ᠡᠯᠡᠰᠦᠷᠬᠡᠭᠵᠢᠯ ᠦ᠋ᠨ ᠲᠤᠬᠠᠢ ᠪᠣᠳᠣᠯᠭᠠᠰᠢᠷᠠᠯ- ᠭ· ᠴᠢᠩᠪᠠᠭᠠᠲᠤᠷЭлсэрхэгжлийн тухай бодлогошрол-Г·Чинбаатар ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠯᠡᠰᠦᠷᠬᠡᠭᠵᠢᠯ ᠦ᠋ᠨ ᠲᠤᠬᠠᠢ ᠪᠣᠳᠣᠯᠭᠠᠰᠢᠷᠠᠯ- ᠭ· ᠴᠢᠩᠪᠠᠭᠠᠲᠤᠷЭлсэрхэгжлийн тухай бодлогошрол-Г·Чинбаатар

ᠡᠯᠡᠰᠦᠷᠬᠡᠭᠵᠢᠯ ᠦ᠋ᠨ ᠲᠤᠬᠠᠢ ᠪᠣᠳᠣᠯᠭᠠᠰᠢᠷᠠᠯ- ᠭ· ᠴᠢᠩᠪᠠᠭᠠᠲᠤᠷЭлсэрхэгжлийн тухай бодлогошрол-Г·Чинбаатар

2024-07-11

373

ᠡᠯᠡᠰᠦᠷᠬᠡᠭᠵᠢᠯ ᠦ᠋ᠨ ᠲᠤᠬᠠᠢ ᠪᠣᠳᠣᠯᠭᠠᠰᠢᠷᠠᠯ①
 
               ᠭ· ᠴᠢᠩᠪᠠᠭᠠᠲᠤᠷ 
        《ᠥᠪᠥᠢ ᠮᠣᠩᠭᠣᠯ ᠤ᠋ᠨ ᠰᠣᠨᠢᠨ》 ᠳᠡᠭᠡᠷ᠎ᠡ ᠨᠡᠢᠲᠡᠯᠡᠭᠳᠡᠵᠦ ᠥᠩᠭᠡᠷᠡᠭᠰᠡᠨ《ᠨᠣᠢᠷ ᠬᠤᠯᠵᠢᠭᠰᠠᠨ ᠰᠥᠨᠢ》᠂《ᠲᠠᠯ᠎ᠠ ᠨᠤᠲᠤᠭ ᠤ᠋ᠨ ᠡᠮᠵᠡᠭᠯᠡᠯ》᠂《ᠳᠡᠯᠡᠬᠡᠢ ᠶ᠋ᠢᠨ ᠡᠯᠡᠰᠦᠷᠬᠡᠭᠵᠢᠨ ᠲᠠᠴᠢᠷᠳᠠᠬᠤ ᠶ᠋ᠢ ᠰᠡᠷᠭᠡᠢᠯᠡᠬᠦ ᠡᠳᠦᠷ— 6.17》᠂《ᠡᠬᠢ ᠪᠠᠶᠠᠯᠢᠭ ᠡᠯᠪᠡᠭ ᠶᠦᠮ ᠠ᠋ ᠭᠡᠳ ᠬᠢᠮᠠᠭᠠᠳᠠᠵᠤ ᠬᠠᠮᠠᠭᠠᠯᠠᠬᠤ ᠦᠭᠡᠢ ᠪᠣᠯᠤᠨ᠎ᠠ ᠤᠤ》᠂《ᠲᠠᠤᠯᠠᠢ ᠠᠩ ᠤ᠋ᠨ ᠳᠤᠷᠠᠳᠬᠠᠯ》᠂《ᠬᠠᠷ᠎ᠠ ᠬᠣᠲᠠ᠂ ᠠᠯᠤᠰ ᠢᠷᠡᠭᠡᠳᠦᠢ ᠶ᠋ᠢᠨ ᠪᠤᠭᠤᠷᠤᠯ ᠳᠣᠮᠣᠭ》᠂《ᠪᠢᠳᠡ ᠠᠶᠤᠬᠤ ᠦᠭᠡᠢ ᠬᠡᠨ ᠠᠶᠤᠬᠤ ᠪᠢᠯᠡ?》᠁ ᠵᠡᠷᠭᠡ ᠵᠣᠬᠢᠶᠠᠯ ᠢ᠋ ᠦᠵᠡᠭᠡᠳ ᠪᠠᠢᠭᠠᠯᠢ ᠠᠬᠤᠢ ᠶ᠋ᠢᠨ ᠣᠢ ᠭᠠᠰᠢᠭᠤᠳᠠᠯᠲᠤ ᠡᠪᠳᠡᠭᠳᠡᠯ ᠰᠦᠢᠳᠦᠯ ᠳ᠋ᠦ᠍ ᠤᠶᠠᠷᠠᠨ ᠡᠮᠵᠡᠭᠯᠡᠭᠰᠡᠨ ᠵᠣᠬᠢᠶᠠᠭᠴᠢ ᠶ᠋ᠢᠨ ᠰᠡᠳᠬᠢᠯᠭᠡ ᠳ᠋ᠦ᠍ ᠠᠪᠲᠠᠵᠤ᠂ ᠮᠥᠨ ᠴᠦ᠍ ᠲᠤᠤᠯᠢ ᠳ᠋ᠤ᠌ ᠭᠠᠷᠳᠠᠭ ᠳᠦᠷᠢ ᠪᠡᠨ ᠠᠯᠳᠠᠭᠰᠠᠭᠠᠷ ᠪᠠᠢᠭ᠎ᠠ ᠳᠣᠮᠣᠭ ᠤ᠋ᠨ ᠰᠠᠢᠬᠠᠨ ᠲᠠᠯ᠎ᠠ ᠶ᠋ᠢᠨ ᠢ᠋ᠶ᠋ᠡᠨ ᠡᠳᠦᠷ ᠢᠷᠡᠬᠦᠶ᠎ᠡ ᠲᠠᠴᠢᠷᠳᠠᠨ ᠡᠯᠡᠰᠦᠷᠬᠡᠭᠵᠢᠵᠦ ᠪᠠᠢᠬᠤ ᠲᠤᠬᠠᠢ ᠵᠢᠷᠦᠬᠡ ᠰᠢᠮᠰᠢᠷᠡᠭᠦᠯᠦᠨ ᠪᠤᠳᠤᠬᠤᠶ᠎ᠠ᠂ ᠨᠢᠭᠡ ᠵᠦᠢᠯ ᠦ᠋ᠨ ᠦᠯᠦ ᠮᠡᠳᠡᠭᠳᠡᠮ᠎ᠡ ᠠᠲᠠᠯ᠎ᠠ ᠪᠠᠨ ᠬᠤᠢᠬ᠎ᠠ ᠶ᠋ᠢᠨ ᠦᠰᠦ ᠪᠣᠰᠬᠠᠮ᠎ᠠ ᠠᠶᠤᠩᠭᠤᠷᠢ ᠵᠣᠪᠠᠭᠤᠷᠢ ᠨᠠᠮᠠᠶ᠋ᠢ ᠲᠠᠷᠴᠢᠯᠭᠠᠪᠠ᠃ ᠡᠳᠡᠭᠡᠷ ᠵᠣᠬᠢᠶᠠᠯ ᠤ᠋ᠳ ᠢ᠋ ᠦᠵᠡᠭᠰᠡᠨ ᠳᠠᠷᠤᠢ ᠡᠳᠦᠷ ᠡᠳᠦᠷ ᠠᠯᠪᠠᠨ ᠰᠢᠷᠡᠭᠡᠨ ᠳᠡᠭᠡᠷ᠎ᠡ ᠮᠢᠨᠢ ᠠᠯᠳᠠᠯ ᠦᠭᠡᠢ ᠳᠡᠯᠭᠡᠭᠳᠡᠨ ᠣᠯᠠᠨ ᠵᠦᠢᠯ ᠦ᠋ᠨ ᠰᠤᠷᠠᠭ ᠴᠢᠮᠡᠭᠡ ᠰᠢᠪᠡᠨᠡᠵᠦ ᠪᠠᠢᠳᠠᠭ ᠡᠳᠦᠷ ᠦ᠋ᠨ ᠰᠣᠨᠢᠨ ᠮᠢᠨᠢ ᠴᠦ᠍ ᠮᠣᠩᠭᠣᠯ ᠦᠰᠦᠭ ᠲᠡᠢ ᠪᠡᠨ ᠴᠣᠭ ᠡᠬᠡ ᠪᠠᠢᠭᠠᠯᠢ ᠶ᠋ᠢᠨ ᠡᠯᠡᠰᠦᠷᠬᠡᠭᠵᠢᠯ ᠦ᠋ᠨ ᠲᠥᠯᠥᠭᠡ ᠬᠠᠷᠠᠮᠰᠠᠵᠤ ᠪᠠᠢᠮᠠᠷ ᠰᠠᠨᠠᠭᠳᠠᠭᠰᠠᠨ ᠢ᠋ ᠬᠡᠯᠡᠬᠦ ᠶᠠᠭᠤᠨ?᠁
       ᠰᠢᠩᠭᠡᠯᠢᠭ ᠲᠦ᠍ ᠬᠣᠷᠢᠭᠳᠠᠭᠰᠠᠨ ᠪᠣᠯᠵᠣᠮᠣᠷ ᠰᠢᠤᠬᠠᠨ ᠠᠮᠢ ᠠᠬᠤᠢ ᠶ᠋ᠢᠨ ᠡᠪᠳᠡᠭᠳᠡᠯ ᠦ᠋ᠨ ᠡᠮᠦᠨ᠎ᠡ《ᠪᠦᠯᠲᠡᠭᠡᠨᠡᠭᠰᠡᠨ ᠬᠠᠪᠴᠢᠭᠳᠠᠭᠰᠠᠨ》 ᠠᠮᠢᠲᠠᠨ ᠤᠷᠭᠤᠮᠠᠯ ᠮᠠᠨ ᠠ᠋ᠴᠠ ᠶᠠᠭᠤ ᠨᠢᠭᠡ ᠶ᠋ᠢ ᠠᠰᠠᠭᠤᠬᠤ ᠮᠡᠲᠦ᠂ ᠶᠠᠭᠤ ᠨᠢᠭᠡ ᠶ᠋ᠢ ᠨᠡᠬᠡᠬᠦ ᠮᠡᠲᠦ ᠰᠠᠨᠠᠭᠳᠠᠬᠤ ᠶ᠋ᠢ ᠶᠠᠭᠠᠬᠢᠯᠲᠠᠢ ᠪᠢᠯᠡ᠃ ᠳᠡᠯᠡᠬᠡᠢ ᠶ᠋ᠢᠨ ᠪᠥᠮᠪᠥᠷᠴᠡᠭ ᠦ᠋ᠨ ᠳᠦᠷᠰᠦ ᠪᠠᠢᠳᠠᠯ ᠤ᠋ᠨ ᠥᠭᠡᠷᠡᠲᠦᠭᠰᠡᠨ ᠲᠤᠬᠠᠢ ᠪᠢᠳᠡ ᠬᠡᠨ ᠡᠴᠡ ᠠᠰᠠᠭᠤᠬᠤ ᠪᠢᠯᠡ? ᠰᠡᠪ ᠰᠠᠢᠬᠠᠨ ᠲᠠᠯ᠎ᠠ ᠨᠤᠲᠤᠭ ᠢ᠋ ᠳᠤᠷ᠎ᠠ ᠪᠠᠷ ᠢ᠋ᠶ᠋ᠠᠨ ᠬᠠᠭᠠᠯᠪᠤᠷᠢᠯᠠᠨ ᠠᠲᠠᠷᠰᠢᠭᠤᠯᠵᠤ᠂ ᠬᠥᠷᠥᠰᠥ ᠰᠢᠷᠣᠢ ᠶ᠋ᠢ ᠬᠡᠨ ᠡᠪᠳᠡᠪᠡ? ᠬᠠᠷ᠎ᠠ ᠭᠣᠣᠯ ᠮᠡᠲᠦ ᠶ᠋ᠢᠨ ᠤᠰᠤ ᠤᠷᠤᠰᠬᠠᠯ ᠢ᠋ ᠬᠡᠨ ᠦᠭᠡᠢ ᠬᠢᠵᠦ᠂ ᠠᠮᠢ ᠠᠬᠤᠢ ᠶ᠋ᠢᠨ ᠡᠪᠳᠡᠭᠳᠡᠯ ᠮᠡᠲᠦ ᠶ᠋ᠢᠨ ᠬᠢᠮᠤᠷᠠᠯ ᠢ᠋ ᠬᠡᠨ ᠡᠭᠦᠰᠬᠡᠪᠡ? ᠪᠦᠷ ᠯᠡ ᠬᠥᠮᠦᠨ ᠲᠥᠷᠥᠯᠬᠢᠲᠡᠨ ᠥᠪᠡᠷ ᠢ᠋ᠶ᠋ᠡᠨ ᠰᠢᠦ ᠳᠡ!
       ᠡᠨᠡ ᠪᠣᠯ ᠬᠥᠮᠦᠨ ᠲᠥᠷᠥᠯᠬᠢᠲᠡᠨ ᠦ᠌ ᠶᠠᠯ᠎ᠠ ᠨᠢᠭᠦᠯ᠂ ᠪᠠᠢᠭᠠᠯᠢ ᠠᠬᠤᠢ᠂ ᠠᠮᠢᠲᠠᠨ ᠤᠷᠭᠤᠮᠠᠯ᠂ ᠥᠪᠡᠷ ᠦ᠋ᠨ ᠪᠡᠶ᠎ᠡ ᠳ᠋ᠡᠭᠡᠨ ᠲᠠᠷᠢᠭᠰᠠᠨ ᠶᠠᠯ᠎ᠠ ᠨᠢᠭᠦᠯ ᠮᠥᠨ᠃ ᠬᠡᠷᠪᠡ ᠳᠡᠯᠡᠬᠡᠢ ᠶ᠋ᠢᠨ ᠪᠥᠮᠪᠥᠷᠴᠡᠭ ᠪᠦᠭᠦᠳᠡᠭᠡᠷ ᠢ᠋ᠶ᠋ᠡᠨ ᠠᠯᠲᠠ ᠪᠠᠢᠳᠠᠭ ᠪᠣᠯ ᠮᠠᠨ ᠤ᠋ ᠬᠥᠮᠦᠨ ᠲᠥᠷᠥᠯᠬᠢᠲᠡᠨ ᠶᠠᠭᠠᠬᠢᠨ᠎ᠠ? ᠲᠢᠪ ᠲᠢᠪ ᠢ᠋ᠶ᠋ᠡᠷ ᠢ᠋ᠶ᠋ᠡᠨ᠂ ᠤᠯᠤᠰ ᠤᠯᠤᠰ ᠢ᠋ᠶ᠋ᠠᠷ ᠢ᠋ᠶ᠋ᠠᠨ᠂ ᠡᠰᠡᠬᠦᠯ᠎ᠡ ᠴᠢᠨᠠᠭᠰᠢᠯᠠᠪᠠᠯ ᠬᠥᠮᠦᠨ ᠬᠥᠮᠦᠨ ᠢ᠋ᠶ᠋ᠡᠷ ᠢ᠋ᠶ᠋ᠡᠨ ᠬᠤᠪᠢᠶᠠᠭᠠᠳ ᠠᠪᠤᠨ᠎ᠠ ᠭᠡᠵᠦ ᠤᠤ? ᠲᠠᠯ᠎ᠠ ᠨᠤᠲᠤᠭ ᠤ᠋ᠨ ᠵᠢᠭᠤᠴᠢᠯᠠᠯ᠂ ᠲᠠᠯ᠎ᠠ ᠨᠤᠲᠤᠭ ᠤ᠋ᠨ ᠠᠮᠢᠳᠤᠷᠠᠯ᠂ ᠵᠢᠷᠤᠭ ᠲᠧᠯᠸᠢᠰ ᠳᠡᠭᠡᠷ᠎ᠡ ᠦᠵᠡᠭᠳᠡᠳᠡᠭ ᠲᠡᠷᠡ ᠰᠠᠢᠬᠠᠨ ᠦᠵᠡᠮᠵᠢ ᠪᠦᠬᠦᠨ ᠦ᠌ ᠴᠠᠭᠠᠨ᠎ᠠ ᠥᠭᠡᠷ᠎ᠡ ᠶᠠᠭᠤ ᠪᠠᠢᠨ᠎ᠠ? ᠠᠯᠠᠱᠠᠨ ᠤ᠋ ᠤᠭᠠᠯᠵᠠᠨ ᠰᠠᠯᠬᠢ ᠮᠡᠲᠦ ᠶ᠋ᠢᠨ ᠪᠠᠢᠭᠠᠯᠢ ᠶ᠋ᠢᠨ ᠠᠭᠤᠷᠯᠠᠯ ᠬᠢᠯᠢᠩᠨᠡᠯ ᠪᠣᠯ ᠪᠠᠢᠭᠠᠯᠢ ᠠᠬᠤᠢ᠂ ᠠᠮᠢᠲᠠᠨ ᠤᠷᠭᠤᠮᠠᠯ ᠢ᠋ ᠪᠦᠦ ᠡᠪᠳᠡᠭᠡᠴᠢ ᠭᠡᠰᠡᠨ ᠪᠥᠮᠪᠥᠷᠴᠡᠭ ᠦ᠋ᠨ ᠮᠢᠨᠢ ᠭᠣᠮᠣᠳᠠᠯ ᠪᠡᠭᠲᠡᠷᠡᠯ ᠦ᠋ᠨ ᠬᠠᠰᠬᠢᠷᠤᠯ ᠪᠢᠰᠢ ᠭᠡᠵᠦ ᠤᠤ? ᠶᠡᠬᠡ ᠪᠠᠢᠭᠠᠯᠢ ᠰᠢᠭ᠋ ᠥᠭᠭᠢᠶᠡᠮᠦᠷ᠂ ᠥᠨᠢᠷ ᠪᠠᠶᠠᠯᠢᠭ᠂ ᠠᠴᠢ ᠲᠤᠰᠠ ᠲᠠᠢ ᠵᠦᠢᠯ ᠥᠭᠡᠷ᠎ᠡ ᠪᠠᠢᠬᠤ ᠦᠭᠡᠢ᠃
       ᠡᠯᠡᠰᠦᠨ ᠰᠢᠭᠤᠷᠭ᠎ᠠ ᠪᠣᠯ ᠪᠥᠮᠪᠥᠷᠴᠡᠭ ᠦ᠋ᠨ ᠮᠢᠨᠢ ᠡᠨᠡᠯᠦᠯ ᠬᠠᠰᠬᠢᠷᠤᠯ ᠮᠥᠨ᠃ ᠬᠥᠮᠦᠨ ᠲᠥᠷᠥᠯᠬᠢᠲᠡᠨ ᠪᠥᠮᠪᠥᠷᠴᠡᠭ ᠦ᠋ᠨ ᠬᠡᠪᠡᠯᠢ ᠶ᠋ᠢ ᠠᠭᠤᠳᠠᠯᠤᠨ ᠮᠠᠯᠲᠠᠵᠤ᠂ ᠨᠣᠭᠣᠭᠠᠨ ᠵᠠᠩᠴᠢ ᠶ᠋ᠢ ᠨᠢ《ᠬᠠᠭᠤᠯᠤᠨ》 ᠤᠰᠤ ᠤᠷᠤᠰᠬᠠᠯ ᠢ᠋ ᠨᠢ ᠪᠣᠬᠢᠷᠲᠤᠭᠤᠯᠤᠨ᠂ ᠠᠭᠠᠷ ᠣᠭᠲᠠᠷᠭᠤᠢ ᠶ᠋ᠢ ᠪᠤᠵᠠᠷᠲᠤᠭᠤᠯᠤᠨ᠂ ᠠᠮᠢᠲᠠᠨ ᠭᠣᠣᠯᠳᠠᠨ ᠳ᠋ᠤ᠌ ᠬᠥᠨᠥᠭᠡᠯ ᠤᠴᠠᠷᠠᠭᠤᠯᠵᠤ ᠪᠠᠢᠨ᠎ᠠ᠃ ᠬᠦᠨᠳᠦ ᠰᠦᠷᠡᠬᠡᠢ ᠲᠠᠴᠢᠷᠳᠠᠯ ᠡᠯᠡᠰᠦᠷᠬᠡᠭᠵᠢᠯ ᠦ᠋ᠨ ᠡᠮᠦᠨ᠎ᠡ ᠬᠡᠳᠦᠨ ᠵᠥᠭᠡᠯᠡᠨ ᠰᠡᠳᠬᠢᠯᠲᠡᠨ ᠦ᠌ ᠵᠣᠪᠠᠨᠢᠯ ᠬᠠᠷᠠᠩᠭᠤᠰᠤᠯ᠂ ᠨᠤᠲᠤᠭ ᠲᠠᠭᠠᠨ ᠬᠠᠢᠷᠠᠲᠠᠢ ᠬᠡᠳᠦᠨ ᠬᠥᠮᠦᠨ ᠦ᠌ ᠨᠢᠯᠪᠤᠰᠤ ᠪᠡᠭᠲᠡᠷᠡᠯ ᠶᠠᠭᠤ ᠪᠣᠯᠬᠤ ᠪᠢᠯᠡ? ᠬᠥᠮᠦᠨ ᠪᠦᠬᠦᠨ ᠤᠨᠠᠭᠰᠠᠨ ᠰᠢᠷᠣᠢ ᠪᠠᠨ ᠬᠠᠢᠷᠠᠯᠠᠬᠤ ᠪᠠᠨ ᠮᠡᠳᠡᠴᠢᠬᠡᠪᠡᠯ᠂ ᠬᠥᠮᠦᠨ ᠪᠦᠬᠦᠨ ᠡᠬᠡ ᠣᠷᠣᠨ ᠳ᠋ᠠᠭᠠᠨ ᠬᠠᠢᠷᠠᠲᠠᠢ ᠪᠣᠯᠴᠢᠬᠠᠪᠠᠯ᠂ ᠬᠥᠮᠦᠨ ᠪᠦᠬᠦᠨ ᠡᠬᠡ ᠪᠠᠢᠭᠠᠯᠢ ᠰᠢᠭ᠋ ᠥᠭᠭᠢᠶᠡᠮᠦᠷ ᠪᠣᠯᠴᠢᠬᠠᠪᠠᠯ᠂ ᠬᠥᠮᠦᠨ ᠪᠦᠬᠦᠨ ᠪᠥᠮᠪᠥᠷᠴᠡᠭ ᠦ᠋ᠨ ᠡᠪᠳᠡᠭᠳᠡᠯ ᠦ᠋ᠨ ᠲᠥᠯᠥᠭᠡ ᠬᠠᠷᠠᠮᠰᠠᠬᠤ ᠰᠡᠳᠬᠢᠯ ᠲᠡᠢ ᠪᠣᠯᠴᠢᠬᠠᠪᠠᠯ ᠰᠠᠶᠢ ᠰᠠᠨᠰᠠᠷ ᠣᠷᠴᠢᠯᠠᠩ ᠳ᠋ᠠᠬᠢ ᠠᠮᠢ ᠨᠠᠰᠤ ᠶ᠋ᠢ ᠲᠡᠭᠡᠭᠡᠵᠦ᠂ ᠨᠠᠷᠠ ᠪᠠᠨ ᠲᠣᠭᠣᠷᠢᠨ ᠡᠷᠭᠢᠭᠰᠡᠨ ᠡᠨᠡ ᠴᠡᠩᠬᠡᠷ ᠭᠠᠷᠠᠭ ᠢ᠋ᠶ᠋ᠠᠨ ᠠᠪᠤᠷᠠᠵᠤ ᠴᠢᠳᠠᠨ᠎ᠠ᠃ ᠪᠢᠳᠡ ᠭᠠᠪᠢᠶ᠎ᠠ ᠵᠢᠳᠬᠦᠯ ᠢ᠋ᠶ᠋ᠡᠨ ᠪᠠᠬᠠᠷᠬᠠᠭᠠᠳ ᠪᠠᠢᠵᠤ ᠪᠣᠯᠬᠤ ᠦᠭᠡᠢ ᠂ ᠪᠢᠳᠡ ᠪᠠᠰᠠ ᠶᠠᠯ᠎ᠠ ᠨᠢᠭᠦᠯ ᠢ᠋ᠶ᠋ᠡᠨ ᠣᠯᠵᠤ ᠬᠠᠷᠠᠬᠤ ᠬᠡᠷᠡᠭᠲᠡᠢ᠃ ᠢᠨᠠᠭ ᠬᠠᠢᠷ᠎ᠠ ᠶ᠋ᠢᠨ ᠳᠠᠭᠤᠤ ᠪᠠᠨ ᠳᠠᠭᠤᠯᠠᠭᠠᠳ ᠪᠠᠢᠵᠤ ᠪᠣᠯᠬᠤ ᠦᠭᠡᠢ᠂
       ᠮᠡᠺᠧᠯ ᠵᠠᠺᠠᠰᠤᠨ ᠰᠢᠭ᠋ ᠠᠮᠢ ᠠᠬᠤᠢ᠂ ᠪᠠᠢᠭᠠᠯᠢ ᠳᠡᠯᠡᠬᠡᠢ᠂ ᠬᠡᠦᠬᠡᠳ ᠨᠢᠯᠬᠠᠰ᠁ ᠤ᠋ᠨ ᠲᠤᠬᠠᠢ ᠪᠠᠰᠠ ᠳᠠᠭᠤᠯᠠᠬᠤ ᠬᠡᠷᠡᠭᠲᠡᠢ ᠰᠢᠦ᠃
       ᠣᠷᠳᠣᠰ ᠤ᠋ᠨ ᠬᠥᠪᠴᠢ ᠶ᠋ᠢᠨ ᠡᠯᠡᠰᠦᠨ ᠳ᠋ᠦ᠍ ᠢᠷᠡᠵᠦ᠂100 ᠲᠦᠮᠡᠨ ᠰᠠᠭᠤᠷᠢ ᠮᠣᠳᠣ ᠰᠠᠭᠤᠯᠭᠠᠭᠰᠠᠨ ᠶᠠᠫᠣᠨ ᠤ᠋ ᠨᠢᠭᠡ ᠬᠥᠮᠦᠨ ᠬᠥᠮᠦᠨ ᠲᠥᠷᠥᠯᠬᠢᠲᠡᠨ ᠦ᠌ ᠮᠠᠭᠲᠠᠭᠠᠯ ᠰᠠᠢᠰᠢᠶᠠᠯ ᠳ᠋ᠤ᠌ ᠲᠦᠵᠢᠷᠡᠭᠰᠡᠨ ᠬᠠᠷᠠᠮᠴᠢ ᠰᠢᠨᠤᠬᠠᠢ ᠴᠢᠬᠢᠨ ᠳ᠋ᠦ᠍ ᠶᠠᠭᠤ ᠨᠢᠭᠡ ᠶ᠋ᠢ ᠰᠢᠪᠡᠨᠡᠭᠡ ᠪᠣᠢ? ᠥᠲᠡᠯ᠎ᠡ ᠪᠤᠭᠤᠷᠤᠯ ᠪᠣᠯᠤᠭᠰᠠᠨ ᠲᠡᠷᠡ ᠬᠥᠮᠦᠨ ᠪᠦᠬᠦᠢᠯᠡ ᠬᠥᠮᠦᠨ ᠲᠥᠷᠥᠯᠬᠢᠲᠡᠨ ᠦ᠌ ᠮᠠᠷᠭᠠᠰᠢ ᠶ᠋ᠢᠨ ᠲᠥᠯᠥᠭᠡ ᠭᠡᠵᠦ ᠡᠯᠡᠰᠦ ᠮᠠᠩᠬ᠎ᠠ ᠲᠠᠢ ᠬᠠᠨᠢᠯᠠᠵᠤ᠂ ᠡᠭᠡᠷᠡᠮ᠎ᠡ ᠲᠠᠯ᠎ᠠ ᠳ᠋ᠤ᠌ ᠥᠲᠡᠯ᠎ᠡ ᠨᠠᠰᠤ ᠪᠠᠨ ᠡᠯᠡᠭᠡᠵᠦ ᠶᠠᠪᠤᠭ᠎ᠠ ᠨᠢ ᠶᠠᠭᠤᠲᠠᠢ ᠰᠠᠢᠬᠠᠨ ᠳᠠᠭᠤᠷᠢᠶᠠᠯ ᠪᠣᠯᠬᠤ ᠠᠵᠢ᠃ ᠬᠥᠪᠴᠢ ᠶ᠋ᠢᠨ ᠡᠯᠡᠰᠦᠨ ᠳ᠋ᠦ᠍ ᠦᠨᠳᠦᠰᠦ ᠬᠠᠳᠬᠤᠭᠰᠠᠨ ᠲᠡᠷᠡ100 ᠲᠦᠮᠡᠨ ᠰᠠᠭᠤᠷᠢ ᠮᠣᠳᠣ ᠪᠣᠯ ᠬᠥᠮᠦᠨ ᠲᠥᠷᠥᠯᠬᠢᠲᠡᠨ ᠳ᠋ᠦ᠍ ᠡᠷᠭᠦᠭᠰᠡᠨ ᠠᠷᠢᠭᠤᠨ ᠰᠡᠳᠬᠢᠯᠲᠡᠨ ᠦ᠌ ᠬᠠᠢᠷ᠎ᠠ ᠪᠢᠰᠢ ᠤᠤ᠃ ᠪᠢᠳᠡᠨ ᠦ᠌ ᠬᠥᠮᠦᠨ ᠪᠦᠷᠢ ᠡᠨᠡ ᠬᠦ᠌ ᠵᠣᠷᠢᠭ ᠰᠠᠨᠠᠭ᠎ᠠ ᠪᠠᠷ ᠣᠷᠴᠢᠨ ᠲᠣᠭᠣᠷᠢᠨ ᠢ᠋ᠶ᠋ᠠᠨ ᠬᠠᠮᠠᠭᠠᠯᠠᠨ ᠰᠠᠢᠵᠢᠷᠠᠭᠤᠯᠪᠠᠯ ᠵᠠᠭᠤᠷᠮᠠᠭ ᠪᠡᠭᠲᠡᠷᠡᠯ ᠦ᠋ᠨ ᠨᠢᠯᠪᠤᠰᠤᠨ ᠳ᠋ᠠᠭᠠᠨ ᠪᠥᠮᠪᠥᠷᠴᠡᠭ ᠮᠢᠨᠢ ᠬᠠᠬᠠᠬᠤ ᠦᠭᠡᠢ ᠰᠠᠨ᠃
————————
① ᠡᠨᠡ ᠵᠣᠬᠢᠶᠠᠯ《ᠥᠪᠥᠷ ᠮᠣᠩᠭᠣᠯ ᠤ᠋ᠨ ᠡᠳᠦᠷ ᠦ᠋ᠨ ᠰᠣᠨᠢᠨ》 ᠤ᠋1998.6.14 ᠦ᠌ ᠳ᠋ᠦ᠍ᠭᠡᠷ ᠲᠦ᠍ ᠨᠡᠢᠲᠡᠯᠡᠭᠳᠡᠭᠰᠡᠨ ᠪᠠᠢᠵᠠᠢ᠃

    ᠦᠰᠦᠭ ᠠᠮᠢᠯᠠᠭᠤᠯᠤᠭᠴᠢ᠄ ᠪᠠᠶᠠᠨᠴᠡᠴᠡᠭ᠂ ᠤᠷᠠᠨᠴᠢᠮᠡᠭ᠂ ᠡᠷᠳᠡᠨᠢᠭᠣᠤ᠎ᠠ
    ᠬᠢᠨᠠᠭᠴᠢ ᠪᠠᠭᠰᠢ᠄ ᠣᠳᠬᠠᠨᠰᠣ᠎ᠠ