ᠰᠣᠶᠣᠯ ᠢ᠋ ᠭᠠᠢᠬᠠᠪᠠ-ᠳ ∙ ᠨᠠᠴᠤᠭᠳᠣᠷᠵᠢСоёлыг гайхав-Д.Нацагдорж ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠣᠶᠣᠯ ᠢ᠋ ᠭᠠᠢᠬᠠᠪᠠ-ᠳ ∙ ᠨᠠᠴᠤᠭᠳᠣᠷᠵᠢСоёлыг гайхав-Д.Нацагдорж

ᠰᠣᠶᠣᠯ ᠢ᠋ ᠭᠠᠢᠬᠠᠪᠠ-ᠳ ∙ ᠨᠠᠴᠤᠭᠳᠣᠷᠵᠢСоёлыг гайхав-Д.Нацагдорж

2022-06-13

1115

ᠰᠣᠶᠣᠯ ᠢ᠋ ᠭᠠᠢᠬᠠᠪᠠ

           -ᠳ ∙ ᠨᠠᠴᠤᠭᠳᠣᠷᠵᠢ 

ᠬᠠᠪᠤᠷ ᠤ᠋ᠨ ᠬᠤᠷᠴᠠ ᠨᠠᠷᠠᠨ ᠳ᠋ᠤ᠌ ᠡᠪᠦᠯ ᠦ᠋ᠨ ᠬᠤᠩᠭᠠᠷᠯᠠᠭᠰᠠᠨ ᠴᠠᠰᠤ ᠬᠠᠢᠯᠵᠤ ᠭᠠᠵᠠᠷ ᠤ᠋ᠨ ᠬᠥᠷᠥᠰᠥ ᠶ᠋ᠢ ᠴᠢᠭᠢᠭᠲᠦᠭᠦᠯᠦᠨ᠂ ᠥᠰᠬᠦ ᠲᠥᠯᠵᠢᠬᠦ ᠨᠣᠭᠣᠭᠠᠨ ᠳ᠋ᠤ᠌ ᠰᠢᠮ᠎ᠡ ᠶ᠋ᠢ ᠥᠭᠬᠦ ᠨᠢ ᠰᠠᠢᠰᠢᠶᠠᠯᠲᠠᠢ ᠪᠣᠯᠪᠠᠴᠤ᠂ ᠲᠡᠷᠭᠡᠴᠢ ᠯᠤᠪᠰᠠᠩ ᠤ᠋ᠨ ᠵᠤᠨ ᠤ᠋ ᠬᠠᠯᠠᠭᠤᠨ ᠳ᠋ᠤ᠌ ᠬᠥᠯᠥᠰᠥ ᠪᠠᠨ ᠤᠷᠤᠰᠬᠠᠵᠤ᠂ ᠡᠪᠦᠯ ᠦ᠋ᠨ ᠬᠦᠢᠲᠡᠨ ᠳ᠋ᠦ᠍ ᠬᠤᠷᠤᠭᠤ ᠪᠠᠨ ᠬᠥᠯᠳᠡᠭᠡᠵᠦ ᠣᠯᠤᠭᠰᠠᠨ ᠮᠠᠭᠤ ᠭᠤᠲᠤᠯ ᠢ᠋ ᠰᠠᠪᠠᠭᠲᠤᠨ ᠳᠦᠭᠦᠷᠭᠡᠬᠦ ᠨᠢ ᠬᠠᠢᠷᠠᠯᠠᠯᠲᠠᠢ᠃

ᠬᠠᠰᠠᠭ ᠲᠡᠷᠭᠡᠨ ᠦ᠌ ᠬᠢᠬᠤᠨᠠᠬᠤ ᠳᠣᠳᠣᠮ ᠯᠤᠪᠰᠠᠩ ᠤ᠋ᠨ ᠰᠡᠳᠬᠢᠯ ᠤᠢᠳᠬᠠᠷᠯᠠᠵᠤ ᠬᠦᠷᠡᠩ ᠱᠠᠷ ᠬᠠᠱᠠᠩᠨᠠᠬᠤ ᠪᠦᠷᠢ ᠲᠡᠭᠦᠨ ᠦ᠌ ᠠᠭᠤᠷ ᠬᠦᠷᠦᠨ᠎ᠡ᠃ ᠯᠤᠪᠰᠠᠩ ᠬᠡᠳᠦᠢᠪᠡᠷ ᠥᠰᠬᠦ ᠨᠠᠰᠤᠨ ᠡᠴᠡ ᠦᠬᠡᠷ ᠲᠡᠷᠭᠡ ᠪᠡᠷ ᠨᠥᠬᠥᠷ ᠬᠢᠵᠦ᠂ ᠡᠵᠡᠭᠦᠢ ᠲᠠᠯ᠎ᠠ ᠪᠠᠷ ᠭᠡᠷ ᠪᠣᠯᠭᠠᠵᠤ ᠳᠠᠳᠤᠭᠰᠠᠨ ᠪᠣᠯᠪᠠᠴᠤ ᠬᠥᠭᠡᠷᠦᠬᠦᠢ ᠵᠠᠢᠯᠠᠭᠤᠯ᠂ ᠬᠥᠮᠦᠨ ᠦ᠌ ᠦᠷ᠎ᠡ ᠲᠤᠯᠠ ᠠᠮᠠᠷᠠᠬᠤ ᠴᠠᠳᠬᠤ ᠴᠠᠭ ᠢ᠋ ᠶᠠᠭᠤᠨ ᠳ᠋ᠤ᠌ ᠦᠯᠦ ᠬᠦᠰᠡᠨ᠎ᠡ᠃

ᠠᠷᠪᠠᠨ ᠭᠤᠷᠪᠠᠨ ᠨᠠᠰᠤᠨ ᠡᠴᠡ ᠲᠠᠪᠢᠨ ᠵᠢᠷᠭᠤᠭᠠᠨ ᠨᠠᠰᠤ ᠶ᠋ᠢ ᠬᠦᠷᠲᠡᠯ᠎ᠡ ᠰᠢᠷ᠎ᠠ ᠶ᠋ᠢᠨ ᠭᠣᠣᠯ᠂ ᠤᠯᠠᠭᠠᠨᠪᠠᠭᠠᠲᠤᠷ ᠬᠣᠶᠠᠷ ᠤ᠋ᠨ ᠬᠣᠭᠣᠷᠣᠨᠳᠣ ᠳ᠋ᠠᠭᠪᠠ ᠶ᠋ᠢᠨ ᠡᠪᠡᠰᠦ ᠶ᠋ᠢ ᠵᠥᠭᠡᠭᠡᠵᠦ ᠂ ᠪᠠᠯᠳᠠᠨ ᠤ᠋ ᠲᠦᠯᠡᠭᠡ ᠶ᠋ᠢ ᠲᠡᠭᠡᠭᠡᠭᠰᠡᠭᠡᠷ ᠡᠳᠦᠢ ᠬᠦᠷᠦᠭᠰᠡᠨ ᠲᠤᠯᠠ ᠵᠠᠮ ᠳ᠋ᠠᠬᠢ ᠠᠭᠤᠯᠠ᠂ ᠳᠠᠪᠠᠭ᠎ᠠ ᠶ᠋ᠢ ᠴᠦ᠍ ᠠᠨᠳᠠᠬᠤ ᠦᠭᠡᠢ ᠡᠩᠬᠦᠯ ᠳᠤᠩᠬᠤᠯ ᠢ᠋ ᠴᠦ᠍ ᠡᠨᠳᠡᠬᠦ ᠦᠭᠡᠢ᠂ ᠨᠦᠬᠡᠨ ᠡᠴᠡ ᠭᠠᠷᠴᠤ ᠬᠣᠰᠬᠢᠷᠬᠤ ᠲᠠᠷᠪᠠᠭ᠎ᠠ ᠶ᠋ᠢ ᠴᠦ᠍ ᠪᠠᠷᠤᠭ ᠲᠠᠨᠢᠬᠤ ᠪᠥᠭᠡᠳ ᠨᠢᠰᠦᠨ ᠥᠩᠭᠡᠷᠡᠵᠦ ᠣᠳᠬᠤ ᠰᠢᠪᠠᠭᠤ ᠶ᠋ᠢ ᠴᠦ᠍ ᠲᠥᠯᠥᠪ ᠮᠡᠳᠡᠨ᠎ᠡ᠃ ᠬᠠᠭᠤᠴᠢᠨ ᠬᠥᠮᠦᠨ ᠦ᠌ ᠶᠠᠷᠢᠶ᠎ᠠ ᠶ᠋ᠢ ᠶᠡᠬᠡᠳᠡ ᠰᠣᠨᠣᠰᠴᠤ᠂ ᠬᠡᠳᠦᠨ ᠠᠷᠪᠠᠨ ᠵᠢᠯ ᠨᠡᠯᠢᠶᠡᠳ ᠶᠠᠭᠤᠮ᠎ᠠ ᠶ᠋ᠢ ᠥᠩᠭᠡᠷᠡᠭᠦᠯᠦᠭᠰᠡᠨ ᠲᠤᠯᠠ ᠬᠥᠭᠰᠢᠨ ᠲᠣᠯᠣᠭᠠᠢ ᠰᠦᠷᠡᠬᠡᠢ ᠬᠠᠰᠢᠷᠵᠢᠵᠠᠢ᠃

ᠬᠠᠷᠠᠭ᠎ᠠ ᠶ᠋ᠢᠨ ᠭᠣᠣᠯ ᠳ᠋ᠤ᠌ ᠬᠣᠨᠣᠭᠠᠳ᠂ ᠪᠣᠷᠣᠭ᠎ᠠ ᠶ᠋ᠢᠨ ᠭᠣᠣᠯ ᠳ᠋ᠤ᠌ ᠦᠳᠡᠯᠡᠬᠦ ᠪᠡᠷ ᠶᠠᠪᠤᠬᠤ ᠳ᠋ᠤ᠌ ᠪᠠᠭ᠎ᠠ ᠦᠳᠡ ᠶ᠋ᠢᠨ ᠦᠶ᠎ᠡ ᠪᠠᠢᠪᠠ᠃ ᠯᠤᠪᠰᠠᠩ ᠡᠷᠲᠡ ᠪᠣᠰᠤᠭᠰᠠᠨ ᠳ᠋ᠤ᠌ ᠪᠠᠨ ᠭᠠᠩᠰᠠᠷᠠᠲᠠᠯ᠎ᠠ ᠡᠪᠰᠢᠶᠡᠨ᠂ ᠤᠷᠲᠤ ᠵᠠᠮ ᠳ᠋ᠤ᠌ ᠮᠠᠴᠤᠯᠬᠢᠯᠠᠨ ᠠᠯᠬᠤᠬᠤ ᠨᠢ ᠬᠡᠳᠦᠢᠪᠡᠷ ᠵᠦᠳᠡᠭᠦᠷᠢ ᠲᠡᠢ ᠪᠣᠯᠪᠠᠴᠤ᠂ ᠤᠷᠢᠬᠠᠨ ᠰᠠᠯᠬᠢ ᠡᠮᠦᠨ᠎ᠡ ᠡᠴᠡ ᠨᠢ ᠵᠥᠭᠡᠯᠡᠨ ᠢ᠋ᠶ᠋ᠡᠷ ᠦᠯᠢᠶᠡᠵᠦ᠂ ᠦᠳᠡ ᠶ᠋ᠢᠨ ᠨᠠᠷᠠ ᠤᠭᠤᠴᠠ ᠤᠷᠤᠭᠤ ᠲᠥᠭᠡᠨᠡᠬᠦ ᠳ᠋ᠦ᠍ ᠪᠠᠰᠠ ᠴᠤ᠌ ᠨᠢᠭᠡ ᠵᠢᠷᠭᠠᠯ ᠰᠢᠭ᠋ ᠰᠠᠨᠠᠭᠳᠠᠨ᠎ᠠ᠃

ᠬᠡᠳᠦᠨ ᠦᠬᠡᠷ ᠢ᠋ᠶ᠋ᠡᠨ ᠭᠠᠷ ᠢ᠋ᠶ᠋ᠠᠷ ᠨᠢᠭᠡᠨᠲᠡ ᠭᠤᠶᠠᠳᠠᠵᠤ ᠂ ᠠᠮᠠ ᠪᠠᠷ ᠬᠡᠳᠦᠨᠲᠡ ᠭᠣᠭᠣᠭᠯᠠᠭᠰᠠᠭᠠᠷ ᠰᠠᠨᠠᠮᠰᠠᠷ ᠦᠭᠡᠢ ᠶᠠᠪᠤᠲᠠᠯ᠎ᠠ᠂ ᠠᠷᠤ ᠲᠠᠯ᠎ᠠ ᠳ᠋ᠤ᠌ ᠱᠤᠤᠭᠢᠬᠤ ᠴᠢᠮᠡᠭᠡ ᠭᠠᠷᠤᠨ᠎ᠠ᠃ ᠴᠣᠴᠢᠨ ᠭᠡᠳᠡᠷᠭᠦ ᠠᠵᠢᠭᠯᠠᠪᠠᠯ᠂ ᠬᠥᠲᠥᠯᠦᠭᠰᠡᠨ ᠬᠡᠳᠦᠨ ᠦᠬᠡᠷ ᠬᠡᠪ ᠬᠡᠪ ᠢ᠋ᠶ᠋ᠡᠷ᠂ ᠲᠣᠪ ᠳᠠᠭᠤ ᠦᠭᠡᠢ ᠴᠤᠪᠤᠷᠠᠯᠳᠤᠨ ᠶᠠᠪᠤᠬᠤ ᠲᠤᠯᠠ᠂ ᠰᠡᠳᠬᠢᠯ ᠨᠢ ᠲᠠᠢᠳᠬᠤᠷᠠᠵᠤ᠂ ᠴᠢᠨᠠᠭᠰᠢ ᠠᠯᠬᠤᠯᠠᠪᠠ᠃ ᠭᠡᠲᠡᠯ᠎ᠡ ᠱᠤᠤᠭᠢᠬᠤ ᠴᠢᠮᠡᠭᠡ ᠨᠢ ᠤᠯᠠᠮ ᠢ᠋ᠶ᠋ᠠᠷ ᠶᠡᠬᠡᠳᠴᠦ᠂ ᠬᠣᠭᠣᠰᠣᠨ ᠣᠭᠲᠠᠷᠭᠤᠢ ᠳ᠋ᠤ᠌ ᠬᠦᠷᠴᠢᠭᠢᠨᠡᠨ ᠬᠤᠷᠴᠢᠭᠢᠨᠠᠬᠤ ᠳ᠋ᠤ᠌ ᠯᠤᠪᠰᠠᠩ ᠤ᠋ᠨ ᠰᠡᠳᠬᠢᠯ ᠨᠢ ᠰᠡᠷ ᠬᠢᠵᠦ᠂ ᠨᠢᠳᠦ ᠪᠡᠨ ᠰᠣᠷᠲᠣᠢᠨ᠂ ᠴᠢᠬᠢ ᠪᠡᠨ ᠰᠡᠷᠪᠡᠢᠨ᠂ ᠡᠯᠳᠡᠪ ᠶᠠᠭᠤᠮ᠎ᠠ ᠪᠤᠳᠤᠭᠳᠠᠨ᠂ 《ᠬᠠᠪᠤᠷ ᠤ᠋ᠨ ᠡᠬᠢᠨ ᠰᠠᠷ᠎ᠠ ᠳ᠋ᠤ᠌ ᠲᠩᠷᠢ ᠳᠤᠤᠭᠠᠷᠳᠠᠭ ᠦᠭᠡᠢ ᠶᠤᠮᠰᠠᠨ᠃ ᠭᠠᠯᠪᠠ ᠶᠡᠭᠦᠷᠡᠨ᠎ᠡ ᠭᠡᠭᠴᠢ ᠨᠢ ᠠᠷᠠᠢ ᠪᠣᠯᠤᠭ᠎ᠠ ᠦᠭᠡᠢ ᠶᠤᠮᠰᠠᠨ» ᠭᠡᠮᠡᠨ ᠰᠠᠨᠠᠵᠤ ᠵᠢᠷᠦᠬᠡ ᠳᠣᠭᠳᠣᠯᠤᠨ᠂ ᠳᠥᠷᠪᠡᠨ ᠵᠦᠭ᠂ ᠨᠠᠢ᠍ᠮᠠᠨ ᠵᠣᠪᠬᠢᠰ ᠲᠤ᠌ ᠠᠵᠢᠭᠯᠠᠪᠠᠯ᠂ ᠡᠭᠦᠯᠡ ᠴᠦ᠍ ᠦᠭᠡᠢ᠂ ᠬᠥᠮᠦᠨ ᠠᠮᠢᠲᠠᠨ ᠴᠤ᠌ ᠦᠭᠡᠢ ᠰᠢᠷᠣᠢ ᠴᠤ᠌ ᠦᠭᠡᠢ᠂ ᠲᠣᠭᠣᠰᠣ ᠴᠤ᠌ ᠦᠭᠡᠢ ᠠᠯᠢᠪᠠ ᠪᠠᠢᠳᠠᠯ ᠨᠠᠮ ᠭᠦᠮ᠂ ᠬᠠᠮᠤᠭ ᠶᠠᠭᠤᠮ᠎ᠠ ᠬᠡᠪ ᠬᠡᠪ ᠢ᠋ᠶ᠋ᠡᠷ ᠪᠠᠢᠲᠠᠯ᠎ᠠ᠂ ᠰᠣᠨᠣᠰᠬᠤ ᠳᠣᠳᠣᠮ ᠥᠨᠥᠬᠢ ᠳᠠᠭᠤᠤ ᠨᠢ ᠤᠯᠠᠮ ᠣᠢᠷᠠᠲᠤᠨ᠂ ᠳᠡᠭᠡᠭᠦᠷ ᠨᠢ ᠬᠦᠷᠴᠢᠭᠢᠨᠡᠬᠦ ᠳ᠋ᠦ᠍ ᠳᠡᠭᠡᠭᠰᠢ ᠬᠠᠷᠠᠪᠠᠯ᠂ ᠬᠠᠷᠢᠨ ᠨᠢᠭᠡ ᠲᠣᠮᠣ ᠰᠢᠪᠠᠭᠤ ᠮᠡᠲᠦ ᠶᠠᠭᠤᠮ᠎ᠠ ᠨᠢᠰᠦᠨ ᠶᠠᠪᠤᠨ᠎ᠠ᠃ ᠲᠡᠷᠭᠡᠴᠢ ᠯᠤᠪᠰᠠᠩ ᠲᠠᠪᠢᠨ ᠬᠡᠳᠦᠨ ᠨᠠᠰᠤ ᠬᠦᠷᠲᠡᠯ᠎ᠡ ᠲᠡᠢᠮᠦ ᠲᠣᠮᠣ ᠰᠢᠪᠠᠭᠤ ᠦᠵᠡᠭᠰᠡᠨ ᠦᠭᠡᠢ᠂ ᠬᠡᠳᠦᠢᠪᠡᠷ ᠬᠠᠨ ᠭᠠᠷᠤᠳᠢ ᠭᠡᠳᠡᠭ ᠨᠢᠭᠡ ᠲᠣᠮᠣ ᠰᠢᠪᠠᠭᠤ ᠪᠠᠢᠳᠠᠭ ᠶᠤᠮ ᠭᠡᠵᠦ ᠰᠣᠨᠣᠰᠤᠭᠰᠠᠨ ᠪᠣᠯᠪᠠᠴᠤ᠂ ᠪᠠᠰᠠ ᠡᠨᠡ ᠲᠢᠪ ᠲᠦ᠍ ᠪᠠᠢᠳᠠᠭ ᠦᠭᠡᠢ ᠭᠡᠵᠦ ᠶᠠᠷᠢᠳᠠᠭ ᠲᠤᠯᠠ᠂ ᠠᠳᠠᠯᠢᠳᠬᠠᠰᠢ ᠦᠭᠡᠢ᠂ ᠳᠡᠮᠡᠢ ᠯᠡ ᠭᠠᠢᠬᠠᠨ ᠳᠠᠬᠢᠨ ᠰᠠᠢᠨ ᠢ᠋ᠶ᠋ᠠᠷ ᠠᠵᠢᠭᠯᠠᠶ᠎ᠠ ᠭᠡᠲᠡᠯ᠎ᠡ᠂ ᠡᠨᠡᠬᠦ ᠨᠢᠭᠡ ᠭᠱᠠᠨ ᠳ᠋ᠤ᠌ ᠲᠡᠷᠲᠡᠭᠡ ᠠᠭᠤᠯᠠ ᠶ᠋ᠢᠨ ᠴᠠᠭᠠᠨ᠎ᠠ ᠳᠠᠯᠳᠠ ᠣᠷᠣᠵᠠᠢ᠃   

ᠡᠨᠡᠬᠡᠨ ᠵᠠᠭᠤᠷ᠎ᠠ ᠯᠤᠪᠰᠠᠩ ᠨᠢᠭᠡ ᠦᠶ᠎ᠡ ᠵᠢᠭᠲᠡᠢ ᠪᠣᠯᠤᠭᠠᠳ ᠵᠡᠭᠦᠳᠦᠯᠡᠭᠰᠡᠨ ᠪᠠ ᠦᠵᠡᠭᠰᠡᠨ ᠬᠣᠶᠠᠷ ᠤ᠋ᠨ ᠠᠯᠢᠨ ᠪᠢᠯᠡ ᠭᠡᠵᠦ ᠡᠷᠭᠢᠴᠡᠭᠦᠯᠦᠨ᠂ ᠴᠢᠳᠬᠥᠷ ᠶᠤᠮ ᠤᠤ᠂ ᠬᠤᠪᠢᠯᠭᠠᠨ ᠶᠤᠮ ᠤᠤ ᠭᠡᠵᠦ ᠮᠤᠬᠤᠷ ᠰᠦᠰᠦᠭ ᠦ᠋ᠨ ᠡᠭᠦᠳᠡᠨ ᠡᠴᠡ ᠭᠠᠢᠬᠠᠭᠰᠠᠭᠠᠷ ᠶᠠᠭᠤ ᠴᠤ᠌ ᠪᠣᠯᠪᠠ ᠤᠯᠠᠭᠠᠨᠪᠠᠭᠠᠲᠤᠷ ᠬᠣᠲᠠᠨ ᠳ᠋ᠤ᠌ ᠣᠴᠢᠭᠰᠠᠨ ᠤ᠋ ᠬᠣᠢᠨ᠎ᠠ ᠴᠢᠪᠠᠭᠠᠨᠴᠠ ᠨᠠᠷ ᠲᠤ᠌ ᠶᠠᠷᠢᠵᠤ᠂ ᠴᠠᠢ ᠶ᠋ᠢ ᠨᠢ ᠤᠤᠭᠤᠬᠤ ᠰᠣᠨᠢᠨ ᠲᠠᠢ ᠪᠣᠯᠪᠠ ᠭᠡᠵᠦ ᠪᠣᠳᠣᠭᠠᠳ᠂ ᠦᠬᠡᠷ ᠲᠡᠷᠭᠡ ᠪᠡᠨ ᠭᠣᠭᠣᠭᠯᠠᠨ ᠣᠷᠣᠭᠰᠢ ᠶᠠᠪᠤᠪᠠ᠃

ᠤᠳᠠᠯ ᠦᠭᠡᠢ ᠤᠯᠠᠭᠠᠨᠪᠠᠭᠠᠲᠤᠷ ᠬᠣᠲᠠᠨ ᠳ᠋ᠤ᠌ ᠢᠷᠡᠪᠡ᠃ ᠤᠷᠵᠢᠳᠤᠷ ᠤ᠋ᠨ ᠦᠵᠡᠭᠰᠡᠨ ᠢ᠋ᠶ᠋ᠡᠨ ᠠᠪᠠᠭᠠᠢ ᠬᠡᠦᠬᠡᠳ ᠲᠦ᠍ ᠶᠠᠷᠢᠶ᠎ᠠ ᠭᠡᠲᠡᠯ᠎ᠡ ᠬᠠᠷᠢᠨ ᠤᠷᠢᠳᠠ ᠡᠴᠡ ᠨᠢ ᠤᠭᠲᠤᠵᠤ ᠠᠪᠤᠭᠠᠳ《ᠮᠠᠨ ᠤ᠋ ᠬᠦᠷᠢᠶᠡᠨ ᠳ᠋ᠦ᠍ ᠨᠢᠰᠳᠡᠭ ᠲᠡᠷᠭᠡ ᠭᠡᠭᠴᠢ ᠨᠢᠭᠡ ᠰᠣᠨᠢᠨ ᠲᠡᠷᠭᠡ ᠢᠷᠡᠭᠰᠡᠨ ᠪᠢᠰᠢ ᠤᠤ» ᠭᠡᠵᠦ ᠬᠡᠦᠬᠡᠳ ᠦ᠋ᠳ ᠨᠢ ᠬᠥᠷ ᠬᠥᠷ ᠭᠡᠵᠦ ᠳᠠᠭᠤᠷᠢᠶᠠᠨ ᠪᠠᠷᠬᠢᠷᠠᠯᠳᠤᠵᠤ᠂ ᠬᠥᠭᠰᠢᠳ ᠨᠢ 《ᠰᠦᠷᠡᠬᠡᠢ ᠶᠤᠮ᠂ ᠬᠠᠴᠢᠨ ᠶᠤᠮ» ᠭᠡᠵᠦ ᠵᠠᠯᠪᠠᠷᠢᠯᠳᠤᠨ ᠪᠠᠢᠬᠤ ᠳ᠋ᠤ᠌ ᠯᠤᠪᠰᠠᠩ ᠬᠡᠳᠦᠢᠨᠡᠢ ᠳᠣᠬᠢ ᠬᠥᠮᠦᠨ ᠲᠤᠯᠠ ᠳᠡᠮᠡᠢ ᠴᠠᠯᠴᠢᠬᠤ ᠪᠠᠨ ᠪᠠᠢᠵᠤ᠂ ᠳᠠᠷᠤᠢ ᠨᠢᠭᠡ ᠲᠠᠨᠢᠬᠤ ᠵᠠᠯᠠᠭᠤ ᠠᠯᠪᠠᠨ ᠤ᠋ ᠬᠥᠮᠦᠨ ᠲᠡᠢ ᠪᠡᠨ ᠠᠭᠤᠯᠵᠠᠨ ᠠᠰᠠᠭᠤᠵᠤ᠂ ᠡᠨᠡᠬᠦ ᠨᠢᠰᠳᠡᠭ ᠲᠡᠷᠭᠡ ᠨᠢ ᠬᠥᠮᠦᠨ ᠦ᠌ ᠠᠷᠭ᠎ᠠ ᠤᠬᠠᠭᠠᠨ᠂ ᠡᠷᠳᠡᠮ ᠰᠣᠶᠣᠯ ᠤ᠋ᠨ ᠡᠭᠦᠳᠡᠨ ᠡᠴᠡ ᠪᠦᠲᠦᠭᠰᠡᠨ ᠪᠣᠯᠬᠤ ᠪᠦᠬᠦᠢᠯᠡ ᠤᠴᠢᠷ ᠢ᠋ ᠣᠯᠵᠤ ᠰᠣᠨᠣᠰᠤᠭᠠᠳ᠂ ᠶᠡᠬᠡᠳᠡ ᠭᠠᠢᠬᠠᠵᠤ᠂ ᠬᠥᠳᠡᠭᠡ ᠶ᠋ᠢᠨ ᠪᠠᠢᠳᠠᠯ ᠳ᠋ᠤ᠌ ᠮᠤᠩᠬᠠᠷᠠᠨ ᠰᠠᠭᠤᠵᠤ᠂ ᠬᠥᠳᠡᠭᠡᠬᠢ ᠵᠠᠩᠰᠢᠯ ᠢ᠋ᠶ᠋ᠠᠷ ᠨᠢᠭᠡ ᠨᠠᠰᠤ ᠶ᠋ᠢ ᠪᠠᠷᠠᠬᠤ ᠦᠭᠡᠢ᠂ ᠬᠥᠯ ᠬᠦᠷᠬᠦ ᠭᠠᠵᠠᠷ ᠶᠠᠪᠤᠵᠤ᠂ ᠤᠬᠠᠭᠠᠨ ᠬᠦᠷᠬᠦ ᠶᠠᠭᠤᠮ᠎ᠠ ᠶ᠋ᠢ ᠦᠵᠡᠪᠡᠯ ᠡᠷᠳᠡᠮ ᠰᠣᠶᠣᠯ ᠭᠡᠭᠴᠢ ᠶᠡᠬᠡ ᠰᠠᠢᠬᠠᠨ ᠶᠠᠭᠤᠮ᠎ᠠ ᠪᠠᠢᠨ᠎ᠠ ᠭᠡᠵᠦ ᠮᠡᠳᠡᠪᠡᠴᠦ᠂ ᠡᠨᠡ ᠪᠡᠶ᠎ᠡ ᠬᠥᠭᠰᠢᠷᠡᠭᠰᠡᠨ ᠲᠤᠯᠠ ᠢᠷᠡᠬᠦ ᠵᠢᠯ ᠡᠴᠡ ᠠᠵᠢᠯ ᠳ᠋ᠤ᠌ ᠣᠷᠣᠬᠤ ᠭᠡᠵᠦ ᠪᠠᠢᠭᠰᠠᠨ ᠠᠷᠪᠠᠨ ᠬᠣᠶᠠᠷ ᠨᠠᠰᠤᠲᠠᠢ ᠬᠦᠦ ᠪᠡᠨ ᠠᠷᠠᠳ ᠤ᠋ᠨ ᠰᠤᠷᠭᠠᠭᠤᠯᠢ ᠳ᠋ᠤ᠌ ᠬᠥᠭᠡᠭᠡᠨ ᠶᠠᠪᠤᠭᠤᠯᠵᠠᠢ᠃

       ᠳ ∙ ᠨᠠᠴᠤᠭᠳᠣᠷᠵᠢ᠂ 1930 ᠣᠨ

ᠬᠢᠴᠢᠶᠡᠯ ᠦ᠋ᠨ ᠲᠠᠢᠯᠪᠤᠷᠢ