ᠮᠢᠨᠦ ᠮᠥᠷᠥᠭᠡᠳᠦᠯ ᠲᠡᠮᠡᠴᠡᠯ – ᠶᠣᠨᠳᠣᠨ ᠤ ᠪᠢᠯᠢᠭ᠌ - ᠪᠠᠭᠠᠲᠤᠷ Миний мөрөөдөл тэмцэл – Ёндоны Билиг - Баатар
ᠮᠢᠨᠦ ᠮᠥᠷᠥᠭᠡᠳᠦᠯ ᠲᠡᠮᠡᠴᠡᠯ
ᠵᠢᠷᠤᠮ ᠰᠠᠢᠲᠠᠢ ᠭᠡᠨᠡᠲᠡᠢ ᠬᠠᠢᠷᠠᠲᠠᠢ
ᠣᠪᠣᠣ ᠲᠣᠪᠣᠤ ᠠᠪᠢᠶᠠᠰᠲᠠᠢ
ᠵᠢᠷᠭᠤᠭᠠᠨ ᠱᠠᠪᠢᠨᠠᠷ ᠲᠤᠷ ᠱᠠᠩᠨᠠᠬᠤᠢ
ᠮᠢᠨᠦ ᠮᠥᠷᠥᠭᠡᠳᠦᠯ ᠲᠡᠮᠡᠴᠡᠯ ᠠᠯᠢ ᠡᠷᠲᠡ
1979᠂ 09᠂ 09᠃ 9 ᠄ 9 ᠮᠢᠨᠦ᠋ᠲ ᠡᠴᠡ
ᠥᠪᠥᠷ ᠮᠣᠩᠭᠣᠯ ᠤ᠋ᠨ ᠶᠡᠬᠡ ᠰᠤᠷᠭᠠᠭᠤᠯᠢ ᠳ᠋ᠤ᠌
ᠮᠢᠲᠠᠷᠠᠰᠢ ᠨᠦᠭᠡᠢ ᠭᠢᠯᠠᠯᠵᠠᠭᠰᠠᠨ ᠣᠳᠣᠲᠤ
ᠮᠥᠩᠬᠡ ᠲᠡᠭᠷᠢ ᠶ᠋ᠢᠨ ᠵᠠᠷᠯᠢᠭ ᠢᠶᠠᠷ
ᠭᠦᠪᠦᠷᠠᠩᠬᠡᠨ ᠰᠠᠴᠤᠷᠠᠩᠬᠠᠨ ᠡᠬᠢᠯᠡᠭᠰᠡᠨ ᠶᠦᠮ
&ᠢᠷᠠᠭᠤ ᠨᠠᠢᠷᠠᠭᠴᠢ
ᠶᠠᠳᠠᠭᠤ ᠪᠠᠢᠬᠤ ᠠᠯᠪᠠ ᠦᠭᠡᠢ !
ᠭᠠᠯ ᠵᠠᠯᠠᠭᠤ ᠣᠶᠤᠲᠠᠨ ᠡᠷᠢᠨ ᠦ
ᠠᠷᠪᠠ ᠶᠢᠰᠦᠬᠡᠨ ᠨᠠᠰᠤᠲᠠᠢ ᠳ᠋ᠠᠭᠠᠨ
ᠭᠦᠨ ᠤᠬᠠᠭᠠᠨ ᠲᠠᠢ ᠬᠠᠮᠢᠶ᠎ᠠ ᠪᠦᠬᠦᠢ
ᠠᠩᠬᠠᠨ ᠤ᠋ ᠠᠯᠳᠠᠷᠲᠤ ᠡᠨᠡ ᠦᠭᠡ ᠪᠡᠨ
ᠨᠢᠯᠬ᠎ᠠ ᠲᠤᠭᠤᠯ ᠪᠠᠷᠰ ᠠ᠋ᠴᠠ
ᠠᠶᠤᠳᠠᠭ ᠦᠭᠡᠢ ᠶ᠋ᠢᠨ ᠬᠠᠤᠯᠢ ᠪᠠᠷ
ᠠᠶᠤᠮᠰᠢᠭ ᠦᠭᠡᠢ ᠬᠡᠯᠡᠵᠦ ᠨᠡᠢᠲᠡᠯᠡᠭᠦᠯᠦᠭᠰᠡᠨ
ᠮᠢᠨᠦ ᠠᠭᠤᠤ ᠮᠡᠷᠭᠡᠨ ᠪᠠᠭᠰᠢ ᠨᠠᠷ
ᠮᠠᠰᠢ ᠪᠠᠶᠠᠰᠬᠤᠯᠠᠩ ᠲᠠᠢ ᠦᠨᠡᠯᠡᠭᠰᠡᠨ ᠳᠡ
ᠬᠠᠮᠲᠤ ᠨᠥᠬᠥᠳ ᠮᠢᠨᠢ ᠲᠡᠭᠡᠭᠡᠳ
ᠠᠯᠠᠭ᠎ᠠ ᠲᠡᠰᠢᠨ ᠭᠡᠨᠠᠳᠡᠢ ᠤᠷᠮᠠᠰᠢᠭᠤᠯᠤᠭᠰᠠᠨ
ᠭᠦᠨ ᠤᠬᠠᠭᠠᠨ !
ᠪᠠᠰᠡᠷᠡᠭᠡᠭᠭᠡᠨ ᠦᠭᠡ ᠠᠷᠠᠢ ᠴᠤ᠌
ᠪᠢᠰᠢ ᠰᠢᠦ ᠳᠧ ᠁
&ᠵᠡᠷᠯᠢᠭ ᠰᠠᠨᠠᠭ᠎ᠠ ᠪᠣᠯ
ᠬᠦᠰᠡᠯᠡᠩ ᠦ᠋ᠨ ᠡᠪᠦᠭᠡ ᠡᠴᠢᠭᠡ !
ᠡᠨᠡᠬᠦ ᠭᠦᠨ ᠤᠬᠠᠭᠠᠨ ᠤ᠋
ᠠᠯᠳᠠᠷᠲᠤ ᠴᠡᠴᠡᠨ ᠦᠭᠡ ᠪᠡᠨ ᠪᠢ
ᠮᠢᠩᠭ᠎ᠠ ᠶᠢᠰᠦᠨ ᠵᠠᠭᠤᠨ
ᠨᠠᠶᠠᠨ ᠳᠣᠯᠣᠭᠠᠨ ᠣᠨ ᠳ᠋ᠤᠷ
ᠬᠣᠷᠢᠨ ᠵᠢᠷᠭᠤᠭᠠᠨ ᠨᠠᠰᠤᠨ ᠳ᠋ᠠᠭᠠᠨ
《 ᠭᠠᠩᠭᠠᠩ ᠬᠠᠷ᠎ᠠ ᠲᠤᠭ 》 ᠬᠡᠮᠡᠬᠦᠢ
ᠨᠠᠮ᠎ᠠ ᠶᠢ ᠯᠠ ᠬᠥᠭᠡᠷᠦᠬᠦᠢ
ᠮᠠᠰᠢᠳᠠ ᠨᠡᠷ᠎ᠡ ᠳ᠋ᠤ᠌ ᠭᠠᠷᠭᠠᠭᠰᠠᠨ
ᠳᠠᠢᠴᠢᠨ ᠲᠠᠰᠤᠷᠬᠠᠢ ᠢᠷᠠᠭᠤ ᠨᠠᠢᠷᠠᠭ ᠲᠠᠭᠠᠨ
ᠲᠠᠩᠭᠠᠷᠢᠭ ᠠᠨᠳᠠᠭᠠᠢ ᠮᠡᠲᠦ ᠬᠡᠯᠡᠭᠰᠡᠨ ᠳ᠋ᠧ
ᠬᠣᠷᠢᠨ ᠨᠢᠭᠡᠳᠦᠭᠡᠷ ᠵᠠᠭᠤᠨ ᠤ᠋
2014 ᠣᠨ ᠤ᠋ 8 ᠰᠠᠷ᠎ᠠ ᠳ᠋ᠤ᠌
ᠣᠷᠣᠰ ᠤ᠋ᠨ ᠬᠣᠯᠪᠣᠭᠠᠨ ᠤ᠋
ᠪᠦᠭᠦᠳᠡ ᠨᠠᠢᠷᠠᠮᠳᠠᠬᠤ ᠪᠦᠷᠢᠶᠠᠳ ᠤᠯᠤᠰ ᠤ᠋ᠨ
ᠤᠯᠠᠭᠠᠨ ᠦᠳᠡ ᠨᠡᠢᠰᠯᠡᠯ ᠳ᠋ᠦ᠍
ᠳᠡᠯᠡᠬᠡᠢ ᠶ᠋ᠢᠨ 120 ᠭᠠᠷᠤᠢ ᠤᠯᠤᠰ ᠣᠷᠣᠨ ᠤ᠋
ᠵᠢᠷᠭᠤᠭᠠᠨ ᠵᠠᠭᠤ ᠭᠠᠷᠤᠢ
ᠯᠤᠲᠤ ᠵᠢᠩᠳᠠᠭᠠᠨ ᠲᠠᠢ
ᠭᠡᠭᠡᠯᠢᠭ ᠰᠢᠯᠢᠳᠡᠭ ᠡᠷᠳᠡᠮᠲᠡᠨ ᠦ᠌ ᠡᠮᠦᠨ᠎ᠡ
&ᠬᠥᠮᠦᠨ ᠲᠥᠷᠥᠯᠬᠢᠲᠡᠨ ᠦ᠌ ᠲᠡᠦᠬᠡ ᠪᠣᠯ
ᠶᠡᠷᠦᠨᠢ ᠯᠡ ᠵᠢᠷᠭᠠᠬᠤ ᠶ᠋ᠢᠨ ᠲᠥᠯᠥᠭᠡ
ᠵᠣᠪᠠᠭᠰᠠᠨ ᠲᠡᠦᠬᠡ ᠶᠦᠮ ! ᠬᠡᠮᠡᠬᠦᠢ
ᠭᠡᠷᠡᠯ ᠰᠠᠴᠤᠷᠠᠩᠭᠤᠢ ᠰᠣᠩᠭᠤᠳᠠᠭ ᠪᠠᠳᠠᠭ ᠢ᠋ᠶ᠋ᠠᠨ
ᠨᠠᠶᠠᠨ ᠳ᠋ᠦᠩᠱᠢᠭᠤᠷᠳᠠᠳ ᠤ᠋ᠨ ᠰᠣᠨᠣᠷ ᠲᠤ
ᠢᠯᠠ ᠴᠠᠭᠠᠨ ᠰᠢᠳᠤᠷᠭᠤ ᠰᠢᠭᠤᠷᠬᠠᠢ ᠪᠠᠷ
ᠲᠤᠩᠬᠠᠭᠯᠠᠩᠬᠠᠨ ᠵᠠᠷᠯᠠᠭᠰᠠᠨ ᠶᠤᠮ ᠠ᠋
&ᠮᠠᠭᠲᠠᠭᠰᠠᠨ ᠢ᠋ᠶ᠋ᠠᠷ ᠴᠢᠨᠢ
ᠪᠢ ᠶᠠᠮᠠᠷ ᠲᠠᠭᠠᠨ
ᠮᠠᠷᠺᠠᠰ ᠰᠢᠭ᠋ ᠪᠣᠯᠴᠢᠬᠠᠬᠤ ᠶᠤᠮ ᠪᠢᠰᠢ !
ᠮᠠᠭᠤᠯᠠᠭᠰᠠᠨ ᠢ᠋ᠶ᠋ᠠᠷ ᠴᠢᠨᠢ
ᠪᠢ ᠶᠠᠮᠠᠷ ᠲᠠᠭᠠᠨ
ᠮᠠᠩᠭᠤᠰ ᠰᠢᠭ᠋ ᠪᠣᠯᠴᠢᠬᠠᠬᠤ ᠶᠤᠮ ᠪᠢᠰᠢ !
ᠡᠨᠡ ᠠᠯᠳᠡᠷᠲᠤ ᠢᠷᠠᠭᠤ ᠨᠠᠢᠷᠠᠭ ᠢ᠋
ᠡᠳᠦᠭᠡ ᠡᠴᠡ ᠵᠢᠯ ᠰᠢᠬᠠᠮ ᠤ᠋ᠨ ᠡᠮᠦᠨ᠎ᠡ
ᠲᠠᠯ᠎ᠠ ᠨᠤᠲᠤᠭ ᠤ᠋ᠨ ᠭᠡᠷᠡᠯᠲᠦ ᠰᠤᠪᠤᠳ —
ᠠᠯᠳᠠᠷᠲᠤ ᠰᠢᠯᠢ ᠶ᠋ᠢᠨ ᠬᠣᠳᠡᠨᠡ ᠪᠢᠴᠢᠪᠡᠢ
᠁ ᠦᠨᠡᠨᠳᠡᠭᠡᠨ ᠁
ᠠᠦᠭᠠ ᠥᠷᠯᠥᠭ ᠮᠠᠰᠢᠳᠠ ᠳᠡᠭᠷᠢᠯᠢᠭ
ᠠᠪᠤᠷᠭᠤ ᠭᠦᠨ ᠤᠬᠠᠭᠠᠨᠲᠠᠨ ᠪᠣᠳᠣᠯᠭᠠᠲᠠᠨ
ᠠᠲᠠᠨ᠂ ᠰᠧᠮᠢ ᠶ᠋ᠢᠨ
《 ᠤᠯᠤᠰ ᠢ᠋ ᠪᠠᠶᠠᠵᠢᠭᠤᠯᠬᠤ ᠣᠨᠣᠯ 》
ᠯᠤᠲᠤ ᠠᠭᠤᠣ ᠪᠦᠲᠦᠭᠡᠯ ᠦ᠋ᠨ ᠳᠡᠷᠭᠡᠳᠡ ᠪᠣᠯ
ᠮᠠᠨ ᠤ᠋ ᠬᠤᠪᠢᠰᠬᠠᠯ ᠤ᠋ᠨ ᠶᠡᠬᠡ ᠪᠠᠭᠰᠢ —
ᠮᠡᠷᠺᠠᠰ ᠭᠤᠸᠠᠢ ᠶ᠋ᠢᠨ ᠮᠢᠨᠢ ᠨᠣᠮ —
《 ᠬᠥᠷᠥᠩᠭᠡ ᠶᠢᠨ ᠳᠤᠬᠠᠢ 》 ᠪᠦᠲᠦᠭᠡᠯ
ᠶᠣᠰᠣᠲᠠᠢ ᠭᠢᠯᠡᠰ ᠦᠯᠢᠭᠡᠷᠯᠡᠪᠡᠰᠦ :
ᠰᠦᠷᠯᠢᠭ ᠠᠯᠳᠠᠢ ᠬᠠᠢᠷᠬᠠᠨ ᠤ᠋ ᠬᠠᠵᠠᠭᠤᠲᠠ
ᠮᠢᠨᠦ ᠵᠢᠭᠠᠬᠠᠨ ᠡᠠᠳᠠᠷᠭᠠᠨ ᠠᠢᠯ ᠤ᠋ᠨ
ᠠᠷᠦ ᠶ᠋ᠢᠨ ᠵᠢᠵᠢᠭᠭᠡᠨ ᠠᠭᠤᠯᠠ ᠮᠡᠲᠦ ᠠ᠋
ᠡᠷᠬᠡᠰᠢᠶᠡᠭᠳᠡᠰᠢ ᠦᠭᠡᠢ ᠮᠣᠩᠭᠣᠯ ᠤ᠋ᠨ ᠮᠢᠨᠢ
ᠵᠦᠢᠷ ᠰᠡᠴᠡᠨ ᠦᠭᠡ ᠳ᠋ᠦᠷ :
ᠳᠡᠭᠦᠦ ᠲᠡᠢ ᠬᠥᠮᠦᠨ
ᠳᠥᠷᠥᠭᠡ ᠢᠰᠬᠦᠯᠦᠨ᠎ᠡ ᠬᠡᠮᠡᠵᠦᠬᠦᠢ ᠪᠢᠯᠢᠤ
ᠲᠡᠭᠦᠨ ᠤ ᠤᠳᠬ᠎ᠠ ᠶ᠋ᠢ ᠨᠢ ᠠᠷᠠᠢ ᠵᠢᠭᠠᠬᠠᠨ
᠁ ᠁
ᠥᠨᠳᠥᠷᠴᠡ ᠭᠦᠨᠴᠡ ᠬᠦᠨᠳᠥᠴᠡ ᠬᠣᠯᠠᠴᠠ ᠲᠡᠢ
᠂ ᠂ ᠪᠣᠯᠭᠠᠬᠤ ᠵᠣᠯᠠ ᠪᠠᠭᠠᠲᠤᠷᠯᠢᠭ ᠰᠡᠳᠬᠢᠭᠦᠢ ᠪᠡᠷ
ᠬᠤᠮᠬᠢᠴᠢ ᠠ᠋ᠴᠠ ᠨᠢ ᠳᠡᠯᠡᠩᠬᠡᠨ ᠴᠡᠯᠮᠡᠭᠵᠢᠭᠦᠯᠦᠨ
ᠬᠣᠷᠸᠠᠴᠢ ᠪᠣᠯᠭᠠᠨ ᠮᠣᠩᠬᠠᠭ ᠥᠴᠥᠬᠡᠨ ᠪᠢ
ᠰᠠᠨᠰᠠᠷᠯᠢᠭ ᠣᠷᠴᠢᠯᠠᠩᠯᠢᠭ
ᠥᠨᠳᠥᠷ ᠡᠪᠦᠭᠡᠦᠳ ᠦ᠋ᠨ ᠮᠢᠨᠢ
ᠨᠠᠳᠠᠳᠤ ᠬᠥᠭᠡᠷᠦᠬᠦᠢ ᠴᠢᠩ ᠥᠪᠯᠡᠭᠰᠡᠨ
ᠥᠨᠥ ᠯᠡ ᠮᠥᠩᠬᠡ ᠣᠩᠭᠣᠳ ᠢ᠋ᠶ᠋ᠠᠷ ᠢ᠋ᠶ᠋ᠠᠨ᠄
ᠱᠠᠪᠢ ᠲᠠᠢ ᠬᠥᠮᠦᠨ
ᠰᠠᠨᠰᠠᠷ ᠵᠢᠭᠢᠨᠡ ! ᠭᠡᠮᠡᠨ ᠵᠠᠷᠯᠠᠭᠰᠠᠨ ᠠ᠋
ᠡᠨᠡ ᠰᠢᠨ᠎ᠡ ᠵᠦᠢᠷ ᠴᠡᠴᠡᠨ ᠦᠭᠡ ᠶᠢ
ᠡᠷᠭᠢᠭᠦᠦ ᠲᠡᠨᠡᠭ ᠰᠣᠯᠢᠶᠠᠲᠤ ᠤᠯᠳᠦᠢ ᠪᠢ ᠪᠡᠷ
ᠮᠢᠩᠭ᠎ᠠ ᠶᠢᠰᠦᠨ ᠵᠠᠭᠤᠨ
ᠨᠠᠶᠠᠨ ᠶᠢᠰᠦᠨ ᠣᠨ ᠤ
ᠵᠢᠷᠭᠤᠭᠠᠨ ᠰᠠᠷ᠎ᠠ ᠶ᠋ᠢᠨ ᠶᠢᠰᠦᠨ ᠳ᠋ᠤᠷ
ᠤᠤᠭᠠᠨ ᠬᠣᠣᠰ ᠱᠠᠪᠢ — ᠶᠡᠬᠡ ᠴᠠᠬᠠᠷ ᠤ᠋ᠨ
ᠬᠥᠪᠡᠭᠡᠲᠦ ᠰᠢᠷ᠎ᠠ ᠬᠤᠰᠢᠭᠤᠨ ᠤ᠋ ᠤᠤᠭᠠᠯ —
ᠴᠣᠭᠪᠠᠳᠠᠷᠠᠬᠤ ᠶᠢᠨ ᠭᠡᠷᠡᠯᠪᠠᠭᠠᠲᠦᠷ ᠵᠢᠴᠢ
ᠮᠥᠨ ᠡᠨᠡ ᠬᠤᠰᠢᠭᠤᠨ ᠤ ᠤᠤᠭᠠᠯ —
ᠡᠷᠢᠶᠡᠨ ᠬᠣᠲᠠ ᠶ᠋ᠢᠨ ᠰᠠᠭᠤᠭᠠᠯᠢ ᠠᠭᠰᠠᠨ —
! ! ! ᠮᠢᠨᠦ ᠮᠠᠭᠤ ᠪ᠂ ᠰᠡᠴᠡᠨᠪᠠᠭᠠᠲᠤᠷ
ᠰᠠᠴᠤᠷᠠᠩᠭᠤᠢ ᠭᠱᠠᠨ ᠠᠭᠰᠠᠨ
ᠬᠣᠶᠠᠷ ᠲᠤ᠌ ᠪᠠᠨ ᠰᠤᠷᠭᠠᠯ ᠬᠠᠢᠷᠠᠯᠠᠬᠤ
ᠲᠡᠷᠡ ᠯᠠ ᠭᠢᠯᠪᠠᠭᠡᠨ ᠬᠣᠷᠤᠮᠬᠠᠨ ᠳ᠋ᠤ᠌
ᠪᠢᠯᠢᠭ ᠲᠠᠩᠬᠠᠢ ᠠᠪᠢᠶᠡᠰ ᠢ᠋ᠶ᠋ᠡᠷ ᠢᠶᠠᠨ
ᠭᠡᠨᠡᠳᠲᠡᠬᠡᠨ ᠯᠡ ᠬᠡᠯᠡᠵᠦ ᠭᠠᠷᠤᠭᠰᠠᠨ ᠳᠠ
᠁ ᠵᠠᠯᠭᠠᠮᠵᠢ ᠦᠶ᠎ᠡ ᠶᠢᠨ ᠱᠠᠪᠢᠨᠠᠷ —
ᠵᠤᠤ ᠤᠳᠠ ᠶᠢᠨ ᠠᠷᠤ ᠬᠣᠷᠴᠢᠨ ᠤ ᠤᠤᠭᠠᠯ
ᠲᠣᠭᠲᠠᠬᠤ ᠶ᠋ᠢᠨ ᠵᠣᠷᠢᠭᠰᠠᠢᠬᠠᠨ ( ᠬᠠᠯᠢᠭᠰᠠᠨ )
ᠠᠭᠤᠤ ᠳ᠋ᠧ ᠸᠠᠩᠲᠠᠨ ᠬᠤᠰᠢᠭᠤᠨ ᠤ᠋ ᠤᠤᠭᠠᠯ
ᠪᠦᠷᠢᠨᠳᠡᠭᠦᠰ ᠦ᠋ᠨ ᠲᠣᠭᠳᠠᠮᠵᠢ ᠁
ᠮᠥᠨ ᠬᠥᠪᠡᠭᠡᠲᠦ ᠰᠢᠷ᠎ᠠ ᠶ᠋ᠢᠨ ᠤᠤᠭᠠᠯ —
ᠮᠠᠯᠴᠢᠨ ᠢᠷᠠᠭᠤ ᠨᠠᠢᠷᠠᠭᠴᠢ — —
ᠥᠭᠡᠯᠦᠨ ᠳ᠋᠊᠂ ᠢᠯᠡᠯᠲᠡ ᠂ ᠲᠤᠤ ᠪᠥᠬᠡᠴᠢᠯᠠᠭᠤ
᠁ ᠲᠡᠭᠡᠭᠡᠳ ᠁ ᠴᠤᠪᠤᠷᠠᠭᠰᠠᠨ ᠦᠭᠡᠢ᠃
ᠮᠣᠩᠭᠣᠯ ᠬᠡᠮᠡᠬᠦ ᠵᠢᠷᠭᠤᠭᠠᠨ —
ᠭᠡᠢᠭᠦᠯᠦᠭᠴᠢ ᠦᠰᠦᠭ ᠰᠢᠭ
ᠮᠤᠩᠳᠠᠰᠢ ᠦᠭᠡᠢ ᠡᠳᠡ ᠨᠠᠷ ᠢ᠋ᠶ᠋ᠠᠷ ᠢ᠋ᠶ᠋ᠠᠨ
ᠭᠡᠨᠡᠲᠡᠢ ᠪᠠᠬᠠᠷᠠᠩᠬᠠᠨ ᠡᠳᠦᠭᠡ ᠵᠢᠷᠭᠠᠮᠤᠢ᠃
ᠨᠠᠳᠠᠳᠤ ᠵᠠᠷᠢᠮ ᠵᠡᠮᠳᠡᠭ ᠨᠠᠷ ᠤ᠋ᠨ ᠠᠳᠠᠯᠢ
ᠡᠮ᠎ᠡ ᠬᠦᠢᠰᠤᠳᠡᠢ ᠪᠠᠰᠠ ᠵᠢᠰᠦᠲᠡᠢ
ᠡᠯᠳᠡᠪ ᠦ᠋ᠨ ᠪᠦᠰᠡᠭᠦᠢ ᠨᠠᠢᠷᠠᠭᠴᠢ ᠱᠠᠪᠢᠨᠠᠷ
ᠬᠡᠯᠡᠭᠡᠳ ᠥᠭᠭᠦᠶ᠎ᠡ ᠶᠣᠰᠣᠳᠡᠢ ᠴᠦ᠍
ᠬᠢᠯᠭᠠᠰᠤᠨ ᠴᠢᠨᠡᠭᠡᠬᠡᠨ ᠴᠦ᠍ ᠬᠠᠷᠢᠨ
ᠪᠠᠢᠳᠠᠭ ᠦᠭᠡᠢ ᠰᠢᠦ ᠳᠡ ᠁
ᠤᠴᠢᠷ ᠨᠢ ᠲᠤᠩ ᠳᠥᠭᠥᠮ ᠭᠢᠯᠪᠠᠷᠬᠠᠨ !
ᠲᠡᠳᠡᠨᠦᠰ ᠨᠠᠮ᠎ᠠ ᠶ᠋ᠢ ᠱᠠᠯ ᠲᠣᠭᠣᠳᠠᠭ ᠦᠭᠡᠢ
᠁ ᠁ ᠁
2024᠂ 07᠂ 09᠃ 09᠄ 39
ᠮᠢᠨᠦ᠋ᠲ ᠡᠴᠡ ᠡᠬᠢᠯᠡᠨ ᠪᠦ᠋ᠲᠦᠭᠡᠭᠡᠳ —
07᠂10᠃ 05᠄13 ᠮᠢᠨᠦ᠋ᠲ ᠲᠦ᠍᠃ ᠦᠦᠷ ᠢᠶᠡᠷ᠃
ᠶᠡᠬᠡ ᠴᠠᠬᠠᠷ ᠤᠨ ᠬᠠᠴᠢᠨ ᠬᠥᠭᠡᠷᠦᠬᠦᠨ
ᠣᠯᠠᠭᠠᠨᠪᠠᠭᠠᠲᠤᠷ ᠭᠡᠮᠡᠨ ᠠᠰᠤᠷᠦ ᠠᠯᠳᠠᠷᠰᠢᠭᠰᠠᠨ
ᠬᠥᠪᠡᠭᠡᠲᠦ ᠰᠢᠷ᠎ᠠ ᠬᠤᠰᠢᠭᠤᠨ ᠤ᠋ ᠲᠥᠪ —
ᠰᠢᠨᠡᠪᠤᠯᠠᠭ ᠬᠣᠲᠠᠬᠠᠨ ᠳ᠋ᠤ᠌ ᠪᠦᠲᠦᠭᠡᠪᠡᠢ᠃
ᠣᠨᠴᠠᠭᠠᠢ ᠣᠨᠢᠰᠤᠭ᠎ᠠ ᠮᠡᠲᠦ ᠤᠲᠠᠰᠤ
ᠵᠢᠷᠭᠢᠭᠢᠨ ᠪ ᠮᠢᠨᠢ ᠠᠯᠳᠠᠨ ᠬᠣᠩᠬᠣ ᠳᠠᠩᠭᠢᠨᠠᠵᠤ
ᠮᠠᠰᠢᠳᠠ ᠪᠠᠶᠠᠰᠬᠤᠯᠠᠩ ᠵᠢᠷᠭᠠᠯᠠᠩ ᠪᠠᠢᠪᠠᠢ᠃
