ᠨᠡᠭᠦᠳᠡᠯ ᠡᠴᠡ ᠨᠡᠭᠦᠳᠡᠯ ᠤᠷᠤᠭᠤ- ᠭ· ᠴᠢᠩᠪᠠᠭᠠᠲᠤᠷНүүдлээс нүүдэл руу-Г· чанбаатар
ᠭ· ᠴᠢᠩᠪᠠᠭᠠᠲᠤᠷ
ᠪᠢᠳᠡ ᠪᠣᠯ ᠨᠡᠭᠦᠳᠡᠯᠴᠢᠳ ᠦ᠋ᠨ ᠬᠣᠢᠴᠢ ᠭᠡᠵᠦ ᠮᠠᠨ ᠤ᠋ ᠬᠢᠳ ᠣᠮᠣᠭᠲᠠᠢ ᠶᠠᠷᠢᠵᠤ᠂ ᠳᠣᠮᠣᠭᠲᠠᠢ ᠪᠢᠴᠢᠵᠡᠭᠡᠳᠡᠭ᠃ ᠬᠥᠭᠡᠷᠦᠬᠦᠢ! ᠣᠳᠣ ᠴᠣᠬᠣᠮ ᠴᠤ ᠨᠡᠭᠦᠳᠡᠯᠴᠢᠳ ᠢ᠋ᠶ᠋ᠡᠨ ᠪᠣᠯᠵᠠᠢ᠃ ᠨᠡᠭᠦᠳᠡᠯ ᠮᠠᠯᠵᠢᠯ ᠠ᠋ᠴᠠ ᠪᠠᠨ ᠰᠠᠭᠤᠷᠢᠰᠢᠯ ᠮᠠᠯᠵᠢᠯ ᠤᠷᠤᠭᠤ᠂ ᠪᠡᠯᠴᠢᠭᠡᠷ ᠦ᠋ᠨ ᠮᠠᠯᠵᠢᠯ ᠠ᠋ᠴᠠ ᠪᠠᠨ ᠬᠠᠰᠢᠶᠠᠨ ᠤ᠋ ᠲᠡᠵᠢᠭᠡᠪᠦᠷᠢ ᠤᠷᠤᠭᠤ᠂ ᠬᠥᠳᠡᠭᠡ ᠡᠴᠡ ᠪᠡᠨ ᠬᠣᠲᠠ ᠤᠷᠤᠭᠤ ᠨᠡᠭᠦᠭᠰᠡᠭᠡᠷ᠂ ᠨᠡᠭᠦᠭᠰᠡᠭᠡᠷ᠁ ᠮᠣᠩᠭᠣᠯᠴᠤᠳ ᠤ᠋ᠨ ᠲᠡᠦᠬᠡ ᠨᠡᠭᠦᠳᠡᠯ ᠦ᠋ᠨ ᠰᠢᠷᠭᠠᠯ ᠲᠣᠭᠣᠰᠣᠨ ᠳᠤᠮᠳᠠ ᠪᠢᠴᠢᠭᠳᠡᠭᠰᠡᠨ ᠭᠡᠳᠡᠭ᠃ ᠡᠨᠡ ᠠᠤᠭ᠎ᠠ ᠲᠡᠦᠬᠡ ᠶ᠋ᠢᠨ ᠦᠷᠭᠦᠯᠵᠢᠯᠡᠯ ᠴᠦ᠍ ᠥᠭᠡᠷ᠎ᠡ ᠨᠢᠭᠡ ᠨᠡᠭᠦᠳᠡᠯ ᠦ᠋ᠨ ᠬᠠᠷᠠᠮᠰᠠᠯᠲᠤ ᠶᠠᠪᠤᠴᠠ ᠳᠤᠮᠳᠠ ᠪᠢᠴᠢᠭᠳᠡᠬᠦ ᠨᠢ ᠠ᠋᠁
ᠲᠠᠪᠤᠨ ᠬᠣᠰᠢᠭᠤ ᠮᠠᠯ ᠢ᠋ ᠭᠠᠷᠰᠢᠭᠤᠯᠤᠭᠰᠠᠨ ᠲᠡᠦᠬᠡ ᠪᠠᠷᠤᠭ ᠲᠦᠮᠡᠨ ᠵᠢᠯ ᠦ᠋ᠨ ᠲᠡᠷᠲᠡᠭᠡᠬᠢ ᠲᠡᠢ ᠬᠣᠯᠪᠣᠭᠳᠠᠨ᠎ᠠ ᠭᠡᠳᠡᠭ᠃ ᠵᠡᠷᠯᠢᠭ ᠠᠮᠢᠲᠠᠨ ᠢ᠋ ᠬᠠᠰᠢᠶᠠᠨ ᠳ᠋ᠤ᠌ ᠳᠠᠰᠬᠠᠵᠤ ᠲᠡᠵᠢᠭᠡᠨ ᠨᠣᠮᠣᠬᠠᠷᠠᠭᠤᠯᠵᠤ ᠪᠠᠢᠭᠰᠠᠨ ᠡᠷᠲᠡᠨ ᠦ᠌ ᠰᠠᠭᠤᠭᠠᠯᠢᠴᠢᠳ ᠠᠭᠠᠵᠢᠮ ᠢ᠋ᠶ᠋ᠠᠷ ᠨᠢᠭᠡᠨᠲᠡ ᠭᠡᠷᠰᠢᠨ ᠳᠠᠰᠤᠭᠰᠠᠨ ᠮᠠᠯ ᠢ᠋ᠶ᠋ᠠᠨ ᠪᠡᠯᠴᠢᠭᠡᠷᠯᠡᠭᠦᠯᠵᠦ᠂ ᠡᠷᠦᠬᠡᠨ ᠭᠡᠷ ᠢ᠋ᠶ᠋ᠡᠨ ᠴᠦ᠍ ᠢᠰᠡᠭᠡᠢ ᠭᠡᠷ ᠪᠣᠯᠭᠠᠨ ᠥᠭᠡᠷᠡᠴᠢᠯᠡᠵᠦ᠂ ᠪᠠᠢᠭᠠᠯᠢ ᠶ᠋ᠢᠨ ᠵᠢᠮ᠎ᠡ ᠳ᠋ᠦ᠍ ᠦᠨᠳᠦᠰᠦᠯᠡᠨ ᠨᠡᠭᠦᠳᠡᠯ ᠮᠠᠯᠵᠢᠯ ᠠᠮᠢᠳᠤᠷᠠᠯ ᠬᠢᠬᠦ ᠪᠣᠯᠵᠠᠢ᠃ ᠨᠡᠭᠦᠳᠡᠯ ᠨᠢ ᠰᠠᠨᠠᠭᠠᠨ ᠳ᠋ᠤ᠌ ᠦᠭᠡᠢ ᠡᠭᠦᠰᠦᠭᠰᠡᠨ ᠪᠢᠰᠢ᠂ ᠬᠠᠷᠢᠨ《ᠵᠢᠮ᠎ᠡ ᠶᠣᠰᠣ》 ᠭᠡᠭᠴᠢ ᠡᠷᠬᠡᠪᠰᠢ ᠵᠢᠷᠤᠮᠯᠠᠬᠤ ᠪᠠᠢᠭᠠᠯᠢ ᠶ᠋ᠢᠨ ᠵᠠᠬᠢᠷᠭ᠎ᠠ ᠪᠠᠢᠭᠰᠠᠨ ᠠ᠋ᠴᠠ ᠶᠤᠮ᠃《ᠪᠠᠢᠭᠠᠯᠢ ᠣᠷᠴᠢᠨ᠂ ᠪᠡᠯᠴᠢᠭᠡᠷ ᠤᠰᠤ᠂ ᠮᠠᠯ ᠰᠦᠷᠦᠭ (ᠲᠠᠪᠤᠨ ᠬᠣᠰᠢᠭᠤ ᠮᠠᠯ)᠂ ᠬᠥᠮᠦᠨ(ᠨᠡᠭᠦᠳᠡᠯᠴᠢ ᠮᠠᠯᠴᠢᠨ) ᠭᠡᠰᠡᠨ ᠠᠮᠢᠳᠤ ᠪᠠᠢᠭᠠᠯᠢ ᠶ᠋ᠢᠨ ᠪᠢᠲᠡᠭᠦᠦ ᠬᠡᠯᠬᠢᠶ᠎ᠡ ᠡᠭᠦᠰᠬᠡᠭᠰᠡᠨ ᠨᠢ ᠦᠨᠡᠯᠡᠵᠦ ᠪᠠᠷᠠᠰᠢ ᠦᠭᠡᠢ ᠡᠷᠬᠢᠮ ᠳᠡᠭᠡᠳᠦ ᠪᠦᠲᠦᠭᠡᠯ ᠶᠦᠮ᠃ ᠮᠥᠨ ᠡᠨᠡ ᠰᠠᠭᠤᠷᠢᠨ ᠳᠡᠭᠡᠷ᠎ᠡ ᠨᠡᠭᠦᠳᠡᠯ ᠢᠷᠭᠡᠨᠰᠢᠯ(ᠰᠣᠶᠣᠯ) ᠪᠣᠢ ᠪᠣᠯᠤᠭᠰᠠᠨ ᠪᠢᠯᠡ》 ᠭᠡᠵᠦ《ᠮᠣᠩᠭᠣᠯ ᠤ᠋ᠨ ᠨᠡᠭᠦᠳᠡᠯᠴᠢᠨ》 ᠨᠣᠮ ᠳ᠋ᠤ᠌ ᠪᠢᠴᠢᠭᠰᠡᠨ ᠢ᠋ ᠪᠣᠯᠭᠣᠭᠠᠨ ᠤᠩᠰᠢᠨ᠎ᠠ ᠤᠤ? ᠤᠭ ᠨᠣᠮ ᠳ᠋ᠤ᠌᠄
《ᠪᠠᠢᠭᠠᠯᠢ ᠣᠷᠴᠢᠨ ᠨᠥᠭᠡᠴᠡ ᠶ᠋ᠢ ᠵᠥᠪ ᠵᠣᠬᠢᠰ ᠲᠠᠢ᠂ ᠪᠦᠷᠢᠨ ᠠᠰᠢᠭᠯᠠᠵᠤ᠂ ᠬᠥᠮᠦᠨ ᠮᠠᠯ ᠤ᠋ᠨ ᠬᠡᠷᠡᠭᠴᠡᠭᠡ ᠱᠠᠭᠠᠷᠳᠠᠯᠭ᠎ᠠ ᠶ᠋ᠢ ᠬᠠᠩᠭᠠᠬᠤ᠂ ᠪᠠᠢᠭᠠᠯᠢ ᠶ᠋ᠢᠨ ᠡᠺᠣᠯᠣᠭᠢ ᠶ᠋ᠢᠨ ᠲᠡᠩᠴᠡᠭᠦᠷᠢ ᠶ᠋ᠢ ᠬᠠᠳᠠᠭᠠᠯᠠᠬᠤ᠂ ᠨᠡᠭᠦᠳᠡᠯ ᠦ᠋ᠨ ᠮᠠᠯ ᠠᠵᠤ ᠠᠬᠤᠢ ᠶ᠋ᠢᠨ ᠦᠢᠯᠡᠳᠪᠦᠷᠢᠯᠡᠯ ᠦ᠋ᠨ ᠦᠷ᠎ᠡ ᠠᠰᠢᠭ ᠢ᠋ ᠬᠡᠪ ᠦ᠋ᠨ ᠪᠠᠢᠯᠭᠠᠬᠤ ᠵᠣᠷᠢᠯᠭ᠎ᠠ ᠪᠠᠷ ᠡᠺᠣᠯᠣᠭᠢ ᠶ᠋ᠢᠨ ᠨᠢᠭᠡ ᠲᠣᠳᠣᠷᠬᠠᠢ ᠨᠥᠬᠥᠴᠡᠯ ᠡᠴᠡ ᠲᠣᠳᠣᠷᠬᠠᠢ ᠨᠥᠬᠥᠴᠡᠯ ᠳ᠋ᠦ᠍ ᠡᠷᠦᠬᠡ᠂ ᠬᠣᠲᠠ ᠠᠢᠯ ᠤ᠋ᠨ ᠠᠵᠤ ᠠᠬᠤᠢ ᠣᠷᠣᠨ ᠵᠠᠢ ᠶ᠋ᠢᠨ ᠰᠢᠯᠵᠢᠯᠲᠡ ᠬᠢᠬᠦ ᠠᠷᠭ᠎ᠠ ᠠᠵᠢᠯᠯᠠᠭ᠎ᠠ ᠶ᠋ᠢ ᠨᠡᠭᠦᠳᠡᠯ》 ᠭᠡᠵᠦ ᠲᠣᠳᠣᠷᠬᠠᠢᠯᠠᠵᠤ ᠪᠣᠢ᠃ ᠭᠡᠪᠡᠴᠦ ᠴᠠᠭ ᠤ᠋ᠨ ᠰᠠᠯᠬᠢ ᠳᠠᠭᠠᠬᠤ ᠳᠤᠷᠠᠲᠠᠢ《ᠬᠥᠩᠭᠡᠨ ᠲᠣᠯᠤᠭᠠᠢᠲᠠᠳ》 ᠮᠠᠨᠢ《ᠨᠡᠭᠦᠳᠡᠯ ᠮᠠᠯᠵᠢᠯ ᠪᠣᠯ ᠪᠠᠯᠠᠷ ᠬᠣᠴᠣᠷᠤᠩᠭᠤᠢ᠂ ᠪᠦᠳᠦᠭᠦᠯᠢᠭ ᠡᠵᠡᠩᠨᠡᠯᠲᠡ ᠶ᠋ᠢᠨ ᠬᠡᠯᠪᠡᠷᠢ᠂ ᠲᠡᠭᠦᠨ ᠢ᠋ ᠰᠢᠨᠵᠢᠯᠡᠬᠦ ᠤᠬᠠᠭᠠᠨᠴᠢ ᠮᠠᠯᠵᠢᠯ ᠤ᠋ᠨ ᠠᠷᠭ᠎ᠠ ᠪᠠᠷ ᠰᠣᠯᠢᠬᠤ ᠬᠡᠷᠡᠭᠲᠡᠢ᠁》 ᠭᠡᠮᠡᠨ ᠱᠠᠭᠠᠷᠳᠠᠵᠤ᠂ ᠬᠡᠴᠢᠨᠡᠨ ᠮᠢᠩᠭᠠᠨ ᠵᠢᠯ ᠦ᠋ᠨ ᠰᠢᠯᠢᠯᠲᠡ ᠪᠡᠷ ᠲᠣᠭᠲᠠᠭᠰᠠᠨ ᠮᠠᠯᠵᠢᠯ ᠤ᠋ᠨ ᠠᠷᠭ᠎ᠠ ᠶ᠋ᠢ ᠲᠦᠭᠦᠬᠡᠢ ᠳᠤᠨᠳᠠᠭᠤᠷ ᠤᠬᠠᠭᠠᠨ ᠢ᠋ᠶ᠋ᠠᠷ ᠢ᠋ᠶ᠋ᠠᠨ ᠰᠢᠭᠦᠮᠵᠢᠯᠡᠬᠦ ᠪᠣᠯᠤᠯ᠎ᠠ᠃
《ᠬᠣᠴᠤᠷᠠᠩᠭᠤᠢ》ᠭᠡᠵᠦ ᠪᠤᠷᠤᠭᠤ ᠣᠨᠣᠰᠢ ᠲᠠᠯᠪᠢᠭᠤᠯᠤᠭᠰᠠᠨ ᠨᠡᠭᠦᠳᠡᠯ ᠮᠠᠯᠵᠢᠯ ᠡᠢᠨ ᠬᠦ᠌ ᠰᠠᠭᠤᠷᠢᠰᠢᠯ ᠮᠠᠯᠵᠢᠯ ᠤᠷᠤᠭᠤ ᠰᠢᠯᠵᠢᠵᠦ᠂ ᠬᠠᠪᠤᠷᠵᠢᠶ᠎ᠠ᠂ ᠵᠤᠰᠠᠯᠠᠩ᠂ ᠨᠠᠮᠤᠷᠵᠢᠶ᠎ᠠ᠂ ᠡᠪᠦᠯᠵᠢᠶ᠎ᠡ ᠬᠤᠪᠢᠶᠠᠨ ᠪᠡᠯᠴᠢᠭᠡᠷ ᠢ᠋ᠶ᠋ᠡᠨ ᠠᠰᠢᠭᠯᠠᠳᠠᠭ ᠰᠢᠨᠵᠢᠯᠡᠬᠦ ᠤᠬᠠᠭᠠᠨᠴᠢ ᠠᠷᠭ᠎ᠠ᠂ ᠰᠠᠭᠤᠭᠰᠠᠨ ᠭᠠᠵᠠᠷ ᠢ᠋ᠶ᠋ᠠᠨ ᠮᠡᠷᠡᠵᠦ ᠠᠷᠭᠠᠴᠠᠭᠠᠬᠤ ᠪᠤᠷᠤᠭᠤ ᠭᠤᠯᠳᠤᠷᠢᠯ ᠳ᠋ᠤ᠌ ᠣᠷᠣᠵᠠᠢ᠃ ᠡᠭᠦᠨ ᠦ᠌ ᠤᠯᠠᠮ ᠢ᠋ᠶ᠋ᠠᠷ ᠪᠡᠯᠴᠢᠭᠡᠷ ᠢ᠋ ᠪᠦᠷᠢᠨ ᠥᠭᠭᠦᠭᠡᠵᠢ ᠪᠡᠷ ᠨᠢ ᠠᠰᠢᠭᠯᠠᠳᠠᠭ ᠪᠠᠢᠭᠰᠠᠨ ᠲᠠᠪᠤᠨ ᠬᠣᠰᠢᠭᠤ ᠮᠠᠯ ᠤ᠋ᠨ ᠲᠣᠭᠲᠠᠯᠴᠠᠭ᠎ᠠ ᠡᠪᠳᠡᠭᠳᠡᠨ᠂ ᠲᠡᠮᠡᠭᠡ᠂ ᠠᠳᠤᠭᠤ ᠴᠥᠭᠡᠷᠡᠭᠰᠡᠨ ᠢ᠋ᠶ᠋ᠡᠷ ᠬᠣᠯᠠ ᠶ᠋ᠢᠨ ᠪᠡᠯᠴᠢᠭᠡᠷ ᠦ᠋ᠨ ᠠᠰᠢᠭᠯᠠᠮᠵᠢ ᠪᠠ ᠪᠡᠯᠴᠢᠭᠡᠷ ᠦ᠋ᠨ ᠲᠥᠷᠥᠯ ᠦ᠋ᠨ ᠲᠡᠩᠴᠡᠭᠦᠷᠢ ᠠᠯᠳᠠᠭᠳᠠᠵᠤ ᠡᠬᠢᠯᠡᠭᠰᠡᠨ ᠶᠦᠮ᠃ ᠪᠦᠷ ᠰᠡᠭᠦᠯ ᠳ᠋ᠦ᠍ᠨᠢ ᠠᠮᠢ ᠠᠬᠤᠢ ᠡᠪᠳᠡᠭᠰᠡᠨ ᠬᠠᠮᠤᠭ ᠶᠠᠯ᠎ᠠ《ᠦᠰᠦᠲᠡᠢ ᠪᠤᠷᠬᠠᠳ》 ᠲᠤ᠌ ᠮᠢᠨᠢ ᠣᠨᠣᠭᠳᠠᠵᠤ᠂ ᠡᠨᠡ ᠴᠥᠯᠡᠯᠭᠡᠨ ᠳ᠋ᠦ᠍ ᠢᠮᠠᠭ᠎ᠠ᠂ ᠠᠳᠤᠭᠤ ᠬᠣᠶᠠᠷ ᠪᠠᠷᠤᠭ ᠯᠠ ᠬᠣᠭ ᠦᠭᠡᠢ ᠴᠠᠭᠠᠵᠠᠯᠠᠭᠤᠯᠬᠤ ᠰᠢᠬᠠᠭᠰᠠᠨ ᠢ᠋ ᠰᠠᠨᠠᠬᠤ ᠳ᠋ᠤ᠌ ᠰᠡᠳᠬᠢᠯ ᠡᠮᠲᠡᠷᠡᠨᠡ᠃ ᠰᠠᠭᠤᠷᠢᠰᠢᠯ ᠳ᠋ᠤ᠌ ᠣᠷᠣᠭᠰᠠᠨ ᠬᠣᠢᠨ᠎ᠠ ᠪᠠᠨ ᠬᠠᠳᠤᠯᠠᠩ ᠤ᠋ᠨ ᠬᠦᠷᠢᠶ᠎ᠡ ᠭᠡᠵᠦ ᠲᠡᠮᠦᠷ ᠲᠣᠣᠷ ᠲᠠᠢ ᠪᠣᠯᠤᠭᠰᠠᠨ ᠢ᠋ᠶ᠋ᠠᠨ ᠠᠭᠤᠤ ᠪᠦᠲᠦᠭᠡᠯ ᠮᠡᠲᠦ ᠰᠠᠨᠠᠵᠤ᠂ ᠬᠥᠮᠦᠨ ᠦᠵᠡᠪᠡᠯ ᠶᠠᠷᠢᠵᠤ᠂ ᠮᠣᠳᠣ ᠦᠵᠡᠪᠡᠯ ᠪᠢᠴᠢᠵᠦ᠂ ᠪᠠᠷᠤᠭ ᠯᠠ ᠪᠠᠢᠭᠠᠯᠢ ᠶ᠋ᠢᠨ ᠵᠤᠳ ᠭᠠᠮᠰᠢᠭ ᠲᠤ᠌ ᠳᠠᠬᠢᠵᠤ ᠥᠷᠲᠥᠬᠦ ᠦᠭᠡᠢ ᠶᠤᠮ ᠰᠢᠭ᠋ ᠰᠦᠷᠵᠢᠩᠳᠡᠵᠦ ᠪᠠᠢᠭᠰᠠᠨ ᠰᠠᠨ᠃ ᠭᠡᠪᠡᠴᠦ ᠦᠷ᠎ᠡ ᠳ᠋ᠦᠩ ᠨᠢ ᠪᠢᠳᠡᠨ ᠦ᠌《ᠵᠡᠭᠦᠳᠦᠯᠡᠭᠰᠡᠨ》 ᠡᠴᠡ ᠱᠠᠯ ᠥᠭᠡᠷ᠎ᠡ ᠪᠠᠢᠭᠰᠠᠨ ᠢ᠋ ᠳᠡᠮᠡᠢ ᠤᠳᠠᠯ ᠦᠭᠡᠢ ᠮᠡᠳᠡᠵᠡᠭᠡᠭᠰᠡᠨ ᠪᠢᠯᠡ᠃ ᠨᠡᠭᠦᠳᠡᠯ ᠡᠴᠡ ᠰᠠᠭᠤᠷᠢᠰᠢᠯ ᠳ᠋ᠤ᠌ ᠰᠢᠯᠵᠢᠭᠰᠡᠨ ᠦ᠌ ᠳᠠᠷᠠᠭ᠎ᠠ ᠪᠠᠷ ᠪᠡᠯᠴᠢᠭᠡᠷ ᠦ᠋ᠨ ᠤᠷᠭᠤᠴᠠ ᠢᠯᠡᠷᠬᠡᠢ ᠮᠠᠭᠤᠳᠠᠬᠤ ᠶ᠋ᠢᠨ ᠳᠠᠭᠠᠤ ᠪᠠᠢᠭᠠᠯᠢ ᠶ᠋ᠢᠨ ᠰᠢᠯᠭᠠᠯᠲᠠ ᠪᠠᠷ ᠴᠢᠮᠪᠠᠢᠵᠢᠨ ᠳᠡᠪᠡᠭᠡᠷᠡᠭᠵᠢᠳᠡᠭ ᠮᠣᠩᠭᠣᠯ ᠨᠤᠲᠤᠭ ᠤ᠋ᠨ ᠮᠠᠯ ᠤ᠋ᠨ ᠡᠭᠦᠯᠳᠡᠷ ᠴᠦ᠍ ᠪᠤᠴᠠᠬᠤ ᠱᠠᠲᠤᠨ ᠳ᠋ᠠᠭᠠᠨ ᠣᠷᠣᠭᠰᠠᠨ ᠶᠤᠮ᠃ ᠠᠩᠭ᠌ᠯᠢ ᠶ᠋ᠢᠨ ᠺᠠᠮᠪᠷᠢᠵ ᠶᠡᠬᠡ ᠰᠤᠷᠭᠠᠭᠤᠯᠢ ᠶ᠋ᠢᠨ ᠮᠣᠩᠭᠣᠯ ᠪᠠ ᠳᠣᠲᠣᠭᠠᠳᠤ ᠠᠽᠢᠶ᠎ᠠ ᠶ᠋ᠢᠨ ᠰᠤᠳᠤᠯᠭᠠᠨ ᠤ᠋ ᠲᠥᠪ ᠦ᠋ᠨ ᠡᠷᠬᠢᠯᠡᠭᠴᠢ ᠺᠠᠷᠤᠯᠢᠨ ᠬᠠᠮᠹᠷᠢ ᠶ᠋ᠢᠨ ᠤᠳᠤᠷᠢᠳᠤᠭᠰᠠᠨ ᠣᠯᠠᠨ ᠤᠯᠤᠰ ᠤ᠋ᠨ ᠬᠠᠮᠲᠤᠷᠠᠭᠰᠠᠨ ᠰᠤᠳᠤᠯᠭᠠᠨ ᠤ᠋ ᠪᠦᠲᠦᠭᠡᠯ《ᠳᠣᠲᠣᠭᠠᠳᠤ ᠠᠽᠢᠶ᠎ᠠ ᠶ᠋ᠢᠨ ᠰᠣᠶᠣᠯ ᠬᠢᠭᠡᠳ ᠣᠷᠴᠢᠨ ᠠᠬᠤᠢ 》
ᠨᠣᠮ ᠳ᠋ᠤ᠌᠄ 《ᠴᠠᠭ ᠰᠤᠳᠤᠯᠭᠠᠨ ᠠ᠋ᠴᠠ ᠦᠵᠡᠪᠡᠯ᠂ ᠪᠡᠯᠴᠢᠭᠡᠷ ᠦ᠋ᠨ ᠮᠠᠭᠤᠳᠠᠯ ᠨᠢ ᠮᠠᠯᠵᠢᠯ ᠤ᠋ᠨ ᠰᠢᠰᠲ᠋ᠧᠮ ᠳ᠋ᠡᠬᠢ ᠨᠡᠭᠦᠳᠡᠯ ᠦ᠋ᠨ ᠰᠢᠨᠵᠢ ᠶ᠋ᠢᠨ ᠭᠡᠭᠡᠭᠳᠡᠯ ᠲᠡᠢ ᠬᠣᠯᠪᠣᠭ᠎ᠠ ᠲᠠᠢ᠃ ᠡᠳᠡᠭᠡᠷ ᠨᠢ᠂ ᠳᠣᠲᠣᠭᠠᠳᠤ ᠠᠽᠢᠶ᠎ᠠ ᠶ᠋ᠢᠨ ᠲᠠᠯ᠎ᠠ ᠨᠤᠲᠤᠭ ᠲᠤ ᠨᠡᠭᠦᠳᠡᠯ ᠦ᠋ᠨ ᠰᠢᠨᠵᠢ ᠶ᠋ᠢ ᠬᠠᠳᠠᠭᠠᠯᠠᠬᠤ ᠦᠭᠡᠢ ᠪᠡᠷ ᠮᠠᠯ ᠠᠵᠤ ᠠᠬᠤᠢ ᠦᠷᠭᠦᠯᠵᠢᠯᠡᠨ ᠣᠷᠣᠰᠢᠵᠤ ᠴᠢᠳᠠᠨ᠎ᠠ ᠭᠡᠰᠡᠨ ᠦᠵᠡᠯᠲᠡ ᠶ᠋ᠢ ᠨᠢᠴᠤᠭᠠᠨᠠ᠃ ᠳᠣᠲᠣᠭᠠᠳᠤ ᠠᠽᠢᠶ᠎ᠠ ᠶ᠋ᠢᠨ ᠣᠷᠣᠨ ᠳ᠋ᠤ᠌ ᠦᠷᠭᠦᠯᠵᠢ ᠶ᠋ᠢᠨ ᠴᠢᠨᠠᠷᠲᠠᠢ ᠨᠡᠭᠦᠬᠦ ᠠᠷᠭ᠎ᠠ ᠪᠠᠷ ᠮᠠᠯᠴᠢᠳ ᠡᠪᠡᠰᠦ ᠪᠡᠯᠴᠢᠭᠡᠷ ᠢ᠋ᠶ᠋ᠡᠨ ᠬᠠᠮᠤᠭ ᠤ᠋ᠨ ᠰᠠᠢᠨ ᠠᠰᠢᠭᠯᠠᠵᠤ ᠴᠢᠳᠠᠵᠤ ᠪᠠᠢᠨ᠎ᠠ》ᠭᠡᠵᠦ ᠣᠯᠠᠨ ᠵᠢᠯ ᠦ᠋ᠨ ᠬᠡᠭᠡᠷ᠎ᠡ ᠶ᠋ᠢᠨ ᠰᠢᠨᠵᠢᠯᠡᠭᠡᠨ ᠳ᠋ᠦ᠍ ᠦᠨᠳᠦᠰᠦᠯᠡᠨ ᠳ᠋ᠦᠩᠨᠡᠭᠰᠡᠨ ᠪᠢᠯᠡ᠃
《ᠲᠠᠷᠠᠬᠠᠢ ᠪᠤᠲᠠᠷᠬᠠᠢ ᠨᠡᠭᠦᠳᠡᠯ ᠮᠠᠯᠵᠢᠯ ᠤ᠋ᠨ ᠠᠮᠢᠳᠤᠷᠠᠯ ᠨᠢ ᠲᠥᠪᠯᠡᠷᠡᠭᠰᠡᠨ ᠰᠤᠷᠭᠠᠨ ᠬᠥᠮᠦᠵᠢᠯ ᠬᠦᠷᠲᠡᠭᠡᠬᠦ᠂ ᠭᠠᠮᠰᠢᠭ ᠤ᠋ᠨ ᠪᠠᠴᠢᠮ ᠲᠤᠰᠠᠯᠠᠮᠵᠢ ᠣᠯᠭᠣᠬᠤ᠂ ᠮᠡᠳᠡᠭᠡᠯᠡᠯ ᠰᠤᠷᠠᠭ ᠳᠠᠮᠵᠢᠭᠤᠯᠬᠤ ᠳ᠋ᠤ᠌ ᠠᠰᠢᠭ ᠦᠭᠡᠢ》ᠭᠡᠳᠡᠭ ᠨᠢ ᠰᠠᠭᠤᠷᠢᠰᠢᠯ ᠤᠷᠤᠭᠤ ᠵᠠᠯᠠᠭᠰᠠᠨ ᠤ᠋ ᠪᠠᠰᠠ ᠨᠢᠭᠡᠨ ᠲᠣᠮᠣ ᠰᠢᠯᠲᠠᠭᠠᠨ᠃ ᠥᠨᠥᠳᠥᠷ ᠴᠤ ᠭᠡᠳ ᠡᠨᠡ ᠰᠢᠯᠲᠠᠭᠠᠨ ᠮᠣᠩᠭᠣᠯᠴᠤᠳ ᠢ᠋ ᠬᠣᠲᠠ ᠰᠠᠭᠤᠷᠢᠰᠢᠯ ᠨᠡᠭᠦᠯᠭᠡᠬᠦ ᠶ᠋ᠢᠨ ᠴᠢᠬᠤᠯᠠ ᠨᠥᠬᠥᠴᠡᠯ ᠪᠣᠯᠵᠤ ᠪᠣᠢ᠃ ᠭᠡᠪᠡᠴᠦ ᠲᠧᠭᠨᠢᠭ ᠦ᠋ᠨ ᠬᠥᠭᠵᠢᠯᠲᠡ ᠨᠢ ᠶᠠᠮᠠᠷᠪᠠ ᠣᠷᠴᠢᠨ ᠳ᠋ᠤ᠌ ᠴᠤ᠌ ᠦᠢᠯᠡᠴᠢᠯᠡᠯᠭᠡ ᠬᠠᠩᠭᠠᠬᠤ ᠪᠣᠯᠤᠮᠵᠢ ᠲᠠᠢ ᠪᠣᠯᠵᠤ ᠪᠠᠢᠨ᠎ᠠ᠃ ᠰᠠᠯᠬᠢ ᠪᠤᠶᠤ ᠨᠠᠷᠠᠨ ᠤ᠋ ᠡᠨᠧᠷᠭᠢ ᠪᠡᠷ ᠴᠠᠬᠢᠯᠭᠠᠨ ᠬᠠᠩᠭᠠᠬᠤ᠂ ᠰᠦᠯᠵᠢᠶ᠎ᠡ ᠪᠡᠷ ᠰᠤᠷᠭᠠᠨ ᠬᠥᠮᠦᠵᠢᠯ ᠬᠦᠷᠲᠡᠬᠦ᠂ ᠣᠳᠣᠨ ᠲᠧᠯᠸᠢᠰ ᠪᠤᠶᠤ ᠷᠠᠳᠢᠣ᠋ ᠡᠰᠡᠬᠦᠯ᠎ᠡ ᠰᠦᠯᠵᠢᠶ᠎ᠡ ᠪᠡᠷ ᠮᠡᠳᠡᠭᠡᠯᠡᠯ ᠬᠦᠷᠲᠡᠬᠦ᠂ ᠭᠠᠷ ᠤᠲᠠᠰᠤ ᠪᠠᠷ ᠬᠣᠯᠪᠣᠭ᠎ᠠ ᠪᠠᠷᠢᠬᠤ᠂ ᠨᠢᠰᠬᠡᠯ ᠢ᠋ᠶ᠋ᠡᠷ ᠲᠤᠰᠠᠯᠠᠮᠵᠢ ᠥᠭᠬᠦ᠁ ᠵᠡᠷᠭᠡ ᠠᠯᠢᠪᠠ ᠬᠡᠷᠡᠭᠴᠡᠭᠡ ᠶ᠋ᠢ ᠬᠠᠩᠭᠠᠬᠤ ᠨᠥᠬᠥᠴᠡᠯ ᠨᠢᠭᠡᠨᠲᠡ ᠪᠦᠷᠢᠳᠦᠭᠡᠳ ᠪᠣᠢ ᠨᠢ ᠨᠡᠭᠦᠳᠡᠯ ᠮᠠᠯᠵᠢᠯ ᠴᠠᠭ ᠤ᠋ᠨ ᠬᠥᠭᠵᠢᠯ ᠡᠴᠡ ᠣᠭᠲᠣᠬᠠᠨ ᠴᠤ ᠬᠣᠴᠣᠷᠤᠭᠠ ᠦᠭᠡᠢ ᠭᠡᠳᠡᠭ ᠢ᠋ ᠪᠦᠷᠢᠨ ᠭᠡᠷᠡᠴᠢᠯᠡᠨ᠎ᠡ᠃ ᠬᠠᠷᠢᠨ ᠨᠡᠭᠦᠳᠡᠯ ᠦ᠋ᠨ ᠠᠮᠢᠳᠤᠷᠠᠯ ᠤ᠋ᠨ ᠵᠠᠷᠢᠮ ᠱᠠᠭᠠᠷᠳᠠᠯᠭ᠎ᠠ ᠶ᠋ᠢ ᠲᠧᠭᠨᠢᠭ ᠦ᠋ᠨ ᠬᠥᠭᠵᠢᠯ ᠬᠠᠩᠭᠠᠵᠤ ᠴᠢᠳᠠᠬᠤ ᠦᠭᠡᠢ ᠪᠠᠢᠭ᠎ᠠ ᠶᠤᠮ᠃ ᠶᠡᠷᠦ ᠨᠢ ᠠᠮᠢᠳᠤᠷᠠᠯ ᠤ᠋ᠨ ᠬᠡᠷᠡᠭᠴᠡᠭᠡᠨ ᠳ᠋ᠡᠭᠡᠨ ᠵᠣᠷᠢᠭᠤᠯᠵᠤ᠂ ᠲᠧᠭᠨᠢᠭ ᠦ᠋ᠨ ᠰᠢᠨ᠎ᠡ ᠱᠠᠭᠠᠷᠳᠠᠯᠭ᠎ᠠ ᠪᠣᠢ ᠪᠣᠯᠵᠤ᠂ ᠡᠭᠦᠨ ᠡᠴᠡ ᠰᠢᠯᠲᠠᠭᠠᠯᠠᠨ ᠰᠢᠨ᠎ᠡ ᠡᠭᠦᠳᠦᠨ ᠪᠦᠲᠦᠭᠡᠯᠲᠡ ᠭᠠᠷᠳᠠᠭ ᠠ᠋ᠴᠠ ᠪᠤᠰᠤ ᠨᠢᠭᠡᠨ ᠴᠠᠭ ᠦᠶ᠎ᠡ ᠶ᠋ᠢᠨ ᠲᠧᠭᠨᠢᠭ ᠦ᠋ᠨ ᠥᠴᠦᠬᠡᠨ ᠬᠥᠭᠵᠢᠯᠲᠡ ᠳ᠋ᠦ᠍ ᠵᠣᠬᠢᠴᠠᠭᠤᠯᠤᠨ ᠠᠮᠢᠳᠤᠷᠠᠯ ᠦᠢᠯᠡᠳᠪᠦᠷᠢᠯᠡᠯ ᠦ᠋ᠨ ᠬᠡᠯᠪᠡᠷᠢ ᠪᠡᠨ ᠬᠤᠪᠢᠷᠠᠭᠤᠯᠬᠤ ᠨᠢ ᠪᠤᠷᠤᠭᠤ ᠬᠢᠳᠡᠯ ᠪᠠᠢᠭ᠎ᠠ ᠶᠤᠮ᠃ ᠲᠧᠭᠨᠢᠭ ᠦ᠋ᠨ ᠬᠥᠭᠵᠢᠯ ᠨᠢ ᠰᠣᠶᠣᠯ ᠤ᠋ᠨ ᠬᠥᠭᠵᠢᠯᠲᠡ ᠳ᠋ᠦ᠍ ᠦᠢᠯᠡᠴᠢᠯᠡᠬᠦ ᠡᠴᠡ ᠪᠢᠰᠢ᠂ ᠰᠣᠶᠣᠯ ᠢ᠋ᠶ᠋ᠠᠨ ᠣᠨᠳᠣᠣᠰᠢᠭᠤᠯᠵᠤ ᠲᠧᠭᠨᠢᠭ ᠦ᠋ᠨ ᠬᠥᠭᠵᠢᠯᠲᠡ ᠳ᠋ᠦ᠍ ᠵᠣᠬᠢᠴᠠᠭᠤᠯᠤᠨ᠎ᠠ ᠭᠡᠳᠡᠭ ᠪᠣᠯ ᠬᠡᠨ ᠦᠵᠡᠭᠰᠡᠨ ᠴᠦ᠍ ᠲᠡᠨᠡᠭ ᠯᠡ ᠬᠢᠳᠡᠯ ᠪᠠᠢᠬᠤ ᠦᠭᠡᠢ ᠤᠤ!
ᠮᠣᠩᠭᠣᠯᠴᠤᠳ ᠥᠨᠳᠥᠷᠯᠢᠭ ᠡᠴᠡ ᠪᠡᠨ ᠳᠡᠯᠡᠬᠡᠢ ᠤᠷᠤᠭᠤ ᠨᠡᠭᠦᠳᠡᠯᠯᠡᠳᠡᠭ ᠦᠨᠳᠦᠰᠦᠲᠡᠨ ᠪᠠᠢᠯ᠎ᠠ᠃ ᠰᠡᠭᠦᠯ ᠳ᠋ᠦ᠍ᠨᠢ ᠳᠡᠯᠡᠬᠡᠢ ᠡᠴᠡ ᠮᠣᠩᠭᠣᠯ ᠤ᠋ᠨ ᠥᠨᠳᠥᠷᠯᠢᠭ ᠤᠷᠤᠭᠤ ᠪᠠᠨ ᠨᠡᠭᠦᠳᠡᠯᠯᠡᠳᠡᠭ ᠪᠣᠯᠤᠭᠰᠠᠨ᠃ ᠪᠦᠷ ᠰᠡᠭᠦᠯ ᠳ᠋ᠦ᠍ᠨᠢ ᠰᠦᠮ᠎ᠡ ᠤᠷᠤᠭᠤ ᠨᠡᠭᠦᠵᠡᠭᠡᠵᠦ᠂ ᠣᠳᠣ ᠬᠣᠲᠠ ᠤᠷᠤᠭᠤ᠂ ᠨᠡᠭᠦᠳᠡᠯ ᠠᠷᠠᠳ ᠤ᠋ᠨ ᠲᠣᠭᠣᠷᠢᠭ ᠤᠷᠤᠭᠤ ᠨᠡᠭᠦᠬᠦ ᠪᠣᠯᠤᠯ᠎ᠠ᠃ ᠨᠡᠭᠦᠳᠡᠯ ᠦ᠋ᠨ ᠡᠢᠮᠦ ᠬᠤᠪᠢᠷᠠᠯᠲᠠ ᠮᠣᠩᠭᠣᠯᠴᠤᠳ ᠤ᠋ᠨ ᠤᠯᠠᠮᠵᠢᠯᠠᠯᠲᠤ ᠰᠣᠶᠣᠯ ᠤ᠋ᠨ ᠲᠣᠭᠲᠠᠯᠴᠠᠭ᠎ᠠ ᠶ᠋ᠢ ᠨᠣᠴᠢᠲᠠᠢ ᠠᠯᠳᠠᠭᠳᠠᠭᠤᠯᠤᠨ ᠶᠠᠭᠠᠬᠢᠵᠤ ᠠᠮᠢᠳᠤᠷᠠᠬᠤ ᠪᠣᠢ᠂ ᠰᠣᠶᠣᠯ ᠤᠯᠠᠮᠵᠢᠯᠠᠯ ᠢ᠋ᠶ᠋ᠠᠨ ᠶᠠᠭᠠᠬᠢᠬᠤ ᠪᠣᠢ᠂ ᠠᠮᠢ ᠠᠬᠤᠢ᠂ ᠪᠡᠯᠴᠢᠭᠡᠷ ᠨᠤᠲᠤᠭ ᠢ᠋ᠶ᠋ᠠᠨ ᠶᠠᠭᠠᠬᠢᠬᠤ ᠪᠣᠢ᠁ ᠭᠡᠬᠦᠴᠢᠯᠡᠨ ᠰᠢᠨᠠᠯᠭᠠᠯ ᠶᠡᠬᠡᠲᠡᠢ ᠠᠰᠠᠭᠤᠳᠠᠯ ᠣᠯᠠᠨ ᠲᠠᠯᠪᠢᠭᠳᠠᠬᠤ ᠪᠣᠯᠤᠯ᠎ᠠ᠃《ᠶᠠᠮᠠᠷ ᠨᠢᠭᠡᠨ ᠣᠷᠣᠨ ᠪᠦᠰᠡ ᠨᠤᠲᠤᠭ ᠤ᠋ᠨ ᠰᠣᠶᠣᠯ ᠤ᠋ᠨ ᠲᠣᠭᠲᠠᠯᠴᠠᠭ᠎ᠠ ᠡᠪᠳᠡᠭᠳᠡᠪᠡᠯ ᠠᠮᠢ ᠠᠬᠤᠢ ᠶ᠋ᠢᠨ ᠲᠣᠭᠲᠠᠯᠴᠠᠭ᠎ᠠ ᠴᠤ ᠡᠪᠳᠡᠭᠳᠡᠨ᠎ᠡ᠃ ᠠᠮᠢ ᠠᠬᠤᠢ ᠶ᠋ᠢᠨ ᠡᠪᠳᠡᠭᠳᠡᠯ ᠦ᠋ᠨ ᠭᠣᠣᠯ ᠨᠢᠭᠡᠨ ᠰᠢᠯᠲᠠᠭᠠᠨ ᠪᠣᠯ ᠲᠤᠬᠠᠢ ᠶ᠋ᠢᠨ ᠣᠷᠣᠨ ᠪᠦᠰᠡ ᠨᠤᠲᠤᠭ ᠤ᠋ᠨ ᠰᠣᠶᠣᠯ ᠤ᠋ᠨ ᠲᠣᠭᠲᠠᠯᠴᠠᠭ᠎ᠠ ᠡᠪᠳᠡᠭᠳᠡᠭᠰᠡᠨ ᠳ᠋ᠦ᠍ ᠪᠣᠢ》 ᠭᠡᠳᠡᠭ ᠲᠦ᠍ ᠰᠣᠳᠣᠯᠤᠭᠠᠴᠢᠳ ᠰᠠᠨᠠᠯ ᠨᠢᠭᠡᠳᠴᠦ ᠪᠣᠢ᠃ ᠨᠡᠭᠦᠳᠡᠯ ᠮᠠᠯᠵᠢᠯ ᠢᠶᠠᠷ ᠯᠡ ᠤᠷᠲᠤᠮᠵᠢ ᠶ᠋ᠢᠨ ᠬᠡᠷᠡᠭᠯᠡᠭᠡ ᠲᠡᠢ ᠪᠠᠢᠯᠭᠠᠬᠤ ᠪᠣᠯᠤᠮᠵᠢ ᠲᠠᠢ ᠲᠥᠪ ᠠᠽᠢᠶ᠎ᠠ ᠶ᠋ᠢᠨ ᠥᠨᠳᠥᠷᠯᠢᠭ ᠦ᠋ᠨ ᠣᠷᠴᠢᠨ ᠳ᠋ᠤ᠌ ᠨᠡᠭᠦᠳᠡᠯ ᠰᠣᠶᠣᠯ ᠯᠠ ᠥᠪᠡᠷ ᠦ᠋ᠨ ᠵᠦᠢ ᠲᠣᠭᠲᠠᠯᠴᠠᠭ᠎ᠠ ᠪᠠᠨ ᠣᠯᠵᠤ ᠦᠨᠳᠦᠰᠦᠯᠡᠵᠦ ᠴᠢᠳᠠᠭᠰᠠᠨ ᠶᠤᠮ᠃ ᠭᠡᠪᠡᠴᠦ ᠣᠳᠣ ᠡᠨᠡ ᠲᠣᠭᠲᠠᠯᠴᠠᠭ᠎ᠠ ᠡᠪᠳᠡᠭᠳᠡᠭᠰᠡᠨ ᠪᠣᠯᠬᠣᠷ ᠠᠮᠢ ᠠᠬᠤᠢ ᠶ᠋ᠢᠨ ᠡᠪᠳᠡᠭᠳᠡᠯ ᠢ᠋ ᠪᠠᠭᠲᠠᠭᠠᠭᠰᠠᠨ ᠠᠯᠢ ᠣᠯᠠᠨ ᠠᠰᠠᠭᠤᠳᠠᠯ ᠭᠠᠷᠤᠭᠰᠠᠨ ᠪᠢᠯᠡ!《ᠭᠠᠩᠳᠠᠯ᠎ᠠ᠃ ᠵᠤᠳᠯᠠᠯᠠ᠃ ᠮᠠᠯ ᠦᠬᠦᠵᠦ ᠬᠣᠬᠢᠷᠠᠵᠤ ᠪᠠᠢᠨ᠎ᠠ᠂ ᠶᠠᠭᠠᠬᠢᠬᠤ ᠪᠣᠢ?》 ᠭᠡᠵᠦ ᠭᠠᠷ ᠢ᠋ᠶ᠋ᠠᠨ ᠨᠤᠬᠤᠯᠠᠨ ᠭᠠᠴᠢᠭᠳᠠᠵᠤ ᠪᠠᠢᠭ᠎ᠠ ᠪᠠᠢᠳᠠᠯ ᠢ᠋ ᠬᠠᠷᠠᠬᠤ ᠪᠦᠷᠢ《ᠬᠡᠷᠪᠡ ᠨᠡᠭᠦᠳᠡᠯ ᠮᠠᠯᠵᠢᠯ ᠢ᠋ᠶ᠋ᠠᠨ ᠬᠠᠳᠠᠭᠠᠯᠠᠵᠤ ᠪᠠᠢᠭᠰᠠᠨ ᠪᠣᠯ ᠣᠲᠣᠷ ᠬᠠᠢᠳᠠᠭ ᠶᠠᠪᠤᠬᠤ᠂ ᠠᠯᠤᠰ ᠨᠤᠲᠤᠭ ᠲᠤ ᠪᠡᠯᠴᠢᠭᠡᠷ ᠰᠡᠯᠭᠦᠬᠦ ᠵᠡᠷᠭᠡ ᠪᠡᠷ ᠡᠢᠮᠦᠷᠬᠦᠦ ᠭᠠᠴᠢᠭᠳᠠᠯᠲᠤ ᠪᠠᠢᠳᠠᠯ ᠢ᠋ ᠳᠠᠪᠠᠨ ᠲᠤᠭᠤᠯᠬᠤ ᠶᠣᠰᠣᠲᠠᠢ᠃ ᠭᠡᠪᠡᠴᠦ ᠣᠳᠣ ᠰᠠᠭᠠᠬᠠᠯᠲᠠ ᠶ᠋ᠢᠨ ᠢ᠋ᠶ᠋ᠡᠨ ᠪᠡᠯᠴᠢᠭᠡᠷ ᠲᠦ᠍ ᠬᠦᠷᠲᠡᠯ᠎ᠡ ᠥᠨᠥᠴᠢᠨ ᠢᠰᠢᠭᠡᠨ ᠦ᠌ ᠰᠢᠭᠢᠷ᠎ᠡ ᠭᠠᠷᠭᠠᠵᠤ ᠪᠣᠯᠬᠤ ᠪᠠᠨ ᠪᠠᠢᠭᠰᠠᠨ ᠠ᠋ᠴᠠ ᠭᠠᠩᠳᠠᠵᠤ᠂ ᠵᠤᠳᠯᠠᠬᠤ ᠳ᠋ᠤ᠌ ᠶᠠᠮᠠᠷ ᠠᠷᠭ᠎ᠠ ᠪᠠᠢᠬᠤ ᠪᠣᠢ!》 ᠭᠡᠵᠦ ᠪᠣᠳᠣᠭᠳᠠᠨ᠎ᠠ᠃ ᠳᠡᠭᠡᠷ᠎ᠡ ᠵᠠᠭᠤᠨ ᠤ᠋ ᠨᠠᠶᠠᠨ ᠬᠡᠳᠦᠨ ᠣᠨ ᠳ᠋ᠤ᠌ ᠮᠣᠩᠭᠣᠯ ᠤᠯᠤᠰ ᠪᠣᠯᠤᠨ ᠥᠪᠥᠷ ᠮᠣᠩᠭᠣᠯ ᠳ᠋ᠤ᠌ ᠢᠷᠡᠵᠦ ᠬᠡᠭᠡᠷ᠎ᠡ ᠶ᠋ᠢᠨ ᠰᠢᠨᠵᠢᠯᠡᠭᠡ ᠬᠢᠵᠦ ᠪᠠᠢᠭᠰᠠᠨ ᠶᠠᠫᠣᠨ ᠡᠷᠳᠡᠮᠲᠡᠨ ᠺᠣᠨᠠᠭᠠᠶᠠ ᠶᠦᠬᠢ《ᠮᠣᠩᠭᠣᠯ ᠨᠤᠲᠤᠭ ᠤ᠋ᠨ ᠠᠮᠢᠳᠤᠷᠠᠯ ᠬᠣᠷᠸ᠎ᠠ》 ᠨᠣᠮ ᠳ᠋ᠠᠭᠠᠨ᠄《ᠭᠠᠩ ᠬᠠᠭᠤᠷᠠᠢ ᠭᠠᠵᠠᠷ ᠲᠤ ᠪᠣᠯ ᠡᠪᠦᠯᠵᠢᠶ᠎ᠡ ᠡᠴᠡ ᠵᠤᠰᠠᠯᠠᠩ ᠬᠦᠷᠲᠡᠯᠡᠬᠢ ᠵᠠᠢ ᠪᠠᠷᠤᠭ ᠵᠠᠭᠤᠨ ᠺᠢᠯᠣᠮᠧᠲ᠋ᠷ ᠡᠴᠡ ᠳᠡᠭᠡᠭᠰᠢ ᠪᠠᠢᠳᠠᠭ᠃ ᠵᠤᠳ ᠪᠤᠶᠤ ᠭᠠᠩ ᠤ᠋ᠨ ᠦᠶ᠎ᠡ ᠳ᠋ᠦ᠍ ᠪᠣᠯ ᠣᠲᠣᠷ ᠢ᠋ᠶ᠋ᠠᠷ ᠳᠠᠬᠢᠨ ᠳᠠᠪᠲᠠᠨ ᠠᠰᠢᠭᠯᠠᠨ᠎ᠠ》 ᠭᠡᠵᠦ ᠮᠣᠩᠭᠣᠯᠴᠤᠳ ᠤ᠋ᠨ ᠨᠡᠭᠦᠳᠡᠯ ᠢ᠋ᠶ᠋ᠡᠷ ᠪᠡᠯᠴᠢᠭᠡᠷ ᠠᠰᠢᠭᠯᠠᠳᠠᠭ ᠠᠷᠭ᠎ᠠ ᠶ᠋ᠢ ᠲᠡᠮᠳᠡᠭᠯᠡᠭᠰᠡᠨ ᠪᠠᠢᠳᠠᠭ᠃ ᠭᠡᠪᠡᠴᠦ ᠨᠡᠭᠦᠳᠡᠯ ᠦ᠋ᠨ ᠪᠣᠯᠤᠮᠵᠢ ᠠᠯᠳᠠᠭᠳᠠᠭᠰᠠᠨ ᠤ᠋ ᠳᠠᠷᠠᠭ᠎ᠠ ᠡᠪᠳᠡᠭᠳᠡᠨ ᠡᠬᠢᠯᠡᠭᠰᠡᠨ ᠪᠡᠯᠴᠢᠭᠡᠷ ᠢ᠋ ᠬᠠᠮᠠᠭᠠᠯᠠᠬᠤ ᠭᠡᠵᠦ ᠮᠠᠯ ᠤ᠋ᠨ ᠬᠥᠯ ᠢ᠋ ᠬᠣᠷᠢᠭᠰᠠᠨ ᠨᠢ ᠵᠥᠪ ᠠᠷᠭ᠎ᠠ ᠪᠢᠰᠢ ᠶᠦᠮ᠃ ᠵᠢᠱ᠌ᠢᠶᠡᠯᠡᠪᠡᠯ᠂ ᠲᠡᠮᠡᠭᠡ ᠮᠠᠯ ᠢᠳᠡᠵᠦ ᠯᠡ ᠪᠠᠢᠵᠤ ᠰᠠᠢᠨ ᠤᠷᠭᠤᠳᠠᠭ ᠵᠠᠭ ᠵᠡᠷᠭᠡ ᠤᠷᠭᠤᠮᠠᠯ ᠢ᠋ ᠬᠠᠮᠠᠭᠠᠯᠠᠬᠤ ᠭᠡᠵᠦ ᠬᠦᠷᠢᠶᠡᠯᠡᠭᠰᠡᠨ ᠦ᠌ ᠳ᠋ᠦᠩ ᠳ᠋ᠦ᠍ ᠵᠠᠭ ᠤ᠋ᠨ ᠤᠷᠭᠤᠴᠠ ᠮᠠᠭᠤᠳᠴᠤ᠂ ᠬᠤᠯᠤᠭᠠᠨ᠎ᠠ ᠶ᠋ᠢᠨ ᠭᠠᠮᠰᠢᠭ ᠬᠡᠴᠡᠭᠦᠳᠡᠭᠰᠡᠨ ᠭᠡᠵᠦ ᠥᠪᠥᠷ ᠮᠣᠩᠭᠣᠯ ᠤ᠋ᠨ ᠮᠣᠩᠭᠣᠯ ᠣᠳᠣᠨ ᠲᠧᠯᠸᠢᠰ ᠦ᠋ᠨ《ᠴᠢᠯᠥᠭᠡᠲᠦ12》 ᠳᠡᠯᠭᠡᠴᠡ ᠪᠡᠷ ᠮᠠᠯᠴᠢᠳ ᠶᠠᠷᠢᠵᠤ ᠪᠠᠢᠭᠰᠠᠨ ᠢ᠋ ᠬᠠᠷᠠᠭᠰᠠᠨ ᠯᠠ ᠪᠠᠢᠬ᠎ᠠ᠃ ᠲᠣᠭᠲᠠᠯᠴᠠᠭ᠎ᠠ ᠶ᠋ᠢ ᠨᠢ ᠡᠪᠳᠡᠭᠰᠡᠨ ᠢ᠋ᠶ᠋ᠡᠨ ᠬᠠᠮᠠᠭᠠᠯᠠᠵᠤ ᠪᠠᠢᠨ᠎ᠠ ᠭᠡᠵᠦ ᠣᠢᠯᠠᠭᠠᠳᠠᠭ ᠪᠤᠷᠤᠭᠤ ᠢᠰᠦᠭᠰᠡᠨ ᠲᠠᠷᠢᠬᠢ ᠨᠤᠭᠤᠳ ᠶᠤᠮ ᠳᠠ᠃ ᠨᠡᠭᠡᠷᠡᠨ ᠴᠦ᠍《ᠪᠤᠷᠤᠭᠤ ᠵᠠᠮ ᠢ᠋ᠶ᠋ᠠᠷ ᠪᠤᠳᠠᠭ᠎ᠠ ᠲᠡᠭᠡᠭᠡᠪᠡᠯ᠂ ᠪᠤᠴᠠᠬᠤ ᠵᠠᠮ ᠳ᠋ᠠᠭᠠᠨ ᠰᠢᠷᠣᠢ ᠲᠡᠭᠡᠭᠡᠨ᠎ᠡ》 ᠭᠡᠳᠡᠭ ᠢ᠋ ᠦᠵᠡᠭᠦᠯᠬᠦ ᠨᠢ ᠠ᠋! ᠲᠡᠭᠡᠭᠡᠳ ᠪᠠᠰᠠ ᠪᠡᠯᠴᠢᠭᠡᠷ ᠦ᠋ᠨ ᠮᠠᠯ ᠢ᠋ ᠪᠡᠯᠴᠢᠭᠡᠷ ᠡᠴᠡ ᠨᠢ ᠰᠠᠯᠭᠠᠴᠢᠬᠠᠭᠠᠳ《ᠰᠢᠨᠵᠢᠯᠡᠬᠦ ᠤᠬᠠᠭᠠᠨᠴᠢᠯᠠᠬᠤ》 ᠶᠤᠮ ᠭᠡᠨ᠎ᠡ᠂《ᠡᠭᠦᠯᠳᠡᠷ ᠤᠭᠰᠠᠭ᠎ᠠ ᠶ᠋ᠢ ᠨᠢ ᠰᠠᠢᠵᠢᠷᠠᠭᠤᠯᠬᠤ》 ᠶᠤᠮ ᠭᠡᠨ᠎ᠡ᠂ ᠨᠡᠭᠦᠳᠡᠯ ᠠᠮᠢᠳᠤᠷᠠᠯ ᠢ᠋ᠶ᠋ᠠᠨ ᠪᠠᠯᠭᠠᠰᠤᠵᠢᠭᠤᠯᠤᠭᠠᠳ᠂ ᠰᠠᠭᠤᠷᠢᠰᠢᠵᠢᠭᠤᠯᠤᠭᠠᠳ《ᠨᠡᠭᠦᠳᠡᠯ ᠰᠣᠶᠣᠯ ᠢ᠋ᠶ᠋ᠠᠨ ᠬᠥᠭᠵᠢᠭᠦᠯᠦᠶ᠎ᠡ᠂ ᠬᠠᠮᠠᠭᠠᠯᠠᠶ᠎ᠠ᠂ ᠤᠯᠠᠮᠵᠢᠯᠠᠶ᠎ᠠ》 ᠭᠡᠨ᠎ᠡ᠃ ᠦᠨᠡᠬᠡᠷ ᠦ᠋ᠨ ᠭᠠᠢᠬᠠᠮᠰᠢᠭᠲᠠᠢ ᠠᠵᠢᠯ ᠤ᠋ᠳ 21 ᠳ᠋ᠦ᠍ᠭᠡᠷ ᠵᠠᠭᠤᠨ ᠳ᠋ᠤ᠌ ᠬᠢᠭᠳᠡᠬᠦ ᠨᠢ ᠠ᠋᠂ ᠯᠠᠮᠠ ᠭᠤᠷᠪᠠᠨ ᠡᠷᠳᠡᠨᠢ ᠮᠢᠨᠢ!
ᠳᠡᠯᠡᠬᠡᠢ ᠶ᠋ᠢᠨ ᠠᠭᠤᠳᠠᠮ ᠲᠡᠢᠰᠢ ᠨᠡᠭᠦᠳᠡᠯᠯᠡᠳᠡᠭ ᠪᠠᠢᠭᠰᠠᠨ ᠨᠡᠭᠦᠳᠡᠯ ᠦ᠋ᠨ ᠴᠢᠭᠯᠡᠯ ᠵᠠᠭᠤ ᠨᠠᠶᠠᠨ ᠭᠷᠠᠳᠦ᠋ᠰ ᠢ᠋ᠶ᠋ᠡᠷ ᠡᠷᠭᠢᠵᠦ᠂ ᠠᠭᠤᠳᠠᠮ ᠠ᠋ᠴᠠ ᠢᠪᠴᠤᠤ ᠤᠷᠤᠭᠤ ᠬᠣᠮᠣᠷᠣᠯᠳᠤᠨ ᠨᠡᠭᠦᠳᠡᠯᠯᠡᠬᠦ ᠪᠣᠯᠤᠯ᠎ᠠ᠃ ᠡᠨᠡ ᠨᠡᠭᠦᠳᠡᠯ ᠦ᠋ᠨ ᠳᠤᠮᠳᠠ ᠮᠠᠯᠴᠢᠳ ᠮᠢᠨᠢ ᠬᠣᠲᠠ ᠲᠣᠭᠣᠷᠢᠭ ᠤᠷᠤᠭᠤ᠂ ᠲᠠᠪᠤᠨ ᠬᠣᠰᠢᠭᠤ ᠮᠠᠯ ᠮᠢᠨᠢ ᠲᠩᠷᠢ ᠤᠷᠤᠭᠤ᠂ ᠪᠡᠯᠴᠢᠭᠡᠷ ᠮᠢᠨᠢ ᠲᠣᠣᠷ ᠬᠦᠷᠢᠶ᠎ᠡ ᠤᠷᠤᠭᠤ᠂ ᠰᠣᠶᠣᠯ ᠮᠢᠨᠢ ᠮᠦᠽᠧᠢ ᠤᠷᠤᠭᠤ᠁ ᠨᠡᠭᠦᠬᠦ ᠨᠢ ᠠ᠋! ᠠᠢ ᠳᠠ᠂ ᠨᠡᠭᠦᠳᠡᠯᠴᠢᠨ ᠮᠣᠩᠭᠣᠯᠴᠤᠳ ᠤ᠋ᠨ ᠲᠡᠦᠬᠡ ᠰᠠᠢᠨ ᠲᠠᠢ ᠴᠤ᠂ ᠮᠠᠭᠤ ᠲᠠᠢ ᠴᠤ ᠨᠡᠭᠦᠳᠡᠯ ᠦ᠋ᠨ ᠳᠤᠮᠳᠠ ᠪᠢᠴᠢᠭᠳᠡᠬᠦ ᠯᠡ ᠲᠠᠪᠢᠯᠠᠩ ᠲᠠᠢ ᠶᠤᠮ ᠤᠤ ᠳᠠ!
ᠦᠰᠦᠭ ᠠᠮᠢᠯᠠᠭᠤᠯᠤᠭᠴᠢ᠄ ᠢᠳᠰᠢᠩᠬᠣᠷᠯᠣ ᠂ ᠪᠠᠶᠠᠨᠴᠡᠴᠡᠭ᠂ ᠨᠡᠭᠦᠳᠡᠯ᠂ ᠰᠤᠳᠤᠯᠲᠤ᠂ ᠪᠠᠯ ᠂
ᠬᠢᠨᠠᠭᠴᠢ ᠪᠠᠭᠰᠢ᠄ ᠭᠠᠷᠮ᠎ᠠ᠂ ᠰᠡᠬᠡᠭᠡᠷᠡᠯ᠂ ᠣᠳᠬᠠᠨᠰᠣ᠎ᠠ
