ᠪᠡᠯᠴᠢᠭᠡᠷᠯᠡᠭᠦᠯᠦᠨ ᠮᠠᠯᠵᠢᠬᠤ ᠠ᠋ᠴᠠ ᠠᠷᠭᠠᠴᠠᠭᠠᠨ ᠮᠠᠯᠵᠢᠬᠤ ᠬᠦᠷᠲᠡᠯ᠎ᠡ- ᠭ· ᠴᠢᠩᠪᠠᠭᠠᠲᠤᠷБэлчээрлүүлэн малжхаас аргацаан малжих хүртэл-Г·Чинбаатар
ᠪᠡᠯᠴᠢᠭᠡᠷᠯᠡᠭᠦᠯᠦᠨ ᠮᠠᠯᠵᠢᠬᠤ ᠠ᠋ᠴᠠ ᠠᠷᠭᠠᠴᠠᠭᠠᠨ ᠮᠠᠯᠵᠢᠬᠤ ᠬᠦᠷᠲᠡᠯ᠎ᠡ①
ᠭ· ᠴᠢᠩᠪᠠᠭᠠᠲᠤᠷ
ᠬᠡᠴᠢᠨᠡᠨ ᠵᠢᠯ ᠦ᠋ᠨ ᠲᠤᠷᠰᠢ ᠪᠢᠳᠡ《ᠲᠩᠷᠢ ᠶ᠋ᠢᠨ ᠴᠢᠷᠠᠢ ᠬᠠᠷᠠᠵᠤ ᠮᠠᠯᠵᠢᠳᠠᠭ ᠤᠯᠠᠮᠵᠢᠯᠠᠯᠲᠤ ᠬᠣᠴᠣᠷᠤᠩᠭᠤᠢ ᠮᠠᠯᠵᠢᠯ ᠤ᠋ᠨ ᠠᠷᠭ᠎ᠠ ᠪᠠᠨ ᠲᠠᠶᠠᠭᠳᠠᠵᠤ᠂ ᠰᠢᠨᠵᠢᠯᠡᠬᠦ ᠤᠬᠠᠭᠠᠴᠢ ᠪᠠᠷ ᠪᠦᠲᠦᠭᠡᠨ ᠪᠠᠢᠭᠤᠯᠵᠤ ᠮᠠᠯ ᠮᠠᠯᠵᠢᠬᠤ ᠬᠡᠷᠡᠭᠲᠡᠢ》 ᠭᠡᠵᠦ ᠶᠠᠷᠢᠭᠰᠠᠭᠠᠷ ᠢᠷᠡᠯ᠎ᠡ᠃ ᠬᠠᠷᠢᠨ《ᠲᠩᠷᠢ ᠶ᠋ᠢᠨ ᠴᠢᠷᠠᠢ ᠬᠠᠷᠠᠵᠤ ᠮᠠᠯ ᠮᠠᠯᠵᠢᠬᠤ》 ᠭᠡᠳᠡᠭ ᠢ᠋ ᠵᠥᠪᠬᠡᠨ ᠴᠠᠰᠤ ᠵᠤᠳ᠂ ᠭᠠᠩ ᠬᠠᠭᠰᠠᠷᠠᠭᠠᠨ ᠲᠠᠢ ᠪᠣᠯ ᠮᠠᠯ ᠰᠦᠷᠦᠭ ᠢ᠋ᠶ᠋ᠡᠨ ᠬᠣᠬᠢᠷᠠᠭᠤᠯᠵᠤ᠂ ᠥᠩ ᠲᠡᠢ ᠰᠠᠢᠬᠠᠨ ᠵᠢᠯ ᠮᠡᠨᠳᠦ ᠤᠨᠳᠤᠷᠤᠭᠤᠯᠳᠠᠭ ᠶᠤᠮ ᠰᠢᠭ᠋ ᠳᠠᠩᠴᠤ ᠥᠩᠭᠡᠪᠴᠢᠬᠡᠨ ᠣᠢᠯᠠᠭᠠᠬᠤ ᠨᠢ ᠵᠥᠪ ᠤᠤ? ᠪᠤᠷᠤᠭᠤ ᠤᠤ? ᠭᠡᠳᠡᠭ ᠢ᠋ᠶ᠋ᠡᠨ ᠨᠢᠭᠲᠠᠯᠠᠬᠤ ᠶᠣᠰᠣᠲᠠᠢ᠃ ᠨᠡᠭᠦᠳᠡᠯ ᠪᠠᠭᠤᠳᠠᠯ ᠬᠢᠬᠦ ᠪᠣᠯᠤᠮᠵᠢ ᠠᠯᠳᠠᠭᠳᠠᠵᠤ᠂ ᠨᠤᠲᠤᠭ ᠪᠡᠯᠴᠢᠭᠡᠷ ᠢᠪᠴᠤᠷᠠᠨ ᠡᠯᠡᠰᠦᠵᠢᠵᠦ᠂ ᠮᠠᠯ ᠪᠡᠯᠴᠢᠭᠡᠷ ᠦ᠋ᠨ ᠵᠥᠷᠢᠴᠡᠯ ᠰᠢᠷᠦᠭᠦᠰᠴᠦ ᠪᠠᠢᠭ᠎ᠠ ᠥᠨᠥᠳᠥᠷ《ᠲᠩᠷᠢ ᠶ᠋ᠢᠨ ᠴᠢᠷᠠᠢ ᠬᠠᠷᠠᠵᠤ ᠮᠠᠯ ᠮᠠᠯᠵᠢᠳᠠᠭ》 ᠤ᠋ᠨ ᠴᠢᠨᠠᠳᠤ ᠤᠴᠢᠷ ᠤᠳᠬ᠎ᠠ ᠶ᠋ᠢ ᠡᠪᠳᠡᠷᠬᠡᠢ ᠰᠡᠳᠬᠢᠬᠦᠢ ᠮᠠᠨᠢ ᠤᠨᠤᠵᠤ ᠣᠢᠯᠠᠭᠠᠬᠤ ᠦᠭᠡᠢ ᠪᠠᠢᠭ᠎ᠠ ᠴᠤ ᠤᠤ? ᠶᠡᠷᠦ ᠨᠢ!
ᠲᠩᠷᠢ ᠭᠠᠵᠠᠷ᠂ ᠠᠭᠠᠷ ᠤᠰᠤ ᠠᠭᠤᠷ ᠠᠮᠢᠰᠬᠤᠯ᠂ ᠠᠮᠢᠲᠠᠨ ᠪᠠᠢᠭᠠᠯᠢ ᠶ᠋ᠢᠨ ᠰᠢᠲᠦᠯᠴᠡᠭᠡ ᠪᠣᠯ ᠤᠤᠯ ᠠ᠋ᠴᠠ ᠪᠠᠨ ᠵᠢᠮ᠎ᠡ ᠶᠣᠰᠣᠴᠢ ᠲᠣᠭᠲᠠᠯᠴᠠᠭ᠎ᠠ ᠲᠠᠢ ᠶᠤᠮ᠃ ᠡᠨᠡ ᠲᠣᠭᠲᠠᠯᠴᠠᠭ᠎ᠠ ᠶ᠋ᠢ ᠡᠪᠳᠡᠪᠡᠯ ᠪᠠᠢᠭᠠᠯᠢ ᠶ᠋ᠢᠨ ᠵᠠᠯᠬᠠᠭᠠᠯ ᠢ᠋ ᠬᠦᠯᠢᠶᠡᠬᠦ ᠪᠣᠯᠤᠨ᠎ᠠ ᠭᠡᠰᠡᠨ ᠬᠣᠯᠠᠴᠢ ᠤᠬᠠᠭ᠎ᠠ ᠮᠣᠩᠭᠣᠯᠴᠤᠳ ᠲᠤ ᠪᠣᠢ ᠭᠡᠳᠡᠭ ᠢ᠋ ᠨᠤᠲᠠᠯᠠᠬᠤ ᠪᠠᠷᠢᠮᠲᠠ ᠴᠤᠬᠤᠮ ᠴᠤ《ᠲᠡᠷᠭᠡ ᠪᠡᠷ ᠲᠡᠭᠡᠭᠡᠵᠦ ᠲᠡᠮᠡᠭᠡ ᠪᠡᠷ ᠠᠴᠢᠪᠠᠴᠤ》 ᠪᠣᠢ ᠯᠠ ᠳᠠ! ᠮᠣᠩᠭᠣᠯᠴᠤᠳ ᠤ᠋ᠨ ᠲᠠᠬᠢᠯᠭ᠎ᠠ ᠰᠢᠲᠦᠯᠭᠡ᠂ ᠴᠡᠭᠡᠷ ᠬᠣᠷᠢᠭ᠂ ᠮᠠᠯ ᠮᠠᠯᠵᠢᠯ ᠤ᠋ᠨ ᠠᠷᠭ᠎ᠠ ᠴᠠᠷᠭ᠎ᠠ᠂ ᠠᠮᠢᠳᠤᠷᠠᠯ ᠤ᠋ᠨ ᠵᠠᠩᠰᠢᠯ ᠳᠠᠳᠬᠠᠯ᠂ ᠴᠠᠭᠠᠰᠢᠯᠠᠨ ᠶᠡᠷᠦ ᠶ᠋ᠢᠨ ᠴᠠᠭ ᠤ᠋ᠨ ᠶᠠᠷᠢᠶ᠎ᠠ ᠬᠡᠯᠡᠯᠭᠡ ᠳ᠋ᠦ᠍ᠨᠢ ᠬᠦᠷᠲᠡᠯ᠎ᠡ ᠡᠨᠡ ᠤᠬᠠᠮᠰᠠᠷ ᠳᠣᠭᠣᠰᠢᠯᠠᠭᠳᠠᠵᠤ ᠪᠠᠢᠭ᠎ᠠ ᠶᠤᠮ᠃ ᠬᠠᠷᠢᠨ ᠡᠨᠡ ᠪᠦᠬᠦᠨ ᠢ᠋ ᠪᠠᠯᠠᠷ ᠬᠠᠭᠤᠴᠢᠨ ᠶᠠᠭᠤᠮ᠎ᠠ᠂ ᠮᠤᠬᠤᠷ ᠰᠦᠰᠦᠭ ᠪᠤᠶᠤ ᠱᠠᠰᠢᠨ ᠤ᠋ ᠭᠠᠵᠢ ᠣᠢᠯᠠᠭᠠᠯᠲᠠ ᠭᠡᠮᠡᠨ ᠴᠠᠯᠠᠭᠠᠢ ᠬᠠᠭᠤᠳᠠᠮ ᠢ᠋ᠶ᠋ᠠᠷ ᠳ᠋ᠦᠩ ᠥᠭᠬᠦ ᠳ᠋ᠦ᠍ ᠬᠦᠷᠪᠡᠰᠦ ᠠᠯᠤᠰ ᠴᠠᠭᠠᠨ᠎ᠠ ᠨᠢ ᠰᠢᠮᠡᠵᠢᠨ ᠲᠣᠨᠣᠳᠠᠰᠤᠯᠠᠭᠰᠠᠨ ᠠᠯᠢ ᠣᠯᠠᠨ ᠦᠨ᠎ᠡ ᠴᠠᠨ᠎ᠠ ᠲᠠᠢ ᠵᠦᠢᠯᠡᠰ ᠢ᠋ ᠦᠷᠡᠭᠳᠡᠭᠦᠯᠦᠭᠰᠡᠨ ᠤᠴᠢᠷ ᠪᠣᠯᠤᠨ᠎ᠠ᠃ ᠲᠩᠷᠢ ᠶ᠋ᠢ ᠲᠦᠰᠢᠵᠦ ᠮᠠᠯ ᠮᠠᠯᠵᠢᠨ᠎ᠠ ᠭᠡᠳᠡᠭ ᠴᠣᠬᠣᠮ ᠳ᠋ᠠᠭᠠᠨ ᠪᠠᠢᠭᠠᠯᠢ ᠶ᠋ᠢᠨ ᠵᠢᠮ᠎ᠡ ᠶᠣᠰᠣᠨ ᠠ᠋ᠴᠠ ᠲᠡᠷᠰᠯᠡᠬᠦ ᠦᠭᠡᠢ᠂ ᠲᠩᠷᠢ ᠭᠠᠵᠠᠷ ᠤ᠋ᠨ ᠠᠭᠠᠷ ᠠᠮᠢᠰᠬᠤᠯ ᠤ᠋ᠨ ᠨᠠᠷᠢᠨ ᠵᠣᠬᠢᠴᠠᠯᠳᠤᠭ᠎ᠠ ᠶ᠋ᠢ ᠡᠪᠳᠡᠬᠦ ᠦᠭᠡᠢ᠂ ᠲᠥᠷᠥᠯᠬᠢ ᠪᠠᠢᠭᠠᠯᠢ ᠶ᠋ᠢᠨ ᠰᠢᠮ᠎ᠡ ᠬᠦᠴᠦ ᠳ᠋ᠦ᠍ ᠲᠦᠰᠢᠭᠯᠡᠳᠡᠭ ᠠᠮᠢᠳᠤ ᠪᠣᠳᠠᠰ ᠤ᠋ᠨ ᠣᠨᠴᠠᠯᠢᠭ ᠢ᠋ ᠬᠠᠷᠠᠭᠠᠯᠵᠠᠨ᠂ ᠠᠮᠢᠨ ᠲᠡᠵᠢᠭᠡᠯ ᠪᠣᠯᠤᠭᠰᠠᠨ ᠭᠠᠵᠠᠷ ᠤᠰᠤ ᠪᠠᠨ ᠬᠠᠢᠷᠠᠯᠠᠨ ᠬᠢᠮᠠᠭᠠᠳᠠᠵᠤ᠂ ᠤᠷᠲᠤ ᠶ᠋ᠢᠨ ᠬᠡᠷᠡᠭᠯᠡᠭᠡ ᠲᠡᠢ ᠪᠣᠯᠭᠠᠬᠤ ᠶ᠋ᠢ ᠠᠩᠬᠠᠷᠤᠭᠰᠠᠨ ᠤᠷᠢᠳᠠᠯ ᠳᠣᠣᠷ᠎ᠠ ᠮᠠᠯ ᠠᠵᠤ ᠠᠬᠤᠢ ᠪᠠᠨ ᠡᠷᠬᠢᠯᠡᠨ ᠶᠠᠪᠤᠭᠤᠯᠬᠤ ᠶ᠋ᠢ ᠵᠢᠭᠠᠭᠰᠠᠨ ᠪᠠᠢᠬᠤ ᠤᠴᠢᠷᠲᠠᠢ᠃ ᠥᠨᠥᠳᠥᠷ ᠪᠢᠳᠡ ᠡᠢᠮᠦ ᠬᠣᠯᠠᠴᠢ ᠭᠦᠨ ᠤᠬᠠᠮᠰᠠᠷ ᠳᠤᠲᠠᠭᠤ ᠶ᠋ᠢᠨ ᠬᠠᠷᠠᠭ᠎ᠠ ᠪᠠᠷ ᠳᠠᠯᠳᠠ ᠶ᠋ᠢᠨ ᠶᠡᠬᠡ ᠤᠬᠠᠭ᠎ᠠ ᠨᠢᠭᠤᠭᠰᠠᠨ ᠡᠨᠡ ᠪᠦᠬᠦᠨ ᠳ᠋ᠦ᠍ ᠳᠠᠩᠴᠤ ᠬᠠᠭᠤᠮᠠᠭᠠᠢ ᠬᠠᠨᠳᠤᠭᠠᠳ ᠪᠠᠢᠵᠤ ᠯᠠ ᠳᠠ!
ᠠᠮᠢᠲᠠᠨ ᠪᠣᠳᠠᠰ ᠤ᠋ᠨ ᠪᠡᠶ᠎ᠡ ᠪᠠᠶᠠᠨ ᠳ᠋ᠠᠭᠠᠨ ᠲᠦᠰᠢᠭᠯᠡᠨ ᠣᠷᠣᠰᠢᠬᠤ ᠨᠢᠴᠤᠰᠢ ᠦᠭᠡᠢ ᠬᠠᠷᠢᠴᠠᠭ᠎ᠠ ᠶ᠋ᠢ ᠠᠩᠬᠠᠷᠬᠤ᠂ ᠮᠠᠯ ᠤᠨᠤᠭ᠎ᠠ ᠶ᠋ᠢ ᠪᠠᠢᠭᠠᠯᠢ ᠠ᠋ᠴᠠ ᠥᠭᠭᠦᠭᠳᠡᠭᠰᠡᠨ ᠨᠥᠬᠥᠴᠡᠯ ᠳ᠋ᠦ᠍ᠨᠢ ᠬᠠᠷᠠᠭᠠᠯᠵᠠᠭᠤᠯᠤᠨ ᠮᠠᠯᠵᠢᠬᠤ ᠪᠤᠶᠤ ᠴᠢᠨᠠᠷᠵᠢᠭᠤᠯᠬᠤ᠂ ᠪᠡᠯᠴᠢᠭᠡᠷ ᠢ᠋ ᠭᠦᠢᠴᠡᠳ ᠪᠦᠷᠢᠨ ᠠᠰᠢᠭᠯᠠᠮᠵᠢ ᠲᠠᠢ ᠪᠠᠢᠯᠭᠠᠬᠤ᠂ ᠴᠢᠭᠢᠭ ᠰᠢᠮ᠎ᠡ ᠶ᠋ᠢᠨ ᠲᠣᠭᠲᠠᠯᠴᠠᠭ᠎ᠠ ᠶ᠋ᠢ ᠠᠯᠳᠠᠭᠳᠠᠭᠤᠯᠬᠤ ᠦᠭᠡᠢ ᠪᠠᠢᠬᠤ ᠶ᠋ᠢ ᠬᠢᠴᠢᠶᠡᠬᠦ᠁ ᠵᠡᠷᠭᠡ ᠣᠯᠠᠨ ᠵᠣᠷᠢᠭᠤᠯᠤᠯᠲᠠ ᠠ᠋ᠴᠠ ᠡᠭᠦᠰᠴᠦ᠂ ᠰᠦᠷᠦᠭ ᠢ᠋ᠶ᠋ᠡᠷ ᠮᠠᠯᠵᠢᠬᠤ᠂ ᠪᠡᠯᠴᠢᠭᠡᠷᠯᠡᠭᠦᠯᠦᠨ ᠮᠠᠯᠵᠢᠬᠤ᠂ ᠨᠡᠭᠦᠳᠡᠯ ᠪᠠᠭᠤᠳᠠᠯ ᠶᠠᠪᠤᠬᠤ᠂ ᠲᠠᠪᠤᠨ ᠬᠣᠰᠢᠭᠤ ᠪᠠᠷ ᠮᠠᠯᠵᠢᠬᠤ᠂ ᠠᠭᠤᠷᠰᠢᠯᠲᠠ ᠲᠤᠨᠤᠳᠠᠰᠤ ᠶ᠋ᠢᠨ ᠵᠣᠬᠢᠴᠠᠯ ᠢ᠋ ᠪᠠᠲᠤᠯᠠᠬᠤ (ᠣᠢ ᠮᠣᠳᠣ ᠰᠠᠢᠲᠠᠢ ᠠᠭᠤᠯᠠ ᠬᠠᠢᠷᠬᠠᠨ ᠵᠢᠴᠢ ᠭᠣᠣᠯ ᠮᠥᠷᠡᠨ ᠨᠢ ᠨᠢᠭᠡᠨ ᠬᠡᠰᠡᠭ ᠭᠠᠵᠠᠷ ᠣᠷᠣᠨ ᠤ᠋ ᠴᠢᠭᠢᠭ ᠦ᠋ᠨ ᠬᠡᠮᠵᠢᠶ᠎ᠡ᠂ ᠭᠠᠩᠳᠠᠯ ᠤᠰᠤᠲᠤᠯ ᠲᠠᠢ ᠬᠣᠯᠪᠣᠭᠳᠠᠳᠠᠭ ᠪᠣᠯᠬᠣᠷ ᠮᠣᠩᠭᠣᠯᠴᠤᠳ ᠤ᠋ᠨ ᠣᠪᠣᠭ᠎ᠠ ᠳᠠᠭᠢᠬᠤ᠂ ᠣᠢ ᠮᠣᠳᠣ ᠣᠭᠲᠣᠯᠵᠤ ᠰᠦᠢᠳᠬᠡᠬᠦ ᠶ᠋ᠢ ᠴᠡᠭᠡᠷᠯᠡᠬᠦ ᠵᠡᠷᠭᠡ ᠨᠢ ᠮᠠᠰᠢ ᠤᠴᠢᠷ ᠬᠣᠯᠪᠣᠭᠳᠠᠯᠲᠠᠢ ᠠᠵᠢ) ᠭᠡᠬᠦᠴᠢᠯᠡᠨ ᠵᠦᠢ ᠵᠣᠬᠢᠰ ᠲᠠᠢ ᠶᠣᠰᠣ ᠭᠣᠷᠢᠮ ᠠᠮᠢᠳᠤᠷᠠᠯ ᠤ᠋ᠨ ᠬᠢᠨᠢ ᠶᠠᠪᠤᠴᠠ ᠪᠦᠬᠦᠨ ᠳ᠋ᠦ᠍ ᠬᠡᠪᠰᠢᠨ ᠲᠣᠭᠲᠠᠭᠰᠠᠨ ᠪᠠᠢᠳᠠᠭ ᠪᠢᠯᠡ᠃
ᠶᠠᠮᠠᠷ ᠴᠤ᠌ ᠶᠠᠭᠤᠮ᠎ᠠ ᠭᠡᠳ ᠥᠪᠡᠷ ᠦ᠋ᠨ ᠢ᠋ᠶ᠋ᠡᠨ ᠣᠷᠣᠰᠢᠨ ᠲᠣᠭᠲᠠᠨᠢᠬᠤ ᠦᠨ᠎ᠡ ᠥᠷᠲᠡᠭ ᠲᠡᠢ ᠪᠠᠢᠳᠠᠭ᠃《ᠶᠠᠭᠤᠮ᠎ᠠ ᠶᠠᠭᠤᠮ᠎ᠠ ᠪᠠᠷ ᠪᠠᠢᠬᠤ ᠰᠠᠢᠬᠠᠨ》 ᠭᠡᠵᠦ ᠮᠣᠩᠭᠣᠯᠴᠤᠳ ᠬᠡᠯᠡᠳᠡᠭ ᠦ᠋ᠨ ᠤᠴᠢᠷ ᠡᠨᠡ᠃ ᠭᠡᠬᠦ ᠳ᠋ᠦ᠍ ᠶᠠᠭᠤᠮ᠎ᠠ ᠶ᠋ᠢ ᠶᠠᠭᠤᠮ᠎ᠠ ᠪᠠᠷ ᠨᠢ ᠪᠠᠢᠯᠭᠠᠬᠤ ᠳ᠋ᠤ᠌ ᠮᠠᠰᠢ ᠶᠡᠬᠡ ᠤᠬᠠᠭ᠎ᠠ ᠰᠡᠭᠡᠭᠡ᠂ ᠵᠣᠷᠢᠭ ᠲᠠᠮᠢᠷ᠂ ᠡᠪ ᠳᠠᠮ ᠬᠡᠷᠡᠭᠲᠡᠢ ᠪᠥᠭᠡᠳ ᠮᠣᠩᠭᠣᠯᠴᠤᠳ ᠡᠭᠦᠨ ᠢ᠋ ᠬᠥᠮᠦᠨ ᠪᠠᠢᠭᠠᠯᠢ ᠬᠣᠶᠠᠷ ᠤ᠋ᠨ ᠬᠠᠷᠢᠴᠠᠭᠠᠨ ᠳᠡᠭᠡᠷ᠎ᠡ ᠭᠠᠷᠮᠠᠭᠠᠢ ᠰᠠᠢᠨ ᠪᠡᠶᠡᠯᠡᠭᠦᠯᠵᠦ ᠴᠢᠳᠠᠭᠰᠠᠨ ᠠᠵᠢ᠃
ᠲᠡᠢᠮᠦ ᠳ᠋ᠡᠭᠡᠨ ᠯᠡ ᠡᠭᠡᠭᠡ ᠰᠠᠶᠢᠬᠠᠨ ᠪᠣᠯᠲᠠᠯ᠎ᠠ ᠲᠠᠯ᠎ᠠ ᠨᠤᠲᠤᠭ ᠮᠠᠨᠢ《ᠠᠶᠠᠰ ᠤ᠋ᠨ ᠰᠠᠯᠬᠢᠨ ᠰᠡᠪᠢᠯᠵᠡᠬᠦᠶᠡ᠂ ᠠᠳᠤᠭᠤ ᠬᠣᠨᠢ ᠢᠷᠠᠢᠨ ᠦᠵᠡᠭᠳᠡᠮᠦᠢ》 ᠬᠡᠮᠡᠭᠳᠡᠭᠰᠡᠨ ᠥᠩᠰᠢᠭ ᠰᠠᠢᠬᠠᠨ ᠢ᠋ᠶ᠋ᠠᠷ ᠢ᠋ᠶ᠋ᠠᠨ ᠪᠠᠢᠵᠤ ᠴᠢᠳᠠᠭᠰᠠᠨ ᠶᠤᠮ᠃ ᠬᠠᠷᠢᠨ 20 ᠳ᠋ᠤᠭᠠᠷ ᠵᠠᠭᠤᠨ ᠠ᠋ᠴᠠ ᠠᠲᠠᠷ ᠬᠠᠭᠠᠯᠪᠤᠷᠢᠯᠠᠯᠲᠠ᠂ ᠲᠥᠰᠥᠪ ᠦᠭᠡᠢ ᠨᠡᠭᠡᠭᠡᠯᠲᠡ ᠶ᠋ᠢᠨ ᠡᠷᠴᠢᠮ ᠴᠢᠩᠭᠠᠷᠠᠵᠤ᠂ ᠪᠠᠢᠭᠠᠯᠢ ᠳ᠋ᠠᠭᠠᠨ ᠠᠴᠢ ᠬᠠᠷᠢᠭᠤᠯᠲᠠ ᠲᠠᠢ ᠪᠠᠷ ᠣᠷᠣᠩᠨᠠᠬᠤ ᠤᠬᠠᠮᠰᠠᠷ ᠰᠤᠯᠠᠷᠠᠭᠰᠠᠨ ᠢ᠋ᠶ᠋ᠠᠷ ᠣᠬᠣᠷᠬᠠᠨ ᠬᠣᠷᠢ ᠭᠤᠴᠢᠨ ᠵᠢᠯ ᠳ᠋ᠦ᠍ ᠭᠤᠷᠪᠠᠨ ᠶᠡᠬᠡ ᠲᠠᠯ᠎ᠠ ᠨᠤᠲᠤᠭ ᠪᠥᠮᠪᠥᠷᠴᠡᠭ ᠡᠴᠡ ᠪᠦᠷᠢᠯᠦᠭᠰᠡᠨ ᠶᠦᠮ᠃ ᠲᠡᠭᠡᠭᠡᠳ ᠬᠡᠵᠢᠶ᠎ᠡ ᠰᠡᠭᠦᠯ ᠳ᠋ᠦ᠍ ᠬᠢᠭᠰᠡᠨ ᠪᠦᠬᠦᠨ ᠦ᠌ ᠬᠢᠨᠢ ᠦᠷ᠎ᠡ ᠳ᠋ᠦᠩ ᠥᠭᠡᠷ᠎ᠡ ᠪᠡᠷ ᠡᠷᠭᠢᠬᠦ ᠦᠶᠡᠰ ᠤᠯᠠᠮᠵᠢᠯᠠᠯᠲᠤ ᠮᠠᠯ ᠠᠵᠤ ᠠᠬᠤᠢ ᠶ᠋ᠢᠨ《ᠬᠣᠴᠣᠷᠤᠩᠭᠤᠢ ᠪᠦᠳᠦᠭᠦᠯᠢᠭ》ᠲᠦ᠍ ᠰᠢᠯᠲᠠᠭ ᠢ᠋ᠶ᠋ᠠᠨ ᠲᠦᠯᠬᠢᠴᠢᠬᠡᠭᠰᠡᠨ ᠪᠢᠯᠡ᠃ ᠡᠢᠨ ᠬᠦ᠌《ᠪᠤᠷᠤᠭᠤ ᠵᠠᠮ ᠢ᠋ᠶ᠋ᠠᠷ ᠪᠤᠳᠠᠭ᠎ᠠ ᠲᠡᠭᠡᠭᠡᠵᠦ᠂ ᠪᠤᠴᠠᠬᠤ ᠵᠠᠮ ᠳ᠋ᠠᠭᠠᠨ ᠰᠢᠷᠣᠢ ᠲᠡᠭᠡᠭᠡᠭᠰᠡᠨ》 ᠬᠣᠢᠨ᠎ᠠ ᠪᠠᠨ ᠠᠮᠠ ᠪᠠᠨ ᠪᠠᠷᠢᠵᠤ ᠬᠠᠷᠠᠰᠠᠬᠤ ᠳ᠋ᠠᠭᠠᠨ ᠣᠢᠵᠢᠭᠤᠯᠤᠨᠠ᠃ ᠪᠦᠲᠦᠭᠡᠨ ᠪᠠᠢᠭᠤᠯᠤᠨ᠎ᠠ᠂ ᠬᠠᠰᠢᠶᠠᠯᠠᠨ᠎ᠠ ᠭᠡᠵᠦ ᠬᠥᠯ ᠪᠣᠯᠤᠭᠰᠠᠨ ᠴᠤ ᠨᠢᠭᠡᠨᠲᠡ ᠲᠡᠩᠴᠡᠭᠦᠷᠢ ᠲᠣᠭᠲᠠᠯᠴᠠᠭᠠᠨ ᠤ᠋ ᠪᠠᠨ ᠵᠢᠮ᠎ᠡ ᠭᠣᠷᠢᠮ ᠢ᠋ᠶ᠋ᠠᠨ ᠠᠯᠳᠠᠭᠰᠠᠨ ᠪᠠᠢᠭᠠᠯᠢ ᠤᠰᠤ ᠮᠢᠨᠢ ᠵᠠᠰᠠᠪᠤᠷᠢ ᠠᠪᠬᠤ ᠨᠠᠭᠠᠳᠤ ᠵᠠᠬ᠎ᠠ ᠶ᠋ᠢᠨ ᠪᠣᠯᠤᠮᠵᠢ ᠪᠠᠨ ᠬᠦᠷᠲᠡᠯ᠎ᠡ ᠠᠯᠳᠠᠵᠤ《ᠠᠮᠢ ᠨᠠᠭᠠᠨ᠎ᠠ᠂ ᠲᠠᠮᠤ ᠴᠠᠭᠠᠨ᠎ᠠ》 ᠪᠣᠯᠵᠠᠢ᠃ ᠡᠢᠮᠦ ᠬᠦᠨᠳᠦᠷᠡᠯ ᠲᠡᠢ ᠪᠠᠢᠳᠠᠯ ᠳᠣᠣᠷ᠎ᠠ ᠰᠢᠨᠵᠢᠯᠡᠬᠦ ᠤᠬᠠᠭᠠᠨᠴᠢ ᠪᠠᠷ ᠮᠠᠯ ᠮᠠᠯᠵᠢᠬᠤ᠂ ᠪᠦᠲᠦᠭᠡᠨ ᠪᠠᠢᠭᠤᠯᠵᠤ ᠮᠠᠯ ᠮᠠᠯᠵᠢᠬᠤ ᠰᠢᠨ᠎ᠡ ᠭᠡᠭᠳᠡᠭᠰᠡᠨ ᠠᠷᠭ᠎ᠠ ᠨᠤᠭᠤᠳ ᠰᠡᠲᠦᠭᠳᠡᠭᠰᠡᠨ ᠪᠠᠢᠭ᠎ᠠ ᠶᠤᠮ ᠬᠣᠷᠢᠵᠤ ᠲᠡᠵᠢᠭᠡᠬᠦ᠂ ᠢᠮᠠᠭ᠎ᠠ ᠶ᠋ᠢ ᠤᠰᠠᠳᠬᠠᠬᠤ᠂ ᠠᠳᠤᠭᠤ ᠪᠠᠨ ᠦᠭᠡᠢ ᠬᠢᠬᠦ᠂ ᠪᠡᠯᠴᠢᠭᠡᠷ ᠢ᠋ᠶ᠋ᠡᠨ ᠬᠦᠷᠢᠶᠡᠯᠡᠬᠦ᠂ ᠮᠠᠯᠵᠢᠯ ᠲᠠᠷᠢᠶᠠᠯᠠᠩ ᠢ᠋ ᠤᠶᠠᠯᠳᠤᠭᠤᠯᠬᠤ᠂ ᠪᠣᠷᠳᠣᠨ ᠲᠠᠷᠭᠤᠯᠠᠭᠤᠯᠬᠤ᠂ ᠬᠠᠷᠢ ᠡᠭᠦᠯᠳᠡᠷ ᠦ᠋ᠨ ᠮᠠᠯ ᠮᠠᠯᠵᠢᠬᠤ᠁ ᠵᠡᠷᠭᠡ ᠨᠢ ᠪᠦᠷ ᠪᠠᠢᠭᠠᠯᠢ ᠪᠠᠨ ᠡᠪᠳᠡᠭᠰᠡᠨ ᠦ ᠳ᠋ᠦᠩ ᠳ᠋ᠦ᠍ ᠭᠠᠷᠭᠠᠭᠰᠠᠨ ᠠᠷᠭ᠎ᠠ ᠪᠠᠢᠵᠤ᠂ ᠵᠠᠷᠢᠮ ᠨᠢ ᠨᠡᠭᠦᠳᠡᠯ ᠮᠠᠯᠵᠢᠯ ᠤ᠋ᠨ ᠰᠢᠯᠢᠳᠡᠭ ᠲᠤᠷᠰᠢᠯᠭ᠎ᠠ ᠠ᠋ᠴᠠ ᠡᠮᠲᠡᠯᠦᠨ ᠠᠪᠤᠭᠰᠠᠨ ᠵᠦᠢᠯ ᠠᠵᠢ᠃
ᠪᠡᠯᠴᠢᠭᠡᠷᠯᠡᠭᠦᠯᠦᠨ ᠮᠠᠯᠵᠢᠭᠰᠠᠨ ᠮᠠᠯ ᠤ᠋ᠨ ᠮᠢᠬ᠎ᠠ ᠰᠦ ᠠᠮᠲᠠ ᠰᠠᠢᠲᠠᠢ᠂ ᠰᠢᠮ᠎ᠡ ᠲᠡᠭᠦᠯᠳᠡᠷ᠂ ᠬᠥᠮᠦᠨ ᠦ᠌ ᠪᠡᠶ᠎ᠡ ᠳ᠋ᠦ᠍ ᠬᠡᠷᠡᠭᠰᠡᠬᠦ ᠢᠯᠴᠢ ᠡᠨᠧᠷᠭᠢ ᠬᠠᠩᠭᠠᠮᠵᠢᠲᠠᠢ᠂ ᠤᠭᠤᠷᠠᠭ ᠪᠤᠶᠤ ᠪᠤᠰᠤᠳ ᠡᠷᠦᠳᠡᠰᠦ ᠡᠯᠧᠮᠧᠨ᠋ᠲ ᠦ᠋ᠨ ᠠᠭᠤᠯᠤᠭᠳᠠᠴᠠ ᠥᠨᠳᠥᠷ (ᠣᠯᠠᠨ ᠲᠥᠷᠥᠯ ᠦ᠋ᠨ ᠡᠪᠡᠰᠦ ᠢᠳᠡᠬᠦ ᠪᠣᠯᠬᠣᠷ) ᠪᠠᠢᠳᠠᠭ ᠢ᠋ᠶ᠋ᠠᠷ ᠢ᠋ᠶ᠋ᠠᠨ ᠬᠣᠷᠢᠵᠤ ᠬᠠᠰᠢᠶᠠᠯᠠᠨ᠂ ᠡᠷᠳᠡᠨᠢ ᠰᠢᠰᠢ ᠶ᠋ᠢᠨ ᠡᠰᠢ ᠰᠦᠷᠡᠯ ᠢ᠋ᠶ᠋ᠡᠷ ᠯᠡ ᠭᠣᠣᠯᠳᠠᠭᠤ ᠲᠡᠵᠢᠭᠡᠯ ᠠᠪᠤᠭᠰᠠᠨ ᠮᠠᠯ ᠠ᠋ᠴᠠ ᠡᠷᠡᠰ ᠣᠨᠴᠠᠯᠢᠬᠳᠠᠳᠠᠭ᠃ ᠲᠠᠷᠢᠶᠠᠴᠢᠳ ᠲᠤ ᠴᠤ ᠡᠢᠮᠦ ᠵᠢᠱ᠌ᠢᠶ᠎ᠡ ᠪᠣᠢ᠃ ᠲᠠᠷᠢᠶᠠᠴᠢᠳ ᠥᠪᠡᠷ ᠦ᠋ᠨ ᠬᠦᠨᠡᠰᠦᠨ ᠳ᠋ᠦ᠍ ᠬᠡᠷᠡᠭᠯᠡᠬᠦ ᠲᠠᠷᠢᠮᠠᠯ ᠳ᠋ᠠᠭᠠᠨ ᠬᠢᠮᠢ ᠶ᠋ᠢᠨ ᠪᠣᠷᠳᠣᠭᠤᠷ ᠡᠨᠡ ᠲᠡᠷᠡ ᠬᠢᠵᠦ᠂ ᠥᠰᠦᠯᠲᠡ ᠶ᠋ᠢ ᠬᠤᠷᠳᠤᠳᠬᠠᠳᠠᠭ᠃ ᠶᠠᠭᠠᠬᠢᠭᠠᠳ ᠭᠡᠪᠡᠯ ᠥᠪᠡᠷ ᠢ᠋ᠶ᠋ᠡᠨ ᠢᠳᠡᠬᠦ ᠳ᠋ᠦ᠍ ᠠᠮᠲᠠᠲᠠᠢ᠂ ᠰᠢᠮ᠎ᠡ ᠰᠠᠢᠲᠠᠢ ᠪᠠᠢᠬᠤ ᠶ᠋ᠢ ᠨᠢ ᠬᠠᠷᠠᠭᠠᠯᠵᠠᠳᠠᠭ ᠠᠲᠠᠯ᠎ᠠ ᠪᠡᠨ ᠬᠤᠳᠠᠯᠳᠤᠬᠤ ᠳ᠋ᠠᠭᠠᠨ ᠥᠰᠦᠯᠲᠡ ᠰᠠᠢᠲᠠᠢ᠂ ᠮᠥᠬᠥᠯᠢᠭ ᠨᠢ ᠲᠣᠮᠣ᠂ ᠵᠢᠩ ᠳᠠᠭᠠᠭᠠᠬᠤ ᠪᠠᠷ ᠰᠠᠢᠨ ᠪᠠᠢᠬᠤ᠂ ᠨᠣᠭᠣᠭ᠎ᠠ ᠴᠠᠭ᠎ᠠ ᠶᠤᠮᠰᠠᠨ ᠪᠣᠯ ᠪᠣᠢᠵᠢᠯᠲᠠ ᠨᠢ ᠭᠦᠢᠴᠡᠳ ᠪᠠᠢᠬᠤ ᠵᠡᠷᠭᠡ ᠶ᠋ᠢ ᠪᠣᠳᠣᠯᠬᠢᠯᠠᠵᠤ ᠠᠰᠢᠭ ᠣᠷᠣᠯᠭ᠎ᠠ ᠣᠯᠬᠤ ᠪᠠᠨ ᠯᠠ ᠬᠠᠷᠠᠭᠠᠯᠵᠠᠭᠰᠠᠨ ᠪᠠᠢᠳᠠᠭ ᠠᠵᠢ᠃ ᠢᠩᠭᠢᠬᠦᠯᠡᠷ ᠪᠢᠳᠡᠨ ᠦ᠌ ᠢᠳᠡᠳᠡᠭ《ᠰᠢᠯᠢᠳᠡᠭ ᠲᠠᠷᠢᠮᠠᠯ ᠤ᠋ᠨ ᠪᠦᠲᠦᠭᠡᠭᠳᠡᠬᠦᠨ》 ᠨᠦ᠍ᠭᠦᠳ ᠨᠢ ᠲᠠᠷᠢᠶᠠᠴᠢᠳ ᠲᠤ᠌ ᠪᠣᠯ ᠠᠮᠲᠠ ᠮᠠᠭᠤᠲᠠᠢ᠂ ᠰᠢᠮ᠎ᠡ ᠪᠠᠭᠠᠲᠠᠢ᠂ ᠴᠠᠭᠠᠰᠢᠯᠠᠪᠠᠯ ᠬᠢᠮᠢ ᠶ᠋ᠢᠨ ᠪᠣᠬᠢᠷᠲᠤᠯ ᠲᠠᠢ ᠵᠦᠢᠯ ᠪᠠᠢᠭ᠎ᠠ ᠨᠢ ᠮᠡᠳᠡᠭᠡᠵᠢ᠃ ᠮᠠᠯ ᠤ᠋ᠨ ᠮᠢᠬ᠎ᠠ ᠰᠦ ᠴᠦ᠍ ᠡᠢᠮᠦ ᠪᠠᠢᠳᠠᠭ᠃ ᠲᠠᠪᠤᠨ ᠬᠣᠰᠢᠭᠤ ᠮᠠᠯ ᠨᠢ ᠭᠠᠬᠠᠢ ᠪᠢᠰᠢ᠂ ᠬᠡᠭᠡᠷ᠎ᠡ ᠶ᠋ᠢᠨ ᠡᠯᠳᠡᠩ ᠪᠡᠯᠴᠢᠭᠡᠷ ᠲᠦ᠍ ᠢᠳᠡᠭᠡᠰᠢᠵᠦ ᠲᠡᠵᠢᠭᠡᠯ ᠲᠠᠷᠭᠤ ᠠᠪᠴᠤ ᠴᠢᠮᠪᠠᠢᠵᠢᠳᠠᠭ ᠡᠪᠡᠰᠦᠨ ᠢᠳᠡᠰᠢᠲᠦ ᠠᠮᠢᠲᠠᠨ ᠪᠣᠯᠬᠣᠷ ᠬᠣᠷᠢᠵᠤ ᠲᠡᠵᠢᠭᠡᠬᠦ᠂ ᠪᠣᠷᠳᠣᠨ ᠲᠠᠷᠭᠤᠯᠠᠭᠤᠯᠬᠤ ᠨᠢ ᠦᠨᠡᠨ ᠳ᠋ᠡᠭᠡᠨ ᠨᠢᠳᠦᠨ ᠡᠮᠦᠨᠡᠬᠢ ᠠᠰᠢᠭ ᠢ᠋ᠶ᠋ᠠᠨ ᠯᠠ ᠬᠥᠭᠡᠭᠡᠴᠡᠯᠳᠦᠵᠦ᠂ ᠴᠢᠨᠠᠷ ᠢ᠋ ᠨᠢ ᠣᠮᠲᠣᠭᠠᠢᠯᠠᠭᠰᠠᠨ ᠤᠴᠢᠷ ᠶᠤᠮ᠃ ᠲᠠᠪᠤᠨ ᠬᠣᠰᠢᠭᠤ ᠮᠠᠯ ᠨᠢ ᠠᠭᠤᠳᠠᠮ ᠪᠡᠯᠴᠢᠭᠡᠷ ᠡᠴᠡ ᠥᠪᠡᠷ ᠲᠡᠭᠡᠨ ᠲᠣᠬᠢᠷᠠᠭᠰᠠᠨ ᠡᠪᠡᠰᠦ ᠢᠳᠡᠵᠦ (ᠵᠢᠯ ᠦ᠋ᠨ ᠳᠥᠷᠪᠡᠨ ᠤᠯᠠᠷᠢᠯ ᠳ᠋ᠤ᠌ ᠲᠠᠷᠭᠤ ᠳᠡᠪᠡᠭᠡᠷᠡᠭ ᠠᠪᠤᠭᠤᠯᠬᠤ ᠳ᠋ᠤ᠌ ᠢᠳᠡᠰᠢᠯᠡᠭᠦᠯᠬᠦ ᠪᠡᠯᠴᠢᠭᠡᠷ ᠠᠳᠠᠯᠢ ᠦᠭᠡᠢ᠂ ᠮᠠᠯ ᠪᠣᠯᠭᠠᠨ ᠤ᠋ ᠢᠳᠡᠰᠢᠯᠡᠬᠦ ᠳᠤᠷᠠᠰᠢᠯ ᠠᠳᠠᠯᠢ ᠦᠭᠡᠢ᠂ᠡᠪᠡᠰᠦ ᠪᠣᠯᠭᠠᠨ ᠤ᠋ ᠨᠥᠬᠥᠪᠥᠷᠢᠯᠡᠬᠦ ᠲᠡᠵᠢᠭᠡᠯ ᠰᠢᠮ᠎ᠡ ᠴᠦ᠍ ᠠᠳᠠᠯᠢ ᠦᠭᠡᠢ) ᠬᠥᠳᠡᠯᠭᠡᠭᠡᠨ ᠦ᠌ ᠳᠤᠮᠳᠠ ᠢᠯᠴᠢ ᠲᠡᠩᠬᠡᠭᠡ ᠬᠦᠷᠲᠡᠵᠦ ᠴᠢᠮᠪᠠᠢᠵᠢᠳᠠᠭ (ᠬᠥᠮᠦᠨ ᠢ᠋ᠶ᠋ᠡᠷ ᠦᠯᠢᠳᠬᠡᠪᠡᠯ᠂ ᠵᠦᠭᠡᠷ ᠰᠠᠭᠤᠭᠰᠠᠨ ᠬᠥᠮᠦᠨ ᠦ᠌ ᠪᠤᠯᠴᠢᠩ ᠰᠤᠯᠠᠷᠠᠨ᠂ ᠪᠡᠶ᠎ᠡ ᠶ᠋ᠢᠨ ᠲᠠᠮᠢᠷ ᠳᠣᠷᠣᠢᠲᠠᠳᠠᠭ ᠰᠢᠦ ᠳᠡ᠂ ᠲᠡᠢᠮᠦ ᠤᠴᠢᠷ ᠠ᠋ᠴᠠ ᠠᠮᠢ ᠨᠠᠰᠤ ᠬᠥᠳᠡᠯᠭᠡᠭᠡᠨ ᠳ᠋ᠦ᠍ ᠪᠣᠢ ᠭᠡᠳᠡᠭ)᠃ ᠪᠠᠢᠭᠠᠯᠢ ᠶ᠋ᠢᠨ ᠰᠠᠯᠬᠢᠨ ᠪᠣᠷᠣᠭᠠᠨ᠂ ᠬᠦᠢᠲᠡᠨ ᠨᠣᠢᠲᠠᠨ ᠳ᠋ᠤ᠌ ᠥᠯᠴᠢᠷᠰᠢᠨ ᠪᠣᠷᠣᠭᠰᠢᠵᠤ (ᠠᠮᠢᠳᠤ ᠪᠣᠳᠠᠰ ᠪᠠᠢᠭᠠᠯᠢ ᠶ᠋ᠢᠨ ᠰᠢᠯᠭᠠᠷᠠᠯ ᠢ᠋ᠶ᠋ᠠᠷ ᠳᠠᠪᠲᠠᠭᠳᠠᠨ ᠰᠢᠯᠢᠳᠡᠭᠵᠢᠳᠡᠭ ᠨᠢ ᠨᠠᠭᠠᠳᠤ ᠵᠠᠬ᠎ᠠ ᠶ᠋ᠢᠨ ᠮᠡᠳᠡᠯᠭᠡ ᠰᠠᠨ) ᠴᠢᠨᠰᠠᠭᠠᠵᠢᠳᠠᠭ ᠪᠢᠯᠡ᠃ ᠴᠣᠬᠣᠮ ᠳ᠋ᠠᠭᠠᠨ ᠲᠡᠵᠢᠭᠡᠯ ᠢ᠋ᠶ᠋ᠡᠷ ᠪᠣᠷᠳᠣᠵᠤ᠂ ᠬᠥᠭᠡᠩᠭᠢ ᠲᠠᠷᠭᠤ ᠠᠪᠤᠭᠤᠯᠤᠭᠰᠠᠨ ᠪᠤᠶᠤ ᠬᠣᠷᠢᠵᠤ ᠬᠠᠰᠢᠶᠠᠯᠠᠵᠤ ᠲᠡᠵᠢᠭᠡᠭᠰᠡᠨ ᠮᠠᠯ ᠤ᠋ᠨ ᠮᠢᠬᠠᠨ ᠤ᠋ ᠠᠮᠲᠠ ᠰᠢᠮᠲᠡ᠂ ᠴᠢᠨᠠᠷ ᠴᠢᠨᠰᠠᠭ᠎ᠠ ᠨᠢ ᠪᠡᠯᠴᠢᠭᠡᠷ ᠦ᠋ᠨ ᠮᠠᠯ ᠤ᠋ᠨ ᠮᠢᠬᠠᠨ ᠠ᠋ᠴᠠ ᠬᠣᠯᠠ ᠠᠨᠠᠢ ᠪᠣᠯᠬᠣᠷ ᠵᠠᠬ᠎ᠠ ᠳᠡᠯᠭᠡᠭᠦᠷ ᠦ᠋ᠨ ᠥᠷᠢᠰᠦᠯᠳᠦᠭᠡᠨ ᠳ᠋ᠦ᠍ ᠲᠣᠯᠢᠳᠠᠬᠤ ᠶᠣᠰᠣᠲᠠᠢ᠃ ᠭᠡᠪᠡᠴᠦ ᠪᠠᠷᠠᠭᠠᠨ ᠤ᠋ ᠴᠢᠨᠠᠷ ᠤ᠋ᠨ ᠵᠢᠩᠬᠢᠨᠢ ᠠᠭᠤᠯᠤᠭᠳᠠᠬᠤᠨ ᠭᠡᠭᠴᠢ ᠶ᠋ᠢ ᠣᠢᠯᠠᠭᠠᠭ᠎ᠠ ᠦᠭᠡᠢ ᠦᠶ᠎ᠡ ᠳ᠋ᠦ᠍ ᠵᠥᠪᠬᠡᠨ ᠭᠠᠷᠤᠯᠲᠠ ᠶ᠋ᠢᠨ ᠬᠡᠮᠵᠢᠶ᠎ᠡ ᠯᠡ ᠠᠯᠢᠪᠠ ᠶ᠋ᠢ ᠰᠣᠬᠣᠷ ᠢ᠋ᠶ᠋ᠠᠷ ᠵᠢᠯᠣᠭᠣᠳᠳᠠᠭ ᠨᠢ ᠬᠡᠴᠡᠭᠦᠦ᠃ ᠰᠥᠨᠢᠳ ᠬᠣᠨᠢᠨ ᠤ᠋ ᠮᠢᠬ᠎ᠠ ᠠᠮᠲᠠᠲᠠᠢ ᠭᠡᠵᠦ ᠬᠥᠮᠦᠰ ᠳᠠᠭᠤ ᠨᠢᠭᠡᠲᠡᠢ ᠦᠨᠡᠯᠡᠳᠡᠭ ᠨᠢ ᠴᠦ᠍ ᠪᠡᠯᠴᠢᠭᠡᠷ ᠦ᠋ᠨ ᠣᠯᠠᠨ ᠲᠥᠷᠥᠯ ᠦ᠋ᠨ ᠤᠷᠭᠤᠮᠠᠯ ᠢᠳᠡᠵᠦ ᠮᠢᠬ᠎ᠠ ᠨᠢ ᠱᠥᠯᠥᠰᠢᠨ ᠰᠢᠮᠡᠵᠢᠭᠰᠡᠨ᠂ ᠬᠡᠭᠡᠷ᠎ᠡ ᠬᠥᠳᠡᠭᠡ ᠶ᠋ᠢᠨ ᠴᠡᠪᠡᠷ ᠰᠠᠯᠬᠢ ᠨᠠᠷᠠᠨ ᠳ᠋ᠤ᠌ ᠥᠯᠴᠢᠷᠰᠢᠨ ᠪᠣᠷᠣᠭᠰᠢᠭᠰᠠᠨ ᠮᠠᠯ ᠤ᠋ᠨ ᠮᠢᠬᠠᠨ ᠤ᠋ ᠴᠢᠨᠰᠠᠭ᠎ᠠ ᠶ᠋ᠢ ᠶᠠᠮᠠᠷ ᠨᠢᠭᠡᠨ ᠲᠠᠯ᠎ᠠ ᠪᠠᠷ ᠬᠠᠷᠠᠭᠤᠯᠵᠤ ᠪᠠᠢᠭ᠎ᠠ ᠶᠤᠮ᠃ ᠭᠡᠪᠡᠴᠦ ᠣᠳᠣᠬᠠᠨ ᠳ᠋ᠤ᠌ ᠬᠡᠷᠡᠭᠯᠡᠭᠴᠢᠳ ᠪᠤᠶᠤ ᠦᠢᠯᠡᠳᠪᠦᠷᠢᠯᠡᠭᠴᠢᠳ ᠰᠣᠬᠣᠷ ᠢ᠋ᠶ᠋ᠠᠷ ᠲᠠᠷᠭᠤ ᠠᠪᠤᠭᠤᠯᠬᠤ ᠶ᠋ᠢ ᠬᠥᠭᠡᠭᠡᠴᠡᠯᠳᠦᠳᠡᠭ ᠡᠴᠡ ᠮᠠᠯᠴᠢᠳ ᠤ᠋ᠨ ᠣᠷᠣᠯᠭ᠎ᠠ ᠴᠤ᠌ ᠳᠣᠣᠷ᠎ᠠ ᠪᠠᠢᠭᠰᠠᠭᠠᠷ᠃ ᠡᠭᠦᠨ ᠳ᠋ᠦ᠍ ᠮᠠᠯ ᠠᠵᠤ ᠠᠬᠤᠢ ᠶ᠋ᠢᠨ ᠮᠡᠷᠭᠡᠵᠢᠯᠲᠡ᠂ ᠡᠷᠳᠡᠮᠲᠡᠨ ᠰᠤᠳᠤᠯᠭᠠᠲᠠᠨ ᠨᠠᠷ ᠲᠠᠪᠤᠨ ᠬᠣᠰᠢᠭᠤ ᠮᠠᠯ ᠤ᠋ᠨ ᠮᠢᠬᠠᠨ ᠤ᠋ ᠴᠢᠨᠠᠷ ᠴᠢᠨᠰᠠᠭᠠᠨ ᠤ᠋ ᠲᠠᠯ᠎ᠠ ᠪᠠᠷ ᠦᠨᠡᠯᠡᠭᠡ ᠬᠢᠵᠦ᠂ ᠣᠨᠳᠣᠣ ᠡᠭᠦᠯᠳᠡᠷ ᠦ᠋ᠨ ᠮᠠᠯ ᠤ᠋ᠨ ᠮᠢᠬᠠᠨ ᠠ᠋ᠴᠠ ᠠᠮᠲᠠ ᠰᠢᠮᠳᠠ᠂ ᠰᠢᠮ᠎ᠡ ᠲᠡᠵᠢᠭᠡᠯ᠂ ᠠᠭᠤᠯᠤᠭᠳᠠᠬᠤ ᠡᠯᠧᠮᠧᠨ᠋ᠲ᠂ ᠢᠯᠴᠢ ᠡᠨᠧᠷᠭᠢ ᠂ ᠴᠢᠨᠠᠷ ᠴᠢᠨᠰᠠᠭ᠎ᠠ ᠵᠡᠷᠭᠡ ᠣᠯᠠᠨ ᠲᠠᠯ᠎ᠠ ᠪᠠᠷ ᠶᠠᠮᠠᠷ ᠢᠯᠭᠠᠭ᠎ᠠ ᠲᠠᠢ ᠪᠠᠢᠬᠤ ᠲᠤᠬᠠᠢ ᠨᠠᠷᠢᠨ ᠳ᠋ᠦᠩ ᠭᠠᠷᠭᠠᠬᠤ ᠶᠠᠪᠤᠳᠠᠯ ᠴᠢᠬᠤᠯᠠ ᠱᠠᠭᠠᠷᠳᠠᠭᠳᠠᠵᠤ ᠪᠣᠢ᠃ ᠨᠤᠲᠤᠭ ᠤ᠋ᠨ ᠦᠨᠢᠶᠡᠨ ᠦ᠌ ᠰᠦ ᠪᠡᠷ ᠪᠣᠯᠪᠠᠰᠤᠷᠠᠭᠤᠯᠤᠭᠰᠠᠨ ᠴᠠᠭᠠᠨ ᠢᠳᠡᠭᠡ ᠨᠢ ᠠᠯᠠᠭ ᠦᠨᠢᠶᠡᠨ ᠦ᠌ ᠰᠦ ᠪᠡᠷ ᠬᠢᠭᠰᠡᠨ ᠴᠠᠭᠠᠨ ᠢᠳᠡᠭᠡ ᠡᠴᠡ ᠠᠮᠲᠠᠲᠠᠢ᠂ ᠲᠣᠰᠣᠯᠢᠭ ᠪᠠᠢᠳᠠᠭ ᠲᠡᠳᠦᠢ ᠦᠭᠡᠢ᠂ ᠥᠳᠬᠡᠴᠡ᠂ ᠨᠢᠭᠲᠠᠴᠠ ᠨᠢ ᠴᠦ᠍ ᠵᠥᠷᠢᠶᠡᠲᠡᠢ ᠪᠠᠢᠳᠠᠭ ᠢ᠋ ᠴᠢᠨᠠᠭᠰᠢᠳᠠ ᠪᠣᠯᠭᠣᠭᠠᠬᠤ ᠶᠣᠰᠣᠲᠠᠢ᠃
ᠪᠡᠯᠴᠢᠭᠡᠷ ᠢ᠋ ᠵᠣᠬᠢᠰᠲᠠᠢ ᠠᠰᠢᠭᠯᠠᠮᠵᠢ ᠶ᠋ᠢᠨ ᠲᠠᠯ᠎ᠠ ᠪᠠᠷ ᠬᠢ ᠮᠣᠩᠭᠣᠯᠴᠤᠳ ᠤ᠋ᠨ ᠬᠡᠴᠢᠨᠡᠨ ᠮᠢᠩᠭᠠᠨ ᠵᠢᠯ ᠦ᠋ᠨ ᠪᠦᠲᠦᠮᠵᠢᠲᠡᠢ ᠦᠢᠯᠡᠳᠦᠯᠭᠡ᠂ ᠮᠠᠯ ᠤ᠋ᠨ ᠡᠭᠦᠯᠳᠡᠷ ᠰᠠᠢᠵᠢᠷᠠᠭᠤᠯᠵᠤ᠂ ᠤᠭᠰᠠᠭ᠎ᠠ ᠶ᠋ᠢ ᠰᠢᠨᠡᠴᠢᠯᠡᠬᠦ᠂ ᠴᠢᠰᠤ ᠰᠡᠯᠪᠢᠬᠦ ᠡᠷᠯᠢᠰᠡᠵᠢᠭᠦᠯᠭᠡ᠂ ᠬᠣᠯᠠ ᠨᠤᠲᠤᠭ ᠠ᠋ᠴᠠ ᠰᠢᠯᠢᠳᠡᠭ ᠴᠢᠨᠠᠷ ᠤ᠋ᠨ ᠡᠴᠢᠭᠡ ᠮᠠᠯ ᠠᠪᠴᠢᠷᠠᠬᠤ(ᠬᠠᠭᠤᠴᠢᠨ ᠳ᠋ᠤ᠌ ᠪᠠᠶᠠᠴᠤᠳ ᠰᠢᠯᠢ ᠶ᠋ᠢᠨ ᠰᠠᠢᠨ ᠡᠷ᠎ᠡ ᠳ᠋ᠦ᠍ ᠨᠠᠢᠳᠠᠵᠤ ᠠᠢᠮᠠᠭ ᠬᠣᠰᠢᠭᠤ ᠠᠯᠤᠰ ᠠ᠋ᠴᠠ ᠰᠠᠢᠨ ᠡᠭᠦᠯᠳᠡᠷ ᠦ᠋ᠨ ᠠᠳᠤᠭᠤ ᠠᠪᠴᠢᠷᠠᠭᠤᠯᠳᠠᠭ ᠨᠢ ᠡᠨᠡ ᠵᠢᠱ᠌ᠢᠶ᠎ᠡ ᠶᠦᠮ) ᠵᠡᠷᠭᠡ ᠰᠢᠯᠢᠳᠡᠭ ᠲᠤᠷᠰᠢᠯᠭ᠎ᠠ ᠨᠢ ᠡᠭᠦᠯᠳᠡᠷ ᠰᠠᠢᠵᠢᠷᠠᠭᠤᠯᠤᠯᠲᠠ ᠶ᠋ᠢᠨ ᠭᠣᠣᠯ ᠵᠠᠩᠭᠢᠯᠠᠭ᠎ᠠ ᠪᠣᠯᠪᠠᠴᠤ ᠬᠠᠷᠠᠮᠰᠠᠯᠲᠠᠢ ᠨᠢ ᠨᠢᠭᠡᠨᠲᠡ ᠭᠡᠭᠡᠭᠳᠡᠵᠡᠢ᠃ ᠲᠣᠭ᠎ᠠ ᠶ᠋ᠢ ᠴᠥᠭᠡᠴᠢᠯᠡᠨ ᠴᠢᠨᠠᠷ ᠢ᠋ ᠠᠩᠬᠠᠷᠬᠤ ᠬᠡᠷᠡᠭᠲᠡᠢ ᠭᠡᠳᠡᠭ ᠨᠢ ᠣᠷᠣᠨ ᠨᠤᠲᠤᠭ ᠤ᠋ᠨ ᠡᠭᠦᠯᠳᠡᠷ ᠢ᠋ ᠥᠭᠡᠢᠬᠢᠵᠦ᠂ ᠣᠨᠳᠣᠣ ᠭᠠᠵᠠᠷ ᠤ᠋ᠨ ᠡᠭᠦᠯᠳᠡᠷ ᠢ᠋ ᠥᠨᠳᠥᠷ ᠦᠨ᠎ᠡ ᠪᠡᠷ ᠬᠤᠳᠠᠯᠳᠤᠨ ᠠᠪᠴᠢᠷᠠᠵᠤ ᠮᠠᠯᠵᠢᠬᠤ ᠶ᠋ᠢ ᠬᠡᠯᠡᠳᠡᠭ ᠶᠦᠮ ᠰᠢᠬ ᠭᠠᠵᠢ ᠣᠢᠯᠠᠭᠠᠳᠠᠭ ᠪᠣᠯᠵᠠᠢ᠃ ᠡᠢᠨ ᠬᠦ᠌ ᠲᠡᠵᠢᠭᠡᠯ ᠪᠣᠷᠳᠣᠭ᠎ᠠ᠂ ᠠᠭᠤᠷ ᠠᠮᠢᠰᠬᠤᠯ᠂ ᠫᠧᠩ ᠰᠠᠷᠠᠪᠴᠢ᠂ ᠠᠷᠠᠴᠢᠯᠠᠭ᠎ᠠ ᠳᠣᠳᠣᠮᠳᠠᠯᠭ᠎ᠠ ᠶ᠋ᠢᠨ ᠨᠥᠬᠥᠴᠡᠯ ᠨᠢ ᠡᠷᠡᠰ ᠥᠭᠡᠷ᠎ᠡ ᠡᠭᠦᠯᠳᠡᠷ ᠦ᠋ᠨ ᠮᠠᠯ ᠮᠠᠨ ᠤ᠋ ᠣᠷᠣᠨ ᠤ᠋ ᠪᠠᠢᠳᠠᠯ ᠳ᠋ᠤ᠌ ᠵᠣᠬᠢᠴᠠᠯᠳᠤᠭ᠎ᠠ ᠮᠠᠭᠤᠲᠠᠢ ᠠ᠋ᠴᠠ ᠥᠰᠦᠯᠲᠡ ᠦᠷᠡᠵᠢᠯᠲᠡ᠂ ᠭᠠᠷᠤᠯᠲᠠ ᠰᠢᠮ᠎ᠡ ᠨᠢ ᠠᠨᠠᠢ ᠪᠣᠯᠳᠠᠭ ᠲᠡᠳᠦᠢ ᠦᠭᠡᠢ ᠮᠠᠯᠴᠢᠳ ᠴᠤ ᠥᠨᠳᠥᠷ ᠦᠨ᠎ᠡ ᠶ᠋ᠢᠨ ᠲᠦᠭᠰᠢᠭᠦᠷᠢ ᠶ᠋ᠢ ᠡᠭᠦᠷᠭᠡᠯᠡᠳᠡᠭ᠃ ᠤᠳᠠᠭᠠᠨ ᠬᠤᠭᠤᠴᠠᠭᠠᠨ ᠤ᠋ ᠣᠷᠣᠨ ᠨᠤᠲᠤᠭ ᠤ᠋ᠨ ᠡᠭᠦᠯᠳᠡᠷ ᠢ᠋ ᠰᠣᠩᠭᠣᠨ ᠪᠣᠢᠵᠢᠭᠤᠯᠵᠤ ᠰᠢᠯᠢᠳᠡᠭᠵᠢᠭᠦᠯᠬᠦ ᠶ᠋ᠢ ᠳᠠᠩᠴᠤ ᠣᠮᠲᠣᠭᠠᠢᠯᠠᠭᠰᠠᠨ ᠠ᠋ᠴᠠ ᠪᠣᠯᠵᠤ ᠪᠡᠶ᠎ᠡ ᠨᠢ ᠵᠢᠵᠢᠭᠷᠡᠨ᠂ ᠠᠰᠢᠭ ᠰᠢᠮ᠎ᠡ ᠨᠢ ᠮᠠᠭᠤᠳᠴᠤ᠂ ᠨᠤᠲᠤᠭ ᠤ᠋ᠨ ᠡᠭᠦᠯᠲᠡᠢ ᠭᠡᠳᠡᠭ ᠡᠢᠮᠦ ᠮᠠᠭᠤ ᠴᠢᠨᠰᠠᠭᠠᠨ ᠤ᠋ ᠮᠠᠯ ᠭᠡᠰᠡᠨ ᠠᠨᠳᠠᠭᠤ ᠣᠢᠯᠠᠭᠠᠯᠲᠠ ᠶ᠋ᠢ ᠪᠢᠳᠡᠨ ᠳ᠋ᠦ᠍ ᠥᠭᠴᠡᠢ᠃ ᠨᠢᠭᠡᠨ ᠦᠶ᠎ᠡ ᠴᠤᠤᠲᠠᠢ ᠪᠠᠢᠭᠰᠠᠨ ᠲᠠᠯ᠎ᠠ ᠨᠤᠲᠤᠭ ᠤ᠋ᠨ ᠤᠯᠠᠭᠠᠨ ᠦᠬᠡᠷ ᠨᠢ ᠴᠦ᠍ ᠴᠠᠭᠠᠰᠢᠳᠠ ᠰᠢᠯᠢᠳᠡᠭᠵᠢᠭᠦᠯᠦᠨ ᠪᠣᠢᠵᠢᠭᠤᠯᠬᠤ ᠶ᠋ᠢ ᠴᠢᠬᠤᠯᠠᠴᠢᠯᠠᠭᠰᠠᠨ ᠦᠭᠡᠢ ᠡᠴᠡ ᠪᠣᠯᠵᠤ ᠣᠢᠷ᠎ᠠ ᠴᠢᠰᠤᠨ ᠤ᠋ ᠬᠡᠭᠡᠯᠲᠦᠭᠦᠯᠭᠡ ᠪᠡᠷ ᠠᠷᠭᠠᠴᠠᠭᠠᠨ᠂ ᠴᠢᠰᠤ ᠰᠡᠯᠪᠢᠬᠦ ᠵᠡᠷᠭᠡ ᠴᠢᠨᠰᠠᠭᠠᠵᠢᠭᠤᠯᠬᠤ ᠠᠵᠢᠯ ᠬᠣᠢᠰᠢ ᠬᠠᠶᠠᠭᠳᠠᠭᠰᠠᠨ ᠢ᠋ᠶ᠋ᠠᠷ ᠠᠭᠠᠵᠢᠮ ᠳ᠋ᠠᠭᠠᠨ ᠭᠣᠯᠣᠭᠳᠠᠭᠰᠠᠨ ᠰᠤᠷᠭᠠᠮᠵᠢ ᠶ᠋ᠢ ᠡᠷᠭᠢᠵᠦ ᠰᠠᠨᠠᠯᠲᠠᠢ᠃ ᠦᠵᠦᠮᠦᠴᠢᠨ ᠬᠣᠨᠢ᠂ ᠠᠷᠪᠠᠰ ᠤ᠋ᠨ ᠢᠮᠠᠭ᠎ᠠ᠂ ᠬᠢᠩᠭ᠎ᠠ ᠶ᠋ᠢᠨ ᠢᠮᠠᠭ᠎ᠠ᠂ ᠮᠣᠩᠭᠣᠯ ᠠᠳᠤᠭᠤ ᠶ᠋ᠢ ᠣᠳᠣ ᠶ᠋ᠢᠨ ᠬᠢ ᠰᠢᠭ ᠢᠩᠭᠢᠵᠦ ᠲᠡᠭᠡᠰᠬᠢᠵᠦ ᠯᠡ ᠪᠠᠢᠪᠠᠯ ᠡᠭᠦᠯᠳᠡᠷ ᠳᠣᠷᠣᠢᠲᠠᠨ ᠣᠨᠳᠣᠣ ᠡᠭᠦᠯᠳᠡᠷ ᠦ᠋ᠨ ᠮᠠᠯ ᠳ᠋ᠤ᠌ ᠣᠷᠣᠨ ᠢ᠋ᠶ᠋ᠠᠨ ᠶᠡᠭᠦᠯᠡᠬᠦ ᠯᠡ ᠬᠡᠷᠡᠭ᠃ ᠬᠠᠷᠢᠨ ᠡᠨᠡ ᠲᠠᠯ᠎ᠠ ᠪᠠᠷ ᠮᠠᠯ ᠠᠵᠤ ᠠᠬᠤᠢ ᠶ᠋ᠢᠨ ᠰᠤᠳᠤᠯᠭᠠᠲᠠᠳ ᠠᠩᠬᠠᠷᠤᠯ ᠳ᠋ᠠᠭᠠᠨ ᠠᠪᠤᠯ ᠦᠭᠡᠢ ᠵᠦᠭᠡᠷ ᠯᠡ ᠡᠨᠡ ᠡᠭᠦᠯᠳᠡᠷ ᠰᠠᠢᠨ᠂ ᠲᠡᠷᠡ ᠡᠭᠦᠯᠳᠡᠷ ᠵᠦᠭᠡᠷ᠂ ᠣᠷᠣᠨ ᠨᠤᠲᠤᠭ ᠤ᠋ᠨ ᠡᠭᠦᠯᠳᠡᠷ ᠠᠨᠠᠢ ᠭᠡᠰᠡᠨ ᠰᠣᠬᠣᠷ ᠳ᠋ᠦᠩ ᠲᠠᠯᠪᠢᠭᠠᠳ ᠪᠠᠢᠬᠤ ᠶᠤᠮ ᠳᠠ! ᠲᠠᠯ᠎ᠠ ᠨᠤᠲᠤᠭ ᠤ᠋ᠨ ᠣᠨᠴᠠᠯᠢᠭᠲᠤ ᠮᠠᠯ ᠤ᠋ᠨ ᠠᠰᠢᠭ ᠰᠢᠮ᠎ᠡ ᠨᠢ ᠵᠥᠪᠬᠡᠨ ᠥᠪᠡᠷ ᠦ᠋ᠨ ᠣᠨᠴᠠᠯᠢᠭ ᠢ᠋ᠶ᠋ᠠᠷ ᠢ᠋ᠶ᠋ᠠᠨ ᠳᠠᠪᠠᠭᠤᠯᠢᠭ ᠪᠣᠯᠭᠠᠭᠰᠠᠨ ᠤᠷᠢᠳᠠᠯ ᠳ᠋ᠤ᠌ ᠪᠤᠰᠤᠳ ᠲᠠᠢ ᠥᠷᠢᠰᠦᠯᠳᠦᠵᠦ ᠴᠢᠳᠠᠨ᠎ᠠ᠃ ᠤᠯᠤᠰ ᠪᠤᠶᠤ ᠶᠠᠮᠠᠷ ᠨᠢᠭᠡᠨ ᠺᠣᠮᠫᠠᠨᠢ ᠠ᠋ᠴᠠ ᠪᠡᠯᠡ ᠣᠷᠣᠭᠤᠯᠵᠤ ᠲᠤᠷᠰᠢᠯᠲᠠ ᠶ᠋ᠢᠨ ᠴᠠᠭ ᠲᠤ᠌ ᠰᠤᠳᠤᠯᠭᠠᠲᠠᠳ ᠤ᠋ᠨ ᠪᠣᠢᠵᠢᠭᠤᠯᠤᠭᠰᠠᠨ ᠰᠠᠢᠨ ᠡᠭᠦᠯᠳᠡᠷ ᠦ᠋ᠨ ᠮᠠᠯ ᠢ᠋ ᠠᠰᠠᠷᠠᠮᠵᠢ ᠶ᠋ᠢᠨ ᠬᠦᠷᠢᠶᠡᠯᠡᠩ ᠳ᠋ᠦ᠍ ᠰᠤᠪᠢᠯᠠᠯᠲᠠ ᠬᠢᠯᠭᠡᠵᠦ ᠪᠠᠢᠭ᠎ᠠ ᠰᠢᠭ᠋ ᠯᠡ ᠮᠠᠯᠵᠢᠳᠠᠭ ᠪᠠᠢᠬᠤ ᠳ᠋ᠤ᠌ ᠮᠠᠯᠴᠢᠳ ᠲᠤ᠌ ᠲᠡᠢᠮᠦ ᠪᠡᠯᠡ ᠮᠥᠩᠭᠥ᠂ ᠨᠥᠬᠥᠴᠡᠯ ᠪᠣᠯᠤᠮᠵᠢ᠂ ᠮᠡᠷᠭᠡᠵᠢᠯ ᠦᠭᠡᠢ ᠰᠢᠦ ᠳᠡ! ᠲᠤᠷᠰᠢᠯᠲᠠ ᠶ᠋ᠢᠨ ᠳ᠋ᠦᠩ ᠪᠦᠬᠦᠨ ᠦᠢᠯᠡᠳᠦᠯᠭᠡ ᠶ᠋ᠢᠨ ᠰᠢᠯᠭᠠᠷᠠᠯ ᠲᠠᠢ ᠨᠡᠢᠴᠡᠨ᠎ᠡ ᠭᠡᠰᠡᠨ ᠪᠠᠲᠤᠶᠤᠰᠤ ᠦᠭᠡᠢ ᠪᠢᠵᠡ? ᠡᠰᠡᠷᠭᠦ ᠪᠡᠷ ᠮᠣᠩᠭᠣᠯ ᠨᠤᠲᠤᠭ ᠤ᠋ᠨ ᠲᠠᠪᠤᠨ ᠬᠣᠰᠢᠭᠤ ᠮᠠᠯ ᠭᠡᠵᠦ ᠥᠭᠡᠷ᠎ᠡ ᠬᠠᠮᠢᠭ᠎ᠠ ᠴᠤ᠌ ᠦᠭᠡᠢ ᠡᠭᠦᠯᠳᠡᠷ᠃ ᠡᠨᠡ ᠪᠣᠯ ᠪᠢᠳᠡᠨ ᠦ᠌ ᠣᠨᠴᠠᠯᠢᠭ ᠤ᠋ᠨ ᠳᠠᠪᠠᠭᠤᠯᠢᠭ᠃ ᠭᠡᠬᠦ ᠳ᠋ᠡᠭᠡᠨ ᠲᠡᠷᠢᠭᠦᠨ ᠦ᠌ ᠮᠡᠷᠭᠡᠵᠢᠯ ᠢ᠋ ᠤᠳᠠᠭᠠᠨ ᠵᠢᠯ ᠦ᠋ᠨ ᠲᠤᠷᠰᠢᠯᠭ᠎ᠠ ᠯᠤᠭ᠎ᠠ ᠪᠠᠨ ᠤᠶᠠᠯᠳᠤᠭᠤᠯᠵᠤ᠂ ᠣᠷᠣᠨ ᠨᠤᠲᠤᠭ ᠤ᠋ᠨ ᠡᠭᠦᠯᠳᠡᠷ ᠢ᠋ ᠤᠯᠠᠮ ᠰᠢᠯᠢᠳᠡᠭᠵᠢᠭᠦᠯᠦᠨ ᠪᠣᠢᠵᠢᠭᠤᠯᠵᠤ ᠴᠢᠨᠰᠠᠭᠠᠵᠢᠭᠤᠯᠬᠤ ᠣᠷᠣᠯᠳᠣᠯᠭ᠎ᠠ ᠶ᠋ᠢ ᠡᠷᠴᠢᠮᠲᠡᠢ ᠬᠢᠵᠦ᠂ ᠵᠠᠬ᠎ᠠ ᠳᠡᠯᠭᠡᠭᠦᠷ ᠲᠦ᠍ ᠤᠬᠠᠭᠤᠯᠤᠨ᠂ ᠥᠪᠡᠷ ᠦ᠋ᠨ ᠣᠨᠴᠠᠯᠢᠭ ᠲᠠᠢ ᠳᠠᠪᠠᠭᠤᠯᠢᠭ ᠢ᠋ᠶ᠋ᠠᠨ ᠪᠤᠰᠤᠳ ᠲᠤ᠌ ᠣᠢᠯᠠᠭᠠᠭᠤᠯᠬᠤ ᠬᠡᠷᠡᠭᠲᠡᠢ᠃
ᠨᠡᠭᠦᠳᠡᠯ ᠬᠢᠬᠦ ᠨᠢ ᠰᠠᠢᠨ ᠪᠡᠯᠴᠢᠭᠡᠷ ᠡᠷᠢᠵᠦ ᠶᠠᠪᠤᠵᠤ ᠪᠠᠢᠭ᠎ᠠ ᠪᠢᠰᠢ᠂ ᠬᠠᠷᠢᠨ ᠮᠠᠰᠢ ᠨᠠᠷᠢᠨ ᠵᠢᠮ᠎ᠡ ᠶᠣᠰᠣ ᠲᠠᠢ ᠪᠠᠢᠳᠠᠭ᠃ ᠤᠯᠠᠷᠢᠯ ᠪᠣᠯᠭᠠᠨ ᠳ᠋ᠤ᠌ ᠮᠠᠯ ᠤ᠋ᠨ ᠢᠳᠡᠰᠢᠯᠡᠬᠦ ᠳᠤᠷᠠᠰᠢᠯ᠂ ᠲᠠᠷᠭᠤ ᠰᠠᠭᠤᠬᠤ ᠨᠥᠬᠥᠴᠡᠯ ᠠᠳᠠᠯᠢ ᠦᠭᠡᠢ᠃ ᠮᠥᠨ ᠪᠡᠯᠴᠢᠭᠡᠷ ᠢ᠋ ᠰᠡᠯᠭᠦᠨ ᠠᠮᠠᠷᠠᠭᠤᠯᠬᠤ᠂ ᠲᠠᠪᠤᠨ ᠬᠣᠰᠢᠭᠤ ᠮᠠᠯ ᠤ᠋ᠨ ᠪᠡᠯᠴᠢᠭᠡᠷᠯᠡᠭᠦᠯᠬᠦ ᠣᠨᠴᠠᠯᠢᠭ ᠲᠤ᠌ ᠨᠡᠢᠴᠡᠭᠦᠯᠬᠦ ᠵᠡᠷᠭᠡ ᠨᠢ ᠴᠦ᠍ ᠨᠡᠭᠦᠳᠡᠯ ᠬᠢᠬᠦ ᠶ᠋ᠢᠨ ᠱᠠᠭᠠᠷᠳᠠᠯᠭ᠎ᠠ ᠠᠵᠢ᠃ ᠡᠢᠨ ᠬᠦ᠌ ᠮᠣᠩᠭᠣᠯᠴᠤᠳ ᠤ᠋ᠨ ᠳᠤᠮᠳᠠ ᠭᠠᠵᠠᠷ ᠨᠤᠲᠤᠭ ᠰᠢᠨᠵᠢᠬᠦ᠂ ᠪᠠᠢᠴᠠ᠂ ᠪᠠᠷᠲᠠᠭ᠎ᠠ᠂ ᠨᠥᠮᠥᠷᠢ ᠨᠥᠭᠡᠯᠭᠡ ᠶ᠋ᠢ ᠰᠢᠨᠵᠢᠬᠦ ᠵᠡᠷᠭᠡ ᠨᠢ ᠠᠷᠭ᠎ᠠ ᠦᠭᠡᠢ ᠯᠡ ᠰᠢᠨᠵᠢᠯᠡᠬᠦ ᠤᠬᠠᠭᠠᠨᠴᠢ ᠦᠢᠯᠡᠳᠦᠯᠭᠡ ᠠᠵᠢ᠃ ᠮᠠᠯ ᠤ᠋ᠨ ᠬᠥᠳᠡᠯᠭᠡᠭᠡᠨ᠂ ᠰᠠᠯᠬᠢᠨ ᠤ᠋ ᠴᠢᠭᠯᠡᠯ ᠬᠤᠷᠴᠠ᠂ ᠨᠠᠷᠠ ᠰᠠᠷᠠᠨ ᠤ᠋ ᠰᠢᠩᠭᠡᠬᠦ ᠮᠠᠨᠳᠤᠬᠤ ᠪᠠᠢᠳᠠᠯ᠂ ᠡᠭᠦᠯᠡᠨ ᠦ᠌ ᠥᠩᠭᠡ ᠬᠡᠯᠪᠡᠷᠢ ᠵᠡᠷᠭᠡ ᠣᠯᠠᠨ ᠲᠠᠯ᠎ᠠ ᠳ᠋ᠤ᠌ ᠦᠨᠳᠦᠰᠦᠯᠡᠵᠦ᠂ ᠣᠢᠷ᠎ᠠ ᠶ᠋ᠢᠨ ᠡᠳᠦᠷ ᠦ᠋ᠨ ᠪᠤᠶᠤ ᠨᠡᠩ ᠤᠷᠲᠤ ᠬᠤᠭᠤᠴᠠᠭᠠᠨ ᠤ᠋ ᠲᠩᠷᠢ ᠶ᠋ᠢᠨ ᠪᠠᠢᠳᠠᠯ ᠢ᠋ ᠴᠦ᠍ ᠰᠢᠨᠵᠢᠵᠦ ᠮᠡᠳᠡᠳᠡᠭ ᠭᠠᠢᠬᠠᠮᠰᠢᠭᠲᠤ ᠲᠤᠷᠰᠢᠯᠭ᠎ᠠ ᠶ᠋ᠢ ᠮᠣᠩᠭᠣᠯᠴᠤᠳ ᠮᠠᠯ ᠮᠠᠯᠵᠢᠬᠤ ᠶᠠᠪᠤᠴᠠ ᠳ᠋ᠠᠭᠠᠨ ᠬᠤᠷᠠᠮᠳᠤᠭᠤᠯᠤᠭᠰᠠᠨ ᠪᠢᠯᠡ᠃ ᠮᠠᠯ ᠬᠠᠷᠢᠭᠤᠯᠤᠨ᠎ᠠ ᠭᠡᠳᠡᠭ ᠮᠣᠲ᠋ᠣᠷ ᠢ᠋ᠶ᠋ᠠᠷ ᠪᠡᠯᠴᠢᠭᠡᠷ ᠳᠠᠬᠢ ᠮᠠᠯ ᠢ᠋ᠶ᠋ᠠᠨ ᠬᠠᠶᠠ ᠨᠢᠭᠡ ᠡᠷᠭᠢᠬᠦ᠂ ᠰᠦᠷᠦᠭ ᠦ᠋ᠨ ᠵᠠᠬ᠎ᠠ ᠳ᠋ᠤ᠌ ᠨᠣᠮ ᠦᠵᠡᠨ ᠮᠠᠩᠰᠢᠭᠤᠷᠠᠬᠤ ᠤᠴᠢᠷ ᠪᠢᠰᠢ᠃ ᠤᠤᠯ ᠨᠢ ᠮᠠᠨ ᠤ᠋ ᠮᠠᠯᠴᠢᠳ ᠬᠣᠨᠢ ᠬᠠᠷᠢᠭᠤᠯᠬᠤ ᠳ᠋ᠠᠭᠠᠨ ᠬᠣᠨᠢ ᠶᠠᠮᠠᠷ ᠤᠷᠭᠤᠮᠠᠯ ᠳ᠋ᠤ᠌ ᠳᠤᠷᠠᠲᠠᠢ ᠪᠠᠢᠳᠠᠭ᠂ ᠡᠳᠦᠷ ᠲᠦ᠍ ᠬᠡᠳᠦᠢ ᠬᠡᠮᠵᠢᠶ᠎ᠡ ᠪᠡᠷ ᠢᠳᠡᠰᠢᠯᠡᠳᠡᠭ᠂ ᠪᠡᠯᠴᠢᠭᠡᠷ ᠦ᠋ᠨ ᠢᠳᠡᠰᠢᠨ ᠦ᠌ ᠲᠥᠷᠥᠯ ᠬᠡᠳᠦᠢ ᠪᠠᠢᠭ᠎ᠠ᠂ ᠠᠯᠢ ᠨᠢ ᠶᠠᠮᠠᠷ ᠰᠢᠮ᠎ᠡ ᠲᠡᠢ᠂ ᠠᠯᠢ ᠤᠯᠠᠷᠢᠯ ᠳ᠋ᠤ᠌ ᠮᠠᠯ ᠢᠳᠡᠪᠡᠯ ᠲᠠᠷᠭᠤ ᠠᠪᠬᠤ ᠳ᠋ᠤ᠌ ᠰᠠᠢᠨ᠁ ᠵᠡᠷᠭᠡ ᠶ᠋ᠢ ᠨᠠᠷᠢᠨ ᠠᠵᠢᠭᠯᠠᠨ ᠲᠤᠷᠰᠢᠯᠭᠠᠵᠢᠭᠤᠯᠳᠠᠭ ᠠᠵᠢ᠃ ᠨᠢᠭᠡ ᠭᠠᠵᠠᠷ ᠨᠢᠭᠡ ᠯᠡ ᠲᠥᠷᠥᠯ ᠦ᠋ᠨ ᠮᠠᠯ ᠢ᠋ ᠤᠳᠠᠭᠠᠨ ᠮᠠᠯᠵᠢᠪᠠᠯ ᠤᠷᠭᠤᠮᠠᠯ ᠤ᠋ᠨ ᠲᠥᠷᠥᠯ ᠴᠥᠭᠡᠷᠡᠨ᠂ ᠪᠡᠯᠴᠢᠭᠡᠷ ᠦ᠋ᠨ ᠠᠰᠢᠭᠯᠠᠮᠵᠢ ᠮᠠᠭᠤᠳᠳᠠᠭ ᠠ᠋ᠴᠠ ᠬᠣᠣᠷᠲᠤ ᠡᠪᠡᠰᠦ ᠠᠷᠪᠢᠳᠤᠨ ᠤᠷᠲᠤᠮᠵᠢ ᠶ᠋ᠢᠨ ᠬᠡᠷᠡᠭᠯᠡᠭᠡ ᠪᠡᠨ ᠠᠯᠳᠠᠳᠠᠭ ᠭᠡᠰᠡᠨ ᠢ᠋ ᠴᠤ ᠮᠣᠩᠭᠣᠯᠴᠤᠳ ᠮᠡᠳᠡᠳᠡᠭ ᠪᠣᠯᠬᠣᠷ ᠲᠠᠪᠤᠨ ᠬᠣᠰᠢᠭᠤ ᠮᠠᠯ ᠮᠠᠯᠵᠢᠭᠰᠠᠨ᠃ ᠪᠥᠭᠡᠮᠨᠡᠷᠡᠵᠦ ᠢᠳᠡᠰᠢᠯᠡᠳᠡᠭ ᠬᠣᠨᠢᠨ ᠰᠦᠷᠦᠭ ᠢ᠋ ᠲᠠᠷᠠᠭᠤ ᠵᠠᠢᠲᠠᠢ ᠢᠳᠡᠰᠢᠯᠡᠭᠦᠯᠦᠨ ᠪᠡᠯᠴᠢᠭᠡᠷ ᠦ᠋ᠨ ᠳᠠᠷᠤᠭᠠᠰᠤ ᠶ᠋ᠢ ᠬᠥᠩᠭᠡᠯᠡᠬᠦ᠂ ᠵᠤᠳ ᠰᠢᠭᠤᠷᠭᠠᠨ ᠳ᠋ᠤ᠌ ᠭᠡᠷ ᠥᠭᠡᠳᠡ ᠪᠡᠨ ᠪᠤᠴᠠᠬᠤ ᠵᠡᠷᠭᠡ ᠶ᠋ᠢ ᠬᠠᠷᠠᠭᠠᠯᠵᠠᠨ ᠢᠮᠠᠭ᠎ᠠ ᠶ᠋ᠢ ᠬᠣᠨᠢ ᠲᠠᠢ ᠰᠦᠷᠦᠭᠯᠡᠭᠦᠯᠬᠦ ᠵᠡᠷᠭᠡ ᠨᠢ ᠴᠦ᠍ ᠰᠢᠨᠵᠢᠯᠡᠬᠦ ᠤᠬᠠᠭᠠᠨᠴᠢ ᠠᠷᠭ᠎ᠠ ᠯᠠ ᠳᠠ! ᠪᠠᠢᠭᠠᠯᠢ ᠶ᠋ᠢᠨ ᠤᠤᠯ ᠤ᠋ᠨ ᠲᠣᠭᠲᠠᠯᠴᠠᠭ᠎ᠠ ᠶ᠋ᠢ ᠡᠪᠳᠡᠯ ᠦᠭᠡᠢ ᠵᠢᠮ᠎ᠡ ᠶᠣᠰᠣ ᠶ᠋ᠢ ᠨᠢ ᠲᠡᠷᠰᠯᠡᠯ ᠦᠭᠡᠢ᠂ ᠪᠠᠢᠭᠠᠯᠢ ᠶ᠋ᠢᠨ ᠰᠢᠯᠭᠠᠷᠠᠯ ᠢ᠋ᠶ᠋ᠠᠷ ᠰᠢᠯᠢᠳᠡᠭᠵᠢᠭᠦᠯᠳᠡᠭ ᠠᠮᠢᠳᠤ ᠪᠣᠳᠠᠰ ᠤ᠋ᠨ ᠲᠥᠷᠥᠯᠬᠢ ᠣᠨᠴᠠᠯᠢᠭ ᠢ᠋ ᠬᠠᠷᠠᠭᠠᠯᠵᠠᠨ ᠮᠣᠩᠭᠣᠯᠴᠤᠳ ᠲᠠᠪᠤᠨ ᠬᠣᠰᠢᠭᠤ ᠮᠠᠯ ᠢ᠋ᠶ᠋ᠠᠨ ᠮᠠᠯᠵᠢᠨ ᠥᠨᠥᠳᠥᠷ ᠲᠦ᠍ ᠬᠦᠷᠦᠭᠰᠡᠨ ᠪᠢᠯᠡ᠃ ᠠᠮᠢ ᠠᠬᠤᠢ ᠶ᠋ᠢᠨ ᠡᠪᠳᠡᠭᠳᠡᠯ ᠳ᠋ᠦ᠍ ᠬᠠᠷᠢᠭᠤᠴᠠᠯᠭ᠎ᠠ ᠡᠭᠦᠷᠭᠡᠯᠡᠬᠦ ᠤᠴᠢᠷ ᠮᠣᠩᠭᠣᠯᠴᠤᠳ ᠤ᠋ᠨ ᠠᠵᠤ ᠠᠬᠤᠢ᠂ ᠰᠣᠶᠣᠯ ᠤᠯᠠᠮᠵᠢᠯᠠᠯ᠂ ᠠᠮᠢᠳᠤᠷᠠᠯ ᠤ᠋ᠨ ᠳᠠᠳᠬᠠᠯ᠂ ᠦᠢᠯᠡᠳᠪᠦᠷᠢᠯᠡᠯ ᠦ᠋ᠨ ᠬᠡᠯᠪᠡᠷᠢ ᠳ᠋ᠦ᠍ ᠣᠭᠲᠣᠬᠠᠨ ᠴᠤ ᠦᠭᠡᠢ ᠭᠡᠵᠦ ᠪᠠᠷᠳᠠᠮ ᠬᠡᠯᠡᠬᠦ ᠪᠠᠷᠢᠮᠲᠠ ᠪᠣᠢ᠃ ᠭᠡᠬᠦ ᠳ᠋ᠦ᠍ ᠥᠨᠥᠳᠥᠷ ᠦ᠋ᠨ ᠨᠥᠬᠥᠴᠡᠯ ᠳ᠋ᠦ᠍ ᠤᠯᠠᠮᠵᠢᠯᠠᠯᠲᠤ ᠠᠵᠤ ᠠᠬᠤᠢ ᠨᠢ ᠡᠷᠡᠭᠦᠯ ᠬᠥᠭᠵᠢᠯᠲᠡ ᠶ᠋ᠢᠨ ᠪᠣᠯᠤᠮᠵᠢ ᠪᠠᠨ ᠠᠯᠳᠠᠭᠰᠠᠨ ᠪᠣᠯᠬᠣᠷ ᠬᠠᠰᠢᠶᠠᠯᠠᠵᠤ ᠮᠠᠯᠵᠢᠬᠤ᠂ ᠪᠣᠷᠳᠣᠨ ᠲᠠᠷᠭᠤᠯᠠᠭᠤᠯᠬᠤ᠂ ᠡᠭᠦᠯᠳᠡᠷ ᠰᠠᠢᠵᠢᠷᠠᠭᠤᠯᠬᠤ᠂ ᠪᠡᠯᠴᠢᠭᠡᠷᠯᠡᠭᠦᠯᠬᠦ ᠶ᠋ᠢ ᠴᠠᠭᠠᠵᠠᠯᠠᠬᠤ᠂ ᠭᠡᠬᠦᠴᠢᠯᠡᠨ ᠲᠦᠷ ᠴᠠᠭ ᠤ᠋ᠨ ᠠᠷᠭᠠᠴᠠᠭᠠᠭᠰᠠᠨ ᠠᠷᠭ᠎ᠠ ᠨᠤᠭᠤᠳ ᠰᠡᠳᠦᠭᠳᠡᠭᠰᠡᠨ ᠪᠢᠯᠡ᠃ ᠡᠭᠦᠨ ᠢ᠋ ᠪᠢᠳᠡ ᠵᠥᠪᠬᠡᠨ ᠪᠠᠢᠭᠠᠯᠢ ᠶ᠋ᠢᠨ ᠰᠡᠷᠭᠦᠯᠲᠡ ᠳ᠋ᠦ᠍ ᠦᠢᠯᠡᠴᠢᠯᠡᠭᠰᠡᠨ ᠲᠦᠷ ᠴᠠᠭ ᠤ᠋ᠨ ᠠᠷᠭ᠎ᠠ ᠭᠡᠵᠦ ᠣᠢᠯᠠᠭᠠᠬᠤ ᠠ᠋ᠴᠠ ᠪᠢᠰᠢ᠂ ᠪᠡᠯᠴᠢᠭᠡᠷ ᠦ᠋ᠨ ᠮᠠᠯ ᠠᠵᠤ ᠠᠬᠤᠢ ᠶ᠋ᠢᠨ ᠬᠥᠭᠵᠢᠯᠲᠡ ᠶ᠋ᠢᠨ ᠬᠠᠨᠳᠤᠰᠢ᠂ ᠭᠠᠷᠬᠤ ᠵᠠᠮ᠂ ᠮᠠᠯᠴᠢᠳ ᠤ᠋ᠨ ᠴᠢᠨᠡᠭᠡᠯᠢᠭᠵᠢᠯ ᠦ᠋ᠨ ᠣᠬᠢ ᠠᠷᠭ᠎ᠠ᠂ ᠰᠢᠨᠵᠢᠯᠡᠬᠦ ᠤᠬᠠᠭᠠᠨᠴᠢ ᠪᠠᠷ ᠪᠦᠲᠦᠭᠡᠨ ᠪᠠᠢᠭᠤᠯᠤᠨ ᠮᠠᠯᠵᠢᠵᠤ ᠪᠠᠢ ᠭᠠ ᠵᠦᠢᠯ ᠢ᠋ᠶ᠋ᠡᠷ ᠡᠨᠳᠡᠭᠦᠦ ᠣᠢᠯᠠᠭᠠᠵᠤ ᠪᠣᠯᠬᠤ ᠦᠭᠡᠢ ᠯᠡ ᠳᠡ! ᠪᠦᠲᠦᠭᠡᠨ ᠪᠠᠢᠭᠤᠯᠤᠨ᠎ᠠ ᠭᠡᠳᠡᠭ ᠴᠦ᠍ ᠦᠨᠡᠨ ᠳ᠋ᠡᠭᠡᠨ ᠡᠪᠳᠡᠨ ᠪᠦᠷᠢᠯᠭᠡᠭᠰᠡᠨ ᠢ᠋ᠶ᠋ᠡᠨ ᠡᠪᠯᠡᠭᠦᠯᠵᠦ ᠠᠨᠠᠭᠠᠵᠤ ᠪᠠᠢᠭ᠎ᠠ ᠶ᠋ᠢ ᠵᠢᠭᠠᠵᠤ ᠪᠣᠢ᠃ ᠶᠠᠭ ᠴᠣᠬᠣᠮ ᠳ᠋ᠠᠭᠠᠨ ᠮᠣᠩᠭᠣᠯᠴᠤᠳ ᠤ᠋ᠨ ᠤᠯᠠᠮᠵᠢᠯᠠᠯᠲᠤ ᠮᠠᠯᠵᠢᠯ ᠤ᠋ᠨ ᠠᠷᠭ᠎ᠠ ᠴᠢᠷᠭ᠎ᠠ ᠳ᠋ᠤ᠌ ᠰᠢᠨᠵᠢᠯᠡᠬᠦ ᠤᠬᠠᠭᠠᠴᠢ ᠵᠥᠪ ᠳ᠋ᠦᠩ ᠥᠭᠬᠦ ᠶᠣᠰᠣᠲᠠᠢ ᠪᠢᠯᠡ᠃
ᠮᠠᠯ ᠲᠡᠵᠢᠭᠡᠪᠦᠷᠢ ᠶ᠋ᠢ ᠠᠩᠬ᠎ᠠ ᠭᠠᠷᠰᠢᠭᠤᠯᠤᠨ ᠲᠡᠵᠢᠭᠡᠬᠦ ᠳ᠋ᠡᠭᠡᠨ ᠮᠣᠩᠭᠣᠯᠴᠤᠳ ᠤ᠋ᠨ ᠳᠡᠭᠡᠳᠦᠰ ᠰᠠᠭᠤᠷᠢᠰᠢᠯ ᠠᠮᠢᠳᠤᠷᠠᠯ ᠲᠠᠢ ᠪᠠᠢᠭᠰᠠᠨ ᠴᠤ᠌ ᠪᠡᠯᠴᠢᠭᠡᠷ ᠦ᠋ᠨ ᠬᠣᠮᠰᠠᠳᠠᠯ᠂ ᠤᠷᠭᠤᠮᠠᠯ ᠤ᠋ᠨ ᠲᠠᠴᠢᠷᠳᠠᠯ ᠠ᠋ᠴᠠ ᠰᠢᠯᠲᠠᠭᠠᠯᠠᠨ ᠨᠡᠭᠦᠳᠡᠯ ᠰᠠᠭᠤᠳᠠᠯ ᠤ᠋ᠨ ᠬᠥᠳᠡᠯᠭᠡᠭᠡᠨᠲᠦ ᠠᠮᠢᠳᠤᠷᠠᠯ ᠳ᠋ᠤ᠌ ᠰᠢᠯᠵᠢᠭᠰᠡᠨ ᠭᠡᠳᠡᠭ ᠢ᠋ ᠰᠤᠳᠤᠯᠭᠠᠨ ᠭᠡᠷᠡᠴᠢᠯᠡᠪᠡ᠃《ᠤᠷᠤᠰᠬᠠᠯ ᠤᠰᠤ ᠦᠮᠡᠬᠡᠢᠷᠡᠬᠦ ᠦᠭᠡᠢ᠂ ᠤᠭᠯᠤᠷᠭ᠎ᠠ ᠮᠣᠳᠣ ᠬᠣᠷᠣᠬᠠᠢᠲᠤᠬᠤ ᠦᠭᠡᠢ 》ᠭᠡᠳᠡᠭᠴᠢᠯᠡᠨ ᠶᠠᠮᠠᠷ ᠴᠤ᠌ ᠶᠠᠭᠤᠮ᠎ᠠ ᠭᠡᠳ ᠬᠥᠳᠡᠯᠭᠡᠭᠡᠨ ᠦ᠌ ᠶᠠᠪᠤᠴᠠ ᠳ᠋ᠤ᠌ ᠬᠠᠭᠤᠴᠢᠷᠠᠨ ᠲᠣᠭᠣᠰᠣᠷᠠᠬᠤ ᠦᠭᠡᠢ ᠪᠠᠢᠵᠤ ᠴᠢᠳᠠᠳᠠᠭ ᠬᠠᠲᠠᠭᠤ ᠵᠢᠮ᠎ᠡ ᠮᠣᠩᠭᠣᠯᠴᠤᠳ ᠤ᠋ᠨ ᠨᠡᠭᠦᠳᠡᠯ ᠳ᠋ᠦ᠍ ᠢᠯᠡᠷᠡᠯ ᠢ᠋ᠶ᠋ᠡᠨ ᠣᠯᠤᠭᠰᠠᠨ ᠢ᠋ ᠠᠩᠬᠠᠷᠬᠤ ᠶᠣᠰᠣᠲᠠᠢ᠃ ᠮᠠᠯ ᠤ᠋ᠨ ᠴᠡᠪᠡᠷ ᠥᠰᠦᠯᠲᠡ ᠪᠡᠷ ᠮᠠᠯ ᠠᠵᠤ ᠠᠬᠤᠢ ᠶ᠋ᠢᠨ ᠬᠥᠭᠵᠢᠯ ᠢ᠋ ᠪᠠᠷᠢᠮᠵᠢᠶᠠᠯᠠᠳᠠᠭ ᠤᠳᠠᠭᠠᠨ ᠵᠢᠯ ᠦ᠋ᠨ ᠪᠤᠷᠤᠭᠤ ᠤᠷᠢᠶᠠᠯᠠᠭ᠎ᠠ ᠮᠠᠯ ᠤ᠋ᠨ ᠲᠣᠭ᠎ᠠ ᠣᠯᠠᠰᠢᠷᠠᠨ᠂ ᠴᠢᠨᠠᠷ ᠮᠠᠭᠤᠳᠠᠭᠰᠠᠨ ᠥᠨᠥᠳᠥᠷ ᠦ᠋ᠨ ᠰᠣᠯᠣᠭᠠᠢ ᠬᠠᠨᠳᠤᠰᠢ ᠶ᠋ᠢ ᠪᠣᠢ ᠪᠣᠯᠭᠠᠭᠰᠠᠨ ᠪᠢᠯᠡ᠃ ᠶᠠᠷᠢᠶᠠᠨ ᠦᠭᠡᠢ ᠡᠨᠡ ᠳᠤᠮᠳᠠ ᠲᠡᠦᠬᠡᠨ ᠰᠢᠯᠲᠠᠭᠠᠨ ᠴᠤ᠌ ᠳᠤᠷᠠᠳᠤᠭᠳᠠᠬᠤ ᠶᠣᠰᠣᠲᠠᠢ᠃
ᠡᠨᠡ ᠪᠦᠬᠦᠨ ᠡᠴᠡ ᠦᠵᠡᠬᠦᠶ᠎ᠡ ᠲᠩᠷᠢ ᠶ᠋ᠢ ᠲᠦᠰᠢᠨ᠎ᠡ ᠭᠡᠳᠡᠭ ᠪᠠᠢᠭᠠᠯᠢ ᠶ᠋ᠢᠨ ᠵᠢᠮ ᠶᠣᠰᠣ ᠶ᠋ᠢ ᠲᠦᠰᠢᠨ᠎ᠡ ᠭᠡᠰᠡᠨ ᠦᠭᠡ᠃ ᠶᠠᠮᠠᠷ ᠴᠤ᠌ ᠬᠦᠴᠦᠨ ᠵᠦᠢᠯ ᠪᠠᠢᠭᠠᠯᠢ ᠶ᠋ᠢᠨ ᠵᠢᠮ᠎ᠡ ᠶ᠋ᠢ ᠰᠥᠷᠬᠦ ᠴᠢᠳᠠᠯ ᠦᠭᠡᠢ ᠭᠡᠳᠡᠭ ᠢ᠋ ᠥᠨᠥᠳᠥᠷ ᠦ᠋ᠨ ᠠᠬᠤᠢ ᠪᠠᠢᠳᠠᠯ ᠲᠣᠳᠣᠬᠠᠨ ᠬᠠᠷᠠᠭᠤᠯᠵᠤ ᠪᠠᠢᠨ᠎ᠠ᠃ ᠡᠨᠡ ᠨᠤᠲᠤᠭ ᠣᠷᠣᠨ ᠳ᠋ᠤ᠌ ᠶᠠᠮᠠᠷ ᠦᠢᠯᠡᠳᠪᠦᠷᠢᠯᠡᠯ ᠦ᠋ᠨ ᠬᠡᠯᠪᠡᠷᠢ ᠲᠣᠬᠢᠷᠠᠬᠤ ᠪᠣᠢ᠂ ᠶᠠᠭᠠᠬᠢᠵᠤ ᠠᠮᠢᠳᠤᠷᠠᠵᠤ ᠠᠵᠢᠯᠯᠠᠪᠠᠯ ᠵᠦᠢᠲᠡᠢ ᠪᠣᠢ᠂ ᠶᠠᠭᠠᠬᠢᠵᠤ ᠠᠰᠢᠭᠯᠠᠪᠠᠯ ᠨᠡᠩ ᠤᠷᠲᠤᠮᠵᠢ ᠶ᠋ᠢᠨ ᠬᠡᠷᠡᠭᠯᠡᠭᠡ ᠲᠡᠢ ᠪᠠᠢᠯᠭᠠᠵᠤ ᠴᠢᠳᠠᠬᠤ ᠪᠣᠢ ᠵᠡᠷᠭᠡ ᠶ᠋ᠢ ᠤᠬᠠᠮᠰᠠᠷᠠᠨ ᠲᠠᠨᠢᠵᠤ᠂ ᠲᠡᠷᠡ ᠵᠢᠮ᠎ᠡ ᠪᠡᠷ ᠠᠮᠢᠳᠤᠷᠠᠵᠤ ᠢᠷᠡᠭᠰᠡᠨ ᠮᠣᠩᠭᠣᠯᠴᠤᠳ ᠤ᠋ᠨ ᠬᠣᠯᠠᠴᠢ ᠤᠬᠠᠭᠠᠨ ᠯᠠᠪᠲᠠᠢ ᠨᠢᠭᠡᠨ ᠴᠠᠭ ᠲᠤ᠌ ᠳᠡᠯᠡᠬᠡᠢ ᠨᠡᠢᠲᠡ ᠶ᠋ᠢᠨ ᠵᠥᠪ ᠦᠨᠡᠯᠡᠯᠲᠡ ᠶ᠋ᠢ ᠣᠯᠤᠨ᠎ᠠ ᠭᠡᠳᠡᠭ ᠲᠦ᠍ ᠢᠲᠡᠭᠡᠵᠦ ᠪᠠᠢᠨ᠎ᠠ᠃
———————
① ᠡᠨᠡ ᠵᠣᠬᠢᠶᠠᠯ《ᠤᠷᠤᠭ ᠭᠡᠷ ᠪᠦᠯᠢ ᠨᠡᠢᠭᠡᠮ》 ᠰᠡᠳᠬᠦᠯ ᠦ᠋ᠨ2002 ᠣᠨ ᠤ᠋4 ᠳ᠋ᠦ᠍ᠭᠡᠷ ᠬᠤᠭᠤᠴᠠᠭ᠎ᠠ ᠳ᠋ᠤ᠌ ᠨᠡᠢᠲᠡᠯᠡᠭᠳᠡᠭᠰᠡᠨ ᠪᠠᠢᠵᠠᠢ᠃
ᠦᠰᠦᠭ ᠠᠮᠢᠯᠠᠭᠤᠯᠤᠭᠴᠢ᠄ ᠢᠳᠰᠢᠩᠬᠣᠷᠯᠣ᠂ ᠰᠤᠳᠤᠯᠲᠤ᠂ ᠡᠷᠳᠡᠨᠢᠭᠣᠤ᠎ᠠ᠂ ᠨᠠᠷᠠᠨᠲᠤᠶᠠᠭ᠎ᠠ᠂ ᠤᠷᠠᠨᠴᠢᠮᠡᠭ᠂ ᠪᠠᠶᠠᠨᠴᠡᠴᠡᠭ᠂ ᠨᠡᠭᠦᠳᠡᠯ
ᠬᠢᠨᠠᠭᠴᠢ ᠪᠠᠭᠰᠢ᠄ ᠰᠡᠬᠡᠭᠡᠷᠡᠯ᠂ ᠭᠠᠷᠮ᠎ᠠ᠂ ᠣᠳᠬᠠᠨᠰᠤ᠎ᠠ
