠣᠭᠣᠷᠣᠨᠳᠣ ᠰᠣᠶᠣᠯ ᠤ᠋ᠨ ᠵᠥᠷᠢᠶ᠎ᠡ ᠲᠡᠢ ᠪᠠᠢᠬᠤ ᠨᠢ ᠰᠣᠨᠢᠨ ᠪᠢᠰᠢ᠂ ᠪᠠᠢᠬᠤ ᠴᠤ᠌ ᠶᠣᠰᠣᠲᠠᠢ᠂ ᠬᠠᠷᠢᠨ ᠨᠢᠭᠡ ᠦᠨᠳᠦᠰᠦᠲᠡᠨ ᠳᠣᠲᠣᠷ᠎ᠠ ᠪᠠᠨ ᠰᠣᠶᠣᠯ ᠤ᠋ᠨ ᠵᠥᠷᠢᠶ᠎ᠡ ᠲᠡᠢ ᠪᠣᠯᠵᠤ ᠪᠠᠢᠨ᠎ᠠ ᠭᠡᠳᠡᠭ ᠠᠶᠤᠮᠰᠢᠭᠲᠠᠢ ᠶᠤᠮ᠃ ᠰᠣᠶᠣᠯ ᠤ᠋ᠨ ᠵᠥᠷᠢᠶ᠎ᠡ ᠨᠢ ᠣᠷᠣᠨ ᠨᠤᠲᠤᠭ ᠢᠯᠭᠠᠬᠤ ᠢᠪᠴᠤᠤ ᠦᠵᠡᠯ ᠤᠯᠠᠮ ᠬᠠᠭᠠᠷᠠᠯ ᠶᠡᠬᠡ ᠲᠡᠢ ᠪᠣᠯᠭᠠᠵᠤ ᠥᠭᠭᠦᠨ᠎ᠡ᠃ ᠶᠠᠭᠠᠬᠢᠭᠠᠳ ᠭᠡᠪᠡᠯ᠂ ᠠᠮᠢᠳᠤᠷᠠᠯ ᠦᠢᠯᠡᠳᠪᠦᠷᠢᠯᠡᠯ᠂ ᠰᠣᠶᠣᠯ ᠰᠡᠳᠬᠢᠯᠭᠡᠨ ᠦ᠌ ᠢᠯᠡᠷᠬᠡᠢ ᠵᠥᠷᠢᠶ᠎ᠡ ᠨᠢ ᠬᠥᠮᠦᠨ ᠬᠣᠭᠣᠷᠣᠨᠳᠣ ᠶ᠋ᠢᠨ ᠣᠢᠯᠠᠭᠠᠯᠴᠠᠭ᠎ᠠ᠂ ᠰᠠᠨᠠᠯ ᠨᠢᠭᠡᠲᠡᠢ ᠦᠵᠡᠯᠲᠡ᠂ ᠭᠤᠸ᠎ᠠ ᠲᠠᠭᠠᠰᠢᠶᠠᠯ ᠤ᠋ᠨ ᠲᠠᠨᠢᠯᠲᠠ᠂ ᠥᠷᠲᠡᠭ ᠦ᠋ᠨ ᠦᠨᠡᠯᠡᠭᠡ ᠵᠢᠴᠢ ᠵᠠᠩ ᠦᠢᠯᠡ᠂ ᠪᠡᠯᠭᠡᠳᠡᠯ ᠶᠣᠰᠣ᠁ ᠵᠡᠷᠭᠡ ᠣᠯᠠᠨ ᠲᠠᠯ᠎ᠠ ᠶ᠋ᠢᠨ ᠵᠥᠷᠢᠶ᠎ᠡ ᠶ᠋ᠢ ᠤᠯᠠᠮ ᠬᠣᠯᠠᠳᠤᠭᠤᠯᠳᠠᠭ᠃ ᠡᠨᠡ ᠪᠣᠯ ᠥᠨᠥᠳᠥᠷ ᠦ᠋ᠨ ᠮᠣᠩᠭᠣᠯᠴᠤᠳ ᠤ᠋ᠨ ᠡᠮᠦᠨ᠎ᠡ ᠬᠥᠨᠳᠡᠯᠢᠰᠦᠭᠰᠡᠨ ᠬᠡᠷᠡᠮ ᠪᠠᠢᠭ᠎ᠠ ᠶᠤᠮ᠃ ᠭᠡᠪᠡᠴᠦ ᠡᠨᠡ ᠬᠡᠷᠡᠮ ᠨᠢ ᠴᠠᠭᠠᠨ ᠬᠡᠷᠡᠮ ᠰᠢᠭ ᠥᠭᠡᠷ᠎ᠡ ᠪᠤᠰᠤᠳ ᠤᠯᠤᠰ ᠦᠨᠳᠦᠰᠦᠲᠡᠨ ᠲᠡᠢ ᠬᠠᠷᠢᠯᠴᠠᠭ᠎ᠠ ᠲᠠᠢ ᠪᠠᠢᠬᠤ ᠶ᠋ᠢ ᠬᠠᠭᠠᠭᠰᠠᠨ ᠬᠡᠷᠡᠮ ᠪᠢᠰᠢ! ᠮᠣᠩᠭᠣᠯ ᠠᠷᠠᠳ ᠤ᠋ᠨ ᠳᠠᠭᠤᠤ ᠳ᠋ᠤ᠌《ᠶᠠᠰᠤ ᠶ᠋ᠢ ᠮᠢᠨᠢ ᠦᠵᠡᠶ᠎ᠡ ᠭᠡᠪᠡᠯ ᠴᠠᠭᠠᠨ ᠬᠡᠷᠡᠮ ᠦ᠋ᠨ ᠢᠷᠣᠭᠠᠷ ᠲᠤ᠌᠂ ᠴᠢᠰᠤ ᠶ᠋ᠢ ᠮᠢᠨᠢ ᠦᠵᠡᠶ᠎ᠡ ᠭᠡᠪᠡᠯ ᠬᠠᠷ᠎ᠠ ᠬᠣᠲᠠ ᠶ᠋ᠢᠨ ᠠᠮᠠᠨ ᠳ᠋ᠤ᠌》 ᠭᠡᠳᠡᠭᠴᠢᠯᠡᠨ ᠦᠨᠡᠬᠡᠷ ᠴᠦ᠍ ᠮᠣᠩᠭᠣᠯᠴᠤᠳ ᠮᠠᠨᠢ ᠡᠢᠨ ᠬᠦ᠌ ᠬᠡᠵᠢᠶᠡᠳᠡ ᠬᠡᠷᠡᠮ ᠦ᠋ᠨ ᠢᠷᠣᠭᠠᠷ ᠲᠤ᠌ ᠲᠠᠭᠠᠷᠠᠬᠤ᠂ ᠡᠰᠡᠬᠦᠯ᠎ᠡ ᠬᠡᠷᠡᠮ ᠦ᠋ᠨ ᠢᠷᠣᠭᠠᠷ ᠲᠤ᠌ ᠡᠷᠡᠰᠳᠡᠬᠦ ᠬᠠᠲᠠᠭᠤ ᠲᠠᠪᠢᠯᠠᠩ ᠲᠠᠢ ᠶᠤᠮ ᠭᠡᠵᠦ ᠤᠤ? ᠪᠢᠰᠢ ᠯᠡ ᠪᠠᠢᠭᠠᠰᠠᠢ!
ᠣᠯᠠᠨ ᠵᠠᠭᠤᠨ ᠵᠢᠯ ᠦ᠋ᠨ ᠡᠮᠦᠨ᠎ᠡ ᠪᠠᠷᠢᠬᠳᠠᠭᠰᠠᠨ ᠴᠠᠭᠠᠨ ᠬᠡᠷᠡᠮ ᠮᠥᠨ ᠴᠦ᠍ ᠣᠯᠠᠨ ᠵᠠᠭᠤᠨ ᠵᠢᠯ ᠦ᠋ᠨ ᠲᠤᠷᠰᠢ ᠠᠳᠠᠯᠢ ᠪᠤᠰᠤ ᠬᠣᠶᠠᠷ ᠰᠣᠶᠣᠯ ᠢᠷᠭᠡᠨᠰᠢᠯ ᠦ᠋ᠨ ᠪᠠᠶ᠋ᠢᠭᠠᠯᠢᠯᠢᠬ ᠵᠠᠭᠠᠭ ᠦ᠋ᠨ ᠬᠥᠰᠢᠶ᠎ᠡ ᠪᠣᠯᠤᠭᠰᠠᠭᠠᠷ ᠢᠷᠡᠯ᠎ᠡ᠃ ᠬᠠᠷᠢᠨ ᠥᠨᠥᠳᠥᠷ ᠡᠨᠡ ᠤᠳᠬ᠎ᠠ ᠨᠢ ᠪᠠᠯᠠᠷᠬᠠᠶ᠋ᠢᠰᠢᠵᠤ ᠣᠮᠣᠭᠰᠢᠯ ᠪᠤᠶᠤ ᠭᠠᠶ᠋ᠢᠬᠠᠮᠰᠢᠭ ᠪᠣᠯᠤᠨ ᠶᠠᠷᠢᠬᠳᠠᠬᠤ ᠪᠣᠯᠵᠠᠢ᠃ ᠡᠨᠡ ᠬᠡᠷᠡᠮ ᠊ᠢ ᠪᠠᠷᠢᠭᠤᠯᠤᠭᠰᠠᠨ ᠨᠡᠭᠦᠳᠡᠯᠴᠢᠳ ᠦ᠋ᠨ ᠬᠣᠶ᠋ᠢᠴᠢᠰ ᠴᠤ᠌ ᠳᠡᠭᠡᠳᠦᠰ ᠦ᠋ᠨ ᠲᠡᠦᠬᠡ ᠪᠡᠨ ᠮᠠᠷᠲᠠᠬᠤ ᠳ᠋ᠠᠭᠠᠨ ᠳᠥᠭᠥᠵᠡᠢ᠃ ᠭᠡᠪᠡᠴᠦ ᠡᠭᠦᠨ ᠦ ᠳᠠᠯᠢᠮ ᠶ᠋ᠢᠠᠷ ᠰᠣᠶᠣᠯ ᠦ᠋ᠨ ᠵᠥᠷᠢᠶ᠎ᠡ ᠬᠡᠮᠡᠬᠦ ᠠᠰᠤᠷᠤ ᠲᠣᠮᠣ ᠰᠠᠭᠤᠷᠢ ᠳᠡᠭᠡᠷ᠎ᠡ ᠨᠢᠭᠡ ᠡᠴᠢᠭᠡ ᠶ᠋ᠢᠨ ᠬᠡᠦᠬᠡᠳ ᠦ᠋ᠳ《ᠲᠠᠨ ᠤ ᠬᠢ᠂ ᠮᠠᠨ ᠤ ᠬᠢ》 ᠬᠡᠯᠴᠡᠡ ᠬᠡᠷᠡᠮ ᠪᠣᠰᠬᠠᠵᠤ᠂ ᠬᠠᠰᠢᠶᠠᠨ ᠳ᠋ᠠᠭᠠᠨ《ᠠᠰᠠᠷᠠᠭᠰᠠᠨ》 ᠬᠡᠳᠦᠨ ᠬᠠᠷᠠᠭᠴᠢ ᠦᠨᠢᠶ᠎ᠡ ᠪᠡᠨ ᠰᠢᠪᠲᠤᠷᠴᠤ᠂《ᠮᠣᠩᠭᠣᠯ ᠬᠥᠮᠦᠨ ᠴᠠᠭᠠᠨ ᠢᠳᠡᠭᠡ ᠡᠴᠡ ᠪᠡᠨ ᠰᠠᠯᠵᠤ ᠪᠣᠯᠬᠤ ᠦᠭᠡᠢ ᠰᠢᠦ!》 ᠭᠡᠴᠢᠬᠡᠭᠰᠡᠨ《ᠠᠮᠤᠷ ᠰᠠᠶ᠋ᠢᠨ ᠳ᠋ᠠᠭᠠᠨ ᠵᠢᠷᠭᠠᠬᠤ》 ᠪᠣᠯᠵᠠᠢ᠁ ᠶᠠᠭᠤᠲᠠᠢ ᠭᠤᠨᠢᠭ! ᠴᠠᠭᠠᠨ ᠬᠡᠷᠡᠮ ᠨᠡᠭᠦᠳᠡᠯᠴᠢᠳ ᠦ᠋ᠨ ᠳᠣᠪᠲᠣᠯᠤᠯᠲᠠ ᠶ᠋ᠢ ᠬᠣᠷᠢᠵᠤ ᠴᠢᠳᠠᠭᠰᠠᠨ ᠦᠭᠡᠢ᠂ ᠮᠥᠨ ᠴᠦ᠍ ᠨᠡᠭᠦᠳᠡᠯᠴᠢᠳ ᠦ᠋ᠨ ᠨᠤᠲᠤᠭ ᠲᠤ ᠢᠷᠡᠵᠦ ᠡᠯᠡᠰᠦ ᠲᠠᠷᠢᠬᠰᠠᠨ ᠴᠠᠭᠠᠴᠢᠳ ᠦ᠋ᠨ ᠬᠥᠯ ᠊ᠢ ᠴᠦ᠍ ᠬᠣᠷᠢᠵᠤ ᠴᠢᠳᠠᠭᠰᠠᠨ ᠦᠭᠡᠢ᠃
ᠦᠰᠦᠭ ᠠᠮᠢᠯᠠᠭᠤᠯᠤᠭᠴᠢ᠄ ᠨᠠᠷᠠᠨᠲᠤᠶᠠᠭ᠎ᠠ᠂ ᠪᠠᠶᠠᠨᠴᠡᠴᠡᠭ᠂ ᠡᠷᠳᠡᠨᠢᠭᠣᠤ᠎ᠠ᠂ ᠢᠳᠰᠢᠩᠬᠣᠷᠯᠣ
ᠬᠢᠨᠠᠭᠴᠢ ᠪᠠᠭᠰᠢ᠄ ᠰᠡᠬᠡᠭᠡᠷᠡᠯ᠂ ᠣᠳᠬᠠᠨᠰᠣ᠎ᠠ
