ᠨᠡᠭᠦᠳᠡᠯ- ᠭ· ᠴᠢᠩᠪᠠᠭᠠᠲᠤᠷНүүдэл-Г·Чинбаатар ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠡᠭᠦᠳᠡᠯ- ᠭ· ᠴᠢᠩᠪᠠᠭᠠᠲᠤᠷНүүдэл-Г·Чинбаатар

ᠨᠡᠭᠦᠳᠡᠯ- ᠭ· ᠴᠢᠩᠪᠠᠭᠠᠲᠤᠷНүүдэл-Г·Чинбаатар

2024-07-13

336

ᠨᠡᠭᠦᠳᠡᠯ①
        ᠭ· ᠴᠢᠩᠪᠠᠭᠠᠲᠤᠷ 
      ᠮᠣᠩᠭᠣᠯᠴᠤᠳ ᠪᠣᠯ ᠳᠡᠯᠡᠬᠡᠢ ᠶ᠋ᠢᠨ ᠠᠷᠠᠰᠤᠲᠠᠨ ᠶᠠᠰᠤᠲᠠᠣᠨ ᠤ᠋ ᠳᠣᠲᠣᠷ᠎ᠠ ᠠ᠋ᠴᠠ ᠵᠢᠱ᠌ᠢᠶ᠎ᠡ ᠪᠣᠯᠬᠤᠢᠴᠠ ᠨᠡᠭᠦᠳᠡᠯᠴᠢᠨ ᠤᠯᠤᠰ《᠁ ᠲᠠᠩᠭᠢᠰ ᠭᠠᠲᠤᠯᠵᠤ ᠢᠷᠡᠯᠦᠭᠡ》ᠭᠡᠵᠦ  ᠲᠡᠦᠬᠡ ᠰᠤᠳᠤᠷ ᠲᠤ ᠲᠡᠮᠳᠡᠭᠯᠡᠭᠳᠡᠵᠦ ᠪᠠᠢᠳᠠᠭᠴᠢᠯᠠᠨ ᠢᠵᠠᠭᠤᠷ ᠠ᠋ᠴᠠ ᠪᠠᠨ ᠨᠡᠭᠦᠳᠡᠯᠴᠢᠨ ᠪᠠᠢᠭᠰᠠᠨ ᠤᠯᠤᠰ ᠪᠣᠯ ᠮᠣᠩᠭᠣᠯᠴᠤᠳ᠃ ᠨᠡᠭᠦᠳᠡᠯ ᠪᠢᠳᠡᠨ ᠳ᠋ᠦ᠍ ᠣᠯᠠᠨ ᠶᠠᠭᠤᠮ᠎ᠠ ᠶ᠋ᠢ ᠥᠭᠴᠦ᠂ ᠰᠤᠷᠭᠠᠵᠤ᠂ ᠢᠷᠠᠭᠤ ᠭᠠᠢᠬᠠᠮᠰᠢᠭᠲᠤ ᠲᠡᠦᠬᠡ ᠶ᠋ᠢ ᠮᠢᠨᠢ ᠪᠢᠴᠢᠭᠦᠯᠵᠦ ᠂ ᠶᠠᠭᠠᠬᠢᠭᠠᠳ ᠴᠤ ᠬᠠᠭᠤᠴᠢᠷᠠᠬᠤ ᠦᠭᠡᠢ ᠰᠣᠶᠣᠯ ᠢ᠋ ᠮᠢᠨᠢ ᠲᠥᠯᠵᠢᠭᠦᠯᠵᠦ᠂ ᠶᠠᠰᠤ ᠤᠭᠰᠠᠭ᠎ᠠ ᠶ᠋ᠢ ᠮᠢᠨᠢ ᠶᠢᠷᠲᠢᠨᠴᠦ ᠶ᠋ᠢᠨ ᠰᠣᠨᠣᠷ ᠲᠤ ᠮᠥᠩᠬᠡᠯᠡᠵᠦ ᠦᠭᠭᠦᠭᠰᠡᠨ᠂ ᠣᠨ ᠵᠢᠯ ᠦ᠋ᠨ ᠴᠥᠷᠬᠡᠯᠡᠭᠡ ᠰᠢᠭ ᠨᠡᠭᠦᠳᠡᠯ ᠦ᠋ᠨ ᠶᠠᠪᠤᠴᠠ ᠳ᠋ᠠᠭᠠᠨ ᠮᠣᠩᠭᠣᠯᠴᠤᠳ ᠣᠯᠠᠨ ᠶᠠᠭᠤᠮ᠎ᠠ ᠶ᠋ᠢ ᠭᠡᠭᠡᠵᠦ ᠣᠷᠬᠢᠵᠤ ᠴᠤ ᠶᠠᠪᠤᠭᠰᠠᠨ᠃ ᠶᠠᠭᠠᠬᠢᠬᠤ ᠳ᠋ᠠᠭᠠᠨ ᠲᠡᠭᠡᠵᠦ ᠨᠡᠭᠦᠳᠡᠯ ᠬᠢᠳᠡᠭ ᠤᠯᠤᠰ ᠤ᠋ᠳ ᠪᠣᠢ? ᠨᠡᠭᠦᠳᠡᠯ ᠶᠠᠮᠠᠷ ᠬᠡᠷᠡᠭ ᠲᠡᠢ ᠪᠣᠢ? ᠭᠡᠰᠡᠨ ᠪᠣᠳᠣᠯ ᠬᠡᠨ ᠳ᠋ᠦ᠍ ᠴᠦ᠍ ᠣᠷᠣᠬᠤ ᠨᠢ ᠭᠠᠷᠴᠠᠭ᠎ᠠ ᠦᠭᠡᠢ᠃
      ᠵᠦᠢᠲᠡᠢ ᠯᠡ ᠠᠰᠠᠭᠤᠯᠲᠠ᠃ ᠭᠡᠬᠦ ᠳ᠋ᠡᠭᠡᠨ ᠮᠣᠩᠭᠣᠯᠴᠤᠳ ᠠᠩᠬ᠎ᠠ ᠡᠬᠢᠨ ᠳ᠋ᠡᠭᠡᠨ ᠰᠠᠭᠤᠷᠢᠰᠢᠵᠤ ᠪᠠᠢᠯ᠎ᠠ ᠭᠡᠰᠡᠨ ᠪᠠᠷᠢᠮᠲᠠ ᠶ᠋ᠢ ᠬᠠᠭᠤᠴᠢ ᠰᠤᠳᠤᠯᠭ᠎ᠠ ᠪᠢᠳᠡᠨ ᠳ᠋ᠦ᠍ ᠬᠡᠯᠡᠵᠦ ᠥᠭᠴᠦ ᠪᠠᠢᠨ᠎ᠠ᠃ ᠬᠠᠷᠢᠨ ᠶᠠᠭᠠᠬᠢᠭᠠᠳ ᠠᠮᠤᠷ ᠲᠠᠪᠠᠲᠠᠢ ᠰᠠᠭᠤᠷᠢᠰᠢᠯ ᠢ᠋ᠶ᠋ᠠᠨ ᠬᠠᠶᠠᠭᠠᠳ ᠨᠡᠭᠦᠳᠡᠭ ᠪᠣᠯᠤᠭᠰᠠᠨ ᠶᠤᠮ ᠪᠣᠢ? ᠭᠡᠳᠡᠭ ᠨᠢ ᠣᠯᠠᠨ ᠵᠢᠯ᠂ ᠣᠯᠠᠨ ᠤ᠋ ᠪᠣᠳᠣᠯ ᠳ᠋ᠤ᠌ ᠣᠨᠢᠰᠣᠭ᠎ᠠ ᠬᠡᠪ ᠢ᠋ᠶ᠋ᠡᠷ ᠢ᠋ᠶ᠋ᠡᠨ ᠪᠠᠢᠭᠰᠠᠨ ᠪᠥᠭᠡᠳ ᠨᠡᠭᠦᠳᠡᠯ ᠶᠡᠷᠦ ᠨᠢ ᠶᠠᠮᠠᠷ ᠬᠡᠷᠡᠭ ᠲᠡᠢ ᠪᠠᠢᠭᠰᠠᠨ ᠲᠤᠬᠠᠢ ᠬᠡᠨ ᠴᠦ᠍ ᠣᠨᠣᠪᠴᠢᠲᠠᠢ ᠬᠠᠷᠢᠭᠤᠯᠲᠠ ᠥᠭᠴᠦ ᠴᠢᠳᠠᠭ᠎ᠠ ᠦᠭᠡᠢ ᠮᠥᠷᠲᠡᠯ᠎ᠡ ᠪᠡᠨ ᠡᠨᠡ ᠵᠦᠢᠯ ᠮᠠᠯᠴᠢᠨ ᠲᠦᠮᠡᠨ ᠦ᠌ ᠠᠵᠤ ᠠᠮᠢᠳᠤᠷᠠᠯ᠂ ᠮᠠᠯᠵᠢᠬᠤ ᠰᠣᠶᠣᠯ ᠤ᠋ᠨ ᠬᠥᠭᠵᠢᠯ ᠳ᠋ᠦ᠍ ᠴᠢᠮᠠᠯᠠᠰᠢ ᠦᠭᠡᠢ ᠲᠤᠰᠠ ᠪᠠᠨ ᠥᠭᠭᠦᠭᠰᠡᠭᠡᠷ ᠢᠷᠡᠵᠡᠢ᠃
      ᠬᠥᠮᠦᠨ ᠲᠥᠷᠥᠯᠬᠢᠲᠡᠨ ᠦ᠌ ᠬᠥᠭᠵᠢᠯ ᠦ᠋ᠨ ᠶᠠᠪᠤᠴᠠ ᠳᠤ ᠮᠣᠩᠭᠣᠯᠴᠤᠳ ᠴᠤ ᠥᠪᠡᠷ ᠦ᠋ᠨ ᠵᠦᠢ ᠶᠣᠰᠣᠨ ᠤ᠋ ᠬᠥᠭᠵᠢᠯ ᠲᠡᠢ ᠪᠠᠢᠭᠰᠠᠨ ᠢ᠋ᠶ᠋ᠠᠷ ᠬᠡᠭᠡᠷ᠎ᠡ ᠶ᠋ᠢᠨ ᠠᠮᠢᠲᠠᠨ ᠊ᠢ ᠪᠠᠷᠢᠵᠤ ᠳᠠᠰᠬᠠᠵᠤ ᠭᠡᠷ ᠦ᠋ᠨ ᠲᠡᠵᠢᠭᠡᠪᠦᠷᠢ ᠪᠣᠯᠭᠠᠬᠤ ᠠᠵᠢᠯ ᠢ᠋ ᠣᠳᠣ ᠠ᠋ᠴᠠ ᠬᠡᠳᠦᠨ ᠠᠷᠪᠠᠨ ᠲᠦᠮᠡᠨ ᠵᠢᠯ ᠦ᠋ᠨ ᠡᠮᠦᠨ᠎ᠡ ᠨᠢᠭᠡᠨᠲᠡ ᠭᠦᠢᠴᠡᠳᠬᠡᠵᠡᠢ᠃ ᠪᠠᠯᠠᠷ ᠡᠷᠲᠡᠨ ᠦ᠌ ᠮᠠᠯ ᠠᠵᠤ ᠠᠬᠤᠢ ᠶ᠋ᠢᠨ ᠰᠠᠭᠤᠷᠢ ᠢᠩᠭᠢᠵᠦ ᠲᠠᠯᠪᠢᠭᠳᠠᠭᠰᠠᠨ ᠬᠡᠷᠡᠭ᠃ ᠣᠨ ᠵᠢᠯ ᠦ᠋ᠨ ᠤᠷᠤᠰᠬᠠᠯ ᠢ᠋ ᠳᠠᠭᠠᠯᠳᠤᠨ ᠬᠥᠮᠦᠨ ᠬᠠᠷ᠎ᠠ ᠠᠷᠪᠢᠳᠴᠤ᠂ ᠰᠠᠭᠤᠷᠢᠰᠢᠵᠤ ᠪᠠᠢᠭᠰᠠᠨ ᠨᠤᠲᠤᠭ ᠤ᠋ᠨ ᠪᠡᠯᠴᠢᠭᠡᠷ ᠤᠰᠤ ᠬᠠᠯᠴᠠᠬᠠᠢᠷᠠᠨ ᠲᠠᠴᠢᠷᠰᠢᠵᠤ᠂ ᠮᠠᠯ ᠲᠡᠵᠢᠭᠡᠪᠦᠷᠢ ᠶ᠋ᠢᠨ ᠬᠦᠷᠦᠯᠴᠡᠭᠡᠲᠡᠢ ᠲᠡᠵᠢᠭᠡᠯ ᠳ᠋ᠦ᠍ ᠬᠢᠮᠤᠷᠠᠯ ᠤᠴᠠᠷᠠᠭᠰᠠᠨ ᠪᠣᠯᠬᠣᠷ ᠡᠪᠡᠰᠦ ᠤᠰᠤ ᠰᠠᠢᠲᠠᠢ ᠨᠤᠲᠤᠭ ᠲᠤ ᠰᠢᠯᠵᠢᠬᠦ ᠱᠠᠭᠠᠷᠳᠠᠯᠭ᠎ᠠ ᠲᠠᠯᠪᠢᠭᠳᠠᠭᠰᠠᠨ ᠰᠠᠨᠵᠠᠢ᠃ ᠭᠡᠪᠡᠴᠦ ᠰᠢᠯᠵᠢᠵᠦ ᠣᠴᠢᠭᠰᠠᠨ ᠭᠠᠵᠠᠷ ᠨᠢ ᠴᠦ᠍ ᠠᠰᠤᠷᠤ ᠤᠳᠠᠯ ᠦᠭᠡᠢ ᠮᠥᠨ ᠯᠡ ᠲᠠᠴᠢᠷᠰᠢᠳᠠᠭ ᠡᠨᠡ ᠬᠦ᠌ ᠬᠠᠲᠠᠭᠤ ᠵᠢᠮ᠎ᠡ᠂ ᠪᠣᠳᠠᠲᠤ ᠦᠢᠯᠡᠳᠦᠯᠭᠡ ᠨᠢ ᠦᠨᠡᠨ  ᠳ᠋ᠡᠭᠡᠨ ᠨᠡᠭᠦᠳᠡᠯ ᠦ᠋ᠨ ᠠᠩᠬᠠᠨ ᠤ᠋ ᠡᠬᠢ ᠡᠭᠦᠰᠪᠦᠷᠢ ᠪᠣᠯᠵᠠᠢ ᠭᠡᠳᠡᠭ ᠢ᠋ ᠢᠲᠡᠭᠡᠬᠦ ᠳᠦ ᠶᠠᠮᠠᠷ ᠴᠤ ᠡᠷᠡᠭᠡᠯᠵᠡᠭᠡ ᠦᠭᠡᠢ᠃ ᠲᠡᠭᠡᠭᠡᠳ ᠯᠡ ᠮᠣᠩᠭᠣᠯᠴᠤᠳ ᠣᠯᠠᠨ ᠵᠠᠭᠤ ᠮᠢᠩᠭᠠᠨ ᠵᠢᠯ ᠦ᠋ᠨ ᠨᠡᠭᠦᠳᠡᠯᠴᠢᠨ ᠪᠣᠯᠵᠤ᠂ ᠲᠩᠷᠢ ᠡᠴᠡ ᠵᠠᠶᠠᠭᠠᠭᠰᠠᠨ ᠨᠤᠲᠤᠭ ᠤ᠋ᠨ ᠢ᠋ᠶ᠋ᠠᠨ ᠠᠭᠤᠳᠠᠮ ᠳ᠋ᠤ᠌ ᠨᠡᠭᠦᠬᠦ ᠶ᠋ᠢᠨ ᠲᠠᠪᠢᠯᠠᠩ ᠳ᠋ᠤ᠌ ᠣᠨᠣᠭᠳᠠᠭᠰᠠᠨ ᠪᠠᠢᠯ᠎ᠠ᠃ ᠭᠬᠢᠷ ᠦᠭᠡᠢ ᠴᠡᠩᠬᠡᠷ ᠲᠩᠷᠢ᠂ ᠬᠢᠯᠢ ᠦᠭᠡᠢ ᠠᠭᠤᠳᠠᠮ ᠨᠤᠲᠤᠭ ᠲᠠᠭᠠᠨ ᠤᠯᠠᠷᠢᠯ ᠤ᠋ᠨ ᠬᠠᠯᠠᠭ᠎ᠠ ᠪᠠᠷ ᠵᠢᠮᠯᠡᠨ ᠨᠡᠭᠦᠳᠡᠯᠯᠡᠬᠦ ᠶᠠᠪᠤᠴᠠ ᠳ᠋ᠤ᠌ ᠮᠣᠩᠭᠣᠯᠴᠤᠳ ᠤ᠋ᠨ ᠮᠠᠯ ᠠᠵᠤ ᠠᠬᠤᠢ ᠬᠥᠭᠵᠢᠨ ᠲᠠᠪᠤᠨ ᠬᠣᠰᠢᠭᠤ ᠮᠠᠯ ᠰᠦᠷᠦᠭ ᠦ᠋ᠨ ᠪᠦᠲᠦᠴᠡ ᠲᠣᠭᠲᠠᠯᠴᠠᠭ᠎ᠠ ᠪᠠᠨ ᠣᠯᠵᠤ᠂ ᠢᠰᠡᠭᠡᠢ ᠭᠡᠷ ᠣᠷᠣᠮᠵᠢ ᠨᠢ ᠪᠣᠯᠵᠤ᠂ ᠡᠷᠴᠢᠲᠦ ᠬᠦᠯᠦᠭ ᠮᠣᠷᠢ ᠤᠨᠤᠭ᠎ᠠ ᠨᠢ ᠪᠣᠯᠵᠤ᠂ ᠬᠠᠯᠠ ᠠ᠋ᠴᠠ ᠳᠠᠢᠵᠢᠳᠠᠭ ᠦᠭᠡᠢ ᠵᠠᠩ ᠨᠢ ᠵᠣᠷᠢᠭ ᠪᠣᠯᠵᠤ᠂ ᠬᠠᠲᠠᠭᠤ ᠶ᠋ᠢ ᠢᠯᠠᠳᠠᠭ ᠲᠡᠪᠴᠢᠶᠡᠷᠢ ᠨᠢ ᠤᠬᠠᠭ᠎ᠠ ᠪᠣᠯᠵᠤ᠂ ᠤᠷᠲᠤ ᠶ᠋ᠢᠨ ᠰᠠᠢᠬᠠᠨ ᠳᠠᠭᠤᠤ ᠡᠮᠡᠭᠡᠯ ᠳᠡᠭᠡᠷ᠎ᠡ ᠨᠢ ᠲᠥᠷᠥᠵᠦ᠂ ᠥᠭᠡᠳᠡᠯᠡᠨ ᠬᠥᠭᠵᠢᠬᠦ ᠶ᠋ᠢᠨ ᠳᠥᠷᠥᠭᠡ ᠪᠡᠨ ᠭᠢᠰᠬᠢᠭᠰᠡᠨ ᠠᠵᠢ᠃ ᠡᠢᠨ ᠬᠦ᠌ ᠨᠡᠭᠦᠳᠡᠯ ᠦ᠋ᠨ ᠶᠠᠪᠤᠴᠠ ᠳ᠋ᠤ᠌ ᠬᠥᠭᠵᠢᠨ ᠳᠡᠭᠵᠢᠷᠡᠬᠦ ᠬᠥᠯᠵᠢᠨ ᠬᠤᠷᠠᠮᠳᠤᠭᠰᠠᠨ ᠠᠵᠤ ᠠᠬᠤᠢ᠂ ᠰᠣᠶᠣᠯ ᠢᠷᠭᠡᠨᠰᠢᠯ᠂ ᠵᠠᠩ ᠵᠠᠩᠰᠢᠯ᠂ ᠠᠮᠢᠳᠤᠷᠠᠯ ᠤ᠋ᠨ ᠬᠡᠯᠪᠡᠷᠢ ᠨᠢ ᠮᠣᠩᠭᠣᠯᠴᠤᠳ ᠤ᠋ᠨ ᠭᠠᠢᠬᠠᠮᠰᠢᠭᠲᠤ ᠲᠡᠦᠬᠡ ᠶ᠋ᠢᠨ ᠤᠯᠠ ᠰᠠᠭᠤᠷᠢ ᠨᠢ ᠪᠣᠯᠤᠨ ᠵᠢᠬᠢᠷᠢᠭᠯᠡᠭᠳᠡᠵᠡᠢ᠃
      ᠮᠣᠩᠭᠣᠯ ᠤ᠋ᠨ ᠥᠨᠳᠥᠷᠯᠢᠭ ᠦ᠋ᠨ ᠪᠠᠢᠭᠠᠯᠢ ᠣᠷᠴᠢᠨ ᠤ᠋ ᠨᠥᠬᠥᠴᠡᠯ ᠬᠠᠲᠠᠭᠤ᠂ ᠠᠭᠤᠷ ᠠᠮᠢᠰᠬᠤᠯ ᠭᠠᠩᠳᠠᠭᠤ ᠬᠦᠢᠲᠡᠨ᠂ ᠲᠠᠪᠤᠨ ᠬᠣᠰᠢᠭᠤ ᠮᠠᠯ ᠤ᠋ᠨ ᠢᠳᠡᠰᠢᠯᠡᠬᠦ ᠳᠤᠷᠠᠰᠢᠯ ᠠᠳᠠᠯᠢ ᠦᠭᠡᠢ᠂ ᠪᠡᠯᠴᠢᠭᠡᠷ ᠤᠰᠤ ᠡᠪᠳᠡᠭᠳᠡᠯ ᠦᠭᠡᠢ ᠴᠡᠪᠡᠷ ᠪᠠᠢᠬᠤ ᠱᠠᠭᠠᠷᠳᠠᠯᠭ᠎ᠠ ᠲᠠᠢ ᠵᠡᠷᠭᠡ ᠡᠴᠡ ᠪᠣᠯᠵᠤ ᠨᠡᠭᠦᠳᠡᠯ ᠬᠦᠪᠦᠷᠡᠭᠰᠡᠨ ᠪᠥᠭᠡᠳ ᠲᠩᠷᠢ ᠭᠠᠵᠠᠷ ᠤ᠋ᠨ ᠡᠶ᠎ᠡ ᠵᠣᠬᠢᠴᠠᠯ ᠢ᠋ ᠣᠯᠬᠤ᠂ ᠳᠡᠯᠡᠬᠡᠢ ᠡᠵᠢ ᠶ᠋ᠢᠨ ᠢ᠋ᠶ᠋ᠡᠨ ᠥᠭᠭᠦᠭᠡᠵᠢ ᠬᠡᠰᠢᠭ ᠢ᠋ ᠬᠢᠮᠠᠭᠠᠲᠠᠢ ᠡᠳ᠋ᠯᠡᠬᠦ᠂ ᠠᠮᠢᠲᠠᠨ ᠪᠣᠳᠠᠰ ᠤ᠋ᠨ ᠬᠢᠯᠬᠢᠶᠡᠵᠢᠨ ᠲᠣᠭᠲᠠᠭᠰᠠᠨ ᠵᠢᠮ᠎ᠡ ᠵᠢᠷᠤᠮ ᠢ᠋ ᠡᠪᠳᠡᠬᠦ ᠦᠭᠡᠢ ᠪᠠᠢᠬᠤ ᠤᠬᠠᠭ᠎ᠠ ᠰᠡᠭᠡᠭᠡ ᠮᠣᠩᠭᠣᠯᠴᠤᠳ ᠤ᠋ᠨ ᠤᠬᠠᠮᠰᠠᠷ ᠲᠤ ᠮᠥᠩᠬᠡ ᠰᠢᠩᠭᠡᠵᠡᠢ᠃
      ᠨᠡᠭᠦᠳᠡᠯ ᠪᠣᠢ ᠪᠣᠯᠤᠭᠰᠠᠨ ᠠ᠋ᠴᠠ ᠪᠠᠨ ᠲᠠᠩᠨᠠᠨ ᠡᠷᠬᠢᠯᠡᠭᠰᠡᠨ ᠮᠠᠯ ᠠᠵᠤ ᠠᠬᠤᠢ ᠨᠢ ᠴᠠᠭᠠᠰᠢᠳᠠ ᠶ᠋ᠢᠨ ᠡᠷᠡᠭᠦᠯ ᠬᠥᠭᠵᠢᠯ ᠲᠡᠢ ᠪᠠᠢᠵᠤ ᠴᠢᠳᠠᠬᠤ᠂ ᠠᠮᠢᠨ ᠲᠦᠰᠢᠭ ᠨᠢ ᠪᠣᠯᠤᠭᠰᠠᠨ ᠭᠠᠵᠠᠷ ᠨᠤᠲᠤᠭ ᠨᠢ ᠤᠤᠯ ᠲᠥᠷᠬᠦ ᠪᠡᠨ ᠬᠠᠳᠠᠭᠠᠯᠠᠵᠤ ᠴᠢᠳᠠᠬᠤ ᠴᠣᠷ ᠤ᠋ᠨ ᠭᠠᠭᠴᠠ ᠪᠣᠯᠤᠮᠵᠢ ᠬᠠᠩᠭᠠᠭᠳᠠᠭᠰᠠᠨ ᠪᠥᠭᠡᠳ ᠨᠡᠭᠦᠳᠡᠯ ᠦ᠋ᠨ ᠤᠢᠳᠬᠠᠷᠲᠤ ᠠᠮᠢᠳᠤᠷᠠᠯ᠂ ᠭᠠᠭᠴᠠᠭᠠᠷᠳᠠᠩᠭᠤᠢ ᠪᠠᠢᠳᠠᠯ ᠨᠢ ᠨᠥᠬᠥᠳ ᠦ᠋ᠨ ᠪᠦᠯᠬᠦᠮᠳᠡᠯ ᠢ᠋ ᠬᠠᠭᠠᠴᠠᠭᠤᠯᠤᠯ ᠦᠭᠡᠢ ᠪᠠᠲᠤᠳᠬᠠᠬᠤ ᠳ᠋ᠤ᠌ ᠲᠤᠰᠠᠲᠠᠢ ᠪᠠᠢᠵᠤ᠂ ᠪᠡᠶ᠎ᠡ ᠪᠡᠶ᠎ᠡ ᠳ᠋ᠡᠭᠡᠨ ᠬᠠᠯᠠᠮᠵᠢᠲᠠᠢ ᠪᠠᠢᠬᠤ᠂ ᠢᠲᠡᠭᠡᠯᠲᠡᠢ ᠦᠨᠡᠨᠴᠢ ᠪᠠᠢᠬᠤ ᠰᠠᠢᠬᠠᠨ ᠠᠷᠠᠨᠰᠢᠨ ᠢ᠋ ᠮᠣᠩᠭᠣᠯᠴᠤᠳ ᠲᠤ ᠰᠤᠷᠭᠠᠭᠰᠠᠨ ᠢ᠋ᠶ᠋ᠠᠷ ᠴᠥᠭᠡᠨ ᠮᠣᠩᠭᠣᠯᠴᠤᠳ ᠬᠦᠴᠦᠷᠬᠡᠭ ᠪᠠᠢᠭᠰᠠᠨ ᠤ᠋ ᠤᠴᠢᠷ ᠡᠨᠡ᠃ ᠴᠤᠭᠯᠠᠯᠳᠤᠨ ᠢᠨᠢᠶᠡᠯᠳᠦᠵᠦ ᠰᠠᠭᠤᠷᠢᠰᠢᠵᠤ ᠰᠠᠭᠤᠨ ᠡᠳᠦᠷ ᠤᠳᠠᠪᠠᠰᠤ ᠬᠥᠮᠦᠨ ᠬᠥᠮᠦᠨ ᠦ᠌ ᠣᠢ ᠳᠤᠲᠠᠭᠳᠠᠯ ᠬᠢᠯᠪᠠᠷᠬᠠᠨ ᠢᠯᠡᠷᠡᠵᠦ᠂ ᠠᠳᠬᠠᠭᠴᠢ ᠠᠪᠯᠢᠭᠠᠴᠢ ᠴᠢᠨᠠᠷ ᠢ᠋ ᠳᠡᠪᠡᠷᠡᠭᠡᠨ᠂ ᠬᠥᠮᠦᠨ ᠬᠣᠭᠣᠷᠣᠨᠳᠣ ᠶ᠋ᠢᠨ ᠶᠠᠪᠤᠯᠴᠠᠭ᠎ᠠ ᠬᠠᠷᠢᠯᠴᠠᠭᠠᠨ ᠳ᠋ᠤ᠌ ᠴᠠᠪᠠ ᠰᠠᠭᠤᠯᠭᠠᠳᠠᠭ ᠵᠢᠮ᠎ᠡ ᠲᠡᠢ ᠪᠣᠯᠬᠣᠷ ᠨᠡᠭᠦᠳᠡᠯ ᠨᠢ ᠡᠨᠡ ᠪᠦᠬᠦᠨ ᠡᠴᠡ ᠮᠣᠩᠭᠣᠯᠴᠤᠳ ᠢ᠋ ᠬᠥᠨᠳᠡᠢ ᠪᠠᠢᠯᠭᠠᠵᠤ ᠴᠢᠳᠠᠵᠠᠢ᠃《ᠣᠢᠷ᠎ᠠ ᠳ᠋ᠠᠭᠠᠨ ᠮᠥᠷᠭᠥᠯᠳᠦᠵᠦ᠂ ᠬᠣᠯᠠ ᠳ᠋ᠠᠭᠠᠨ ᠮᠥᠭᠡᠷᠡᠯᠳᠦᠨ᠎ᠡ》 ᠭᠡᠳᠡᠭ ᠠᠷᠠᠳ ᠤ᠋ᠨ ᠰᠡᠴᠡᠨ ᠦᠭᠡ ᠡᠨᠡ ᠵᠢᠮ᠎ᠡ ᠶ᠋ᠢ ᠤᠴᠢᠷᠯᠠᠵᠤ ᠪᠠᠢᠭ᠎ᠠ ᠶᠤᠮᠰᠠᠨ᠃
      ᠰᠤᠷᠠᠭ ᠵᠠᠩᠭᠢ ᠶ᠋ᠢᠨ ᠳᠠᠮᠵᠢᠯᠲᠠ ᠳ᠋ᠤ᠌ ᠨᠡᠭᠦᠳᠡᠯ ᠶᠡᠬᠡᠬᠡᠨ ᠲᠤᠰᠠᠯᠠᠵᠤ ᠪᠠᠢᠭᠰᠠᠨ ᠤ᠋ ᠭᠡᠷᠡᠴᠢ ᠮᠤᠩᠳᠠᠬᠤ ᠦᠭᠡᠢ᠃ ᠣᠷᠣᠰ ᠤ᠋ᠨ ᠵᠢᠭᠤᠯᠴᠢᠨ ᠫᠧᠷᠵᠸᠸᠯᠰᠺᠢ ᠶ᠋ᠢᠨ ᠲᠡᠮᠳᠡᠭᠯᠡᠯ ᠴᠤ ᠪᠠᠲᠤᠲᠠᠢ ᠪᠠᠷᠢᠮᠲᠠ ᠶ᠋ᠢᠨ ᠨᠢᠭᠡ ᠪᠥᠭᠡᠳ ᠨᠡᠭᠦᠳᠡᠯ ᠦ᠋ᠨ ᠬᠥᠳᠡᠯᠭᠡᠭᠡᠨᠲᠦ ᠴᠢᠨᠠᠷ ᠠ᠋ᠴᠠ ᠪᠣᠯᠵᠤ ᠰᠤᠷᠠᠭ ᠴᠢᠮᠡᠭᠡ ᠮᠠᠰᠢ ᠲᠦᠷᠭᠡᠨ ᠳᠠᠮᠵᠢᠭᠳᠠᠵᠤ ᠪᠠᠢᠭᠰᠠᠨ ᠢ᠋ ᠪᠢᠳᠡ ᠣᠢᠯᠠᠭᠠᠵᠤ ᠪᠣᠯᠤᠨ᠎ᠠ᠃ ᠨᠡᠭᠦᠳᠡᠯ ᠮᠠᠯ ᠠᠵᠤ ᠠᠬᠤᠢ ᠶ᠋ᠢᠨ ᠣᠯᠠᠨ ᠬᠡᠷᠡᠭᠴᠡᠭᠡᠲᠦ ᠴᠢᠨᠠᠷ ᠠ᠋ᠴᠠ ᠪᠣᠯᠵᠤ ᠮᠣᠩᠭᠣᠯᠴᠤᠳ ᠲᠤᠬᠠᠢ ᠶ᠋ᠢᠨ ᠦᠶ᠎ᠡ ᠳ᠋ᠦ᠍ ᠠᠷᠠᠯᠵᠢᠶ᠎ᠠ ᠬᠤᠳᠠᠯᠳᠤᠭ᠎ᠠ ᠶ᠋ᠢ ᠬᠥᠭᠵᠢᠭᠦᠯᠬᠦ᠂ ᠭᠠᠳᠠᠭᠠᠳᠤ ᠬᠠᠷᠢᠴᠠᠭ᠎ᠠ ᠪᠠᠢᠭᠤᠯᠬᠤ ᠶ᠋ᠢ ᠠᠩᠬᠠᠷᠴᠤ ᠬᠢᠵᠦ ᠪᠠᠢᠭᠰᠠᠨ ᠲᠡᠳᠦᠢ ᠦᠭᠡᠢ ᠰᠤᠷᠠᠭ ᠵᠠᠩᠭᠢ ᠶ᠋ᠢᠨ ᠳᠡᠮᠵᠢᠯᠲᠡ ᠡᠭᠦᠨ ᠳ᠋ᠦ᠍ ᠨᠢᠭᠡ ᠮᠥᠷᠦᠨ ᠦ᠌ ᠬᠦᠴᠦᠨ ᠲᠤᠰᠠᠯᠠᠵᠤ ᠪᠠᠢᠵᠠᠢ᠃ ᠥᠷᠥᠨ᠎ᠡ ᠳᠣᠷᠣᠨ᠎ᠠ ᠶ᠋ᠢᠨ ᠰᠣᠶᠣᠯ ᠤ᠋ᠨ ᠰᠣᠯᠢᠯᠴᠠᠭ᠎ᠠ ᠶ᠋ᠢ ᠶᠡᠬᠡᠬᠡᠨ ᠨᠡᠭᠡᠭᠡᠭᠰᠡᠨ ᠪᠦᠬᠦ ᠵᠦᠢᠯ ᠴᠦ᠍ ᠨᠡᠭᠦᠳᠡᠯ ᠡᠴᠡ ᠯᠡ ᠡᠷᠴᠢ ᠬᠦᠴᠦᠨ ᠦ᠌ ᠣᠨᠳᠣᠷᠣᠭ᠎ᠠ ᠪᠠᠨ ᠠᠪᠴᠤ ᠪᠠᠢᠪᠠ᠃
      ᠶᠠᠭᠤᠲᠠᠢ ᠴᠤ᠂ ᠨᠡᠭᠦᠳᠡᠯ ᠪᠣᠢ ᠪᠣᠯᠤᠭᠰᠠᠨ ᠠ᠋ᠴᠠ ᠠᠪᠤᠭᠠᠳ ᠮᠣᠩᠭᠣᠯᠴᠤᠳ ᠢ᠋ ᠥᠭᠡᠳᠡ ᠲᠡᠢ ᠵᠠᠮ ᠢ᠋ᠶ᠋ᠠᠷ ᠬᠥᠲᠥᠯᠵᠦ᠂ ᠰᠣᠶᠣᠯ ᠢᠷᠭᠡᠨᠰᠢᠯ ᠦ᠋ᠨ ᠬᠢᠨᠢ ᠬᠦᠪᠦᠷᠡᠨ ᠲᠥᠯᠵᠢᠭᠰᠡᠨ ᠰᠠᠭᠤᠷᠢ ᠨᠢ ᠪᠣᠯᠬᠤ ᠠᠵᠤ ᠠᠬᠤᠢ ᠶ᠋ᠢᠨ ᠬᠡᠯᠪᠡᠷᠢ ᠶ᠋ᠢ ᠨᠢ ᠠᠯᠳᠠᠭᠳᠠᠨ ᠬᠢᠮᠤᠷᠠᠭᠤᠯᠬᠤ ᠦᠭᠡᠢ ᠪᠠᠢᠯᠭᠠᠵᠤ ᠴᠢᠳᠠᠭᠰᠠᠨ ᠢ᠋ᠶ᠋ᠠᠷ ᠥᠨᠥᠳᠥᠷ ᠲᠦ᠍ ᠬᠦᠷᠲᠡᠯ᠎ᠡ ᠪᠢᠳᠡ ᠴᠢᠨᠢ ᠮᠠᠯᠴᠢᠨ ᠮᠣᠩᠭᠣᠯᠴᠤᠳ ᠬᠡᠪ ᠢ᠋ᠶ᠋ᠡᠷ ᠢ᠋ᠶ᠋ᠡᠨ ᠶᠠᠪᠤᠯ᠎ᠠ ᠰᠢᠦ᠃ ᠤᠤᠭᠠᠯ ᠠᠵᠤ ᠠᠬᠤᠢ ᠶ᠋ᠢᠨ ᠬᠡᠯᠪᠡᠷᠢ ᠪᠡᠨ ᠠᠯᠳᠠᠴᠢᠬᠠᠭ᠎ᠠ ᠯᠠ ᠦᠭᠡᠢ ᠬᠥᠭᠵᠢᠭᠦᠯᠵᠦ᠂ ᠰᠣᠶᠣᠯ ᠲᠡᠦᠬᠡ ᠶ᠋ᠢᠨ ᠭᠠᠯ ᠢ᠋ ᠮᠠᠨᠠᠴᠢᠬᠠᠭ᠎ᠠ ᠯᠠ ᠦᠭᠡᠢ ᠳᠡᠭᠵᠢᠭᠦᠯᠵᠦ ᠶᠠᠪᠤᠬᠤ ᠪᠦᠬᠦ ᠪᠣᠯᠤᠮᠵᠢ ᠶ᠋ᠢ ᠬᠠᠩᠭᠠᠵᠤ᠂ ᠳᠡᠯᠡᠬᠡᠢ ᠶ᠋ᠢᠨ ᠲᠦᠮᠡᠨ ᠦᠨᠳᠦᠰᠦᠲᠡᠨ ᠡᠴᠡ ᠥᠪᠡᠷᠮᠢᠴᠡ ᠣᠨᠴᠠᠯᠢᠬᠲᠠᠬᠤ ᠳᠠᠷᠬᠠᠨ ᠥᠪ ᠢ᠋ᠶ᠋ᠡᠨ ᠦᠷ᠎ᠡ ᠬᠣᠢᠴᠢᠰ ᠲᠠᠭᠠᠨ ᠤᠯᠠᠮᠵᠢᠯᠠᠵᠤ ᠴᠢᠳᠠᠬᠤ ᠵᠤᠵᠠᠭᠠᠨ ᠪᠤᠶᠠᠨ᠂ ᠬᠣᠪᠣᠷᠬᠠᠨ ᠠᠵᠠ ᠶ᠋ᠢ ᠨᠡᠭᠦᠳᠡᠯ ᠥᠭᠭᠦᠭᠰᠡᠨ ᠶᠦᠮ᠃
      《ᠤᠷᠤᠰᠬᠠᠯ ᠤᠰᠤ ᠦᠮᠡᠬᠡᠢᠷᠡᠬᠦ ᠦᠭᠡᠢ᠂ ᠤᠭᠯᠤᠷᠭ᠎ᠠ ᠮᠣᠳᠣ ᠬᠣᠷᠤᠬᠠᠢᠳᠠᠬᠤ ᠦᠭᠡᠢ》 ᠭᠡᠰᠡᠨ ᠮᠣᠩᠭᠣᠯ ᠦᠭᠡ ᠪᠠᠢᠳᠠᠭ ᠨᠢ ᠪᠣᠳᠠᠰ ᠶᠠᠭᠤᠮ᠎ᠠ ᠶ᠋ᠢᠨ ᠲᠠᠰᠤᠷᠠᠯᠲᠠ ᠦᠭᠡᠢ ᠬᠥᠳᠡᠯᠭᠡᠭᠡᠨ ᠨᠢ ᠲᠡᠭᠦᠨ ᠦ᠌ ᠰᠢᠨ᠎ᠡ ᠰᠣᠷᠭᠣᠭ ᠴᠢᠨᠠᠷ ᠢ᠋ ᠪᠠᠲᠤᠯᠠᠨ ᠬᠠᠮᠠᠭᠠᠯᠠᠬᠤ ᠳ᠋ᠤ᠌ ᠬᠢᠷᠢ ᠵᠡᠷᠭᠡ ᠴᠢᠬᠤᠯᠠ ᠶ᠋ᠢ ᠵᠢᠭᠠᠭᠰᠠᠨ ᠰᠤᠷᠭᠠᠯ ᠠᠵᠠᠢ᠃ ᠡᠭᠦᠨ ᠲᠡᠢ ᠠᠳᠠᠯᠢ ᠪᠠᠷ ᠨᠡᠭᠦᠳᠡᠯ ᠦ᠋ᠨ ᠵᠢᠮ᠎ᠡ ᠶᠣᠰᠣᠴᠢ ᠬᠥᠳᠡᠯᠭᠡᠭᠡᠨ ᠨᠢ ᠪᠠᠢᠭᠠᠯᠢ ᠠᠬᠤᠢ ᠶ᠋ᠢᠨ ᠲᠣᠭᠲᠠᠯᠴᠠᠭ᠎ᠠ ᠂ ᠮᠠᠯ ᠪᠡᠯᠴᠢᠭᠡᠷ ᠵᠣᠬᠢᠴᠠᠯ᠂ ᠮᠠᠯ ᠠᠵᠤ ᠠᠬᠤᠢ ᠶ᠋ᠢᠨ ᠬᠥᠭᠵᠢᠯ ᠳ᠋ᠦ᠍ ᠤᠷᠲᠤ ᠶ᠋ᠢᠨ ᠪᠣᠯᠤᠮᠵᠢ ᠬᠠᠢᠷᠠᠯᠠᠵᠤ ᠪᠠᠢᠭᠰᠠᠨ ᠢ᠋ ᠦᠭᠡᠢᠰᠬᠡᠬᠦ ᠭᠠᠭᠴᠠ ᠴᠤ ᠨᠥᠬᠥᠴᠡᠯ ᠪᠢᠳᠡᠨ ᠳ᠋ᠦ᠍ ᠦᠭᠡᠢ᠃
      ᠭᠡᠪᠡᠴᠦ᠂ ᠮᠣᠩᠭᠣᠯ ᠤ᠋ᠨ ᠡᠵᠡᠨᠲᠦ ᠭᠦᠷᠦᠨ ᠳᠣᠷᠣᠢᠲᠠᠭᠰᠠᠨ ᠠ᠋ᠴᠠ ᠰᠡᠭᠦᠯᠡᠷ᠂ ᠮᠢᠩ ᠴᠢᠩ ᠤᠯᠤᠰ ᠤ᠋ᠨ ᠬᠠᠲᠠᠭᠤ ᠵᠥᠭᠡᠯᠡᠨ ᠢ᠋ ᠬᠣᠣᠰᠯᠠᠭᠤᠯᠤᠭᠰᠠᠨ ᠬᠠᠷᠭᠢᠰ ᠲᠥᠷᠥ ᠶ᠋ᠢᠨ ᠪᠣᠳᠣᠯᠭ᠎ᠠ᠂ ᠤᠮᠠᠷᠠᠲᠤ ᠶ᠋ᠢᠨ ᠴᠡᠷᠢᠭ ᠦ᠋ᠨ ᠡᠷᠬᠡᠲᠡᠨ᠂ ᠭᠣᠮᠢᠨᠳᠠᠩ ᠤ᠋ᠨ ᠲᠡᠷᠰᠯᠡᠭᠦᠦ ᠨᠣᠶᠠᠷᠬᠠᠯ ᠤ᠋ᠨ ᠳᠣᠣᠷ᠎ᠠ ᠮᠠᠯ ᠠᠵᠤ ᠠᠬᠤᠢ ᠨᠢ ᠨᠡᠭᠦᠳᠡᠯ ᠦ᠋ᠨ ᠪᠣᠯᠤᠮᠵᠢ ᠪᠠᠨ ᠨᠢᠭᠡ ᠬᠡᠮᠵᠢᠶ᠎ᠡ ᠪᠡᠷ ᠠᠯᠳᠠᠵᠤ᠂ ᠭᠠᠳᠠᠭᠠᠳᠤ ᠬᠠᠷᠢᠯᠴᠠᠭ᠎ᠠ᠂ ᠠᠷᠠᠯᠵᠢᠶ᠎ᠠ ᠬᠤᠳᠠᠯᠳᠤᠭᠠᠨ  ᠤ᠋ ᠨᠥᠬᠥᠴᠡᠯ ᠡᠪᠳᠡᠭᠳᠡᠭᠰᠡᠨ ᠦ᠌ ᠳᠡᠭᠡᠷ᠎ᠡ ᠠᠲᠠᠷ ᠬᠠᠭᠠᠯᠪᠤᠷᠢᠯᠠᠯᠲᠠ᠂ ᠲᠦᠷᠢᠨ ᠡᠵᠡᠯᠡᠯᠲᠡ ᠡᠴᠡ ᠪᠣᠯᠵᠤ᠂ ᠪᠡᠯᠴᠢᠭᠡᠷ ᠤᠰᠤᠨ ᠤ᠋ ᠪᠠᠨ ᠰᠢᠮ᠎ᠡ ᠪᠡᠷ ᠵᠦᠢᠲᠡᠢ ᠠᠰᠢᠭᠯᠠᠨ ᠡᠳ᠋ᠯᠡᠬᠦ ᠠᠷᠭ᠎ᠠ ᠴᠠᠷᠭ᠎ᠠ ᠠᠯᠳᠠᠭᠳᠠᠵᠠᠢ᠃ ᠪᠠᠢᠭᠠᠯᠢ ᠶ᠋ᠢᠨ ᠵᠢᠮ᠎ᠡ ᠶᠣᠰᠣᠨ ᠪᠦᠷᠢᠮᠦᠰᠦᠨ ᠲᠡᠷᠰᠯᠡᠭᠰᠡᠨ ᠨᠡᠭᠡᠭᠡᠨ ᠠᠰᠢᠭᠯᠠᠯᠲᠠ᠂ ᠡᠪᠳᠡᠯᠡᠭᠡ ᠲᠠᠯᠬᠢᠯ᠂ ᠲᠥᠰᠥᠪ ᠲᠥᠯᠥᠪᠯᠡᠯᠭᠡ ᠦᠭᠡᠢ ᠬᠡᠷᠡᠭᠯᠡᠯᠲᠡ᠂ ᠬᠥᠮᠦᠨ ᠬᠠᠷ᠎ᠠ ᠶ᠋ᠢᠨ ᠣᠯᠠᠰᠢᠷᠠᠯᠲᠠ ᠠ᠋ᠴᠠ ᠰᠢᠯᠲᠠᠭᠠᠯᠠᠨ ᠠᠯᠠᠭᠠᠨ ᠬᠢᠷᠢ ᠭᠠᠵᠠᠷ ᠲᠠᠭᠠᠨ ᠠᠲᠤᠷᠢᠨ ᠬᠣᠷᠭᠣᠳᠠᠭᠰᠠᠨ ᠮᠣᠩᠭᠣᠯᠴᠤᠳ ᠤ᠋ᠨ ᠨᠡᠭᠦᠳᠡᠯ ᠦ᠋ᠨ ᠲᠣᠭᠲᠠᠯᠴᠠᠭ᠎ᠠ ᠰᠤᠢᠷᠠᠨ ᠪᠠᠢᠭᠠᠯᠢ ᠶ᠋ᠢᠨ ᠵᠢᠮ᠎ᠡ ᠶᠣᠰᠣᠨ ᠠ᠋ᠴᠠ ᠰᠥᠷᠦᠭᠰᠡᠨ ᠮᠠᠯᠵᠢᠯ ᠤ᠋ᠨ ᠠᠷᠭ᠎ᠠ ᠪᠠᠷᠢᠯ ᠳ᠋ᠤ᠌ ᠤᠶᠠᠭᠳᠠᠵᠠᠢ᠃ ᠡᠢᠨ ᠬᠦ᠌ ᠡᠯᠡᠰᠦ ᠨᠡᠭᠦᠳᠡᠯᠯᠡᠵᠦ ᠡᠬᠢᠯᠡᠯ᠎ᠡ᠃
      ᠨᠢᠭᠡᠨᠲᠡ ᠡᠯᠡᠰᠦᠷᠬᠡᠭᠵᠢᠨ ᠲᠠᠴᠢᠷᠳᠠᠭᠰᠠᠨ ᠪᠠᠢᠭᠠᠯᠢ ᠪᠡᠯᠴᠢᠭᠡᠷ ᠢ᠋ᠶ᠋ᠡᠨ ᠶᠠᠭᠠᠬᠢᠵᠤ ᠠᠮᠢᠯᠠᠭᠤᠯᠤᠨ ᠰᠡᠷᠭᠦᠭᠡᠬᠦ ᠲᠤᠬᠠᠢ ᠡᠳᠦᠭᠡ ᠶ᠋ᠢᠨ ᠬᠥᠮᠦᠰ ᠬᠠᠷ᠎ᠠ ᠲᠣᠯᠣᠭᠠᠢ ᠪᠠᠨ ᠬᠠᠭᠠᠷᠠᠲᠠᠯ᠎ᠠ ᠪᠣᠳᠣᠭᠠᠳ ᠴᠤ ᠲᠣᠬᠢᠲᠠᠢ ᠠᠷᠭ᠎ᠠ ᠣᠯᠤᠭ᠎ᠠ ᠦᠭᠡᠢ ᠪᠥᠭᠡᠳ ᠠᠯᠳᠠᠭᠰᠠᠨ ᠨᠠᠨᠳᠢᠨ ᠵᠦᠢᠯ ᠦ᠋ᠨ ᠢ᠋ᠶ᠋ᠡᠨ ᠠᠷᠤ ᠠ᠋ᠴᠠ ᠠᠮᠠ ᠪᠠᠨ ᠪᠠᠷᠢᠨ ᠭᠠᠰᠢᠭᠤᠳᠠᠬᠤ ᠶ᠋ᠢᠨ ᠡᠷᠬᠡᠨ ᠳ᠋ᠦ᠍ ᠨᠡᠭᠦᠳᠡᠯ ᠮᠠᠯᠵᠢᠯ ᠤ᠋ᠨ ᠭᠠᠢᠬᠠᠮᠰᠢᠭ ᠢ᠋ ᠰᠡᠳᠬᠢᠯ ᠳ᠋ᠡᠭᠡᠨ ᠪᠢᠲᠡᠭᠦᠦ ᠤᠬᠠᠮᠰᠠᠷᠠᠨ ᠭᠠᠢᠬᠠᠬᠤ ᠠᠪᠠᠴᠤ《ᠪᠤᠷᠤᠭᠤ ᠵᠠᠮ ᠢ᠋ᠶ᠋ᠠᠷ ᠪᠤᠳᠠᠭ᠎ᠠ ᠲᠡᠭᠡᠭᠡᠵᠦ᠂ ᠪᠤᠴᠠᠬᠤ ᠵᠠᠮ ᠳ᠋ᠠᠭᠠᠨ ᠰᠢᠷᠣᠢ ᠲᠡᠭᠡᠭᠡᠭᠰᠡᠨ》ᠤᠴᠢᠷ ᠪᠣᠯᠤᠭᠠᠳ ᠯᠠ ᠬᠠᠷᠠᠮᠰᠠᠯ ᠢ᠋ᠶ᠋ᠠᠨ ᠲᠡᠪᠡᠷᠢᠨ ᠬᠣᠴᠣᠷᠴᠠᠢ᠃ ᠪᠡᠯᠴᠢᠭᠡᠷ ᠰᠡᠯᠭᠦᠵᠦ ᠮᠠᠯᠵᠢᠬᠤ᠂ ᠬᠠᠰᠢᠶᠠᠯᠠᠵᠤ ᠮᠠᠯᠵᠢᠬᠤ ᠨᠢ ᠴᠦ᠍ ᠠᠷᠭ᠎ᠠ ᠪᠠᠨ ᠪᠠᠷᠠᠵᠤ᠂ ᠰᠢᠷᠬ᠎ᠠ ᠪᠠᠨ ᠳᠣᠯᠢᠶᠠᠬᠤ ᠳ᠋ᠠᠭᠠᠨ ᠨᠡᠭᠦᠳᠡᠯ ᠮᠠᠯᠵᠢᠯ ᠤ᠋ᠨ ᠲᠤᠷᠰᠢᠯᠭ᠎ᠠ ᠠ᠋ᠴᠠ ᠬᠡᠯᠲᠡᠯᠦᠨ ᠠᠪᠤᠭᠰᠠᠨ ᠤᠬᠠᠭᠠᠨ ᠪᠠᠢᠪᠠ᠃ ᠤᠤᠯ ᠨᠢ ᠵᠢᠯ ᠦ᠋ᠨ ᠳᠥᠷᠪᠡᠨ ᠤᠯᠠᠷᠢᠯ ᠳ᠋ᠤ᠌ ᠪᠡᠯᠴᠢᠭᠡᠷ ᠤᠰᠤ ᠪᠠᠨ ᠮᠠᠯ ᠪᠦᠷᠢ ᠶ᠋ᠢᠨ ᠣᠨᠴᠠᠯᠢᠭ ᠲᠤ ᠲᠣᠬᠢᠷᠠᠭᠤᠯᠤᠨ ᠲᠣᠬᠢᠲᠠᠢ ᠠᠰᠢᠭᠯᠠᠨ ᠬᠡᠷᠡᠭᠯᠡᠵᠦ ᠪᠠᠢᠭᠰᠠᠨ ᠪᠣᠯ ᠨᠡᠭᠦᠳᠡᠯ ᠦ᠋ᠨ ᠨᠥᠬᠥᠴᠡᠯ ᠠᠯᠳᠠᠭᠳᠠᠭᠰᠠᠨ ᠥᠨᠥᠳᠥᠷ ᠬᠡᠮᠵᠢᠶ᠎ᠡ ᠲᠡᠢ ᠬᠤᠪᠢᠳᠠᠭᠰᠠᠨ ᠪᠡᠯᠴᠢᠭᠡᠷ ᠢ᠋ᠶ᠋ᠡᠨ ᠬᠡᠳᠦᠨ ᠬᠡᠰᠡᠭ ᠲᠣᠣᠷᠯᠠᠴᠢᠬᠠᠭᠠᠳ᠂ ᠡᠨᠡ ᠬᠦᠷᠢᠶᠡᠨ ᠡᠴᠡ ᠲᠡᠷᠡ ᠬᠦᠷᠢᠶᠡᠨ ᠳ᠋ᠦ᠍᠂ ᠲᠡᠷᠡ ᠬᠦᠷᠢᠶᠡᠨ ᠡᠴᠡ ᠨᠥᠭᠦᠭᠡ ᠬᠠᠰᠢᠶᠠᠨ ᠳ᠋ᠤ᠌ ᠭᠡᠬᠦᠴᠢᠯᠡᠨ ᠡᠨᠳᠡᠭᠡᠨᠡᠵᠦ ᠳᠡᠨᠳᠡᠭᠡᠨᠡᠵᠦ ᠠᠷᠭᠠᠴᠠᠬᠤ ᠪᠠᠨ ᠰᠢᠨᠵᠢᠯᠡᠬᠦ ᠤᠬᠠᠭᠠᠨᠴᠢ ᠭᠡᠵᠦ ᠳ᠋ᠦᠩ ᠲᠠᠯᠪᠢᠯ᠎ᠠ᠃ ᠡᠪᠳᠡᠭᠰᠡᠨ ᠢ᠋ᠶ᠋ᠡᠨ ᠵᠠᠰᠠᠵᠤ᠂ ᠡᠯᠡᠰᠦᠨ ᠡᠴᠡ ᠵᠠᠢᠯᠠᠵᠤ᠂ ᠪᠠᠢᠭᠠᠯᠢ ᠳ᠋ᠠᠭᠠᠨ ᠢᠳᠡᠭᠡᠰᠢᠭᠰᠡᠨ ᠮᠠᠯ ᠢ᠋ ᠬᠠᠰᠢᠶᠠᠨ ᠳ᠋ᠤ᠌ ᠬᠣᠷᠢᠵᠤ ᠭᠠᠬᠠᠢ ᠰᠢᠭ᠋ ᠪᠣᠷᠳᠣᠵᠤ ᠲᠡᠵᠢᠭᠡᠬᠦ ᠪᠡᠨ ᠪᠡᠯᠴᠢᠭᠡᠷ ᠢ᠋ ᠬᠠᠮᠠᠭᠠᠯᠠᠵᠤ ᠪᠠᠢᠨ᠎ᠠ᠂ ᠪᠦᠲᠦᠭᠡᠨ ᠪᠠᠢᠭᠤᠯᠵᠤ ᠪᠠᠢᠨ᠎ᠠ ᠭᠡᠳᠡᠭ ᠪᠣᠯᠵᠤ ᠤᠯᠠᠮᠵᠢᠯᠠᠯᠲᠤ ᠮᠠᠯᠵᠢᠯ ᠤ᠋ᠨ ᠰᠣᠶᠣᠯ ᠵᠦᠢ ᠶ᠋ᠢ ᠪᠠᠯᠠᠷ ᠬᠣᠴᠣᠷᠤᠩᠭᠤᠢ ᠭᠡᠵᠦ ᠰᠠᠨᠠᠭᠠᠴᠢᠯᠠᠯ᠎ᠠ᠃ ᠡᠨᠡ ᠪᠣᠯ ᠨᠡᠭᠦᠳᠡᠯ ᠦ᠋ᠨ ᠭᠤᠨᠢᠭᠲᠠᠢ ᠬᠤᠪᠢᠷᠠᠯ᠃ ᠵᠢᠩᠬᠢᠨᠢ ᠠᠮᠢ ᠠᠬᠤᠢ ᠶ᠋ᠢᠨ ᠮᠠᠯ ᠠᠵᠤ ᠠᠬᠤᠢ ᠨᠢ ᠨᠡᠭᠦᠳᠡᠯ ᠦ᠋ᠨ ᠮᠠᠯ ᠠᠵᠤ ᠠᠬᠤᠢ ᠭᠡᠳᠡᠭ ᠢ᠋ ᠪᠠᠲᠤᠯᠠᠨ ᠨᠤᠲᠠᠯᠠᠬᠤ ᠪᠠᠷᠢᠮᠲᠠ ᠣᠯᠠᠨ ᠪᠠᠢᠬᠤ ᠳ᠋ᠤ᠌ ᠡᠨᠡ ᠪᠦᠬᠦᠨ ᠳ᠋ᠦ᠍ ᠵᠥᠪ ᠳ᠋ᠦᠩ᠂ ᠵᠦᠢᠲᠡᠢ ᠦᠨᠡᠯᠡᠯᠲᠡ ᠥᠭᠬᠦ ᠪᠡᠨ ᠪᠢᠳᠡ ᠶᠠᠭᠠᠬᠢᠭ᠎ᠠ ᠪᠣᠢ?
      ᠡᠯᠡᠰᠦ ᠨᠡᠭᠦᠳᠡᠯᠯᠡᠨ ᠨᠣᠭᠣᠭᠠᠨ ᠲᠠᠯ᠎ᠠ ᠪᠠᠨ ᠠᠮᠢᠨᠴᠢᠯᠠᠨ ᠬᠤᠴᠢᠬᠤ ᠳ᠋ᠤ᠌ ᠠᠷᠭ᠎ᠠ ᠪᠠᠨ ᠪᠠᠷᠠᠭᠰᠠᠨ ᠬᠥᠮᠦᠰ ᠡᠨᠳᠡ ᠡᠴᠡ ᠲᠡᠨᠳᠡ ᠨᠡᠭᠦᠳᠡᠯᠯᠡᠵᠦ ᠰᠠᠭᠤᠷᠢᠰᠢᠨ᠎ᠠ᠃ ᠲᠡᠨᠳᠡᠬᠢ ᠨᠢ ᠪᠣᠯᠬᠤ ᠦᠭᠡᠢ ᠪᠣᠯ ᠵᠠᠯᠭᠠᠭᠠᠳ ᠪᠠᠭ᠎ᠠ ᠰᠢᠯᠵᠢᠨ᠎ᠡ᠃ ᠠᠮᠢ ᠠᠬᠤᠢ ᠶ᠋ᠢᠨ ᠭᠠᠴᠢᠭᠳᠠᠯᠲᠤ ᠠᠷᠠᠳ ᠪᠣᠯᠤᠭᠰᠠᠨ ᠮᠣᠩᠭᠣᠯᠴᠤᠳ20 ᠳ᠋ᠤᠭᠠᠷ ᠵᠠᠭᠤᠨ ᠤ᠋ ᠰᠢᠪᠲᠤᠷᠠᠭᠠᠨ ᠳ᠋ᠤ᠌ ᠥᠩ ᠰᠢᠮᠡᠯᠢᠭ ᠪᠡᠯᠴᠢᠭᠡᠷ ᠨᠤᠲᠤᠭ ᠠ᠋ᠴᠠ ᠪᠠᠨ ᠠᠷᠭ᠎ᠠ ᠪᠤᠰᠤ ᠨᠡᠭᠦᠳᠡᠯᠯᠡᠵᠦ ᠲᠠᠴᠢᠷᠬᠠᠨ ᠨᠤᠲᠤᠭ ᠲᠤ ᠨᠡᠭᠦᠵᠡᠭᠡᠭᠰᠡᠨ ᠨᠢ ᠲᠡᠷᠡ ᠬᠦ᠌ ᠥᠩ ᠲᠡᠢ ᠨᠤᠲᠤᠭ ᠢ᠋ ᠬᠠᠮᠠᠭᠠᠯᠠᠬᠤ ᠵᠣᠷᠢᠭᠤᠯᠤᠯᠲᠠ ᠲᠠᠢ ᠭᠡᠳᠡᠭ ᠴᠤ ᠨᠢᠭᠡᠨᠲᠡ ᠮᠠᠭᠤᠵᠢᠷᠠᠭᠰᠠᠨ ᠭᠠᠵᠠᠷ ᠲᠤ ᠣᠯᠠᠨ ᠬᠥᠮᠦᠨ ᠰᠠᠭᠤᠷᠢᠰᠢᠭᠰᠠᠨ ᠢ᠋ᠶ᠋ᠠᠷ ᠪᠦᠷ ᠬᠤᠪᠠᠬᠠᠢᠷᠠᠲᠠᠯ᠎ᠠ ᠮᠥᠯᠵᠢᠵᠦ ᠪᠠᠢᠭ᠎ᠠ ᠨᠢ ᠡᠴᠦᠰ ᠲᠡᠭᠡᠨ ᠠᠮᠢ ᠠᠬᠤᠢ ᠶ᠋ᠢᠨ ᠲᠣᠭᠲᠠᠯᠴᠠᠭ᠎ᠠ ᠳ᠋ᠤ᠌ ᠠᠰᠢᠭᠲᠠᠢ ᠪᠢᠰᠢ ᠯᠡ ᠳᠡ᠃ ᠮᠠᠯ ᠪᠡᠯᠴᠢᠭᠡᠷ ᠦ᠋ᠨ ᠵᠥᠷᠢᠴᠡᠯ ᠢ᠋ ᠨᠡᠭᠦᠳᠡᠯ ᠢ᠋ᠶ᠋ᠡᠷ ᠰᠢᠢᠳᠪᠦᠷᠢᠯᠡᠨ ᠴᠢᠳᠠᠵᠤ ᠪᠠᠢᠭᠰᠠᠨ ᠮᠣᠩᠭᠣᠯᠴᠤᠳ ᠤ᠋ᠨ ᠦᠨᠡᠲᠦ ᠦᠢᠯᠡᠳᠦᠯᠭᠡ ᠭᠢᠯᠠᠯᠵᠠᠭᠰᠠᠨ ᠲᠡᠦᠬᠡ ᠲᠡᠢ ᠪᠡᠨ ᠳᠤᠷᠠᠳᠬᠠᠯ ᠪᠣᠯᠤᠨ ᠦᠯᠡᠳᠡᠵᠡᠢ᠃ ᠡᠯᠡᠰᠦ ᠨᠡᠭᠦᠳᠡᠯᠯᠡᠨ᠂ ᠡᠯᠡᠰᠦᠨ ᠳ᠋ᠦ᠍ ᠰᠢᠬᠠᠭᠳᠠᠭᠰᠠᠨ ᠬᠥᠮᠦᠰ ᠴᠦ᠍ ᠨᠡᠭᠦᠭᠰᠡᠭᠡᠷ᠃ ᠬᠠᠷᠢᠨ ᠭᠠᠵᠠᠷ ᠳᠡᠯᠡᠬᠡᠢ ᠳᠡᠭᠡᠷ᠎ᠡ ᠭᠠᠭᠴᠠ ᠴᠤ ᠨᠣᠭᠣᠭᠠᠨ ᠤᠷᠭᠤᠮᠠᠯ ᠦᠭᠡᠢ ᠪᠣᠯᠤᠭᠰᠠᠨ ᠴᠠᠭ ᠲᠤ ᠪᠢᠳᠡ ᠬᠠᠮᠢᠭᠠᠰᠢ ᠪᠠᠨ ᠨᠡᠭᠦᠳᠡᠭ ᠪᠢᠯᠡ?
      ᠰᠣᠨᠣᠰᠬᠤ ᠳ᠋ᠤ᠌ ᠳᠡᠯᠡᠬᠡᠢ ᠶ᠋ᠢᠨ ᠪᠥᠮᠪᠥᠷᠴᠡᠭ ᠲᠦ᠍ ᠬᠥᠮᠦᠨ ᠠᠮᠠ ᠠᠷᠪᠢᠳᠴᠤ᠂ ᠳᠠᠭᠠᠭᠠᠴᠠ ᠠᠬᠠᠳᠠᠵᠤ᠂ ᠬᠥᠭᠵᠢᠯᠲᠡ ᠳ᠋ᠦ᠍ ᠣᠯᠠᠨ ᠲᠠᠯ᠎ᠠ ᠶ᠋ᠢᠨ ᠲᠣᠳᠬᠠᠷ ᠠᠪᠴᠢᠷᠠᠬᠤ ᠪᠥᠭᠡᠳ ᠠᠮᠢ ᠠᠬᠤᠢ ᠶ᠋ᠢᠨ ᠲᠡᠩᠴᠡᠭᠦᠷᠢ ᠤᠯᠠᠮ ᠢ᠋ᠶ᠋ᠠᠷ ᠡᠪᠳᠡᠭᠳᠡᠨ᠂ ᠲᠦᠷᠭᠡᠨ ᠰᠠᠢᠵᠢᠷᠠᠭᠤᠯᠵᠤ ᠠᠪᠤᠷᠠᠬᠤ ᠦᠭᠡᠢ ᠪᠣᠯ ᠣᠷᠣᠩᠨᠠᠨ ᠠᠮᠢᠳᠤᠷᠠᠬᠤ ᠨᠥᠬᠥᠴᠡᠯ ᠢᠷᠡᠭᠡᠳᠦᠢ ᠳ᠋ᠦ᠍ ᠤᠯᠠᠮ ᠳᠣᠣᠷᠠᠳᠠᠨ᠎ᠠ ᠭᠡᠵᠦ ᠪᠠᠢᠨ᠎ᠠ᠃ ᠡᠭᠦᠨ ᠢ᠋ ᠰᠢᠢᠳᠪᠦᠷᠢᠯᠡᠬᠦ ᠶ᠋ᠢᠨ ᠲᠥᠯᠥᠭᠡ ᠵᠠᠷᠢᠮ ᠬᠥᠭᠵᠢᠭᠰᠡᠨ ᠤᠯᠤᠰ ᠠᠩᠭᠠᠷᠠᠭ ᠲᠤ ᠨᠡᠭᠦᠳᠡᠯᠯᠡᠬᠦ ᠲᠥᠯᠥᠪᠯᠡᠯᠭᠡ ᠰᠡᠳᠦᠵᠦ ᠪᠠᠢᠨ᠎ᠠ ᠭᠡᠨ᠎ᠡ᠃ ᠢᠩᠭᠢᠪᠡᠯ ᠴᠤ ᠬᠥᠮᠦᠨ ᠲᠥᠷᠥᠯᠬᠢᠲᠡᠨ ᠦ᠌《ᠠᠭᠤᠤ ᠶᠡᠬᠡ ᠨᠡᠭᠦᠳᠡᠯ》ᠬᠦᠪᠦᠷᠡᠬᠦ ᠨᠢ ᠲᠡᠷᠡ᠃ ᠬᠣᠷᠸ᠎ᠠ ᠠᠭᠤᠳᠠᠮ ᠶᠤᠮ ᠳᠠ᠃ ᠭᠡᠲᠡᠯ᠎ᠡ᠂ ᠬᠡᠨ ᠴᠦ᠍᠂ ᠬᠡᠵᠢᠶ᠎ᠡ ᠴᠦ᠍ ᠭᠡᠰᠡᠨ ᠮᠣᠩᠭᠣᠯᠴᠤᠳ ᠰᠢᠭ᠋ ᠤᠬᠠᠭᠠᠨᠲᠠᠢ ᠨᠡᠭᠦᠳᠡᠯᠯᠡᠵᠦ ᠴᠢᠳᠠᠬᠤ ᠦᠭᠡᠢ ᠨᠢ ᠠ᠋!

    ᠦᠰᠦᠭ ᠠᠮᠢᠯᠠᠭᠤᠯᠤᠭᠴᠢ᠄ ᠨᠡᠭᠦᠳᠡᠯ ᠂ ᠰᠤᠳᠤᠯᠲᠤ ᠂ ᠤᠷᠠᠨᠴᠢᠮᠡᠭ 
    ᠬᠢᠨᠠᠭᠴᠢ ᠪᠠᠭᠰᠢ᠄ ᠰᠡᠬᠡᠭᠡᠷᠡᠯ ᠂ ᠣᠳᠬᠠᠨᠰᠣ᠎ᠠ