ᠨᠠᠮ᠎ᠠ ᠶᠢ ᠪᠤᠤ ᠵᠠᠩᠨᠠᠭᠠᠳ ᠪᠠᠢ ᠪᠢ ᠬᠥᠭᠡᠷᠦᠬᠦᠢ-ᠫᠤ᠂ ᠦᠯᠵᠡᠢᠨᠠᠷᠠᠨ -ᠰᠢᠯᠦᠭ ᠢ ᠰᠣᠳᠣᠬᠦᠦ ᠤᠩᠰᠢᠨ᠎ᠠ“Пү,ӨлзийнаранᠰНамыг буу загнаад бай би хөөрхий” шүлгийг Содхүү ᠬᠡᠦᠬᠡᠳ ᠦ᠋ᠨ ᠨᠡᠪᠲᠡᠷᠡᠭᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠮ᠎ᠠ ᠶᠢ ᠪᠤᠤ ᠵᠠᠩᠨᠠᠭᠠᠳ ᠪᠠᠢ ᠪᠢ ᠬᠥᠭᠡᠷᠦᠬᠦᠢ-ᠫᠤ᠂ ᠦᠯᠵᠡᠢᠨᠠᠷᠠᠨ -ᠰᠢᠯᠦᠭ ᠢ ᠰᠣᠳᠣᠬᠦᠦ ᠤᠩᠰᠢᠨ᠎ᠠ“Пү,ӨлзийнаранᠰНамыг буу загнаад бай би хөөрхий” шүлгийг Содхүү

ᠨᠠᠮ᠎ᠠ ᠶᠢ ᠪᠤᠤ ᠵᠠᠩᠨᠠᠭᠠᠳ ᠪᠠᠢ ᠪᠢ ᠬᠥᠭᠡᠷᠦᠬᠦᠢ-ᠫᠤ᠂ ᠦᠯᠵᠡᠢᠨᠠᠷᠠᠨ -ᠰᠢᠯᠦᠭ ᠢ ᠰᠣᠳᠣᠬᠦᠦ ᠤᠩᠰᠢᠨ᠎ᠠ“Пү,ӨлзийнаранᠰНамыг буу загнаад бай би хөөрхий” шүлгийг Содхүү

        ᠫᠤ᠂ ᠦᠯᠵᠡᠢᠨᠠᠷᠠᠨ 

ᠪᠠᠭ᠎ᠠ ᠯᠠ ᠠᠯᠢᠶᠠᠯᠠᠪᠠᠯ ᠲᠠ ᠨᠠᠷ ᠨᠠᠮ᠎ᠠ ᠶ᠋ᠢ 
ᠪᠠᠷᠰ ᠪᠣᠯᠵᠤ ᠠᠶᠤᠯᠭᠠᠭᠠᠳ ᠪᠠᠢᠬᠤ ᠶᠤᠮ 
ᠬᠥᠭᠡᠷᠦᠬᠦᠨ ᠰᠠᠢᠬᠠᠨ ᠵᠠᠩ ᠢ᠋ ᠮᠢᠨᠢ 
ᠬᠥᠭᠡᠭᠡᠵᠦ ᠠᠯᠠᠭ᠎ᠠ ᠪᠣᠯᠭᠠᠭᠠᠳ ᠪᠠᠢᠬᠤ ᠶᠤᠮ  
ᠨᠠᠮ᠎ᠠ ᠶ᠋ᠢ ᠪᠦᠦ ᠵᠠᠩᠨᠠᠭᠠᠳ ᠪᠠᠢ᠂ ᠪᠢ ᠬᠥᠭᠡᠷᠦᠬᠦᠢ 

ᠢᠩᠭᠢ ᠲᠡᠭᠡ ᠭᠡᠵᠦ ᠲᠠ ᠨᠠᠷ ᠨᠠᠮ᠎ᠠ ᠶ᠋ᠢ 
ᠡᠯᠳᠡᠪ ᠶᠠᠩᠵᠤ ᠪᠠᠷ ᠱᠠᠯᠠᠭᠠᠳ ᠪᠠᠢᠬᠤ ᠶᠤᠮ 
ᠪᠢᠴᠢᠬᠠᠨ ᠤᠯᠠᠭᠠᠨ ᠵᠢᠷᠦᠬᠡ ᠶ᠋ᠢ ᠮᠢᠨᠢ 
ᠪᠢᠯᠴᠠᠯᠵᠤ ᠬᠠᠶᠠᠮᠠᠷ ᠪᠣᠯᠤᠭᠠᠳ ᠪᠠᠢᠬᠤ ᠶᠤᠮ 
ᠨᠠᠮ᠎ᠠ ᠶ᠋ᠢ ᠪᠦᠦ ᠵᠠᠩᠨᠠᠭᠠᠳ ᠪᠠᠢ᠂ ᠪᠢ ᠬᠥᠭᠡᠷᠦᠬᠦᠢ 

ᠬᠥᠮᠦᠨ ᠦ᠌ ᠭᠠᠷ ᠢ᠋ᠶ᠋ᠠᠷ ᠬᠥᠳᠡᠯᠳᠡᠭ
ᠬᠡᠦᠬᠡᠯᠳᠡᠢ ᠪᠢᠰᠢ ᠰᠢᠦ᠂ ᠪᠢ
ᠬᠥᠭᠡᠷᠦᠬᠦᠨ ᠠᠯᠢᠶ᠎ᠠ ᠲᠣᠭᠯᠠᠳᠠᠭ
ᠬᠡᠦᠬᠡᠳ ᠯᠡ ᠶᠦᠮ ᠰᠢᠦ᠂ ᠪᠢ
ᠨᠠᠮ᠎ᠠ ᠶ᠋ᠢ ᠪᠤᠤ ᠵᠠᠩᠨᠠᠭᠠᠳ ᠪᠠᠢ᠂ ᠪᠢ ᠬᠥᠭᠡᠷᠦᠬᠦᠢ

ᠰᠠᠷᠪᠠᠢᠭᠰᠠᠨ ᠪᠦᠬᠦᠨ ᠢ᠋ ᠨᠢ ᠳᠠᠭᠤᠷᠢᠶᠠᠳᠠᠭ
ᠰᠠᠮᠵᠠ ᠪᠢᠰᠢ ᠰᠢᠦ᠂ ᠪᠢ
ᠰᠠᠨᠠᠭᠠᠨ ᠲᠠᠪᠠ ᠪᠠᠷ ᠢ᠋ᠶ᠋ᠠᠨ ᠲᠣᠭᠯᠠᠳᠠᠭ
ᠬᠡᠦᠬᠡᠳ ᠯᠡ ᠶᠦᠮ ᠰᠢᠦ᠂ ᠪᠢ
ᠨᠠᠮ᠎ᠠ ᠶ᠋ᠢ ᠪᠦᠦ ᠵᠠᠩᠨᠠᠭᠠᠳ ᠪᠠᠢ᠂ ᠪᠢ ᠬᠥᠭᠡᠷᠦᠬᠦᠢ

ᠡᠪᠳᠡᠯᠴᠢᠬᠡᠨ᠎ᠡ ᠬᠠᠭᠠᠯᠴᠢᠬᠠᠨ᠎ᠠ ᠭᠡᠬᠦ ᠪᠡᠷ ᠨᠢ
ᠡᠭᠳᠡᠭᠦᠦ ᠴᠦ᠍ ᠬᠦᠷᠦᠭᠡᠳ ᠪᠠᠢᠬᠤ ᠶᠤᠮ
ᠵᠦᠭ ᠴᠢᠭ ᠦᠭᠡᠢ ᠵᠠᠩᠨᠠᠭᠠᠳ ᠪᠠᠢᠬᠤ ᠪᠠᠷ ᠨᠢ
ᠵᠥᠷᠢᠭᠦᠦ ᠴᠦ᠍ ᠬᠥᠳᠡᠯᠦᠭᠡᠳ ᠪᠠᠢᠬᠤ ᠶᠤᠮ
ᠨᠠᠮ᠎ᠠ ᠶ᠋ᠢ ᠪᠦᠦ ᠵᠠᠩᠨᠠᠭᠠᠳ ᠪᠠᠢ᠂ ᠪᠢ ᠬᠥᠭᠡᠷᠦᠬᠦᠢ

ᠣᠯᠠᠨ ᠬᠡᠯᠡᠭᠡᠳ ᠪᠠᠢᠬᠤ ᠪᠠᠷ ᠨᠢ
ᠤᠷᠮ᠎ᠠ ᠵᠣᠷᠢᠭ ᠬᠤᠭᠤᠷᠠᠭᠠᠳ ᠪᠠᠢᠬᠤ ᠶᠤᠮ
ᠪᠢᠲᠡᠭᠡᠢ᠂ ᠪᠢᠲᠡᠭᠡᠢ ᠭᠡᠬᠦ ᠪᠡᠷ ᠨᠢ
ᠪᠢᠯᠢᠭ ᠠᠪᠢᠶᠠᠰ ᠮᠢᠨᠢ ᠬᠤᠭᠤᠷᠠᠭᠠᠳ ᠪᠠᠢᠬᠤ ᠶᠤᠮ
ᠨᠠᠮ᠎ᠠ ᠶ᠋ᠢ ᠪᠦᠦ ᠵᠠᠩᠨᠠᠭᠠᠳ ᠪᠠᠢ᠂ ᠪᠢ ᠬᠥᠭᠡᠷᠦᠬᠦᠢ

   ᠦᠰᠦᠭ ᠠᠮᠢᠯᠠᠭᠤᠯᠤᠭᠴᠢ᠄ ᠦᠵᠢᠶᠡᠳ᠂ ᠡᠷᠳᠡᠨᠢᠴᠡᠴᠡᠭ
            2024.6.11