ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠭᠤᠷᠪᠠᠳᠣᠭᠠᠷ ᠪᠦᠯᠦᠭ᠂ ᠭᠤᠷᠪᠠᠳᠡᠬᠢ ᠠᠶᠠᠯᠠᠯ (ᠨᠢᠭᠡ) Сэрүүхэн тал нутаг–<свис> Вальтер Босгард (Walter Bosshard)- Гуравдугаар бөлөг᠂Гуравдэх аялал 1 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠭᠤᠷᠪᠠᠳᠣᠭᠠᠷ ᠪᠦᠯᠦᠭ᠂ ᠭᠤᠷᠪᠠᠳᠡᠬᠢ ᠠᠶᠠᠯᠠᠯ (ᠨᠢᠭᠡ) Сэрүүхэн тал нутаг–<свис> Вальтер Босгард (Walter Bosshard)- Гуравдугаар бөлөг᠂Гуравдэх аялал 1

ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠭᠤᠷᠪᠠᠳᠣᠭᠠᠷ ᠪᠦᠯᠦᠭ᠂ ᠭᠤᠷᠪᠠᠳᠡᠬᠢ ᠠᠶᠠᠯᠠᠯ (ᠨᠢᠭᠡ) Сэрүүхэн тал нутаг–<свис> Вальтер Босгард (Walter Bosshard)- Гуравдугаар бөлөг᠂Гуравдэх аялал 1

ᠠᠩᠭᠢᠯᠠᠯ:ᠲᠤᠭᠤᠵᠢ ᠷᠣᠮᠠᠨ
2024-07-13

259

ᠭᠤᠷᠪᠠᠳᠤᠭᠠᠷ ᠪᠦᠯᠦᠭ ᠂ ᠭᠤᠷᠪᠠᠳᠡᠬᠢ ᠠᠶᠠᠯᠠᠯ

ᠨᠢᠭᠡ ᠂ ᠡᠮᠡᠭᠲᠡᠢᠴᠦᠳ ᠦᠭᠡᠢ ᠨᠡᠢᠰᠯᠡᠯ


       ᠨᠢᠭᠡᠨ ᠡᠳᠦᠷ ᠲᠤᠷᠬᠧᠨᠢ ᠦᠪᠸᠷᠬᠧ ᠪᠡᠭᠡᠵᠢᠩ ᠳ᠋ᠦ᠍ ᠳᠠᠬᠢᠨ ᠬᠦᠷᠴᠦ ᠢᠷᠡᠪᠡ᠃ ᠲᠡᠭᠦᠨ ᠲᠡᠢ ᠬᠠᠮᠲᠤ ᠢᠷᠡᠭᠰᠡᠨ ᠨᠢ ᠲᠡᠭᠦᠨ ᠢ ᠰᠸᠸᠳ᠋ᠸᠨ ᠳ᠋ᠦ᠍ ᠳᠣᠯᠣᠭᠠᠨ ᠵᠢᠯ ᠭᠦᠯᠢᠶᠡᠭᠰᠡ᠊ᠨ ᠪᠷᠢᠲ᠋ᠠ ᠪᠠᠢᠯ᠎ᠠ᠃ ᠣᠳᠣ ᠲᠡᠳᠡ ᠨᠢᠭᠡᠨᠲᠡ ᠵᠢᠷᠭᠠᠯᠲᠠᠢ ᠪᠠᠷ ᠬᠤᠷᠢᠮ ᠢ᠋ᠶ᠋ᠠᠨ ᠬᠢᠵᠦ᠂ ᠪᠠᠯᠲᠤ ᠰᠠᠷ᠎ᠠ ᠶ᠋ᠢᠨ ᠵᠤᠭᠠᠴᠠᠯ ᠢ᠋ᠶ᠋ᠠᠨ ᠬᠢᠭᠰᠡᠨ ᠪᠥᠭᠡᠳ ᠭᠦᠢᠬᠤᠸᠠ ᠬᠤᠲᠠᠨ᠎ᠠ ᠭᠡᠷ ᠡᠷᠦᠬᠡ ᠪᠡᠨ ᠪᠤᠰᠬᠠᠵᠠᠢ᠃ ᠲᠡᠳᠡ ᠨᠠᠮᠠᠶ᠋ᠢ ᠭᠡᠷ ᠲᠡᠭᠡᠨ ᠤᠷᠢᠬᠤ ᠳ᠋ᠤ᠌ ᠪᠢ ᠤᠳᠠᠯ ᠦᠭᠡᠢ ᠲᠡᠳᠡᠨ ᠢ᠋ ᠦᠵᠡᠬᠦ ᠪᠡᠷ ᠬᠦᠷᠦᠨ᠎ᠡ ᠭᠡᠵᠦ ᠠᠮᠠᠯᠠᠭᠰᠠᠨ ᠪᠢᠯᠡ᠃ ᠡᠨᠡ ᠬᠦ᠌ ᠠᠮᠠᠯᠠᠯ ᠳ᠋ᠠᠭᠠᠨ ᠬᠦᠷᠬᠦ ᠪᠣᠯᠲᠠᠯ᠎ᠠ ᠪᠠᠷᠤᠭ ᠯᠠ ᠨᠢᠭᠡ ᠵᠢᠯ ᠣᠢᠷᠠᠲᠤᠯ᠎ᠠ᠃ ᠢᠩᠭᠢᠭᠡᠳ ᠠᠷᠪᠠᠨ ᠨᠢᠭᠡᠳᠦᠭᠡᠷ ᠰᠠᠷ᠎ᠠ ᠶ᠋ᠢᠨ ᠨᠢᠭᠡᠨ ᠬᠦᠢᠲᠡᠨ ᠥᠷᠯᠥᠭᠡ ᠪᠢᠳᠡ ᠭᠦᠢᠬᠤᠸᠠ ᠠ᠋ᠴᠠ ᠪᠠᠳᠤᠬᠠᠭᠠᠯᠭ᠎ᠠ - ᠮᠣᠩᠭᠣᠯ ᠤ᠋ᠨ ᠰᠢᠨ᠎ᠡ ᠨᠡᠢᠰᠯᠡᠯ ᠳ᠋ᠦ᠍ ᠬᠦᠷᠬᠦ ᠪᠡᠷ ᠬᠥᠳᠡᠯᠦᠯ᠎ᠡ᠃ 
       ᠪᠷᠢᠲ᠋ᠠ ᠦᠪᠸᠷᠬᠧ ᠨᠢᠭᠡᠳᠡ ᠲᠤᠷᠬᠧᠨᠢ ᠶ᠋ᠢᠨ ᠭᠠᠭᠴᠠ ᠬᠥᠮᠦᠨ ᠦ᠌ ᠪᠠᠢᠷᠢ ᠶ᠋ᠢ ᠲᠠᠭᠠᠯᠠᠮᠵᠢᠲᠠᠢ ᠰᠠᠢᠬᠠᠨ ᠠᠢᠯ ᠭᠡᠷ ᠪᠣᠯᠭᠠᠨ ᠲᠥᠪᠬᠢᠨᠡᠭᠦᠯᠴᠢᠬᠡᠭᠰᠡᠨ ᠪᠠᠢᠪᠠ᠃ ᠤᠷᠢᠳᠤ ᠶ᠋ᠢᠨ ᠲᠡᠮᠡᠭᠡᠨ ᠵᠢᠩ ᠦ᠋ᠨ ᠪᠠᠭᠤᠳᠠᠯ ᠪᠠᠢᠭᠰᠠᠨ ᠲᠣᠮᠣ ᠬᠦᠷᠢᠶ᠎ᠡ ᠶ᠋ᠢ ᠲᠣᠭᠣᠷᠢᠭᠤᠯᠤᠨ ᠪᠠᠷᠢᠭᠰᠠᠨ ᠪᠠᠢᠰᠢᠩ ᠳ᠋ᠤ᠌ ᠲᠡᠳᠡᠨ ᠦ᠌ ᠠᠯᠪᠠᠨ ᠭᠡᠷ᠂ ᠵᠣᠴᠢᠨ ᠤ᠋ ᠥᠷᠥᠭᠡ ᠨᠢ ᠪᠠᠢᠷᠢᠯᠠᠳᠠᠭ ᠠᠵᠢ᠃ ᠶᠡᠬᠡ ᠬᠠᠭᠠᠯᠭ᠎ᠠ ᠶ᠋ᠢᠨ ᠬᠠᠵᠠᠭᠤ ᠳ᠋ᠠᠬᠢ ᠨᠣᠬᠠᠢ ᠨᠢ ᠲᠠᠨᠢᠯ ᠪᠤᠰᠤ ᠬᠥᠮᠦᠰ ᠢ᠋ ᠬᠣᠷᠭᠣᠭᠣᠵᠤ ᠯᠠ ᠪᠠᠢᠪᠠ᠃ ᠠᠮᠧᠷᠢᠺᠠᠴᠤᠳ᠂ ᠧᠦ᠋ᠷᠣᠫᠠᠴᠤᠳ᠂ ᠬᠢᠲᠠᠳ᠂ ᠮᠣᠩᠭᠣᠯᠴᠤᠳ ᠡᠨᠡ ᠬᠦ᠌ ᠵᠣᠴᠢᠨᠰᠠᠭ ᠠᠢᠯ ᠳ᠋ᠤ᠌ ᠢᠷᠡᠵᠦ ᠶᠠᠪᠤᠵᠠᠭᠠᠨ᠎ᠠ᠃ ᠮᠠᠯᠴᠢᠳ ᠪᠤᠶᠤ ᠮᠣᠩᠭᠣᠯ ᠢᠵᠠᠭᠤᠷᠲᠠᠳ ᠥᠪᠸᠷᠬᠧ ᠳ᠋ᠦ᠍ ᠬᠣᠨᠢ ᠮᠣᠷᠢ ᠪᠠᠨ ᠬᠤᠳᠠᠯᠳᠤᠬᠤ ᠭᠡᠬᠦ ᠪᠤᠶᠤ ᠡᠨᠡ ᠬᠦ᠌ ᠲᠣᠭᠲᠠᠭᠤᠨ ᠪᠤᠰᠤ ᠴᠠᠭ ᠲᠤ᠌ ᠣᠨᠳᠣᠣ ᠬᠡᠷᠡᠭ ᠤᠴᠢᠷ ᠲᠠᠭᠠᠨ ᠴᠤ᠌ ᠠᠷᠭ᠎ᠠ ᠲᠤᠰᠠᠯᠠᠮᠵᠢ ᠡᠷᠢᠨ ᠢᠷᠡᠳᠡᠭ ᠠᠵᠢ᠃  
       ᠮᠣᠩᠭᠣᠯᠴᠤᠳ ᠬᠣᠰᠢᠭᠤ ᠬᠤᠰᠢᠭᠤᠨ ᠤ᠋ ᠵᠠᠰᠠᠭ ᠲᠠᠭᠠᠨ ᠵᠠᠬᠢᠷᠤᠭᠳᠠᠨ᠂ ᠳᠡᠯᠡᠬᠡᠢ ᠶ᠋ᠢᠨ ᠤᠯᠤᠰ ᠲᠥᠷᠥ ᠡᠴᠡ ᠬᠣᠯᠠᠬᠠᠨ ᠪᠠᠢᠵᠤ᠂ ᠳᠡᠯᠡᠬᠡᠢ ᠶ᠋ᠢᠨ ᠠᠭᠤᠷ ᠠᠮᠢᠰᠬᠤᠯ ᠨᠢ ᠶᠠᠭᠠᠬᠢᠭᠰᠠᠨ ᠴᠤ᠌ ᠲᠡᠳᠡᠨ ᠦ᠌ ᠬᠥᠭᠵᠢᠯ ᠳᠣᠷᠣᠢᠲᠠᠯ ᠲᠠᠢ ᠬᠣᠯᠪᠣᠭᠳᠠᠬᠤ ᠪᠣᠯᠤᠮᠵᠢ ᠦᠭᠡᠢ ᠭᠡᠮᠡᠨ ᠲᠠᠰᠤ ᠰᠡᠳᠬᠢᠵᠦ ᠪᠠᠢᠵᠠᠢ᠃ ᠡᠳᠡᠭᠡᠷ ᠠᠢᠮᠠᠭ ᠶᠠᠰᠤᠲᠠᠳ ᠪᠠᠷᠤᠭ ᠯᠠ ᠪᠦᠷ ᠲᠤᠰᠠᠭᠠᠷᠯᠠᠭᠳᠠᠮᠠᠯ ᠪᠠᠢᠳᠠᠯ ᠳ᠋ᠤ᠌ ᠪᠠᠢᠵᠤ᠂ ᠥᠨᠥᠳᠥᠷ ᠡᠭᠦᠨ ᠲᠡᠢ ᠨᠢ ᠬᠣᠯᠪᠣᠭᠠᠯᠠᠵᠤ᠂ ᠮᠠᠷᠭᠠᠰᠢ ᠨᠥᠭᠦᠭᠡ ᠨᠢᠭᠡᠨ ᠬᠣᠯᠪᠣᠭ᠎ᠠ ᠠ᠋ᠴᠠ ᠨᠢ ᠰᠠᠯᠬᠤ ᠤᠴᠢᠷ ᠴᠤ᠌ ᠪᠠᠢᠳᠠᠭ ᠠᠵᠢ᠃ ᠣᠳᠣ ᠬᠠᠷᠢᠨ ᠲᠡᠳᠡᠨ ᠦ᠌ ᠤᠭ ᠰᠠᠨᠠᠭ᠎ᠠ ᠠ᠋ᠴᠠ ᠵᠥᠷᠢᠵᠦ᠂ ᠮᠣᠩᠭᠣᠯᠴᠤᠳ ᠭᠡᠨᠡᠳᠲᠡ ᠯᠡ ᠳᠡᠯᠡᠬᠡᠢ ᠶ᠋ᠢᠨ ᠤᠯᠤᠰ ᠲᠥᠷᠥ ᠳ᠋ᠦ᠍ ᠬᠠᠮᠤᠷᠤᠭᠳᠠᠨ ᠣᠷᠣᠵᠠᠢ᠃ ᠵᠠᠷᠢᠮ ᠮᠣᠩᠭᠣᠯ ᠢᠵᠠᠭᠤᠷᠲᠠᠳ ᠡᠬᠢᠯᠡᠨ ᠴᠠᠭ ᠤ᠋ᠨ ᠪᠠᠢᠳᠠᠯ ᠳ᠋ᠤ᠌ ᠠᠩᠬᠠᠷᠤᠯ ᠲᠠᠯᠪᠢᠬᠤ ᠪᠣᠯᠤᠯ᠎ᠠ᠃ ᠮᠣᠩᠭᠣᠯ ᠬᠣᠰᠢᠭᠤᠳ ᠤ᠋ᠨ ᠲᠦᠭᠵᠢᠮᠡᠯ ᠲᠤᠰᠠᠭᠠᠷ ᠪᠠᠢᠳᠠᠯ ᠵᠢᠴᠢ ᠨᠢᠭᠡᠳᠦᠯᠲᠡᠢ ᠤᠳᠤᠷᠢᠳᠤᠯᠭ᠎ᠠ ᠦᠭᠡᠢ ᠵᠡᠷᠭᠡ ᠳᠤᠲᠠᠭᠳᠠᠯ ᠨᠢ ᠮᠣᠩᠭᠣᠯ ᠬᠥᠮᠦᠨ ᠢ᠋ ᠳᠣᠷᠣᠢᠲᠠᠯ ᠤ᠋ᠨ ᠵᠠᠮ ᠳ᠋ᠤ᠌ ᠣᠷᠣᠭᠤᠯᠤᠨ᠎ᠠ ᠭᠡᠳᠡᠭ ᠢ᠋ ᠲᠡᠳᠡ ᠰᠠᠶᠢ ᠡᠬᠢᠯᠡᠨ ᠣᠢᠯᠠᠭᠠᠵᠠᠭᠠᠵᠠᠢ᠃ ᠡᠨᠡᠬᠦ ᠬᠠᠮᠲᠤ ᠶ᠋ᠢᠨ ᠠᠰᠢᠭ ᠲᠤᠰᠠ ᠠ᠋ᠴᠠ ᠪᠣᠯᠵᠤ ᠰᠢᠨ᠎ᠡ ᠬᠣᠯᠪᠣᠭ᠎ᠠ ᠶ᠋ᠢ ᠪᠦᠷᠢᠯᠳᠦᠭᠦᠯᠵᠦ᠂ ᠪᠢᠳᠡᠨ ᠦ᠌ ᠨᠠᠢᠵᠠ ᠪᠣᠯᠬᠤ ᠳᠡᠮᠴᠦᠭᠳᠦᠩᠷᠦᠪ ᠨᠣᠶᠠᠨ ᠬᠤᠷᠴᠠ ᠰᠡᠷᠭᠦᠯᠡᠩ ᠪᠥᠭᠡᠳ ᠪᠤᠰᠢᠭᠤ ᠱᠠᠯᠠᠮᠠᠭ ᠢ᠋ᠶ᠋ᠠᠷ ᠢ᠋ᠶ᠋ᠠᠨ ᠮᠣᠩᠭᠣᠯᠴᠤᠳ ᠢ᠋ ᠨᠢᠭᠡᠳᠦᠭᠦᠯᠬᠦ ᠡᠨᠡ ᠬᠥᠳᠡᠯᠭᠡᠭᠡᠨ ᠢ᠋ ᠥᠷᠨᠢᠭᠦᠯᠬᠦ ᠴᠢᠬᠤᠯᠠ ᠬᠥᠮᠦᠨ ᠪᠣᠯᠤᠭᠰᠠᠨ ᠪᠢᠯᠡ᠃ ᠲᠡᠷᠡ ᠠᠽᠢᠶ᠎ᠠ ᠶ᠋ᠢᠨ ᠭᠤᠷᠪᠠᠨ ᠶᠡᠬᠡ ᠬᠦᠴᠦᠨ ᠣᠷᠣᠰ᠂ ᠶᠠᠫᠣᠨ᠂ ᠬᠢᠲᠠᠳ ᠤ᠋ᠨ ᠳᠤᠮᠳᠠ ᠲᠦᠷ ᠴᠠᠭ ᠮᠣᠩᠭᠣᠯ ᠤ᠋ᠨ ᠮᠠᠨᠠᠭᠤᠯ ᠵᠠᠰᠠᠭ ᠲᠠᠢ ᠤᠯᠤᠰ ᠪᠠᠢᠭᠤᠯᠤᠨ ᠠᠯᠬᠤᠮ ᠠᠯᠬᠤᠮ ᠢ᠋ᠶ᠋ᠠᠷ ᠬᠦᠴᠦᠷᠬᠡᠭᠵᠢᠬᠦ ᠶ᠋ᠢ ᠰᠠᠨᠠᠭᠰᠠᠨ ᠠᠵᠢ᠃ 
       ᠬᠠᠲᠠᠭᠤ ᠬᠥᠯᠳᠡᠭᠰᠡᠨ ᠲᠠᠯ᠎ᠠ ᠨᠤᠲᠤᠭ ᠢ᠋ᠶ᠋ᠠᠷ ᠤᠳᠠᠭᠠᠨ ᠭᠡᠭᠴᠢ ᠵᠦᠳᠡᠷᠡᠲᠡᠯ᠎ᠡ ᠠᠶᠠᠯᠠᠭᠠᠳ ᠰᠦᠮ᠎ᠡ ᠶ᠋ᠢᠨ ᠠᠯᠲᠠᠨ ᠰᠢᠷᠭᠠᠯ ᠳᠡᠭᠡᠪᠦᠷ ᠢ᠋ ᠣᠯᠵᠤ ᠬᠠᠷᠠᠯ᠎ᠠ᠃ ᠡᠨᠡ ᠪᠣᠯ ᠪᠠᠳᠤᠬᠠᠭᠠᠯᠭ᠎ᠠ᠂ ᠥᠪᠥᠷ ᠮᠣᠩᠭᠣᠯ ᠤ᠋ᠨ ᠰᠢᠨ᠎ᠡ ᠨᠡᠢᠰᠯᠡᠯ ( ᠵᠢᠷᠤᠭ 57 ) ᠪᠣᠯᠤᠨ᠎ᠠ᠃ ᠣᠳᠣᠬᠠᠨ ᠪᠣᠯᠲᠠᠯ᠎ᠠ ᠴᠥᠭᠡᠬᠡᠨ ᠬᠡᠳᠦᠨ ᠭᠠᠵᠠᠷ ᠤ᠋ᠨ ᠵᠢᠷᠤᠭ ᠳᠡᠭᠡᠷ᠎ᠡ ᠲᠡᠮᠳᠡᠭᠯᠡᠭᠳᠡᠭᠡ ᠵᠢᠵᠢᠭᠬᠡᠨ ᠭᠠᠵᠠᠷ ᠶᠤᠮ᠃ ᠭᠡᠪᠡᠴᠦ ᠲᠡᠦᠬᠡᠨ ᠳᠡᠭᠡᠷ᠎ᠡ ᠪᠣᠯ ᠨᠡᠷᠡᠲᠡᠢ ᠭᠠᠵᠠᠷ ᠪᠠᠢᠵᠠᠢ᠃ ᠠᠷᠪᠠᠨ ᠳᠣᠯᠣᠳᠤᠭᠠᠷ ᠵᠠᠭᠤᠨ ᠳ᠋ᠤ᠌ ᠠᠷᠤ ᠮᠣᠩᠭᠣᠯ ᠠ᠋ᠴᠠ ᠴᠠᠭᠠᠴᠢᠯᠠᠨ ᠢᠷᠡᠭᠰᠡᠨ ᠬᠥᠮᠦᠨ ᠠᠳᠠ ᠨᠢᠭᠡ ᠲᠣᠮᠣ ᠰᠦᠮ᠎ᠡ ᠪᠠᠢᠭᠤᠯᠵᠤ᠂ ᠲᠡᠳᠡᠨ ᠦ᠌ ᠬᠣᠢᠴᠢ ᠨᠠᠷ ᠰᠦᠮ᠎ᠡ ᠶ᠋ᠢᠨ ᠲᠣᠭᠣᠷᠢᠨ ᠳ᠋ᠤ᠌ ᠮᠠᠯᠵᠢᠨ ᠠᠮᠢᠳᠤᠷᠠᠭᠰᠠᠭᠠᠷ ᠪᠠᠢᠵᠠᠢ᠃ 1913 ᠣᠨ ᠳ᠋ᠤ᠌ ᠬᠢᠲᠠᠳ ᠤ᠋ᠨ ᠴᠡᠷᠢᠭ ᠦ᠋ᠨ ᠲᠦᠷᠢᠯᠲᠡ ᠳ᠋ᠦ᠍ ᠰᠢᠲᠠᠭᠠᠭᠳᠠᠵᠤ ᠰᠦᠢᠳᠦᠭᠰᠡᠨ ᠰᠦᠮ᠎ᠡ ᠪᠡᠨ ᠰᠡᠭᠦᠯᠡᠷ ᠨᠢ ᠳᠠᠬᠢᠨ ᠰᠡᠯᠪᠢᠨ ᠵᠠᠰᠠᠵᠠᠢ᠃ ᠡᠨᠡᠬᠦ ᠰᠦᠮ᠎ᠡ ᠶ᠋ᠢᠨ ᠭᠠᠵᠠᠷ ᠢ᠋ ᠮᠣᠩᠭᠣᠯ ᠢᠵᠠᠭᠤᠷᠲᠠᠨ ᠤ᠋ ᠴᠤᠭᠯᠠᠷᠠᠬᠤ ᠭᠠᠵᠠᠷ ᠪᠣᠯᠭᠠᠭᠰᠠᠨ ᠨᠢ ᠵᠥᠪᠬᠡᠨ ᠠᠷᠤ ᠥᠪᠥᠷ ᠮᠣᠩᠭᠣᠯ ᠤ᠋ᠨ ᠲᠡᠦᠬᠡᠨ ᠳ᠋ᠡᠬᠢ ᠬᠠᠷᠢᠴᠠᠭ᠎ᠠ ᠶ᠋ᠢ ᠪᠣᠳᠣᠯᠬᠢᠯᠠᠭᠰᠠᠨ ᠪᠢᠰᠢ᠂ ᠪᠠᠰᠠ ᠡᠨᠳᠡᠬᠢ ᠨᠢ ᠯᠠᠮᠠ ᠶ᠋ᠢᠨ ᠱᠠᠰᠢᠨ ᠤ᠋ ᠨᠢᠭᠡᠳᠦᠯᠲᠡᠢ ᠰᠢᠲᠦᠯᠭᠡ ᠳᠣᠣᠷ᠎ᠠ ᠮᠣᠩᠭᠣᠯ ᠤ᠋ᠨ ᠣᠯᠠᠨ ᠶᠠᠰᠤᠲᠠᠨ ᠴᠤᠭᠯᠠᠷᠠᠬᠤ ᠳ᠋ᠤ᠌ ᠠᠰᠢᠭᠲᠠᠢ ᠶᠤᠮ᠃ ᠰᠦᠮ᠎ᠡ ᠶ᠋ᠢᠨ ᠴᠠᠭᠠᠨ ᠬᠡᠷᠡᠮ ᠡᠴᠡ ᠪᠠᠷᠠᠭᠤᠨᠰᠢ ᠪᠠᠨ ᠪᠣᠷᠣ ᠭᠡᠷ ᠦ᠋ᠳ ᠢᠷᠠᠢᠵᠤ ᠲᠡᠳᠡᠨ ᠦ᠌ ᠳᠤᠮᠳᠠ ᠬᠤᠷᠠᠯᠲᠠᠢ ᠪᠠᠷ ᠳᠠᠮᠵᠢᠨ ᠨᠣᠶᠠᠳ ᠲᠦᠰᠢᠮᠡᠯ ᠰᠣᠩᠭᠣᠬᠤ ᠬᠤᠷᠠᠯ ᠤ᠋ᠨ ᠲᠣᠮᠣ ᠭᠡᠷ ᠰᠦᠨᠳᠡᠷᠯᠡᠨ᠎ᠡ ( ᠵᠢᠷᠤᠭ 48 ) ᠃ 
       ᠪᠠᠳᠤᠬᠠᠭᠠᠯᠭ᠎ᠠ ᠪᠣᠯ ᠳᠡᠯᠡᠬᠡᠢ ᠳ᠋ᠦ᠍ ᠶᠣᠰᠣᠲᠠᠢ ᠯᠠ ᠬᠣᠪᠣᠷᠬᠠᠨ ᠲᠣᠬᠢᠶᠠᠯᠳᠤᠬᠤ ᠨᠡᠢᠰᠯᠡᠯ ᠪᠢᠯᠡ᠃ ᠠᠳᠠ ᠵᠡᠭᠡᠯᠢ ᠦᠭᠡᠢ᠂ ᠳᠡᠯᠭᠡᠭᠦᠷ ᠦᠭᠡᠢ᠂ ᠤᠲᠠᠰᠤ ᠦᠭᠡᠢ᠂ ᠰᠣᠨᠢᠨ ᠰᠡᠳᠬᠦᠯ ᠥᠬᠡᠢ᠂ ᠪᠠᠭᠤᠳᠠᠯ ᠵᠠᠬ᠎ᠠ ᠭᠡᠵᠦ ᠦᠭᠡᠢ ᠪᠥᠭᠡᠳ ᠪᠠᠰᠠ ᠡᠮᠡᠭᠲᠡᠢᠴᠦᠳ ᠦᠭᠡᠢ ! ᠰᠦᠮ᠎ᠡ ᠶ᠋ᠢᠨ ᠴᠢᠩᠭ᠎ᠠ ᠲᠣᠭᠲᠠᠭᠠᠯ ᠳ᠋ᠤ᠌ ᠰᠦᠮ᠎ᠡ ᠶ᠋ᠢᠨ ᠣᠷᠴᠢᠮ ᠭᠡᠷ ᠪᠦᠯᠢ ᠶ᠋ᠢᠨ ᠬᠢᠨ ᠢ᠋ ᠰᠠᠭᠤᠯᠭᠠᠬᠤ ᠶ᠋ᠢ ᠴᠠᠭᠠᠵᠠᠯᠠᠳᠠᠭ ᠪᠣᠯᠬᠣᠷ ᠠᠯᠪᠠᠲᠠᠨ ᠲᠦᠰᠢᠮᠡᠳ ᠦ᠋ᠨ ᠭᠡᠷ ᠪᠦᠯᠢ ᠶ᠋ᠢᠨ ᠬᠢᠨ ᠣᠢᠷ᠎ᠠ ᠣᠷᠴᠢᠮ ᠤ᠋ᠨ ᠲᠠᠯ᠎ᠠ ᠨᠤᠲᠤᠭ ᠢ᠋ᠶ᠋ᠠᠷ ᠰᠠᠭᠤᠷᠢᠰᠢᠨ᠂ ᠲᠡᠳᠡᠨ ᠦ᠌ ᠠᠪᠤ᠂ ᠡᠷ᠎ᠡ ᠨᠥᠬᠥᠷ ᠪᠤᠶᠤ ᠠᠬ᠎ᠠ ᠳᠡᠭᠦᠦᠰ ᠦ᠋ᠨ ᠢ᠋ᠶ᠋ᠡᠨ ᠡᠭᠡᠯᠵᠢ ᠵᠢᠰᠢᠶ᠎ᠠ ᠪᠠᠨ ᠭᠦᠢᠴᠡᠳᠬᠡᠨ ᠪᠤᠴᠠᠨ ᠢᠷᠡᠬᠦ ᠶ᠋ᠢ ᠬᠦᠯᠢᠶᠡᠳᠡᠭ ᠠᠵᠢ᠃ 
       ᠮᠣᠩᠭᠣᠯ ᠤ᠋ᠨ ᠠᠯᠢ ᠨᠢᠭᠡ ᠭᠠᠵᠠᠷ ᠬᠡᠨ ᠨᠢᠭᠡᠨ ᠬᠥᠮᠦᠨ ᠬᠡᠷᠪᠡ ᠪᠠᠳᠤᠬᠠᠭᠠᠯᠭ᠎ᠠ ᠭᠡᠵᠦ ᠶᠠᠷᠢᠬᠤ ᠶᠤᠮ ᠪᠣᠯ ᠵᠠᠯᠠᠭᠤ ᠨᠢᠭᠡᠨ ᠦᠶ᠎ᠡ ᠶ᠋ᠢᠨ ᠬᠢᠨ ᠦ᠌ ᠨᠢᠳᠦ ᠬᠡᠷᠡᠯᠳᠦᠵᠦ ᠢᠷᠡᠨ᠎ᠡ᠃ ᠲᠡᠳᠡᠨ ᠳ᠋ᠦ᠍ ᠡᠨᠡ ᠨᠡᠷ᠎ᠡ ᠨᠢ ᠴᠢᠩᠭᠢᠰ ᠬᠠᠭᠠᠨ ᠤ᠋ ᠮᠣᠩᠭᠣᠯ ᠤ᠋ᠨ ᠮᠠᠨᠳᠤᠭᠰᠠᠨ ᠦᠶ᠎ᠡ ᠶ᠋ᠢᠨ ᠬᠠᠷᠠᠬᠣᠷᠣᠮ ᠲᠠᠢ ᠠᠳᠠᠯᠢᠬᠠᠨ ᠰᠠᠨᠠᠭᠳᠠᠳᠠᠭ ᠠᠵᠢ᠃ ᠣᠳᠣᠬᠠᠨ ᠳ᠋ᠤ᠌ ᠤᠭᠰᠠᠭ᠎ᠠ ᠨᠢᠭᠡᠲᠦ ᠠᠷᠤ ᠮᠣᠩᠭᠣᠯ ᠣᠷᠣᠰ ᠤ᠋ᠨ ᠨᠥᠯᠦᠭᠡᠨ ᠳ᠋ᠦ᠍ ᠪᠠᠢᠵᠤ᠂ ᠵᠡᠭᠦᠨ ᠮᠣᠩᠭᠣᠯ ᠮᠠᠨᠵᠤ ᠶ᠋ᠢᠨ ᠵᠠᠬᠢᠷᠤᠯ ᠳ᠋ᠤ᠌ ᠣᠷᠣᠵᠤ᠂ ᠬᠢᠲᠠᠳ ᠲᠤ᠌ ᠵᠠᠬᠢᠷᠤᠭᠳᠠᠬᠤ ᠥᠪᠥᠷ ᠮᠣᠩᠭᠣᠯ ᠨᠢ ᠴᠠᠬᠠᠷ ᠰᠦᠢᠶᠤᠸᠠᠨ ᠤ᠋ ᠴᠡᠷᠢᠭ ᠦ᠋ᠨ ᠡᠷᠬᠡᠲᠡᠨ ᠳ᠋ᠦ᠍ ᠬᠠᠮᠢᠶᠠᠷᠤᠭᠳᠠᠳᠠᠭ᠃ ᠨᠢᠭᠤᠴᠠ ᠵᠠᠬᠢᠶ᠎ᠠ ᠨᠤᠭᠤᠳ ᠶᠡᠬᠡ ᠬᠦᠷᠢᠶ᠎ᠡ᠂ ᠮᠣᠰᠺᠸᠠ᠂ ᠳᠣᠣᠺᠢᠤ᠋᠂ ᠨᠠᠨᠵᠢᠩ᠂ ᡀᠠᠰᠠ ᠠ᠋ᠴᠠ ᠪᠠᠲᠤᠬᠠᠭᠠᠯᠭ᠎ᠠ ᠳ᠋ᠤ᠌ ᠴᠤᠪᠤᠷᠠᠨ ᠢᠷᠡᠵᠦ᠂ ᠭᠡᠨᠡᠳᠲᠡ ᠯᠡ ᠡᠯ᠎ᠡ ᠲᠠᠯ᠎ᠠ ᠠ᠋ᠴᠠ ᠮᠣᠩᠭᠣᠯᠴᠤᠳ ᠢ᠋ ᠲᠡᠳᠡᠨ ᠠᠪᠬᠤ ᠭᠡᠬᠦ ᠠᠵᠢ᠃ ᠡᠨᠡ ᠣᠯᠠᠨ ᠲᠠᠯ᠎ᠠ ᠶ᠋ᠢᠨ ᠬᠠᠷᠭᠠᠯᠵᠠᠯ ᠲᠠᠲᠠᠯᠭ᠎ᠠ ᠳ᠋ᠤ᠌ ᠥᠪᠡᠷ ᠦ᠋ᠨ ᠠᠶᠤᠮᠰᠢᠭᠲᠤ ᠲᠥᠯᠥᠪᠯᠡᠭᠡ ᠪᠡᠨ ᠵᠣᠬᠢᠴᠠᠭᠤᠯᠤᠨ ᠪᠣᠯᠪᠠᠰᠤᠷᠠᠭᠤᠯᠤᠨ᠎ᠠ ᠭᠡᠭᠴᠢ ᠦᠨᠡᠬᠡᠷ ᠬᠦᠴᠢᠷ ᠲᠠᠢ ᠳᠠ ! ᠨᠠᠨᠵᠢᠩ ᠤ᠋ᠨ ᠵᠠᠰᠠᠭ ᠤ᠋ᠨ ᠭᠠᠵᠠᠷ ᠠᠷᠤ ᠮᠣᠩᠭᠣᠯ᠂ ᠵᠡᠭᠦᠨ ᠮᠣᠩᠭᠣᠯ ᠢ᠋ ᠠᠯᠳᠠᠭᠰᠠᠨ ᠤ᠋ ᠳᠠᠷᠠᠭ᠎ᠠ ᠥᠪᠥᠷ ᠮᠣᠩᠭᠣᠯᠴᠤᠳ ᠲᠤ᠌ ᠴᠢᠬᠤᠯᠠ ᠪᠦᠬᠦᠢ ᠤᠯᠤᠰ ᠲᠥᠷᠥ ᠶ᠋ᠢᠨ ᠲᠠᠯ᠎ᠠ ᠪᠠᠷ ᠨᠠᠢᠷ ᠲᠠᠯᠪᠢᠵᠤ᠂ 《 ᠮᠣᠩᠭᠣᠯ ᠤ᠋ᠨ ᠵᠠᠰᠠᠭ ᠤ᠋ᠨ ᠬᠤᠷᠠᠯ 》 ᠤ᠋ᠨ ᠳᠣᠣᠷᠠᠬᠢ ᠬᠢᠵᠠᠭᠠᠷ ᠲᠠᠢ ᠥᠪᠡᠷᠲᠡᠭᠡᠨ ᠵᠠᠰᠠᠬᠤ ᠶ᠋ᠢ ᠵᠥᠪᠰᠢᠶᠡᠷᠡᠵᠡᠢ᠃ ᠢᠷᠡᠭᠡᠳᠦᠢ ᠶ᠋ᠢᠨ ᠥᠪᠡᠷᠲᠡᠭᠡᠨ ᠵᠠᠰᠠᠬᠤ ᠶ᠋ᠢᠨ ᠲᠤᠬᠠᠢ ᠳᠦᠷᠢᠮ ᠢ᠋ ᠬᠠᠷᠠᠪᠠᠯ ᠬᠠᠭᠤᠴᠢᠨ ᠮᠣᠩᠭᠣᠯ ᠤ᠋ᠨ ᠰᠢᠰᠲ᠋ᠧᠮ ᠳ᠋ᠡᠭᠡᠨ ᠣᠷᠣᠭᠰᠠᠨ ᠰᠢᠭ᠋ ᠯᠡ ᠪᠠᠢᠨ᠎ᠠ ᠃ ᠲᠡᠭᠦᠨ ᠳ᠋ᠡᠭᠡᠨ ᠭᠠᠢᠯᠢ ᠲᠦᠷᠢᠶᠡᠰᠦ ᠶ᠋ᠢ ᠵᠣᠬᠢᠰᠲᠠᠢ ᠭᠣᠣᠯᠴᠢ ᠪᠠᠷ ᠲᠠᠲᠠᠪᠤᠷᠢᠯᠠᠬᠤ ᠵᠢᠴᠢ ᠬᠢᠲᠠᠳ ᠤ᠋ᠨ ᠲᠦᠷᠢᠯᠲᠡ ᠶ᠋ᠢ ᠬᠢᠵᠠᠭᠠᠷᠯᠠᠬᠤ ᠲᠤᠬᠠᠢ ᠪᠠᠭᠲᠠᠵᠤ ᠪᠠᠢᠨ᠎ᠠ᠃ 
       ᠡᠨᠡ ᠬᠦ᠌ ᠤᠯᠤᠰ ᠲᠥᠷᠥ ᠶ᠋ᠢᠨ ᠨᠠᠢᠷ ᠲᠠᠯᠪᠢᠯᠲᠠ ᠨᠢ ᠮᠣᠩᠭᠣᠯᠴᠤᠳ ᠲᠤ᠌ ᠴᠢᠬᠤᠯᠠ ᠪᠣᠯᠪᠠᠴᠤ ᠬᠡᠴᠢᠨᠡᠭᠡᠨ ᠵᠢᠯ ᠦ᠋ᠨ ᠲᠤᠷᠰᠢ ᠮᠠᠭᠤ ᠲᠠᠪᠢᠯᠠᠩ ᠳ᠋ᠤ᠌ ᠤᠴᠠᠷᠠᠭᠰᠠᠭᠠᠷ ᠢᠷᠡᠭᠰᠡᠨ ᠮᠣᠩᠭᠣᠯᠴᠤᠳ ᠬᠠᠷᠢᠨ ᠬᠢᠲᠠᠳ ᠤ᠋ᠨ ᠡᠨᠡ ᠬᠦ᠌ ᠪᠣᠳᠣᠯᠭ᠎ᠠ ᠳ᠋ᠤ᠌ ᠰᠡᠵᠢᠭᠯᠡᠵᠦ ᠪᠠᠢᠪᠠ᠃ ᠭᠡᠬᠦ ᠳ᠋ᠦ᠍ ᠨᠠᠨᠵᠢᠩ ᠤ᠋ᠨ ᠠᠮᠠᠯᠠᠯᠲᠠ ᠨᠢ ᠴᠦ᠍ ᠣᠷᠣᠢᠲᠠᠭᠰᠠᠨ ᠪᠣᠯᠤᠯᠲᠠᠢ᠃ 
       ᠣᠳᠣᠬᠠᠨ ᠳ᠋ᠠᠭᠠᠨ ᠡᠨᠡ ᠬᠦ᠌ ᠰᠢᠨ᠎ᠡ ᠨᠡᠢᠰᠯᠡᠯ ᠬᠣᠲᠠ ᠨᠢ ᠵᠥᠪᠬᠡᠨ ᠭᠡᠷ ᠮᠠᠢᠬᠠᠨ ᠢ᠋ᠶ᠋ᠠᠷ ᠪᠦᠷᠢᠯᠳᠦᠭᠰᠡᠨ ᠪᠥᠭᠡᠳ ᠡᠯ᠎ᠡ ᠴᠢᠭᠤᠯᠭᠠᠨ ᠬᠣᠰᠢᠭᠤᠳ ᠤ᠋ᠨ ᠲᠥᠯᠥᠭᠡᠯᠡᠭᠴᠢᠳ ᠠᠳᠡᠬᠢ ᠬᠤᠷᠠᠯ ᠤ᠋ᠨ ᠭᠡᠷ (ᠵᠢᠷᠤᠭ 61) ᠳ᠋ᠡᠭᠡᠨ ᠵᠢᠯ ᠪᠦᠷᠢ ᠬᠣᠶᠠᠷ ᠤᠳᠠᠭ᠎ᠠ ᠣᠬᠣᠷᠬᠠᠨ ᠴᠠᠭ ᠢ᠋ᠶ᠋ᠠᠷ ᠴᠤᠭᠯᠠᠷᠠᠨ ᠬᠤᠷᠠᠯᠳᠤᠳᠠᠭ ᠶᠤᠮ᠃ ᠭᠠᠭᠴᠠ ᠬᠦ᠌ ᠲᠡᠮᠴᠦᠭᠳᠦᠩᠷᠦᠪ ᠨᠣᠶᠠᠨ - ᠡᠨᠡ ᠬᠥᠳᠡᠯᠭᠡᠭᠡᠨ ᠢ᠋ ᠡᠭᠦᠰᠬᠡᠨ ᠵᠣᠬᠢᠶᠠᠭᠴᠢ ᠯᠠ ᠥᠪᠡᠷ ᠦ᠋ᠨ ᠬᠤᠰᠢᠭᠤᠨ ᠠ᠋ᠴᠠ ᠪᠠᠨ ᠰᠠᠯᠵᠤ᠂ ᠤᠷᠲᠤ ᠬᠤᠭᠤᠴᠠᠭ᠎ᠠ ᠪᠠᠷ ᠪᠠᠳᠤᠬᠠᠭᠠᠯᠭ᠎ᠠ ᠳ᠋ᠤ᠌ ᠠᠮᠢᠳᠤᠷᠠᠵᠤ᠂ ᠥᠪᠡᠷ ᠢ᠋ᠶ᠋ᠡᠨ ᠵᠣᠴᠢᠯᠠᠬᠤ᠂ ᠠᠵᠢᠯᠯᠠᠬᠤ᠂ ᠤᠨᠲᠠᠬᠤ᠂ ᠮᠥᠨ ᠭᠠᠯ ᠲᠣᠭᠣᠭᠠᠨ ᠭᠡᠷ ᠢ᠋ ᠪᠠᠭᠲᠠᠭᠠᠭᠰᠠᠨ ᠭᠡᠷ ᠲᠡᠭᠡᠨ ᠠᠮᠢᠳᠤᠷᠠᠳᠠᠭ᠃ ᠡᠭᠦᠳᠡᠨ ᠳ᠋ᠦ᠍ᠨᠢ ᠨᠢᠭᠡ ᠰᠢᠳᠠᠷ ᠬᠠᠮᠠᠭᠠᠯᠠᠭᠴᠢ ᠵᠣᠭᠰᠣᠬᠤ ᠪᠥᠭᠡᠳ ᠲᠡᠮᠴᠦᠭᠳᠦᠩᠷᠦᠪ ᠨᠣᠶᠠᠨ ᠯᠤᠤ ᠤᠷᠠᠯᠠᠭᠰᠠᠨ ᠪᠣᠭᠣᠨᠢᠬᠠᠨ ᠰᠠᠭᠤᠳᠠᠯ ᠳᠡᠭᠡᠷ᠎ᠡ ᠰᠠᠭᠠᠲᠠᠵᠤ᠂ ᠬᠠᠤᠯᠢ ᠳᠦᠷᠢᠮ᠂ ᠵᠠᠷᠯᠢᠭ ᠵᠠᠬᠢᠶ᠎ᠠ ᠲᠣᠭᠲᠠᠭᠠᠨ ᠰᠢᠢᠳᠬᠡᠵᠦ ᠵᠣᠴᠢᠳ ᠢ᠋ᠶ᠋ᠠᠨ ᠬᠦᠯᠢᠶᠡᠨ ᠠᠪᠴᠤ ᠠᠭᠤᠯᠵᠠᠬᠤ ᠠᠵᠢ᠃ ᠬᠠᠵᠠᠭᠤ ᠳ᠋ᠠᠭᠠᠨ ᠷᠠᠳᠢᠣ᠋ ᠲᠠᠯᠪᠢᠵᠤ (ᠵᠢᠷᠤᠭ 58) ᠂ ᠥᠪᠡᠷ ᠦ᠋ᠨ ᠢ᠋ᠶ᠋ᠡᠨ ᠶᠡᠷᠦ ᠡᠴᠡ ᠬᠦᠷᠴᠦ ᠦᠵᠡᠭᠡ ᠦᠭᠡᠢ ᠳᠡᠯᠡᠬᠡᠢ ᠶ᠋ᠢᠨ ᠣᠯᠠᠨ ᠭᠠᠵᠠᠷ ᠤ᠋ᠨ ᠰᠣᠨᠢᠨ ᠮᠡᠳᠡᠭᠡ ᠶ᠋ᠢ ᠰᠣᠨᠣᠰᠳᠠᠭ ᠪᠠᠢᠨ᠎ᠠ᠃ 
       ᠰᠢᠨ᠎ᠡ ᠴᠠᠭ ᠦᠶ᠎ᠡ ᠠᠯᠢᠪᠠ ᠪᠦᠬᠦᠨ ᠢ᠋ ᠬᠤᠪᠢᠷᠠᠭᠤᠯᠳᠠᠭ ᠪᠠᠢᠨ᠎ᠠ᠃ ᠮᠣᠩᠭᠣᠯ ᠵᠠᠯᠠᠭᠤᠴᠤᠳ ᠣᠢᠷ᠎ᠠ ᠣᠷᠴᠢᠮ ᠳ᠋ᠤᠨᠢ ᠪᠠᠢᠭ᠎ᠠ ᠬᠢᠲᠠᠳ ᠬᠤᠳᠠᠯᠳᠤᠭᠠᠴᠢᠳ ᠢ᠋ ᠳᠠᠭᠤᠷᠢᠶᠠᠵᠤ ᠰᠢᠪᠠᠷ ᠪᠦᠲᠦᠴᠡ ᠲᠡᠢ  《ᠬᠠᠲᠠᠭᠤ 》ᠭᠡᠷ ( ᠵᠢᠷᠤᠭ 60 ) ᠪᠠᠷᠢᠵᠤ ᠡᠬᠢᠯᠡᠪᠡ᠃ ᠦᠶ᠎ᠡ ᠤᠯᠠᠷᠢᠨ ᠭᠡᠷ ᠲᠦ᠍ ᠰᠠᠭᠤᠭᠰᠠᠨ ᠤ᠋ ᠬᠢ ᠪᠢᠵᠡ᠂ ᠲᠡᠳᠡ ᠨᠠᠷ ᠭᠡᠷ ᠦ᠋ᠨ ᠬᠡᠯᠪᠡᠷᠢ ᠲᠡ᠊ᠢ ᠰᠢᠨ᠎ᠡ ᠪᠠᠷᠢᠯᠭ᠎ᠠ ᠶ᠋ᠢᠨ ᠰᠢᠨᠵᠢ ᠪᠦᠬᠦᠢ ᠪᠠᠢᠰᠢᠩ ᠪᠠᠷᠢᠵᠠᠭᠠᠬᠤ ᠠᠵᠢ᠃ ᠨᠠᠰᠤ ᠶᠠᠪᠤᠭᠰᠠᠨ ᠠᠬᠠᠮᠠᠳ ᠦᠶ᠎ᠡ ᠶ᠋ᠢᠨ ᠬᠢᠨ ᠡᠢᠮᠦᠷᠬᠦᠦ《ᠬᠠᠲᠠᠭᠤ 》ᠭᠡᠷ ᠲᠦ᠍ ᠶᠠᠭ ᠰᠠᠭᠤᠳᠠᠭ ᠦᠭᠡᠢ᠃ ᠲᠡᠳᠡᠨ ᠣ ᠦᠵᠡᠬᠦ ᠪᠡᠷ ᠬᠡᠢ ᠠᠭᠠᠷ ᠨᠡᠪᠲᠡᠷᠡᠬᠦ ᠦᠭᠡᠢ ᠵᠢᠴᠢ ᠵᠤᠤᠬ᠎ᠠ ᠪᠠᠷ ᠳᠤᠯᠠᠭᠠᠴᠠᠬᠤ ᠨᠢ ᠬᠥᠮᠦᠨ ᠦ᠌ ᠡᠷᠡᠭᠦᠯ ᠮᠡᠨᠳᠦ ᠳ᠋ᠦ᠍ ᠠᠰᠢᠭ ᠦᠭᠡᠢ ᠪᠥᠭᠡᠳ ᠠᠶᠤᠮᠰᠢᠭᠲᠠᠢ᠃ ᠡᠭᠦᠨ ᠦ᠌ ᠬᠠᠮᠲᠤ ᠲᠡᠳᠡ ᠪᠠᠰᠠ ᠭᠠᠵᠠᠷ ᠤ᠋ᠨ ᠰᠠᠬᠢᠭᠤᠰᠤ ᠤᠷᠲᠤ ᠬᠤᠭᠤᠴᠠᠭᠠᠨ ᠤ᠋ ᠪᠠᠢᠰᠢᠩ ᠤ᠋ᠨ ᠳᠠᠷᠤᠯᠲᠠ ᠳ᠋ᠤ᠌ ᠳᠤᠷ᠎ᠠ ᠦᠭᠡᠢᠴᠡᠨ᠂ ᠤᠨᠲᠠᠵᠤ ᠠᠮᠠᠷᠠᠬᠤ ᠶ᠋ᠢ ᠨᠢ ᠨᠥᠯᠥᠭᠡᠯᠡᠳᠡᠭ ᠭᠡᠮᠡᠨ ᠢᠲᠡᠭᠡᠳᠡᠭ ᠪᠠᠢᠵᠠᠢ᠃ 
       ᠰᠦᠰᠦᠭ ᠪᠢᠰᠢᠷᠡᠯ ᠢ᠋ ᠲᠠᠲᠠᠭᠰᠠᠨ ᠰᠦᠮ᠎ᠡ ᠡᠴᠡ ᠬᠣᠷᠢᠨ ᠭᠠᠵᠠᠷ ᠵᠠᠢᠲᠠᠢ ᠬᠥᠳᠡᠭᠡ ᠳ᠋ᠦ᠍ ᠰᠢᠨ᠎ᠡ ᠬᠣᠲᠠ ᠪᠠᠢᠭᠤᠯᠬᠤ ᠪᠠᠷ ᠲᠥᠯᠥᠪᠯᠡᠵᠦ ᠪᠣᠢ ᠪᠥᠭᠡᠳ ᠡᠨᠡ ᠨᠢ ᠡᠮᠡᠭᠲᠡᠢᠴᠦᠳ ᠴᠦ᠍ ᠣᠷᠣᠯᠴᠠᠭᠰᠠᠨ ᠰᠢᠨ᠎ᠡ ᠮᠣᠩᠭᠣᠯ ᠤᠯᠤᠰ ᠤ᠋ᠨ ᠤᠯᠤᠰ ᠲᠥᠷᠥ ᠪᠠ ᠦᠵᠡᠯ ᠰᠠᠨᠠᠭᠠᠨ ᠤ᠋ ᠲᠥᠪ ᠪᠣᠯᠬᠤ ᠶᠣᠰᠣᠲᠠᠢ ᠠᠵᠤᠭᠤ᠃