《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠵᠢᠷᠠᠨ ᠳᠥᠷᠪᠡᠳᠦᠭᠡᠷ ᠪᠦᠯᠦᠭ> "Хөх судар" он нөхвөр дэвтэр - Инжинаш <Жаран дөрөвдүгээр бүлэг> ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. 《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠵᠢᠷᠠᠨ ᠳᠥᠷᠪᠡᠳᠦᠭᠡᠷ ᠪᠦᠯᠦᠭ> "Хөх судар" он нөхвөр дэвтэр - Инжинаш <Жаран дөрөвдүгээр бүлэг>

《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠵᠢᠷᠠᠨ ᠳᠥᠷᠪᠡᠳᠦᠭᠡᠷ ᠪᠦᠯᠦᠭ> "Хөх судар" он нөхвөр дэвтэр - Инжинаш <Жаран дөрөвдүгээр бүлэг>

ᠠᠩᠭᠢᠯᠠᠯ:ᠲᠡᠦᠬᠡ ᠰᠣᠶᠣᠯ
2024-07-11

408

《ᠬᠥᠬᠡ ᠰᠤᠳᠤᠷ》 ᠤᠨ ᠨᠥᠬᠥᠪᠦᠷᠢ ᠲᠡᠪᠲᠡᠷ - ᠵᠢᠷᠠᠨ ᠳᠥᠷᠪᠡᠳᠦᠭᠡᠷ ᠪᠦᠯᠦᠭ


       ᠳᠤᠮᠳᠠᠳᠤ ᠠᠯᠲᠠᠨ ᠤᠯᠤᠰ ᠤ᠋ᠨ ᠵᠠᠩᠽᠥ᠋ᠩ ᠬᠠᠭᠠᠨ ᠤ᠋ ᠳᠠᠢ ᠾᠧ ᠬᠡᠮᠡᠬᠦ ᠶ᠋ᠢᠨ ᠳᠣᠯᠣᠳᠤᠭᠠᠷ ᠣᠨ᠂ ᠡᠮᠦᠨᠡᠲᠦ ᠰᠥᠩ ᠤᠯᠤᠰ ᠤ᠋ᠨ ᠨᠢᠩᠽᠥ᠋ᠩ ᠬᠠᠭᠠᠨ ᠤ᠋ ᠺᠠᠢ ᠰᠢ ᠬᠡᠮᠡᠬᠦ ᠶ᠋ᠢᠨ ᠭᠤᠷᠪᠠᠳᠤᠭᠠᠷ ᠣᠨ᠃  

                      ᠵᠢᠷᠠᠨ ᠳᠥᠷᠪᠡᠳᠦᠭᠡᠷ ᠪᠦᠯᠦᠭ  

         ᠶᠠᠩ ᠱᠢ ᠬᠤᠸᠠᠩᠬᠡᠦ ᠶ᠋ᠢᠨ ᠭᠡᠭᠡᠬᠡᠨ ᠢ᠋ᠶ᠋ᠡᠷ ᠰᠥᠩ ᠤᠯᠤᠰ ᠤ᠋ᠨ ᠬᠣᠶᠠᠷ ᠬᠤᠯᠠᠭᠠᠢ ᠶ᠋ᠢ ᠠᠷᠢᠯᠭᠠᠪᠠ
            ᠵᠣᠴᠢ ᠲᠠᠢᠽᠢ ᠶ᠋ᠢᠨ ᠥᠷᠥᠰᠢᠶᠡᠯ ᠢ᠋ᠶ᠋ᠡᠷ ᠤᠮᠠᠷ᠎ᠠ ᠲᠢᠪ ᠦ᠋ᠨ ᠣᠯᠠᠨ ᠠᠢᠮᠠᠭ ᠤ᠋ᠳ ᠢ᠋ ᠠᠮᠠᠷᠠᠭᠯᠠᠭᠤᠯᠪᠠ 
              ᠠᠰᠢᠳᠠ ᠰᠣᠨᠣᠰᠬᠤᠯ᠎ᠠ ᠭᠠᠩ ᠵᠦᠰᠡ ᠡᠮᠦᠨ᠎ᠡ ᠤᠮᠠᠷ᠎ᠠ ᠠᠳᠠᠯᠢ ᠦᠭᠡᠢ ᠪᠥᠭᠡᠲᠡᠯ᠎ᠡ 
              ᠠᠳᠠᠪᠠᠰᠢ ᠡᠨᠡ ᠵᠤᠨ ᠤ᠋ ᠭᠠᠩ ᠬᠠᠪᠰᠠᠷᠭᠠᠨ ᠠᠰᠤᠷᠤ ᠠᠭᠤᠳᠠᠮ ᠶᠡᠬᠡ ᠪᠣᠯᠵᠤᠬᠤᠢ᠃ 
              ᠠᠮᠢᠲᠠᠨ ᠪᠦᠬᠦᠨ ᠢ᠋ᠶ᠋ᠡᠷ ᠬᠡᠷᠬᠢᠨ ᠭᠤᠶᠤᠪᠠᠴᠤ ᠦᠯᠦ ᠣᠷᠣᠬᠤ ᠪᠣᠷᠣᠭᠠᠨ ᠬᠤᠷ᠎ᠠ ᠬᠠᠷᠢᠨᠴᠤ
              ᠠᠯᠲᠠᠨ ᠥᠩᠭᠡᠲᠦ ᠲᠡᠭᠷᠢ ᠶ᠋ᠢᠨ ᠦᠷ᠎ᠡ ᠠᠮᠠᠨ ᠨᠡᠭᠡᠭᠡᠮᠡᠭᠴᠡ ᠭᠱᠠᠨ ᠵᠠᠭᠤᠷ᠎ᠠ ᠳ᠋ᠤᠷ ᠬᠠᠩᠭᠠᠪᠠᠢ᠃

       ᠲᠡᠨᠳᠡᠴᠡ ᠲᠩᠷᠢ ᠶ᠋ᠢᠨ ᠪᠣᠱᠣᠭ ᠢ᠋ᠶ᠋ᠠᠷ ᠤᠯᠠᠷᠢᠯ ᠢ᠋ ᠨᠡᠭᠡᠭᠡᠭᠰᠡᠨ ᠪᠣᠭᠳᠠ ᠪᠠᠭᠠᠲᠤᠷ ᠱᠧᠩ ᠡᠦ ᠬᠤᠸᠠᠩᠳᠢ᠂ ᠡᠨᠡ ᠬᠦ᠌ ᠡᠷᠭᠢᠵᠦ ᠤᠷᠤᠰᠬᠤ᠂ ᠡᠷᠭᠢᠯ ᠤᠷᠤᠰᠬᠠᠯᠲᠤ ᠣᠯᠠᠨ ᠨᠠᠭᠤᠷ ᠤ᠋ᠨ ᠴᠡᠩᠭᠡᠯᠲᠦ ᠠᠷᠠᠯ ᠳ᠋ᠤᠷ ᠭᠤᠷᠪᠠᠨ ᠤᠳᠠᠭ᠎ᠠ ᠨᠢᠭᠡᠬᠡᠨ ᠠᠳᠠᠯᠢ ᠭᠤᠷᠪᠠᠨ ᠭᠠᠢᠬᠠᠮᠰᠢᠭ ᠵᠡᠭᠦᠳᠦᠨ ᠵᠡᠭᠦᠳᠦᠯᠡᠪᠡ ᠬᠡᠮᠡᠭᠴᠢ᠂ ᠡᠭᠡᠨᠡᠭᠲᠡ ᠶᠠᠮᠪᠠᠷ ᠵᠡᠭᠦᠳᠦᠨ ᠪᠣᠢ ? ᠬᠡᠮᠡᠪᠡᠰᠦ᠄ ᠮᠥᠨ ᠡᠨᠡ ᠣᠷᠣᠨ ᠣᠯᠠᠨ ᠨᠠᠭᠤᠷ ᠨᠢᠭᠡᠨ᠎ᠡ ᠨᠡᠢᠯᠡᠵᠦ᠂ ᠨᠡᠢᠲᠡ ᠶᠢᠰᠦᠨ ᠰᠠᠯᠪᠤᠷᠢ ᠪᠠᠷ ᠭᠢᠯᠪᠠᠯᠤᠨ ᠮᠡᠯᠮᠡᠯᠵᠡᠵᠦ ᠲᠡᠪᠡᠯᠬᠢᠯᠡᠨ ᠤᠷᠤᠰᠴᠤ ᠳᠠᠯᠠᠢ ᠮᠡᠲᠦ ᠨᠡᠯᠦᠢᠮ᠎ᠡ ᠶᠡᠬᠡ ᠤᠷᠤᠰᠬᠠᠯ ᠳ᠋ᠤᠷ ᠲᠥᠪ ᠳᠦᠭᠦᠷᠡᠩ ᠴᠠᠭᠠᠨ ᠯᠢᠩᠬᠤ᠎ᠠ ᠴᠡᠴᠡᠭ ᠶᠠᠭ ᠫᠢᠭ ᠳᠦᠭᠦᠷᠲᠡᠯ᠎ᠡ ᠳᠡᠯᠭᠡᠷᠡᠭᠡᠳ ᠦᠵᠦᠭᠦᠷ ᠬᠢᠵᠠᠭᠠᠷ ᠦᠭᠡᠢ᠃ ᠴᠡᠴᠡᠭ ᠪᠦᠷᠢ ᠶ᠋ᠢᠨ ᠭᠣᠣᠯ ᠳ᠋ᠤᠷ ᠴᠥᠮ ᠬᠠᠭᠠᠨ ᠤ᠋ ᠮᠣᠩᠭᠣᠯ ᠤᠯᠤᠰ ᠤ᠋ᠨ ᠶᠢᠰᠦᠨ ᠡᠩ ᠢ᠋ ᠢᠯᠭᠠᠭᠰᠠᠨ᠂ ᠶᠢᠰᠦᠨ ᠥᠩᠭᠡ ᠶ᠋ᠢᠨ ᠲᠡᠮᠳᠡᠭ ᠬᠢᠭᠢᠷᠢ ᠶ᠋ᠢ ᠳᠦᠭᠦᠷᠲᠡᠯ᠎ᠡ ᠬᠠᠳᠬᠤᠵᠤᠬᠤᠢ᠃ ᠴᠢᠩᠭᠢᠰ ᠬᠠᠭᠠᠨ ᠤ᠋ ᠪᠡᠶ᠎ᠡ ᠶᠢᠰᠦᠨ ᠤᠷᠤᠰᠬᠠᠯ ᠤ᠋ᠨ ᠤᠭ ᠡᠬᠢᠨ ᠦ᠌ ᠨᠢᠭᠡᠨ ᠶᠡᠬᠡ ᠭᠡᠭᠡᠬᠡᠨ ᠨᠠᠭᠤᠷ ᠲᠤᠷ ᠪᠡᠶ᠎ᠡ ᠣᠬᠢᠶᠠᠯᠠᠨ᠂ ᠮᠥᠨ ᠬᠦ᠌ ᠵᠠᠭᠤᠨ ᠴᠡᠴᠡᠭ ᠦ᠋ᠨ ᠤᠰᠤᠨ ᠳ᠋ᠤᠷ ᠵᠠᠯᠠᠷᠠᠨ ᠰᠠᠭᠤᠵᠤ ᠪᠣᠢ ᠭᠡᠮᠡᠨ ᠨᠢᠭᠡᠬᠡᠨ ᠠᠳᠠᠯᠢ ᠪᠠᠷ ᠭᠤᠷᠪᠠᠨ ᠤᠳᠠᠭ᠎ᠠ ᠵᠡᠭᠦᠳᠦᠯᠡᠭᠡᠳ ᠭᠤᠷᠪᠠᠨ ᠵᠡᠷᠭᠡ ᠬᠣᠨᠢᠨ ᠤ᠋ ᠳᠠᠯᠤ ᠶ᠋ᠢᠨ ᠲᠥᠯᠭᠡ ᠪᠡᠷ ᠦᠵᠡᠪᠡᠰᠦ᠂ ᠤᠯᠤᠰ ᠠᠢᠮᠠᠭ ᠤ᠋ᠨ ᠣᠯᠠᠨ ᠪᠦᠭᠦᠳᠡᠭᠡᠷ ᠦ᠋ᠨ ᠡᠪᠡᠳᠴᠢᠨ ᠲᠠᠬᠤᠯ᠂ ᠬᠢᠵᠢᠭ ᠵᠤᠳ ᠠᠷᠢᠭᠤᠲᠠᠨ ᠳᠡᠭᠳᠡᠬᠦᠢ ᠶ᠋ᠢᠨ ᠰᠠᠢᠨ ᠪᠡᠯᠭᠡ ᠭᠡᠮᠡᠨ ᠭᠤᠷᠪᠠᠭᠤᠯᠠ ᠮᠥᠨ ᠬᠦ᠌ ᠨᠢᠭᠡᠨ ᠠᠳᠠᠯᠢ ᠪᠠᠭᠤᠬᠤᠢ ᠳ᠋ᠤᠷ ᠬᠠᠭᠠᠨ ᠡᠵᠡᠨ ᠭᠠᠢᠬᠠᠵᠤ᠂ ᠡᠳᠦᠭᠡ ᠬᠢᠷᠢ ᠴᠡᠷᠢᠭ ᠦ᠋ᠨ ᠬᠦᠷᠢᠶ᠎ᠡ ᠳ᠋ᠦ᠍ᠷ ᠣᠭᠲᠣᠬᠠᠨ ᠴᠤ᠌ ᠡᠪᠡᠳᠴᠢᠨ ᠡᠮᠭᠡᠭ᠂ ᠬᠢᠵᠢᠭ ᠵᠠᠷ ᠦᠭᠡᠢ ᠳ᠋ᠦ᠍ᠷ ᠬᠠᠭᠠᠨ ᠡᠵᠡᠨ ᠣᠯᠠᠨ ᠰᠡᠴᠡᠳ ᠰᠠᠢᠳ ᠤ᠋ᠳ ᠲᠤᠷ ᠡᠨᠡ ᠭᠤᠷᠪᠠᠨ ᠵᠡᠭᠦᠳᠦᠨ ᠪᠠ ᠭᠤᠷᠪᠠᠨ ᠲᠥᠯᠭᠡ ᠶ᠋ᠢ ᠴᠥᠮ ᠨᠢᠭᠡᠨ ᠠᠳᠠᠯᠢ ᠶ᠋ᠢ ᠵᠠᠷᠯᠢᠭ ᠪᠠᠭᠤᠯᠭᠠᠨ᠂ ᠣᠯᠠᠨ ᠮᠡᠷᠭᠡᠳ ᠡᠷᠳᠡᠮᠲᠡᠳ ᠢ᠋ ᠡᠷᠢᠵᠦ᠂ ᠶᠠᠭᠤᠨ ᠤ᠋ ᠢᠷᠣ᠎ᠠ ᠪᠡᠯᠬᠡᠰ ᠢ᠋ ᠰᠢᠨᠵᠢᠯᠡᠭᠦᠯᠦᠨ ᠣᠨᠣᠯ ᠢ᠋ ᠣᠯᠵᠤ᠂ ᠤᠯᠠᠮᠵᠢᠯᠠᠨ ᠠᠢᠯᠠᠳᠬ᠎ᠠ ᠬᠡᠮᠡᠯᠦᠭᠡ᠃ ᠳᠠᠭᠠᠯᠳᠤᠭ᠎ᠠ ᠣᠷᠣᠰ ᠤᠯᠤᠰ ᠤ᠋ᠨ ᠡᠮᠦᠨ᠎ᠡ ᠵᠠᠬ᠎ᠠ ᠬᠢᠵᠠᠭᠠᠷ᠎ᠠ ᠢᠵᠢᠯ ᠮᠥᠷᠡᠨ᠂ ᠲᠣᠢᠨ ᠭᠣᠣᠯ᠂ ᠭᠡᠴᠦᠯ ᠭᠣᠣᠯ ᠳ᠋ᠤᠷ ᠴᠦᠯᠡᠭᠰᠡᠨ ᠠᠬᠠᠮᠠᠳ ᠲᠠᠢᠽᠢ ᠵᠣᠴᠢ ᠬᠦᠩ᠂ ᠲᠡᠷᠡ ᠵᠠᠬ᠎ᠠ ᠬᠡᠴᠡ ᠡᠴᠡ ᠡᠮᠦᠨᠡᠰᠢ ᠪᠠ ᠪᠠᠷᠠᠭᠤᠨᠰᠢ ᠣᠯᠠᠨ ᠵᠦᠢᠯ ᠦ᠋ᠨ ᠪᠠᠭ᠎ᠠ ᠪᠠᠭ᠎ᠠ ᠡᠷᠡᠮᠡᠭ ᠵᠡᠷᠯᠢᠭ ᠤᠯᠤᠰ ᠠᠢᠮᠠᠭ ᠤ᠋ᠳ ᠢ᠋ ᠳᠠᠭᠠᠭᠤᠯᠤᠨ ᠠᠪᠴᠤ᠂ ᠭᠠᠵᠠᠷ ᠠ᠋ᠴᠠ ᠭᠠᠷᠬᠤ ᠠᠩ ᠬᠦᠷᠦᠭᠡᠳ᠂ ᠠᠷᠢᠶᠠᠲᠠᠨ ᠵᠢᠭᠦᠷᠲᠡᠨ᠂ ᠮᠠᠯ ᠲᠡᠵᠢᠭᠡᠪᠦᠷᠢ ᠶ᠋ᠢᠨ ᠵᠦᠢᠯ ᠢ᠋ ᠪᠠᠷᠢᠷ᠎ᠠ ᠢᠷᠡᠵᠦ ᠣᠷᠣᠭᠤᠯᠵᠤ ᠠᠪᠤᠭᠰᠠᠨ ᠬᠣᠷᠢᠨ ᠲᠠᠪᠤᠨ ᠥᠪᠡᠷ᠎ᠡ ᠠᠢᠮᠠᠭ ᠲᠠᠨ ᠤ᠋ ᠪᠠᠶᠠᠷ ᠢ᠋ ᠵᠢᠨᠦᠩ ᠦ᠋ᠨ ᠭᠠᠵᠠᠷ ᠠ᠋ᠴᠠ ᠤᠯᠠᠮᠵᠢᠯᠠᠨ ᠠᠢᠯᠠᠳᠬᠠᠨ ᠢᠷᠡᠵᠦ᠂ ᠥᠪᠡᠷ᠎ᠡ ᠤᠯᠤᠰ ᠤ᠋ᠨ ᠬᠥᠮᠦᠨ ᠪᠠ ᠮᠠᠯ ᠤ᠋ᠨ ᠦᠷᠡᠵᠢᠯ᠂ ᠤᠷᠢᠳᠤ ᠠ᠋ᠴᠠ ᠢᠯᠡᠭᠦᠦ ᠬᠣᠶᠠᠷ ᠭᠤᠷᠪᠠᠨ ᠬᠤᠪᠢ ᠢᠯᠡᠭᠦᠳᠡᠭᠰᠡᠨ ᠲᠡᠢ  ᠬᠠᠮᠲᠤᠳᠬᠠᠨ ᠠᠢᠯᠠᠳᠬᠠᠵᠤ᠂ ᠤᠯᠤᠰ ᠤ᠋ᠨ ᠡᠮᠦᠨ᠎ᠡ ᠡᠴᠡ ᠭᠤᠷᠪᠠᠨ ᠶᠡᠬᠡᠰ ᠥᠲᠡᠭᠦᠰ᠂ ᠬᠠᠭᠠᠨ ᠡᠵᠡᠨ ᠢ᠋ ᠨᠡᠢᠰᠯᠡᠯ ᠦ᠋ᠨ ᠵᠢᠪᠬᠤᠯᠠᠩ ᠪᠠᠯᠭᠠᠰᠤᠨ᠎ᠠ ᠵᠠᠯᠠᠷ᠎ᠠ ᠢᠷᠡᠪᠡ᠃ ᠬᠠᠭᠠᠨ ᠡᠵᠡᠨ ᠬᠢᠷᠠᠭᠤ ᠤᠨᠠᠬᠤ ᠶ᠋ᠢ ᠬᠦᠯᠢᠶᠡᠨ᠂ ᠨᠡᠢᠰᠯᠡᠯ ᠪᠠᠯᠭᠠᠰᠤᠨ᠎ᠠ ᠵᠠᠯᠠᠷᠠᠨ ᠣᠷᠣᠬᠤ ᠪᠠᠷ ᠵᠠᠷᠯᠠᠨ ᠲᠣᠭᠲᠠᠭᠠᠪᠠ᠃ ᠡᠨᠡ ᠵᠠᠪᠰᠠᠷ ᠰᠣᠯᠢᠭᠤᠷᠬᠠᠯᠲᠤ ᠰᠥᠩ ᠤᠯᠤᠰ ᠤ᠋ᠨ ᠰᠣᠨᠢᠨ ᠴᠢᠬᠤᠯᠠ ᠬᠡᠷᠡᠭ ᠦᠢᠯᠡᠰ ᠢ᠋ ᠡᠨᠡ ᠵᠢᠯ ᠦ᠋ᠨ ᠯᠡ ᠰᠠᠷ᠎ᠠ ᠪᠣᠯᠲᠠᠯ᠎ᠠ ᠲᠣᠭᠠᠴᠢᠵᠤ ᠲᠣᠪᠴᠢᠯᠠᠨ ᠪᠦᠷᠢᠳᠬᠡᠵᠦ ᠲᠡᠭᠦᠰᠬᠡᠬᠦ ᠢᠨᠦ᠄ 
       ᠮᠥᠨ ᠨ᠋ᠨᠡ ᠶᠢᠰᠦᠨ ᠰᠡᠷᠡᠳᠡ᠂ ᠬᠠᠨ ᠲᠦᠸᠧ ᠵᠧᠦ ᠶ᠋ᠢᠨ ᠬᠠᠬᠢᠵᠤ ᠲᠠᠯᠪᠢᠭᠰᠠᠨ ᠮᠡᠳᠡᠭᠡᠨ ᠦ᠌ ᠬᠡᠯᠡᠯᠴᠡᠯᠭᠡ ᠶ᠋ᠢᠨ ᠰᠠᠢᠳ᠂ ᠼᠠᠨ ᠢ ᠭᠤᠸᠠᠨ ᠲᠦᠰᠢᠮᠡᠯ ᠹᠠᠩ ᠰᠢᠨ ᠿᠦ᠍ ᠶ᠋ᠢ ᠵᠠᠩ ᠶᠠᠨ ᠢ᠋ᠶ᠋ᠠᠷ ᠠᠯᠪᠠᠯᠠᠨ᠂ ᠠᠯᠲᠠᠨ ᠤᠯᠤᠰ ᠤ᠋ᠨ ᠬᠣᠣ ᠵᠧᠦ ᠳ᠋ᠦ᠍ᠷ ᠪᠠᠭᠤᠬᠤ᠂ ᠠᠯᠲᠠᠨ ᠤᠯᠤᠰ ᠤ᠋ᠨ ᠶᠡᠬᠡ ᠬᠠᠰᠢᠯᠭ᠎ᠠ ᠰᠠᠢᠳ ᠽᠢ ᠵᠸᠨ ᠦ᠌ ᠴᠡᠷᠢᠭ ᠦ᠋ᠨ ᠱᠤᠸᠠᠢ ᠹᠦ ᠶ᠋ᠢᠨ ᠬᠦᠷᠢᠶ᠎ᠡ ᠳ᠋ᠦ᠍ᠷ ᠢᠯᠡᠭᠡᠭᠰᠡᠨ᠎ᠡ᠂ ᠬᠠᠰᠢᠯᠭ᠎ᠠ ᠰᠠᠢᠳ ᠽᠢ ᠵᠧᠨ ᠭᠡᠨᠡᠳᠲᠡ ᠴᠢᠷᠠᠢ ᠬᠤᠪᠢᠯᠤᠨ᠂ ᠨᠢᠭᠡᠨᠲᠡ ᠵᠠᠩᠳᠠᠨ ᠹᠠᠩ ᠰᠢᠨ ᠿᠦ᠍ ᠶ᠋ᠢ ᠪᠠᠷᠢᠵᠤ ᠭᠢᠨᠳᠠᠨ ᠳ᠋ᠤᠷ ᠬᠤᠷᠢᠭᠤᠯᠤᠨ᠂ 《ᠨᠢᠳᠤᠨᠤᠨ ᠵᠢᠯ ᠨᠢᠭᠡᠨᠲᠡ ᠲᠠᠩᠭᠠᠷᠢᠭᠯᠠᠨ ᠳᠠᠭᠠᠭᠠᠳ ᠡᠨᠡ ᠵᠢᠯ ᠦ᠋ᠨ ᠬᠣᠶᠠᠷ ᠰᠡᠷᠡᠳᠡ ᠨᠢᠭᠡᠨᠲᠡ ᠮᠠᠨ ᠳ᠋ᠤᠷ ᠳᠠᠭᠠᠭᠰᠠᠨ ᠳᠠ ᠰᠠᠨ ᠭᠤᠸᠠᠨ ᠪᠣᠭᠣᠮᠲᠠ ᠶ᠋ᠢᠨ ᠭᠠᠳᠠᠨᠠᠬᠢ᠂ ᠳᠥᠷᠪᠡᠨ ᠵᠧᠦ ᠶ᠋ᠢ ᠳᠠᠬᠢᠨ ᠪᠤᠯᠢᠶᠠᠨ ᠴᠡᠷᠢᠭ ᠬᠥᠳᠡᠯᠦᠭᠰᠡᠨ ᠢᠨᠦ ᠶᠠᠭᠤᠨ ᠤ᠋ ᠤᠴᠢᠷ ?》ᠭᠡᠮᠡᠨ᠂ ᠵᠠᠭᠤᠨ ᠵᠦᠢᠯ ᠦ᠋ᠨ ᠵᠠᠷ ᠵᠡᠪᠰᠡᠭ᠂ ᠢᠷ ᠮᠡᠰᠡ᠂ ᠡᠷᠡᠭᠦᠦ ᠬᠣᠣᠷ᠂ ᠬᠡᠷᠴᠢᠬᠦ ᠲᠥᠭᠡᠨᠡᠬᠦ ᠪᠡᠷ ᠠᠶᠤᠯᠭᠠᠨ ᠰᠦᠷᠳᠡᠭᠦᠯᠵᠦ᠂ ᠪᠠᠰᠠ ᠢᠳᠡᠬᠦ ᠤᠤᠭᠤᠬᠤ ᠶ᠋ᠢ ᠲᠠᠰᠤᠯᠤᠨ ᠥᠯᠪᠡᠷᠬᠡᠨ ᠵᠣᠪᠠᠭᠠᠵᠤ᠂ 《 ᠪᠢᠳᠡᠨ ᠦ᠌ ᠤᠭ ᠠᠪᠤᠭᠰᠠᠨ ᠲᠠᠪᠤᠨ ᠵᠦᠢᠯ ᠂ ᠲᠡᠷᠢᠭᠦᠨ ᠳ᠋ᠦ᠍ᠷ ᠬᠤᠸᠠᠢ ᠳ᠋ᠦᠩ ᠬᠤᠸᠠᠢ ᠰᠢ ᠬᠣᠶᠠᠷ ᠮᠣᠵᠢ ᠶ᠋ᠢ ᠠᠪᠤᠮᠤᠢ᠃ ᠬᠣᠶᠠᠷ ᠲᠤᠷ ᠵᠢᠯ ᠪᠦᠷᠢ ᠬᠡᠳᠦᠢᠴᠢᠨᠡᠭᠡᠨ ᠲᠦᠮᠡᠨ ᠣᠷᠢᠶᠠᠳᠠᠰᠤ ᠲᠣᠷᠭᠠᠮᠰᠤᠭ ᠤ᠋ᠨ ᠰᠢᠷᠬᠡᠭ ᠦ᠋ᠨ ᠱᠣ ᠠᠪᠤᠮᠤᠢ᠃ ᠭᠤᠷᠪᠠᠨ ᠳ᠋ᠤᠷ ᠡᠪᠰᠡᠬᠦ ᠶ᠋ᠢ ᠬᠡᠯᠡᠯᠴᠡᠬᠦ ᠰᠥᠩ ᠦ᠋ᠨ ᠬᠠᠭᠠᠨ ᠤ᠋ ᠲᠥᠪ ᠬᠦᠨᠳᠦ ᠬᠥᠮᠦᠨ᠂ ᠳᠥᠷᠪᠡᠳᠦᠭᠡᠷ ᠲᠣᠷ ᠮᠠᠨ ᠤ᠋ ᠣᠯᠠᠨ ᠴᠡᠷᠢᠭ ᠢ᠋ ᠪᠠᠶᠠᠷᠯᠠᠭᠤᠯᠤᠨ ᠬᠤᠷᠢᠮᠯᠠᠭᠤᠯᠬᠤ ᠮᠥᠩᠭᠥᠨ ᠬᠡᠳᠦᠢᠴᠢᠨᠡᠭᠡᠨ ᠲᠦᠮᠡᠨ ᠯᠠᠩ᠂ ᠲᠠᠪᠤᠳᠤᠭᠠᠷ ᠲᠤᠷ ᠰᠥᠩ᠂ ᠠᠯᠲᠠᠨ ᠪᠢᠳᠡᠨ ᠦ᠌ ᠬᠣᠶᠠᠷ ᠤᠯᠤᠰ ᠤ᠋ᠨ ᠳᠥᠴᠢᠨ ᠢᠯᠡᠭᠦᠦ ᠲᠠᠪᠢᠨ ᠣᠨ ᠵᠢᠯ ᠦ᠋ᠨ ᠨᠠᠢᠷ ᠨᠠᠢᠷᠠᠮᠳᠠᠭᠤ ᠶ᠋ᠢ ᠥᠳᠥᠭᠡᠨ ᠡᠪᠳᠡᠵᠦ ᠂ ᠴᠡᠷᠢᠭ ᠲᠡᠢᠨ ᠳᠡᠭᠳᠡᠭᠡᠬᠦᠢ ᠳ᠋ᠦ᠍ᠷ ᠤᠭ ᠰᠠᠨᠠᠭ᠎ᠠ ᠭᠠᠷᠭᠠᠨ ᠴᠡᠷᠢᠭ ᠢ᠋ ᠡᠷᠬᠢᠯᠡᠭᠰᠡᠨ ᠤᠭ ᠲᠦᠰᠢᠮᠡᠯ ᠦ᠋ᠨ ᠲᠣᠯᠣᠭᠠᠢ ᠶ᠋ᠢ ᠠᠨᠤ ᠡᠷᠬᠡᠪᠰᠢ ᠠᠪᠤᠮᠤᠢ ᠃ ᠡᠨᠡ ᠲᠠᠪᠤᠨ ᠵᠦᠢᠯ ᠢ᠋ ᠴᠢ ᠬᠡᠷᠪᠡ ᠳᠠᠭᠠᠭᠠᠴᠢᠯᠠᠨ ᠬᠦᠯᠢᠶᠡᠵᠦ ᠠᠪᠤᠪᠠᠰᠤ ᠪᠢᠳᠡ ᠴᠢᠮᠠᠶ᠋ᠢ ᠪᠠᠲᠤᠯᠠᠵᠤ ᠠᠮᠢᠳᠤ ᠪᠠᠷ ᠤᠯᠤᠰ ᠲᠤᠷ ᠴᠢᠨᠦ ᠡᠭᠡᠭᠦᠯᠰᠦᠭᠡᠢ᠃ ᠬᠡᠷᠪᠡ ᠡᠭᠦᠨ ᠢ᠋ ᠡᠰᠡ ᠴᠢᠳᠠᠪᠠᠰᠤ ᠴᠢ ᠠᠮᠢᠳᠤ ᠪᠠᠷ ᠡᠷᠭᠢᠬᠦ ᠶ᠋ᠢ ᠰᠠᠨᠠᠬᠤ ᠬᠡᠷᠡᠭ ᠦᠭᠡᠢ 》ᠬᠡᠮᠡᠭᠰᠡᠨ ᠳ᠋ᠦ᠍ᠷ ᠹᠠᠩ ᠰᠢᠨ ᠿᠦ᠍ ᠡᠷᠡᠭᠦᠦ ᠬᠣᠣᠷ ᠤ᠋ᠨ ᠳᠣᠲᠣᠷ᠎ᠠ ᠬᠡᠪᠲᠡᠵᠦ ᠪᠠᠢᠭᠠᠳ᠂ ᠰᠢᠭᠦᠬᠦ ᠲᠦᠰᠢᠮᠡᠳ ᠦ᠋ᠨ ᠵᠦᠭ ᠮᠡᠳᠡᠭᠦᠯᠦᠷᠦᠨ:  
       《ᠨᠠᠮᠠᠶ᠋ᠢ ᠠᠮᠢᠳᠤ ᠪᠠᠷ ᠡᠷᠭᠢᠭᠦᠯᠪᠡᠴᠦ ᠂ ᠪᠢ ᠮᠥᠨ ᠴᠡᠷᠢᠭ ᠡᠳᠦᠭᠦᠯᠦᠭᠰᠡᠨ ᠴᠧᠩᠰᠢᠶᠠᠩ ᠤ᠋ᠨ ᠲᠣᠯᠣᠭᠠᠢ ᠶ᠋ᠢ ᠣᠭᠲᠣᠯᠵᠤ ᠠᠪᠤᠮᠤᠢ ᠬᠡᠮᠡᠬᠦ ᠪᠠ ᠪᠠᠰᠠ ᠤᠯᠤᠰ ᠢ ᠣᠭᠲᠣᠯᠤᠨ ᠲᠠᠰᠤᠯᠵᠤ ᠭᠠᠳᠠᠭᠠᠳᠤ ᠤᠯᠤᠰ ᠲᠤᠷ ᠥᠭᠭᠦᠮᠦᠢ ᠬᠡᠮᠡᠭᠴᠢ ᠡᠳᠡᠭᠡᠷ ᠦᠭᠡᠰ ᠢ᠋ ᠡᠷᠲᠡᠨ ᠡᠴᠡ ᠡᠳᠦᠭᠡ ᠬᠦᠷᠲᠡᠯ᠎ᠡ ᠤᠯᠤᠰ ᠤ᠋ᠨ ᠲᠦᠰᠢᠮᠡᠯ ᠪᠣᠯᠤᠭᠰᠠᠨ᠂ ᠬᠥᠮᠦᠨ ᠦ᠌ ᠬᠥᠪᠡᠭᠦᠨ ᠪᠣᠯᠤᠭᠰᠠᠨ ᠬᠥᠮᠦᠨ ᠦ᠌ ᠬᠡᠯᠡᠵᠦ ᠪᠣᠯᠬᠤ ᠦᠭᠡᠰ ᠪᠤᠰᠤ 》ᠬᠡᠮᠡᠭᠡᠳ᠂ ᠦᠬᠦᠬᠦ ᠶ᠋ᠢ ᠬᠦᠯᠢᠶᠡᠵᠦ ᠤᠨᠠᠨ ᠬᠡᠪᠲᠡᠪᠡ᠃ ᠰᠢᠭᠦᠭᠴᠢ ᠲᠦᠰᠢᠮᠡᠳ ᠥᠭᠦᠯᠡᠷᠦᠨ᠄ 
      《ᠲᠡᠢᠮᠦ ᠪᠣᠯᠪᠠᠰᠤ ᠴᠢ ᠠᠮᠢᠳᠤ ᠪᠠᠷ ᠡᠭᠡᠬᠦ ᠶ᠋ᠢ ᠰᠠᠨᠠᠬᠤ ᠬᠡᠷᠡᠭ ᠦᠭᠡᠢ 》 ᠬᠡᠮᠡᠭᠰᠡᠨ᠎ᠡ ᠹᠠᠩ ᠰᠢᠨ ᠿᠦ᠍ ᠥᠴᠢᠷᠦᠨ᠄ 
      《ᠮᠢᠨᠦ ᠠᠮᠢ ᠶ᠋ᠢ ᠬᠡᠳᠦᠢᠨᠡᠢ ᠰᠥᠩ ᠤᠯᠤᠰ ᠤ᠋ᠨ ᠬᠠᠭᠠᠯᠭᠠᠨ ᠤ᠋ ᠭᠠᠳᠠᠨ᠎ᠠ ᠲᠦᠯᠬᠢᠵᠦ ᠭᠠᠷᠭᠠᠭᠰᠠᠨ ᠪᠥᠭᠡᠲᠡᠯ᠎ᠡ᠂ ᠬᠡᠨ ᠠᠮᠢᠳᠤ ᠡᠭᠡᠬᠦ ᠶ᠋ᠢ ᠰᠠᠨᠠᠬᠤ ᠪᠣᠢ? ᠦᠬᠦᠪᠡᠴᠦ ᠠᠮᠢᠳᠤᠷᠠᠪᠠᠴᠤ ᠬᠢᠵᠠᠭᠠᠷ ᠤ᠋ᠨ ᠭᠠᠳᠠᠭᠠᠬᠢ ᠬᠡᠷᠡᠭ ᠪᠣᠯᠠᠢ 》ᠬᠡᠮᠡᠭᠰᠡᠨ ᠳ᠋ᠦ᠍ᠷ ᠠᠯᠲᠠᠨ ᠤᠯᠤᠰ ᠤ᠋ᠨ ᠣᠯᠠᠨ ᠵᠠᠩᠵᠤᠨ ᠳᠦᠷᠬᠢᠷᠡᠲᠡᠯ᠎ᠡ ᠢᠨᠢᠶᠡᠯᠴᠡᠨ 《ᠡᠨᠡ ᠢᠨᠦ ᠬᠠᠷᠭᠢᠰ ᠬᠠᠨ ᠲᠦᠸᠧ ᠵᠧᠦ ᠶ᠋ᠢᠨ ᠬᠠᠯᠳᠠᠭ ᠪᠣᠯᠠᠢ ! 》ᠬᠡᠮᠡᠯᠳᠦᠨ᠂ ᠬᠠᠰᠢᠯᠭ᠎ᠠ ᠰᠠᠢᠳ ᠽᠢ ᠵᠸᠨ ᠳ᠋ᠦ᠍ᠷ ᠮᠡᠳᠡᠭᠦᠯᠦᠭᠰᠡᠨ ᠳ᠋ᠦ᠍ᠷ ᠽᠢ ᠵᠧᠨ ᠴᠦ᠍ ᠮᠥᠨ ᠢᠨᠢᠶᠡᠳᠦ ᠲᠥᠷᠥᠨ᠂ ᠹᠠᠩ ᠰᠢᠨ ᠿᠦ᠍ ᠶ᠋ᠢ ᠰᠡᠪ ᠪᠠᠷᠢᠮᠲᠠ ᠲᠠᠢ ᠪᠠᠷ ᠳ᠋ᠦᠩ ᠵᠢᠩ ᠪᠢᠶᠠᠨ ᠯᠢᠶᠠᠩ ᠤ᠋ᠨ ᠶᠡᠬᠡ ᠫᠢᠩ ᠵᠠᠩ ᠵᠧᠩ ᠱᠢ ᠲᠦᠰᠢᠮᠡᠯ ᠶᠤᠸᠠᠨᠱᠤᠸᠠᠢ ᠸᠠᠨ ᠶᠠᠨ ᠴᠥᠩ ᠬᠣᠣ ᠶ᠋ᠢᠨ ᠶᠠᠮᠤᠨ᠎ᠡ ᠲᠠᠮᠠᠭᠠᠲᠤ ᠪᠢᠴᠢᠭ ᠢ᠋ᠶ᠋ᠡᠷ ᠬᠥᠷᠭᠡᠭᠦᠯᠦᠨ ᠢᠯᠡᠭᠡᠵᠦ᠂ ᠬᠦᠷᠴᠦ ᠢᠷᠡᠮᠡᠭᠴᠡ ᠸᠠᠨ ᠶᠠᠨ ᠴᠥᠩ ᠬᠣᠣ ᠪᠢᠴᠢᠭ ᠢ᠋ ᠦᠵᠡᠭᠡᠳ ᠤᠴᠢᠷ ᠢ᠋ ᠤᠬᠠᠵᠤ᠂ ᠲᠠᠩᠬᠢᠮ ᠳ᠋ᠤᠷ ᠳᠠᠭᠤᠳᠠᠨ ᠭᠠᠷᠭᠠᠵᠤ ᠨᠢᠭᠡᠨᠲᠡ ᠠᠰᠠᠭᠤᠭᠠᠳ᠂ ᠳᠠᠷᠤᠢ ᠮᠥᠨ ᠶᠤᠸᠠᠨᠱᠤᠸᠠᠢ ᠹᠦ ᠶ᠋ᠢᠨ ᠡᠷᠡᠭᠦᠦ ᠬᠣᠣᠷ ᠤ᠋ᠨ ᠰᠧ ᠳ᠋ᠦ᠍ᠷ ᠵᠠᠬᠢᠶ᠎ᠠ ᠪᠢᠴᠢᠭ ᠪᠢᠴᠢᠵᠦ ᠲᠤᠰᠢᠶᠠᠨ ᠰᠢᠭᠦᠯᠭᠡᠬᠦᠢ ᠳ᠋ᠦ᠍ᠷ ᠹᠠᠩ ᠰᠢᠨ ᠿᠦ᠍ ᠶ᠋ᠢ ᠡᠨᠡ ᠲᠠᠪᠤᠨ ᠵᠦᠢᠯ ᠢ᠋ ᠲᠣᠭᠲᠠᠭᠠᠨ ᠪᠠᠲᠤᠯᠠᠵᠤ ᠬᠦᠯᠢᠶᠡᠨ ᠠᠪᠤᠭᠲᠤᠨ ᠭᠡᠮᠡᠨ ᠰᠠᠢᠨ ᠢ᠋ᠶ᠋ᠠᠷ ᠬᠡᠯᠡᠵᠦ᠂ ᠮᠠᠭᠤ ᠪᠠᠷ ᠠᠶᠤᠯᠭᠠᠨ᠂ ᠵᠠᠭᠤᠨ ᠵᠦᠢᠯ ᠢ᠋ᠶ᠋ᠡᠷ ᠡᠷᠭᠢᠴᠡᠭᠦᠯᠪᠡᠴᠦ᠂ ᠹᠠᠩ ᠰᠢᠨ ᠿᠦ᠍ ᠴᠡᠷᠢᠭ ᠢ᠋ ᠬᠤᠷᠢᠮᠯᠠᠭᠤᠯᠤᠨ ᠪᠠᠶᠠᠷᠯᠠᠭᠤᠯᠬᠤ ᠮᠥᠩᠭᠥ ᠵᠣᠭᠣᠰ ᠠ᠋ᠴᠠ ᠪᠤᠰᠤ ᠨᠢᠭᠡᠨ ᠦᠭᠡ ᠶ᠋ᠢ ᠴᠦ᠍ ᠬᠦᠯᠢᠶᠡᠨ ᠠᠪᠬᠤ ᠦᠭᠡᠢ ᠪᠡᠷ ᠦᠬᠦᠬᠦ ᠶ᠋ᠢ ᠬᠦᠯᠢᠶᠡᠬᠦᠢ ᠳ᠋ᠦ᠍ᠷ ᠸᠠᠨ ᠶᠠᠨ ᠴᠥᠩ ᠬᠣᠣ ᠥᠴᠦᠬᠡᠨ ᠢᠨᠢᠶᠡᠵᠦ᠂ ᠬᠠᠷᠢᠭᠤ ᠲᠠᠮᠠᠭᠠᠲᠤ ᠪᠢᠴᠢᠭ ᠥᠭᠴᠦ᠂《ᠡᠶᠡᠳᠡᠬᠦ ᠪᠠ ᠡᠪᠳᠡᠷᠡᠬᠦ᠂ ᠦᠬᠦᠬᠦ ᠪᠠ ᠡᠳᠡᠭᠡᠬᠦ ᠶ᠋ᠢ ᠴᠢ ᠡᠭᠡᠵᠦ ᠢᠷᠡᠭᠰᠡᠨ ᠴᠠᠭᠳᠠᠨ ᠵᠢᠴᠢ ᠲᠠᠰᠤᠯᠤᠨ ᠬᠡᠯᠡᠯᠴᠡᠰᠦᠭᠡᠢ 》ᠭᠡᠮᠡᠨ ᠡᠭᠡᠭᠦᠯᠦᠨ ᠬᠦᠷᠭᠡᠭᠦᠯᠵᠦ᠂ ᠳᠡᠰ ᠳᠡᠰ ᠢ᠋ᠶ᠋ᠡᠷ ᠤᠯᠠᠮᠵᠢᠯᠠᠨ ᠬᠥᠷᠭᠡᠭᠦᠯᠦᠭᠰᠡᠭᠡᠷ ᠯᠢᠨ ᠠᠨ ᠪᠠᠯᠭᠠᠰᠤᠨ᠎ᠠ ᠬᠦᠷᠴᠦ᠂ ᠰᠥᠩ ᠤᠯᠤᠰ ᠤ᠋ᠨ ᠬᠠᠭᠠᠨ ᠳ᠋ᠠᠭᠠᠨ ᠠᠢᠯᠠᠳᠬᠠᠭᠰᠠᠨ ᠳ᠋ᠤᠷ ᠬᠠᠭᠠᠨ ᠤ᠋ ᠵᠠᠷᠯᠢᠭ ᠭᠡᠮᠡᠨ ᠯᠢᠨ ᠬᠦᠩ ᠴᠸᠨ ᠬᠡᠮᠡᠭᠴᠢ ᠵᠦᠩ ᠯᠠᠩ ᠵᠢᠶᠠᠩ ᠲᠦᠰᠢᠮᠡᠯ ᠢ᠋ ᠠᠯᠲᠠᠨ ᠤᠯᠤᠰ ᠤ᠋ᠨ ᠨᠡᠢᠲᠡ ᠴᠡᠷᠢᠭ ᠢ᠋ ᠬᠤᠷᠢᠮᠯᠠᠨ ᠪᠠᠶᠠᠰᠠᠠᠤ ᠲᠦᠩ ᠰᠢᠶᠧ ᠱᠢ ᠬᠡᠮᠡᠬᠦ ᠡᠯᠴᠢ ᠲᠦᠰᠢᠮᠡᠯ ᠪᠣᠯᠭᠠᠨ ᠵᠣᠩᠭᠢᠯᠠᠭᠤᠯᠤᠨ ᠹᠠᠩ ᠰᠢᠨ ᠿᠦ᠍ ᠶ᠋ᠢ ᠬᠠᠪᠰᠤᠷᠤᠭᠤᠯᠤᠨ ᠥᠭᠴᠦ᠂ ᠨᠡᠢᠲᠡ ᠴᠡᠷᠢᠭ ᠢ᠋ ᠬᠤᠷᠢᠮᠯᠠᠭᠤᠯᠤᠨ ᠪᠠᠶᠠᠰᠬᠠᠬᠤ ᠶ᠋ᠢᠨ ᠵᠣᠭᠣᠰ ᠨᠢᠭᠡᠨ ᠵᠠᠭᠤᠨ ᠲᠦᠮᠡᠨ ᠬᠡᠯᠬᠢᠶ᠎ᠡ ᠡᠷᠭᠦᠰᠦᠭᠡᠢ ᠬᠡᠮᠡᠬᠦ ᠲᠠᠮᠠᠭᠠᠲᠤ ᠪᠢᠴᠢᠭ ᠢ᠋ ᠥᠭᠴᠦ ᠮᠣᠷᠳᠠᠭᠤᠯᠤᠨ ᠢᠯᠡᠭᠡᠵᠦ᠂ ᠮᠥᠨ ᠬᠦ᠌ ᠳᠡᠰ ᠳᠡᠰ ᠢ᠋ᠶ᠋ᠡᠷ ᠬᠥᠷᠭᠡᠭᠦᠯᠦᠭᠰᠡᠭᠡᠷ ᠪᠢᠶᠠᠨ ᠯᠢᠶᠠᠩ ᠳ᠋ᠤᠷ ᠬᠦᠷᠴᠦ᠂ ᠪᠢᠴᠢᠭ ᠲᠠᠮᠠᠭ᠎ᠠ ᠪᠠᠨ ᠲᠤᠰᠢᠶᠠᠭᠰᠠᠨ ᠳ᠋ᠤᠷ ᠲᠠᠪᠤᠨ ᠵᠦᠢᠯ ᠡᠴᠡ ᠨᠢᠭᠡᠬᠡᠨ ᠵᠦᠢᠯ ᠢ᠋ ᠳᠠᠭᠠᠭᠰᠠᠨ ᠳ᠋ᠤᠷ ᠸᠠᠨ ᠶᠠᠨ ᠴᠥᠩ ᠬᠣᠣ ᠶᠡᠬᠡᠯ᠎ᠡ ᠬᠢᠯᠢᠩᠯᠡᠨ ᠢᠷᠡᠭᠰᠡᠨ ᠲᠠᠮᠠᠭᠠᠲᠤ ᠪᠢᠴᠢᠭ ᠦ᠋ᠨ ᠰᠡᠭᠦᠯ ᠳ᠋ᠦ᠍ᠷ 《ᠵᠠᠭᠤᠨ ᠵᠦᠢᠯ ᠦ᠋ᠨ ᠡᠷᠡᠭᠦᠦ ᠪᠡᠷ ᠡᠷᠡᠭᠦᠳᠡᠨ ᠠᠯᠠᠵᠤ᠂ ᠬᠡᠭᠦᠷ ᠢ᠋ ᠣᠭᠲᠣᠴᠢᠨ ᠳᠠᠭᠠᠭᠰᠠᠨ ᠠᠷᠠᠳ ᠲᠤᠷ ᠡᠭᠦᠷᠦᠭᠦᠯᠦᠨ ᠬᠦᠷᠭᠡᠭᠦᠯᠦᠭᠳᠦᠨ 》 ᠭᠡᠮᠡᠨ ᠴᠣᠬᠣᠯᠠᠨ ᠪᠠᠭᠤᠵᠤ ᠢᠷᠡᠭᠰᠡᠨ ᠳ᠋ᠦ᠍ᠷ ᠡᠷᠡᠭᠦᠦ ᠪᠡᠷ ᠰᠢᠭᠦᠭᠴᠢ ᠲᠦᠰᠢᠮᠡᠳ᠂ ᠬᠡᠳᠦᠢᠨ ᠵᠣᠴᠢᠨ ᠪᠠᠭᠤᠯᠭᠠᠬᠤ ᠶᠡᠬᠡ ᠶᠠᠮᠤᠨ ᠠ᠋ᠴᠠ ᠹᠠᠩ ᠰᠢᠨ ᠿᠦ᠍ ᠨᠠᠷ ᠢ᠋ ᠴᠢᠷᠦᠨ ᠭᠠᠷᠭᠠᠵᠤ ᠦᠬᠦᠬᠦ ᠭᠢᠨᠳᠠᠨ᠎ᠠ ᠬᠣᠷᠢᠭᠠᠳ᠂ ᠹᠠᠩ ᠰᠢᠨ ᠿᠦ᠍ ᠴᠡᠷᠢᠭ ᠦ᠋ᠨ ᠬᠡᠴᠡᠭᠦᠦ ᠰᠦᠷᠡᠬᠡᠢ ᠵᠠᠭᠤᠨ ᠵᠦᠢᠯ ᠦ᠋ᠨ ᠡᠷᠡᠭᠦᠦ ᠬᠣᠣᠷ ᠦᠵᠡᠭᠡᠳ᠂ ᠠᠩᠬᠠᠨ ᠳ᠋ᠤᠷ ᠨᠢᠭᠡᠨ ᠤᠳᠠᠭ᠎ᠠ ᠦᠵᠡᠭᠰᠡᠨ ᠲᠤᠯᠠ ᠴᠢᠭᠢᠷᠠᠭᠰᠢᠨ ᠲᠤᠯᠵᠤ ᠠᠭᠠᠰᠢᠯᠠᠮᠤᠢ᠃ ᠭᠠᠭᠴᠠ ᠬᠦ᠌ ᠰᠢᠨ᠎ᠡ ᠢᠷᠡᠭᠰᠡᠨ ᠯᠢᠨ ᠬᠦᠩ ᠴᠸᠨ ᠨᠢᠭᠡᠨᠲᠡ ᠰᠥᠰᠥ ᠬᠡᠮᠬᠡᠷᠡᠨ᠂ ᠦᠬᠦᠳᠬᠢᠨ ᠤᠨᠠᠨ ᠬᠡᠪᠲᠡᠵᠦ ᠨᠢᠭᠡᠨ ᠦᠭᠡ ᠴᠦ᠍ ᠥᠴᠢᠬᠦ ᠦᠭᠡᠢ ᠪᠣᠯᠤᠭᠰᠠᠨ ᠳ᠋ᠤᠷ ᠰᠢᠭᠦᠬᠦ ᠲᠦᠰᠢᠮᠡᠳ ᠰᠡᠪ ᠰᠠᠭᠠᠯᠢ ᠶ᠋ᠢᠨ ᠡᠷᠡᠭᠦᠦ ᠳ᠋ᠦ᠍ᠷ ᠬᠡᠪᠲᠡᠭᠦᠯᠦᠨ ᠪᠠᠰᠠ ᠳᠡᠭᠡᠷ᠎ᠡ ᠶᠤᠸᠠᠨᠱᠤᠸᠠᠢ ᠶ᠋ᠢᠨ ᠬᠢᠯᠢᠭᠯᠡᠵᠦ ᠪᠠᠭᠤᠯᠭᠠᠭᠰᠠᠨ ᠡᠷᠡᠭᠦᠳᠴᠦ ᠠᠯᠠᠭᠠᠳ ᠬᠡᠭᠦᠷ ᠢ᠋ ᠬᠡᠷᠴᠢᠵᠦ ᠳᠠᠭᠠᠭᠤᠯᠤᠭᠰᠠᠨ ᠬᠥᠮᠦᠨ ᠳ᠋ᠦ᠍ᠷ ᠡᠭᠦᠷᠦᠭᠦᠯᠦᠨ ᠴᠡᠷᠢᠭ ᠦ᠋ᠨ ᠬᠦᠷᠢᠶ᠎ᠡ ᠳ᠋ᠦ᠍ᠷ ᠲᠤᠰᠢᠶᠠᠨ ᠬᠦᠷᠭᠡᠭᠦᠯᠦᠭᠲᠦᠨ ᠬᠡᠮᠡᠭᠰᠡᠨ ᠵᠠᠬᠢᠶ᠎ᠠ ᠪᠢᠴᠢᠭ ᠦ᠋ᠨ ᠠᠯᠲᠠᠨ ᠤᠯᠤᠰ ᠤ᠋ᠨ ᠦᠭᠡᠰ ᠢ᠋ ᠨᠠᠷᠢᠪᠴᠢᠯᠠᠨ ᠲᠠᠢᠯᠪᠤᠷᠢᠯᠠᠨ ᠹᠠᠩ ᠰᠢᠨ ᠿᠦ᠍ ᠳ᠋ᠦ᠍ᠷ ᠬᠡᠯᠡᠵᠦ ᠦᠭᠪᠡᠴᠦ᠂  ᠹᠠᠩ ᠰᠢᠨ ᠿᠦ᠍ ᠨᠢᠭᠡᠨᠲᠡ ᠦᠬᠦᠬᠦ ᠪᠡᠷ ᠰᠢᠭᠤᠳᠴᠤ ᠰᠡᠳᠬᠢᠯ ᠵᠢᠷᠦᠬᠡ ᠥᠴᠦᠬᠡᠨ ᠴᠦ᠍ ᠠᠶᠤᠨ ᠬᠥᠳᠡᠯᠬᠦ ᠦᠭᠡᠢ᠂ ᠬᠠᠷᠢᠭᠤ ᠥᠴᠢᠷᠦᠨ : 
      《ᠮᠢᠨᠦ ᠤᠭ ᠮᠡᠳᠡᠵᠦ ᠢᠷᠡᠭᠰᠡᠨ ᠢᠨᠤ ᠨᠡᠢᠲᠡ ᠴᠡᠷᠢᠭ ᠢ᠋ ᠬᠤᠷᠢᠮᠯᠠᠨ ᠪᠠᠶᠠᠰᠬᠠᠬᠤ ᠨᠢᠭᠡᠨ ᠵᠠᠭᠤᠨ ᠲᠦᠮᠡᠨ ᠬᠡᠯᠬᠢᠶ᠎ᠡ ᠵᠣᠭᠣᠰ ᠢ᠋ ᠮᠡᠳᠡᠬᠦ ᠪᠤᠢ᠎ᠡ᠂ ᠪᠤᠰᠤ ᠳᠥᠷᠪᠡᠨ ᠵᠦᠢᠯ ᠢ᠋ ᠪᠢ ᠣᠭᠲᠣ ᠮᠡᠳᠡᠬᠦ ᠦᠭᠡᠢ᠂ ᠮᠢᠨᠦ ᠠᠩᠬᠠᠨ ᠤᠳᠠᠭ᠎ᠠ ᠢᠷᠡᠵᠦ ᠬᠡᠯᠡᠯᠴᠡᠭᠰᠡᠨ ᠴᠡᠷᠢᠭ ᠢ᠋ ᠪᠠᠶᠠᠰᠬᠠᠬᠤ ᠵᠠᠭᠤᠨ ᠲᠦᠮᠡᠨ ᠬᠡᠯᠬᠢᠶ᠎ᠡ ᠵᠣᠭᠣᠰ ᠢ᠋ ᠬᠦᠯᠢᠶᠡᠭᠰᠡᠨ ᠪᠥᠭᠡᠲᠡᠯ᠎ᠡ᠂ ᠡᠳᠦᠭᠡ ᠣᠳᠣ ᠨᠢᠭᠡᠨ ᠢ᠋ ᠣᠯᠤᠭᠠᠳ ᠪᠠᠰᠠ ᠲᠣᠷᠭ᠎ᠠ ᠲᠥᠷᠭᠡ᠂ ᠰᠢᠷᠬᠡᠭ ᠱᠣ ᠵᠡᠷᠭᠡ ᠪᠤᠰᠤ ᠵᠦᠢᠯ ᠢ᠋ ᠨᠡᠮᠡᠵᠦ᠂ ᠭᠠᠵᠠᠷ ᠢ᠋ ᠬᠠᠰᠤᠮᠤᠢ᠂ ᠬᠠᠭᠠᠨ ᠤ᠋ ᠡᠦ᠋ᠢᠷ᠎ᠠ ᠬᠥᠮᠦᠨ ᠬᠢᠭᠡᠳ ᠬᠠᠨ ᠴᠧᠩᠰᠢᠶᠠᠩ ᠤ᠋ᠨ ᠲᠣᠯᠣᠭᠠᠢ ᠶ᠋ᠢ ᠠᠪᠤᠮᠤᠢ ᠬᠡᠮᠡᠬᠦ ᠡᠳᠡᠭᠡᠷ ᠲᠠᠪᠤᠨ ᠵᠦᠢᠯ ᠢ᠋ ᠨᠡᠮᠡᠬᠦ ᠢᠨᠦ ᠮᠢᠨᠦ ᠮᠡᠳᠡᠬᠦ ᠬᠡᠷᠡᠭ ᠪᠤᠰᠤ ᠲᠤᠯᠠ ᠪᠢ ᠡᠨᠡ ᠬᠦ᠌ ᠲᠣᠯᠣᠭᠠᠢ ᠪᠠᠨ ᠨᠢᠭᠡᠮᠦᠰᠦᠨ ᠲᠠᠨ ᠳ᠋ᠤᠷ ᠲᠤᠰᠢᠶᠠᠭᠠᠳ᠂ ᠰᠥᠩ ᠤᠯᠤᠰ ᠤ᠋ᠨ ᠰᠤᠳᠤᠷ ᠱᠠᠰᠲᠢᠷ ᠲᠠᠭᠠᠨ ᠨᠡᠷ᠎ᠡ ᠪᠡᠨ ᠦᠯᠡᠳᠡᠭᠡᠪᠡᠰᠦ ᠪᠠᠷᠠᠪᠠ 》ᠬᠡᠮᠡᠭᠡᠳ ᠦᠭᠡ ᠪᠡᠨ ᠲᠠᠰᠤᠯᠤᠨ ᠬᠤᠷᠢᠶᠠᠭᠠᠳ᠂ ᠡᠷᠡᠭᠦᠦ ᠬᠣᠣᠷ ᠤ᠋ᠨ ᠳᠣᠲᠣᠷ᠎ᠠ ᠨᠢᠳᠦ ᠪᠡᠨ ᠠᠨᠢᠵᠤ ᠬᠡᠪᠲᠡᠭᠰᠡᠨ ᠳ᠋ᠦ᠍ᠷ ᠠᠯᠲᠠᠨ ᠤᠯᠤᠰ ᠤ᠋ᠨ ᠰᠢᠳᠬᠡᠭᠴᠢ ᠲᠦᠰᠢᠮᠡᠳ ᠬᠠᠷᠢᠯᠴᠠᠨ ᠢᠨᠢᠶᠡᠯᠴᠡᠨ ᠥᠭᠦᠯᠡᠯᠳᠦᠷᠦᠨ: 
      《ᠰᠣᠯᠢᠭᠤ ᠵᠥᠨᠥᠲᠦᠭ ᠰᠥᠩ ᠤᠯᠤᠰ ᠤ᠋ᠨ ᠬᠠᠭᠠᠨ ᠳ᠋ᠤᠷ ᠬᠥᠮᠦᠨ ᠣᠯᠳᠠᠬᠤ ᠦᠭᠡᠢ ᠡᠳᠡᠭᠡᠷ ᠵᠡᠷᠭᠡ ᠶ᠋ᠢᠨ ᠴᠢᠨᠠᠪᠠᠴᠤ ᠢᠯᠵᠠᠷᠠᠰᠢ ᠦᠭᠡᠢ ᠰᠢᠷᠪᠥᠰᠥᠯᠢᠭ ᠮᠢᠬ᠎ᠠ ᠶ᠋ᠢ ᠣᠯᠤᠭᠰᠠᠨ ᠠᠵᠠᠢ ? ᠬᠡᠲᠦᠷᠬᠡᠶ᠎ᠡ ᠴᠠᠪᠬᠤᠷᠠᠨ ᠠᠭᠠᠰᠢᠯᠠᠭᠰᠠᠭᠠᠷ ᠲᠣᠰᠣᠲᠤ ᠲᠣᠭᠣᠭᠠᠨ ᠳ᠋ᠤᠷ ᠪᠤᠴᠠᠯᠭᠠᠭᠳᠠᠨ ᠬᠠᠭᠰᠠᠭᠠᠭᠳᠠᠭᠤᠵᠠᠢ᠂ ᠳᠡᠭᠡᠳᠦ ᠶᠤᠸᠠᠨᠱᠤᠸᠠᠢ ᠶ᠋ᠢᠨ ᠬᠢᠯᠢᠩ ᠢ᠋ᠶ᠋ᠡᠷ ᠪᠣᠯᠪᠠᠰᠤ᠂ ᠴᠢᠮᠠᠶ᠋ᠢ ᠬᠡᠳᠦᠢᠨ ᠬᠡᠳᠦᠨ ᠳᠠᠰᠢ ᠬᠡᠷᠴᠢᠵᠦ ᠣᠭᠲᠣᠯᠤᠭᠰᠠᠨ ᠪᠣᠯᠠᠢ᠂ ᠲᠡᠷᠡ ᠶᠠᠭᠤᠨᠠᠢ ᠬᠣᠶᠠᠷ ᠡᠲᠡᠭᠡᠳ ᠦ᠋ᠨ ᠪᠠᠢᠯᠳᠤᠭᠠᠨ᠎ᠠ᠂ ᠬᠣᠭᠣᠷᠣᠨᠳᠣ ᠶ᠋ᠢᠨ ᠡᠯᠴᠢ ᠶ᠋ᠢ ᠠᠯᠠᠬᠤ ᠦᠭᠡᠢ ᠬᠡᠮᠡᠬᠦ ᠶ᠋ᠢ ᠬᠠᠢᠬᠤᠷᠬᠤ ᠠᠵᠠᠢ ! 》ᠬᠡᠮᠡᠯᠳᠦᠨ ᠬᠡᠳᠦᠨ ᠡᠳᠦᠷ ᠦᠯᠡᠳᠡᠭᠡᠬᠦᠢ ᠶ᠋ᠢᠨ ᠵᠠᠪᠰᠡᠷ᠎ᠡ ᠪᠠᠷᠠᠭᠤᠨ ᠱᠤ᠌ ᠭᠠᠵᠠᠷ ᠢ᠋ ᠪᠠᠢᠯᠳᠤᠬᠤ ᠸᠠᠨ ᠶᠠᠨ ᠴᠢᠨ ᠳᠠᠬᠢᠨ ᠡᠷᠭᠢᠵᠦ ᠰᠥᠩ ᠤᠯᠤᠰ ᠤ᠋ᠨ ᠳᠠ ᠰᠠᠨ ᠭᠤᠸᠠᠨ ᠪᠣᠭᠣᠮᠲᠠ ᠶ᠋ᠢ ᠨᠢᠭᠡᠨᠲᠡ ᠪᠠᠢᠯᠳᠤᠵᠤ᠂ ᠪᠠᠰᠠ ᠪᠦᠷᠢᠨ᠎ᠡ ᠪᠡᠷ ᠣᠯᠤᠭᠰᠠᠨ ᠢ᠋ ᠮᠡᠳᠡᠭᠦᠯᠦᠨ ᠬᠦᠷᠴᠦ ᠢᠷᠡᠭᠰᠡᠨ ᠳ᠋ᠦ᠍ᠷ ᠸᠠᠨ ᠶᠠᠨ ᠴᠥᠩ ᠬᠣᠣ ᠶ᠋ᠢᠨ ᠬᠢᠯᠢᠩ ᠪᠠᠬᠠᠨ ᠨᠠᠮᠬᠠᠷᠠᠵᠤ᠂ ᠪᠠᠰᠠ ᠪᠠᠶᠠᠰᠬᠤᠯᠠᠩ ᠤ᠋ᠨ ᠪᠠᠢᠳᠠᠯ ᠪᠦᠬᠦᠢ ᠳ᠋ᠦ᠍ᠷ ᠳᠣᠣᠷᠠᠬᠢ ᠣᠯᠠᠨ ᠲᠦᠰᠢᠮᠡᠳ ᠵᠠᠩᠵᠤᠨ ᠨᠠᠷ ᠰᠥᠩ ᠤᠯᠤᠰ ᠤ᠋ᠨ ᠵᠠᠭᠤᠨ ᠲᠦᠮᠡᠨ ᠬᠡᠯᠬᠢᠶ᠎ᠡ ᠵᠣᠭᠣᠰ ᠲᠤᠷ ᠳᠤᠷᠠᠰᠢᠶᠠᠨ᠂ ᠮᠡᠳᠡᠭᠡᠨ ᠦ᠌ ᠡᠯᠴᠢ ᠶ᠋ᠢ ᠠᠯᠠᠪᠠᠰᠤ ᠬᠡᠯᠡᠯᠴᠡᠬᠦ ᠡᠶᠡᠳᠡᠬᠦ ᠡᠭᠦᠷᠢᠳᠡ ᠶ᠋ᠢᠨ ᠤᠯᠤᠰ ᠲᠥᠷᠥ ᠶ᠋ᠢᠨ ᠣᠷᠣᠨ ᠳ᠋ᠤᠷ ᠬᠠᠷᠰᠢᠭᠤᠵᠠᠢ ᠭᠡᠮᠡᠨ ᠭᠤᠶᠤᠨ ᠮᠡᠳᠡᠭᠦᠯᠦᠭᠰᠡᠨ ᠳ᠋ᠦ᠍ᠷ ᠶᠡᠬᠡ ᠶᠤᠸᠠᠨᠱᠤᠸᠠᠢ ᠸᠠᠨ ᠶᠠᠨ ᠴᠥᠩ ᠬᠣᠣ ᠦᠭᠡ ᠠᠪᠴᠤ᠂ ᠹᠠᠩ ᠰᠢᠨ ᠿᠦ᠍ ᠲᠠᠨ ᠢ᠋ ᠭᠢᠨᠳᠠᠨ ᠠ᠋ᠴᠠ ᠭᠠᠷᠭᠠᠨ᠂ ᠲᠠᠮᠠᠭᠠᠲᠤ ᠪᠢᠴᠢᠭ ᠥᠭᠴᠦ᠂ ᠰᠥᠩ ᠤᠯᠤᠰ ᠤ᠋ᠨ ᠵᠢᠶᠠᠩ ᠬᠤᠸᠠᠢ ᠶ᠋ᠢᠨ ᠴᠡᠷᠢᠭ ᠦ᠋ᠨ ᠬᠦᠷᠢᠶᠡᠨ ᠦ᠌ ᠵᠠᠩ ᠶᠠᠨ ᠳ᠋ᠤᠷ ᠬᠡᠯᠡᠵᠦ ᠢᠯᠡᠭᠡᠭᠰᠡᠨ ᠢᠨᠦ᠄ 
      《ᠲᠠᠨ ᠤ᠋ ᠬᠠᠭᠠᠨ ᠨᠢᠭᠡᠨᠲᠡ ᠮᠠᠨ ᠤ᠋ ᠬᠠᠭᠠᠨ ᠳ᠋ᠤᠷ ᠲᠦᠰᠢᠮᠡᠯ ᠪᠣᠯᠤᠨ ᠴᠢᠳᠠᠪᠠᠰᠤ᠂ ᠣᠳᠣ ᠬᠤᠸᠠᠢ ᠳ᠋ᠦᠩ ᠬᠤᠸᠠᠢ ᠰᠢ ᠶ᠋ᠢᠨ ᠴᠢᠬᠡ ᠳᠤᠮᠳᠠᠭᠤᠷ ᠠᠨᠤ ᠲᠠᠰᠤᠯᠤᠨ ᠵᠠᠭᠠᠭ ᠪᠣᠯᠭᠠᠵᠤ᠂ ᠲᠠᠨ ᠤ᠋ ᠬᠥᠪᠡᠭᠦᠨ ᠤᠯᠤᠰ ᠤ᠋ᠨ ᠬᠣᠢᠲᠤ ᠬᠢᠵᠠᠭᠠᠷ ᠬᠡᠴᠡ ᠪᠣᠯᠭᠠᠨ᠂ ᠶᠡᠬᠡ ᠮᠥᠷᠡᠨ ᠢ᠋ᠶ᠋ᠡᠷ ᠵᠠᠭᠠᠭ ᠵᠢᠷᠤᠭ ᠪᠣᠯᠭ᠎ᠠ᠃ ᠬᠣᠶᠠᠷ ᠲᠤᠷ᠂ ᠤᠭ ᠲᠠᠩᠭᠠᠷᠢᠭ ᠢ᠋ ᠡᠪᠳᠡᠨ᠂ ᠲᠠᠪᠢᠨ ᠣᠨ ᠤ᠋ ᠰᠢᠳᠤᠷᠭᠤ ᠨᠠᠢᠷ ᠢ᠋ ᠦᠲᠡᠭᠡᠷᠦᠨ᠂ ᠴᠡᠷᠢᠭ ᠡᠳᠦᠭᠦᠯᠦᠭᠰᠡᠨ ᠤᠭ ᠰᠠᠨᠠᠭ᠎ᠠ ᠭᠠᠷᠭᠠᠭᠰᠠᠨ᠂ ᠲᠠᠨ ᠤ᠋ ᠴᠧᠩᠰᠢᠶᠠᠩ ᠬ᠍ᠡᠨ ᠲᠦᠸᠧ ᠵᠧᠦ ᠶ᠋ᠢᠨ ᠲᠣᠯᠣᠭᠠᠢ ᠶ᠋ᠢ ᠬᠦᠷᠭᠡᠵᠦ ᠢᠷᠡᠭᠲᠦᠨ᠃ ᠭᠤᠷᠪᠠᠨ ᠳ᠋ᠤᠷ ᠮᠠᠨ ᠤ᠋ ᠤᠯᠤᠰ ᠲᠤᠷ ᠵᠢᠯ ᠪᠦᠷᠢ ᠠᠯᠪᠠ ᠪᠠᠷᠢᠬᠤ ᠤᠭ ᠲᠣᠭᠲᠠᠭᠰᠠᠨ ᠲᠣᠷᠭ᠎ᠠ ᠲᠥᠷᠭᠡ᠂ ᠰᠢᠷᠬᠡᠭ ᠱᠣ ᠶ᠋ᠢᠨ ᠵᠦᠢᠯ ᠢ᠋ ᠤᠭ ᠲᠣᠭ᠎ᠠ ᠠ᠋ᠴᠠ ᠢᠯᠡᠭᠦᠦ ᠬᠠᠭᠠᠰ ᠬᠤᠪᠢ ᠨᠡᠮᠡᠵᠦ ᠶᠠᠯᠠᠯᠠᠨ ᠲᠣᠭᠲᠠᠭᠠᠮᠤᠢ - ᠨᠡᠢᠲᠡ ᠲᠠᠪᠤᠨ ᠲᠦᠮᠡᠨ ᠪᠦᠲᠦᠨ ᠣᠷᠢᠶᠠᠳᠠᠰᠤ᠃ ᠳᠥᠷᠪᠡᠨ ᠳ᠋ᠦ᠍ᠷ ᠮᠠᠨ ᠤ᠋ ᠴᠡᠷᠢᠭ ᠦ᠋ᠨ ᠵᠣᠪᠠᠭᠰᠠᠨ ᠢ᠋ ᠲᠣᠬᠣᠷᠤᠭᠤᠯᠤᠨ ᠪᠠᠶᠠᠰᠬᠠᠬᠤ ᠮᠥᠩᠭᠥ ᠨᠢᠭᠡᠨ ᠮᠢᠩᠭᠠᠨ ᠲᠦᠮᠡᠨ ᠯᠠᠩ᠃ ᠲᠠᠪᠤᠳᠤᠭᠠᠷ ᠲᠤᠷ ᠲᠥᠪ ᠴᠢᠬᠡ ᠬᠦᠨᠳᠦ ᠴᠢᠬᠤᠯᠠ ᠳᠡᠨᠵᠢ ᠳᠠᠷᠤᠬᠤ ᠬᠥᠮᠦᠨ ᠢ᠋ ᠢᠯᠡᠬᠡᠨ ᠪᠠᠲᠤ ᠪᠣᠯᠭᠠᠭᠲᠤᠨ᠃ ᠨᠡᠩ ᠢᠯᠠᠩᠭᠤᠶ᠎ᠠ ᠴᠡᠷᠢᠭ ᠡᠳᠦᠭᠦᠯᠦᠭᠰᠡᠨ ᠬᠠᠨ ᠲᠦᠸᠧ ᠵᠧᠦ ᠶ᠋ᠢᠨ ᠲᠣᠯᠣᠭᠠᠢ ᠶ᠋ᠢ ᠣᠭᠲᠣᠯᠤᠨ᠂ ᠮᠠᠨ ᠤ᠋ ᠬᠠᠭᠠᠨ ᠡᠵᠡᠨ ᠳ᠋ᠦ᠍ᠷ ᠪᠠᠷᠢᠭᠤᠯᠤᠭᠰᠠᠨ ᠬᠣᠢᠨ᠎ᠠ ᠰᠠᠶᠢ ᠶᠡᠬᠡ ᠴᠡᠷᠢᠭ ᠢ᠋ ᠲᠠᠲᠠᠵᠤ ᠡᠭᠡᠭᠦᠯᠬᠦ ᠵᠠᠷᠯᠠᠠᠤ ᠵᠠᠷᠯᠢᠭ ᠪᠢᠴᠢᠭ ᠢᠷᠡᠬᠦ ᠪᠣᠯᠠᠢ᠃ ᠡᠨᠡ ᠲᠠᠪᠤᠨ ᠵᠦᠢᠯ ᠡᠴᠡ ᠨᠢᠭᠡᠨ ᠵᠦᠢᠯ ᠢ᠋ ᠳᠤᠲᠠᠭᠤᠯᠪᠠᠰᠤ ᠤᠷᠢᠳᠠ ᠶ᠋ᠢᠨ ᠠᠳᠠᠯᠢ ᠠᠮᠤᠷ ᠡᠩᠬᠡ ᠠᠮᠢᠳᠤᠷᠠᠬᠤ ᠶ᠋ᠢ ᠪᠢᠲᠡᠭᠡᠢ ᠰᠠᠨᠠᠭᠲᠤᠨ 》 ᠬᠡᠮᠡᠵᠦᠬᠦᠢ᠃ 
       ᠲᠡᠭᠦᠨᠴᠡ᠂ ᠹᠠᠩ ᠰᠢᠨ ᠿᠦ᠍ ᠨᠠᠷ ᠤᠯᠤᠰ ᠲᠠᠭᠠᠨ ᠬᠦᠷᠴᠦ᠂ ᠬᠠᠨ ᠲᠦᠸᠧ ᠵᠧᠦ ᠲᠤᠬᠠᠢᠯᠠᠨ ᠹᠠᠩ ᠰᠢᠨ ᠿᠦ᠍ ᠶ᠋ᠢ ᠭᠦᠨ ᠳᠣᠲᠣᠭᠠᠳᠤ ᠳ᠋ᠠᠭᠠᠨ ᠳᠠᠭᠤᠳᠠᠨ ᠣᠷᠣᠭᠤᠯᠵᠤ᠂ 《ᠠᠯᠲᠠᠨ ᠤᠯᠤᠰ ᠤ᠋ᠨ ᠵᠢᠶᠠᠩ ᠬᠤᠸᠠᠢ ᠶ᠋ᠢᠨ ᠰᠢᠦᠸᠠᠨ ᠹᠦ ᠱᠢ ᠲᠦᠰᠢᠮᠡᠯ ᠵᠠᠩ ᠶᠠᠨ ᠳ᠋ᠤᠷ ᠢᠯᠡᠭᠡᠭᠰᠡᠨ ᠲᠠᠪᠤᠨ ᠵᠦᠢᠯ ᠦ᠋ᠨ ᠬᠡᠷᠡᠭ ᠬᠡᠮᠡᠭᠴᠢ ᠡᠭᠡᠨᠡᠭᠲᠡ ᠶᠠᠮᠪᠠᠷ ᠶᠠᠮᠪᠠᠷ ᠲᠠᠪᠤᠨ ᠵᠦᠢᠯ ᠦ᠋ᠨ ᠬᠡᠷᠡᠭ ᠪᠣᠢ᠂ ᠲᠡᠭᠦᠨ ᠢ᠋ ᠵᠠᠩ ᠶᠠᠨ ᠶᠠᠭᠤᠨᠲᠤ ᠠᠢᠯᠠᠳᠬᠠᠨ ᠦᠯᠦ ᠢᠷᠡᠬᠦ ᠪᠣᠢ ? 》ᠭᠡᠮᠡᠨ ᠳᠠᠬᠢᠨ ᠳᠠᠪᠲᠠᠨ ᠭᠠᠴᠢᠭᠳᠠᠭᠤᠯᠤᠨ ᠠᠰᠠᠭᠤᠬᠤᠢ ᠳ᠋ᠤᠷ ᠹᠠᠩ ᠰᠢᠨ ᠿᠦ᠍ ᠠᠷᠭ᠎ᠠ ᠵᠠᠪᠬᠠᠷᠠᠭᠠᠳ᠂ ᠠᠮᠢ ᠪᠠᠨ ᠲᠡᠪᠴᠢᠵᠦ ᠮᠡᠳᠡᠭᠦᠯᠦᠷᠦᠨ᠄ 
      《ᠲᠡᠷᠢᠭᠦᠨ ᠨᠢᠭᠡᠨ ᠵᠦᠢᠯ ᠢᠨᠤ᠂ ᠮᠠᠨ ᠤ᠋ ᠤᠯᠤᠰ ᠤᠳᠠᠭ᠎ᠠ ᠳᠠᠷᠠᠭ᠎ᠠ ᠡᠷᠢᠨ ᠴᠡᠷᠢᠭᠯᠡᠭᠰᠡᠨ ᠶᠠᠯ᠎ᠠ ᠳ᠋ᠤᠷ ᠬᠣᠶᠠᠷ ᠵᠢᠶᠠᠩ ᠬᠤᠸᠠᠢ ᠶ᠋ᠢᠨ ᠭᠠᠵᠠᠷ ᠢ᠋ ᠲᠠᠰᠤᠯᠤᠨ ᠬᠠᠰᠤᠵᠤ ᠠᠪᠤᠮᠤᠢ᠃ ᠬᠣᠶᠠᠳᠤᠭᠠᠷ ᠵᠦᠢᠯ ᠢᠨᠦ ᠡᠭᠦᠡᠴᠠ ᠵᠢᠯ ᠪᠦᠷᠢ ᠶ᠋ᠢᠨ ᠠᠯᠪᠠᠨ ᠲᠣᠭ᠎ᠠ ᠲᠣᠷᠭᠠᠮᠰᠤᠭ᠂ ᠰᠢᠷᠬᠡᠭ ᠱᠣ᠂ ᠲᠠᠪᠤᠨ ᠲᠦᠮᠡᠨ ᠪᠦᠲᠦᠨ ᠣᠷᠢᠶᠠᠳᠠᠰᠤ᠃ ᠭᠤᠷᠪᠠᠳᠤᠭᠠᠷ ᠵᠦᠢᠯ ᠢᠨᠦ ᠤᠯᠤᠰ ᠤ᠋ᠨ ᠡᠷᠬᠡ ᠲᠣᠪᠴᠢ ᠶ᠋ᠢ ᠪᠠᠷᠢᠭᠴᠢᠳ ᠢ᠋ ᠡᠷᠬᠡᠪᠰᠢ ᠲᠥᠪ ᠴᠢᠬᠡ ᠶᠡᠬᠡ ᠰᠠᠢᠳ ᠲᠤᠷ ᠡᠭᠡᠭᠦᠯᠦᠨ ᠥᠭᠴᠦ ᠮᠠᠨ ᠤ᠋ ᠤᠯᠤᠰ ᠲᠤᠷ ᠢᠷᠡᠭᠦᠯᠳ᠂ ᠶᠡᠬᠡ ᠦᠢᠯᠡ ᠶ᠋ᠢ ᠡᠪᠰᠡᠨ ᠬᠡᠯᠡᠯᠴᠡᠭᠦᠯ᠃ ᠳᠥᠷᠪᠡᠳᠦᠭᠡᠷ ᠵᠦᠢᠯ ᠢᠨᠦ᠂ ᠠᠯᠲᠠᠨ ᠤ᠋ ᠨᠡᠢᠲᠡ ᠵᠠᠩᠵᠤᠨ ᠴᠡᠷᠢᠭ ᠦ᠋ᠳ ᠢ᠋ ᠬᠤᠷᠢᠮᠯᠠᠨ᠂ ᠵᠣᠪᠠᠭᠰᠠᠨ ᠢ᠋ ᠲᠣᠬᠣᠷᠤᠭᠤᠯᠤᠨ ᠪᠠᠶᠠᠰᠬᠠᠬᠤ ᠮᠥᠩᠭᠥ ᠨᠢᠭᠡᠨ ᠮᠢᠩᠭᠠᠨ ᠲᠦᠮᠡᠨ ᠯᠠᠩ ᠬᠡᠮᠡᠮᠦᠢ 》ᠬᠡᠮᠡᠭᠡᠳ ᠦᠭᠡ ᠪᠡᠨ ᠬᠤᠷᠢᠶᠠᠭᠰᠠᠨ ᠳ᠋ᠤᠷ ᠬᠠᠨ ᠲᠦᠸᠧ ᠵᠧᠦ᠄ 
      《ᠲᠠᠪᠤᠳᠤᠭᠠᠷ ᠵᠦᠢᠯ ᠢᠨᠦ ᠶᠠᠭᠤᠨ ?》ᠹᠠᠩ ᠰᠢᠨ ᠿᠦ᠍ ᠥᠴᠢᠬᠦ ᠦᠭᠡᠢ᠂ ᠬᠠᠨ ᠲᠦᠸᠧ ᠵᠧᠦ ᠪᠠᠰᠠ ᠠᠰᠠᠭᠤᠷᠤᠨ : 
      《ᠲᠠᠪᠤᠳᠤᠭᠠᠷ ᠵᠦᠢᠯ ᠢᠨᠦ ᠶᠠᠭᠤᠨ ?》ᠹᠠᠩ ᠰᠢᠨ ᠿᠦ᠍ ᠪᠠᠰᠠ ᠬᠦ᠌ ᠳᠠᠭᠤᠨ ᠭᠠᠷᠬᠤ ᠦᠭᠡᠢ ᠳ᠋ᠦ᠍ᠷ ᠬᠠᠨ ᠲᠦᠸᠧ ᠵᠧᠦ ᠨᠡᠩ ᠰᠡᠵᠢᠭᠯᠡᠵᠦ᠂ ᠴᠢᠩᠭ᠎ᠠ ᠳᠠᠭᠤᠨ ᠢ᠋ᠶ᠋ᠠᠷ ᠥᠭᠦᠯᠡᠷᠦᠨ᠄ 
      《ᠲᠠᠪᠤᠳᠤᠭᠠᠷ ᠵᠦᠢᠯ ᠢ᠋ ᠴᠢ ᠶᠠᠭᠤᠡᠲᠤ ᠦᠯᠦ ᠥᠭᠦᠯᠡᠮᠦᠢ ? 》ᠬᠡᠮᠡᠭᠰᠡᠨ ᠳ᠋ᠦ᠍ᠷ ᠹᠠᠩ ᠰᠢᠨ ᠿᠦ᠍ ᠥᠷᠥᠭᠡᠰᠦᠨ ᠡᠪᠦᠳᠦᠭ ᠢ᠋ᠶ᠋ᠡᠷ ᠬᠦᠰᠡᠷ᠎ᠡ ᠰᠥᠭᠥᠳᠴᠦ ᠮᠡᠳᠡᠭᠦᠯᠦᠷᠦᠨ᠄ 
      《ᠲᠠᠪᠤᠳᠤᠭᠠᠷ ᠵᠦᠢᠯ ᠢ᠋ ᠥᠴᠦᠬᠡᠨ ᠲᠤᠰᠢᠶᠠᠯᠲᠠᠨ ᠠᠶᠤᠮᠰᠢᠭ ᠦᠭᠡᠢ ᠥᠴᠢᠨ ᠴᠢᠳᠠᠬᠤ ᠦᠭᠡᠢ 》ᠬᠡᠮᠡᠭᠰᠡᠨ ᠳ᠋ᠦ᠍ᠷ ᠬᠠᠨ ᠲᠦᠸᠧ ᠵᠧᠦ ᠤᠯᠠᠮ ᠢ᠋ᠶ᠋ᠠᠷ ᠰᠡᠵᠢᠭᠯᠡᠨ ᠴᠢᠬᠤᠯᠳᠠᠵᠤ᠂ ᠮᠠᠭᠤ ᠠᠪᠤᠷᠢ ᠬᠥᠳᠡᠯᠦᠨ ᠡᠭᠦᠰᠬᠡᠵᠦ ᠰᠢᠷᠡᠭᠡ ᠪᠡᠨ ᠠᠯᠠᠭᠠᠳᠠᠨ᠂ ᠨᠢᠳᠦ ᠪᠡᠨ ᠪᠦᠯᠲᠡᠢᠨ᠂ ᠬᠠᠰᠬᠢᠷᠤᠨ ᠵᠠᠩᠳᠠᠵᠤ ᠥᠭᠦᠯᠡᠷᠦᠨ: 
      《ᠬᠥᠮᠦᠨ ᠦ᠌ ᠬᠡᠯᠡᠭᠰᠡᠨ ᠦᠭᠡ ᠶ᠋ᠢ ᠶᠠᠭᠤᠨᠳᠣ ᠦᠯᠦ ᠬᠡᠯᠡᠮᠦᠢ ? ᠣᠳᠣ ᠡᠰᠡ ᠬᠡᠯᠡᠪᠡᠰᠦ ᠴᠢᠮᠠᠶ᠋ᠢ ᠳᠡᠭᠡᠳᠦᠰ ᠢ᠋ᠶ᠋ᠡᠨ ᠪᠠᠰᠤᠮᠵᠢᠯᠠᠭᠰᠠᠨ ᠶᠠᠯ᠎ᠠ ᠪᠠᠷ ᠰᠢᠳᠬᠡᠮᠦᠢ 》 ᠬᠡᠮᠡᠬᠦᠢ ᠳ᠋ᠦ᠍ᠷ ᠹᠠᠩ ᠰᠢᠨ ᠿᠦ᠍ ᠳᠣᠲᠣᠷ᠎ᠠ ᠪᠠᠬᠠᠨ ᠠᠬᠠᠰᠬᠢᠵᠦ᠂ ᠰᠢᠭᠤᠳ ᠬᠣᠶᠠᠷ ᠬᠥᠯ ᠢ᠋ᠶ᠋ᠡᠷ ᠰᠥᠭᠥᠳᠴᠦ ᠮᠥᠷᠭᠥᠭᠡᠳ ᠠᠯᠭᠤᠷ ᠢ᠋ᠶ᠋ᠠᠷ ᠤᠷᠤᠭᠰᠢ ᠮᠥᠯᠬᠥᠨ ᠡᠴᠢᠵᠦ ᠪᠥᠬᠥᠢᠨ ᠳᠣᠣᠷ᠎ᠠ ᠳᠠᠭᠤᠨ ᠢ᠋ᠶ᠋ᠠᠷ ᠮᠡᠳᠡᠭᠦᠯᠦᠷᠦᠨ: 
      《ᠲᠠᠪᠤᠳᠤᠭᠠᠷ ᠵᠦᠢᠯ ᠢᠨᠦ᠂ ᠠᠯᠲᠠᠨ ᠤᠯᠤᠰ ᠤ᠋ᠨ ᠬᠠᠭᠠᠨ ᠡᠷᠬᠡᠪᠰᠢ ᠡᠵᠡᠨ ᠴᠧᠩᠰᠢᠶᠠᠩ ᠨᠣᠶᠠᠨ ᠴᠢᠨᠦ ᠲᠡᠷᠢᠭᠦᠨ ᠦ᠌ ᠭᠡᠭᠡᠨ ᠢ᠋ ᠵᠠᠯᠠᠵᠤ ᠠᠪᠠᠴᠢᠮᠤᠢ ᠬᠡᠮᠡᠮᠦᠢ 》ᠬᠡᠮᠡᠭᠰᠡᠨ ᠳ᠋ᠦ᠍ᠷ ᠬᠠᠨ ᠲᠦᠸᠧ ᠵᠧᠦ ᠶ᠋ᠢᠨ ᠪᠦᠬᠦᠯᠢ ᠪᠡᠶ᠎ᠡ ᠵᠢᠷᠢᠰᠬᠢᠵᠦ ᠰᠢᠯᠢ ᠶ᠋ᠢᠨ ᠬᠦᠵᠦᠭᠦᠦ ᠤᠷᠤᠭᠤ ᠰᠢᠮᠰᠢᠷᠡᠨ ᠤᠨᠲᠠᠷᠠᠵᠤ ᠤᠷᠤᠭᠤᠳᠠᠭᠰᠠᠨ ᠳ᠋ᠤᠷ ᠪᠡᠶ᠎ᠡ ᠮᠥᠷᠥ ᠶᠡᠬᠡᠯ᠎ᠡ ᠬᠥᠰᠢᠵᠦ᠂ ᠬᠠᠮᠤᠭ ᠪᠡᠶ᠎ᠡ ᠠᠬᠳᠤᠷᠢᠨ ᠡᠡᠮᠦᠷ ᠦᠭᠡᠢ ᠪᠣᠯᠵᠤ᠂ ᠴᠢᠷᠠᠢ ᠶ᠋ᠢᠨ ᠥᠩᠭᠡ ᠬᠤᠪᠢᠯᠤᠨ ᠤᠷᠤᠭᠤᠯ ᠤ᠋ᠨ ᠴᠢᠰᠤ ᠴᠠᠢᠷᠠᠭᠠᠳ᠂ ᠠᠶ᠎ᠠ ᠭᠡᠮᠡᠨ ᠶᠡᠬᠡᠯ᠎ᠡ ᠬᠢᠯᠢᠩᠯᠡᠨ ᠠᠷᠤ ᠪᠠᠷ ᠬᠠᠨᠳᠠᠷᠤᠨ ᠤᠨᠠᠨ ᠬᠡᠪᠲᠡᠪᠡᠢ᠃ ᠡᠨᠡ ᠦᠨᠡᠬᠡᠷ: 
       ᠥᠪᠡᠷᠦᠨ ᠡᠵᠡᠨ ᠢ᠋ᠶ᠋ᠡᠷ ᠦᠭᠡᠨᠴᠡ ᠪᠠᠭᠤᠷᠠᠢ ᠭᠡᠮᠡᠨ ᠳᠠᠷᠤᠯᠠᠨ ᠦᠵᠡᠭᠴᠢ ᠶ᠋ᠢ  
       ᠦᠰᠦᠳ ᠡᠴᠢᠳᠡᠭ ᠡᠳᠦᠭᠡᠬᠢ ᠴᠠᠭ ᠤ᠋ᠨ ᠲᠦᠰᠢᠮᠡᠳ ᠬᠡᠮᠡᠭᠴᠢᠳ ᠢ᠋ᠶ᠋ᠡᠷ ᠦᠵᠡᠭᠳᠡᠬᠦᠢ᠃ 
       ᠦᠨᠡᠩᠬᠦ ᠬᠠᠭᠠᠨ ᠠᠨᠤ ᠲᠡᠭᠦᠨ ᠢ᠋ ᠬᠡᠷᠬᠢᠵᠦ ᠴᠦ᠍ ᠦᠯᠦ ᠴᠢᠳᠠᠨᠠᠮ ᠪᠥᠭᠡᠲᠡᠯ᠎ᠡ 
       ᠥᠪᠡᠷ᠎ᠡ ᠤᠯᠤᠰ ᠤ᠋ᠨ ᠡᠵᠡᠳ ᠬᠠᠷᠢᠨ ᠳᠡᠭᠦᠨᠦ ᠲᠡᠷᠢᠭᠦᠨ ᠦ᠌ ᠭᠡᠭᠡᠨ ᠢ᠋ ᠰᠠᠨᠠᠵᠤᠬᠤᠢ᠃ 

       ᠲᠡᠭᠦᠨᠴᠡ ᠬᠠᠨ ᠲᠦᠸᠧ ᠵᠧᠦ ᠶᠡᠬᠡᠯ᠎ᠡ ᠢᠴᠢᠩᠭᠦᠷᠡᠨ ᠲᠡᠨᠴᠢᠭᠦᠷᠡᠵᠦ ᠬᠠᠷᠠᠩᠭᠤᠢ ᠬᠢᠯᠢᠩ ᠢ᠋ᠶ᠋ᠡᠷ ᠹᠠᠩ ᠰᠢᠨ ᠿᠦ᠍ ᠶ᠋ᠢᠨ ᠭᠤᠷᠪᠠᠨ ᠵᠡᠷᠭᠡ ᠲᠤᠰᠢᠶᠠᠯ ᠬᠡᠷᠬᠡᠮ ᠴᠣᠯᠠ ᠲᠠᠢ ᠴᠥᠮ ᠡᠪᠳᠡᠭᠡᠳ᠂ ᠯᠢᠨ ᠵᠢᠶᠠᠩ ᠮᠥᠷᠡᠨ ᠦ᠌ ᠴᠡᠷᠢᠭ ᠦ᠋ᠨ ᠬᠦᠷᠢᠶ᠎ᠡ ᠳ᠋ᠦ᠍ᠷ ᠴᠦᠯᠡᠵᠦ ᠢᠯᠡᠭᠡᠪᠡ᠃ ᠬᠥᠭᠡᠷᠦᠬᠦᠢ ᠹᠠᠩ ᠰᠢᠨ ᠿᠦ᠍᠂ ᠤᠷᠢᠳ ᠬᠣᠵᠢᠳ ᠲᠠᠢ ᠠᠯᠲᠠᠨ ᠤᠯᠤᠰ ᠤ᠋ᠨ ᠴᠡᠷᠢᠭ ᠦ᠋ᠨ ᠬᠦᠷᠢᠶᠡᠨ ᠦ᠌ ᠦᠬᠦᠯ ᠦ᠋ᠨ ᠭᠠᠵᠠᠷ ᠭᠤᠷᠪᠠᠨ ᠤᠳᠠᠭ᠎ᠠ ᠡᠯᠴᠢᠯᠡᠨ ᠣᠷᠣᠵᠤ᠂ ᠤᠷᠤᠭᠤᠯ ᠬᠡᠯᠡᠨ ᠦ᠌ ᠬᠤᠷᠴᠠ ᠰᠠᠢᠨ ᠢ᠋ᠶ᠋ᠠᠷ ᠳᠠᠢᠰᠤᠨ ᠤᠯᠤᠰ ᠡᠰᠡᠷᠭᠦᠴᠡᠯ ᠦ᠋ᠨ ᠡᠲᠡᠭᠡᠳ ᠲᠣᠷ ᠥᠷᠢᠰᠦᠯᠳᠦᠨ ᠲᠤᠯᠵᠤ᠂ ᠬᠡᠳᠦᠢᠪᠡᠷ ᠡᠪᠰᠡᠨ ᠡᠶᠡᠳᠡᠭᠦᠯᠵᠦ ᠡᠰᠡ ᠴᠢᠳᠠᠭᠰᠠᠨ ᠪᠣᠯᠪᠠᠴᠤ ᠪᠠᠷ ᠡᠴᠦᠰ ᠦ᠋ᠨ ᠬᠡᠯᠡᠯᠴᠡᠨ ᠡᠶᠡᠳᠡᠬᠦ ᠵᠠᠮ ᠮᠥᠷ ᠦ᠋ᠨ ᠡᠭᠦᠳᠡ ᠬᠠᠭᠠᠯᠭ᠎ᠠ ᠪᠣᠯᠪᠠᠰᠤ ᠡᠭᠦᠨᠦ ᠨᠡᠭᠡᠭᠡᠭᠰᠡᠨ ᠪᠥᠭᠡᠳ ᠡᠨᠡ ᠡᠭᠦᠳᠡ ᠪᠡᠷ ᠶᠠᠪᠤᠭᠰᠠᠭᠠᠷ ᠡᠴᠦᠰ ᠲᠦ᠍ᠷ ᠡᠨᠡ ᠪᠡᠯᠡᠭ ᠲᠡᠮᠷᠡᠢ ᠪᠡᠷ ᠡᠷᠭᠢᠨ ᠬᠠᠨ ᠲᠦᠸᠧ ᠵᠧᠦ ᠶ᠋ᠢᠨ ᠡᠷᠳᠡᠨᠢ ᠶ᠋ᠢᠨ ᠲᠡᠷᠢᠭᠦᠨ ᠦ᠌ ᠭᠡᠭᠡᠨ ᠢ᠋ ᠡᠭᠡᠨᠡᠭᠲᠡ ᠠᠯᠲᠠᠨ ᠤᠯᠤᠰ ᠤ᠋ᠨ ᠬᠠᠭᠠᠨ ᠤ᠋ ᠲᠥᠷᠥ ᠳ᠋ᠦ᠍ᠷ ᠵᠠᠯᠠᠵᠤ ᠠᠪᠠᠴᠢᠭᠰᠠᠨ ᠠᠨᠤ ᠮᠥᠨ ᠬᠦ᠌ ᠡᠭᠦᠨᠴᠡ ᠡᠬᠢᠯᠡᠨ ᠡᠭᠦᠰᠦᠭᠰᠡᠨ ᠦᠢᠯᠡ ᠪᠣᠯᠠᠢ᠃ ᠰᠤᠯᠠ ᠦᠭᠡᠰ ᠬᠡᠷᠡᠭ ᠦᠭᠡᠢ᠃ 
       ᠲᠡᠭᠦᠨᠴᠡ ᠹᠠᠩ ᠰᠢᠨ ᠿᠦ᠍ ᠶ᠋ᠢ ᠨᠢᠭᠡᠨᠲᠡ ᠰᠤᠯᠠ ᠢᠷᠭᠡᠨ ᠪᠣᠯᠭᠠᠭᠰᠠᠨ ᠲᠤᠯᠠ ᠲᠡᠭᠦᠨ ᠢ᠋ ᠳᠠᠬᠢᠨ ᠢᠯᠡᠭᠡᠵᠦ ᠪᠣᠯᠬᠤ ᠦᠭᠡᠢ ᠪᠣᠯᠤᠭᠠᠳ᠂ ᠠᠷᠭ᠎ᠠ ᠦᠭᠡᠢ ᠳ᠋ᠡᠭᠡᠨ ᠲᠠᠩᠬᠢᠮ ᠤ᠋ᠨ ᠳᠣᠣᠷᠠᠬᠢ ᠵᠠᠷᠤᠴᠠ ᠲᠦᠰᠢᠮᠡᠯ ᠣᠪᠣᠭ ᠸᠠᠩ᠂ ᠨᠡᠷ᠎ᠡ ᠶᠠᠨ ᠬᠡᠮᠡᠭᠴᠢ ᠶ᠋ᠢ ᠹᠠᠩ ᠰᠢᠨ ᠿᠦ᠍ ᠶ᠋ᠢᠨ ᠣᠷᠣᠨ ᠳ᠋ᠤᠷ ᠬᠡᠯᠡᠯᠴᠡᠨ ᠡᠶᠡᠳᠡᠬᠦ ᠮᠡᠳᠡᠭᠡᠨ ᠦ᠌ ᠡᠯᠴᠢ ᠲᠦᠰᠢᠮᠡᠯ ᠪᠣᠯᠭᠠᠨ ᠢᠦ ᠱᠢ ᠯᠠᠩ ᠵᠦᠩ ᠲᠦᠰᠢᠮᠡᠯ ᠥᠭᠴᠦ᠂ ᠳᠠᠬᠢᠨ ᠡᠪᠰᠡᠨ ᠡᠶᠡᠳᠡᠬᠦ ᠶ᠋ᠢ ᠬᠡᠯᠡᠯᠴᠡᠬᠦ ᠲᠠᠮᠠᠭᠠᠲᠤ ᠪᠢᠴᠢᠭ ᠢ᠋ ᠡᠭᠦᠷᠦᠭᠦᠯᠦᠨ᠂ ᠬᠣᠢᠲᠤ ᠵᠦᠭ ᠦ᠋ᠨ ᠴᠡᠷᠢᠭ ᠦ᠋ᠨ ᠬᠦᠷᠢᠶ᠎ᠡ ᠳ᠋ᠦ᠍ᠷ ᠢᠯᠡᠭᠡᠪᠡ᠃ ᠡᠨᠡ ᠮᠡᠳᠡᠭᠡᠨ ᠦ᠌ ᠲᠦᠰᠢᠮᠡᠯ ᠸᠠᠩ ᠶᠠᠨ ᠬᠡᠮᠡᠭᠴᠢ ᠡᠷᠲᠡᠨ ᠦ᠌ ᠸᠠᠩ ᠯᠦᠨ ᠬᠡᠮᠡᠭᠴᠢ ᠶ᠋ᠢᠨ ᠠᠴᠢ ᠬᠥᠪᠡᠭᠦᠨ ᠪᠣᠯᠬᠤ ᠪᠥᠯᠥᠭᠡ᠃ ᠡᠨᠡ ᠢᠨᠤ ᠬᠤᠸᠠᠩᠬᠡᠦ ᠬᠢᠭᠡᠳ ᠲᠠᠢᠽᠢ ᠶ᠋ᠢᠨ ᠬᠡᠯᠡᠯᠴᠡᠭᠦᠯᠬᠦ ᠬᠡᠷᠡᠭ᠂ ᠬᠠᠨ ᠲᠦᠸᠧ ᠵᠧᠦ ᠡᠴᠡ ᠨᠢᠭᠤᠵᠤ ᠶᠠᠪᠤᠭᠤᠯᠬᠤ ᠦᠢᠯᠡ ᠮᠥᠨ᠃ ᠮᠥᠨ ᠡᠨᠡ ᠶᠢᠰᠦᠨ ᠰᠡᠷᠡᠳᠡ᠂ ᠤᠷᠢᠳᠠ ᠶ᠋ᠢᠨ ᠪᠡᠶ᠎ᠡ ᠬᠠᠯᠢᠵᠤ ᠴᠧᠩ ᠰᠦ᠍ ᠬᠤᠸᠠᠩᠬᠡᠦ ᠭᠡᠮᠡᠨ ᠨᠡᠬᠡᠵᠦ ᠡᠷᠭᠦᠮᠵᠢᠯᠡᠭᠰᠡᠨ ᠲᠠᠢᠬᠡᠦ ᠶ᠋ᠢ ᠰᠠᠶᠢ ᠶᠡᠬᠡ ᠬᠠᠭᠠᠨ ᠤ᠋ ᠮᠣᠩᠭᠣᠨ ᠤ᠋ ᠣᠷᠲᠣᠨ᠎ᠠ ᠰᠢᠷᠣᠢ ᠳ᠋ᠤᠷ ᠣᠷᠣᠰᠢᠭᠤᠯᠤᠨ ᠭᠠᠰᠠᠯᠠᠩ ᠢ᠋ ᠰᠠᠶᠢ ᠬᠣᠷᠢᠶᠠᠨ ᠲᠡᠭᠦᠰᠬᠡᠪᠡ᠃ ᠮᠥᠨ ᠡᠨᠡ ᠶᠢᠰᠦᠨ ᠰᠡᠷᠡᠳᠡ᠂ ᠰᠥᠩ ᠤᠯᠤᠰ ᠤ᠋ᠨ ᠤᠭᠰᠠᠭ᠎ᠠ ᠶ᠋ᠢᠨ ᠣᠪᠣᠭ ᠵᠣᠣ᠂ ᠨᠡᠷ᠎ᠡ ᠴᠦᠨ ᠬᠡᠮᠡᠭᠴᠢ ᠶ᠋ᠢ ᠵᠢᠶᠠᠩ ᠬᠤᠸᠠᠢ ᠶ᠋ᠢᠨ ᠴᠡᠷᠢᠭ ᠮᠣᠷᠢᠨ ᠢ᠋ ᠨᠡᠢᠭᠡᠮᠯᠡᠨ ᠵᠠᠬᠢᠷᠬᠤ ᠶᠡᠬᠡ ᡁᠢ ᡁᠢ ᠱᠢ ᠲᠦᠰᠢᠮᠡᠯ ᠡᠷᠭᠦᠮᠵᠢᠯᠡᠭᠡᠳ᠂ ᠠᠩᠬᠠᠨ ᠤ᠋ ᠵᠢᠰᠢᠭᠰᠡᠨ ᠸᠠᠩ ᠶᠠᠨ ᠢ᠋ ᠪᠠᠢᠯᠭᠠᠪᠠ᠃ ᠡᠨᠡ ᠴᠦ᠍ ᠬᠠᠨ ᠲᠦᠸᠧ ᠵᠧᠦ ᠶ᠋ᠢᠨ ᠲᠣᠯᠣᠭᠠᠢ ᠶ᠋ᠢ ᠠᠪᠤᠮᠤᠢ ᠬᠡᠮᠡᠭᠰᠡᠨ ᠡᠴᠡ ᠪᠣᠯᠵᠤᠬᠤᠢ᠃ ᠬᠠᠨ ᠲᠦᠸᠧ ᠵᠧᠦ ᠨᠢᠭᠡᠨᠲᠡ ᠬᠢᠯᠢᠩᠯᠡᠭᠰᠡᠨ ᠡᠴᠡ ᠲᠥᠷᠥ ᠶ᠋ᠢᠨ ᠢᠯᠡ ᠳ᠋ᠦ᠍ᠷ ᠠᠯᠲᠠᠨ ᠤᠯᠤᠰ ᠯᠤᠭ᠎ᠠ ᠡᠪᠰᠡᠮᠦᠢ ᠡᠶᠡᠳᠡᠮᠦᠢ ᠭᠡᠮᠡᠨ ᠬᠡᠯᠡᠯᠴᠡᠬᠦ ᠶᠠᠪᠤᠳᠠᠯ ᠢ᠋ ᠨᠢᠭᠡᠮᠦᠰᠦᠨ ᠲᠠᠰᠤᠷ ᠵᠣᠭᠰᠣᠭᠠᠵᠤ ᠂ ᠳᠠᠬᠢᠨ ᠪᠠᠰᠠ ᠶᠡᠬᠡ ᠡᠳ᠋ ᠢ᠋ ᠴᠤᠭᠯᠠᠭᠤᠯᠤᠨ᠂ ᠢᠷᠭᠡᠨ ᠦ᠌ ᠬᠦᠴᠦᠨ ᠢ᠋ ᠮᠣᠬᠣᠭᠠᠨ ᠬᠠᠭᠠᠨ ᠤ᠋ ᠰᠠᠩ ᠬᠠᠰᠢᠯᠭ᠎ᠠ ᠶ᠋ᠢ ᠤᠷᠪᠠᠭᠤᠯᠤᠨ ᠠᠭᠤᠳᠠᠯᠵᠤ ᠪᠠᠢᠯᠳᠤᠬᠤ ᠲᠤᠯᠬᠤ ᠴᠡᠷᠢᠭᠯᠡᠬᠦ ᠠᠯᠠᠯᠳᠤᠬᠤ᠂ ᠵᠠᠩᠵᠤᠨ᠎ ᠢ ᠰᠣᠩᠭᠣᠨ᠂ ᠴᠡᠷᠢᠭ ᠢ᠋ ᠰᠢᠯᠭᠠᠨ᠂ ᠵᠣᠣ ᠴᠦᠨ ᠢ᠋ᠶ᠋ᠡᠷ ᠮᠥᠷᠡᠨ ᠦ᠌ ᠬᠥᠪᠡᠭᠡ ᠶ᠋ᠢᠨ ᠵᠢᠶᠠᠩ ᠬᠤᠸᠠᠢ ᠶ᠋ᠢᠨ ᠶᠡᠬᠡ ᠴᠡᠷᠢᠭ ᠮᠣᠷᠢᠨ ᠤ᠋ ᠳᠦ ᠴᠠ ᠵᠢᠶᠦ᠋ᠨ  ᠮᠠ ᠪᠣᠯᠭᠠᠨ ᠵᠠᠬᠢᠷᠤᠭᠤᠯᠵᠤ᠂ ᠸᠠᠩ ᠶᠠᠨ ᠢ᠋ ᠺᠠᠢ ᠱᠤ᠌ ᠹᠦ ᠳ᠋ᠦ᠍ᠷ ᠢᠯᠡᠭᠡᠵᠦ᠂ ᠲᠡᠭᠦᠨ ᠡᠴᠡ ᠮᠥᠨ ᠶᠢᠰᠦᠨ ᠰᠡᠷᠡᠳᠡ᠂ ᠬᠠᠨ ᠲᠦᠸᠧ ᠵᠧᠦ ᠡᠬᠢᠯᠡᠨ ᠴᠡᠷᠢᠭ ᠬᠥᠳᠡᠯᠭᠡᠵᠦ᠂ ᠠᠷᠪᠠᠨ ᠰᠠᠷ᠎ᠠ ᠶ᠋ᠢᠨ ᠳᠣᠲᠣᠷ᠎ᠠ ᠬᠠᠨ ᠲᠦᠸᠧ ᠵᠧᠦ ᠶ᠋ᠢᠨ ᠵᠠᠩᠵᠤᠨ ᠴᠡᠷᠢᠭ ᠬᠤᠶᠠᠭ ᠮᠣᠷᠢ ᠪᠠ ᠠᠮᠤ ᠬᠦᠨᠡᠰᠦ ᠵᠠᠷ ᠵᠡᠪᠰᠡᠭ ᠲᠣᠷ ᠨᠡᠢᠲᠡ ᠬᠡᠷᠡᠭᠯᠡᠭᠰᠡᠨ ᠪᠡᠯᠡᠨ ᠪᠦᠬᠦᠢ ᠠᠯᠪᠠᠨ ᠬᠣᠭᠣᠷᠣᠨᠳᠣ ᠶ᠋ᠢᠨ ᠵᠣᠭᠣᠰ ᠭᠤᠷᠪᠠᠨ ᠵᠠᠭᠤᠨ ᠳᠠᠯᠠᠨ ᠲᠦᠮᠡᠨ ᠬᠡᠯᠬᠢᠶ᠎ᠡ ᠶ᠋ᠢ ᠪᠠᠷᠠᠲᠠᠯ᠎ᠠ ᠰᠦᠢᠳᠬᠡᠨ ᠠᠷᠢᠯᠭᠠᠭᠠᠳ ᠨᠢᠭᠡᠨ ᠤᠳᠠᠭ᠎ᠠ ᠴᠤ᠌ ᠪᠠᠢᠯᠳᠤᠨ ᠡᠰᠡ ᠴᠢᠳᠠᠭᠠᠳ᠂ ᠨᠢᠭᠡᠬᠡᠨ ᠴᠡᠷᠢᠭ ᠢ᠋ ᠴᠦ᠍ ᠠᠯᠠᠵᠤ ᠡᠰᠡ ᠴᠢᠳᠠᠨ᠂ ᠦᠰᠦᠨ ᠦ᠌ ᠲᠡᠳᠦᠢ ᠭᠠᠪᠢᠶ᠎ᠠ ᠡᠰᠡ ᠪᠦᠲᠦᠭᠡᠵᠦ᠂ ᠡᠳ᠋ ᠳᠠᠭᠤᠰᠤᠮᠠᠭᠴᠠ᠂ ᠴᠡᠷᠢᠭ ᠳᠠᠷᠤᠢ ᠰᠠᠷᠨᠢᠯᠴᠠᠨ᠂ ᠬᠠᠭᠤᠴᠢᠨ ᠰᠢᠨ᠎ᠡ ᠴᠡᠷᠢᠭ ᠢᠷᠭᠡᠨ ᠡᠯᠡᠭᠯᠡᠯᠴᠡᠨ ᠢᠨᠢᠶᠡᠯᠴᠡᠬᠦ ᠪᠡᠨ ᠰᠢᠭᠤᠳ ᠨᠢᠭᠤᠨ ᠳᠠᠯᠳᠠᠯᠠᠯᠴᠠᠬᠤ ᠦᠭᠡᠢ ᠪᠣᠯᠪᠠ᠃ ᠬᠠᠨ ᠲᠦᠸᠧ ᠵᠧᠦ ᠶ᠋ᠢᠨ ᠳᠣᠲᠣᠷ᠎ᠠ ᠭᠠᠳᠠᠨ᠎ᠠ ᠶ᠋ᠢᠨ ᠬᠣᠷᠰᠢᠶ᠎ᠠ ᠨᠠᠷ ᠴᠤ᠌ ᠢᠴᠢᠩᠭᠦᠷᠡᠴᠡᠭᠡᠪᠡᠢ᠃ ᠡᠨᠡ ᠨᠢᠭᠡᠨ ᠬᠡᠰᠡᠭ ᠢ᠋《ᠰᠢᠦᠢ ᡁᠢ ᠭᠠᠩ ᠮᠦ᠍ ᠪᠢᠴᠢᠭ 》ᠲᠣᠷ ᠰᠠᠮᠠᠭᠤᠨ ᠰᠠᠢᠳ᠂ ᠬᠤᠯᠠᠭᠠᠢ ᠶ᠋ᠢᠨ ᠵᠤᠯᠵᠠᠭ᠎ᠠ ᠶ᠋ᠢᠨ ᠨᠢᠭᠡᠬᠡᠨ ᠭᠢᠯᠢᠭᠯᠡᠯ ᠳ᠋ᠦ᠍ᠷ ᠰᠥᠩ ᠤᠯᠤᠰ ᠤ᠋ᠨ ᠭᠤᠷᠪᠠᠨ ᠵᠠᠭᠤᠨ ᠳᠠᠯᠠᠨ ᠲᠦᠮᠡᠨ ᠬᠡᠯᠬᠢᠶ᠎ᠡ ᠵᠣᠭᠣᠰ ᠢ᠋ ᠳᠠᠯᠠᠢ ᠳ᠋ᠤᠷ ᠴᠢᠳᠬᠤᠪᠠ ᠬᠡᠮᠡᠭᠰᠡᠨ ᠪᠤᠶᠤ᠃ ᠡᠨᠡ ᠯᠠᠪ ᠨᠢᠭᠡᠨ ᠫᠤᠤ ᠶ᠋ᠢᠨ ᠳᠠᠭᠤᠨ ᠴᠤ᠌ ᠭᠠᠷᠤᠭᠰᠠᠨ ᠦᠭᠡᠢ ᠪᠡᠷ ᠪᠤᠰᠠᠨᠢᠨ ᠰᠠᠷᠨᠢᠵᠤᠬᠤᠢ᠃ ᠡᠨᠡ ᠨᠢᠭᠡᠨ ᠦᠰ ᠠᠪᠬᠤ ᠴᠡᠷᠢᠭ ᠭᠡᠮᠡᠨ ᠨᠢᠳᠤᠨᠤᠨ ᠤ᠋ ᠤᠯᠠᠭᠠᠨ ᠪᠠᠷᠰ ᠵᠢᠯ ᠡᠴᠡ ᠡᠬᠢᠯᠡᠭᠰᠡᠨ ᠡᠴᠡ ᠡᠳᠦᠭᠡ ᠳ᠋ᠦ᠍ᠷ ᠭᠦᠷᠦᠨ ᠬᠦᠷᠲᠡᠯ᠎ᠡ᠂ ᠲᠣᠪᠴᠢᠶᠠᠯᠠᠨ ᠬᠤᠷᠢᠶᠠᠵᠤ ᠬᠡᠯᠡᠪᠡᠰᠦ᠂ ᠱᠤ᠌ ᠸᠠᠩ ᠪᠣᠯᠤᠭᠰᠠᠨ ᠡᠤ ᠰᠢ ᠶ᠋ᠢᠨ ᠴᠡᠷᠢᠭ ᠲᠡᠵᠢᠭᠡᠭᠰᠡᠨ ᠴᠦ᠍ ᠮᠥᠨ ᠡᠨᠡ ᠬᠠᠨ ᠲᠦᠸᠧ ᠵᠧᠦ ᠶ᠋ᠢᠨ ᠵᠠᠬᠢᠶ᠎ᠠ ᠴᠠᠭᠠᠵᠠ ᠪᠠᠷ ᠪᠠᠢᠭᠤᠯᠤᠭᠰᠠᠨ ᠪᠣᠯᠠᠢ᠃ ᠡᠨᠡ ᠴᠡᠷᠢᠭ ᠦ᠋ᠨ ᠬᠡᠷᠡᠭ ᠢ᠋ ᠰᠡᠳᠦᠵᠦ ᠡᠬᠢᠯᠡᠭᠰᠡᠨ ᠡᠴᠡ ᠢᠨᠠᠭᠰᠢ᠂ ᠪᠠᠷᠠᠭᠤᠨ ᠱᠤ᠌ ᠭᠠᠵᠠᠷ ᠤ᠋ᠨ ᠰᠧ ᠴᠤᠸᠠᠨ ᠤ᠋ ᠠᠮᠠᠨ ᠪᠠ ᠪᠠᠰᠠ ᠬᠠᠨ ᠤᠯᠤᠰ ᠤ᠋ᠨ ᠬᠠᠭᠤᠴᠢᠨ ᠭᠠᠵᠠᠷ ᠬᠢᠭᠡᠳ ᠬᠤᠸᠠᠢ ᠳ᠋ᠦᠩ᠂ ᠬᠤᠸᠠᠢ ᠰᠢ ᠶ᠋ᠢᠨ ᠮᠥᠷᠡᠨ ᠤ ᠡᠮᠦᠨ᠎ᠡ ᠤᠮᠠᠷ᠎ᠠ ᠶ᠋ᠢᠨ ᠵᠠᠭᠤᠨ ᠣᠪᠣᠭᠲᠠᠨ ᠤ᠋ ᠬᠢᠲᠠᠳ ᠢᠷᠭᠡᠳ ᠦ᠋ᠨ ᠬᠣᠶᠠᠷ ᠡᠲᠡᠭᠡᠳ ᠦ᠋ᠨ ᠴᠡᠷᠢᠭ ᠲᠡᠢᠨ ᠳ᠋ᠦ᠍ᠷ ᠬᠠᠪᠴᠢᠭᠳᠠᠵᠤ ᠠᠯᠠᠭᠳᠠᠭᠰᠠᠨ᠂ ᠥᠯᠥᠨ ᠵᠤᠳ ᠤ᠋ᠨ ᠭᠠᠮᠰᠢᠭ ᠲᠤᠷ ᠥᠯᠪᠡᠷᠴᠦ ᠦᠬᠦᠵᠦ ᠪᠤᠰᠠᠨᠢᠭᠰᠠᠨ᠂ ᠥᠪᠡᠷ ᠪᠠ ᠪᠤᠰᠤᠳ ᠤ᠋ᠨ ᠴᠡᠷᠢᠭ ᠦ᠋ᠨ ᠬᠥᠯ ᠳ᠋ᠦ᠍ᠷ ᠳᠠᠭᠠᠷᠢᠭᠳᠠᠨ ᠭᠢᠰᠬᠢᠯᠡᠭᠳᠡᠨ ᠲᠠᠯᠬᠠᠭᠳᠠᠵᠤ ᠦᠬᠦᠭᠰᠡᠨ᠂ ᠮᠥᠬᠥᠵᠦ ᠰᠥᠨᠥᠭᠰᠡᠨ᠂ ᠪᠤᠳᠠᠷᠠᠯᠳᠤᠨ ᠰᠠᠷᠨᠢᠯᠴᠠᠨ᠂ ᠪᠤᠰᠤ ᠰᠠᠮᠠᠭᠤᠨ ᠤ᠋ ᠭᠠᠵᠠᠷ ᠣᠷᠣᠨ ᠤ᠋ ᠥᠪᠡᠷ ᠦ᠋ᠨ ᠡᠳᠦᠭᠰᠡᠨ ᠠᠭᠤᠯᠠ ᠬᠡᠭᠡᠷ᠎ᠡ ᠶ᠋ᠢᠨ ᠬᠤᠯᠠᠭᠠᠢ ᠳ᠋ᠤᠷ ᠠᠯᠠᠭᠳᠠᠭᠰᠠᠨ ᠲᠠᠢ ᠦᠨᠡᠬᠡᠷ ᠴᠦ᠍ ᠲᠣᠭᠠᠯᠠᠪᠠᠴᠤ ᠪᠠᠷᠠᠰᠢ ᠦᠭᠡᠢ᠂ ᠲᠣᠭ᠎ᠠ ᠲᠣᠮᠰᠢ ᠦᠭᠡᠢ ᠶ᠋ᠢᠨ ᠳᠡᠭᠡᠷ᠎ᠡ ᠨᠡᠩ ᠪᠠᠰᠠ ᠤᠯᠤᠰ ᠲᠥᠷᠥ ᠶ᠋ᠢᠨ ᠠᠯᠪᠠᠨ ᠬᠣᠭᠣᠷᠣᠨᠳᠣ ᠶ᠋ᠢᠨ ᠲᠦᠰᠢᠮᠡᠯ ᠴᠡᠷᠢᠭ ᠦ᠋ᠨ ᠪᠠᠢᠯᠳᠤᠵᠤ ᠠᠯᠠᠭᠳᠠᠭᠰᠠᠨ᠂ ᠥᠪᠡᠷᠦᠨ ᠠᠮᠢᠳᠤᠷᠠᠯ ᠤ᠋ᠨ ᠬᠤᠳᠠᠯᠳᠤᠭᠠᠴᠢᠨ ᠲᠠᠷᠢᠶᠠᠴᠢᠨ ᠠ᠋ᠴᠠ ᠳᠠᠷᠠᠭᠠᠯᠠᠨ᠂ ᠵᠧᠦ ᠰᠢᠶᠠᠨ ᠤ᠋ ᠰᠠᠩ ᠬᠥᠮᠥᠷᠭᠡ ᠶ᠋ᠢᠨ ᠲᠦᠰᠢᠮᠡᠯ ᠦ᠋ᠨ ᠡᠳ᠋᠂ ᠢᠷᠭᠡᠳ ᠦ᠋ᠨ ᠬᠦᠴᠦᠨ᠂ ᠬᠣᠶᠠᠷ ᠡᠲᠡᠭᠡᠳ ᠦ᠋ᠨ ᠡᠳ᠋ ᠮᠥᠩᠭᠥ ᠶ᠋ᠢ ᠰᠦᠢᠳᠬᠡᠨ ᠪᠦᠷᠢᠯᠭᠡᠭᠰᠡᠨ ᠢ᠋ ᠦᠨᠡᠨ ᠢ᠋ᠶ᠋ᠡᠷ ᠲᠣᠭ᠎ᠠ ᠬᠡᠮᠵᠢᠶ᠎ᠡ ᠶ᠋ᠢ ᠪᠠᠷᠤᠭᠯᠠᠨ ᠬᠡᠯᠡᠬᠦ ᠲᠡᠮᠳᠡᠭ ᠲᠣᠪᠴᠢᠶ᠎ᠠ ᠴᠤ᠌ ᠦᠭᠡᠢ ᠪᠣᠯᠵᠤᠬᠤᠢ᠃ ᠬᠡᠳᠦᠢᠴᠢᠨᠡᠭᠡᠨ ᠲᠦᠮᠡᠨ ᠲᠦᠮᠡᠨ ᠦ᠌ ᠦᠨ᠎ᠡ ᠬᠦᠷᠬᠦ ᠢᠷᠭᠡᠨ ᠦ᠌ ᠲᠡᠭᠰᠢ ᠰᠠᠢᠨ ᠲᠠᠷᠢᠶ᠎ᠠ ᠳᠠᠢᠰᠤᠨ ᠤ᠋ ᠣᠢᠷᠠᠯᠴᠠᠭ᠎ᠠ ᠠᠨᠤ ᠴᠥᠮ ᠲᠡᠭᠰᠢ ᠲᠠᠯᠠᠪᠤᠷ ᠤ᠋ᠨ ᠰᠢᠷᠠᠯᠵᠢ ᠶ᠋ᠢᠨ ᠪᠡᠯᠴᠢᠭᠡᠷ ᠪᠣᠯᠤᠭᠠᠳ ᠴᠡᠷᠢᠭ ᠦ᠋ᠨ ᠮᠣᠷᠢᠳ ᠢ᠋ ᠠᠳᠤᠭᠤᠯᠠᠮᠤᠢ᠃ ᠠᠯᠪᠠᠨ ᠤ᠋ ᠡᠳ᠋᠂ ᠢᠷᠭᠡᠳ ᠦ᠋ᠨ ᠬᠦᠴᠦᠨ ᠨᠢᠭᠡᠨᠲᠡ ᠲᠠᠰᠤᠷᠠᠨ ᠰᠦᠢᠳᠴᠦᠬᠦᠢ᠃ ᠡᠭᠦᠨ ᠳ᠋ᠦ᠍ᠷ ᠬᠣᠯᠠ ᠣᠢᠷ᠎ᠠ᠂ ᠭᠠᠳᠠᠭᠠᠳᠤ ᠳᠣᠲᠣᠭᠠᠳᠤ ᠶ᠋ᠢᠨ ᠲᠦᠰᠢᠮᠡᠯ ᠲᠥᠰᠢᠶ᠎ᠡ᠂ ᠴᠡᠷᠢᠭ ᠢᠷᠭᠡᠳ ᠴᠥᠮ ᠢ᠋ᠶ᠋ᠡᠷ ᠴᠢᠷᠠᠢ ᠠᠯᠳᠠᠯᠴᠠᠵᠤ᠂ ᠳᠠᠢᠰᠤᠨ ᠤ᠋ ᠡᠲᠡᠭᠡᠳ ᠡᠴᠡ ᠠᠶᠤᠯᠳᠤᠬᠤ ᠠ᠋ᠴᠠ ᠢᠯᠡᠭᠦᠦ᠂ ᠠᠶᠤᠨ ᠡᠮᠢᠶᠡᠯᠴᠡᠨ᠂ ᠢᠯᠡᠷᠬᠡᠢ ᠪᠡᠷ ᠭᠠᠰᠠᠯᠠᠯᠴᠠᠨ᠂ ᠬᠠᠰᠬᠢᠷᠤᠯᠳᠤᠨ ᠤᠬᠢᠯᠠᠯᠴᠠᠨ ᠶᠡᠬᠡᠳᠡ ᠦᠢᠮᠡᠯᠳᠦᠬᠦᠢ ᠳ᠋ᠦ᠍ᠷ ᠰᠥᠩ ᠤᠯᠤᠰ ᠤ᠋ᠨ ᠶᠣᠰᠣᠯᠠᠯ ᠤ᠋ᠨ ᠵᠤᠷᠭᠠᠨ ᠤ᠋ ᠯᠢ ᠪᠦ ᠱᠢ ᠯᠠᠩ ᠲᠦᠰᠢᠮᠡᠯ ᠣᠪᠣᠭ ᠱᠢ᠂ ᠨᠡᠷ᠎ᠡ ᠮᠢ ᠶᠤᠸᠠᠨ᠂ ᠼᠢ ᠱᠠᠨ ᠳᠠᠩ ᠶᠠᠮᠤᠨ ᠢ᠋ ᠬᠠᠮᠢᠶᠠᠷᠤᠨ ᠵᠠᠬᠢᠷᠴᠤ᠂ ᠰᠠᠢᠨ ᠢ᠋ ᠳᠡᠯᠭᠡᠷᠡᠭᠦᠯᠬᠦᠢ ᠶ᠋ᠢᠨ ᠲᠦᠰᠢᠮᠡᠯ ᠳ᠋ᠦ᠍ᠷ ᠪᠣᠢ ᠶ᠋ᠢᠨ ᠲᠤᠯᠠ᠂ ᠤᠯᠤᠰ ᠲᠥᠷᠥ ᠦᠵᠡᠭᠰᠡᠭᠡᠷ ᠮᠥᠬᠥᠵᠦ ᠡᠪᠳᠡᠷᠡᠬᠦᠢ ᠳ᠋ᠦ᠍ᠷ ᠬᠦᠷᠦᠭᠰᠡᠨ ᠳ᠋ᠦ᠍ᠷ ᠴᠢᠬᠡᠴᠢ ᠵᠢᠷᠤᠮ ᠤ᠋ᠨ ᠬᠢᠯᠢᠩ ᠭᠤᠷᠪᠠᠨ ᠮᠢᠩᠭᠠᠨ ᠵᠠᠩ ᠥᠨᠳᠥᠷ ᠳᠡᠭᠳᠡᠵᠦ᠂ ᠳᠣᠲᠣᠭᠠᠳᠤ ᠣᠷᠳᠣᠨ ᠳ᠋ᠤᠷ ᠣᠷᠣᠵᠤ᠂ ᠬᠤᠸᠠᠩᠬᠡᠦ ᠶᠠᠩ ᠱᠢ ᠬᠠᠲᠤᠨ ᠳ᠋ᠤᠷ ᠪᠠᠷᠠᠭᠠᠯᠠᠨ ᠮᠥᠷᠭᠥᠵᠦ᠂ ᠤᠯᠤᠰ ᠲᠥᠷᠥ ᠶ᠋ᠢᠨ ᠮᠥᠬᠥᠬᠦ ᠰᠢᠬᠠᠭᠰᠠᠨ ᠢ᠋ ᠤᠬᠢᠯᠠᠨ ᠨᠠᠷᠢᠪᠴᠢᠯᠠᠨ ᠠᠢᠯᠠᠳᠬᠠᠵᠤ ᠠᠯᠢᠪᠠ ᠬᠦᠴᠦᠲᠦ ᠵᠠᠩᠵᠤᠨ ᠨᠠᠷ ᠬᠡᠳᠦᠨ ᠬᠥᠮᠦᠨ ᠢ᠋ ᠬᠤᠸᠠᠩᠬᠡᠦ ᠶ᠋ᠢᠨ ᠠᠮᠠᠨ ᠢ᠋ᠶ᠋ᠠᠷ ᠵᠠᠷᠯᠢᠭ ᠪᠠᠭᠤᠯᠭᠠᠯᠭᠠᠨ ᠴᠢᠩᠳᠠᠯᠠᠨ ᠤᠬᠠᠭᠤᠯᠤᠮᠤ ᠭᠡᠮᠡᠨ ᠭᠤᠶᠤᠨ ᠠᠢᠯᠠᠳᠬᠠᠭᠰᠠᠨ ᠳ᠋ᠤᠷ ᠬᠤᠸᠠᠩᠬᠡᠦ ᠴᠦ᠍ ᠬᠡᠳᠦᠢᠨᠡᠢ ᠬᠠᠨ ᠲᠦᠸᠧ ᠵᠧᠦ ᠶ᠋ᠢᠨ ᠬᠡᠷᠡᠭ ᠦᠭᠡᠢ ᠪᠡᠷ ᠶᠡᠬᠡ ᠳᠠᠢᠰᠤᠨ ᠢ᠋ ᠬᠠᠯᠳᠠᠨ ᠬᠥᠳᠡᠯᠭᠡᠵᠦ᠂ ᠥᠪᠡᠷᠦᠨ ᠰᠤᠯᠠ ᠲᠠᠲᠠᠪᠤᠷᠢ ᠶ᠋ᠢ ᠳᠣᠲᠣᠭᠠᠳᠤ ᠣᠷᠳᠣᠨ᠎ᠠ ᠣᠷᠣᠭᠤᠯᠤᠨ ᠬᠤᠳᠬᠤᠯᠠᠭᠤᠯᠵᠤ᠂ ᠬᠠᠭᠠᠨ ᠤ᠋ ᠳᠣᠲᠣᠨ᠎ᠠ ᠢᠨᠠᠭ ᠢ᠋ ᠭᠠᠵᠢᠭᠤ ᠵᠠᠮ ᠢ᠋ᠶ᠋ᠠᠷ ᠲᠤᠭᠤᠷᠪᠢᠬᠤᠢ ᠳ᠋ᠤᠷ ᠮᠠᠰᠢᠳᠠ ᠬᠢᠯᠢᠩᠯᠡᠬᠦᠢ ᠶ᠋ᠢᠨ ᠲᠤᠯᠠᠳᠠ ᠵᠠᠨᠤᠭᠰᠠᠭᠠᠷ ᠡᠳᠦᠷ ᠤᠳᠠᠭᠰᠠᠨ ᠢ᠋ᠶ᠋ᠠᠷ ᠡᠳᠦᠭᠡ ᠡᠨᠡ ᠠᠢᠯᠠᠳᠬᠠᠯ ᠳ᠋ᠤᠷ ᠳᠠᠷᠤᠢ ᠬᠠᠭᠠᠨ ᠤ᠋ ᠲᠠᠢᠽᠢ ᠵᠦᠩ ᠸᠠᠩ ᠳ᠋ᠤᠷ ᠵᠠᠷᠯᠢᠭ ᠪᠠᠭᠤᠯᠭᠠᠨ᠂ ᠬᠠᠨ ᠲᠦᠸᠧ ᠵᠧᠦ ᠶ᠋ᠢᠨ ᠤᠯᠤᠰ ᠭᠡᠷ ᠢ᠋ ᠦᠭᠡᠢᠷᠡᠭᠦᠯᠦᠨ ᠴᠡᠷᠢᠭ ᠢᠷᠭᠡᠨ ᠢ᠋ ᠪᠤᠰᠠᠨᠢᠭᠤᠯᠤᠭᠰᠠᠨ ᠢ᠋ ᠮᠠᠰᠢ ᠢᠯᠡᠷᠬᠡᠢ ᠬᠡᠷᠡᠴᠢᠲᠡᠢ ᠨᠤᠭᠤᠯᠪᠤᠷᠢ ᠪᠢᠴᠢᠭᠦᠯᠵᠦ᠂ ᠡᠭᠦᠨᠴᠡ ᠪᠠᠰᠠ ᠬᠦ᠌ ᠬᠠᠨ ᠲᠦᠸᠧ ᠵᠧᠦ ᠪᠡᠷ ᠴᠡᠷᠢᠭ ᠮᠣᠷᠢᠨ ᠢ ᠬᠥᠳᠡᠯᠭᠡᠯᠭᠡᠨ᠂ ᠲᠡᠢᠨ ᠳᠠᠢᠰᠤᠨ ᠢ᠋ ᠳᠡᠭᠳᠡᠭᠦᠯᠪᠡᠰᠦ ᠳᠣᠲᠣᠭᠠᠳᠤ ᠭᠠᠳᠠᠭᠠᠳᠤ ᠳ᠋ᠤᠷ ᠴᠥᠮ ᠠᠰᠢᠭ ᠦᠭᠡᠢ ᠬᠡᠮᠡᠬᠦ ᠶ᠋ᠢ ᠴᠦ᠍ ᠪᠠᠢᠲᠤᠭᠠᠢ᠂ ᠤᠯᠤᠰ ᠲᠥᠷᠥ ᠶᠢᠨ ᠱᠧ ᠵᠢᠢ᠂ ᠲᠡᠢ ᠮᠢᠶᠣᠤ ᠴᠤ᠌ ᠮᠥᠨ ᠡᠪᠳᠡᠷᠡᠨ ᠮᠥᠬᠥᠬᠦᠢ ᠳ᠋ᠦ᠍ᠷ ᠬᠥᠷᠥᠮᠦᠢ ᠭᠡᠮᠡᠨ ᠬᠤᠸᠠᠩᠬᠡᠦ᠂ ᠲᠠᠢᠽᠢ ᠬᠣᠶᠠᠭᠤᠯᠠ ᠬᠠᠮᠲᠤ ᠣᠷᠣᠵᠤ ᠰᠥᠩ ᠨᠢᠩᠽᠦ᠋ᠩ ᠳ᠋ᠦ᠍ᠷ ᠮᠥᠷᠭᠥᠨ ᠠᠢᠯᠠᠳᠬᠠᠪᠠᠰᠤ᠂ ᠰᠥᠩ ᠨᠢᠩᠽᠦ᠋ᠩ ᠪᠠᠰᠠ ᠬᠦ᠌ ᠴᠡᠭᠯᠡᠷᠡᠨ ᠪᠥᠭᠯᠡᠷᠡᠵᠦ᠂ ᠳᠠᠭᠤᠨ ᠭᠠᠷᠬᠤ ᠦᠭᠡᠢ ᠳ᠋ᠦ᠍ᠷ ᠬᠤᠸᠠᠩᠬᠡᠦ ᠪᠠᠰᠠ ᠬᠡᠳᠦᠨ ᠤᠳᠠᠭ᠎ᠠ ᠳᠠᠪᠰᠢᠨ ᠠᠢᠯᠠᠳᠬᠠᠲᠠᠯ᠎ᠠ ᠬᠠᠭᠠᠨ ᠡᠭᠡᠨᠡᠭᠲᠡ ᠲᠠᠰᠤᠷᠬᠠᠢ ᠵᠠᠷᠯᠢᠭ ᠦᠭᠡᠢ ᠳ᠋ᠦ᠍ᠷ ᠬᠤᠸᠠᠩᠬᠡᠦ ᠬᠡᠷᠡᠭ ᠴᠢᠬᠤᠯ ᠪᠣᠯᠤᠭᠰᠠᠨ ᠢ᠋ ᠦᠵᠡᠭᠡᠳ᠂ ᠶᠠᠭᠠᠷᠠᠨ ᠤᠷᠲᠣᠨ᠎ᠠ ᠡᠭᠡᠮᠡᠭᠴᠡ ᠲᠥᠷᠥᠭᠰᠡᠨ ᠠᠬ᠎ᠠ ᠶᠠᠩ ᠼᠢ ᠱᠠᠨ ᠢ᠋ ᠳᠠᠭᠤᠳᠠᠨ ᠣᠷᠣᠭᠤᠯᠵᠤ ᠂ ᠰᠢᠭᠤᠳ 《ᠮᠢᠨᠦ ᠵᠠᠷᠯᠢᠭ᠂ ᠲᠠᠢᠽᠢ ᠶ᠋ᠢᠨ ᠵᠠᠬᠢᠶ᠎ᠠ᠂ ᠴᠢ ᠡᠴᠢᠵᠦ ᠲᠥᠷᠥ ᠶ᠋ᠢᠨ ᠵᠠᠭᠤᠨ ᠲᠦᠰᠢᠮᠡᠳ ᠢ᠋ ᠮᠥᠨ ᠰᠥᠨᠢ ᠳᠣᠲᠣᠭᠠᠳᠤ ᠶᠠᠮᠤᠨ ᠳ᠋ᠤ᠌ ᠵᠠᠷᠯᠠᠨ ᠣᠷᠣᠭᠤᠯᠵᠤ ᠬᠠᠭᠠᠯᠭ᠎ᠠ ᠶ᠋ᠢ ᠳᠠᠷᠤᠭᠠᠳ ᠵᠥᠪᠳᠡᠨ ᠲᠣᠭᠲᠠᠭᠠᠵᠤ ᠮᠥᠨ ᠰᠥᠨᠢ ᠪᠡᠷ ᠨᠠᠳᠤᠷ ᠠᠢᠯᠠᠳᠬ᠎ᠠ 》ᠭᠡᠮᠡᠨ ᠨᠢᠭᠡᠨ ᠰᠥᠨᠢ ᠪᠡᠷ ᠲᠥᠷᠥ ᠶ᠋ᠢᠨ ᠲᠦᠰᠢᠮᠡᠳ ᠢ᠋ ᠴᠥᠮ ᠬᠡᠯᠡᠯᠴᠡᠨ ᠲᠣᠭᠲᠠᠵᠤ᠂ ᠬᠤᠸᠠᠩᠬᠡᠦ ᠲᠠᠢᠽᠢ ᠬᠣᠶᠠᠭᠤᠯᠠ ᠲᠥᠷᠥ ᠶ᠋ᠢᠨ ᠲᠦᠰᠢᠮᠡᠳ ᠢ᠋ ᠠᠪᠴᠤ᠂ ᠬᠠᠭᠠᠨ ᠢ ᠳᠡᠭᠡᠭᠰᠢᠯᠡᠮᠡᠭᠴᠡ᠂ ᠪᠠᠷᠰ ᠴᠠᠭ ᠲᠤᠷ ᠳᠣᠲᠣᠭᠠᠳᠤ ᠤᠷᠳᠣᠨ᠎ᠠ ᠲᠣᠭᠣᠷᠢᠯᠴᠠᠨ ᠰᠥᠭᠥᠳᠦᠭᠰᠡᠨ ᠳ᠋ᠦ᠍ᠷ ᠰᠥᠩ ᠨᠢᠩᠽᠦ᠋ᠩ ᠠᠷᠭ᠎ᠠ ᠵᠠᠪᠬᠠᠷᠠᠨ ᠶᠠᠯ᠎ᠠ ᠬᠡᠯᠡᠯᠴᠡᠭᠲᠦᠨ ᠬᠡᠮᠡᠪᠡ᠃ ᠶᠠᠩ ᠼᠢ ᠱᠠᠨ᠂ ᠱᠢ ᠮᠢ ᠶᠤᠸᠠᠨ ᠬᠣᠶᠠᠭᠤᠯᠠ᠂ ᠶᠠᠩ ᠬᠤᠸᠠᠩᠬᠡᠦ ᠶ᠋ᠢᠨ ᠮᠣᠳᠣᠷ ᠠ᠋ᠴᠠ ᠬᠠᠭᠠᠨ ᠤ᠋ ᠬᠠᠰ ᠲᠠᠮᠠᠭ᠎ᠠ ᠳᠠᠷᠤᠭᠰᠠᠨ᠂ ᠨᠢᠭᠤᠴᠠ ᠵᠠᠷᠯᠢᠭ ᠪᠢᠴᠢᠭ ᠢ᠋ ᠣᠯᠵᠤ ᠠᠪᠤᠭᠠᠳ ᠴᠢᠶᠠᠨ ᠰᠢᠶᠠᠩ ᠵᠢᠦᠢ ᠳ᠋ᠦ᠍ᠷ ᠮᠥᠨ ᠬᠦ᠌ ᠤᠭ ᠠ᠋ᠴᠠ ᠬᠠᠨ ᠲᠦᠸᠧ ᠵᠧᠦ ᠶ᠋ᠢ ᠠᠯᠠᠶ᠎ᠠ ᠬᠡᠮᠡᠬᠦ ᠰᠠᠨᠠᠭᠠᠨ ᠪᠠᠢᠬᠤ ᠶ᠋ᠢ ᠮᠡᠳᠡᠬᠦ ᠲᠤᠯᠠ᠂ ᠳᠠᠷᠤᠢ ᠲᠡᠭᠦᠨ ᠦ᠌ ᠨᠢᠭᠡᠨ ᠲᠤᠰᠢᠶᠠᠯ ᠤ᠋ᠨ ᠯᠢ ᠪᠢ ᠬᠡᠮᠡᠭᠴᠢ ᠯᠦ᠍ᠭᠡ ᠬᠣᠶᠠᠭᠤᠯᠠ ᠶ᠋ᠢ ᠳᠣᠲᠣᠭᠠᠳᠤ ᠣᠷᠳᠣᠨ᠎ᠠ ᠳᠠᠭᠤᠳᠠᠨ ᠣᠷᠣᠭᠤᠯᠵᠤ ᠨᠢᠭᠤᠴᠠ ᠵᠠᠷᠯᠢᠭ ᠦᠵᠡᠭᠦᠯᠵᠦ᠂ ᠲᠦᠷᠭᠡᠨ᠎ᠡ ᠬᠠᠭᠤᠯᠤᠨ ᠪᠢᠴᠢᠵᠦ ᠲᠠᠰᠤᠯᠠ ᠭᠡᠮᠡᠨ ᠬᠠᠨᠴᠤᠢ ᠠ᠋ᠴᠠ ᠬᠠᠭᠠᠨ ᠤ᠋ ᠵᠠᠷᠯᠢᠭ ᠤ᠋ᠨ ᠬᠠᠰ ᠡᠰᠢᠲᠦ ᠪᠢᠷ ᠢ᠋ ᠭᠠᠷᠭᠠᠵᠤ ᠪᠢᠴᠢᠭᠰᠡᠨ ᠢᠨᠤ᠄  
      《ᠬᠠᠨ ᠲᠦᠸᠧ ᠵᠧᠦ ᠤᠯᠤᠰ ᠤ᠋ᠨ ᠡᠷᠬᠡ ᠶ᠋ᠢ ᠤᠳᠠᠲᠠᠯ᠎ᠠ ᠪᠠᠷᠢᠭᠰᠠᠨ ᠢ᠋ᠶ᠋ᠠᠷ ᠴᠡᠷᠢᠭ ᠦ᠋ᠨ ᠲᠤᠰᠢᠶᠠᠯ ᠢ᠋ ᠬᠥᠩᠭᠡᠨ ᠦᠵᠡᠭᠡᠳ᠂ ᠡᠮᠦᠨ᠎ᠡ ᠤᠮᠠᠷ᠎ᠠ ᠶ᠋ᠢᠨ ᠲᠦᠭ ᠲᠦᠮᠡᠨ ᠵᠠᠭᠤᠨ ᠣᠪᠣᠭᠲᠠᠨ ᠤ᠋ ᠠᠮᠢᠨ ᠪᠡᠶ᠎ᠡ ᠶ᠋ᠢ ᠪᠤᠰᠠᠨᠢᠭᠤᠯᠤᠨ ᠰᠥᠨᠥᠭᠡᠭᠰᠡᠨ ᠢᠨᠦ ᠨᠢᠭᠡᠨᠲᠡ ᠲᠣᠭ᠎ᠠ ᠲᠣᠮᠰᠢ ᠦᠭᠡᠢ ᠪᠣᠯᠤᠭᠠᠳ᠂ ᠤᠯᠤᠰ ᠭᠡᠷ ᠦ᠋ᠨ ᠬᠦᠴᠦᠨ ᠮᠣᠬᠣᠵᠤ᠂ ᠡᠳ᠋ ᠲᠠᠰᠤᠷᠠᠭᠰᠠᠨ ᠠᠨᠤ ᠨᠡᠢᠲᠡ ᠪᠡᠷ ᠴᠥᠮ ᠬᠠᠨ ᠲᠦᠸᠧ ᠵᠧᠦ ᠶ᠋ᠢᠨ ᠶᠡᠬᠡ ᠬᠠᠷᠭᠢᠰ᠂ ᠥᠪᠡᠷᠴᠢᠯᠡᠯ ᠬᠣᠪᠳᠣᠭ ᠠ᠋ᠴᠠ ᠡᠳᠦᠭᠰᠡᠨ ᠮᠠᠭᠤ ᠶ᠋ᠢᠨ ᠬᠣᠣᠷᠯᠠᠯ᠂ ᠬᠠᠷᠭᠢᠰ ᠤ᠋ᠨ ᠡᠭᠦᠰᠬᠡᠯ ᠡᠴᠡ ᠪᠣᠯᠪᠠ᠃ ᠮᠥᠨ ᠥᠷᠯᠥᠭᠡ ᠣᠷᠳᠣᠨ ᠤ᠋ ᠬᠠᠭᠠᠯᠭᠠᠨ ᠤ᠋ ᠭᠠᠳᠠᠨ᠎ᠠ ᠵᠢᠭᠰᠠᠭᠠᠭᠴᠢ ᠲᠣᠷᠭᠠᠨ ᠴᠡᠷᠢᠭ ᠪᠠ ᠬᠠᠷᠰᠢ ᠶ᠋ᠢᠨ ᠡᠮᠦᠨᠡᠬᠢ ᠴᠡᠷᠢᠭ ᠦ᠋ᠨ ᠬᠡᠷᠡᠭ ᠢ᠋ ᠵᠠᠬᠢᠷᠤᠨ ᠰᠢᠳᠬᠡᠭᠴᠢ ᠶᠡᠬᠡ ᠵᠠᠩᠵᠤᠨ ᠪᠥᠭᠡᠳ ᠰᠧ ᠺᠦᠩ ᠲᠦᠰᠢᠮᠡᠯ᠂ ᠰᠢᠶᠠ ᠵᠸᠠ ᠬᠡᠮᠡᠭᠴᠢ ᠪᠡᠷ ᠴᠡᠷᠢᠭ ᠢ᠋ ᠬᠤᠪᠢᠶᠠᠯᠭᠠᠨ ᠨᠢᠭᠡᠨ ᠠᠩᠭᠢ ᠭᠤᠷᠪᠠᠨ ᠵᠠᠭᠤᠨ ᠴᠡᠷᠢᠭ ᠠᠪᠤᠭᠤᠯᠵᠤ᠂ ᠴᠢᠶᠠᠨ ᠰᠢᠶᠠᠩ ᠵᠢᠦᠢ ᠶ᠋ᠢ ᠳᠠᠭᠠᠵᠤ ᠵᠠᠬᠢᠶ᠎ᠠ ᠬᠦᠯᠢᠶᠡᠨ ᠳᠣᠲᠣᠭᠠᠳᠤ ᠣᠷᠳᠣᠨ ᠳ᠋ᠤᠷ ᠪᠦᠭᠭᠦᠭᠲᠦᠨ 》 ᠬᠡᠮᠡᠪᠡ᠃ ᠶᠡᠬᠡ ᠬᠡᠬᠡᠷᠡᠭᠰᠡᠨ ᠬᠣᠢᠨ᠎ᠠ ᠬᠠᠨ ᠲᠦᠸᠧ ᠵᠧᠦ ᠮᠠᠰᠢ ᠶᠡᠬᠡ ᠪᠠᠢᠷᠢ ᠭᠠᠷᠭᠠᠨ᠂《ᠪᠠᠰᠠ ᠶᠠᠮᠪᠠᠷ ᠬᠡᠷᠡᠭ ᠭᠡᠮᠡᠨ ᠮᠢᠨᠦ ᠶᠠᠮᠤᠯᠠᠬᠤ ᠶ᠋ᠢ ᠬᠦᠯᠢᠶᠡᠬᠦ ᠦᠭᠡᠢ᠂ ᠡᠨᠡ ᠡᠳᠦᠷ ᠡᠲᠡᠭᠡᠳ ᠨᠢᠭᠡᠨ ᠶᠣᠰᠣ ᠭᠠᠷᠭᠠᠨ ᠨᠠᠮᠠᠶ᠋ᠢ ᠪᠠᠰᠠ ᠶᠠᠮᠤᠯᠠ ᠬᠡᠮᠡᠪᠡ ?》 ᠭᠡᠮᠡᠨ ᠮᠠᠰᠢᠳᠠ ᠠᠭᠤᠷᠯᠠᠯ ᠭᠢᠯᠢᠡᠭᠳᠡᠶ᠎ᠡ ᠲᠥᠷᠥ ᠳ᠋ᠦ᠍ᠷ ᠭᠠᠷᠴᠤ᠂ ᠶᠡᠬᠡ ᠪᠠᠷᠰ ᠤ᠋ᠨ ᠵᠢᠭᠰᠠᠭᠠᠯ ᠢ᠋ᠶ᠋ᠠᠷ ᠳᠥᠴᠢ ᠲᠠᠪᠢᠨ ᠱᠢ ᠸᠧᠢ ᠳᠠᠭᠠᠭᠰᠠᠳ ᠢ᠋ᠶ᠋ᠠᠨ ᠳᠠᠭᠠᠭᠤᠯᠤᠨ᠂ ᠶᠡᠬᠡ ᠳᠣᠲᠣᠭᠠᠳᠤ ᠶ᠋ᠢᠨ ᠬᠠᠭᠠᠯᠭᠠᠨ᠎ᠠ ᠬᠦᠷᠴᠦ᠂ ᠰᠠᠶᠢ ᠲᠥᠷᠥ ᠳ᠋ᠦ᠍ᠷ ᠨᠡᠪᠲᠡᠯᠬᠦ ᠰᠡᠦᠬᠡ ᠡᠴᠡᠭᠡᠨ ᠪᠠᠭᠤᠵᠤ᠂ ᠲᠠᠢ ᠮᠢᠶᠣᠤ ᠰᠦᠮ᠎ᠡ ᠶ᠋ᠢᠨ ᠡᠮᠦᠨ᠎ᠡ ᠬᠦᠷᠲᠡᠯ᠎ᠡ᠂ ᠲᠡᠢ ᠮᠢᠶᠣᠤ ᠰᠦᠮ᠎ᠡ ᠶ᠋ᠢᠨ ᠳᠤᠮᠳᠠ ᠬᠠᠭᠠᠯᠭ᠎ᠠ᠂ ᠬᠣᠶᠠᠷ ᠬᠠᠵᠠᠭᠤ ᠶ᠋ᠢᠨ ᠡᠭᠦᠳᠡ ᠶ᠋ᠢ ᠬᠠᠮᠲᠤ ᠨᠡᠭᠡᠭᠡᠵᠦ ᠵᠠᠩᠵᠤᠨ ᠰᠢᠶᠠ ᠵᠸᠨ ᠭᠤᠷᠪᠠᠨ ᠵᠠᠭᠤᠨ ᠴᠡᠷᠢᠭ ᠢ᠋ ᠬᠠᠮᠲᠤᠪᠠᠷ ᠳᠡᠪᠬᠡᠯᠦᠯᠴᠡᠨ ᠭᠠᠷᠭᠠᠵᠤ᠂ ᠰᠢᠶᠠ ᠵᠸᠠ ᠶᠡᠬᠡ ᠳᠠᠭᠤᠨ ᠢ᠋ᠶ᠋ᠠᠷ :《ᠠᠯᠠᠵᠤ ᠪᠡᠷᠢ ! 》ᠭᠡᠮᠡᠨ ᠨᠢᠭᠡᠨᠲᠡ ᠬᠠᠰᠬᠢᠷᠤᠨ ᠵᠠᠩᠳᠠᠵᠤ ᠭᠠᠷ ᠬᠥᠳᠡᠯᠦᠨ ᠠᠯᠠᠨ ᠣᠷᠣᠭᠰᠠᠨ ᠳ᠋ᠤᠷ ᠬᠠᠨ ᠲᠦᠸᠧ ᠵᠧᠦ ᠶ᠋ᠢᠨ ᠳᠠᠭᠠᠭᠰᠠᠨ ᠠᠷᠠᠳ ᠠᠶ᠎ᠠ ᠭᠡᠮᠡᠨ ᠨᠢᠭᠡᠨᠲᠡ ᠬᠠᠰᠬᠢᠷᠤᠯᠳᠤᠨ᠂ ᠬᠠᠨ ᠲᠦᠸᠧ ᠵᠧᠦ ᠪᠡᠨ ᠣᠷᠬᠢᠨ ᠲᠠᠶᠠᠭᠳᠠᠭᠠᠳ ᠪᠦᠭᠦᠳᠡᠭᠡᠷ ᠭᠦᠶᠦᠯᠳᠦᠨ ᠭᠠᠳᠠᠭᠰᠢ ᠳᠤᠲᠠᠭᠠᠯᠴᠠᠨ ᠢᠵᠢᠭᠢᠨᠡᠯᠴᠡᠨ ᠭᠦᠶᠦᠯᠳᠦᠨ ᠰᠤᠷᠠᠭ ᠲᠡᠨᠦᠭ ᠦᠭᠡᠢ ᠪᠣᠯᠤᠨ ᠪᠤᠷᠤᠭᠤᠯᠠᠨ ᠰᠠᠷᠨᠢᠯᠴᠠᠪᠠᠢ᠃ 
       ᠲᠡᠳᠦᠢ ᠴᠢᠶᠠᠨ ᠰᠢᠶᠠᠩ ᠵᠢᠦᠢ᠂ ᠶᠡᠨᠳᠡᠷ ᠦ᠋ᠨ ᠳᠡᠭᠡᠷ᠎ᠡ ᠡᠴᠡ ᠬᠠᠭᠠᠨ ᠤ᠋ ᠵᠠᠷᠯᠢᠭ ᠤ᠋ᠨ ᠵᠣᠣ ᠪᠢᠴᠢᠭ ᠢ᠋ ᠭᠠᠷᠭᠠᠵᠤ ᠳᠠᠭᠤᠳᠠᠭᠠᠳ ᠬᠠᠨ ᠲᠦᠸᠧ ᠵᠧᠦ ᠶ᠋ᠢ ᠨᠢᠭᠡᠨᠲᠡ ᠢᠰᠬᠦᠯᠦᠨ ᠤᠨᠠᠭᠠᠵᠤ ᠪᠠᠷᠢᠵᠤ ᠬᠦᠯᠢᠭᠡᠳ᠂ ᠬᠠᠰ ᠤᠷᠤᠰᠬᠠᠯ ᠤ᠋ᠨ ᠬᠠᠷᠰᠢ — ᠡᠢ᠍ᠦᠢ ᠶ᠋ᠢᠨ ᠶᠤᠸᠠᠨ ᠬᠦᠷᠢᠶᠡᠯᠡᠩ ᠦ᠋ᠨ ᠡᠮᠦᠨ᠎ᠡ ᠲᠠᠬᠢᠮ ᠢ᠋ ᠢᠰᠬᠦᠯᠦᠨ ᠰᠥᠭᠥᠳᠬᠡᠵᠦ ᠵᠠᠷᠯᠢᠭ ᠢ ᠳᠠᠭᠤᠳᠠᠨ ᠪᠠᠷᠠᠲᠠᠯ᠎ᠠ᠂ ᠬᠠᠨ ᠲᠦᠸᠧ ᠵᠧᠦ ᠰᠠᠶᠢ :《ᠶᠣᠰᠣᠨ ᠦᠭᠡᠢ ᠬᠠᠷᠠᠩᠭᠤᠢ ᠡᠵᠡᠨ ᠪᠤᠳᠤᠩᠭᠤᠢ ᠪᠠᠷ ᠳᠦᠭᠦᠷᠴᠦ᠂ ᠡᠵᠡᠳ ᠰᠠᠬᠢᠭᠤᠯᠰᠤᠨ᠂ ᠬᠥᠮᠦᠨ ᠠᠮᠢᠲᠠᠨ ᠨᠡᠢᠲᠡ ᠪᠡᠷ ᠵᠢᠭᠰᠢᠵᠦ᠂ ᠤᠯᠤᠰ ᠲᠥᠷᠥ ᠶ᠋ᠢᠨ ᠱᠧ ᠵᠢᠢ᠂ ᠲᠡᠢ ᠮᠢᠶᠣᠤ ᠴᠤ᠌ ᠴᠥᠮ ᠲᠦᠭᠰᠢᠯᠲᠡᠢ ᠪᠣᠯᠤᠭᠰᠠᠨ ᠶᠠᠯ᠎ᠠ ᠳ᠋ᠤᠷ ᠠᠨᠤ ᠬᠠᠨ ᠲᠦᠸᠧ ᠵᠧᠦ ᠶ᠋ᠢᠨ ᠫᠢᠩ ᠵᠧᠩ ᠱᠢ ᠶ᠋ᠢᠨ ᠵᠡᠷᠭᠡ ᠶ᠋ᠢ ᠡᠪᠳᠡᠭᠡᠳ ᠰᠤᠯᠠ ᠢᠷᠭᠡᠨ ᠪᠣᠯᠭᠠᠭᠠᠳ᠂ ᠵᠢᠴᠢ ᠬᠦᠨᠳᠦ ᠶᠠᠯ᠎ᠠ ᠳ᠋ᠤᠷ ᠲᠡᠩᠴᠡᠭᠦᠯᠵᠦ ᠶᠠᠯ᠎ᠠ ᠬᠡᠯᠡᠯᠴᠡᠮᠦᠢ᠃ ᠵᠢᠴᠢ ᠴᠸᠨ ᠽᠢ ᠴᠢᠶᠠᠩ ᠂ ᠤᠯᠤᠰ ᠲᠥᠷᠥ ᠶ᠋ᠢᠨ ᠬᠦᠨᠳᠦ ᠲᠤᠰᠢᠶᠠᠯ ᠢ᠋ ᠬᠦᠯᠢᠶᠡᠨ ᠪᠥᠭᠡᠳ ᠭᠡᠳᠡᠷᠭᠦ ᠬᠠᠨ ᠲᠦᠸᠧ ᠵᠧᠦ ᠳ᠋ᠦ᠍ᠷ ᠬᠠᠷᠭᠢᠰ ᠢ᠋ᠶ᠋ᠠᠷ ᠲᠤᠰᠠᠯᠠᠨ ᠤᠯᠤᠰ ᠭᠡᠷ ᠢ ᠰᠠᠮᠠᠭᠤᠷᠠᠭᠤᠯᠤᠭᠰᠠᠨ ᠢ᠋ᠶ᠋ᠠᠷ ᠳᠡᠭᠦᠨᠦ ᠪᠠᠷᠠᠭᠤᠨ ᠡᠲᠡᠭᠡᠳ ᠦ᠋ᠨ ᠴᠧᠩᠰᠢᠶᠠᠩ ᠢ᠋ ᠡᠪᠳᠡᠭᠡᠳ᠂ ᠭᠡᠷ ᠡᠷᠦᠬᠡ ᠶ᠋ᠢ ᠨᠡᠩᠵᠢᠨ ᠳᠠᠯᠠᠡᠠᠬᠲᠤᠨ ᠬᠠᠲᠤᠳ ᠡᠮᠡᠰ ᠢ᠋ᠶ᠋ᠡᠷ ᠲᠡᠷᠢᠭᠦᠯᠡᠭᠰᠡᠨ ᠰᠠᠢᠳ ᠢ᠋ ᠭᠡᠨᠡᠳᠡᠭᠦᠯᠦᠨ  ᠪᠠᠷᠢᠭᠤᠯᠬᠤ ᠠᠨᠤ᠂ ᠶᠠᠭᠠᠬᠢᠨ ᠵᠣᠣ ᠲᠠᠢᠽᠦ ᠶ᠋ᠢᠨ ᠦᠷ᠎ᠡ ᠵᠤᠯᠵᠠᠭ᠎ᠠ ᠭᠡᠮᠡᠨ ᠶᠠᠪᠤᠮᠤᠢ ! 》ᠭᠡᠮᠡᠨ ᠪᠠᠷᠬᠢᠷᠠᠨ ᠬᠠᠷᠢᠶᠠᠲᠠᠯ᠎ᠠ᠂ ᠶᠡᠬᠡ ᠵᠠᠩᠵᠤᠨ ᠰᠢᠶᠠ ᠵᠧᠨ《ᠶᠠᠭᠤᠲᠠᠢ ᠰᠠᠮᠠᠭᠤᠷᠠᠭᠰᠠᠨ ᠲᠡᠷᠰᠯᠡᠭᠦᠦ ᠬᠤᠯᠠᠭᠠᠢ ᠠᠶᠤᠮᠰᠢᠭ ᠦᠭᠡᠢ ᠬᠠᠭᠠᠨ ᠢ᠋ ᠬᠠᠷᠢᠶᠠᠮᠤᠢ ! 》ᠭᠡᠮᠡᠨ ᠨᠢᠭᠡᠨᠲᠡ ᠵᠠᠩᠳᠠᠵᠤ᠂ ᠡᠷᠳᠡᠨᠢ ᠶ᠋ᠢᠨ ᠢᠯᠳᠦ ᠪᠡᠷ ᠨᠢᠭᠡᠨᠲᠡ ᠴᠠᠪᠴᠢᠨ ᠬᠠᠨ ᠲᠦᠸᠧ ᠵᠧᠦ ᠶ᠋ᠢᠨ ᠲᠡᠷᠢᠭᠦᠨ ᠦ᠌ ᠭᠡᠭᠡᠨ ᠢ᠋ ᠲᠠᠰᠤ ᠡᠴᠢᠲᠡᠯ᠎ᠡ ᠨᠢᠭᠡᠬᠡᠨ ᠬᠢᠲᠤᠭ᠎ᠠ ᠪᠠᠷ ᠵᠠᠯᠠᠨ ᠪᠠᠭᠤᠯᠭᠠᠵᠤ ᠢᠷᠡᠭᠡᠳ᠂ ᠮᠥᠩᠭᠥᠨ ᠦ᠌ ᠳᠠᠪᠰᠢ ᠳ᠋ᠤᠷ ᠠᠬᠤᠭᠤᠯᠵᠤ᠂ ᠰᠢᠷ᠎ᠠ ᠲᠣᠷᠭ᠎ᠠ ᠪᠠᠷ ᠪᠠᠭᠯᠠᠨ ᠤᠶᠠᠵᠤ᠂ ᠵᠦᠩ ᠸᠠᠩ ᠲᠠᠢᠽᠢ ᠬᠢᠭᠡᠳ ᠱᠢ ᠮᠢ ᠶᠤᠸᠠᠨ ᠳ᠋ᠤᠷ ᠠᠴᠢᠷᠠᠵᠤ ᠡᠷᠭᠦᠭᠡᠳ᠂ ᠲᠠᠢᠽᠢ ᠵᠦᠩ ᠸᠠᠩ᠂ ᠱᠢ ᠯᠠᠩ ᠱᠢ ᠮᠢ ᠶᠤᠸᠠᠨ᠂ ᠭᠦᠸᠧ ᠵᠢᠦ ᠶᠠᠩ ᠼᠢ ᠱᠠᠨ ᠨᠠᠷ ᠳᠣᠲᠣᠭᠠᠳᠤ ᠤᠷᠲᠤᠨ᠎ᠠ ᠣᠷᠣᠵᠤ ᠬᠤᠸᠠᠩᠬᠡᠦ ᠶ᠋ᠢᠨ ᠵᠠᠷᠯᠢᠭ ᠢ ᠡᠭᠡᠭᠦᠯᠦᠨ ᠮᠥᠷᠭᠥᠵᠦ ᠠᠢᠯᠠᠳᠬᠠᠪᠠ᠃ ᠡᠭᠦᠨ ᠳ᠋ᠦ᠍ᠷ ᠬᠠᠨ ᠲᠦᠸᠧ ᠵᠧᠦ ᠶ᠋ᠢᠨ ᠨᠢᠭᠡ ᠨᠠᠮ ᠤ᠋ᠨ ᠬᠠᠭᠠᠨ ᠤ᠋ ᠰᠢᠳᠠᠷ ᠰᠠᠢᠳ ᠤ᠋ᠳ ᠶᠡᠬᠡᠯ᠎ᠡ ᠠᠶᠤᠯᠳᠤᠨ᠂ ᠱᠢ ᠮᠢ ᠶᠤᠸᠠᠨ᠂ ᠴᠢᠶᠠᠨ ᠰᠢᠶᠠᠩ ᠵᠢᠦᠢ ᠬᠣᠶᠠᠭᠤᠯᠠ ᠲᠡᠷᠢᠭᠦᠯᠡᠨ ᠬᠠᠨ ᠴᠧᠩᠰᠢᠶᠠᠩ ᠢ᠋ ᠢᠦᠢ ᠶ᠋ᠢᠨ ᠶᠤᠸᠠᠨ ᠬᠦᠷᠢᠶᠡᠯᠡᠩ ᠦ᠋ᠨ ᠡᠮᠦᠨ᠎ᠡ ᠠᠯᠠᠵᠤ ᠠᠷᠢᠯᠭᠠᠪᠠ ᠭᠡᠮᠡᠨ ᠠᠢᠯᠠᠳᠬᠠᠪᠠᠰᠤ᠂ ᠰᠥᠩ ᠨᠢᠩᠽᠥ᠋ᠩ ᠬᠠᠷᠢᠨ ᠡᠯᠡᠢᠷᠡᠨ ᠪᠥᠭᠯᠡᠷᠡᠵᠦ ᠢᠲᠡᠭᠡᠮᠵᠢᠯᠡᠬᠦ ᠦᠭᠡᠢ᠃ 
      《ᠪᠢ ᠵᠦᠭᠡᠷ ᠴᠡᠷᠢᠭ ᠰᠣᠷᠢᠨ ᠬᠣᠬᠢᠷᠠᠭᠤᠯᠤᠨ ᠰᠥᠨᠥᠭᠡᠭᠰᠡᠨ ᠶᠠᠯ᠎ᠠ ᠶ᠋ᠢ ᠬᠡᠯᠡᠯᠴᠡ ᠬᠡᠮᠡᠭᠰᠡᠨ ᠪᠣᠢ ‍ᠶ᠎ᠠ᠂ ᠠᠯᠠᠵᠤ ᠠᠷᠢᠯᠭ᠎ᠠ ᠬᠡᠮᠡᠭᠰᠡᠨ ᠦᠭᠡᠢ ᠪᠥᠭᠡᠲᠡᠯ᠎ᠡ ᠲᠡᠳᠡ ᠶᠠᠮᠪᠠᠷ ᠠᠶᠤᠮᠰᠢᠭ ᠦᠭᠡᠢ ᠠᠯᠠᠵᠤ ᠴᠢᠳᠠᠬᠤ ᠠᠵᠠᠢ ? 》 ᠭᠡᠮᠡᠨ ᠦᠨᠡᠮᠰᠢᠬᠦ ᠦᠭᠡᠢ ᠪᠠᠢᠲᠠᠯ᠎ᠠ ᠰᠠᠶᠢ 《ᠲᠥᠷᠥ ᠶ᠋ᠢᠨ ᠬᠣᠲᠠᠯᠠᠭᠠᠷ ᠲᠠᠢᠽᠢ ᠵᠦᠩ ᠸᠠᠩ ᠲᠡᠷᠢᠭᠦᠯᠡᠨ᠂ ᠵᠠᠷᠯᠢᠭ ᠢ᠋ᠶ᠋ᠠᠷ ᠬᠠᠨ ᠲᠦᠸᠧ ᠵᠧᠦ ᠶ᠋ᠢ ᠪᠠᠷᠢᠵᠤ ᠶᠠᠯ᠎ᠠ ᠬᠡᠯᠡᠯᠴᠡᠰᠦᠭᠡᠢ ᠬᠡᠮᠡᠬᠦᠯ᠎ᠡ᠂ ᠬᠠᠨ ᠲᠦᠸᠧ ᠵᠧᠦ ᠬᠠᠷᠢᠭᠤᠴᠠᠨ ᠲᠡᠷᠰᠯᠡᠨ ᠰᠥᠷᠴᠦ ᠵᠠᠷᠯᠢᠭ ᠢ ᠳᠠᠭᠠᠬᠤ ᠦᠭᠡᠢ ᠪᠡᠷ ᠦᠯᠦ ᠪᠠᠷᠠᠮ᠂ ᠬᠠᠭᠠᠨ ᠬᠤᠸᠠᠩᠳᠢ ᠶ᠋ᠢᠨ ᠳᠡᠭᠡᠳᠦ᠂ ᠲᠠᠢᠽᠦ ᠲᠠᠢᠽᠥ᠋ᠩ ᠡᠴᠡ ᠳᠠᠷᠠᠭᠠᠯᠠᠨ ᠪᠤᠷᠲᠠᠭ ᠦᠭᠡᠰ ᠢ᠋ᠶ᠋ᠡᠷ ᠭᠤᠲᠤᠭᠠᠨ ᠬᠠᠷᠢᠶᠠᠵᠤ᠂ ᠠᠮᠠᠨ ᠵᠣᠭᠰᠣᠬᠤ ᠦᠭᠡᠢ ᠳ᠋ᠦ᠍ᠷ ᠬᠠᠷᠰᠢ ᠶ᠋ᠢᠨ ᠡᠮᠦᠨᠡᠬᠢ ᠶᠡᠬᠡ ᠵᠠᠩᠵᠤᠨ ᠰᠢᠶᠠ ᠵᠸᠠ ᠤ ᠵᠠᠬᠢᠷᠬᠤ ᠲᠤᠰᠢᠶᠠᠯ ᠤ᠋ᠨ ᠲᠡᠷᠰᠯᠡᠭᠦᠦ ᠰᠥᠷᠭᠡᠦ ᠬᠡᠷᠡᠭ ᠲᠤᠯᠠ ᠬᠠᠭᠠᠨ ᠬᠤᠸᠠᠩᠳᠢ ᠶ᠋ᠢ ᠬᠠᠷᠢᠶᠠᠭᠰᠠᠨ ᠬᠠᠤᠯᠢ ᠴᠠᠭᠠᠵᠠ ᠪᠠᠷ ᠴᠠᠪᠴᠢᠨ ᠠᠯᠠᠵᠤ᠂ ᠲᠣᠯᠣᠭᠠᠢ ᠶ᠋ᠢ ᠲᠠᠢᠽᠢ ᠲᠡᠷᠢᠭᠦᠯᠡᠨ ᠲᠥᠷᠥ ᠶ᠋ᠢᠨ ᠵᠠᠭᠤᠨ ᠲᠦᠰᠢᠮᠡᠳ ᠲᠣᠷ ᠲᠤᠰᠢᠶᠠᠨ ᠬᠤᠸᠠᠩᠬᠡᠦ ᠳ᠋ᠦ᠍ᠷ ᠤᠯᠠᠮᠵᠢᠯᠠᠨ ᠠᠢᠯᠠᠳᠬᠠᠪᠠ 》ᠭᠡᠮᠡᠨ ᠢᠯᠡᠷᠬᠡᠢᠯᠡᠨ ᠠᠢᠯᠠᠳᠬᠠᠭᠰᠠᠨ ᠳ᠋ᠤᠷ ᠰᠥᠩ ᠨᠢᠩᠽᠥ᠋ᠩ᠂ ᠰᠤᠯᠠᠷᠠᠨ ᠵᠥᠭᠡᠯᠡᠷᠡᠵᠦ ᠤᠨᠠᠨ ᠬᠡᠪᠲᠡᠭᠡᠳ ᠭᠤᠷᠪᠠᠨ ᠡᠳᠦᠷ ᠥᠩᠭᠡᠷᠡᠭᠰᠡᠨ ᠬᠣᠢᠨ᠎ᠠ ᠰᠠᠶᠢ ᠠᠷᠭ᠎ᠠ ᠥᠭᠡᠶ᠎ᠡ ᠳᠣᠲᠣᠭᠠᠳᠤ ᠭᠠᠳᠠᠭᠠᠳᠤ᠂ ᠵᠠᠭᠤᠨ ᠰᠠᠢᠳ ᠲᠦᠰᠢᠮᠡᠳ ᠪᠠ ᠬᠤᠸᠠᠩᠬᠡᠦ᠂ ᠲᠠᠢᠽᠢ ᠲᠠᠨ ᠨᠡᠢᠲᠡ ᠪᠦᠭᠦᠳᠡᠭᠡᠷ ᠦ᠋ᠨ ᠦᠨᠡᠨ ᠶᠣᠰᠣ ᠬᠠᠤᠯᠢ ᠶ᠋ᠢ ᠤᠷᠪᠠᠭᠤᠯᠬᠤᠶ᠎ᠠ ᠪᠡᠷᠬᠡ ᠲᠤᠯᠠᠳᠠ ᠠᠷᠭ᠎ᠠ ᠦᠭᠡᠢᠳᠡᠨ ᠳᠤᠷ᠎ᠠ ᠦᠭᠡᠢ ᠪᠡᠷ ᠰᠡᠳᠬᠢᠯ ᠢ᠋ ᠮᠤᠰᠬᠢᠨ᠂ ᠬᠠᠨ ᠲᠦᠸᠧ ᠵᠧᠦ ᠶ᠋ᠢᠨ ᠡᠯ᠎ᠡ ᠶᠠᠯ᠎ᠠ ᠪᠤᠷᠤᠭᠤ᠂ ᠲᠡᠷᠰᠯᠡᠭᠦᠦ ᠰᠥᠷᠭᠡᠦ ᠶ᠋ᠢ ᠣᠯᠠᠨ ᠨᠡᠢᠲᠡ ᠪᠡᠷ ᠨᠡᠢᠯᠡᠨ ᠵᠥᠪᠳᠡᠨ ᠲᠣᠭᠲᠠᠭᠠᠭᠰᠠᠨ ᠢ᠋ᠶ᠋ᠠᠷ ᠵᠣᠣ ᠪᠢᠴᠢᠭ ᠪᠠᠭᠤᠯᠭᠠᠨ᠂ ᠳᠣᠲᠣᠭᠠᠳᠤ ᠭᠠᠳᠠᠭᠠᠳᠤ᠂ ᠣᠢᠷ᠎ᠠ ᠪᠠ ᠬᠣᠯᠠ ᠳ᠋ᠤᠷ ᠲᠠᠷᠬᠠᠭᠠᠨ ᠲᠤᠩᠬᠠᠭᠯᠠᠨ ᠵᠠᠷᠯᠠᠭᠤᠯᠪᠠᠢ᠃ ᠲᠥᠷᠥ ᠶ᠋ᠢᠨ ᠬᠣᠲᠠᠯᠠᠭᠠᠷ ᠤ᠋ᠨ ᠬᠠᠤᠯᠢ ᠶᠣᠰᠣᠭᠠᠷ ᠭᠠᠪᠢᠶ᠎ᠠ ᠶ᠋ᠢ ᠢᠯᠭᠠᠭᠰᠠᠨ ᠠᠨᠤ᠄  ᠱᠢ ᠮᠢ ᠶᠤᠸᠠᠨ ᠢ᠋ ᠳᠡᠪᠰᠢᠭᠦᠯᠦᠨ ᠶᠣᠰᠣᠯᠠᠯ ᠤ᠋ᠨ ᠵᠤᠷᠭᠠᠨ ᠤ᠋ ᠡᠷᠬᠢᠯᠡᠭᠰᠡᠨ ᠰᠠᠢᠳ — ᠯᠢ ᠪᠦ ᠱᠠᠩᠱᠤ ᠲᠦᠰᠢᠮᠡᠯ᠂ ᠬᠠᠷᠰᠢ ᠶ᠋ᠢᠨ ᠡᠮᠦᠨᠡᠬᠢ ᠶᠡᠬᠡ ᠵᠠᠩᠵᠤᠨ ᠰᠢᠶᠠ ᠵᠸᠨ ᠢ᠋ ᠳᠡᠪᠰᠢᠭᠦᠯᠦᠨ᠂ ᠹᠦ ᠵᠧᠦ ᠶ᠋ᠢᠨ ᠶᠡᠬᠡ ᠭᠤᠸᠠᠨ ᠴᠠ ᠱᠢ ᠲᠦᠰᠢᠮᠡᠯ ᠬᠠᠪᠰᠤᠷᠤᠭᠤᠯᠪᠠ᠃ ᠪᠤᠰᠤᠳ ᠢ᠋ ᠴᠥᠮ ᠨᠢᠭᠡᠨ ᠵᠡᠷᠭᠡ ᠭᠠᠪᠢᠶ᠎ᠠ ᠲᠡᠮᠳᠡᠭᠯᠡᠪᠡ᠃ 
       ᠠᠶ᠎ᠠ ᠬᠠᠨ ᠲᠦᠸᠧ ᠵᠧᠦ᠂ ᠤᠯᠤᠰ ᠲᠥᠷᠥ᠍ ᠶ᠋ᠢᠨ ᠡᠷᠬᠡ ᠶ᠋ᠢ ᠡᠵᠡᠷᠬᠡᠨ ᠪᠠᠷᠢᠭᠰᠠᠭᠠᠷ ᠠᠷᠪᠠᠨ ᠳᠥᠷᠪᠡᠨ ᠵᠢᠯ ᠪᠣᠯᠪᠠ᠃ ᠡᠳᠡᠭᠡᠷ ᠵᠢᠯ ᠦ᠋ᠨ ᠳᠣᠲᠣᠷ᠎ᠠ ᠬᠠᠨ ᠲᠦᠸᠧ ᠵᠧᠦ ᠶ᠋ᠢᠨ ᠰᠦᠷ ᠡᠷᠬᠡ ᠳ᠋ᠦ᠍ᠷ ᠰᠢᠷᠭᠤᠨ ᠳᠠᠭᠠᠭᠰᠠᠨ ᠮᠠᠭᠤ ᠬᠠᠷᠭᠢᠰ ᠤ᠋ᠨ ᠨᠠᠮ ᠬᠣᠷᠰᠢᠶ᠎ᠠ ᠶ᠋ᠢᠨ ᠠᠷᠠᠳ᠂ ᠨᠢᠳᠦᠨ ᠳ᠋ᠦ᠍ᠷ ᠬᠥᠮᠦᠨ ᠦᠭᠡᠢ ᠪᠣᠯᠤᠯᠴᠠᠭᠰᠠᠨ ᠪᠠ ᠲᠩᠷᠢ ᠶ᠋ᠢᠨ ᠬᠥᠪᠡᠭᠦᠨ ᠦ᠌ ᠰᠢᠳᠠᠷ ᠬᠠᠮᠠᠭᠠᠯᠠᠭᠴᠢ ᠰᠠᠢᠳ ᠠ᠋ᠴᠠ ᠡᠬᠢᠯᠡᠨ᠂ ᠳᠣᠲᠣᠭᠠᠳᠤ ᠣᠷᠳᠣᠨ ᠤ᠋ ᠠᠷᠠᠳ ᠲᠤᠷ ᠬᠦᠷᠲᠡᠯ᠎ᠡ᠂ ᠭᠠᠳᠠᠭᠠᠳᠤ ᠳᠣᠲᠣᠭᠠᠳᠤ ᠶ᠋ᠢ ᠨᠡᠢᠲᠡ ᠪᠡᠷ ᠳᠣᠭᠳᠣᠯᠵᠠᠲᠠᠯ᠎ᠠ ᠠᠶᠤᠯᠭᠠᠨ ᠠᠪᠴᠤᠬᠤᠢ᠃ ᠬᠠᠨ ᠲᠦᠸᠧ ᠵᠧᠦ ᠨᠢᠭᠡᠨ ᠦᠭᠡᠰ ᠭᠠᠷᠪᠠᠰᠤ ᠣᠯᠠᠨ ᠢ᠋ᠶ᠋ᠠᠷ ᠠᠭᠤᠯᠠ ᠨᠤᠷᠠᠬᠤ᠂ ᠪᠤᠯᠤ ᠴᠢᠯᠠᠭᠤ ᠦᠮᠭᠥᠷᠢᠭᠦᠯᠬᠦ ᠮᠡᠲᠦ ᠳᠠᠭᠠᠭᠤᠯᠤᠨ ᠥᠭᠦᠯᠡᠯᠳᠦᠮᠦᠢ᠃ ᠨᠡᠩ ᠬᠦᠨᠳᠦ ᠬᠠᠷᠭᠢᠰ ᠠᠨᠤ ᠬᠠᠨ ᠲᠦᠸᠧ ᠵᠧᠦ᠂ ᠶᠡᠬᠡ ᠲᠡᠢ ᠮᠢᠶᠣᠤ ᠰᠦᠮ᠎ᠡ ᠪᠠ ᠬᠠᠭᠠᠨ ᠤ᠋ ᠬᠠᠷᠰᠢ ᠂ ᠳᠣᠲᠣᠭᠠᠳᠤ ᠣᠷᠳᠣᠨ ᠳ᠋ᠤᠷ ᠣᠷᠣᠵᠤ ᠭᠠᠷᠬᠤᠢ ᠳ᠋ᠤᠷ ᠪᠠᠬᠠᠨ ᠴᠤ᠌ ᠶᠣᠰᠣ ᠬᠠᠤᠯᠢ ᠬᠡᠮᠵᠢᠶ᠎ᠡ ᠳᠦᠷᠢᠮ ᠦᠭᠡᠢ ᠪᠣᠯᠤᠭᠰᠠᠨ ᠳ᠋ᠤᠷ ᠳᠡᠭᠡᠳᠦ ᠬᠠᠭᠠᠨ ᠰᠥᠩ ᠰᠢᠶᠤᠤᠽᠥ᠋ᠩ ᠦ᠋ᠨ ᠦᠶ᠎ᠡ ᠶ᠋ᠢᠨ ᠶᠣᠰᠣᠯᠠᠯ ᠵᠢᠷᠤᠮ ᠬᠡᠪ ᠬᠠᠤᠯᠢ ᠳᠤᠷᠠᠳᠤᠭᠰᠠᠨ ᠬᠠᠭᠤᠴᠢᠨ ᠲᠦᠰᠢᠮᠡᠳ ᠪᠠ ᠣᠷᠳᠣᠨ ᠤ᠋ ᠳᠣᠲᠣᠭᠠᠳᠤ ᠬᠥᠭᠰᠢᠨ ᠲᠠᠢᠭᠠᠨ᠂ ᠥᠲᠡᠭᠦᠰ ᠯᠤᠤ ᠬᠦᠩ ᠨᠠᠷ ᠬᠠᠨ ᠲᠦᠸᠧ ᠵᠧᠦ ᠶ᠋ᠢᠨ ᠡᠨᠡ ᠮᠡᠲᠦ ᠰᠠᠪᠠᠭ᠎ᠠ ᠦᠭᠡᠢ ᠶ᠋ᠢ ᠦᠵᠡᠭᠡᠳ ᠪᠠᠢᠨ ᠪᠠᠢᠨ ᠬᠠᠷᠢᠯᠴᠠᠨ ᠬᠡᠯᠡᠯᠴᠡᠨ ᠨᠢᠯᠪᠤᠰᠤᠨ ᠤᠨᠠᠭᠠᠯᠴᠠᠮᠤᠢ᠃ ᠪᠣᠭᠳᠠ ᠶ᠋ᠢᠨ ᠵᠦᠭ ᠡᠴᠡ ᠣᠭᠲᠣ ᠲᠡᠢᠮᠦ ᠵᠠᠷᠯᠢᠭ ᠦᠭᠡᠢ ᠪᠥᠭᠡᠲᠡᠯ᠎ᠡ ᠲᠡᠷᠡ ᠬᠠᠷᠢᠨ ᠪᠣᠭᠳᠠ ᠶ᠋ᠢᠨ ᠨᠡᠷ᠎ᠡ ᠶ᠋ᠢ ᠵᠢᠭᠠᠵᠤ᠂ ᠬᠠᠭᠤᠷᠮᠠᠭ ᠵᠠᠷᠯᠢᠭ ᠢ᠋ ᠳᠤᠷ᠎ᠠ ᠪᠠᠷ ᠳᠥᠷᠪᠡᠨ ᠵᠦᠭ ᠶᠠᠪᠤᠭᠤᠯᠤᠨ᠂ ᠲᠥᠷᠥ ᠶᠠᠮᠤᠨ᠎ᠠ ᠶᠡᠬᠡᠷᠬᠡᠨ ᠠᠭᠠᠰᠢᠯᠠᠵᠤ᠂ ᠡᠷᠲᠡᠨ ᠦ᠌ ᠢ ᠢᠨ᠂ ᠵᠧᠦ ᠬᠦᠩ ᠳ᠋ᠠᠨ ᠤ᠋ ᠡᠷᠬᠡ ᠬᠤᠪᠢ ᠠ᠋ᠴᠠ ᠴᠤ᠌ ᠬᠡᠲᠦᠷᠬᠡᠢ ᠶᠡᠬᠡ  ᠪᠣᠯᠵᠤᠬᠤᠢ᠃ ᠨᠡᠩ ᠪᠠᠰᠠ ᠡᠵᠡᠳᠡᠨ ᠡᠷᠡᠮᠰᠢᠭᠰᠡᠨ ᠢ᠋ ᠬᠡᠯᠡᠪᠡᠰᠦ ᠄ ᠰᠥᠩ ᠨᠢᠩᠽᠥ᠋ᠩ ᠣᠢᠷ᠎ᠠ ᠤᠭᠰᠠᠭ᠎ᠠ ᠶ᠋ᠢᠨ ᠫᠧᠩ ᠶᠤᠸᠠᠨ ᠵᠢᠶᠦ᠋ᠨ ᠸᠠᠩ ᠵᠣᠣ ᠵᠧ ᠶ᠋ᠢᠨ ᠸᠠᠩ ᠬᠥᠮᠦᠨ ᠦ᠌ ᠬᠤᠪᠢᠶᠠᠷᠢ ᠳ᠋ᠤᠷ ᠪᠦᠬᠦᠢ ᠶᠢᠰᠦᠨ ᠵᠦᠢᠯ ᠦ᠋ᠨ ᠵᠢᠭᠰᠠᠭᠠᠯ ᠢᠯᠭᠠᠮᠵᠢ ᠶ᠋ᠢ ᠶᠢᠰᠦᠨ ᠰᠢ ᠬᠡᠮᠡᠮᠦᠢ᠃ ᠡᠨᠡ ᠶᠢᠰᠦᠨ ᠰᠢ ᠶ᠋ᠢᠨ ᠳᠣᠲᠣᠷ᠎ᠠ ᠸᠠᠩ ᠤ᠋ᠨ ᠵᠢᠭᠰᠠᠭᠠᠯ ᠤ᠋ᠨ ᠵᠡᠷᠭᠡᠲᠡᠨ ᠰᠠᠢᠳ ᠳᠠᠯᠠᠨ ᠬᠣᠶᠠᠷ ᠪᠣᠢ ᠪᠣᠯᠪᠠ᠃ ᠬᠠᠨ ᠲᠦᠸᠧ ᠵᠧᠦ ᠳᠠᠷᠤᠢ ᠡᠳᠡᠭᠡᠷ ᠸᠠᠩ᠂ ᠹᠦ ᠶ᠋ᠢᠨ ᠶᠡᠬᠡ ᠪᠠᠭ᠎ᠠ ᠳᠠᠯᠠᠨ ᠬᠣᠶᠠᠷ ᠵᠡᠷᠭᠡᠲᠡᠨ ᠦ᠌ ᠹᠦᠩᠯᠦ ᠴᠠᠯᠢᠩ ᠢ ᠬᠥᠨᠳᠡᠯᠢᠰᠦᠨ ᠬᠠᠯᠬᠠᠯᠠᠵᠤ ᠥᠭᠭᠦᠭᠦᠯᠬᠦ ᠦᠭᠡᠢ᠃ ᠸᠠᠩ ᠪᠣᠯᠪᠠᠴᠤ ᠲᠡᠭᠦᠨ ᠦ᠌ ᠰᠦᠷ ᠡᠷᠬᠡ ᠡᠴᠡ ᠠᠶᠤᠵᠤ ᠥᠪᠡᠷᠦᠨ ᠸᠠᠩ ᠤ᠋ᠨ ᠬᠤᠪᠢᠶᠠᠷᠢ ᠶ᠋ᠢᠨ ᠬᠤᠪᠢ ᠶ᠋ᠢᠨ ᠲᠦᠰᠢᠮᠡᠯ ᠦ᠋ᠨ ᠠᠯᠪᠠᠨ ᠤ᠋ ᠲᠡᠵᠢᠭᠡᠯ ᠢ᠋ ᠴᠦ᠍ ᠣᠯᠭᠣᠭᠤᠯᠤᠨ ᠥᠭᠴᠦ ᠴᠢᠳᠠᠬᠤ ᠦᠭᠡᠢ ᠳ᠋ᠦ᠍ᠷ ᠬᠦᠷᠦᠭᠰᠡᠨ ᠢ᠋ ᠪᠣᠳᠣᠪᠠᠰᠤ ᠣᠨᠳᠣᠣ ᠪᠤᠰᠤ ᠡᠵᠡᠳᠡᠭᠰᠡᠨ ᠢ᠋ ᠬᠡᠯᠡᠯ ᠦᠭᠡᠢ ᠪᠡᠷ ᠮᠡᠳᠡᠪᠡᠰᠦ ᠪᠣᠯᠬᠤ ᠪᠢᠰᠢᠦ ? ᠬᠠᠭᠠᠨ ᠤ᠋ ᠣᠢᠷ᠎ᠠ ᠶ᠋ᠢ ᠡᠢᠨ ᠬᠦ᠌ ᠳᠠᠷᠤᠯᠠᠨ ᠪᠥᠭᠡᠳ ᠥᠪᠡᠷᠦᠨ ᠡᠮ᠎ᠡ ᠭᠡᠷᠭᠡᠢ᠂ ᠰᠤᠯᠠ ᠲᠠᠲᠠᠪᠤᠷᠢ ᠳ᠋ᠤᠷ ᠬᠦᠷᠲᠡᠯ᠎ᠡ ᠴᠥᠮ ᠵᠢᠶᠦ᠋ᠨ ᠭᠦᠸᠧ ᠹᠦ ᠿᠧᠨ ᠦ᠌ ᠵᠡᠷᠭᠡ ᠳ᠋ᠦ᠍ᠷ ᠬᠦᠷᠲᠡᠯ᠎ᠡ ᠡᠷᠭᠦᠮᠵᠢᠯᠡᠭᠦᠯᠦᠨ᠂ ᠤᠯᠠᠮ ᠤᠯᠠᠮ ᠣᠯᠠᠨ ᠰᠤᠯᠠ ᠲᠠᠲᠠᠪᠤᠷᠢ ᠡᠬᠡᠨᠡᠷ ᠢ᠋ ᠠᠷᠪᠠᠭᠠᠳ ᠢ᠋ᠶ᠋ᠠᠷ ᠠᠪᠤᠨ᠂ ᠳᠣᠲᠣᠭᠠᠳᠤ ᠤᠷᠲᠣᠨ᠎ᠠ ᠣᠷᠣᠵᠤ᠂ ᠰᠥᠩ ᠨᠢᠩᠽᠥ᠋ᠩ ᠦ᠋ᠨ ᠴᠡᠩᠭᠡᠯ ᠦ᠋ᠨ ᠬᠣᠷᠢᠮᠯᠠᠯ ᠳ᠋ᠤᠷ ᠬᠠᠭᠠᠨ ᠤ᠋ ᠪᠢᠨ᠂ ᠹᠧᠢ ᠶ᠋ᠢᠨ ᠵᠡᠷᠭᠡ ᠶ᠋ᠢᠨ ᠬᠠᠲᠤᠳ ᠯᠤᠭ᠎ᠠ ᠬᠣᠯᠢᠴᠠᠯᠳᠤᠨ ᠬᠤᠳᠬᠤᠯᠬᠢᠯᠠᠨ ᠬᠤᠷᠢᠮ ᠳ᠋ᠤᠷ ᠵᠡᠷᠭᠡᠯᠡᠯᠴᠡᠨ ᠡᠭᠦᠰᠬᠡᠯᠴᠡᠪᠡ᠃ ᠪᠠᠭᠤᠬᠤ ᠰᠠᠭᠤᠬᠤ ᠭᠡᠷ ᠢᠨᠦ ᠬᠠᠭᠠᠨ ᠤ᠋ ᠬᠤᠷᠢᠮᠯᠠᠬᠤ ᠬᠠᠷᠰᠢ ᠶ᠋ᠢᠨ ᠵᠡᠭᠦᠨ ᠪᠠᠷᠠᠭᠤᠨ ᠵᠢᠭᠦᠷ ᠦ᠋ᠨ ᠬᠠᠷᠰᠢ᠂ ᠬᠠᠵᠠᠭᠤ ᠶ᠋ᠢᠨ ᠤᠷᠳᠤᠨ᠎ᠠ ᠪᠣᠯᠤᠭᠰᠠᠨ ᠢ᠋ᠶ᠋ᠠᠷ ᠲᠡᠳᠡᠭᠡᠷ ᠤᠷᠲᠤ ᠬᠠᠷᠰᠢ ᠶ᠋ᠢᠨ ᠬᠠᠷᠢᠶᠠᠲᠤ ᠣᠯᠠᠨ ᠵᠠᠷᠤᠴᠠ ᠨᠠᠷ ᠠᠨᠤ ᠬᠠᠨ ᠲᠦᠸᠧ ᠵᠧᠦ ᠶ᠋ᠢᠨ ᠡᠮ᠎ᠡ ᠭᠡᠷᠭᠡᠢ ᠶ᠋ᠢ ᠬᠠᠭᠠᠨ ᠢ ᠰᠤᠪᠢᠯᠠᠬᠤ ᠮᠡᠲᠦ ᠡᠩᠰᠡᠭᠯᠡᠭᠰᠡᠭᠡᠷ ᠮᠠᠰᠢᠳᠠ ᠬᠢᠯᠢᠰᠳᠡᠨ ᠬᠠᠰᠢᠷᠠᠵᠤᠬᠤᠢ᠃ ᠨᠡᠩ ᠪᠠᠰᠠ ᠬᠠᠨ ᠲᠦᠸᠧ ᠵᠧᠦ ᠶ᠋ᠢᠨ ᠭᠡᠷ ᠬᠦᠷᠢᠶ᠎ᠡ ᠪᠠ ᠤᠷᠲᠤ ᠬᠠᠷᠰᠢ᠂ ᠰᠠᠪᠠ ᠬᠡᠷᠡᠭᠯᠡᠯ᠂ ᠬᠥᠰᠢᠭᠡ ᠵᠠᠮ᠎ᠠ᠂ ᠬᠤᠪᠴᠠᠳ ᠴᠢᠮᠡᠭᠯᠡᠯ᠂ ᠳᠡᠯᠭᠡᠬᠦ᠂ ᠳᠡᠪᠢᠰᠬᠦ᠂ ᠪᠥᠵᠢᠭ᠂ ᠬᠥᠭᠵᠢᠮ ᠦ᠋ᠨ ᠵᠦᠢᠯ ᠨᠡᠢᠲᠡ ᠪᠡᠷ ᠴᠥᠮ ᠲᠡᠭᠷᠢ ᠶ᠋ᠢᠨ ᠬᠥᠪᠡᠭᠦᠨ ᠯᠦ᠍ᠭᠡ ᠨᠢᠭᠡᠨ ᠠᠳᠠᠯᠢ ᠪᠣᠯᠵᠤᠬᠤᠢ᠃ ᠨᠡᠩ ᠢᠯᠠᠩᠭᠤᠶ᠎ᠠ᠂ ᠬᠠᠨ ᠲᠦᠸᠧ ᠵᠧᠦ ᠶ᠋ᠢᠨ ᠡᠮ᠎ᠡ ᠭᠡᠷᠭᠡᠢ᠂ ᠰᠤᠯᠠ ᠲᠠᠲᠠᠪᠤᠷᠢ᠂ ᠥᠬᠢᠳ ᠰᠢᠪᠡᠭᠴᠢᠨ ᠴᠦ᠍ ᠳᠣᠲᠣᠭᠠᠳᠤ ᠣᠷᠳᠣᠨ ᠤ᠋ ᠴᠠᠭᠠᠵᠠ ᠬᠠᠯᠳᠠᠪᠤᠷᠢᠲᠤ᠂ ᠵᠡᠷᠭᠡ ᠬᠡᠷᠬᠡᠮᠲᠦ ᠳᠡᠪᠡᠯ ᠬᠤᠪᠴᠠᠳ ᠢ᠋ᠶ᠋ᠠᠷ ᠴᠢᠮᠡᠭᠯᠡᠯᠴᠡᠬᠦᠢ ᠳ᠋ᠦ᠍ᠷ ᠬᠦᠷᠴᠦᠬᠦᠢ᠃ ᠡᠭᠦᠨ ᠳ᠋ᠦ᠍ᠷ ᠳ᠋ᠢᠶᠠᠨ ᠴᠢᠶᠠᠨ ᠵᠠᠩᠵᠤᠨ ᠰᠢᠶᠠ ᠵᠸᠨ᠂ ᠬᠠᠨ ᠲᠦᠸᠧ ᠵᠧᠦ ᠶ᠋ᠢ ᠴᠠᠪᠴᠢᠨ ᠲᠣᠯᠣᠭᠠᠢ ᠶ᠋ᠢ ᠠᠪᠤᠮᠠᠭᠴᠠ ᠳᠠᠷᠤᠢ ᠶᠡᠬᠡ ᠴᠡᠷᠢᠭ ᠢ᠋ ᠠᠪᠴᠤ᠂ ᠬᠠᠨ ᠲᠦᠸᠧ ᠵᠧᠦ ᠶ᠋ᠢᠨ ᠭᠡᠷ ᠢ᠋ ᠪᠦᠰᠡᠯᠡᠨ ᠨᠡᠩᠵᠢᠨ ᠲᠠᠯᠠᠬᠤᠶ᠎ᠠ᠂ ᠪᠢᠴᠢᠬᠠᠨ ᠴᠤ᠌ ᠪᠤᠯᠲᠠᠷᠠᠭᠤᠯᠤᠨ ᠭᠡᠭᠡᠭᠳᠡᠭᠦᠯᠦᠯ ᠦᠭᠡᠢ ᠬᠤᠷᠢᠶᠠᠮᠵᠢᠯᠠᠨ ᠠᠪᠴᠤ᠂ ᠬᠡᠳᠦᠢᠴᠢᠨᠡᠭᠡᠨ ᠵᠠᠭᠤᠨ ᠲᠦᠮᠡᠨ ᠦ᠌ ᠡᠳ᠋ ᠠᠭᠤᠷᠠᠰᠤᠨ ᠢ᠋ ᠣᠯᠵᠤ᠂ ᠬᠠᠭᠠᠰ ᠢ᠋ ᠬᠦᠦ ᠳ᠋ᠦ᠍ᠷ ᠣᠷᠣᠭᠤᠯᠤᠨ᠂ ᠬᠠᠭᠠᠰ ᠢ᠋ ᠠᠯᠲᠠᠨ ᠤᠯᠤᠰ ᠤ᠋ᠨ ᠴᠡᠷᠢᠭ ᠢ᠋ ᠪᠠᠶᠠᠰᠬᠠᠬᠤ ᠡᠳ᠋ ᠲᠣᠷ ᠣᠷᠣᠭᠤᠯᠬᠤ ᠪᠠᠷ ᠪᠡᠯᠡᠳᠬᠡᠪᠡᠢ᠃ ᠨᠢᠭᠡᠨ ᠶᠡᠬᠡ ᠠᠯᠲᠠᠨ ᠪᠠᠭᠠᠨ᠎ᠠ᠂ ᠬᠠᠰ ᠸᠠᠭᠠᠷᠲᠤ ᠴᠧᠩᠰᠢᠶᠠᠩ ᠤ᠋ᠨ ᠹᠦ ᠶᠠᠮᠤᠨ᠂ ᠴᠠᠭ ᠭᠱᠠᠨ᠎ᠠ ᠬᠣᠪ ᠬᠣᠭᠣᠰᠣᠨ ᠪᠣᠯᠵᠤ᠂ ᠤᠲᠤᠭ᠎ᠠ ᠤᠨᠢᠶᠠᠷ ᠲᠠᠰᠤᠷᠠᠨ᠂ ᠬᠥᠮᠦᠨ ᠦ᠌ ᠮᠥᠷ ᠵᠠᠪᠬᠠᠷᠠᠭᠠᠳ ᠪᠢᠲᠡᠭᠦᠮᠵᠢᠯᠡᠨ ᠳᠠᠷᠤᠵᠤ᠂ ᠭᠠᠳᠠᠭᠤᠷ ᠠᠯᠪᠠᠨ ᠤ᠋ ᠴᠡᠷᠢᠭ ᠬᠠᠳᠠᠭᠠᠯᠠᠨ ᠰᠠᠬᠢᠪᠠ᠃ ᠶᠠᠯ᠎ᠠ ᠬᠠᠯᠳᠠᠪᠤᠷᠢ ᠲᠠᠢ ᠡᠳ᠋ ᠪᠦᠬᠦᠨ ᠢ᠋ ᠰᠢᠭᠦᠬᠦ ᠵᠣᠷᠭᠠᠨ᠎ᠠ ᠬᠣᠷᠢᠭᠠᠳ᠂ ᠬᠡᠷᠡᠭ ᠦᠭᠡᠢ ᠶ᠋ᠢ ᠰᠤᠯᠠ ᠰᠡᠩᠰᠡᠨ᠎ᠡ ᠬᠤᠷᠢᠶᠠᠮᠵᠢᠯᠠᠨ᠂ ᠠᠯᠲᠠᠨ ᠤᠯᠤᠰ ᠤ᠋ᠨ ᠪᠡᠯᠡᠭ ᠲᠣᠷ ᠣᠷᠣᠭᠤᠯᠬᠤᠢ ᠪᠠᠷ ᠪᠡᠯᠡᠳᠬᠡᠪᠡ᠃ ᠮᠥᠨ ᠡᠨᠡ ᠠᠷᠪᠠᠨ ᠨᠢᠭᠡᠨ ᠰᠠᠷ᠎ᠠ ᠳ᠋ᠠᠭᠠᠨ ᠬᠠᠨ ᠲᠦᠸᠧ ᠵᠧᠦ ᠶ᠋ᠢᠨ ᠣᠯᠠᠨ ᠡᠷᠬᠡ ᠬᠦᠴᠦᠲᠡᠢᠬᠡᠨ ᠵᠡᠷᠭᠡ ᠲᠤᠰᠢᠶᠠᠯᠲᠤ ᠨᠠᠮ ᠬᠤᠷᠰᠢᠶ᠎ᠠ ᠨᠠᠷ ᠢ᠋ ᠠᠨᠤ ᠢᠯᠭᠠᠨ ᠰᠠᠯᠭᠠᠨ᠂ ᠶᠠᠯᠠᠯᠠᠨ ᠰᠢᠳᠬᠡᠵᠦ᠂ ᠰᠠᠷᠨᠢᠭᠤᠯᠤᠨ ᠰᠠᠯᠭᠠᠨ ᠴᠦᠯᠡᠪᠡ᠃ ᠬᠠᠨ ᠲᠦᠸᠧ ᠵᠧᠦ ᠶ᠋ᠢ ᠠᠯᠠᠮᠠᠭᠴᠠ ᠴᠢᠶᠠᠨ ᠰᠢᠶᠠᠩ ᠵᠢᠦᠢ ᠲᠠᠩᠬᠢᠮ ᠳ᠋ᠤᠷ ᠰᠠᠭᠤᠵᠤ᠂ ᠴᠸᠨ ᠽᠢ ᠴᠢᠶᠠᠩ ᠢ᠋ ᠪᠠᠷᠢᠭᠤᠯᠤᠨ ᠠᠪᠴᠢᠷᠠᠭᠤᠯᠵᠤ ᠵᠠᠷᠯᠢᠭ ᠢ᠋ ᠳᠠᠭᠤᠳᠠᠨ ᠰᠣᠨᠣᠰᠬᠠᠵᠤ᠂ ᠴᠧᠩᠰᠢᠶᠠᠩ ᠤ᠋ᠨ ᠵᠡᠷᠭᠡ ᠬᠡᠷᠬᠡᠮ ᠢ᠋ ᠴᠥᠮ ᠡᠪᠳᠡᠭᠡᠳ᠂ ᠨᠢᠳᠦᠨ ᠦᠵᠡᠭᠰᠡᠭᠡᠷ ᠮᠣᠷᠢᠨ ᠳ᠋ᠤᠷ ᠭᠠᠷᠭᠠᠨ᠂ ᠡᠷᠭᠢᠨ ᠬᠠᠭᠤᠴᠢᠨ ᠼᠠᠨ ᡁᠢ ᠰᠠᠢᠳ ᠪᠡᠶ᠎ᠡ ᠪᠡᠨ ᠪᠦᠷᠢᠨ᠎ᠡ ᠪᠡᠷ ᠰᠠᠢᠬᠠᠨ ᠬᠠᠮᠠᠭᠠᠯᠠᠭᠲᠤᠨ ᠭᠡᠮᠡᠨ ᠬᠣᠲᠠ ᠠ᠋ᠴᠠ ᠭᠠᠷᠭᠠᠭᠠᠳ ᠵᠢᠴᠢ ᠳᠠᠷᠠᠭ᠎ᠠ ᠡᠳᠦᠷ ᠰᠠᠶᠢ ᠬᠣᠢᠨ᠎ᠠ ᠠ᠋ᠴᠠ ᠠᠨᠤ ᠲᠡᠭᠦᠨᠦ ᠤᠭ ᠵᠡᠷᠭᠡ ᠬᠡᠷᠬᠡᠮ ᠴᠣᠯᠠ ᠭᠤᠷᠪᠠᠨ ᠢ᠋ ᠴᠥᠮ ᠬᠤᠰᠤᠨ ᠡᠪᠳᠡᠭᠡᠳ᠂ ᠶᠦᠩ ᠵᠧᠦ ᠳ᠋ᠦ᠍ᠷ ᠲᠤᠰᠢᠶᠠᠨ ᠰᠠᠬᠢᠭᠤᠯᠪᠠ᠃ ᠵᠢᠴᠢ ᠬᠠᠨ ᠲᠦᠸᠧ ᠵᠧᠦ ᠶ᠋ᠢᠨ ᠪᠤᠰᠤ ᠬᠤᠷᠰᠢᠶ᠎ᠠ ᠶ᠋ᠢ ᠭᠠᠳᠠᠭᠠᠳᠤ ᠵᠧᠦ ᠵᠢᠶᠦ᠋ᠨ ᠳ᠋ᠦ᠍ᠷ ᠲᠠᠯᠪᠢᠭᠰᠠᠨ ᠠᠨᠤ ᠪᠣᠢ ᠶ᠋ᠢᠨ ᠣᠴᠢᠷ᠎ᠠ᠂ ᠴᠸᠨ ᠽᠢ ᠴᠢᠶᠠᠩ ᠢ᠋ ᠬᠡᠷᠡᠭ ᠡᠳᠦᠭᠦᠯᠦᠭᠦᠵᠡᠢ ᠭᠡᠮᠡᠨ ᠪᠠᠰᠠ ᠵᠡᠷᠭᠡᠯᠡᠳᠡᠭᠡ ᠯᠧᠢ ᠵᠧᠦ ᠳ᠋ᠦ᠍ᠷ ᠴᠦᠯᠡᠵᠦ ᠳᠠᠪᠬᠤᠷᠯᠠᠨ ᠳᠠᠷᠤᠭᠤᠯᠵᠤ᠂ ᠨᠢᠭᠡᠨ ᠳᠡᠭᠡᠭᠦᠷ ᠪᠠᠰᠠ ᠱᠣᠣ ᠵᠧᠦ ᠳ᠋ᠦ᠍ᠷ ᠵᠠᠷᠯᠢᠭ ᠤ᠋ᠨ ᠡᠯᠴᠢ ᠳᠣᠪᠲᠣᠯᠭᠠᠨ᠂ ᠬᠠᠨ ᠲᠦᠸᠧ ᠵᠧᠦ ᠶ᠋ᠢᠨ ᠶᠡᠬᠡ ᠬᠤᠷᠰᠢᠶ᠎ᠠ᠂ ᠰᠦ᠍ ᠱᠢ ᠳ᠋ᠠᠨ ᠢ ᠪᠠᠷᠢᠭᠤᠯᠵᠤ᠂ ᠲᠣᠯᠣᠭᠠᠢ ᠶ᠋ᠢ ᠬᠡᠷᠴᠢᠭᠦᠯᠦᠨ ᠠᠪᠴᠢᠷᠠᠭᠤᠯᠵᠤ᠂ ᠬᠠᠨ ᠲᠦᠸᠧ ᠵᠧᠦ ᠶ᠋ᠢᠨ ᠲᠣᠯᠣᠭᠠᠢ ᠯᠤᠭ᠎ᠠ ᠬᠠᠮᠲᠤ ᠲᠣᠰᠣ ᠳ᠋ᠤᠷ ᠪᠤᠴᠠᠯᠭᠠᠯᠭᠠᠨ᠂ ᠬᠣᠵᠢᠮ ᠠᠯᠲᠠᠨ ᠤᠯᠤᠰ ᠯᠤᠭ᠎ᠠ ᠬᠡᠯᠡᠯᠴᠡᠨ ᠡᠶᠡᠳᠡᠬᠦ ᠶ᠋ᠢ ᠪᠡᠯᠡᠳᠬᠡᠨ ᠠᠪᠰᠠᠯᠠᠵᠤ ᠲᠠᠯᠪᠢᠭᠠᠳ᠂ ᠵᠢᠴᠢ ᠭᠦᠸᠧ ᠨᠢ ᠶ᠋ᠢ ᠯᠢᠩ ᠨᠠᠨ ᠤ᠋ ᠡᠮᠦᠨ᠎ᠡ ᠮᠧᠢ ᠵᠧᠦ ᠳ᠋ᠦ᠍ᠷ ᠴᠦᠯᠡᠵᠦ᠂ ᠳ᠋ᠧᠩ ᠢᠥ ᠯᠦᠩ ᠢ ᠰᠢᠶᠦ᠋ᠨ ᠵᠧᠦ ᠳ᠋ᠦ᠍ᠷ ᠴᠦᠯᠡᠪᠡ᠃ ᠭᠦᠸᠧ ᠽᠦᠨ ᠢ᠋ ᠯᠢᠶᠠᠨ ᠵᠧᠦ ᠳ᠋ᠦ᠍ᠷ ᠴᠦᠯᠡᠪᠡ᠃ ᠵᠢᠴᠢ ᠦᠯᠡᠭᠰᠡᠨ ᠲᠡᠳᠡᠭᠡᠷ ᠡᠴᠡ ᠳᠡᠳ᠋ ᠶᠠᠯᠠᠲᠠᠨ ᠯᠢ ᠪᠢ ᠬᠡᠮᠡᠭᠴᠢ᠂ ᠵᠠᠩ ᠵᠢᠢ ᠬᠡᠮᠡᠭᠴᠢ᠂ ᠰᠢᠦᠢ ᠵᠢᠢ ᡁᠢ ᠬᠡᠮᠡᠭᠴᠢ᠂ ᠶᠧ ᠳᠢ ᠬᠡᠮᠡᠭᠴᠢ᠂ ᠰᠢᠦᠸᠠᠢ ᠱᠤ᠌ ᠰᠧ ᠬᠡᠮᠡᠭᠴᠢ᠂ ᠵᠢᠴᠢ ᠬᠤᠸᠠᠩ ᠹᠦ ᠪᠢᠨ ᠨᠠᠷ ᠢ᠋ ᠴᠥᠮ ᠵᠡᠷᠭᠡ ᠶ᠋ᠢ ᠡᠪᠳᠡᠵᠦ ᠰᠤᠯᠠ ᠢᠷᠭᠡᠨ ᠪᠣᠯᠭᠠᠵᠤ᠂ ᠭᠠᠰᠢᠭᠤᠨ ᠠᠯᠪᠠᠨ ᠭᠠᠵᠠᠷ᠎ᠠ ᠲᠤᠰᠢᠶᠠᠨ ᠵᠠᠬᠢᠷᠤᠭᠤᠯᠵᠤ ᠳᠠᠷᠤᠩᠭᠤᠢᠯᠠᠨ ᠳᠠᠷᠤᠵᠤ ᠲᠠᠯᠪᠢᠪᠠ᠃ ᠬᠠᠨ ᠲᠦᠸᠧ ᠵᠧᠦ ᠶ᠋ᠢᠨ ᠣᠯᠠᠨ ᠨᠠᠮ ᠬᠤᠷᠰᠢᠶ᠎ᠠ ᠨᠠᠷ ᠢ᠋ ᠴᠤᠭᠯᠠᠭᠤᠯᠤᠨ᠂ ᠬᠤᠪᠢᠰᠤᠯ ᠳᠡᠭᠳᠡᠭᠦᠯᠵᠦ ᠪᠣᠯᠬᠤ ᠦᠭᠡᠢ ᠭᠡᠮᠡᠨ ᠴᠢᠩᠳᠠᠯᠠᠨ ᠴᠠᠭᠠᠵᠠᠯᠠᠪᠠ᠃ ᠮᠥᠨ ᠡᠨᠡ ᠠᠷᠪᠠᠨ ᠨᠢᠭᠡᠨ ᠰᠡᠷᠡᠳᠡ᠂ ᠰᠥᠩ ᠤᠯᠤᠰ ᠸᠧᠢ ᠵᠢᠩ ᠢ᠋ ᠳᠡᠪᠰᠢᠭᠦᠯᠦᠨ ᠱᠤ᠌ ᠮᠢ ᠶᠤᠸᠠᠨ ᠤ᠋ ᠬᠡᠷᠡᠭ ᠲᠦ᠍ᠷ ᠬᠠᠪᠰᠤᠷᠭᠠᠪᠠ᠃ ᠪᠠᠰᠠ ᠰᠥᠩ ᠸᠠᠩ ᠵᠣᠣ ᠶᠠᠨ ᠢ᠋ ᠬᠤᠸᠠᠩ ᠲᠠᠢᠽᠢ ᠡᠷᠭᠦᠮᠵᠢᠯᠡᠨ᠂ ᠨᠡᠷ᠎ᠡ ᠶ᠋ᠢ ᠵᠣᠣ ᠱᠧᠦ ᠬᠡᠮᠡᠪᠡ᠃ ᠮᠥᠨ ᠡᠪᠦᠯ ᠦ᠋ᠨ ᠠᠷᠪᠠᠨ ᠬᠣᠶᠠᠷ ᠰᠡᠷᠡᠳᠡ᠂ ᠴᠢᠶᠠᠨ ᠰᠢᠶᠠᠩ ᠵᠢᠦᠢ ᠶ᠋ᠢ ᠳᠡᠪᠰᠢᠭᠦᠯᠵᠦ᠂ ᠪᠠᠷᠠᠭᠤᠨ ᠡᠲᠡᠭᠡᠳ ᠦ᠋ᠨ ᠴᠧᠩᠰᠢᠶᠠᠩ ᠪᠣᠯᠭᠠᠵᠤ ᠱᠤ᠌ ᠮᠢ ᠱᠢ ᠲᠦᠰᠢᠮᠡᠯ ᠬᠠᠪᠰᠤᠷᠭᠠᠵᠤ᠂ ᠪᠠᠰᠠ ᠸᠧᠢ ᠵᠢᠩ᠂ ᠯᠧᠢ ᠰᠢᠶᠣᠤ ᠢᠥ ᠶ᠋ᠢ ᠼᠠᠨ ᡁᠢ ᠵᠧᠩ ᠱᠢ ᠲᠦᠰᠢᠮᠡᠯ ᠨᠡᠮᠡᠵᠦ᠂ ᠱᠢ ᠮᠢ ᠶᠤᠸᠠᠨ ᠯᠤᠭ᠎ᠠ ᠬᠠᠮᠲᠤ ᠱᠤ᠌ ᠮᠢ ᠶᠤᠸᠠᠨ ᠤ᠋ ᠬᠡᠷᠡᠭ ᠢ᠋ ᠵᠠᠬᠢᠷᠤᠭᠤᠯᠤᠨ᠂ ᠪᠠᠰᠠ ᠯᠢᠨ ᠳᠡ ᠵᠦᠩ ᠬᠡᠮᠡᠭᠴᠢ ᠶ᠋ᠢ ᠳᠡᠪᠰᠢᠭᠦᠯᠦᠨ ᠱᠤ᠌ ᠶᠤᠸᠠᠨ ᠤ᠋ ᠬᠡᠷᠡᠭ ᠲᠦ᠍ᠷ ᠬᠠᠪᠰᠤᠷᠭᠠᠪᠠ᠃ ᠰᠥᠩ ᠤᠯᠤᠰ᠂ ᠱᠠᠨ ᠳ᠋ᠦᠩ ᠬᠢᠭᠡᠳ ᠵᠢᠩ ᠳ᠋ᠦᠩ ᠡᠨᠡ ᠬᠣᠶᠠᠷ ᠭᠠᠵᠠᠷ ᠤ᠋ᠨ ᠵᠠᠮ ᠤ᠋ᠨ ᠪᠠᠷᠠᠭᠤᠨᠳᠠᠬᠢ ᠵᠣᠣ ᠹᠦ ᠰᠧ ᠬᠡᠮᠡᠬᠦ ᠲᠦᠰᠢᠮᠡᠯ ᠲᠠᠯᠪᠢᠬᠤ ᠶ᠋ᠢ ᠨᠢᠭᠡᠮᠦᠰᠦᠨ ᠲᠠᠰᠤᠯᠤᠨ ᠵᠣᠭᠰᠣᠵᠤ ᠲᠠᠯᠪᠢᠬᠤ ᠦᠭᠡᠢ ᠪᠣᠯᠭᠠᠪᠠ᠃ ᠠᠯᠲᠠᠨ ᠤᠯᠤᠰ ᠠ᠋ᠴᠠ ᠠᠶᠤᠪᠠᠢ᠃ ᠤᠭ ᠲᠤᠷ ᠬᠠᠨ ᠲᠦᠸᠧ ᠵᠧᠦ᠂ ᠯᠢᠨ ᠳᠡ ᠵᠦᠩ ᠢ᠋ ᠳᠣᠲᠣᠷ᠎ᠠ ᠠ᠋ᠴᠠ ᠲᠤᠰᠠᠯᠠ ᠬᠡᠮᠡᠭᠰᠡᠨ ᠳ᠋ᠦ᠍ᠷ ᠯᠢᠨ ᠳᠡ ᠵᠦᠩ ᠳᠠᠭᠠᠭᠰᠠᠨ ᠦᠭᠡᠢ᠂ ᠭᠡᠳᠡᠷᠭᠦ ᠵᠠᠯᠢᠬᠠᠢ ᠶ᠋ᠢ ᠡᠴᠢᠭᠦᠯᠦᠨ᠂ ᠰᠠᠮᠠᠭᠤᠨ ᠢ᠋ ᠠᠷᠢᠯᠭᠠᠬᠤ ᠪᠢᠴᠢᠭ ᠠᠢᠯᠠᠳᠬᠠᠭᠰᠠᠨ ᠳ᠋ᠤᠷ ᠲᠡᠷᠡ ᠴᠠᠭ ᠲᠤᠷ ᠬᠠᠨ ᠲᠦᠸᠧ ᠵᠧᠦ ᠬᠠᠮᠲᠤ ᠪᠠᠢᠵᠤ᠂ ᠯᠢᠨ ᠳᠡ ᠵᠦᠩ ᠢ᠋ᠶ᠋ᠡᠷ ᠲᠥᠯᠭᠡ ᠦᠵᠡᠭᠦᠯᠵᠦ ᠤᠯᠤᠰ ᠤ᠋ᠨ ᠡᠷᠬᠡ ᠪᠠᠷᠢᠵᠤ᠂ ᠪᠢᠴᠢᠭ ᠲᠠᠷᠬᠠᠭᠠᠨ ᠬᠣᠵᠢᠮ ᠤ᠋ᠨ ᠵᠣᠪᠠᠯᠠᠩ ᠢ᠋ ᠠᠷᠢᠯᠭᠠᠰᠤᠭᠠᠢ ᠬᠡᠮᠡᠭᠰᠡᠨ ᠳ᠋ᠦ᠍ᠷ ᠯᠢᠨ ᠳᠡ ᠵᠦᠩ ᠦ᠋ᠨ ᠬᠡᠯᠡᠭᠰᠡᠨ ᠢᠨᠥ᠄ 《ᠪᠤᠶᠠᠨ ᠢ᠋ ᠬᠦᠰᠡᠵᠦ ᠡᠷᠢᠭᠡᠳ ᠣᠯᠵᠤ ᠪᠣᠯᠬᠤ ᠠᠨᠤ ᠪᠤᠰᠤ᠂ ᠬᠠᠷᠢᠨ ᠵᠣᠪᠠᠯᠠᠩ ᠢ᠋ ᠪᠣᠯᠪᠠᠰᠤ ᠠᠶᠤᠨ ᠡᠮᠢᠶᠡᠪᠡᠰᠦ ᠵᠠᠢᠯᠠᠨ ᠭᠠᠷᠪᠠᠰᠤ ᠪᠣᠯᠤᠮᠤᠢ  》ᠭᠡᠮᠡᠨ ᠬᠣᠷᠢᠭᠯᠠᠵᠤ ᠬᠡᠯᠡᠪᠡᠴᠦ ᠬᠠᠨ ᠲᠦᠸᠧ ᠵᠧᠦ ᠣᠭᠲᠣ ᠰᠣᠨᠣᠰᠬᠤ ᠦᠭᠡᠢ᠃ ᠡᠳᠦᠭᠡ ᠴᠢᠪ ᠴᠢᠬᠡ ᠠᠷᠪᠠᠨ ᠬᠣᠶᠠᠷ ᠵᠢᠯ ᠳᠡᠭᠡᠷ᠎ᠡ ᠪᠡᠨ ᠠᠯᠠᠭᠳᠠᠵᠤ ᠲᠣᠯᠣᠭᠠᠢ ᠪᠡᠶ᠎ᠡ ᠠᠩᠭᠢᠵᠢᠷᠠᠵᠤᠬᠤᠢ᠃ ᠰᠥᠩ᠂ ᠠᠯᠲᠠᠨ ᠬᠣᠶᠠᠷ ᠤᠯᠤᠰ ᠤ᠋ᠨ ᠬᠡᠷᠡᠭ ᠡᠨᠡ ᠵᠢᠯ ᠡᠨᠳᠡ ᠲᠡᠭᠦᠰᠦᠮᠦᠢ᠃ ᠬᠣᠢᠲᠤ ᠵᠢᠯ ᠰᠠᠶᠢ ᠬᠠᠨ ᠲᠦᠸᠧ ᠵᠧᠦ᠂ ᠰᠦ᠍ ᠱᠢ ᠳ᠋ᠠᠨ ᠬᠣᠶᠠᠭᠤᠯᠠ ᠶ᠋ᠢᠨ ᠲᠣᠯᠣᠭᠠᠢ ᠶ᠋ᠢ ᠠᠯᠲᠠᠨ ᠤᠯᠤᠰ ᠲᠤᠷ ᠬᠦᠷᠭᠡᠵᠦ᠂ ᠶᠠᠯ᠎ᠠ ᠬᠦᠯᠢᠶᠡᠨ ᠳᠣᠯᠣᠭᠠᠨ ᠰᠠᠷ᠎ᠠ ᠪᠣᠯᠲᠠᠯ᠎ᠠ ᠬᠡᠯᠡᠯᠴᠡᠵᠦ ᠰᠠᠶᠢ ᠡᠶᠡᠳᠡᠵᠦ ᠪᠠᠷᠠᠬᠤ ᠪᠣᠯᠠᠢ᠃ ᠡᠭᠦᠨ ᠢ᠋ ᠲᠦᠷ ᠬᠡᠯᠡᠬᠦ ᠦᠭᠡᠢ᠃ 
       ᠥᠭᠦᠯᠡᠬᠦ ᠢᠨᠥ᠂ ᠲᠤᠰ 《ᠬᠥᠬᠡ ᠰᠤᠳᠤᠷ 》 ᠤ᠋ᠨ ᠮᠣᠩᠭᠣᠯ ᠤᠯᠤᠰ ᠤ᠋ᠨ ᠬᠡᠷᠡᠭ ᠢ᠋ ᠬᠡᠯᠡᠰᠦᠭᠡᠢ᠃ ᠡᠨᠡ ᠵᠢᠯ ᠦ᠋ᠨ ᠠᠷᠪᠠᠨ ᠰᠡᠷᠡᠳᠡ᠂ ᠮᠣᠩᠭᠣᠯ ᠤᠯᠤᠰ ᠤ᠋ᠨ ᠴᠢᠩᠭᠢᠰ ᠬᠠᠭᠠᠨ ᠤ᠋ ᠶᠡᠬᠡ ᠵᠢᠭᠰᠠᠭᠠᠯ᠂ ᠤᠯᠤᠰ ᠤ᠋ᠨ ᠵᠦᠭ ᠮᠣᠷᠳᠠᠨ ᠬᠥᠳᠡᠯᠵᠦ᠂ ᠨᠢᠭᠡᠨ ᠵᠠᠮ ᠤ᠋ᠨ ᠵᠠᠭᠤᠷ᠎ᠠ ᠶᠡᠬᠡ ᠤᠭᠲᠤᠯᠭ᠎ᠠ ᠪᠠᠷ ᠤᠭᠲᠤᠨ᠂ ᠪᠠᠶᠠᠷ ᠤ᠋ᠨ ᠬᠤᠷᠢᠮ ᠬᠤᠷᠢᠮᠯᠠᠭᠰᠠᠭᠠᠷ᠂ ᠵᠢᠪᠬᠤᠯᠠᠩ ᠪᠠᠯᠭᠠᠰᠤᠨ ᠤ᠋ ᠨᠡᠢᠰᠯᠡᠯ ᠳ᠋ᠡᠭᠡᠨ ᠬᠦᠷᠲᠡᠯ᠎ᠡ᠂ ᠤᠯᠤᠰ ᠤ᠋ᠨ ᠶᠡᠬᠡ ᠵᠠᠩᠵᠤᠨ᠂ ᠲᠦᠰᠢᠶ᠎ᠡ ᠬᠦᠯᠦᠭ ᠲᠠᠢᠪᠤᠤ ᠲᠦᠰᠢᠮᠡᠯ ᠪᠤᠭᠤᠷᠵᠢ ᠨᠣᠶᠠᠨ᠂ ᠵᠢᠴᠢ ᠨᠠᠭᠠᠴᠤ ᠨᠣᠶᠠᠨ ᠤᠷᠤᠭ ᠬᠦᠩ᠂ ᠠᠵᠢᠨᠠᠢ ᠮᠡᠷᠭᠡᠨ ᠬᠣᠶᠠᠭᠤᠯᠠ ᠶ᠋ᠢᠨ ᠴᠡᠷᠢᠭ ᠦ᠋ᠨ ᠬᠠᠨᠳᠤᠭᠰᠠᠨ ᠵᠦᠭ ᠦ᠋ᠳ ᠲᠣᠷ ᠬᠠᠪᠰᠤᠷᠤᠯ ᠪᠣᠯᠤᠨ᠂ ᠡᠴᠢᠭᠰᠡᠨ ᠡᠲᠡᠭᠡᠳ ᠲᠣᠷ ᠡᠯ ᠪᠣᠯᠤᠯᠴᠠᠨ᠂ ᠴᠠᠢᠯᠵᠢ ᠠᠢᠮᠠᠭ ᠤ᠋ᠳ ᠴᠤᠭᠯᠠᠯᠴᠠᠨ᠂ ᠪᠤᠰᠤ ᠬᠢᠵᠠᠭᠠᠷ ᠢ᠋ ᠳᠠᠭᠠᠯᠳᠤᠭᠤᠯᠤᠨ ᠳᠠᠭᠠᠵᠤ᠂ ᠢᠳᠡᠪᠢᠯᠢᠭ ᠠᠢᠮᠠᠭ ᠤ᠋ᠳ ᠢᠷᠡᠯᠴᠡᠨ ᠬᠤᠷᠠᠯᠳᠤᠵᠤ᠂ ᠠᠯᠠᠭ ᠲᠠᠷᠡᠲᠦ ᠠᠢᠮᠠᠭ᠂ ᠡᠷᠢᠶᠡᠨ ᠰᠢᠯᠪᠢᠲᠦ ᠠᠢᠮᠠᠭ ᠲᠠᠨ ᠬᠠᠷᠢᠨ ᠠᠳᠠᠪᠠᠰᠢ ᠪᠠᠶᠠᠷᠯᠠᠯᠴᠠᠨ ᠂ ᠣᠯᠠᠨ ᠲᠠᠷᠬᠠᠮᠠᠯ ᠵᠡᠷᠯᠢᠭ ᠠᠢᠮᠠᠭ ᠤ᠋ᠳ ᠵᠢᠭᠰᠠᠭᠠᠯ ᠵᠢᠭᠰᠠᠭᠠᠨ ᠤᠭᠲᠤᠯᠴᠠᠵᠤ᠂ ᠸᠠᠢᠯᠨᠨ ᠠᠢᠮᠠᠭ ᠤ᠋ᠳ ᠤᠷᠢᠳᠠ ᠤᠭᠲᠤᠯᠴᠠᠨ ᠵᠣᠯᠭᠠᠯᠳᠤᠵᠤ ᠬᠤᠷᠢᠮ ᠬᠤᠷᠢᠮᠯᠠᠨ᠂ ᠠᠯᠠᠭ ᠲᠠᠷᠡᠲᠦ ᠠᠢᠮᠠᠭ ᠤ᠋ᠨ ᠡᠵᠡᠨ ᠪᠦᠷᠭᠦᠳ᠂ ᠢᠳᠡᠪᠢᠯᠢᠭ ᠤᠯᠤᠰ ᠤ᠋ᠨ ᠡᠵᠡᠨ ᠭᠠᠢᠯᠵᠤ ᠬᠣᠶᠠᠭᠤᠯᠠ ᠲᠡᠷᠢᠭᠦᠯᠡᠨ ᠨᠥᠭᠦᠭᠡ ᠠᠢᠮᠠᠨ ᠠᠩᠭᠢ ᠤᠯᠤᠰ ᠤ᠋ᠳ ᠤ᠋ᠨ ᠡᠵᠡᠳ ᠡᠵᠡᠳ ᠢ᠋ ᠠᠪᠴᠤ᠂ ᠮᠣᠩᠭᠣᠯ ᠤ᠋ᠨ ᠶᠡᠬᠡ ᠴᠡᠷᠢᠭ ᠢ᠋ ᠤᠳᠤᠷᠢᠳᠤᠨ᠂ ᠴᠢᠨᠠᠭᠰᠢ ᠣᠷᠣᠰ ᠤᠯᠤᠰ ᠤ᠋ᠨ ᠵᠠᠬ᠎ᠠ ᠶ᠋ᠢᠨ ᠰᠣᠩᠭᠢᠨ᠎ᠠ ᠶ᠋ᠢᠨ ᠳᠠᠪᠠᠭ᠎ᠠ ᠶ᠋ᠢᠨ ᠵᠠᠭᠠᠭ ᠬᠦᠷᠲᠡᠯ᠎ᠡ᠂ ᠣᠯᠠᠨ ᠵᠦᠢᠯ ᠦ᠋ᠨ ᠵᠡᠷᠯᠢᠭ ᠪᠠᠭ᠎ᠠ ᠪᠠᠭ᠎ᠠ ᠤᠯᠤᠰ ᠤ᠋ᠳ ᠢ᠋ ᠡᠯᠰᠡᠨ ᠳᠠᠭᠠᠭᠤᠯᠵᠤ᠂ ᠴᠢᠨᠠᠳᠤ ᠠ᠋ᠴᠠ ᠶᠡᠬᠡ ᠲᠠᠢᠽᠢ ᠬᠦᠩ ᠵᠣᠴᠢ᠂ ᠬᠣᠢᠲᠤ ᠤᠮᠠᠷ᠎ᠠ ᠶ᠋ᠢᠨ ᠴᠠᠢᠯᠵᠢ ᠶ᠋ᠢᠨ ᠡᠵᠡᠨ ᠨᠡᠷ᠎ᠡ ᠭᠦᠩᠭᠡᠵᠠᠮᠰᠤ ᠬᠡᠮᠡᠭᠴᠢ ᠶ᠋ᠢ ᠳᠠᠭᠠᠭᠤᠯᠤᠨ ᠠᠪᠴᠤ᠂ ᠪᠠᠭ᠎ᠠ ᠪᠠᠭ᠎ᠠ ᠬᠣᠷᠢᠨ ᠲᠠᠪᠤᠨ ᠠᠢᠮᠠᠭ ᠤ᠋ᠳ ᠤ᠋ᠨ ᠶᠡᠬᠡ ᠴᠢᠭᠤᠯᠭᠠᠨ ᠤ᠋ ᠳᠠᠷᠤᠭ᠎ᠠ ᠲᠠᠯᠪᠢᠨ ᠂ ᠣᠯᠠᠨ ᠢ᠋ ᠲᠠᠩᠭᠠᠷᠢᠭᠯᠠᠭᠤᠯᠤᠨ ᠨᠡᠢᠯᠡᠭᠦᠯᠵᠦ ᠂ ᠵᠢᠴᠢ ᠠᠯᠠᠭ ᠲᠠᠷᠠᠲᠦ ᠠᠢᠮᠠᠭ ᠤ᠋ᠨ ᠡᠵᠡᠨ ᠪᠦᠷᠭᠦᠳ᠂ ᠶᠡᠬᠡ ᠬᠠᠳᠠ ᠬᠠᠢᠷᠬᠠᠨ ᠳᠣᠲᠣᠷ᠎ᠠ ᠨᠤᠲᠤᠭᠯᠠᠨ ᠰᠠᠭᠤᠬᠤ ᠲᠤᠯᠠ ᠴᠢᠩᠭᠢᠰ ᠬᠠᠭᠠᠨ ᠳ᠋ᠤᠷ ᠬᠣᠶᠠᠷ ᠬᠣᠣᠰ ᠠᠯᠲᠠᠨ ᠰᠣᠳᠣᠳᠤ ᠭᠢᠯᠪᠠᠰᠤᠯ ᠥᠳᠥᠲᠦ᠂ ᠭᠥᠷᠥᠭᠡᠰᠦ ᠪᠠᠷᠢᠬᠤ ᠦᠬᠡᠷ ᠦ᠋ᠨ ᠴᠢᠨᠡᠭᠡ ᠬᠠᠷ᠎ᠠ ᠬᠠᠷᠴᠠᠭᠠᠢ ᠰᠢᠪᠠᠭᠤ᠂ ᠪᠠᠰᠠ ᠴᠠᠰᠤ ᠴᠠᠭᠠᠨ ᠶᠡᠬᠡ ᠬᠠᠨ ᠪᠦᠷᠭᠦᠳ ᠰᠢᠪᠠᠭᠤ ᠲᠠᠢ ᠡᠷᠭᠦᠨ ᠪᠠᠷᠢᠵᠤ᠂ ᠪᠠᠰᠠ ᠣᠯᠠᠨ ᠠᠢᠮᠠᠭ ᠤᠯᠤᠰ ᠤ᠋ᠳ ᠤ᠋ᠨ ᠡᠵᠡᠳ ᠥᠪᠡᠷ ᠥᠪᠡᠷ ᠦ᠋ᠨ ᠭᠠᠵᠠᠷ ᠭᠠᠵᠠᠷ ᠠ᠋ᠴᠠᠭᠠᠨ ᠭᠠᠷᠬᠤ᠂ ᠰᠣᠨᠢᠨ ᠯᠤᠬᠯᠣᠷᠲᠤ ᠦᠰᠦ ᠠᠷᠠᠰᠤ᠂ ᠨᠡᠬᠡᠢ ᠨᠠᠷᠢᠨ ᠬᠥᠷᠥᠰᠥ᠂ ᠣᠷᠣᠰ ᠪᠤᠯᠠᠭ᠎ᠠ᠂ ᠴᠠᠭᠠᠨ ᠰᠢᠯᠦᠭᠦᠰᠦ᠂ ᠪᠣᠷᠣ ᠬᠠᠯᠢᠭᠤᠨ ᠤ᠋ ᠠᠷᠠᠰᠤ᠂ ᠴᠠᠭᠠᠨ ᠦᠨᠡᠭᠡ᠂ ᠭᠦᠷᠦᠨ ᠴᠢᠬᠡᠷ ᠦᠨᠡᠭᠡ ᠂ ᠶᠡᠬᠡ ᠬᠦᠢᠲᠡᠨ ᠲᠢᠪ ᠰᠢᠷᠣᠢ ᠶ᠋ᠢᠨ ᠭᠠᠯᠲᠤ ᠬᠤᠯᠤᠭᠠᠨ᠎ᠠ᠂ ᠭᠠᠯ ᠵᠠᠷᠠᠭ᠎ᠠ ᠬᠢᠭᠡᠳ ᠴᠡᠷᠢᠭ ᠦ᠋ᠨ ᠰᠠᠢᠨ ᠵᠡᠪᠡ ᠥᠳᠥᠯᠡᠬᠦ ᠳᠡᠰ᠂ ᠶᠣᠯᠣ᠂ ᠪᠦᠷᠭᠦᠳ ᠦ᠋ᠨ ᠵᠡᠷᠭᠡ ᠶ᠋ᠢᠨ ᠰᠢᠪᠠᠭᠤᠨ ᠤ᠋ ᠥᠳᠥ ᠰᠣᠳᠣ ᠶ᠋ᠢᠨ ᠵᠦᠢᠯ ᠵᠦᠢᠯ ᠦ᠋ᠨ ᠶᠠᠭᠤᠮ᠎ᠠ ᠶ᠋ᠢ ᠲᠠᠪᠤᠨ ᠵᠠᠭᠤᠨ ᠲᠡᠮᠡᠭᠡᠨ ᠦ᠌ ᠠᠴᠢᠶ᠎ᠠ ᠪᠠᠷᠢᠯᠴᠠᠵᠤ ᠳᠠᠭᠠᠵᠤ ᠢᠷᠡᠯᠴᠡᠪᠡᠢ᠃ ᠶᠤᠸᠠᠨ ᠤᠯᠤᠰ ᠤ᠋ᠨ ᠶᠡᠬᠡ 《ᠭᠠᠩ ᠮᠦ᠍ ᠪᠢᠴᠢᠭ 》ᠲᠣᠷ ᠤᠯᠠᠭᠴᠢᠨ ᠲᠠᠤᠯᠠᠢ ᠵᠢᠯ ᠢᠳᠡᠪᠢᠯᠢᠭ ᠠᠢᠮᠠᠭ᠂ ᠠᠯᠠᠭ ᠲᠡᠷᠡᠲᠦ ᠤᠯᠤᠰ ᠤ᠋ᠳ ᠴᠢᠩᠭᠢᠰ ᠬᠠᠭᠠᠨ ᠳ᠋ᠤᠷ ᠬᠤᠪᠢᠯᠭᠠᠨ ᠬᠠᠷᠴᠠᠭᠠᠢ᠂ ᠳᠡᠰ᠂ ᠪᠦᠷᠭᠦᠳ ᠵᠡᠷᠭᠡ ᠶ᠋ᠢᠨ ᠰᠢᠪᠠᠭᠤ ᠪᠠᠷᠢᠵᠤ ᠳᠠᠭᠠᠵᠤ ᠢᠷᠡᠪᠡ ᠬᠡᠮᠡᠭᠴᠢ ᠳᠠᠷᠤᠢ ᠡᠨᠡ ᠨᠢᠭᠡᠨ ᠪᠦᠯᠦᠭ ᠮᠥᠨ᠃ ᠡᠭᠦᠡᠴᠡ᠂ ᠲᠠᠢᠽᠢ ᠵᠣᠴᠢ ᠶ᠋ᠢᠨ ᠸᠠᠩ ᠤ᠋ᠨ ᠬᠡᠷᠬᠡᠮ ᠢ᠋ ᠡᠭᠡᠭᠦᠯᠦᠨ ᠡᠷᠭᠦᠮᠵᠢᠯᠡᠵᠦ᠂ ᠬᠣᠢᠲᠤ ᠣᠨ ᠤ᠋ ᠬᠠᠪᠤᠷ ᠤᠯᠤᠰ ᠲᠤᠷ ᠡᠭᠡᠭᠦᠯᠬᠦ ᠵᠠᠷᠯᠢᠭ ᠪᠠᠭᠤᠯᠭᠠᠨ ᠵᠢᠨᠦᠩ ᠮᠤᠬᠤᠯᠢ ᠳ᠋ᠤᠷ ᠲᠤᠰᠢᠶᠠᠯᠭᠠᠪᠠᠢ᠃ ᠤᠯᠠᠭᠴᠢᠨ ᠲᠠᠤᠯᠠᠢ ᠵᠢᠯ ᠡᠨᠳᠡ ᠲᠡᠭᠦᠰᠪᠡᠢ᠃  
       ᠬᠠᠭᠠᠨ ᠬᠥᠮᠦᠨ ᠪᠣᠯᠪᠠᠴᠤ ᠬᠠᠲᠤᠨ ᠠᠨᠤ ᠮᠡᠷᠭᠡᠨ ᠪᠣᠯᠬᠤ ᠬᠡᠷᠡᠭᠲᠡᠢ ᠪᠠᠢᠨᠠᠮ 
       ᠬᠠᠷ᠎ᠠ ᠢᠷᠭᠡᠨ ᠬᠡᠮᠡᠪᠡᠴᠦ ᠬᠠᠵᠠᠭᠤᠳᠠᠬᠢ ᠡᠮ᠎ᠡ ᠰᠠᠢᠨ ᠪᠥᠭᠡᠰᠦ ᠪᠠᠶᠠᠵᠢᠵᠤ ᠪᠣᠯᠤᠮᠤᠢ᠃ 
       ᠬᠠᠷᠭᠢᠰ ᠰᠠᠢᠳ ᠡᠵᠡᠳᠡᠭᠰᠡᠨ ᠢ᠋ ᠬᠠᠷᠰᠢ ᠶ᠋ᠢᠨ ᠵᠠᠩᠵᠤᠨ ᠠᠷᠢᠯᠭᠠᠨ ᠴᠢᠳᠠᠵᠤᠬᠤᠢ 
       ᠬᠠᠷᠠᠩᠭᠤᠢ ᠡᠵᠡᠨ ᠡᠷᠭᠢᠭᠦᠳᠡᠭᠰᠡᠨ ᠢ᠋ ᠬᠠᠲᠤᠳ ᠬᠥᠪᠡᠭᠦᠳ ᠬᠠᠮᠲᠤᠳᠠ ᠰᠡᠷᠭᠦᠭᠡᠨ ᠲᠥᠰᠥᠭᠯᠡᠵᠦᠭᠦᠢ᠃