ᠰᠡᠭᠦᠯᠴᠢ ᠶᠢᠨ ᠨᠠᠪᠴᠢСүүлчийн навч_Last Leaf ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠭᠦᠯᠴᠢ ᠶᠢᠨ ᠨᠠᠪᠴᠢСүүлчийн навч_Last Leaf

ᠰᠡᠭᠦᠯᠴᠢ ᠶᠢᠨ ᠨᠠᠪᠴᠢСүүлчийн навч_Last Leaf

2023-06-14

491

ᠰᠡᠭᠦᠯᠴᠢ ᠶᠢᠨ ᠨᠠᠪᠴᠢ

《 ᠰᠢᠳᠢᠲᠦ ᠦᠯᠢᠭᠡᠷ》
ᠡᠷᠲᠡ ᠤᠷᠢᠳᠤ ᠶ᠋ᠢᠨ ᠴᠠᠭ ᠲᠤ ᠹᠡᠤᠷᠸᠨ᠋ᠰ ᠬᠣᠲᠠ ᠳ᠋ᠤ᠌ ᠨᠢᠭᠡᠨ ᠠᠶᠤᠯ ᠨᠢᠭᠤᠷᠯᠠᠵᠠᠢ ᠃ ᠤᠷᠠᠯᠢᠭ ᠤ᠋ᠨ ᠭᠤᠳᠤᠮᠵᠢᠨ ᠳ᠋ᠤ᠌ ᠤᠷᠠᠯᠢᠭ ᠲᠤ ᠢᠲᠡᠭᠡᠬᠦ ᠢᠲᠡᠭᠡᠯ ᠠᠯᠠᠭ᠎ᠠ ᠪᠣᠯᠤᠭᠰᠠᠭᠠᠷ ᠪᠠᠢᠯ᠎ᠠ᠃ ᠨᠢᠭᠡᠨ ᠦᠶ᠎ᠡ ᠡᠨᠡ ᠭᠤᠳᠤᠮᠵᠢ ᠶ᠋ᠢ ᠦᠵᠡᠰᠬᠦᠯᠡᠩ ᠲᠡᠢ ᠰᠠᠢᠬᠠᠨ ᠭᠠᠵᠠᠷ ᠪᠣᠯᠭᠠᠵᠤ ᠪᠠᠢᠭᠰᠠᠨ ᠵᠢᠷᠤᠭᠠᠴᠢ ᠤᠷᠠᠴᠤᠤᠯ ᠦᠵᠡᠰᠬᠦᠯᠡᠩᠲᠦ ᠤᠷᠠᠯᠢᠭ ᠠ᠋ᠴᠠ ᠪᠠᠨ ᠨᠢᠭᠤᠷ ᠪᠤᠷᠤᠭᠤᠯᠠᠬᠤ ᠪᠣᠯᠤᠭᠰᠠᠨ ᠰᠢᠯᠲᠠᠭᠠᠨ ᠨᠢ ᠶᠡᠷᠦ ᠳ᠋ᠦ᠍ ᠪᠠᠨ ᠯᠠ ᠶᠠᠳᠠᠭᠤᠷᠠᠯ᠂ ᠪᠦᠭᠦᠳᠡ ᠤᠷᠠᠯᠢᠭ ᠲᠤ ᠬᠠᠢᠷᠠᠲᠠᠢ ᠪᠣᠯᠪᠠᠴᠤ ᠵᠢᠷᠤᠭᠠᠴᠢ ᠤᠷᠠᠴᠤᠳ ᠲᠤ ᠮᠠᠰᠢ ᠪᠠᠭ᠎ᠠ ᠬᠥᠯᠥᠰᠥ ᠲᠥᠯᠥᠳᠡᠭ ᠪᠠᠢᠯ᠎ᠠ᠂ ᠢᠩᠭᠢᠭᠡᠳ ᠤᠷᠠᠯᠢᠭ ᠤ᠋ᠨ ᠭᠤᠳᠤᠮᠵᠢ ᠦᠵᠡᠰᠬᠦᠯᠡᠩᠲᠦ ᠰᠠᠢᠬᠠᠨ ᠲᠥᠷᠬᠦ ᠪᠡᠨ ᠠᠯᠳᠠᠵᠤ᠂ ᠡᠵᠢ ᠠᠪᠤ ᠨᠠᠷ ᠬᠡᠦᠬᠡᠳ ᠢ᠋ᠶ᠋ᠡᠨ ᠵᠢᠷᠤᠭ ᠠ᠋ᠴᠠ ᠬᠣᠯᠠᠳᠠᠭᠤᠯᠵᠤ ᠪᠠᠢᠯ᠎ᠠ᠃ ᠵᠢᠷᠤᠭᠠᠴᠢ ᠨᠠᠷ ᠠᠮᠢᠳᠤᠷᠠᠵᠤ ᠠᠮᠢ ᠵᠢᠭᠤᠬᠤ ᠶ᠋ᠢᠨ ᠲᠤᠯᠠᠳᠠ ᠬᠦᠷᠰᠢ ᠨᠦ᠍ᠭᠦᠳ ᠲᠤ ᠪᠠᠨ ᠠᠵᠢᠯ ᠬᠢᠵᠦ ᠥᠭᠳᠡᠭ ᠪᠣᠯᠤᠭᠰᠠᠨ᠂ ᠡᠢᠮᠦ ᠬᠦᠨᠳᠦ ᠬᠡᠴᠡᠭᠦᠦ ᠦᠶ᠎ᠡ ᠳ᠋ᠦ᠍᠂ ᠵᠠᠷᠢᠮ ᠴᠥᠭᠡᠨ ᠬᠡᠳᠦᠨ ᠵᠢᠷᠤᠭᠠᠴᠢ ᠵᠣᠷᠢᠭ ᠭᠠᠷᠭᠠᠨ ᠬᠠᠢᠷᠠᠲᠠᠢ ᠤᠷᠠᠯᠢᠭ ᠢ᠋ᠶ᠋ᠠᠨ ᠦᠷᠭᠦᠯᠵᠢᠯᠡᠭᠦᠯᠬᠦ ᠪᠡᠷ ᠰᠢᠢᠳᠴᠡᠢ᠃ ᠡᠳᠡᠭᠡᠷ ᠵᠣᠷᠢᠭᠲᠠᠢ ᠵᠢᠷᠤᠭᠠᠴᠢᠳ ᠢ᠋ ᠰᠢᠦ᠋ ᠂ ᠵᠣᠣᠨ᠋ᠰᠢ ᠭᠡᠳᠡᠭ ᠪᠠᠢᠯ᠎ᠠ ᠂ ᠰᠢᠦ᠋᠂ ᠵᠣᠣᠨ᠋ᠰᠢ ᠬᠣᠶᠠᠷ ᠴᠢᠳᠠᠪᠤᠷᠢᠯᠢᠭ ᠵᠢᠷᠤᠭᠠᠴᠢ ᠪᠠᠢᠭᠰᠠᠨ ᠲᠡᠳᠦᠢ ᠦᠭᠡᠢ ᠰᠠᠢᠨ ᠨᠠᠢᠵᠠ ᠨᠤᠭᠤᠳ ᠪᠠᠢᠯ᠎ᠠ᠃ ᠲᠡᠷᠡ ᠬᠣᠶᠠᠷ ᠥᠪᠡᠷᠰᠡᠳ ᠦ᠋ᠨ ᠵᠢᠷᠤᠭᠰᠠᠨ ᠵᠢᠷᠤᠭ ᠢ᠋ᠶ᠋ᠠᠨ ᠰᠡᠳᠬᠦᠯ ᠦ᠋ᠨ ᠭᠠᠵᠠᠷ ᠲᠤ ᠵᠠᠷᠤᠳᠠᠭ ᠪᠣᠯᠪᠠ᠂ ᠶᠡᠬᠡ ᠮᠥᠩᠭᠥ ᠣᠯᠳᠠᠭ ᠦᠭᠡᠢ ᠪᠠᠢᠭᠰᠠᠨ ᠪᠣᠯᠪᠠᠴᠤ ᠲᠡᠷᠡ ᠬᠣᠶᠠᠷ ᠥᠪᠡᠷᠰᠡᠳ ᠦ᠋ᠨ ᠬᠠᠢᠷᠠᠲᠠᠢ ᠵᠦᠢᠯ ᠢ᠋ ᠬᠢᠵᠦ ᠪᠠᠢᠭ᠎ᠠ ᠳ᠋ᠤ᠌ ᠪᠠᠨ ᠪᠠᠶᠠᠷᠲᠠᠢ ᠪᠠᠢᠯ᠎ᠠ᠃
ᠲᠡᠷᠡ ᠬᠣᠶᠠᠷ ᠤ᠋ᠨ ᠰᠢᠦ᠋ ᠨᠢ ᠢᠯᠡᠭᠦᠦ ᠪᠣᠳᠠᠲᠤ ᠵᠦᠢᠯ ᠳ᠋ᠦ᠍ ᠢᠲᠡᠭᠡᠵᠦ ᠦᠨᠡᠮᠰᠢᠳᠡᠭ ᠡᠮᠡᠭᠲᠡᠢ ᠪᠠᠢᠭᠰᠠᠨ᠂ ᠪᠤᠰᠤᠳ ᠠ᠋ᠴᠠ ᠢᠯᠡᠭᠦᠦ ᠬᠢᠴᠢᠶᠡᠩᠭᠦᠢ ᠠᠵᠢᠯᠯᠠᠵᠤ ᠪᠡᠷᠬᠡᠰᠢᠶᠡᠯ ᠢ᠋ ᠢᠨᠢᠶᠡᠮᠰᠦᠭᠯᠡᠨ ᠤᠭᠲᠤᠳᠠᠭ ᠪᠠᠢᠯ᠎ᠠ᠃ ᠬᠠᠷᠢᠨ ᠵᠣᠣᠨ᠋ᠰᠢ ᠨᠢ ᠢᠷᠡᠭᠡᠳᠦᠢ ᠳ᠋ᠦ᠍ ᠪᠡᠨ ᠦᠷᠭᠦᠯᠵᠢ ᠰᠠᠨᠠᠭ᠎ᠠ ᠵᠣᠪᠠᠳᠠᠭ ᠪᠠᠢᠯ᠎ᠠ᠂ ᠰᠢᠦ᠋᠂ ᠵᠣᠣᠨ᠋ᠰᠢ ᠬᠣᠶᠠᠷ ᠤ᠋ᠨ ᠬᠥᠷᠰᠢ ᠶ᠋ᠢ《 ᠪᠸᡁᠷᠮᠠᠨ》 ᠭᠡᠳᠡᠭ ᠪᠠᠢᠯ᠎ᠠ᠃ ᠪᠸᡁᠷᠮᠠᠨ ᠬᠡᠳᠦᠢ ᠥᠨᠳᠥᠷ ᠨᠠᠰᠤᠲᠠᠢ ᠬᠥᠮᠦᠨ ᠴᠦ᠍ ᠭᠡᠯ᠎ᠡ ᠡᠷᠴᠢ ᠬᠦᠴᠦᠲᠡᠢ ᠨᠢᠭᠡᠨ ᠪᠠᠢᠯ᠎ᠠ᠂ ᠲᠡᠷᠡ ᠬᠠᠷᠠᠭᠰᠠᠨ ᠪᠣᠯᠭᠠᠨ ᠳᠡᠭᠡᠷ᠎ᠡ ᠪᠡᠨ ᠵᠢᠷᠤᠭ ᠵᠢᠷᠤᠳᠠᠭ ᠪᠠᠢᠪᠠ᠃ ᠭᠤᠳᠤᠮᠵᠢᠨ ᠳ᠋ᠤ᠌ ᠪᠠᠢᠬᠤ ᠰᠠᠨᠳᠠᠯᠢ ᠳᠡᠭᠡᠷ᠎ᠡ ᠂ ᠪᠠᠢᠰᠢᠩ ᠤ᠋ᠨ ᠱᠠᠲᠤᠨ ᠳᠡᠭᠡᠷ᠎ᠡ ᠪᠦᠷ ᠮᠣᠳᠣᠨ ᠳᠡᠭᠡᠷ᠎ᠡ ᠴᠦ᠍ ᠭᠡᠰᠡᠨ ᠪᠸᡁᠷᠮᠠᠨ ᠤᠷᠠᠯᠢᠭ ᠤ᠋ᠨ ᠭᠤᠳᠤᠮᠵᠢ ᠪᠠᠨ ᠥᠩᠭᠡᠯᠢᠭ ᠬᠡᠪ ᠢ᠋ᠶ᠋ᠡᠷ ᠬᠠᠳᠠᠭᠠᠯᠠᠬᠤ ᠶ᠋ᠢ ᠬᠦᠰᠡᠳᠡᠭ ᠬᠥᠮᠦᠰ ᠦ᠋ᠨ ᠨᠢᠭᠡ ᠪᠠᠢᠯ᠎ᠠ ᠂ ᠠᠳᠠᠯᠢᠬᠠᠨ ᠵᠢᠷᠤᠭᠠᠴᠢ ᠶ᠋ᠢᠨ ᠬᠤᠪᠢ ᠳ᠋ᠤ᠌ ᠲᠡᠷᠡ ᠰᠢᠦ᠋ ᠳ᠋ᠦ᠍ ᠵᠢᠷᠤᠭ ᠢ᠋ᠶ᠋ᠠᠨ ᠵᠢᠷᠤᠬᠤ ᠳ᠋ᠤ᠌ ᠨᠢ ᠦᠷᠭᠦᠯᠵᠢ ᠲᠤᠰᠠᠯᠠᠳᠠᠭ᠃
—ᠬᠠᠷᠢᠨ ᠣᠳᠣ ᠡᠨᠳᠡ ᠢᠩᠭᠢᠭᠡᠳ ᠪᠠᠭ᠎ᠠ ᠵᠡᠷᠭᠡ ᠰᠡᠭᠦᠳᠡᠷ ᠵᠢᠷᠤᠭᠠᠳ ᠥᠭᠪᠡᠯ ᠵᠢᠷᠤᠭ ᠴᠢᠨᠢ ᠢᠯᠡᠭᠦᠦ ᠪᠣᠳᠠᠲᠠᠢ ᠵᠢᠩᠬᠢᠨᠢ ᠶᠠᠭᠤᠮ᠎ᠠ ᠰᠢᠭ᠋ ᠬᠠᠷᠠᠭᠳᠠᠨ᠎ᠠ ᠳᠠ᠃
— ᠦ᠂ ᠪᠸᡁᠷᠮᠠᠨ ᠠᠬ᠎ᠠ ᠠ᠋᠂ ᠲᠠ ᠦᠨᠡᠬᠡᠷ ᠰᠠᠢᠨ ᠵᠢᠷᠤᠬᠤ ᠶᠤᠮ ᠠ᠋ ᠂ ᠲᠠ ᠴᠦ᠍ ᠭᠡᠰᠡᠨ ᠵᠢᠷᠤᠭ ᠵᠢᠷᠤᠭᠠᠳ ᠵᠠᠷᠤᠬᠤ ᠦᠭᠡᠢ ᠶᠦ᠍ᠮ ᠤᠤ?
—ᠠ ᠂ ᠬᠠᠷᠢᠨ ᠠ᠋᠂ ᠪᠢ ᠲᠡᠷᠡ ᠮᠥᠩᠭᠥ ᠪᠡᠷ ᠶᠠᠭᠤ ᠴᠤ᠌ ᠬᠢᠬᠦ ᠶᠦ᠍ᠮ ᠪᠢᠯᠡ᠂ ᠪᠢ ᠭᠠᠭᠴᠠᠭᠠᠷ ᠢ᠋ᠶ᠋ᠠᠨ ᠠᠮᠢᠳᠤᠷᠠᠳᠠᠭ ᠪᠣᠯᠬᠣᠷ ᠪᠠᠷᠤᠭ ᠮᠥᠩᠭᠥ ᠬᠡᠷᠡᠭᠯᠡᠳᠡᠭ ᠦᠭᠡᠢ᠂ ᠲᠣᠰᠬᠣᠨ ᠤ᠋ ᠬᠢᠨ ᠮᠠᠨᠢ ᠮᠡᠳᠡᠳᠡᠭ ᠴᠦ᠍ ᠪᠣᠯᠤᠭᠠᠰᠠᠢ᠂ ᠡᠨᠡ ᠳᠡᠯᠡᠬᠡᠢ ᠳᠡᠭᠡᠷᠡᠬᠢ ᠪᠦᠬᠦ ᠬᠥᠮᠦᠨ ᠮᠥᠩᠭᠥᠨ ᠦ᠌ ᠲᠥᠯᠥᠭᠡ ᠠᠮᠢᠳᠤᠷᠠᠳᠠᠭ ᠦᠭᠡᠢ ᠭᠡᠳᠡᠭ ᠢ᠋ ᠂ ᠥᠪᠡᠷ ᠦ᠋ᠨ ᠬᠠᠢᠷᠠᠲᠠᠢ ᠳᠤᠷᠠᠲᠠᠢ ᠵᠦᠢᠯ ᠢ᠋ ᠬᠡᠵᠢᠶ᠎ᠡ ᠴᠦ᠍ ᠣᠷᠬᠢᠵᠤ ᠪᠣᠯᠬᠤ ᠦᠭᠡᠢ ᠰᠢᠦ ᠳᠡ᠃
— ᠭᠡᠲᠡᠯ᠎ᠡ ᠨᠢᠭᠡ ᠡᠳᠦᠷ ᠳᠠᠭ᠎ᠠ ᠦᠭᠡᠢ ᠵᠦᠢᠯ ᠲᠣᠬᠢᠶᠠᠯᠳᠤᠯ᠎ᠠ᠂ ᠵᠣᠣᠨ᠋ᠰᠢ ᠨᠡᠯᠢᠶᠡᠨ ᠬᠦᠨᠳᠦ ᠡᠪᠡᠳᠴᠡᠢ᠃ ᠡᠮᠴᠢ ᠡᠳᠡᠭᠡᠭᠡᠬᠦ ᠭᠡᠵᠦ ᠶᠡᠬᠡ ᠬᠢᠴᠢᠶᠡᠭᠰᠡᠨ ᠪᠣᠯᠪᠠᠴᠤ ᠵᠣᠣᠨ᠋ᠰᠢ ᠡᠳᠡᠭᠡᠷᠡᠭᠰᠡᠨ ᠦᠭᠡᠢ᠃
—ᠭᠠᠢᠭᠤᠢ ᠪᠣᠯᠬᠤ ᠪᠠᠢᠬ᠎ᠠ ᠡᠮᠴᠢ ᠠ᠋!
—ᠵᠠᠪᠠᠯ ᠤᠤᠭᠤᠬᠤ ᠡᠮ ᠢ᠋ ᠨᠢ ᠪᠢᠴᠢᠭᠡᠳ ᠣᠷᠭᠢᠴᠢᠬᠠᠯ᠎ᠠ᠂ ᠭᠡᠬᠦ ᠳ᠋ᠦ᠍ ᠪᠡᠨ ᠵᠣᠣᠨ᠋ᠰᠢ ᠶ᠋ᠢ ᠥᠭᠡᠳᠡᠷᠬᠡᠭ ᠰᠠᠢᠬᠠᠨ ᠪᠣᠳᠣᠯ ᠲᠠᠢ ᠪᠣᠯᠬᠤ ᠳ᠋ᠤ᠌ ᠨᠢ ᠲᠤᠰᠠᠯᠠᠭᠠᠷᠠᠢ᠃ ᠡᠪᠡᠳᠴᠢᠨ ᠨᠢ ᠡᠳᠡᠭᠡᠷᠡᠬᠦ ᠦᠭᠡᠢ ᠤᠳᠠᠵᠤ ᠪᠠᠢᠭ᠎ᠠ ᠨᠢ ᠭᠤᠲᠤᠷᠠᠩᠭᠤᠢ ᠮᠠᠭᠤᠬᠠᠢ ᠪᠣᠳᠣᠯ ᠠ᠋ᠴᠠ ᠨᠢ ᠪᠣᠯᠵᠤ ᠪᠠᠢᠭ᠎ᠠ ᠶᠤᠮ ᠰᠢᠦ ᠳᠡ᠂ ᠰᠠᠢᠬᠠᠨ ᠶᠠᠭᠤᠮ᠎ᠠ ᠪᠣᠳᠣᠵᠤ ᠬᠤᠷᠳᠤᠨ ᠡᠳᠡᠭᠡᠷᠡᠨ᠎ᠡ ᠭᠡᠵᠦ ᠪᠣᠳᠣᠬᠤ ᠶᠤᠮ ᠪᠣᠯ ᠬᠤᠷᠳᠤᠨ ᠡᠳᠡᠭᠡᠷᠡᠨ᠎ᠡ ᠰᠢᠦ ᠳᠡ᠃
— ᠵᠣᠣᠨ᠋ᠰᠢ ᠶ᠋ᠢ ᠠᠵᠠ ᠵᠢᠷᠭᠠᠯ ᠲᠠᠢ ᠪᠣᠯᠭᠠᠬᠤ ᠶ᠋ᠢᠨ ᠲᠤᠯᠠᠳᠠ ᠰᠢᠦ᠋ ᠴᠢᠳᠠᠬᠤ ᠪᠦᠬᠦᠨ ᠢ᠋ ᠬᠢᠯ᠎ᠡ᠃ ᠵᠣᠣᠨ᠋ᠰᠢ ᠶ᠋ᠢᠨ ᠳᠤᠷᠠᠲᠠᠢ ᠬᠣᠭᠣᠯᠠ ᠶ᠋ᠢ ᠨᠢ ᠬᠢᠵᠦ ᠥᠭᠭᠦᠨ᠂ ᠠᠵᠢᠯ ᠳᠡᠭᠡᠷ᠎ᠡ ᠡᠴᠡ ᠰᠣᠨᠣᠰᠤᠭᠰᠠᠨ ᠢᠨᠢᠶᠡᠳᠦ ᠲᠡᠢ ᠶᠠᠭᠤᠮ᠎ᠠ ᠶᠠᠷᠢᠵᠤ ᠥᠷᠥᠭᠡ ᠶ᠋ᠢ ᠨᠢ ᠰᠠᠢᠬᠠᠨ ᠪᠣᠯᠭᠠᠬᠤ ᠭᠡᠵᠦ ᠴᠡᠴᠡᠭ ᠬᠦᠷᠲᠡᠯ᠎ᠡ ᠠᠪᠴᠢᠷᠠᠵᠤ ᠦᠭᠭᠦᠭᠰᠡᠨ᠂ ᠭᠡᠪᠡᠴᠦ ᠨᠡᠮᠡᠷᠢ ᠪᠣᠯᠤᠭᠰᠠᠨ ᠦᠭᠡᠢ᠃
— ᠴᠠᠭ ᠬᠤᠭᠤᠴᠠᠭ᠎ᠠ ᠥᠩᠭᠡᠷᠡᠭᠰᠡᠨ ᠴᠦ᠍ ᠮᠢᠨᠦ ᠡᠪᠡᠳᠴᠢᠨ ᠡᠳᠡᠭᠡᠷᠡᠬᠦ ᠦᠭᠡᠢ᠂ ᠰᠢᠦ᠋᠂ ᠴᠢ ᠴᠦ᠍ ᠭᠡᠰᠡᠨ ᠠᠵᠢᠯ ᠢ᠋ᠶ᠋ᠠᠨ ᠬᠢᠬᠦ ᠬᠡᠷᠡᠭᠲᠡᠢ ᠪᠠᠢᠳᠠᠭ᠂ ᠭᠡᠲᠡᠯ᠎ᠡ ᠪᠢ ᠢᠩᠭᠢᠭᠡᠳ ᠬᠡᠪᠲᠡᠭᠡᠳ ᠴᠢᠮ᠎ᠠ ᠳ᠋ᠤ᠌ ᠳᠠᠷᠤᠭ᠎ᠠ ᠪᠣᠯᠤᠭᠠᠳ ᠪᠠᠢᠳᠠᠭ᠂
— ᠵᠣᠣᠨ᠋ᠰᠢ᠂ ᠴᠢ ᠮᠢᠨᠦ ᠨᠠᠢᠵᠠ ᠰᠢᠦ ᠳᠡ ᠂ ᠴᠢᠮ᠎ᠠ ᠶ᠋ᠢ ᠬᠤᠷᠳᠤᠨ ᠡᠳᠡᠭᠡᠭᠡᠬᠦ ᠶ᠋ᠢᠨ ᠲᠤᠯᠠᠳᠠ ᠪᠢ ᠴᠢᠳᠠᠬᠤ ᠪᠦᠬᠦᠨ ᠢ᠋ᠶ᠋ᠡᠨ ᠬᠢᠨ᠎ᠡ᠃
—ᠰᠠᠢᠨ ᠤᠤ? ᠥᠬᠢᠳ ᠠ᠋᠂ ᠪᠢ ᠰᠠᠭᠠᠳ ᠪᠣᠯᠤᠭ᠎ᠠ ᠦᠭᠡᠢ ᠪᠢᠵᠡ ᠳᠡ!
—ᠦ᠂ ᠰᠠᠢᠨ ᠤᠤ? ᠪᠸᡁᠷᠮᠠᠨ ᠠᠬ᠎ᠠ ᠠ᠋᠂
—ᠮᠠᠨ ᠤ᠋ ᠪᠢᠴᠢᠬᠠᠨ ᠵᠣᠣᠨ᠋ᠰᠢ ᠶ᠋ᠢᠨ ᠪᠡᠶ᠎ᠡ ᠨᠢ ᠶᠠᠭᠠᠬᠢᠵᠤ ᠪᠠᠢᠨ᠎ᠠ ᠳᠠ?
—ᠲᠠᠭᠠᠷᠠᠤᠬᠠᠨ ᠯᠠ ᠪᠠᠢᠨ᠎ᠠ᠃
—ᠦ᠂ ᠵᠣᠣᠨ᠋ᠰᠢ᠂ ᠤᠳᠠᠬᠤ ᠦᠭᠡᠢ ᠡᠳᠡᠭᠡᠷᠡᠨ᠎ᠡ᠂ ᠢᠲᠡᠭᠡᠬᠦ ᠬᠡᠷᠡᠭᠲᠡᠢ ᠰᠢᠦ᠃
—ᠡᠳᠡᠭᠡᠷᠡᠬᠦ ᠦᠭᠡᠢ ᠯᠡ ᠶᠦ᠍ᠮ ᠰᠢᠭ ᠪᠠᠢᠨ᠎ᠠ᠂ ᠪᠸᡁᠷᠮᠠᠨ ᠠᠬ᠎ᠠ ᠠ᠋᠂ ᠰᠤᠯᠠ ᠳᠣᠷᠣᠢ ᠪᠠᠢᠳᠠᠯ ᠠ᠋ᠴᠠ ᠪᠠᠨ ᠣᠳᠣ ᠪᠦᠷ ᠵᠠᠯᠬᠠᠵᠤ ᠪᠠᠢᠨ᠎ᠠ᠃
—ᠥᠬᠢᠨ ᠮᠢᠨᠢ ᠳᠡ ᠂ ᠴᠢᠨᠦ ᠰᠡᠳᠬᠢᠯ ᠯᠡ ᠰᠤᠯᠠ ᠳᠣᠷᠣᠢ ᠪᠠᠢᠭᠠᠳ ᠪᠠᠢᠭ᠎ᠠ ᠶᠤᠮ ᠰᠢᠦ ᠳᠡ!
—ᠲᠡᠢᠮᠦ ᠠ᠋᠂ ᠰᠢᠦ᠋᠂ ᠲᠠᠨ ᠤ᠋ ᠬᠡᠯᠡᠭᠰᠡᠨ ᠢ᠋ ᠬᠡᠯᠡᠵᠦ ᠦᠭᠭᠦᠭᠰᠡᠨ᠂ᠭᠠᠷᠴᠠ ᠪᠠᠢᠭ᠎ᠠ ᠭᠠᠵᠠᠷ ᠬᠦᠰᠡᠯ ᠵᠠᠪᠠᠯ ᠣᠯᠳᠠᠨ᠎ᠠ ᠭᠡᠰᠡᠨ ᠪᠢᠵᠡ ᠳᠡ᠃
— ᠬᠡ ᠬᠡ ᠬᠡ᠂ ᠤᠭ ᠨᠢ ᠬᠦᠰᠡᠯ ᠪᠠᠢᠭ᠎ᠠ ᠭᠠᠵᠠᠷ ᠭᠠᠷᠴᠠ ᠣᠯᠳᠠᠨ᠎ᠠ ᠭᠡᠳᠡᠭ ᠶᠦ᠍ᠮ ᠯᠡ ᠳᠡ᠃
—ᠨᠡᠭᠡᠷᠡᠨ ᠲᠡᠢᠮᠦ ᠰᠢᠦ᠂ ᠪᠸᡁᠷᠮᠠᠨ ᠠᠬ᠎ᠠ ᠠ᠋ ᠂ ᠲᠠ ᠬᠠᠮᠤᠭ ᠤ᠋ᠨ ᠰᠡᠭᠦᠯ ᠳ᠋ᠦ᠍ ᠶᠠᠮᠠᠷ ᠵᠢᠷᠤᠭ ᠵᠢᠷᠤᠭᠰᠠᠨ ᠪᠣᠢ?
—ᠠ᠁ ᠣᠯᠠᠨ ᠵᠢᠯ ᠦ᠋ᠨ ᠡᠮᠦᠨ᠎ᠡ ᠮᠠᠷᠲᠠᠭᠰᠠᠨ ᠮᠥᠷᠥᠭᠡᠳᠦᠯ ᠢ᠋ᠶ᠋ᠡᠨ ᠵᠢᠷᠤᠭᠰᠠᠨ ᠶᠤᠮ᠂ ᠪᠢᠳᠡᠨ ᠦ᠌ ᠠᠮᠢᠳᠤᠷᠠᠵᠤ ᠪᠠᠢᠭ᠎ᠠ ᠡᠨᠡ ᠤᠷᠠᠯᠢᠭ ᠤ᠋ᠨ ᠭᠤᠳᠤᠮᠵᠢᠨ ᠤ᠋ ᠲᠤᠬᠠᠢ ᠵᠢᠷᠤᠭ ᠵᠢᠷᠤᠭᠰᠠᠨ᠂ ᠡᠨᠳᠡ ᠠᠮᠢᠳᠤᠷᠠᠳᠠᠭ ᠪᠦᠬᠦ ᠵᠢᠷᠤᠭᠠᠴᠢ ᠤᠷᠠᠴᠤᠳ ᠭᠠᠷᠴᠤ ᠢᠷᠡᠭᠡᠳ ᠥᠪᠡᠷᠰᠡᠳ ᠦ᠋ᠨ ᠬᠠᠮᠤᠭ ᠤ᠋ᠨ ᠳᠤᠷᠠᠲᠠᠢ ᠵᠦᠢᠯ ᠢ᠋ ᠬᠢᠵᠦ ᠪᠠᠢᠨ᠎ᠠ ᠭᠡᠳ ᠭᠤᠳᠤᠮᠵᠢᠨ ᠤ᠋ ᠡᠨᠳᠡ ᠲᠡᠨᠳᠡ ᠴᠤᠭᠯᠠᠷᠠᠭᠠᠳ ᠵᠢᠷᠤᠭ ᠵᠢᠷᠤᠵᠤ ᠪᠠᠢᠭ᠎ᠠ ᠪᠠᠷ᠁
—ᠪᠡᠶᠡᠯᠡᠬᠦ ᠦᠭᠡᠢ ᠮᠥᠷᠥᠭᠡᠳᠦᠯ ᠶᠦ᠍ᠮ ᠰᠢᠭ ᠪᠠᠢᠨ᠎ᠠ᠂ ᠬᠡᠵᠢᠶ᠎ᠡ ᠴᠦ᠍ ᠪᠡᠶᠡᠯᠡᠬᠦ ᠦᠭᠡᠢ ᠪᠠᠢᠬ᠎ᠠ᠃
—ᠭᠡᠬᠦ ᠳ᠋ᠦ᠍ ᠪᠡᠨ ᠡᠨᠡ ᠯᠡ ᠬᠠᠮᠤᠭ ᠤ᠋ᠨ ᠰᠠᠢᠬᠠᠨ ᠨᠢ᠂ᠪᠦᠬᠦ ᠵᠦᠢᠯ ᠢ᠋ ᠮᠥᠷᠥᠭᠡᠳᠴᠦ ᠪᠣᠯᠳᠠᠭ ᠪᠣᠯᠬᠣᠷ᠂ ᠮᠥᠷᠥᠭᠡᠳᠳᠡᠭ ᠦᠭᠡᠢ ᠬᠥᠮᠦᠨ ᠮᠥᠷᠥᠭᠡᠳᠦᠯ ᠢ᠋ᠶ᠋ᠡᠨ ᠪᠣᠳᠠᠲᠠᠢ ᠪᠣᠯᠭᠠᠬᠤ ᠭᠡᠵᠦ ᠬᠢᠴᠢᠶᠡᠳᠡᠭ ᠦᠭᠡᠢ ᠶᠦ᠍ᠮ ᠰᠢᠦ ᠳᠡ᠂ ᠬᠡᠵᠢᠶ᠎ᠡ ᠨᠢᠭᠡᠨ ᠡᠳᠦᠷ ᠮᠢᠨᠦ ᠪᠦᠲᠦᠭᠡᠯ ᠬᠥᠮᠦᠨ ᠦ᠌ ᠠᠮᠢ ᠶ᠋ᠢ ᠠᠪᠤᠷᠠᠨ᠎ᠠ᠂ ᠪᠢ ᠵᠠᠪᠠᠯ ᠡᠢᠮᠦ ᠭᠠᠷᠴᠠ ᠶ᠋ᠢ ᠣᠯᠤᠨ᠎ᠠ᠂ ᠤᠷᠠᠯᠢᠭ ᠦᠨᠡᠬᠡᠷ ᠬᠦᠴᠦᠲᠡᠢ ᠰᠢᠦ᠂ ᠥᠬᠢᠳ ᠮᠢᠨᠢ᠂ ᠭᠠᠢᠬᠠᠮᠰᠢᠭᠲᠠᠢ ᠤᠷᠠᠯᠢᠭ ᠤ᠋ᠨ ᠪᠦᠲᠦᠭᠡᠯ ᠡᠮᠴᠢ ᠶ᠋ᠢᠨ ᠡᠮᠴᠢᠯᠡᠵᠦ ᠴᠢᠳᠠᠭ᠎ᠠ ᠦᠭᠡᠢ ᠡᠪᠡᠳᠴᠢᠨ ᠢ᠋ ᠴᠤ᠌ ᠡᠳᠡᠭᠡᠭᠡᠵᠦ ᠴᠢᠳᠠᠳᠠᠭ ᠶᠤᠮ᠂ ᠤᠷᠠᠨ ᠪᠦᠲᠦᠭᠡᠯᠴᠢ ᠬᠥᠮᠦᠨ ᠥᠭᠡᠳᠡᠷᠬᠡᠭ ᠡᠶᠡᠷᠭᠦ ᠪᠣᠳᠣᠯ ᠲᠠᠢ ᠪᠠᠢᠬᠤ ᠬᠡᠷᠡᠭᠲᠡᠢ᠂ ᠮᠢᠨᠦ ᠬᠡᠯᠡᠭᠰᠡᠨ ᠢ᠋ ᠮᠠᠷᠲᠠᠵᠤ ᠪᠣᠯᠬᠤ ᠦᠭᠡᠢ ᠰᠢᠦ!
—ᠣᠢᠯᠠᠭᠠᠭᠰᠠᠨ ᠪᠢᠵᠡ ᠳᠡ ᠂ ᠵᠣᠣᠨ᠋ᠰᠢ ᠲᠡᠢᠮᠦ ᠡᠴᠡ ᠭᠤᠨᠢᠭᠯᠠᠬᠤ ᠬᠡᠷᠡᠭ ᠦᠭᠡᠢ᠃
—ᠡᠩ᠁ ᠵᠣᠣᠨ᠋ᠰᠢ᠂ ᠶᠠᠭᠤ ᠢᠩᠭᠢᠲᠡᠯ᠎ᠡ ᠪᠡᠨ ᠭᠥᠯᠢᠷᠡᠵᠦ ᠬᠠᠷᠠᠭᠠᠳ ᠪᠠᠢᠬᠤ ᠶᠤᠮ ᠪᠣᠢ?
—ᠲᠡᠷᠡ ᠬᠠᠨᠠᠨ ᠳᠡᠭᠡᠷ᠎ᠡ ᠪᠠᠢᠭ᠎ᠠ ᠣᠷᠢᠶᠠᠩᠭᠤ ᠡᠪᠡᠰᠦ ᠶ᠋ᠢ ᠬᠠᠷᠠᠵᠤ ᠪᠠᠢᠨ᠎ᠠ᠂ ᠡᠨᠡ ᠵᠢᠷᠤᠭ ᠨᠠᠳᠠ ᠳ᠋ᠤ᠌ ᠪᠠᠭ᠎ᠠ ᠴᠤ᠌ ᠭᠡᠰᠡᠨ ᠢᠲᠡᠭᠡᠯ ᠨᠠᠢᠳᠠᠪᠤᠷᠢ ᠥᠭᠴᠦ ᠪᠠᠢᠨ᠎ᠠ᠃
—ᠲᠡᠭᠡᠪᠡᠯ ᠦᠨᠡᠬᠡᠷ ᠰᠠᠢᠨ ᠪᠠᠢᠨ᠎ᠠ᠁
—ᠭᠡᠬᠦ ᠳ᠋ᠦ᠍ ᠪᠡᠨ ᠡᠨᠡ ᠣᠷᠢᠶᠠᠩᠭᠤ ᠡᠪᠡᠰᠦ ᠨᠠᠳᠠ ᠠ᠋ᠴᠠ ᠬᠣᠯᠠᠳᠠᠵᠤ ᠪᠠᠢᠭ᠎ᠠ ᠂ ᠠᠩᠬ᠎ᠠ ᠬᠠᠷᠠᠬᠤ ᠳ᠋ᠤ᠌ ᠠᠷᠪᠠᠨ ᠨᠠᠪᠴᠢ ᠪᠠᠢᠭᠰᠠᠨ ᠪᠣᠯᠪᠠᠴᠤ ᠣᠳᠣ ᠳᠣᠯᠣᠭᠠᠬᠠᠨ ᠨᠠᠪᠴᠢ ᠦᠯᠡᠳᠡᠭᠰᠡᠨ᠂ ᠰᠡᠭᠦᠯᠴᠢ ᠶ᠋ᠢᠨ ᠨᠠᠪᠴᠢ ᠨᠢ ᠤᠨᠠᠬᠤ ᠳ᠋ᠤ᠌ ᠮᠢᠨᠦ ᠢᠲᠡᠭᠡᠯ ᠨᠠᠢᠳᠠᠪᠤᠷᠢ ᠴᠤ᠌ ᠪᠠᠢᠬᠤ ᠦᠭᠡᠢ ᠪᠣᠯᠬᠤ ᠪᠠᠢᠬ᠎ᠠ ᠃
—ᠠ᠂ ᠦᠭᠡᠢ ᠳᠡ ᠂ ᠶᠠᠭᠠᠬᠢᠭᠠᠳ ᠡᠢᠮᠦ ᠭᠤᠨᠢᠭᠲᠠᠢ ᠶᠠᠭᠤᠮ᠎ᠠ ᠶᠠᠷᠢᠭᠠᠳ ᠪᠠᠢᠭ᠎ᠠ ᠶᠤᠮ ᠪᠣᠢ?
— ᠵᠣᠣᠨ᠋ᠰᠢ ᠶ᠋ᠢ ᠵᠢᠮᠡᠯᠡᠬᠦ ᠬᠡᠷᠡᠭ ᠦᠭᠡᠢ᠂ ᠬᠥᠮᠦᠨ ᠢ᠋ ᠭᠤᠨᠢᠭᠯᠠᠵᠤ ᠪᠠᠢᠬᠤ ᠳ᠋ᠤ᠌ ᠨᠢ ᠵᠠᠩᠨᠠᠵᠤ ᠵᠢᠮᠡᠯᠡᠪᠡᠯ ᠤᠯᠠᠮ ᠯᠠ ᠭᠤᠨᠢᠭᠯᠠᠳᠠᠭ ᠶᠤᠮ᠂ ᠲᠡᠭᠡᠭᠡᠳ ᠴᠦ᠍ ᠵᠣᠣᠨ᠋ᠰᠢ ᠡᠪᠡᠳᠴᠢᠲᠡᠢ ᠪᠠᠢᠭ᠎ᠠ ᠂ ᠰᠡᠳᠬᠢᠯ ᠰᠠᠨᠠᠭ᠎ᠠ ᠨᠢ ᠶᠠᠮᠠᠷ ᠪᠠᠢᠭ᠎ᠠ ᠶ᠋ᠢ ᠪᠢᠳᠡ ᠨᠠᠷ ᠮᠡᠳᠡᠬᠦ ᠦᠭᠡᠢ ᠰᠢᠦ ᠳᠡ᠃
—ᠠ᠁
— ᠲᠠᠨ ᠤ᠋ ᠵᠥᠪ ᠶᠦ᠍ᠮ ᠰᠢᠭ ᠪᠠᠢᠨ᠎ᠠ᠂ᠠᠭᠤᠴᠢᠯᠠᠭᠠᠷᠠᠢ! ᠵᠣᠣᠨ᠋ᠰᠢ!
ᠵᠣᠣᠨ᠋ᠰᠢ ᠲᠣᠭᠣᠭᠰᠠᠨ ᠦᠭᠡᠢ᠂ ᠬᠠᠷᠢᠨ ᠴᠤ᠌ ᠨᠠᠢᠵᠠ ᠪᠠᠨ ᠦᠷᠦ ᠡᠪᠡᠳᠴᠦ ᠪᠠᠢᠯ᠎ᠠ᠃ ᠬᠡᠳᠦ ᠬᠣᠨᠣᠭ ᠥᠩᠭᠡᠷᠡᠭᠰᠡᠨ ᠪᠣᠯᠪᠠᠴᠤ ᠵᠣᠣᠨ᠋ᠰᠢ ᠶ᠋ᠢᠨ ᠪᠡᠶ᠎ᠡ ᠤᠯᠠᠮ ᠮᠠᠭᠤᠳᠠᠭᠰᠠᠭᠠᠷ ᠪᠠᠢᠯ᠎ᠠ᠂ ᠡᠮᠴᠢ ᠴᠦ᠍ ᠡᠮᠴᠢᠯᠡᠵᠦ ᠴᠢᠳᠠᠬᠤ ᠪᠠᠨ ᠪᠣᠯᠢᠯ᠎ᠠ᠃ ᠵᠣᠣᠨ᠋ᠰᠢ ᠡᠮ ᠤᠤᠭᠤᠬᠤ ᠦᠭᠡᠢ ᠪᠠᠢᠯ᠎ᠠ᠂ ᠰᠠᠨᠠᠭ᠎ᠠ ᠨᠢ ᠵᠣᠪᠠᠭᠰᠠᠨ ᠰᠢᠦ᠋᠂ ᠡᠮᠴᠢ ᠡᠴᠡ ᠡᠮᠴᠢᠯᠡᠬᠦ ᠥᠭᠡᠷ᠎ᠡ ᠠᠷᠭ᠎ᠠ ᠪᠠᠢᠬᠤ ᠡᠰᠡᠬᠦ ᠶ᠋ᠢ ᠠᠰᠠᠭᠤᠯ᠎ᠠ᠂ ᠭᠡᠲᠡᠯ᠎ᠡ ᠡᠮᠴᠢ ᠬᠡᠯᠡᠯ᠎ᠡ᠄
—《 ᠰᠡᠳᠬᠢᠯ ᠰᠠᠨᠠᠭᠠᠨ ᠤ᠋ ᠬᠤᠪᠢ ᠳ᠋ᠤ᠌ ᠬᠦᠴᠦᠲᠡᠢ ᠪᠣᠯᠬᠤ ᠬᠡᠷᠡᠭᠲᠡᠢ》 ᠭᠡᠳ᠁
—《 ᠠ》
— ᠨᠢᠭᠡ ᠡᠳᠦᠷ ᠰᠢᠦ᠋ ᠪᠠᠢᠰᠢᠩ ᠳ᠋ᠤ᠌ ᠣᠷᠣᠵᠤ ᠢᠷᠡᠭᠡᠳ ᠭᠠᠵᠠᠷ ᠰᠠᠭᠤᠵᠤ ᠪᠠᠢᠭ᠎ᠠ ᠪᠧᠾᠷᠮᠠᠨ ᠢ᠋ ᠬᠠᠷᠠᠯ᠎ᠠ᠃ᠪᠦᠷ ᠶᠠᠳᠠᠷᠠᠭᠰᠠᠨ ᠪᠠᠢᠯ᠎ᠠ᠃
— ᠪᠧᠾᠷᠮᠠᠨ ᠠᠬ᠎ᠠ ᠠ᠋᠂ ᠵᠦᠭᠡᠷ ᠤᠤ? ᠶᠠᠭᠤ ᠪᠣᠯᠤᠭ᠎ᠠ ᠪᠣᠢ?
—ᠬᠡ ᠬᠡ ᠬᠡ᠂ ᠶᠠᠭᠤ ᠴᠤ᠌ ᠪᠣᠯᠤᠭ᠎ᠠ ᠦᠭᠡᠢ᠂ ᠪᠢ ᠬᠥᠭᠰᠢᠷᠡᠭᠰᠡᠨ ᠪᠣᠯᠤᠯᠲᠠᠢ ᠥᠨᠥᠳᠥᠷ ᠴᠡᠴᠡᠷᠯᠢᠭᠲᠦ ᠬᠦᠷᠢᠶᠡᠯᠡᠩ ᠦ᠋ᠨ ᠰᠠᠨᠳᠠᠯᠢ ᠳᠡᠭᠡᠷ᠎ᠡ ᠵᠢᠷᠤᠭ ᠵᠢᠷᠤᠭᠰᠠᠨ ᠶᠤᠮ ᠂ ᠰᠠᠷᠠᠪᠴᠢᠨ ᠳᠣᠣᠷᠠᠬᠢ ᠰᠠᠨᠳᠠᠯᠢ ᠶ᠋ᠢ ᠰᠠᠨᠠᠵᠤ ᠪᠠᠢᠭ᠎ᠠ ᠪᠢᠵᠡ ᠳᠡ᠃
—ᠶᠠᠭᠤ? ᠰᠠᠷᠠᠪᠴᠢᠨ ᠳᠣᠣᠷᠠᠬᠢ ᠰᠠᠨᠳᠠᠯᠢ ᠳᠡᠭᠡᠷ᠎ᠡ ᠵᠢᠷᠤᠭ ᠵᠢᠷᠤᠭᠰᠠᠨ ᠶᠤᠮ ᠤᠤ? ᠬᠣᠷᠢᠨ ᠬᠡᠳᠦᠨ ᠰᠠᠨᠳᠠᠯᠢ ᠪᠠᠢᠭ᠎ᠠ ᠰᠢᠦ ᠳᠡ ᠂ ᠪᠦᠭᠦᠳᠡ ᠶ᠋ᠢᠨ ᠳᠡᠭᠡᠷ᠎ᠡ ᠨᠢ ᠵᠢᠷᠤᠭ ᠵᠢᠷᠤᠭᠰᠠᠨ ᠭᠡᠵᠢ ᠤᠤ? ᠡᠳᠦᠷᠵᠢᠨ ᠢ᠋ᠶ᠋ᠡᠨ ᠤᠤ? ᠲᠠ ᠶᠡᠬᠡ ᠶᠠᠳᠠᠷᠠᠭᠰᠠᠨ ᠪᠠᠢᠨ᠎ᠠ ᠳᠠ᠂ ᠢᠩᠭᠢᠭᠡᠳ ᠶᠠᠭᠠᠬᠢᠭᠠᠳ ᠨᠣᠷᠴᠢᠬᠠᠭᠰᠠᠨ ᠪᠣᠢ?ᠰᠠᠷᠠᠪᠴᠢᠨ ᠳᠣᠣᠷ᠎ᠠ ᠪᠣᠯᠬᠣᠷ ᠪᠣᠷᠣᠭᠠᠨ ᠳ᠋ᠤ᠌ ᠨᠣᠷᠤᠮᠠᠷ ᠦᠭᠡᠢ ᠶᠦ᠍ᠮ᠃
—ᠠ᠁ ᠰᠢᠬᠦᠷ ᠢ᠋ᠶ᠋ᠡᠨ ᠠᠪᠬᠤ ᠪᠠᠨ ᠮᠠᠷᠲᠠᠴᠢᠬᠠᠵᠠᠢ ᠂ᠲᠦᠷᠦᠭᠦᠨ ᠬᠡᠯᠡᠭᠰᠡᠨ ᠪᠢᠵᠡ ᠳᠡ᠂ ᠨᠠᠰᠤ ᠠᠬᠢᠭᠠᠳ ᠢᠷᠡᠬᠦ ᠪᠡᠷ ᠮᠠᠷᠲᠠᠮᠠᠬᠠᠢ ᠪᠣᠯᠳᠠᠭ ᠶᠤᠮ ᠪᠠᠢᠨ᠎ᠠ᠃
—ᠦ᠂ ᠪᠧᠾᠷᠮᠠᠨ ᠠᠬ᠎ᠠ ᠠ᠋᠂ ᠰᠡᠭᠦᠯ ᠦ᠋ᠨ ᠦᠶ᠎ᠡ ᠳ᠋ᠦ᠍ ᠲᠣᠰᠬᠣᠨ ᠤ᠋ ᠬᠥᠮᠦᠰ ᠶᠡᠬᠡ ᠡᠪᠡᠳᠴᠦ ᠪᠠᠢᠭ᠎ᠠ ᠶ᠋ᠢ ᠮᠡᠳᠡᠭᠰᠡᠨ ᠪᠢᠵᠡ ᠳᠡ᠂ ᠲᠠ ᠴᠦ᠍ ᠭᠡᠰᠡᠨ ᠪᠡᠶ᠎ᠡ ᠪᠡᠨ ᠪᠣᠳᠣᠬᠤ ᠬᠡᠷᠡᠭᠲᠡᠢ᠂ ᠬᠠᠯᠠᠭᠤᠷᠠᠵᠤ ᠪᠠᠢᠨ᠎ᠠ ᠤᠤ ? ᠪᠦᠷ ᠴᠢᠷᠠᠢ ᠠᠯᠳᠠᠴᠢᠬᠠᠵᠠᠢ! ᠡᠮᠴᠢ ᠳᠠᠭᠤᠳᠠᠭᠠᠳ ᠥᠭᠬᠦ ᠤᠤ?
— ᠦ ᠶᠠᠭᠠᠬᠢᠳᠠᠭ ᠪᠢᠯᠡ? ᠬᠡ ᠬᠡ ᠬᠡ ᠶᠠᠭᠠᠬᠢᠭᠰᠠᠨ ᠰᠣᠨᠢᠭᠤᠴᠢ ᠬᠡᠦᠬᠡᠳ ᠪᠣᠢ? ᠪᠢ ᠵᠢᠷᠤᠭ ᠵᠢᠷᠤᠬᠤ ᠳ᠋ᠤ᠌ ᠪᠠᠨ ᠬᠠᠮᠤᠭ ᠤ᠋ᠨ ᠠᠵᠠ ᠵᠢᠷᠭᠠᠯᠲᠠᠢ ᠬᠥᠮᠦᠨ ᠪᠣᠯᠳᠠᠭ ᠶᠤᠮ᠂ ᠰᠠᠨᠠᠭ᠎ᠠ ᠵᠣᠪᠠᠬᠤ ᠬᠡᠷᠡᠭ ᠦᠭᠡᠢ ᠳᠡ᠂ ᠥᠬᠢᠨ ᠮᠢᠨᠢ ᠂ ᠡᠪᠡᠳᠬᠦ ᠴᠦ᠍ ᠦᠭᠡᠢ᠂ ᠶᠠᠳᠠᠷᠠᠬᠤ ᠴᠤ᠌ ᠦᠭᠡᠢ᠂ ᠤᠷᠠᠯᠢᠭ ᠪᠣᠯ ᠮᠢᠨᠦ ᠠᠮᠢᠳᠤᠷᠠᠯ᠂ ᠢᠩᠭᠢᠬᠦ  ᠳ᠋ᠦ᠍ ᠵᠣᠣᠨ᠋ᠰᠢ ᠶ᠋ᠢᠨ ᠪᠡᠶ᠎ᠡ ᠶᠠᠭᠠᠬᠢᠵᠤ ᠪᠠᠢᠨ᠎ᠠ?
— ᠠ᠂ ᠲᠠᠭᠠᠷᠠᠤᠬᠠᠨ ᠪᠠᠢᠭ᠎ᠠ ᠵᠣᠣᠨ᠋ᠰᠢ ᠶ᠋ᠢᠨ ᠶᠠᠷᠢᠭᠠᠳ ᠪᠠᠢᠭᠰᠠᠨ ᠣᠷᠢᠶᠠᠩᠭᠤ ᠡᠪᠡᠰᠦ ᠶ᠋ᠢ ᠰᠠᠨᠠᠵᠤ ᠪᠠᠢᠨ᠎ᠠ ᠤᠤ? ᠣᠳᠣ ᠳᠦᠷᠪᠡᠭᠡᠨ ᠨᠠᠪᠴᠢ ᠦᠯᠡᠳᠡᠴᠢᠬᠡᠭᠰᠡᠨ᠂ ᠵᠣᠣᠨ᠋ᠰᠢ ᠭᠠᠭᠴᠠᠬᠠᠨ ᠲᠡᠷᠡ ᠨᠠᠪᠴᠢ ᠶ᠋ᠢ ᠯᠡ ᠬᠠᠷᠠᠳᠠᠭ ᠪᠣᠯᠤᠭᠰᠠᠨ ᠂ ᠰᠡᠭᠦᠯ ᠦ᠋ᠨ ᠨᠠᠪᠴᠢ ᠨᠢ ᠪᠢᠲᠡᠭᠡᠢ ᠤᠨᠠᠭᠠᠰᠠᠢ ᠳᠠ᠂ ᠬᠡᠷᠪᠡ ᠤᠨᠠᠴᠢᠬᠠᠪᠠᠯ ᠵᠣᠣᠨ᠋ᠰᠢ ᠪᠦᠬᠦ ᠢᠲᠡᠭᠡᠯ ᠨᠠᠢᠳᠠᠪᠤᠷᠢ ᠪᠠᠨ ᠠᠯᠳᠠᠨ᠎ᠠ᠃
— ᠲᠡᠢᠮᠦ ᠠ᠋ ᠤᠨᠠᠭᠠᠵᠤ ᠯᠠ ᠪᠣᠯᠬᠤ ᠦᠭᠡᠢ ᠶᠦ᠍ᠮ ᠰᠢᠦ᠃
—ᠥᠨᠥᠳᠥᠷ ᠬᠤᠪᠢᠩ ᠢ᠋ᠶ᠋ᠠᠷ ᠴᠢᠳᠬᠤᠵᠤ ᠪᠠᠢᠭ᠎ᠠ ᠶᠤᠮ ᠰᠢᠭ᠋ ᠯᠡ ᠪᠣᠷᠣᠭᠠᠨ ᠣᠷᠣᠯ᠎ᠠ ᠂ ᠬᠦᠴᠦᠲᠡᠢ ᠰᠠᠯᠬᠢᠨ ᠳ᠋ᠤ᠌ ᠪᠠᠷᠤᠭ ᠪᠦᠬᠦ ᠨᠠᠪᠴᠢ ᠨᠢ ᠤᠨᠠᠴᠢᠬᠠᠭᠰᠠᠨ ᠪᠠᠢᠬ᠎ᠠ᠂ ᠥᠪᠡᠷ ᠢ᠋ᠶ᠋ᠡᠨ ᠤᠨᠠᠵᠤ ᠪᠠᠢᠭ᠎ᠠ ᠨᠠᠪᠴᠢ ᠶ᠋ᠢ ᠬᠡᠨ ᠴᠦ᠍ ᠲᠣᠭᠲᠠᠭᠠᠵᠤ ᠴᠢᠳᠠᠬᠤ ᠦᠭᠡᠢ ᠪᠢᠵᠡ ᠳᠡ᠃
—ᠠ ᠂ ᠲᠡᠢᠮᠦ ᠠ᠋᠂ ᠰᠢᠦ᠋ ᠢᠩᠭᠢᠬᠦ  ᠳ᠋ᠦ᠍ ᠪᠡᠨ ᠬᠦᠰᠡᠯ ᠪᠠᠢᠭ᠎ᠠ ᠭᠠᠵᠠᠷ ᠭᠠᠷᠴᠠ ᠦᠷᠭᠦᠯᠵᠢ ᠣᠯᠳᠠᠳᠠᠭ ᠶᠤᠮ᠃
— ᠠ᠂ ᠲᠡᠢᠮᠦ ᠯᠡ ᠳᠡ᠂ ᠨᠠᠳᠠ ᠳ᠋ᠤ᠌ ᠭᠠᠷᠴᠠ ᠬᠠᠷᠠᠭᠳᠠᠬᠤ ᠦᠭᠡᠢ ᠪᠣᠯᠬᠣᠷ ᠮᠢᠨᠦ ᠨᠠᠢᠳᠠᠪᠤᠷᠢ ᠬᠦᠷᠲᠡᠯ᠎ᠡ ᠲᠠᠰᠤᠷᠠᠭᠠᠳ ᠪᠠᠢᠨ᠎ᠠ᠂ ᠪᠢ ᠵᠣᠣᠨ᠋ᠰᠢ ᠳᠡᠭᠡᠷ᠎ᠡ ᠣᠴᠢᠯ᠎ᠠ᠂ ᠲᠠ ᠡᠮᠴᠢ  ᠳ᠋ᠦ᠍ ᠣᠴᠢᠵᠤ ᠦᠵᠡᠭᠦᠯᠦᠭᠡᠷᠡᠢ! ᠵᠠ ᠤᠤ?
— ᠬᠡ ᠬᠡ ᠬᠡ᠂ ᠦᠵᠡᠭᠦᠯᠦᠨ᠎ᠡ ᠥᠬᠢᠨ ᠮᠢᠨᠢ᠂ ᠵᠣᠣᠨ᠋ᠰᠢ ᠳ᠋ᠤ᠌ ᠮᠡᠨᠳᠦ ᠳᠠᠮᠵᠢᠭᠤᠯᠤᠭᠠᠷᠠᠢ!
—ᠲᠡᠷᠡ ᠰᠥᠨᠢ ᠬᠦᠴᠦᠲᠡᠢ ᠠᠭᠠᠳᠠᠷ ᠪᠣᠷᠣᠭ᠎ᠠ ᠣᠷᠣᠯ᠎ᠠ, ᠤᠷᠠᠯᠢᠭ ᠤ᠋ᠨ ᠭᠤᠳᠤᠮᠵᠢᠨ ᠤ᠋ ᠬᠥᠮᠦᠰ ᠪᠣᠷᠣᠭᠠᠨ ᠠ᠋ᠴᠠ ᠵᠢᠭᠤᠲᠠᠨ ᠭᠡᠷ ᠲᠦ᠍ ᠪᠡᠨ ᠣᠷᠣᠨ ᠴᠣᠩᠬᠣ ᠪᠠᠨ ᠬᠠᠭᠠᠵᠠᠭᠠᠯ᠎ᠠ᠃
ᠭᠡᠪᠡᠴᠦ ᠵᠣᠣᠨ᠋ᠰᠢ ᠴᠣᠩᠬᠣ ᠣᠩᠭᠣᠢᠯᠭᠠᠭᠠᠳ ᠥᠭ ᠭᠡᠵᠦ ᠰᠢᠦ᠋ ᠡᠴᠡ ᠭᠤᠶᠤᠯ᠎ᠠ᠃ ᠰᠡᠭᠦᠯᠴᠢ ᠶ᠋ᠢᠨ ᠨᠠᠪᠴᠢ ᠤᠨᠠᠭᠰᠠᠨ ᠦᠭᠡᠢ ᠶ᠋ᠢ ᠬᠠᠷᠠᠮᠠᠷ ᠪᠠᠢᠨ᠎ᠠ ᠭᠡᠳ᠂ ᠭᠡᠪᠡᠴᠦ ᠰᠢᠦ᠋᠂ ᠵᠥᠪᠰᠢᠶᠡᠷᠡᠭᠰᠡᠨ ᠦᠭᠡᠢ ᠂ ᠴᠣᠩᠬᠣ ᠣᠩᠭᠣᠢᠯᠭᠠᠴᠢᠬᠠᠪᠠᠯ ᠭᠡᠷ ᠲᠦ᠍ ᠬᠦᠢᠲᠡᠨ ᠠᠭᠠᠷ ᠣᠷᠣᠭᠠᠳ ᠢᠷᠡᠨ᠎ᠡ ᠂ ᠲᠡᠭᠡᠪᠡᠯ ᠵᠣᠣᠨ᠋ᠰᠢ ᠶ᠋ᠢᠨ ᠪᠡᠶ᠎ᠡ ᠤᠯᠠᠮ ᠮᠠᠭᠤᠳᠠᠵᠤ ᠮᠠᠭᠠᠳ ᠦᠭᠡᠢ᠂ ᠵᠣᠣᠨ᠋ᠰᠢ ᠴᠤ᠌ ᠵᠥᠪᠰᠢᠶᠡᠷᠡᠯ᠎ᠡ᠃ ᠪᠠᠰᠠ ᠶᠠᠭᠤ ᠴᠤ᠌ ᠭᠡᠰᠡᠨ ᠰᠡᠭᠦᠯᠴᠢ ᠶ᠋ᠢᠨ ᠨᠠᠪᠴᠢ ᠤᠨᠠᠭᠰᠠᠨ ᠪᠠᠢᠵᠤ ᠮᠠᠭᠠᠳ ᠦᠭᠡᠢ ᠭᠡᠵᠦ ᠰᠠᠨᠠᠭ᠎ᠠ ᠵᠣᠪᠠᠵᠤ ᠪᠠᠢᠭ᠎ᠠ ᠶ᠋ᠢ ᠣᠢᠯᠠᠭᠠᠵᠤ ᠪᠠᠢᠯ᠎ᠠ᠃ᠮᠠᠷᠭᠠᠰᠢ ᠥᠷᠯᠥᠭᠡ ᠨᠢ ᠨᠠᠷᠠ ᠮᠠᠨᠳᠤᠯ᠎ᠠ ᠃
ᠬᠦᠴᠦᠲᠡᠢ ᠰᠢᠭᠤᠷᠭ᠎ᠠ ᠨᠠᠮᠳᠠᠵᠠᠢ᠃ ᠴᠣᠩᠬᠣ ᠣᠩᠭᠣᠢᠯᠭᠠᠵᠤ ᠪᠣᠯᠤᠨ᠎ᠠ ᠭᠡᠵᠦ ᠰᠢᠦ᠋ ᠪᠣᠳᠣᠵᠠᠢ᠂ ᠴᠣᠩᠬᠣ ᠬᠠᠭᠠᠯᠲᠠ ᠲᠠᠢ ᠪᠠᠢᠯᠭᠠᠭᠠᠳ ᠪᠠᠢᠯᠲᠠᠢ ᠪᠢᠰᠢ᠂ ᠰᠢᠦ᠋ ᠨᠢᠳᠦ ᠪᠡᠨ ᠠᠨᠢᠭᠠᠳ ᠬᠥᠰᠢᠭᠡ ᠪᠡᠨ ᠨᠡᠭᠡᠭᠡᠯ᠎ᠡ ᠂ ᠲᠡᠭᠡᠭᠡᠳ ᠮᠠᠯ ᠭᠠᠢᠬᠠᠯ᠎ᠠ᠃
— ᠦ᠂ ᠵᠣᠣᠨ᠋ᠰᠢ᠂ ᠰᠡᠭᠦᠯᠴᠢ ᠶ᠋ᠢᠨ ᠨᠠᠪᠴᠢ ᠤᠨᠠᠭ᠎ᠠ ᠦᠭᠡᠢ ᠪᠠᠢᠨ᠎ᠠ᠃
— ᠶᠠᠭᠤ? ᠨᠡᠭᠡᠷᠡᠨ ᠤᠤ ?ᠶᠠᠭᠠᠬᠢᠭᠠᠳ ᠤᠨᠠᠭ᠎ᠠ ᠦᠭᠡᠢ ᠪᠠᠢᠭ᠎ᠠ ᠶᠤᠮ ᠪᠣᠯ ᠠ᠋!
—ᠨᠠᠪᠴᠢ ᠤᠨᠠᠬᠤ ᠶ᠋ᠢ ᠬᠦᠰᠡᠭᠡ ᠦᠭᠡᠢ ᠶᠦᠮ ᠪᠠᠢᠯᠭᠦᠢ᠂ ᠵᠣᠣᠨ᠋ᠰᠢ ᠂ ᠪᠧᠾᠷᠮᠠᠨ ᠠᠬ᠎ᠠ ᠶ᠋ᠢᠨ ᠬᠡᠯᠡᠭᠰᠡᠨ ᠢ᠋ ᠰᠠᠨᠠᠵᠤ ᠪᠠᠢᠭ᠎ᠠ ᠪᠢᠵᠡ ᠳᠡ᠃
—ᠴᠢᠨᠦ ᠵᠥᠪ᠂ ᠠ᠂ ᠰᠢᠦ᠋᠂ ᠮᠢᠨᠦ ᠡᠮ ᠢ᠋ ᠠᠪᠤᠭᠠᠳ ᠥᠭᠬᠦ ᠦᠭᠡᠢ ᠤᠤ? ᠢᠢᠮᠦ ᠵᠢᠵᠢᠭ ᠨᠠᠪᠴᠢ ᠬᠦᠴᠦᠲᠡᠢ ᠰᠢᠭᠤᠷᠭ᠎ᠠ ᠲᠠᠢ ᠲᠡᠮᠡᠴᠡᠵᠦ ᠪᠠᠢᠬᠤ ᠳ᠋ᠤ᠌ ᠪᠢ ᠶᠠᠭᠠᠬᠢᠭᠠᠳ ᠴᠢᠳᠠᠬᠤ ᠦᠭᠡᠢ ᠪᠢᠵᠡ? ᠡᠳᠡᠭᠡᠷᠡᠬᠦ ᠠᠷᠭ᠎ᠠ ᠶ᠋ᠢ ᠬᠠᠢᠵᠤ ᠣᠯᠤᠨ᠎ᠠ᠃
—ᠦ ᠂ ᠵᠣᠣᠨ᠋ᠰᠢ᠂ ᠬᠦᠰᠡᠭᠰᠡᠨ ᠪᠣᠯᠭᠠᠨ ᠢ᠋ ᠴᠢᠨᠢ ᠠᠪᠴᠢᠷᠠᠵᠤ ᠥᠭᠭᠦᠶ᠎ᠡ᠂ ᠬᠡᠯᠡᠯ ᠳᠡ᠂ ᠶᠠᠭᠤ ᠬᠡᠷᠡᠭᠲᠡᠢ ᠪᠠᠢᠨ᠎ᠠ᠃
—ᠤᠷᠠᠯᠢᠭ ᠦᠨᠡᠬᠡᠷ ᠬᠦᠴᠦ ᠲᠡᠢ᠂ ᠥᠬᠢᠳ ᠮᠢᠨᠢ ᠭᠠᠢᠬᠠᠮᠰᠢᠭᠲᠠᠢ ᠤᠷᠠᠯᠢᠭ ᠤ᠋ᠨ ᠪᠦᠲᠦᠭᠡᠯ ᠡᠮᠴᠢ ᠶ᠋ᠢᠨ ᠡᠮᠴᠢᠯᠡᠵᠦ ᠴᠢᠳᠠᠭ᠎ᠠ ᠦᠭᠡᠢ ᠡᠪᠡᠳᠴᠢᠨ ᠢ᠋ ᠴᠦ᠍ ᠡᠳᠡᠭᠡᠭᠡᠵᠦ ᠴᠢᠳᠠᠨ᠎ᠠ᠃
—ᠬᠡᠷᠡᠭ ᠲᠡᠢ ᠶᠦᠮ ᠪᠠᠢᠨ᠎ᠠ᠂ ᠨᠠᠳᠠ ᠳ᠋ᠤ᠌ ᠮᠢᠨᠦ ᠵᠢᠷᠤᠭ ᠤ᠋ᠨ ᠲᠠᠯᠪᠢᠭᠤᠷ᠂ ᠪᠣᠳᠣᠭ ᠤ᠋ᠳ ᠢ᠋ ᠮᠠᠨᠢ ᠠᠪᠤᠭᠠᠳ ᠢᠷ᠎ᠡ!
—ᠡᠢᠮᠦ ᠦᠭᠡ ᠰᠣᠨᠣᠰᠤᠭᠠᠳ ᠰᠢᠦ᠋ ᠦᠨᠡᠬᠡᠷ ᠶᠡᠬᠡ ᠪᠠᠶᠠᠷᠯᠠᠯ᠎ᠠ᠃ ᠰᠢᠦ᠋ ᠥᠪᠡᠷ ᠦ᠋ᠨ ᠪᠦᠬᠦ ᠴᠠᠭᠠᠰᠤ᠂ ᠪᠣᠳᠣᠭ ᠢ᠋ ᠵᠣᠣᠨ᠋ᠰᠢ ᠳ᠋ᠤ᠌ ᠠᠪᠴᠢᠷᠠᠵᠤ ᠥᠭᠭᠦᠯ᠎ᠡ᠂ ᠲᠡᠭᠡᠭᠡᠳ ᠣᠷᠣᠨ ᠤ᠋ ᠬᠠᠵᠠᠭᠤ ᠳ᠋ᠤ᠌ ᠵᠢᠷᠤᠭ ᠤ᠋ᠨ ᠲᠠᠯᠪᠢᠭᠤᠷ ᠢ᠋ᠶ᠋ᠠᠨ ᠲᠠᠯᠪᠢᠯ᠎ᠠ᠃ ᠨᠠᠢᠵᠠ ᠨᠢ ᠡᠷᠭᠢᠭᠡᠳ ᠢᠷᠡᠭᠰᠡᠨ ᠳ᠋ᠦ᠍ ᠦᠨᠡᠬᠡᠷ ᠶᠡᠬᠡ ᠪᠠᠶᠠᠷᠲᠠᠢ ᠪᠠᠢᠯ᠎ᠠ᠂ ᠴᠠᠭ ᠬᠤᠭᠤᠴᠠᠭ᠎ᠠ ᠠᠭᠠᠵᠢᠮ ᠢ᠋ᠶ᠋ᠠᠷ ᠥᠩᠭᠡᠷᠡᠭᠰᠡᠭᠡᠷ ᠵᠣᠣᠨ᠋ᠰᠢ ᠪᠦᠷᠢᠨ ᠡᠳᠡᠭᠡᠷᠡᠯ᠎ᠡ᠂ ᠡᠮᠴᠢ ᠂ ᠰᠢᠦ᠋ ᠬᠣᠶᠠᠷ ᠮᠠᠯ ᠭᠠᠢᠬᠠᠯ᠎ᠠ᠃ ᠵᠣᠣᠨ᠋ᠰᠢ ᠳᠠᠬᠢᠵᠤ ᠰᠤᠯᠠ ᠳᠣᠷᠣᠢ ᠭᠡᠬᠦ ᠶᠦᠮ ᠤᠤ?ᠭᠤᠲᠤᠷᠠᠩᠭᠤᠢ ᠦᠭᠡ ᠬᠡᠯᠡᠬᠦ ᠪᠡᠨ ᠪᠣᠯᠢᠵᠠᠢ᠃ ᠦᠨᠡᠨ ᠢ᠋ ᠬᠡᠯᠡᠬᠦ  ᠳ᠋ᠦ᠍ ᠣᠳᠣ ᠨᠠᠢᠵᠠ ᠲᠠᠢ ᠪᠠᠨ ᠮᠥᠷᠥᠭᠡᠳᠦᠯ ᠦ᠋ᠨ ᠢ᠋ᠶ᠋ᠡᠨ ᠲᠤᠬᠠᠢ ᠶᠠᠷᠢᠯᠴᠠᠳᠠᠭ ᠪᠣᠯᠤᠭᠰᠠᠨ᠃
—ᠪᠢ᠂ ᠳᠠᠷᠠᠭ᠎ᠠ ᠯᠣᠨᠳᠣᠨ ᠤ᠋ ᠭᠦᠦᠷ ᠢ᠋ ᠵᠢᠷᠤᠨ᠎ᠠ᠃
— ᠬᠠ ᠬᠠ ᠬᠠ᠂ ᠬᠡᠵᠢᠶ᠎ᠡ ᠨᠢᠭᠡᠨ ᠡᠳᠦᠷ ᠵᠢᠷᠤᠬᠤ ᠪᠠᠢᠬ᠎ᠠ᠁
—ᠢᠩᠭᠢᠬᠦ ᠳ᠋ᠦ᠍ ᠪᠧᠾᠷᠮᠠᠨ ᠠᠬ᠎ᠠ ᠬᠠᠮᠢᠭ᠎ᠠ ᠪᠠᠢᠭ᠎ᠠ ᠪᠣᠢ ? ᠪᠧᠾᠷᠮᠠᠨ ᠠᠬ᠎ᠠ ᠶ᠋ᠢ ᠬᠠᠷᠠᠯ ᠦᠭᠡᠢ ᠤᠳᠠᠭᠰᠠᠨ ᠪᠠᠢᠨ᠎ᠠ᠃
—ᠡᠩ᠁ ᠪᠢ ᠴᠢᠮ᠎ᠠ ᠳ᠋ᠤ᠌ ᠬᠡᠯᠡᠬᠦ ᠭᠡᠵᠦ ᠪᠠᠢᠭᠰᠠᠨ ᠶᠤᠮ ᠠ᠋᠂ ᠵᠣᠣᠨ᠋ᠰᠢ ᠴᠢᠮ᠎ᠠ ᠶ᠋ᠢ ᠪᠦᠷᠢᠨ ᠡᠳᠡᠭᠡᠷᠡᠭᠰᠡᠨ ᠦ᠌ ᠳᠠᠷᠠᠭ᠎ᠠ ᠬᠡᠯᠡᠵᠦ ᠥᠭᠭᠦᠶ᠎ᠡ ᠭᠡᠳ ᠬᠦᠯᠢᠶᠡᠵᠦ ᠪᠠᠢᠭᠰᠠᠨ ᠶᠤᠮ᠂ ᠪᠧᠾᠷᠮᠠᠨ ᠠᠬ᠎ᠠ ᠡᠪᠡᠳᠴᠢᠯᠡᠴᠢᠬᠡᠭᠰᠡᠨ᠂ ᠨᠠᠰᠤ ᠠᠬᠢᠭᠠᠳ ᠬᠤᠷᠳᠤᠨ ᠡᠳᠡᠭᠡᠷᠡᠬᠦ ᠦᠭᠡᠢ ᠪᠠᠢᠭ᠎ᠠ᠂ ᠬᠦᠴᠦᠲᠡᠢ ᠠᠭᠠᠳᠠᠷ ᠪᠣᠷᠣᠭ᠎ᠠ ᠲᠠᠢ ᠡᠳᠦᠷ ᠢ᠋ ᠰᠠᠨᠠᠵᠤ ᠪᠠᠢᠨ᠎ᠠ ᠤᠤ? ᠪᠧᠾᠷᠮᠠᠨ ᠠᠬ᠎ᠠ ᠲᠡᠷᠡ ᠡᠳᠦᠷ ᠶᠡᠬᠡ ᠬᠦᠨᠳᠦ ᠡᠪᠡᠳᠴᠢᠯᠡᠴᠢᠬᠡᠭᠰᠡᠨ᠃
—ᠶᠠᠭᠤ? ᠡᠮᠴᠢ ᠳ᠋ᠦ᠍ ᠦᠵᠡᠭᠦᠯᠦᠭᠰᠡᠨ ᠪᠢᠵᠡ ᠳᠡ?
— ᠪᠧᠾᠷᠮᠠᠨ ᠠᠬ᠎ᠠ ᠨᠢᠭᠡ ᠶᠠᠭᠤᠮ᠎ᠠ ᠬᠡᠯᠡᠭᠰᠡᠨ᠂ ᠵᠢᠷᠤᠭ ᠵᠢᠷᠤᠬᠤ ᠳ᠋ᠤ᠌ ᠪᠠᠨ ᠡᠪᠡᠳᠳᠡᠭ ᠴᠦ᠍ ᠦᠭᠡᠢ ᠶᠠᠳᠠᠷᠠᠳᠠᠭ ᠴᠤ᠌ ᠦᠭᠡᠢ ᠭᠡᠵᠦ ᠬᠡᠯᠡᠭᠰᠡᠨ᠃
—ᠶᠠᠭᠤ ᠭᠡᠰᠡᠨ ᠦᠭᠡ ᠪᠣᠢ?
— ᠭᠠᠳᠠᠭ᠎ᠠ ᠪᠠᠢᠭ᠎ᠠ ᠮᠣᠳᠣᠨ ᠤ᠋ ᠨᠠᠪᠴᠢ ᠶ᠋ᠢ ᠬᠠᠷᠠ ᠯᠠ ᠳᠠ᠂ ᠬᠡᠪ ᠢ᠋ᠶ᠋ᠡᠷ ᠢ᠋ᠶ᠋ᠡᠨ ᠯᠡ ᠪᠠᠢᠭ᠎ᠠ ᠳᠠ᠂ ᠪᠦᠷ ᠬᠥᠳᠡᠯᠬᠦ ᠴᠦ᠍ ᠦᠭᠡᠢ ᠪᠠᠢᠭ᠎ᠠ ᠪᠢᠵᠡ ᠳᠡ᠂ ᠲᠡᠷᠡ ᠰᠥᠨᠢ ᠪᠧᠾᠷᠮᠠᠨ ᠠᠬ᠎ᠠ ᠵᠢᠷᠤᠭᠰᠠᠨ ᠶᠤᠮ᠂ ᠪᠧᠾᠷᠮᠠᠨ ᠠᠬ᠎ᠠ ᠦᠨᠡᠬᠡᠷ ᠮᠤᠨᠳᠠᠭ ᠵᠢᠷᠤᠭᠠᠴᠢ᠂ ᠥᠷᠯᠥᠭᠡ ᠨᠢ ᠴᠡᠴᠡᠷᠡᠵᠦ ᠪᠠᠢᠬᠤ ᠳ᠋ᠤ᠌ ᠨᠢ ᠬᠥᠮᠦᠰ ᠡᠮᠨᠡᠯᠭᠡ  ᠳ᠋ᠦ᠍ ᠬᠦᠷᠭᠡᠵᠦ ᠦᠭᠭᠦᠭᠰᠡᠨ᠂
ᠪᠢ ᠰᠠᠶᠢᠬᠠᠨ ᠠᠭᠤᠯᠵᠠᠭᠰᠠᠨ ᠶᠤᠮ᠂ ᠦᠨᠡᠬᠡᠷ ᠶᠡᠬᠡ ᠪᠠᠶᠠᠷᠯᠠᠵᠤ ᠪᠠᠢᠨ᠎ᠠ ᠯᠠᠢ᠂ ᠴᠢᠮ᠎ᠠ ᠶ᠋ᠢ ᠡᠳᠡᠭᠡᠷᠡᠭᠰᠡᠨ ᠭᠡᠰᠡᠨ ᠴᠢᠨᠢ ᠦᠨᠡᠬᠡᠷ ᠶᠡᠬᠡ ᠪᠠᠶᠠᠷᠯᠠᠵᠤ ᠪᠠᠢᠨ᠎ᠠ ᠯᠠᠢ᠂ ᠲᠠᠨ ᠤ᠋ ᠵᠢᠷᠤᠭᠰᠠᠨ ᠰᠡᠭᠦᠯᠴᠢ ᠶ᠋ᠢᠨ ᠨᠠᠪᠴᠢ ᠵᠣᠣᠨ᠋ᠰᠢ ᠶ᠋ᠢ ᠡᠳᠡᠭᠡᠭᠰᠡᠨ ᠭᠡᠳᠡᠭ ᠢ᠋ ᠬᠡᠯᠡᠭᠰᠡᠨ᠂ ᠪᠧᠾᠷᠮᠠᠨ ᠠᠬ᠎ᠠ ᠨᠠᠰᠤ ᠪᠠᠷᠠᠴᠢᠬᠠᠭᠰᠠᠨ᠃
—ᠦᠭᠡᠢ ᠁ ᠦᠭᠡᠢ·
—ᠭᠡᠬᠦ ᠳ᠋ᠦ᠍ ᠪᠡᠨ ᠵᠣᠣᠨ᠋ᠰᠢ ᠪᠧᠾᠷᠮᠠᠨ ᠠᠬ᠎ᠠ ᠶ᠋ᠢ ᠮᠥᠷᠥᠭᠡᠳᠦᠯ ᠢ᠋ᠶ᠋ᠡᠨ ᠪᠡᠶᠡᠯᠡᠭᠦᠯᠬᠦ ᠳ᠋ᠦ᠍ ᠨᠢ ᠴᠢ ᠲᠤᠰᠠᠯᠠᠭᠰᠠᠨ᠂ ᠬᠡᠵᠢᠶ᠎ᠡ ᠨᠢᠭᠡᠨ ᠡᠳᠦᠷ ᠥᠪᠡᠷ ᠦ᠋ᠨ ᠬᠢᠨᠢ ᠪᠦᠲᠦᠭᠡᠯ ᠬᠥᠮᠦᠰ ᠢ᠋ ᠡᠳᠡᠭᠡᠭᠡᠨ᠎ᠡ ᠭᠡᠵᠦ ᠬᠡᠯᠡᠵᠦ ᠪᠠᠢᠭᠰᠠᠨ᠂ ᠰᠡᠭᠦᠯᠴᠢ ᠶ᠋ᠢᠨ ᠨᠠᠪᠴᠢ ᠶ᠋ᠢ ᠬᠠᠷᠠ ᠳᠠ᠂ ᠪᠧᠾᠷᠮᠠᠨ ᠠᠬ᠎ᠠ ᠶ᠋ᠢᠨ ᠵᠢᠷᠤᠭᠰᠠᠨ ᠵᠢᠷᠤᠭ ᠴᠢᠨᠦ ᠠᠮᠢ ᠶ᠋ᠢ ᠠᠪᠤᠷᠠᠯ᠎ᠠ ᠰᠢᠲᠠ᠃
—ᠦᠭᠡᠢ᠂ ᠰᠢᠦ᠋ ᠡᠨᠡ ᠵᠦᠭᠡᠷ ᠨᠢᠭᠡ ᠵᠢᠷᠤᠭ ᠪᠢᠰᠢ᠂ ᠪᠧᠾᠷᠮᠠᠨ ᠠᠬ᠎ᠠ ᠶ᠋ᠢᠨ ᠪᠦᠲᠦᠭᠡᠭᠰᠡᠨ ᠤᠷᠠᠯᠢᠭ ᠤ᠋ᠨ ᠪᠦᠲᠦᠭᠡᠯ᠂ ᠪᠢ ᠵᠠᠪᠠᠯ ᠮᠥᠷᠥᠭᠡᠳᠦᠯ ᠢ᠋ ᠨᠢ ᠪᠡᠶᠡᠯᠡᠭᠦᠯᠦᠨ᠎ᠡ᠃
—ᠤᠳᠠᠯ ᠦᠭᠡᠢ ᠰᠡᠭᠦᠯᠴᠢ ᠶ᠋ᠢᠨ ᠨᠠᠪᠴᠢ ᠪᠣᠯᠤᠨ ᠪᠧᠾᠷᠮᠠᠨ ᠠᠬ᠎ᠠ ᠶ᠋ᠢᠨ ᠲᠤᠬᠠᠢ ᠶᠠᠷᠢᠶ᠎ᠠ ᠲᠣᠰᠬᠣᠨ ᠳᠠᠶᠠᠭᠠᠷ ᠲᠠᠷᠬᠠᠯ᠎ᠠ᠃ ᠵᠢᠷᠤᠭᠠᠴᠢ ᠢᠷᠠᠭᠤ ᠨᠠᠢᠷᠠᠭᠴᠢ ᠪᠥᠵᠢᠭᠴᠢᠨ ᠳᠠᠭᠤᠴᠢᠳ ᠭᠡᠳ ᠪᠦᠬᠦ ᠤᠷᠠᠨ ᠪᠦᠲᠦᠭᠡᠯᠴᠢᠳ ᠦ᠋ᠨ ᠰᠡᠳᠬᠢᠯ ᠨᠢ ᠬᠥᠳᠡᠯᠦᠯ᠎ᠡ᠂ᠢᠩᠭᠢᠭᠡᠳ ᠪᠦᠬᠦ ᠤᠷᠠᠨ ᠪᠦᠲᠦᠭᠡᠯᠴᠢᠳ ᠴᠤᠭᠯᠠᠷᠠᠭᠠᠳ ᠤᠷᠠᠯᠢᠭ ᠤ᠋ᠨ ᠭᠤᠳᠤᠮᠵᠢ ᠪᠠᠨ ᠤᠷᠠᠯᠢᠭ ᠤ᠋ᠨ ᠪᠦᠲᠦᠭᠡᠯ ᠵᠢᠷᠤᠭ ᠢ᠋ᠶ᠋ᠠᠷ ᠳᠦᠭᠦᠷᠡᠩ ᠭᠤᠳᠤᠮᠵᠢ ᠪᠣᠯᠭᠠᠬᠤ ᠪᠠᠷ ᠶᠠᠷᠢᠯᠴᠠᠯ᠎ᠠ᠃ ᠦᠨᠡᠬᠡᠷ ᠰᠠᠢᠬᠠᠨ ᠭᠤᠳᠤᠮᠵᠢ ᠪᠣᠯᠤᠯ᠎ᠠ᠂ ᠭᠤᠳᠤᠮᠵᠢ ᠳᠠᠬᠢᠭᠠᠳ ᠪᠠᠶᠠᠷ ᠬᠥᠷ ᠢ᠋ᠶ᠋ᠡᠷ ᠪᠢᠯᠬᠠᠵᠤ᠂ ᠪᠦᠬᠦ ᠬᠠᠨᠠᠨ ᠳᠡᠭᠡᠷ᠎ᠡ ᠵᠢᠷᠤᠭ ᠵᠢᠷᠤᠭᠰᠠᠨ ᠪᠠᠢᠯ᠎ᠠ᠂ ᠪᠠᠰᠠ ᠬᠥᠮᠦᠰ ᠳᠡᠭᠡᠷ᠎ᠡ ᠴᠤ᠌ ᠵᠢᠷᠤᠳᠠᠭ ᠪᠣᠯᠤᠭᠰᠠᠨ᠃
ᠵᠣᠣᠨ᠋ᠰᠢ᠂ ᠰᠢᠦ᠋ ᠬᠠᠳᠠᠭᠠᠯᠠᠵᠤ ᠪᠠᠢᠭᠰᠠᠨ ᠮᠥᠩᠭᠥ ᠪᠡᠨ ᠴᠤᠭᠯᠠᠭᠤᠯᠵᠤ《 ᠪᠧᠾᠷᠮᠠᠨ》ᠨᠡᠷᠡᠮᠵᠢᠲᠦ ᠤᠷᠠᠯᠢᠭ ᠤ᠋ᠨ ᠰᠤᠷᠭᠠᠭᠤᠯᠢ ᠨᠡᠭᠡᠭᠡᠵᠦ᠂ᠬᠡᠦᠬᠡᠳ ᠦ᠋ᠳ ᠲᠤ ᠵᠢᠷᠤᠭ ᠵᠢᠭᠠᠵᠤ ᠥᠭᠳᠡᠭ ᠪᠣᠯᠪᠠ᠃ ᠡᠵᠢ ᠠᠪᠤ ᠨᠠᠷ ᠠᠮᠢᠳᠤᠷᠠᠯ ᠤ᠋ᠨ ᠪᠠᠶᠠᠷ ᠬᠥᠷ ᠢ᠋ ᠮᠡᠳᠡᠷᠡᠭᠦᠯᠬᠦ ᠶ᠋ᠢᠨ ᠲᠤᠯᠠᠳᠠ ᠬᠡᠦᠬᠡᠳ ᠦ᠋ᠳ ᠢ᠋ᠶ᠋ᠡᠨ ᠶᠠᠪᠤᠭᠤᠯᠳᠠᠭ ᠪᠣᠯᠪᠠ᠃ ᠬᠥᠮᠦᠰ ᠳᠠᠬᠢᠭᠠᠳ ᠵᠢᠷᠤᠭ ᠵᠢᠷᠤᠳᠠᠭ ᠪᠣᠯᠤᠯ᠎ᠠ᠂ ᠥᠪᠡᠷᠰᠡᠳ ᠦ᠋ᠨ ᠠᠵᠢᠯ ᠢ᠋ᠶ᠋ᠠᠨ ᠴᠤ᠌ ᠦᠷᠭᠦᠯᠵᠢᠯᠡᠭᠦᠯᠦᠨ ᠢᠯᠡᠭᠦᠦ ᠠᠵᠠ ᠵᠢᠷᠭᠠᠯ ᠲᠠᠢ ᠬᠢᠭᠡᠳ᠂ ᠵᠢᠷᠤᠭ ᠵᠢᠷᠤᠬᠤ ᠪᠠᠨ ᠴᠤ᠌ ᠦᠷᠭᠦᠯᠵᠢᠯᠡᠭᠦᠯᠳᠡᠭ ᠪᠣᠯᠪᠠ᠃ ᠵᠣᠣᠨ᠋ᠰᠢ ᠰᠢᠦ᠋ ᠬᠣᠶᠠᠷ ᠶᠠᠭᠠᠬᠢᠭᠰᠠᠨ ᠪᠣᠢ ᠭᠡᠵᠦ ᠤᠤ ? ᠤᠷᠠᠯᠢᠭ ᠤ᠋ᠨ ᠭᠤᠳᠤᠮᠵᠢ ᠪᠤᠴᠠᠭᠠᠳ ᠠᠮᠢᠯᠠᠭᠰᠠᠨ ᠢ᠋ ᠬᠠᠷᠠᠭᠠᠳ ᠬᠥᠮᠦᠰ ᠪᠠᠶᠠᠷᠯᠠᠵᠤ ᠪᠠᠢᠯ᠎ᠠ᠃ ᠤᠷᠠᠯᠢᠭ ᠶᠠᠮᠠᠷ ᠴᠢᠬᠤᠯᠠ ᠭᠡᠳᠡᠭ ᠢ᠋ ᠬᠥᠮᠦᠰ ᠣᠢᠯᠠᠭᠠᠵᠤ ᠬᠥᠮᠦᠰ ᠥᠪᠡᠷᠰᠡᠳ ᠦ᠋ᠨ ᠬᠠᠳᠠᠭᠠᠯᠠᠭᠰᠠᠨ ᠮᠥᠩᠭᠥᠨ ᠡᠴᠡ ᠪᠡᠨ ᠵᠠᠷᠢᠮ ᠢ᠋ ᠨᠢ《 ᠪᠧᠾᠷᠮᠠᠨ》 ᠤ᠋ ᠤᠷᠠᠯᠢᠭ ᠤ᠋ᠨ ᠰᠤᠷᠭᠠᠭᠤᠯᠢ ᠳ᠋ᠤ᠌ ᠬᠠᠨᠳᠢᠪᠯᠠᠳᠠᠭ ᠪᠣᠯᠤᠭᠰᠠᠨ᠃
ᠤᠳᠠᠯ ᠦᠭᠡᠢ《 ᠪᠧᠾᠷᠮᠠᠨ》 ᠤ᠋ ᠤᠷᠠᠯᠢᠭ ᠤ᠋ᠨ ᠰᠤᠷᠭᠠᠭᠤᠯᠢ ᠤᠯᠠᠮ ᠥᠷᠭᠡᠵᠢᠵᠦ ᠲᠣᠮᠣᠷᠠᠭᠰᠠᠨ ᠶᠤᠮ᠃ᠬᠠᠮᠤᠭ ᠤ᠋ᠨ ᠰᠣᠨᠢᠷᠬᠠᠯᠲᠠᠢ ᠨᠢ《 ᠪᠧᠾᠷᠮᠠᠨ》 ᠤ᠋ ᠤᠷᠠᠯᠢᠭ ᠤ᠋ᠨ ᠰᠤᠷᠭᠠᠭᠤᠯᠢ ᠳ᠋ᠤ᠌ ᠰᠤᠷᠳᠠᠭ ᠬᠡᠦᠬᠡᠳ ᠦ᠋ᠳ ᠥᠭᠡᠷ᠎ᠡ ᠵᠢᠷᠤᠭ ᠵᠢᠷᠤᠬᠤ ᠠ᠋ᠴᠠ ᠪᠠᠨ ᠡᠮᠦᠨ᠎ᠡ ᠵᠠᠪᠠᠯ ᠨᠢᠭᠡ ᠶᠠᠭᠤᠮ᠎ᠠ ᠵᠢᠷᠤᠵᠤ ᠰᠤᠷᠳᠠᠭ᠂ ᠡᠨᠡ ᠨᠢ ᠰᠡᠭᠦᠯᠴᠢ ᠶ᠋ᠢᠨ ᠨᠠᠪᠴᠢ ᠯᠠ ᠳᠠ᠂ ᠬᠥᠮᠦᠨ ᠪᠣᠯᠭᠠᠨ ᠳ᠋ᠤ᠌ ᠮᠠᠰᠢ ᠴᠢᠬᠤᠯᠠ ᠰᠤᠷᠭᠠᠮᠵᠢ ᠥᠭᠳᠡᠭ ᠪᠣᠯᠬᠣᠷ ᠲᠡᠷᠡ ᠯᠠ ᠳᠠ᠃ ᠬᠦᠰᠡᠯ ᠪᠠᠢᠭ᠎ᠠ ᠭᠠᠵᠠᠷ ᠦᠷᠭᠦᠯᠵᠢ ᠭᠠᠷᠴᠠ ᠪᠠᠢᠳᠠᠭ᠃

   ᠦᠰᠦᠭ ᠠᠮᠢᠯᠠᠭᠤᠯᠤᠭᠴᠢ᠄ ᠲ· ᠲᠦᠮᠡᠨᠴᠡᠴᠡᠭ
   ᠦᠰᠦᠭ ᠬᠠᠲᠠᠭᠴᠢ᠄ ᠲᠣᠳᠣᠭᠡᠷᠡᠯ
   ᠦᠰᠦᠭ ᠬᠢᠨᠠᠭᠴᠢ᠄ ᠤᠷᠠᠨᠲᠠᠨ᠎ᠡ ᠣᠳᠬᠠᠨᠰᠣ᠎ᠡ᠂ ᠢᠷᠡᠭᠡᠳᠦᠢ᠃