ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠬᠣᠶᠠᠳᠤᠭᠠᠷ ᠪᠦᠯᠦᠭ᠂ ᠬᠣᠶᠠᠳᠡᠬᠢ ᠠᠶᠠᠯᠠᠯ (ᠬᠣᠶᠠᠷ) Сэрүүхэн тал нутаг – <свис> Вальтер Босгард ( Walter Bosshard)- Хоёрдугаар бөлөг・Хоёрдэх аялал 2
ᠬᠣᠶᠠᠷ ᠂ ᠲᠤᠯᠤᠨ ᠨᠠᠭᠤᠷ ᠪᠠ ᠲᠠᠯ᠎ᠠ ᠨᠤᠲᠤᠭ ᠤ᠋ᠨ ᠦᠢᠮᠡᠭᠡᠨ
ᠨᠠᠮᠤᠷ ᠤ᠋ᠨ ᠲᠤᠩᠭᠠᠯᠠᠭ ᠰᠠᠢᠬᠠᠨ ᠨᠢᠭᠡᠨ ᠥᠷᠯᠥᠭᠡ ᠪᠢᠳᠡ ᠬᠦᠩ ᠦ᠋ᠨ ᠣᠷᠳᠣᠨ ᠠ᠋ᠴᠠ ᠠᠶᠠᠷᠯᠠᠨ ᠰᠠᠯᠵᠤ᠂ ᠵᠡᠭᠦᠨᠰᠢ ᠪᠡᠨ ᠳᠠᠪᠬᠢᠭᠤᠯᠪᠠ᠃ ᠵᠠᠮ ᠳᠠᠭᠠᠤ ᠭᠡᠷ ᠦ᠋ᠳ᠂ ᠮᠠᠯ ᠰᠦᠷᠦᠭ ᠦ᠋ᠳ ᠵᠢᠴᠢ ᠴᠠᠢᠷᠠᠨ ᠬᠠᠷᠠᠭᠳᠠᠬᠤ ᠬᠢᠷᠠᠭᠤᠨ ᠴᠡᠴᠡᠭ᠂ ᠬᠢᠷᠠᠭᠤ ᠭᠢᠯᠲᠦᠭᠡᠨᠡᠭᠰᠡᠨ ᠭᠠᠭᠴᠠ ᠬᠣᠶᠠᠷ ᠬᠣᠩᠬᠣᠨ ᠴᠡᠴᠡᠭ ᠵᠡᠷᠭᠡ ᠶ᠋ᠢ ᠠᠷᠤ ᠳ᠋ᠠᠭᠠᠨ ᠣᠷᠬᠢᠭᠰᠠᠭᠠᠷ ᠳᠠᠪᠬᠢᠭᠤᠯᠵᠤ ᠪᠠᠢᠪᠠ᠃ ᠭᠡᠬᠦ ᠳ᠋ᠦ᠍ ᠵᠠᠷᠢᠮ ᠱᠠᠩᠳᠠ ᠭᠠᠵᠠᠷ ᠢ᠋ᠶ᠋ᠠᠷ ᠶᠠᠪᠤᠬᠤ ᠳ᠋ᠠᠭᠠᠨ ᠰᠢᠪᠠᠷᠳᠠᠬᠤ ᠠ᠋ᠴᠠ ᠬᠢᠴᠢᠶᠡᠬᠦ ᠦᠭᠡᠢ ᠪᠣᠯ ᠪᠠᠰᠠ ᠪᠣᠯᠬᠤ ᠦᠭᠡᠢ ᠪᠠᠢᠯ᠎ᠠ᠃
ᠠᠷᠠᠢ ᠳᠥᠷᠪᠡᠨ ᠴᠠᠭ ᠠᠶᠠᠯᠠᠭᠰᠠᠨ ᠦᠭᠡᠢ ᠪᠡᠷ ᠪᠢᠳᠡ ᠥᠨᠳᠥᠷ ᠳᠡᠭᠡᠷ᠎ᠡ ᠡᠴᠡ ᠭᠦᠯᠦ ᠴᠠᠭᠠᠨ ᠤ᠋ ᠱᠠᠰᠢᠨ ᠰᠤᠷᠲᠠᠯᠴᠢᠯᠠᠭᠴᠢ ᠶ᠋ᠢᠨ ᠥᠷᠲᠡᠭᠡᠨ ᠦ᠌ ᠳᠠᠪᠠᠯᠭᠠᠯᠠᠭᠰᠠᠨ ᠠᠷ ᠲᠠᠢ ᠲᠡᠮᠦᠷ ᠬᠠᠪᠲᠠᠰᠤᠨ ᠳᠡᠭᠡᠪᠦᠷ ᠢ᠋ ᠣᠯᠵᠤ ᠬᠠᠷᠠᠯ᠎ᠠ ᠃ ᠲᠡᠨᠳᠡ ᠨᠠᠮᠠᠶ᠋ᠢ ᠠᠩᠬ᠎ᠠ ᠤᠳᠠᠭ᠎ᠠ ᠮᠣᠩᠭᠣᠯ ᠳ᠋ᠤ᠌ ᠠᠶᠠᠯᠠᠬᠤ ᠳ᠋ᠤ᠌ ᠬᠠᠭᠤᠴᠢᠨ ᠹᠤᠷᠲ ᠮᠠᠰᠢᠨ ᠳᠡᠭᠡᠷ᠎ᠡ ᠪᠡᠨ ᠠᠪᠴᠤ ᠶᠠᠪᠤᠮᠠᠷ ᠪᠠᠢᠭᠰᠠᠨ ᠮᠠᠷᠲ᠋ᠢᠰᠤᠨ ᠠᠪᠤᠭᠠᠢ ᠪᠦᠰᠡᠭᠦᠢ ᠲᠡᠢ ᠪᠡᠨ ᠠᠵᠢᠯᠯᠠᠵᠤ ᠪᠠᠢᠭ᠎ᠠ᠃ ᠴᠠᠭᠠᠨ ᠠᠷᠠᠰᠤᠲᠠᠨ ᠲᠠᠢ ᠪᠠᠨ ᠠᠭᠤᠯᠵᠠᠨ᠎ᠠ ᠭᠡᠮᠡᠨ ᠬᠥᠭᠰᠡᠨ ᠪᠠᠶᠠᠷᠯᠠᠭᠰᠠᠭᠠᠷ ᠬᠦᠷᠬᠦ ᠳ᠋ᠦ᠍ ᠰᠸᠸᠳ᠋ᠸᠨ ᠦ᠌ ᠲᠡᠷᠡ ᠬᠣᠶᠠᠭᠤᠯᠠ ᠪᠢᠳᠡᠨ ᠢ᠋ ᠲᠣᠰᠴᠤ ᠠᠪᠤᠯ᠎ᠠ᠃ ᠲᠡᠳᠡ ᠬᠣᠶᠠᠭᠤᠯᠠ ᠴᠤ᠌ ᠡᠨᠡ ᠵᠤᠨ ᠢ᠋ ᠶᠡᠬᠡ ᠵᠣᠪᠠᠭᠤᠷᠢᠲᠠᠢ ᠥᠩᠭᠡᠷᠡᠭᠦᠯᠵᠡᠢ᠃ ᠲᠡᠳᠡᠨ ᠦ᠌ ᠣᠢᠷ᠎ᠠ ᠣᠷᠴᠢᠮ ᠳ᠋ᠤ᠌ ᠳᠡᠭᠡᠷᠡᠮ ᠳ᠋ᠦ᠍ ᠲᠣᠨᠣᠭᠳᠠᠭᠰᠠᠨ ᠬᠡᠷᠡᠭ ᠤᠴᠢᠷ ᠣᠯᠠᠨ ᠤᠳᠠᠭ᠎ᠠ ᠭᠠᠷᠴᠤ᠂ ᠲᠡᠳᠡ ᠴᠦ᠍ ᠡᠳᠦᠷ ᠰᠥᠨᠢ ᠦᠭᠡᠢ ᠴᠠᠭ ᠢᠮᠠᠭᠲᠠ ᠵᠢᠭᠤᠲᠠᠬᠤ ᠳ᠋ᠤ᠌ ᠪᠡᠯᠡᠬᠡᠨ ᠪᠠᠢᠬᠤ ᠬᠡᠷᠡᠭᠲᠡᠢ ᠠᠵᠢ᠃ ᠮᠠᠷᠲ᠋ᠢᠨᠰᠤᠨ ᠠᠪᠤᠭᠠᠢ ᠪᠢᠳᠡᠨ ᠢ᠋ ᠺᠣᠹᠧ ᠳ᠋ᠦ᠍ ᠤᠷᠢᠪᠠ᠃ ᠵᠢᠵᠢᠭᠬᠡᠨ ᠪᠠᠢᠰᠢᠩ ᠳ᠋ᠤ᠌ ᠵᠥᠪᠬᠡᠨ ᠠᠮᠢᠳᠤᠷᠠᠯ ᠳ᠋ᠠᠭᠠᠨ ᠴᠢᠬᠤᠯᠠ ᠪᠦᠬᠦᠢ ᠬᠡᠳᠦᠬᠡᠨ ᠵᠦᠢᠯᠡᠰ ᠪᠠᠢᠵᠤ᠂ ᠭᠡᠷ ᠦ᠋ᠨ ᠡᠵᠡᠭᠲᠡᠢ ᠮᠠᠨᠢ ᠰᠠᠢᠬᠠᠨ ᠵᠣᠴᠢᠯᠠᠵᠤ ᠳᠡᠢᠯᠬᠦ ᠦᠭᠡᠢ ᠳ᠋ᠡᠭᠡᠨ ᠪᠠᠢᠨ ᠳᠠᠬᠢᠨ ᠣᠰᠣᠯ ᠬᠦᠯᠢᠶᠡᠵᠦ ᠪᠠᠢᠯ᠎ᠠ᠃
- ᠶᠠᠮᠠᠷ ᠠᠮᠢᠳᠤᠷᠠᠯ ᠭᠡᠭᠴᠢ ᠲᠡᠷᠡ ᠪᠣᠢ? ᠶᠠᠭᠤᠨ ᠳ᠋ᠠᠭᠠᠨ ᠡᠨᠡ ᠬᠣᠶᠠᠷ ᠰᠸᠸᠳ᠋ᠸᠨ ᠨᠥᠬᠥᠷ ᠮᠣᠩᠭᠣᠯ ᠳ᠋ᠤ᠌ ᠢᠩᠭᠢᠵᠦ ᠵᠦᠳᠡᠭᠦᠢᠲᠡᠢ ᠠᠮᠢᠳᠤᠷᠠᠵᠤ ᠪᠠᠢᠭ᠎ᠠ ᠨᠢ ᠪᠣᠢ ? ᠭᠡᠵᠦ ᠫᠠᠪᠯᠤ ᠪᠢᠳᠡᠨ ᠢ᠋ ᠵᠠᠮ ᠳ᠋ᠠᠭᠠᠨ ᠭᠠᠷᠤᠭᠰᠠᠨ ᠤ᠋ ᠳᠠᠷᠠᠭ᠎ᠠ ᠠᠰᠠᠭᠤᠯ᠎ᠠ᠃
- ᠲᠡᠭᠦᠨ ᠦ᠌ ᠾᠷᠢᠰᠲ᠋ᠣᠰ ᠤ᠋ᠨ ᠱᠠᠰᠢᠨ ᠤ᠋ ᠰᠢᠲᠦᠯᠭᠡ ᠵᠢᠴᠢ ᠨᠤᠷᠮᠠᠨ ᠬᠥᠮᠦᠨ ᠦ᠌ ᠴᠢᠰᠤ ᠨᠢ ᠯᠡ ᠭᠡᠵᠦ ᠪᠢ ᠬᠠᠷᠢᠭᠤᠯᠪᠠ᠃
ᠪᠠᠰᠠ ᠨᠢᠭᠡ ᠱᠠᠰᠢᠨ ᠰᠤᠷᠲᠠᠯᠴᠢᠯᠠᠭᠴᠢ ᠶ᠋ᠢᠨ ᠥᠷᠲᠡᠭᠡ ᠪᠢᠳᠡᠨ ᠦ᠌ ᠵᠠᠮ ᠳ᠋ᠤ᠌ ᠪᠣᠢ ( ᠵᠢᠷᠤᠭ 43 ) ᠭᠠᠵᠠᠷ ᠤ᠋ᠨ ᠪᠠᠢᠴᠠ ᠨᠢ ᠳᠠᠪᠠᠯᠭᠠᠯᠠᠭᠰᠠᠨ ᠬᠡᠯᠪᠡᠷᠢ ᠲᠡᠢ ᠪᠥᠭᠡᠳ ᠳᠤᠮᠳᠠ ᠨᠢ ᠠᠳᠠ ᠲᠡᠨᠳᠡ ᠦᠭᠡᠢ ᠦᠬᠡᠷ ᠴᠢᠯᠠᠭᠤ ᠲᠦᠩᠬᠦᠢᠭᠰᠡᠨ ᠡᠨᠡ ᠨᠤᠲᠤᠭ ᠲᠤ᠌ ᠰᠸᠸᠳ᠋ᠸᠨ ᠦ᠌ ᠤᠤᠭᠠᠯ ᠪᠣᠯᠬᠤ ᠠᠮᠧᠷᠢᠺᠠ ᠨᠤᠲᠤᠭ ᠲᠠᠢ ᠡᠮᠡᠭᠲᠡᠢ ᠭᠠᠭᠴᠠᠭᠠᠷ ᠢ᠋ᠶ᠋ᠠᠨ ᠠᠮᠢᠳᠤᠷᠠᠵᠤ ᠪᠣᠢ᠃ ᠨᠠᠢ᠍ᠮᠠ ᠶ᠋ᠢᠨ ᠠᠭᠤᠯᠠ ᠶ᠋ᠢᠨ ᠡᠨᠡ ᠥᠷᠲᠡᠭᠡᠨ ᠳ᠋ᠦ᠍ ᠾᠥ᠋ᠯᠳ᠋ᠡ ᠸᠢᠺᠯᠥ᠋ᠨᠳ᠋ ᠠᠪᠠᠬᠠᠢ ᠨᠡᠯᠢᠶᠡᠳ ᠣᠯᠠᠨ ᠬᠡᠦᠬᠡᠳ ᠢ᠋ ᠡᠷᠭᠦᠨ ᠠᠪᠴᠤ ᠾᠷᠢᠰᠲ᠋ᠣᠰ ᠤ᠋ᠨ ᠱᠠᠰᠢᠨ ᠳ᠋ᠤ᠌ ᠬᠥᠲᠥᠯᠦᠨ ᠣᠷᠣᠭᠤᠯᠵᠤ ᠪᠣᠢ᠃ ᠲᠡᠷᠡ ᠠᠪᠠᠬᠠᠢ ᠪᠣᠯ ᠬᠠᠷᠢᠨ ᠠᠯᠢ ᠨᠢᠭᠡ ᠱᠠᠰᠢᠨ ᠤ᠋ ᠡᠪᠯᠡᠯ ᠲᠡᠢ ᠰᠢᠭᠤᠳ ᠬᠠᠷᠢᠴᠠᠭ᠎ᠠ ᠭᠡᠵᠦ ᠪᠠᠢᠬᠤ ᠦᠭᠡᠢ ᠪᠥᠭᠡᠳ ᠥᠪᠡᠷ ᠦ᠋ᠨ ᠵᠠᠷᠤᠳᠠᠯ ᠢ᠋ᠶ᠋ᠠᠨ ᠥᠪᠡᠷ ᠢ᠋ᠶ᠋ᠡᠨ ᠠᠷᠭᠠᠯᠠᠳᠠᠭ ᠪᠠᠢᠨ᠎ᠠ᠃ ᠨᠢᠭᠡ ᠰᠦᠷᠦᠭ ᠬᠣᠨᠢ᠂ ᠬᠡᠳᠦᠨ ᠮᠣᠷᠢ ᠵᠢᠴᠢ ᠦᠨᠢᠶ᠎ᠡ ᠨᠢ ᠲᠡᠳᠡᠨ ᠦ᠌ ᠠᠮᠢᠳᠤᠷᠠᠯ ᠳ᠋ᠤ᠌ ᠬᠦᠷᠦᠯᠴᠡᠭᠡ ᠲᠡᠢ ᠬᠠᠷᠠᠭᠳᠠᠵᠤ ᠪᠠᠢᠯ᠎ᠠ᠃
ᠪᠢᠳᠡᠨ ᠦ᠌ ᠮᠠᠰᠢᠨ ᠰᠢᠪᠠᠷ ᠲᠤ᠌ ᠰᠢᠭᠢᠳᠦᠭᠰᠡᠨ ᠪᠣᠯᠬᠣᠷ ᠦᠯᠡᠳᠡᠭᠰᠡᠨ ᠬᠡᠰᠡᠭ ᠭᠠᠵᠠᠷ ᠢ᠋ ᠠᠯᠬᠤᠨ ᠬᠦᠷᠦᠯ᠎ᠡ᠃ ᠸᠢᠺᠯᠥ᠋ᠨᠳ᠋ ᠠᠪᠠᠬᠠᠢ ᠴᠡᠩᠬᠡᠷ ᠬᠥᠬᠡ ᠲᠡᠷᠯᠢᠭ ᠲᠡᠢ ᠪᠢᠳᠡᠨ ᠢ᠋ ᠤᠭᠲᠤᠨ ᠢᠷᠡᠭᠰᠡᠨ ᠪᠥᠭᠡᠳ ᠳᠣᠣᠷ᠎ᠠ ᠪᠠᠨ ᠪᠢᠳᠡᠨ ᠢ᠋ ᠦᠳᠡ ᠶ᠋ᠢᠨ ᠬᠣᠭᠣᠯᠠᠨ ᠳ᠋ᠤ᠌ ᠤᠷᠢᠯ᠎ᠠ᠃ ᠡᠨᠡ ᠨᠤᠲᠤᠭ ᠲᠤ᠌ ᠬᠣᠪᠣᠷᠬᠠᠨ ᠲᠣᠬᠢᠶᠠᠯᠳᠤᠬᠤ ᠴᠠᠪ ᠴᠡᠪᠡᠷᠬᠡᠨ ᠪᠥᠭᠡᠮ ᠬᠡᠦᠬᠡᠳ ᠪᠢᠳᠡᠨ ᠢ᠋ ᠲᠣᠭᠣᠷᠢᠨ ᠪᠤᠵᠢᠭᠢᠨᠠᠨ ᠭᠠᠢᠬᠠᠵᠠᠭᠠᠵᠤ ᠪᠠᠢᠪᠠ᠃ ᠱᠠᠰᠢᠨ ᠰᠤᠷᠲᠠᠯᠴᠢᠯᠠᠭᠴᠢ ᠠᠪᠠᠬᠠᠢ ᠮᠠᠨᠢ ᠨᠡᠯᠢᠶᠡᠳ ᠢᠳᠡ ᠣᠷᠣᠭᠤᠯᠤᠨ ᠪᠠᠢᠵᠤ᠂ ᠲᠡᠳᠡᠨ ᠢ᠋ ᠤᠤᠯ ᠤ᠋ᠨ ᠠᠵᠢᠯ ᠳ᠋ᠤᠨᠢ ᠶᠠᠪᠤᠭᠤᠯᠪᠠ᠃
ᠪᠢᠳᠡ ᠴᠦ᠍ ᠠᠳᠠ ᠲᠡᠢᠮᠦ ᠤᠳᠠᠭᠠᠨ ᠠᠮᠠᠷᠠᠵᠤ ᠪᠣᠯᠬᠤ ᠦᠭᠡᠢ ᠲᠤᠯᠠ ᠲᠦᠷᠭᠡᠬᠡᠨ ᠵᠠᠮ ᠳ᠋ᠠᠭᠠᠨ ᠣᠷᠣᠯ᠎ᠠ᠃ ᠷᠠᠰᠢ ᠡᠨᠳᠡᠬᠢ ᠶ᠋ᠢᠨ ᠬᠥᠮᠦᠨ ᠡᠴᠡ ᠨᠡᠯᠢᠶᠡᠳ ᠤᠳᠠᠭᠠᠨ ᠵᠠᠮ ᠠᠰᠠᠭᠤᠵᠤ ᠪᠠᠢᠬᠤ ᠬᠣᠭᠣᠷᠣᠨᠳᠣ᠂ ᠫᠠᠪᠯᠤ ᠧᠦ᠋ᠷᠣᠫᠠ ᠳ᠋ᠤ᠌ ᠠᠪᠠᠴᠢᠬᠤ ᠭᠡᠮᠡᠨ ᠨᠢᠭᠡ ᠮᠠᠢᠬᠠᠨ ᠬᠤᠳᠠᠯᠳᠤᠨ ᠠᠪᠤᠪᠠ᠃ ᠲᠡᠭᠡᠭᠡᠳ ᠯᠡ ᠪᠢᠳᠡ ᠠᠬᠢᠭᠠᠳ ᠲᠣᠭᠠᠯᠠᠰᠢ ᠦᠭᠡᠢ ᠣᠯᠠᠨ ᠬᠥᠲᠥᠯ ᠳᠣᠪᠣᠴᠠᠭ ᠢ᠋ ᠳᠠᠪᠠᠨ᠂ ᠳᠠᠷᠠᠭ᠎ᠠ ᠨᠢ ᠬᠥᠪᠡᠭᠡ ᠵᠠᠬ᠎ᠠ ᠪᠠᠷ ᠨᠢ ᠬᠡᠳᠦᠨ ᠮᠣᠩᠭᠣᠯ ᠭᠡᠷ ᠬᠠᠷᠠᠭᠳᠠᠭᠰᠠᠨ ᠰᠠᠢᠬᠠᠨ ᠡᠪᠡᠰᠦᠲᠦ ᠲᠠᠯ᠎ᠠ ᠪᠠᠷ ᠳᠠᠪᠬᠢᠭᠤᠯᠵᠤ᠂ ᠬᠠᠮᠤᠭ ᠤ᠋ᠨ ᠰᠡᠭᠦᠯ ᠳ᠋ᠦ᠍ᠨᠢ ᠠᠷᠠᠮᠠᠭ ᠲᠠᠷᠠᠮᠠᠭ ᠡᠪᠡᠰᠦ ᠲᠡᠢ ᠴᠢᠯᠠᠭᠤ ᠲᠠᠢ ᠬᠥᠨᠳᠡᠢ ᠶ᠋ᠢ ᠳ᠋ᠡᠭᠡᠨ ᠳᠠᠪᠬᠢᠭᠤᠯᠪᠠ᠃
ᠡᠨᠡ ᠡᠯᠡᠰᠦᠲᠡᠢ ᠨᠤᠲᠤᠭ ᠢ᠋ᠶ᠋ᠠᠷ ᠳᠠᠪᠬᠢᠭᠤᠯᠵᠤ ᠶᠠᠪᠤᠬᠤ ᠳᠤᠮᠳᠠ ᠪᠢᠳᠡᠨ ᠦ᠌ ᠡᠮᠦᠨ᠎ᠡ ᠰᠠᠯᠠᠭ᠎ᠠ ᠵᠠᠮ ᠢᠯᠡᠷᠡᠪᠡ᠃ ᠣᠢᠷ᠎ᠠ ᠣᠷᠴᠢᠮ ᠳ᠋ᠤ᠌ ᠬᠥᠮᠦᠨ ᠦ᠌ ᠠᠨᠢᠷ ᠭᠡᠵᠦ ᠠᠯᠠᠭ᠎ᠠ᠂ ᠷᠠᠰᠢ ᠰᠠᠯᠠᠭ᠎ᠠ ᠵᠠᠮ ᠤ᠋ᠨ ᠠᠭᠤᠯᠵᠠᠷ ᠳᠡᠭᠡᠷ᠎ᠡ ᠶᠡᠬᠡ ᠤᠳᠠᠭᠠᠨ ᠰᠠᠭᠤᠨ ᠪᠣᠳᠣᠯᠬᠢᠯᠠᠭᠰᠠᠨ ᠤ᠋ ᠡᠴᠦᠰ ᠲᠦ᠍ ᠡᠮᠦᠨ᠎ᠡ ᠲᠠᠯ᠎ᠠ ᠶ᠋ᠢᠨ ᠰᠠᠯᠠᠭ᠎ᠠ ᠵᠠᠮ ᠢ᠋ ᠰᠣᠩᠭᠣᠪᠠ᠃ ᠲᠡᠭᠡᠭᠡᠳ ᠲᠡᠨᠳᠡ ᠡᠴᠡ ᠬᠥᠮᠦᠨ ᠤᠰᠤ ᠦᠭᠡᠢ ᠲᠠᠯ᠎ᠠ ᠪᠠᠷ ᠬᠡᠳᠦᠨ ᠴᠠᠭ ᠲᠤᠵᠢ ᠳᠠᠪᠬᠢᠭᠤᠯᠪᠠ᠃ ᠠᠳᠠ ᠭᠠᠭᠴᠠ ᠰᠢᠪᠠᠭᠤ ᠪᠤᠶᠤ ᠬᠦᠷᠪᠡᠯ ᠴᠦ᠍ ᠬᠠᠷᠠᠭᠳᠠᠬᠤ ᠦᠭᠡᠢ ᠪᠥᠭᠡᠳ ᠨᠠᠷᠠ ᠵᠢᠷᠭᠠᠬᠤ ᠳ᠋ᠠᠭᠠᠨ ᠳᠥᠭᠥᠵᠦ ᠪᠠᠢᠪᠠ᠃
- ᠪᠢᠳᠡ ᠬᠡᠷᠪᠡ ᠵᠥᠪ ᠶᠠᠪᠤᠵᠤ ᠪᠠᠢᠭ᠎ᠠ ᠪᠣᠯ ᠲᠤᠯᠤᠨ ᠨᠠᠭᠤᠷ ᠠᠳᠠ ᠠ᠋ᠴᠠ ᠳᠡᠮᠡᠢ ᠬᠣᠯᠠ ᠦᠭᠡᠢ ᠪᠠᠢᠵᠤ ᠯᠠ ᠲᠠᠭᠠᠷᠠᠨ᠎ᠠ ᠭᠡᠵᠦ ᠷᠠᠰᠢ ᠶᠠᠷᠢᠪᠠ᠃ ᠠᠳᠠᠬᠢ ᠪᠠᠢᠭᠠᠯᠢ ᠶ᠋ᠢᠨ ᠦᠵᠡᠮᠵᠢ ᠪᠠᠢᠳᠠᠯ ᠨᠢ ᠮᠢᠨᠦ ᠲᠦᠷᠦᠭᠦᠴᠢ ᠶ᠋ᠢᠨ ᠤᠳᠠᠭ᠎ᠠ ᠨᠢᠰᠬᠡᠯ ᠡᠴᠡ ᠬᠠᠷᠠᠭᠰᠠᠨ ᠲᠠᠢ ᠨᠡᠯᠢᠶᠡᠳ ᠠᠳᠠᠯᠢᠬᠠᠨ ᠪᠠᠢᠭ᠎ᠠ ᠲᠤᠯᠠ ᠪᠢ ᠴᠦ᠍ ᠲᠡᠭᠦᠨ ᠦ᠌ ᠶᠠᠷᠢᠶ᠎ᠠ ᠶ᠋ᠢ ᠬᠦᠯᠢᠶᠡᠨ ᠵᠥᠪᠰᠢᠶᠡᠷᠡᠵᠦ ᠪᠠᠢᠯ᠎ᠠ᠃
ᠭᠡᠭᠡ ᠲᠠᠰᠤᠷᠠᠬᠤ ᠶ᠋ᠢᠨ ᠦᠶ᠎ᠡ ᠪᠡᠷ ᠬᠢᠲᠠᠳ ᠨᠡᠭᠦᠳᠡᠯᠴᠢᠳ ᠦ᠋ᠨ ᠶᠠᠳᠠᠭᠤᠬᠠᠨ ᠠᠢᠯ ᠳᠡᠭᠡᠷ᠎ᠡ ᠬᠦᠷᠴᠦ ᠢᠷᠡᠯ᠎ᠡ᠃ ᠪᠢᠳᠡᠨ ᠦ᠌ ᠠᠶᠠᠯᠠᠯ ᠤ᠋ᠨ ᠴᠢᠭᠯᠡᠯ ᠳ᠋ᠦ᠍ ᠪᠤᠷᠤᠭᠤᠳᠴᠠᠢ᠃ ᠡᠨᠡ ᠲᠠᠷᠢᠶᠠᠴᠢᠨ ᠤ᠋ ᠬᠡᠯᠡᠬᠦ ᠪᠡᠷ ᠲᠤᠯᠤᠨ ᠨᠠᠭᠤᠷ ᠬᠣᠯᠠ ᠵᠡᠭᠦᠨᠲᠡᠢ ᠪᠠᠢᠭ᠎ᠠ ᠪᠥᠭᠡᠳ ᠰᠠᠢᠨ ᠤᠨᠤᠭ᠎ᠠ ᠲᠠᠢ ᠬᠥᠮᠦᠨ ᠭᠤᠷᠪᠠᠨ ᠡᠳᠦᠷ ᠳᠠᠪᠬᠢᠭᠤᠯᠤᠨ᠎ᠠ ᠭᠡᠵᠦ ᠪᠠᠢᠪᠠ᠃ ᠲᠡᠳᠡ ᠴᠦ᠍ ᠲᠤᠯᠤᠨ ᠨᠠᠭᠤᠷ ᠲᠤ᠌ ᠬᠦᠷᠴᠦ ᠥᠩᠭᠡᠷᠡᠭᠡ ᠦᠭᠡᠢ᠂ ᠵᠥᠪᠬᠡᠨ ᠨᠠᠭᠠᠰᠢ ᠴᠠᠭᠠᠰᠢ ᠬᠠᠶᠠ ᠠᠶᠠᠯᠠᠳᠠᠭ ᠮᠣᠩᠭᠣᠯᠴᠤᠳ ᠠ᠋ᠴᠠ ᠰᠣᠨᠣᠰᠤᠭᠰᠠᠨ ᠭᠡᠵᠦ ᠪᠠᠢᠪᠠ᠃ ᠲᠡᠭᠦᠨ ᠦ᠌ ᠶᠠᠷᠢᠬᠤ ᠠ᠋ᠴᠠ ᠰᠣᠨᠣᠰᠬᠤ ᠳ᠋ᠤ᠌ ᠦᠨᠡᠨ ᠵᠠᠢ ᠨᠢ ᠲᠡᠭᠦᠨ ᠡᠴᠡ ᠴᠦ᠍ ᠬᠣᠯᠠ ᠪᠠᠢᠵᠤ ᠪᠣᠯᠬᠤ ᠶᠤᠮ᠃
ᠪᠢᠳᠡ ᠡᠨᠡ ᠰᠥᠨᠢ ᠮᠠᠰᠢᠨ ᠳᠡᠭᠡᠷ᠎ᠡ ᠪᠡᠨ ᠬᠣᠨᠣᠭᠯᠠᠪᠠ᠃ ᠤᠴᠢᠷ ᠨᠢ ᠡᠨᠡ ᠠᠢᠯ ᠤ᠋ᠨ ᠭᠠᠭᠴᠠᠬᠠᠨ ᠥᠷᠥᠭᠡ ᠲᠡᠢ ᠪᠠᠢᠰᠢᠩ ᠳ᠋ᠤ᠌ ᠬᠥᠮᠦᠨ ᠨᠢ ᠭᠠᠬᠠᠢ ᠲᠠᠬᠢᠶ᠎ᠠ ᠲᠠᠢ ᠪᠠᠨ ᠴᠣᠭ ᠬᠣᠨᠣᠭᠯᠠᠳᠠᠭ ᠪᠠᠢᠯ᠎ᠠ᠃
ᠷᠠᠰᠢ ᠲᠣᠪ ᠳᠤᠭᠤᠢ ᠪᠠᠢᠪᠠ ᠃ ᠲᠡᠷᠡ 《ᠨᠢᠭᠤᠷ ᠢ᠋ᠶ᠋ᠠᠨ ᠪᠠᠷᠠᠭᠰᠠᠨ 》ᠪᠣᠯᠬᠣᠷ ᠶᠠᠭᠠᠬᠢᠵᠤ ᠡᠨᠡ ᠬᠦ᠌ ᠪᠠᠢᠳᠠᠯ ᠢ᠋ᠶ᠋ᠠᠨ ᠰᠠᠢᠵᠢᠷᠠᠭᠤᠯᠬᠤ ᠲᠠᠯ᠎ᠠ ᠪᠠᠢ ᠭᠦᠨᠵᠡᠭᠡᠢ ᠪᠣᠳᠣᠯᠬᠢᠯᠠᠨ᠎ᠠ᠃ ᠮᠠᠷᠭᠠᠰᠢ ᠥᠷᠯᠥᠭᠡ ᠨᠢ ᠲᠡᠭᠦᠨ ᠦ᠌ ᠨᠢᠭᠡ ᠬᠢᠲᠠᠳ ᠲᠠᠢ ᠶᠡᠬᠡ ᠤᠳᠠᠭᠠᠨ ᠶᠠᠷᠢᠯᠴᠠᠬᠤ ᠶ᠋ᠢ ᠪᠢ ᠬᠠᠷᠠᠪᠠ᠃ ᠲᠡᠷᠡ ᠡᠯᠡᠰᠦᠨ ᠳᠡᠭᠡᠷ᠎ᠡ ᠴᠢᠬᠤᠯᠠ ᠴᠢᠬᠤᠯᠠ ᠭᠠᠵᠠᠷ ᠢ᠋ ᠵᠢᠷᠤᠨ ᠭᠠᠷᠭᠠᠵᠤ ᠠᠮᠠᠨ ᠳ᠋ᠠᠭᠠᠨ 《ᠲᠠᠪᠢᠨ ᠭᠠᠵᠠᠷ ᠵᠡᠭᠦᠨᠰᠢ ᠪᠡᠨ ᠠᠶᠠᠯᠠᠭᠠᠳ ᠵᠡᠭᠦᠨ ᠮᠥᠷᠥ ᠲᠡᠢᠰᠢ ᠪᠡᠨ ᠡᠷᠭᠢᠨ᠎ᠡ᠂ ᠵᠠᠭᠤᠨ ᠭᠠᠵᠠᠷ ᠦᠷᠭᠦᠯᠵᠢᠯᠡᠨ ᠠᠶᠠᠯᠠᠭᠠᠳ ᠨᠢᠭᠡ ᠡᠪᠳᠡᠷᠬᠡᠢ ᠲᠣᠰᠬᠣᠨ ᠲᠠᠢ ᠲᠠᠭᠠᠷᠠᠯᠳᠤᠨ᠎ᠠ 》 ᠭᠡᠮᠡᠨ ᠠᠬᠢᠨ ᠳᠠᠬᠢᠨ ᠳᠦᠳᠦᠨᠡᠵᠦ ᠪᠠᠢᠪᠠ᠃ ᠵᠠᠮ ᠳ᠋ᠠᠭᠠᠨ ᠪᠠᠰᠠ ᠨᠢᠭᠡ ᠰᠠᠯᠠᠭ᠎ᠠ ᠵᠠᠮ ᠢ ᠣᠯᠵᠤ ᠬᠠᠷᠠᠭ᠎ᠠ ᠦᠭᠡᠢ ᠪᠣᠯᠤᠯᠲᠠᠢ᠂ ᠭᠣᠣᠯ ᠤ᠋ᠨ ᠢᠷᠮᠡᠭ ᠲᠦ᠍ ᠲᠤᠯᠵᠤ ᠵᠣᠭᠰᠣᠪᠠ᠃ ᠪᠢᠳᠡ ᠭᠠᠲᠤᠯᠭ᠎ᠠ ᠪᠠᠢᠳᠠᠭ ᠪᠣᠯᠪᠠ ᠤᠤ ᠭᠡᠵᠦ ᠶᠡᠬᠡ ᠤᠳᠠᠭᠠᠨ ᠡᠷᠢᠪᠡ᠃ ᠰᠡᠭᠦᠯ ᠳ᠋ᠦ᠍ᠨᠢ ᠵᠠᠮ ᠢ᠋ᠶ᠋ᠠᠷ ᠢᠷᠡᠭᠰᠡᠨ ᠨᠢᠭᠡ ᠮᠣᠷᠢᠲᠠᠨ ᠪᠢᠳᠡᠨ ᠳ᠋ᠦ᠍ ᠡᠮᠦᠨᠡᠰᠢ ᠪᠡᠨ ᠬᠢᠲᠠᠳ ᠤ᠋ᠨ ᠨᠢᠭᠡ ᠲᠣᠰᠬᠣᠨ ᠳ᠋ᠠᠬᠢ ᠭᠠᠲᠤᠯᠭᠠᠨ ᠳ᠋ᠤ᠌ ᠬᠦᠷᠬᠦ ᠵᠠᠮ ᠢ᠋ ᠵᠢᠭᠠᠵᠤ ᠥᠭᠭᠦᠯ᠎ᠡ᠃
ᠬᠢᠲᠠᠳ ᠤ᠋ᠨ ᠲᠣᠰᠬᠣᠨ? ᠭᠡᠵᠦ ᠪᠢ ᠶᠡᠬᠡ ᠭᠠᠢᠬᠠᠰᠢᠷᠠᠨ ᠠᠰᠠᠭᠤᠪᠠ ᠃ ᠪᠢᠳᠡ ᠦᠨᠡᠬᠡᠷ ᠬᠡᠲᠦᠷᠬᠡᠢ ᠡᠮᠦᠨᠡᠰᠢ ᠪᠡᠨ ᠠᠶᠠᠯᠠᠭᠠᠳ ᠬᠢᠲᠠᠳ ᠨᠡᠭᠦᠳᠡᠯᠴᠢᠳ ᠦ᠋ᠨ ᠡᠬᠢᠨ ᠦ᠌ ᠲᠣᠰᠬᠣᠨ ᠳ᠋ᠤ᠌ ᠬᠦᠷᠴᠦ ᠢᠷᠡᠭᠰᠡᠨ ᠶᠦᠮ ᠭᠡᠵᠢ ᠤᠤ ?
ᠪᠢᠳᠡᠨ ᠦ᠌ ᠰᠦᠷᠯᠢᠭ ᠭᠣᠶᠣ《ᠭᠣᠪᠢ ᠬᠥᠩᠭᠡᠨ ᠮᠠᠰᠢᠨ 》 ᠢ᠋ ᠬᠠᠷᠠᠮᠠᠭᠴᠠ ᠬᠢᠲᠠᠳ ᠴᠡᠷᠢᠭ ᠦ᠋ᠳ ᠨᠠᠭᠠᠰᠢ ᠪᠠᠨ ᠶᠠᠭᠠᠷᠠᠨ ᠠᠢᠰᠤᠢ (ᠵᠢᠷᠤᠭ 46) ᠃ ᠲᠡᠳᠡᠨ ᠵᠥᠪᠬᠡᠨ ᠮᠠᠰᠢᠨ ᠬᠠᠷᠠᠭᠠᠳ ᠪᠠᠶᠠᠷᠯᠠᠵᠤ ᠪᠦᠬᠦᠢ ᠬᠡᠦᠬᠡᠳ ᠦ᠋ᠳ ᠪᠥᠭᠡᠳ ᠡᠨᠡ ᠬᠦᠴᠦᠲᠡᠢ ᠮᠠᠰᠢᠨ ᠤ᠋ ᠭᠣᠣᠯ ᠭᠠᠲᠤᠯᠬᠤ ᠶ᠋ᠢ ᠬᠠᠷᠠᠬᠤ ᠭᠡᠵᠦ ᠪᠠᠢᠭ᠎ᠠ ᠮᠥᠷᠲᠡᠭᠡᠨ ᠨᠥᠬᠥᠴᠡᠯ ᠪᠣᠯᠤᠮᠵᠢ ᠲᠠᠢ ᠪᠣᠯ ᠮᠠᠰᠢᠨ ᠳᠡᠭᠡᠷ᠎ᠡ ᠰᠠᠭᠤᠨ ᠴᠡᠷᠢᠭ ᠦ᠋ᠨ ᠬᠤᠸᠠᠷᠠᠨ ᠳ᠋ᠠᠭᠠᠨ ᠪᠤᠴᠠᠬᠤ ᠶ᠋ᠢ ᠬᠦᠰᠡᠨ ᠮᠥᠷᠥᠭᠡᠳᠬᠦ ᠠᠵᠢ ᠃ ᠹᠠᠷᠠᠹᠣᠨᠲ᠋ᠣᠹ ᠮᠠᠰᠢᠨ ᠢ᠋ᠶ᠋ᠠᠨ ᠣᠭᠵᠣᠮ ᠡᠷᠭᠢᠭᠦᠯᠵᠦ ᠪᠢᠳᠡᠨ ᠦ᠌ ᠦᠨᠡᠮᠯᠡᠬᠦ ᠵᠢᠴᠢ ᠲᠥᠯᠥᠪᠯᠡᠭᠡ ᠭᠡᠮᠡᠨ ᠣᠯᠠᠨ ᠶᠠᠭᠤᠮ᠎ᠠ ᠰᠢᠷᠭᠠᠭᠠᠬᠤ ᠶᠠᠷᠰᠢᠭ᠋ ᠠ᠋ᠴᠠ ᠵᠠᠢᠯᠠᠨ ᠤᠳᠪᠠ᠃
ᠮᠥᠨ ᠣᠷᠣᠢ ᠳ᠋ᠠᠭᠠᠨ ᠪᠢᠳᠡ ᠭᠣᠪᠢ ᠶ᠋ᠢᠨ ᠬᠣᠲᠠ ᠲᠤᠯᠤᠨ ᠨᠠᠭᠤᠷ ᠤ᠋ᠨ ᠮᠣᠳᠣᠨ ᠬᠠᠭᠠᠯᠭ᠎ᠠ ᠪᠠᠷ ᠳᠠᠪᠬᠢᠨ ᠣᠷᠣᠪᠠ (ᠵᠢᠷᠤᠭ 52) ᠃ ᠬᠠᠭᠠᠯᠭᠠᠨ ᠤ᠋ ᠭᠠᠳᠠᠨ᠎ᠠ ᠵᠠᠮ ᠤ᠋ᠨ ᠬᠣᠶᠠᠷ ᠲᠠᠯ᠎ᠠ ᠪᠠᠷ ᠨᠡᠯᠢᠶᠡᠳ ᠤᠷᠲᠤ ᠬᠠᠮᠠᠭᠠᠯᠠᠯᠲᠠ ᠶ᠋ᠢᠨ ᠲᠡᠮᠦᠷ ᠲᠣᠣᠷ ᠲᠠᠲᠠᠭᠰᠠᠨ ᠪᠠᠢᠨ᠎ᠠ᠃ ᠬᠣᠲᠠ ᠶ᠋ᠢᠨ ᠬᠠᠭᠠᠯᠭᠠᠨ ᠳᠡᠭᠡᠷᠡᠬᠢ ᠵᠢᠵᠢᠭᠬᠡᠨ ᠰᠢᠪᠠᠷ ᠴᠠᠢᠵᠠ ᠶ᠋ᠢ ᠨᠢ ᠬᠠᠷᠠᠬᠤ ᠳ᠋ᠤ᠌ ᠦᠢᠯᠡᠳᠦᠯ ᠭᠡᠵᠦ ᠪᠠᠢᠳᠠᠭ ᠶᠤᠮ ᠤᠤ ᠭᠡᠵᠦ ᠰᠠᠨᠠᠭᠳᠠᠭᠤᠯᠬᠤ ᠠᠵᠢ᠃ ᠢᠩᠭᠢᠭᠡᠳ ᠪᠢᠳᠡ ᠲᠡᠦᠬᠡᠨ ᠳ᠋ᠦ᠍ ᠨᠡᠷᠡᠲᠡᠢ ᠲᠡᠮᠦᠷ ᠦ᠋ᠨ ᠳᠠᠷᠬᠠᠨ ᠤ᠋ ᠬᠣᠲᠠ ᠶ᠋ᠢᠨ ᠲᠥᠪ ᠲᠦ᠍ ᠣᠷᠣᠵᠤ ᠢᠷᠡᠪᠡ᠃ ᠪᠢᠳᠡᠨ ᠦ᠌ ᠪᠠᠭᠤᠭᠰᠠᠨ ᠪᠠᠭᠤᠳᠠᠯ ᠨᠢ ᠰᠣᠨᠢᠭᠤᠴᠢᠯᠠᠭᠰᠠᠨ ᠬᠥᠮᠦᠰ ᠢ᠋ᠶ᠋ᠡᠷ ᠳᠦᠭᠦᠷᠴᠦ ᠂ ᠪᠠᠭᠤᠳᠠᠯ ᠤ᠋ᠨ ᠡᠵᠡᠨ ᠠᠷᠭ᠎ᠠ ᠪᠤᠰᠤ ᠬᠥᠮᠦᠰ ᠢ᠋ ᠲᠠᠰᠢᠭᠤᠷᠳᠠᠨ ᠤᠬᠤᠷᠢᠭᠤᠯᠵᠤ᠂ ᠬᠠᠭᠠᠯᠭ᠎ᠠ ᠪᠠᠨ ᠬᠠᠭᠠᠪᠠ᠃ ᠡᠨᠡ ᠬᠣᠭᠣᠷᠣᠨᠳᠣ ᠬᠠᠮᠢᠭ᠎ᠠ ᠠ᠋ᠴᠠ ᠢᠷᠡᠵᠦ ᠶᠠᠪᠤᠭ᠎ᠠ᠂ ᠬᠠᠮᠢᠭᠠᠰᠢ ᠠᠶᠠᠯᠠᠬᠤ ᠭᠡᠵᠦ ᠪᠠᠢᠭ᠎ᠠ ᠶ᠋ᠢ ᠠᠰᠠᠭᠤᠬᠤ ᠪᠠᠷ ᠢᠷᠡᠭᠰᠡᠨ ᠬᠣᠲᠠ ᠶ᠋ᠢᠨ ᠳᠠᠷᠤᠭ᠎ᠠ ᠶ᠋ᠢᠨ ᠲᠣᠮᠢᠯᠠᠭᠴᠢ ᠴᠤ᠌ ᠠᠳᠠ ᠬᠦᠷᠴᠦ ᠢᠷᠡᠭᠰᠡᠨ ᠪᠥᠭᠡᠳ ᠪᠢᠳᠡ ᠲᠡᠳᠡᠨ ᠡᠴᠡ ᠨᠢᠭᠡ ᠪᠦᠯᠦᠭ ᠶᠠᠫᠤᠨᠴᠤᠳ ᠠᠳᠠ ᠠᠮᠢᠳᠤᠷᠠᠵᠤ ᠪᠠᠢᠭ᠎ᠠ᠂ ᠰᠢᠨ᠎ᠡ ᠪᠠᠢᠭᠤᠯᠤᠭᠰᠠᠨ ᠴᠡᠷᠢᠭ ᠪᠣᠯᠪᠠᠰᠤᠷᠠᠭᠤᠯᠵᠤ ᠪᠠᠢᠭ᠎ᠠ ᠵᠡᠷᠭᠡ ᠶ᠋ᠢ ᠮᠡᠳᠡᠵᠦ ᠠᠪᠤᠯ᠎ᠠ᠃
ᠪᠢᠳᠡ ᠶᠠᠫᠣᠨᠴᠤᠳ ᠲᠠᠢ ᠠᠭᠤᠯᠵᠠᠬᠤ ᠪᠠᠷ ᠵᠥᠪᠳᠡᠯᠴᠡᠨ ᠲᠣᠭᠲᠠᠵᠤ᠂ ᠲᠡᠳᠡᠨ ᠡᠴᠡ ᡁᠢᠯᠢ ᠬᠦᠷᠬᠦ ᠵᠠᠮ ᠤ᠋ᠨ ᠲᠤᠬᠠᠢ ᠣᠢᠯᠠᠭᠠᠬᠤ ᠪᠠᠷ ᠪᠣᠯᠪᠠ᠃
ᠮᠠᠷᠭᠠᠰᠢ ᠥᠷᠯᠥᠭᠡ ᠨᠢ ᠪᠢᠳᠡ ᠡᠷᠲᠡᠯᠡᠨ ᠪᠣᠰᠤᠭᠠᠳ ᠬᠣᠲᠠ ᠶ᠋ᠢᠨ ᠭᠠᠳᠠᠨ᠎ᠠ ᠣᠷᠣᠰᠢᠬᠤ ᠬᠣᠶᠠᠷ ᠲᠣᠮᠣ ᠬᠡᠢᠳ ᠢ᠋ ᠦᠵᠡᠬᠦ ᠪᠡᠷ ᠬᠦᠷᠪᠡ ( ᠵᠢᠷᠤᠭ 49 ) ᠃ ᠮᠣᠩᠭᠣᠯᠴᠤᠳ ᠲᠤᠰ ᠬᠣᠶᠠᠷ ᠬᠡᠢᠳ ᠢ᠋ 《ᠰᠢᠷ᠎ᠠ ᠰᠦᠮ᠎ᠡ 》 ᠪᠣᠯᠤᠨ 《ᠬᠥᠬᠡ ᠰᠦᠮ᠎ᠡ 》ᠭᠡᠳᠡᠭ᠃ ᠰᠢᠷ᠎ᠠ ᠰᠦᠮ᠎ᠡ ᠶ᠋ᠢ ᠠᠷᠪᠠᠨ ᠳᠣᠯᠣᠳᠤᠭᠠᠷ ᠵᠠᠭᠤᠨ ᠤ᠋ ᠦᠶ᠎ᠡ ᠳ᠋ᠦ᠍ ᠡᠩᠬᠡ ᠠᠮᠤᠭᠤᠯᠠᠩ ᠬᠠᠭᠠᠨ ᠪᠠᠷᠢᠭᠤᠯᠤᠭᠰᠠᠨ ᠪᠥᠭᠡᠳ ᠡᠨᠡ ᠰᠦᠮ᠎ᠡ ᠪᠡᠷ ᠳᠠᠮᠵᠢᠨ ᠮᠣᠩᠭᠣᠯ ᠤ᠋ᠨ ᠲᠠᠯ᠎ᠠ ᠨᠤᠲᠤᠭ ᠪᠣᠯᠤᠨ ᠴᠢᠩ ᠦ᠋ᠨ ᠲᠥᠷᠥ ᠶ᠋ᠢ ᠴᠢᠩᠭ᠎ᠠ ᠬᠣᠯᠪᠣᠬᠤ ᠭᠡᠮᠡᠨ ᠵᠣᠷᠢᠭᠰᠠᠨ ᠶᠤᠮ᠃ ᠨᠥᠭᠦᠭᠡ ᠬᠥᠬᠡ ᠰᠦᠮ᠎ᠡ ( ᠵᠢᠷᠤᠭ 50 - 51 ) ᠨᠢ ᠰᠡᠭᠦᠯᠡᠷ ᠪᠠᠷᠢᠭᠳᠠᠭᠰᠠᠨ ᠪᠥᠭᠡᠳ ᠨᠡᠯᠢᠶᠡᠳ ᠪᠠᠶᠠᠨ ᠲᠠᠩᠰᠤᠭ ᠵᠠᠰᠠᠨ ᠴᠢᠮᠡᠭᠯᠡᠵᠡᠢ᠃
ᠨᠢᠭᠡ ᠡᠪᠦᠭᠡᠨ ᠯᠠᠮᠠ ( ᠵᠢᠷᠤᠭ 53 ) ᠳ᠋ᠤ᠌ ᠨᠡᠯᠢᠶᠡᠳ ᠮᠥᠩᠭᠥ ᠠᠳᠬᠤᠭᠤᠯᠵᠤ ᠪᠠᠢᠮᠠᠨᠵᠢᠨ ᠰᠢᠷ᠎ᠠ ᠰᠦᠮ᠎ᠡ ᠶ᠋ᠢᠨ ᠡᠭᠦᠳᠡᠨ ᠦ᠌ ᠬᠦᠨᠳᠦ ᠲᠣᠮᠣ ᠣᠨᠢᠰᠣ ᠶ᠋ᠢ ᠨᠡᠭᠡᠭᠡᠵᠦ ᠳᠣᠲᠣᠷ᠎ᠠ ᠨᠢ ᠣᠷᠣᠯ᠎ᠠ᠃ ᠰᠦᠮ᠎ᠡ ᠶ᠋ᠢᠨ ᠳᠣᠲᠣᠷᠠᠬᠢ ᠪᠦᠳᠡᠭᠢ ᠭᠡᠷᠡᠯ ᠦ᠋ᠨ ᠡᠷᠭᠢᠨ ᠲᠣᠭᠣᠷᠢᠨ ᠳ᠋ᠤ᠌ ᠪᠦᠷ ᠯᠡ ᠯᠠᠮᠠ ᠨᠠᠷ ᠤ᠋ᠨ ᠶᠢᠷᠲᠢᠨᠴᠦ ᠶ᠋ᠢᠨ ᠰᠣᠨᠢᠨ ᠭᠠᠢᠬᠠᠮᠰᠢᠭ ᠪᠢᠯᠬᠠᠮ᠎ᠠ ᠠᠵᠤᠭᠤ᠃
ᠭᠣᠣᠯ ᠪᠤᠷᠬᠠᠨ ᠤ᠋ ᠬᠣᠶᠠᠷ ᠲᠠᠯ᠎ᠠ ᠳ᠋ᠤᠨᠢ ᠲᠤᠰ ᠪᠦᠷᠢ ᠬᠥᠮᠦᠨ ᠦ᠌ ᠬᠢᠷᠢ ᠥᠨᠳᠥᠷ᠂ ᠲᠠᠪᠤᠨ ᠥᠨᠴᠥᠭ ᠪᠦᠬᠦᠢ ᠲᠢᠲᠢᠮ ᠲᠡᠢ ᠭᠤᠷᠪᠠᠨ ᠲᠣᠮᠣ ᠪᠤᠷᠬᠠᠨ ᠢ᠋ ᠵᠣᠭᠰᠣᠭᠠᠵᠤ᠂ ᠭᠠᠷ ᠬᠤᠷᠤᠭᠤ ᠶ᠋ᠢ ᠨᠢ ᠤᠭᠲᠤᠵᠤ ᠪᠠᠢᠭ᠎ᠠ ᠪᠤᠶᠤ ᠶᠧᠯᠸᠢ ᠭᠠᠷᠭᠠᠵᠤ ᠪᠠᠢᠭ᠎ᠠ ᠵᠡᠷᠭᠡ ᠶᠠᠩᠵᠤ ᠪᠦᠷᠢ ᠶ᠋ᠢᠨ ᠮᠣᠳᠣᠷ ᠤ᠋ᠨ ᠪᠠᠢᠳᠠᠯ ᠲᠠᠢ ᠪᠠᠷ ᠬᠠᠷᠠᠭᠤᠯᠤᠨ ᠱᠤᠭᠤᠵᠠᠢ ( ᠵᠢᠷᠤᠭ 58 ) ᠃ ᠱᠤᠭᠤᠮᠠᠯ ᠬᠥᠷᠥᠭ ᠪᠣᠯᠭᠠᠨ ᠨᠢ ᠠᠳᠠᠯᠢ ᠦᠭᠡᠢ ᠠᠵᠢ᠃ ᠰᠦᠮ᠎ᠡ ᠶ᠋ᠢᠨ ᠳᠣᠲᠣᠷᠠᠬᠢ ᠥᠨᠳᠥᠷ ᠬᠡᠷᠡᠮ ᠳ᠋ᠦ᠍ᠨᠢ ᠠᠷᠠᠰᠤ᠂ ᠪᠥᠰ ᠪᠤᠶᠤ ᠲᠣᠷᠭᠠᠨ ᠳᠡᠭᠡᠷ᠎ᠡ ᠵᠢᠷᠤᠭᠰᠠᠨ ᠱᠠᠰᠢᠨ ᠤ᠋ ᠵᠢᠷᠤᠭ ᠤ᠋ᠳ ᠢ᠋ ᠳᠦᠭᠦᠷᠲᠡᠯ᠎ᠡ ᠡᠯᠭᠦᠵᠡᠢ᠃ ᠡᠩᠬᠡ ᠲᠠᠢᠪᠤᠩ ᠤ᠋ᠨ ᠪᠦᠷᠢᠯᠸ᠎ᠠ ᠪᠣᠯᠬᠤ ᠠᠳᠠᠯᠢ ᠪᠤᠰᠤ ᠶ᠋ᠢᠨ ᠪᠤᠷᠬᠠᠳ ᠪᠢᠳᠡᠨ ᠦ᠌ ᠳᠡᠭᠡᠷ᠎ᠡ ᠡᠴᠡ ᠥᠩᠭᠡᠢᠨ ᠬᠠᠷᠠᠬᠤ ᠪᠥᠭᠡᠳ ᠴᠣᠢᠷᠵᠢᠯ᠂ ᠬᠠᠶᠢᠩᠬᠢᠷᠸᠠ᠂ ᠨᠣᠭᠣᠭᠠᠨ ᠳ᠋ᠠᠷ᠎ᠠ ᠪᠠ ᠴᠠᠭᠠᠨ ᠳ᠋ᠠᠷ᠎ᠠ᠂ ᠠᠰᠤᠷᠢ᠂ ᠪᠣᠳᠢᠰᠠᠳ᠋ᠸ᠎ᠠ᠂ ᠪᠢᠷᠢᠳ᠂ ᠠᠳᠠ᠂ ᠠᠵᠤ ᠠᠮᠢᠳᠤᠷᠠᠯ ᠤ᠋ᠨ ᠪᠤᠷᠬᠠᠨ ᠵᠡᠷᠭᠡ ᠪᠤᠷᠬᠠᠳ ᠴᠢᠳᠬᠥᠷ ᠦ᠋ᠨ ᠬᠥᠷᠥᠭ ᠱᠤᠭᠤᠮᠠᠯ ᠪᠦᠭᠦᠳᠡ ᠬᠠᠷᠠᠭᠳᠠᠬᠤ ᠠᠵᠢ᠃
ᠠᠳᠠ ᠪᠠᠰᠠ ᠬᠢᠯᠢᠩ ᠦ᠋ᠨ ᠭᠠᠯ ᠪᠠᠳᠠᠷᠠᠵᠤ ᠪᠦᠬᠦᠢ ᠬᠥᠮᠦᠨ ᠠᠶᠤᠯᠭᠠᠮᠠᠷ ᠳᠦᠷᠰᠦ ᠪᠦᠬᠦᠢ ᠪᠤᠷᠬᠠᠳ᠂ ᠬᠢᠲᠤᠭ᠎ᠠ ᠪᠠᠷᠢᠭᠰᠠᠨ ᠪᠠᠭᠪᠠᠬᠠᠢ ᠶ᠋ᠢᠨ ᠲᠣᠯᠣᠭᠠᠢ ᠲᠠᠢ ᠪᠠᠶᠠᠷ ᠪᠠᠶᠠᠰᠤᠯ ᠤ᠋ᠨ ᠪᠤᠷᠬᠠᠨ᠂ ᠤᠯᠠᠭᠠᠨ ᠥᠩᠭᠡ ᠲᠡᠢ ᠬᠢᠯᠢᠨᠴᠡᠲᠦ ᠬᠣᠷᠣᠬᠠᠢ ᠶ᠋ᠢᠨ ᠲᠣᠯᠣᠭᠠᠢ ᠪᠦᠬᠦᠢ ᠠᠷᠢᠲ᠋ᠠ ᠪᠤᠷᠬᠠᠨ᠂ ᠲᠣᠮᠣ ᠰᠦᠬᠡ ᠠᠳᠬᠤᠵᠤ ᠪᠦᠬᠦᠢ ᠦᠨᠡᠭᠡᠨ ᠲᠣᠯᠣᠭᠠᠢ ᠲᠠᠢ ᠪᠤᠷᠬᠠᠨ ᠪᠠ ᠨᠢᠭᠡ ᠭᠠᠷ ᠲᠠᠭᠠᠨ ᠭᠠᠪᠠᠯᠠ ᠶ᠋ᠢᠨ ᠶᠠᠰᠤᠨ ᠳ᠋ᠤ᠌ ᠴᠢᠰᠤ ᠳᠦᠭᠦᠷᠭᠡᠭᠡᠳ ᠣᠭᠣᠴᠢᠵᠤ ᠪᠦᠬᠦᠢ ᠪᠠᠷᠰ ᠤ᠋ᠨ ᠲᠣᠯᠣᠭᠠᠢ ᠪᠦᠬᠦᠢ ᠪᠤᠷᠬᠠᠨ ᠵᠡᠷᠭᠡ ᠬᠠᠷᠠᠭᠳᠠᠨ᠎ᠠ᠃ ᠬᠤᠳᠠᠯᠴᠢ ᠬᠥᠮᠦᠨ᠂ ᠬᠠᠷᠠᠮᠴᠢ ᠨᠠᠷᠢᠨ ᠬᠥᠮᠦᠨ ᠪᠣᠯᠤᠨ ᠲᠠᠴᠢᠶᠠᠯ ᠤ᠋ᠨ ᠭᠠᠯ ᠳ᠋ᠤ᠌ ᠠᠪᠲᠠᠭᠰᠠᠨ ᠬᠥᠮᠦᠰ ᠦ᠋ᠨ ᠡᠷᠯᠢᠭ ᠦ᠋ᠨ ᠣᠷᠣᠨ ᠳ᠋ᠤ᠌ ᠬᠦᠷᠦᠭᠰᠡᠨ ᠣ ᠳᠠᠷᠠᠭᠠᠬᠢ ᠡᠳ᠋ᠯᠡᠬᠦ ᠲᠠᠮᠤ ᠨᠤᠭᠤᠳ ᠢ᠋ ᠨᠢᠳᠦᠨ ᠳ᠋ᠦ᠍ ᠦᠵᠡᠭᠳᠡᠮ᠎ᠡ ᠭᠠᠷ ᠲᠤ᠌ ᠪᠠᠷᠢᠭᠳᠠᠮ᠎ᠠ ᠳᠦᠷᠰᠦᠯᠡᠨ ᠵᠢᠷᠤᠭᠯᠠᠵᠠᠢ᠃ ᠬᠠᠷ᠎ᠠ ᠥᠩᠭᠡ ᠲᠡᠢ ᠴᠢᠳᠬᠥᠷ ᠦ᠋ᠳ ᠲᠡᠳᠡᠨ ᠦ᠌ ᠡᠪᠴᠢᠭᠦᠦ ᠶ᠋ᠢ ᠨᠢ ᠢᠷᠡᠵᠦ᠂ ᠵᠢᠷᠦᠬᠡ ᠪᠠ ᠭᠡᠳᠡᠰᠦ ᠳᠣᠲᠣᠷ ᠢ᠋ ᠨᠢ ᠭᠠᠷᠭᠠᠬᠤ ᠪᠥᠭᠡᠳ ᠲᠠᠷᠢᠬᠢ ᠶ᠋ᠢ ᠨᠢ ᠭᠠᠷᠭᠠᠨ ᠳᠣᠯᠢᠶᠠᠵᠤ᠂ ᠶᠠᠰᠤ ᠶ᠋ᠢ ᠨᠢ ᠬᠡᠮᠡᠯᠢᠬᠦ ᠠᠵᠢ᠃ ᠡᠨᠡ ᠪᠦᠬᠦᠨ ᠢ᠋ ᠲᠣᠯᠣᠭᠠᠢ ᠳ᠋ᠠᠭᠠᠨ ᠬᠥᠮᠦᠨ ᠦ᠌ ᠭᠠᠪᠠᠯᠠ ᠶ᠋ᠢᠨ ᠶᠠᠰᠤ ᠪᠠᠷ ᠴᠢᠮᠡᠭᠯᠡᠭᠰᠡᠨ ᠲᠢᠲᠢᠮ ᠲᠠᠯᠪᠢᠭᠰᠠᠨ ᠡᠷᠯᠢᠭ ᠨᠣᠮᠣᠨ ᠬᠠᠭᠠᠨ ᠵᠢᠴᠢ ᠲᠡᠭᠦᠨ ᠦ᠌ ᠥᠬᠢᠨ ᠳᠡᠭᠦᠦ ᠯᠦ᠍ᠭᠡ ᠬᠠᠮᠲᠤ ᠪᠠᠷ ᠰᠠᠬᠢᠨ ᠪᠠᠢᠭ᠎ᠠ ᠨᠢ ᠬᠠᠷᠠᠭᠳᠠᠨ᠎ᠠ᠃
ᠰᠦᠮ᠎ᠡ ᠶ᠋ᠢᠨ ᠬᠠᠮᠤᠭ ᠤ᠋ᠨ ᠮᠤᠬᠤᠷ ᠲᠤᠨᠢ ᠡᠨᠡᠷᠢᠩᠭᠦᠢ ᠰᠡᠳᠬᠢᠯ ᠲᠡᠢ ᠢᠨᠢᠶᠡᠮᠰᠦᠭᠯᠡᠵᠦ ᠪᠦᠬᠦᠢ ᠴᠢᠷᠠᠢ ᠲᠠᠢ ᠪᠤᠷᠬᠠᠨ ᠪᠠᠭᠰᠢ ᠶ᠋ᠢᠨ ᠬᠥᠷᠥᠭ ᠬᠠᠷᠠᠭᠳᠠᠬᠤ ᠪᠥᠭᠡᠳ ᠲᠡᠷᠡ ᠪᠡᠷ ᠤᠪ ᠮᠡᠬᠡ ᠪᠠ ᠲᠠᠢᠪᠤᠩ ᠪᠤᠰᠤ ᠶ᠋ᠢᠨ ᠶᠢᠷᠲᠢᠨᠴᠦ ᠶ᠋ᠢ ᠪᠦᠬᠦᠯᠢ ᠳ᠋ᠦ᠍ᠨᠢ ᠨᠣᠶᠠᠷᠬᠠᠨ ᠳᠠᠭᠠᠭᠤᠯᠤᠭᠰᠠᠨ ᠪᠠᠢᠳᠠᠭ᠃ ᠪᠤᠷᠬᠠᠨ ᠪᠠᠭᠰᠢ ᠶ᠋ᠢᠨ ᠬᠥᠯ ᠳᠣᠣᠷ᠎ᠠ ᠨᠢ ᠵᠤᠯᠠ ᠪᠠᠷᠢᠭᠰᠠᠨ ᠪᠠᠢᠵᠤ᠂ ᠵᠤᠯᠠ ᠶ᠋ᠢᠨ ᠭᠡᠷᠡᠯ ᠳ᠋ᠦ᠍ ᠠᠯᠲᠠ ᠪᠠᠷ ᠴᠢᠮᠡᠭᠯᠡᠭᠰᠡᠨ ᠬᠥᠷᠥᠭ ᠱᠤᠭᠤᠮᠠᠯ ᠨᠢ ᠭᠢᠯᠠᠯᠵᠠᠨ ᠬᠠᠷᠠᠭᠳᠠᠬᠤ ᠠᠵᠢ᠃
ᠪᠤᠷᠬᠠᠨ ᠪᠠᠭᠰᠢ ᠬᠦᠷᠲᠡᠯᠡᠬᠢ ᠡᠨᠡ ᠬᠦ᠌ ᠵᠠᠮ ᠨᠢ ᠬᠠᠷᠠᠩᠭᠤᠢ ᠪᠤᠳᠤᠩᠭᠤᠢ ᠳᠤᠮᠳᠠᠬᠢ ᠶ᠋ᠢᠨ ᠶᠢᠷᠲᠢᠨᠴᠦ ᠶ᠋ᠢ ᠦᠨᠡᠨ ᠮᠥᠨ ᠢ᠋ᠶ᠋ᠡᠷ ᠨᠢ ᠳᠦᠷᠰᠦᠯᠡᠨ ᠭᠠᠷᠭᠠᠭᠰᠠᠨ ᠪᠥᠭᠡᠳ ᠨᠢᠭᠡ ᠬᠥᠮᠦᠨ ᠬᠡᠷᠪᠡ ᠲᠡᠰᠪᠦᠷᠢ ᠬᠠᠲᠠᠭᠤᠵᠢᠯᠲᠠᠢ ᠪᠠᠷ ᠲᠠᠰᠤᠷᠠᠯᠲᠠ ᠦᠭᠡᠢ ᠴᠢᠷᠮᠠᠢᠨ ᠲᠡᠮᠡᠴᠡᠭᠰᠡᠭᠡᠷ ᠢᠷᠡᠭᠰᠡᠨ ᠪᠣᠯ ᠡᠴᠦᠰ ᠲᠡᠭᠡᠨ ᠪᠠᠶᠠᠷ ᠪᠠᠶᠠᠰᠤᠯ ᠲᠠᠢ ᠪᠠᠷ ᠡᠩᠬᠡ ᠲᠠᠢᠪᠤᠩ ᠪᠣᠯᠤᠨ ᠠᠮᠤᠷ ᠠᠮᠤᠭᠤᠯᠠᠩ ᠢ᠋ ᠲᠠᠷᠬᠠᠭᠠᠨ ᠰᠠᠴᠤᠷᠠᠭᠤᠯᠵᠤ ᠪᠠᠢᠭ᠎ᠠ ᠪᠤᠷᠬᠠᠨ ᠪᠠᠭᠰᠢ ᠶ᠋ᠢᠨ ᠭᠡᠭᠡᠨ ᠨᠢᠭᠤᠷ ᠢ᠋ ᠬᠠᠷᠠᠵᠤ ᠳᠡᠢᠯᠬᠦ ᠠᠵᠢ᠃
ᠲᠥᠪᠡᠳ ᠡᠴᠡ ᠮᠣᠩᠭᠣᠯ ᠤ᠋ᠨ ᠠᠷᠠᠳ ᠲᠦᠮᠡᠨ ᠦ᠌ ᠵᠢᠷᠦᠬᠡ ᠰᠦᠨᠡᠰᠦᠨ ᠳ᠋ᠦ᠍ᠨᠢ ᠬᠦᠷᠲᠡᠯ᠎ᠡ ᠰᠢᠩᠭᠡᠭᠰᠡᠨ ᠣᠯᠠᠨ ᠲᠠᠨᠢᠯ ᠪᠤᠰᠤ ᠪᠤᠷᠬᠠᠳ ᠪᠦᠬᠦᠢ ᠭᠠᠢᠬᠠᠮᠰᠢᠭᠲᠤ ᠬᠠᠷᠠᠩᠭᠤᠢ ᠶᠢᠷᠲᠢᠨᠴᠦ ᠡᠴᠡ ᠭᠠᠷᠴᠤ ᠢᠷᠡᠭᠡᠳ ᠭᠢᠯᠠᠯᠵᠠᠭᠰᠠᠨ ᠭᠡᠭᠡᠨ ᠨᠠᠷᠠ ᠲᠠᠢ ᠪᠠᠨ ᠳᠠᠬᠢᠨᠲᠠ ᠵᠣᠯᠭᠠᠪᠠ᠃ ᠬᠣᠲᠠ ᠪᠣᠯᠤᠨ ᠰᠢᠷ᠎ᠠ ᠰᠦᠮ᠎ᠡ ᠶ᠋ᠢᠨ ᠳᠤᠮᠳᠠᠬᠢ ᠲᠠᠯ᠎ᠠ ᠳᠡᠭᠡᠷ᠎ᠡ ᠴᠡᠷᠢᠭ ᠪᠣᠯᠪᠠᠰᠤᠷᠠᠵᠤ ᠪᠠᠢᠭ᠎ᠠ ᠨᠢ ᠬᠠᠷᠠᠭᠳᠠᠪᠠ᠃ ᠪᠠᠷᠤᠭ ᠬᠣᠶᠠᠷ ᠭᠤᠷᠪᠠᠨ ᠮᠢᠩᠭ᠎ᠠ ᠣᠷᠴᠢᠮ ᠴᠡᠷᠢᠭ ᠥᠷᠯᠥᠭᠡᠨ ᠦ᠌ ᠮᠠᠨᠠᠨ ᠳ᠋ᠤ᠌ ᠶᠠᠫᠣᠨ ᠴᠡᠷᠢᠭ ᠦ᠋ᠨ ᠠᠯᠬᠤᠳᠠᠯ ᠪᠤᠶᠤ ᠮᠣᠩᠭᠣᠯ ᠮᠣᠷᠢ ᠪᠠᠷ ᠳᠠᠭᠠᠷᠢᠯᠲᠠ ᠬᠢᠬᠦ ᠶ᠋ᠢ ᠪᠣᠯᠪᠠᠰᠤᠷᠠᠵᠤ ᠪᠠᠢᠭ᠎ᠠ ᠪᠣᠯᠤᠯᠲᠠᠢ᠃
ᠡᠨᠡ ᠬᠦ᠌ ᠵᠢᠵᠢᠭᠬᠡᠨ ᠬᠣᠲᠠ ᠳ᠋ᠤ᠌ ᠠᠪᠴᠤ ᠬᠡᠯᠡᠪᠡᠯ ᠡᠨᠡ ᠴᠡᠷᠢᠭ ᠠᠩᠭᠢ ᠨᠢ ᠲᠣᠮᠣ ᠡᠩᠨᠡᠭᠡ ᠪᠣᠯᠬᠤ ᠨᠢ ᠢᠯᠡᠳᠲᠡ ᠮᠡᠳᠡᠭᠳᠡᠵᠦ᠂ ᠲᠤᠯᠤᠨ ᠨᠠᠭᠤᠷ ᠲᠤ᠌ ᠦᠷᠭᠦᠯᠵᠢᠯᠡᠨ ᠡᠵᠡᠯᠡᠬᠦ ᠲᠥᠰᠥᠪ ᠬᠢᠭᠳᠡᠵᠦ ᠪᠠᠢᠭ᠎ᠠ ᠮᠡᠲᠦ ᠪᠢᠳᠡᠨ ᠳ᠋ᠦ᠍ ᠪᠣᠳᠣᠭᠳᠠᠵᠤ ᠪᠠᠢᠯ᠎ᠠ᠃
ᠪᠢᠳᠡ ᠰᠡᠭᠦᠯᠡᠷ ᠨᠢ ᠵᠡᠭᠡᠯᠢ ᠪᠡᠷ ᠠᠯᠬᠤᠯᠠᠵᠤ ᠶᠠᠪᠤᠬᠤ ᠳ᠋ᠠᠭᠠᠨ ᠶᠠᠫᠣᠨ ᠤ᠋ ᠴᠡᠷᠢᠭ ᠠᠩᠭᠢ ᠶ᠋ᠢᠨ ᠪᠣᠯᠪᠠᠰᠤᠷᠠᠯ ᠤ᠋ᠨ ᠨᠠᠷᠢᠨ ᠨᠢᠮᠪᠠᠢ ᠪᠠ ᠶᠣᠰᠣ ᠳᠦᠷᠢᠮ ᠦ᠋ᠨ ᠴᠢᠩᠭ᠎ᠠ ᠶ᠋ᠢ ᠣᠯᠵᠤ ᠬᠠᠷᠠᠭᠰᠠᠨ ᠪᠢᠯᠡ᠃ ᠪᠢᠳᠡ ᠬᠡᠳᠦᠢᠪᠡᠷ ᠪᠠᠢᠴᠠᠭᠠᠢ᠍ᠯᠲᠠ ᠶ᠋ᠢᠨ ᠳᠠᠷᠤᠭ᠎ᠠ ᠨᠠᠷ ᠪᠢᠰᠢ ᠪᠣᠯᠪᠠᠴᠤ ᠴᠡᠷᠢᠭ ᠦ᠋ᠳ ᠪᠢᠳᠡᠨ ᠲᠡᠢ ᠣᠢᠷᠠᠳᠬᠤ ᠪᠣᠯᠭᠠᠨ ᠠᠷᠪᠠᠨ ᠠᠯᠬᠤᠮ ᠤ᠋ᠨ ᠴᠠᠭᠠᠨ᠎ᠠ ᠲᠥᠪ ᠵᠣᠭᠰᠣᠨ ᠶᠣᠰᠣᠯᠠᠨ ᠮᠡᠨᠳᠦᠯᠡᠵᠦ ᠪᠠᠢᠪᠠ᠃ ᠦᠳᠡ ᠶ᠋ᠢᠨ ᠬᠣᠢᠨᠠᠬᠢ ᠳᠥᠷᠪᠡᠨ ᠴᠠᠭ ᠲᠤ᠌ ᠪᠢᠳᠡ ᠶᠠᠫᠣᠨ ᠴᠡᠷᠢᠭ ᠦ᠋ᠨ ᠳᠠᠷᠤᠭ᠎ᠠ ᠶ᠋ᠢᠨ ᠳ᠋ᠦ᠍ ᠬᠦᠷᠪᠡ᠂ ᠡᠨᠡ ᠳᠠᠷᠤᠭ᠎ᠠ ᠬᠢᠲᠠᠳ ᠮᠠᠶᠢᠭ ᠤ᠋ᠨ ᠲᠣᠮᠣ ᠪᠠᠢᠰᠢᠩ ᠳ᠋ᠤ᠌ ᠠᠮᠢᠳᠤᠷᠠᠵᠤ᠂ ᠬᠦᠷᠢᠶᠡᠨ ᠳ᠋ᠡᠬᠢ ᠬᠣᠭᠣᠰᠣᠨ ᠭᠠᠵᠠᠷ ᠢ᠋ᠶ᠋ᠠᠨ ᠥᠲᠥᠨ ᠪᠥᠮᠪᠥᠭᠡ ᠶ᠋ᠢᠨ ᠲᠠᠯᠠᠪᠠᠢ ᠪᠣᠯᠭᠠᠨ ᠵᠠᠰᠠᠭᠰᠠᠨ ᠪᠠᠢᠪᠠ᠃ ᠪᠢᠳᠡᠨ ᠦ᠌ ᠬᠣᠭᠣᠷᠣᠨᠳᠣᠬᠢ ᠶᠠᠷᠢᠯᠴᠠᠭ᠎ᠠ ᠡᠬᠢᠯᠡᠭᠡᠳ ᠶᠡᠬᠡ ᠤᠷᠤᠭᠰᠢ ᠦᠭᠡᠢ ᠶᠠᠪᠤᠭᠳᠠᠵᠤ ᠪᠠᠢᠭᠰᠠᠨ ᠢ᠋ᠶ᠋ᠠᠨ ᠲᠡᠭᠦᠨ ᠦ᠌ ᠭᠧᠷᠮᠠᠨ ᠬᠡᠯᠡᠨ ᠳ᠋ᠡᠭᠡᠨ ᠰᠠᠢᠨ ᠢ᠋ ᠮᠡᠳᠡᠭᠰᠡᠨ ᠡᠴᠡ ᠬᠣᠢᠰᠢ ᠰᠠᠢᠬᠠᠨ ᠨᠡᠪᠲᠡᠷᠡᠯᠴᠡᠬᠦ ᠪᠣᠯᠪᠠ᠃
ᠪᠢᠳᠡ ᠠᠶᠠᠯᠠᠯ ᠤ᠋ᠨ ᠵᠠᠮ ᠢ᠋ᠶ᠋ᠠᠨ ᠥᠭᠡᠷᠡᠴᠢᠯᠡᠬᠦ ᠬᠡᠷᠡᠭᠲᠡᠢ ᠪᠣᠯᠤᠯ᠎ᠠ᠃ ᠤᠴᠢᠷ ᠨᠢ ᡁᠢᠯᠢ ᠬᠦᠷᠬᠦ ᠵᠠᠮ ᠵᠤᠨ ᠤ᠋ ᠪᠣᠷᠣᠭᠠᠨ ᠳ᠋ᠤ᠌ ᠰᠡᠲᠡᠷᠡᠭᠡᠳ ᠮᠠᠰᠢᠨ ᠠᠶᠠᠯᠠᠵᠤ ᠳᠡᠢᠯᠬᠦ ᠦᠭᠡᠢ ᠪᠣᠯᠵᠤ᠂ ᠮᠣᠷᠢ ᠤᠨᠤᠬᠠ ᠪᠡᠷ ᠴᠦ᠍ ᠭᠡᠰᠡᠨ ᠵᠠᠷᠢᠮ ᠠᠭᠤᠯᠠᠨ ᠤ᠋ ᠶᠡᠭᠦᠷᠡᠯ ᠢ᠋ ᠭᠡᠲᠦᠯᠵᠦ ᠳᠡᠢᠯᠬᠦ ᠦᠭᠡᠢ ᠭᠡᠵᠦ ᠬᠡᠯᠡᠵᠦ ᠪᠠᠢᠨ᠎ᠠ᠃ ᠡᠨᠡ ᠠᠬᠠᠯᠠᠭᠴᠢ ᠬᠤᠷᠠᠩᠳᠠ ᡁᠢᠯᠢ ᠳ᠋ᠡᠬᠢ ᠤᠳᠤᠷᠢᠳᠤᠯᠭ᠎ᠠ ᠲᠠᠢ ᠪᠠᠨ ᠬᠣᠯᠪᠣᠭ᠎ᠠ ᠲᠠᠰᠤᠷᠠᠭᠰᠠᠨ ᠪᠥᠭᠡᠳ ᠬᠣᠶᠠᠷ ᠭᠠᠷᠠᠭ ᠤ᠋ᠨ ᠡᠮᠦᠨ᠎ᠡ ᠭᠠᠭᠴᠠ ᠨᠢᠰᠬᠡᠯ ᠯᠡ ᠰᠡᠭᠦᠯᠴᠢ ᠶ᠋ᠢᠨ ᠵᠠᠷᠯᠢᠭ ᠤ᠋ᠨ ᠪᠢᠴᠢᠭ ᠢ᠋ ᠳᠠᠮᠵᠢᠭᠤᠯᠵᠤ ᠠᠳᠠ ᠢᠷᠡᠭᠰᠡᠨ ᠭᠡᠨ᠎ᠡ᠃ ᠲᠦᠷᠦᠭᠦᠬᠡᠨ ᠳᠠᠭᠤᠰᠬᠠᠭᠰᠠᠨ ᠴᠡᠷᠢᠭ ᠦ᠋ᠨ ᠵᠠᠮ ᠱᠤᠭᠤᠮ ᠢ᠋ᠶ᠋ᠠᠨ ᠪᠢᠳᠡᠨ ᠳ᠋ᠦ᠍ ᠬᠠᠷᠠᠭᠤᠯᠬᠤ ᠦᠭᠡᠢ ᠶ᠋ᠢᠨ ᠲᠤᠯᠠᠳᠠ ᠬᠤᠳᠠᠯ ᠬᠡᠯᠡᠵᠦ ᠪᠠᠢᠬᠤ ᠨᠢ ᠦᠨᠡᠨ ᠪᠠᠢᠬ᠎ᠠ ᠭᠡᠮᠡᠨ ᠪᠢᠳᠡ ᠲᠠᠭᠠᠮᠠᠭᠯᠠᠵᠤ ᠪᠠᠢᠪᠠ ᠃ ᠪᠢᠳᠡ ᠵᠠᠪᠠᠯ ᠲᠠᠢᠰᠢ ᠪᠠᠨ ᠶᠠᠪᠤᠨ᠎ᠠ ᠭᠡᠮᠡᠨ ᠵᠢᠭᠤᠷᠠᠯᠳᠤᠬᠤ ᠨᠢ ᠥᠴᠦᠬᠡᠨ ᠴᠦ᠍ ᠦᠢᠯᠡᠳᠦᠯ ᠦᠭᠡᠢ ᠂ ᠬᠠᠷᠢᠨ ᠥᠭᠡᠷ᠎ᠡ ᠰᠢᠨ᠎ᠡ ᠠᠷᠭ᠎ᠠ ᠵᠠᠮ ᠡᠷᠢᠨ ᠣᠯᠬᠤ ᠬᠡᠷᠡᠭᠲᠡᠢ ᠪᠣᠯᠤᠯ᠎ᠠ᠃
ᠪᠢᠳᠡᠨ ᠦ᠌ ᠡᠮᠦᠨ᠎ᠡ ᠬᠣᠶᠠᠷ ᠵᠠᠮ ᠲᠠᠯᠪᠢᠭᠳᠠᠵᠤ ᠪᠠᠢᠨ᠎ᠠ᠃ ᠨᠢᠭᠡ ᠨᠢ ᠬᠣᠢᠰᠢ ᠪᠠᠨ ᠮᠤᠷᠤᠢᠨ ᠬᠣᠯᠠᠭᠤᠷ ᠲᠣᠭᠣᠷᠢᠨ ᠠᠪᠠᠭ᠎ᠠ᠂ ᠤᠯᠠᠭᠠᠨᠬᠠᠳᠠ ᠪᠠᠷ ᠳᠠᠮᠵᠢᠨ ᡁᠢᠯᠢ ᠬᠦᠷᠬᠦ᠂ ᠨᠥᠭᠦᠭᠡ ᠨᠢ ᠪᠢᠲᠡᠭᠦᠮᠵᠢᠯᠡᠭᠳᠡᠭᠰᠡᠨ ᠵᠠᠮ ᠢ᠋ᠶ᠋ᠠᠷ ᠲᠤᠯᠤᠨ ᠨᠠᠭᠤᠷ ᠠ᠋ᠴᠠ ᠴᠢᠭᠤᠯᠤᠯᠲᠤ ᠬᠠᠭᠠᠯᠭ᠎ᠠ ᠳ᠋ᠤ᠌ ᠪᠤᠴᠠᠨ᠎ᠠ᠃
ᠫᠠᠸᠥ᠋ᠯ ᠺᠸᠯᠯᠸᠷ ᠠᠭᠤᠷᠲᠤ ᠣᠩᠭᠣᠴᠠᠨ ᠠ᠋ᠴᠠ ᠪᠠᠨ ᠬᠣᠴᠣᠷᠬᠤ ᠦᠭᠡᠢ ᠶ᠋ᠢᠨ ᠲᠤᠯᠠᠳᠠ ᠪᠤᠴᠠᠬᠤ ᠵᠠᠮ ᠢ᠋ ᠰᠣᠩᠭᠣᠵᠤ᠂ ᠶᠠᠫᠣᠨ ᠬᠤᠷᠠᠩᠳᠠ ᠴᠤ᠌ ᠡᠭᠦᠨ ᠳ᠋ᠦ᠍ ᠡᠰᠡᠷᠭᠦ ᠰᠠᠨᠠᠯ ᠳᠤᠷᠠᠳᠬᠤ ᠦᠭᠡᠢ ᠪᠠᠢᠪᠠ᠃ ᠪᠢᠳᠡᠨ ᠢ᠋ ᠠᠶᠠᠷᠯᠠᠬᠤ ᠠ᠋ᠴᠠ ᠡᠮᠦᠨ᠎ᠡ ᠲᠡᠷᠡ ᠪᠠᠰᠠ ᠮᠠᠨᠤᠰ ᠲᠤ᠌ ᠬᠠᠷᠴᠢᠭᠢᠨᠠᠭᠰᠠᠨ ᠪᠠᠭ᠎ᠠ ᠷᠠᠳᠢᠣ᠋ ᠪᠠᠨ ᠲᠤᠷᠰᠢᠨ ᠰᠣᠨᠣᠰᠤᠭᠤᠯᠤᠭᠰᠠᠨ ᠪᠥᠭᠡᠳ ᠠᠬᠢᠨ ᠲᠠᠮᠢᠷ ᠤ᠋ᠨ ᠬᠠᠨᠲᠠᠭᠠᠰᠤ ᠲᠠᠢ ᠪᠠᠨ ᠣᠹᠢᠼᠧᠷ ᠦ᠋ᠳ ᠲᠡᠢ ᠪᠡᠨ ᠰᠡᠭᠦᠳᠡᠷ ᠲᠠᠲᠠᠭᠰᠠᠨ ᠤ᠋ ᠳᠠᠷᠠᠭ᠎ᠠ ᠬᠠᠮᠤᠭ ᠤ᠋ᠨ ᠰᠡᠭᠦᠯ ᠳ᠋ᠦ᠍ ᠪᠢᠳᠡᠨ ᠢ᠋ ᠵᠡᠪᠰᠡᠭᠲᠦ ᠴᠡᠷᠢᠭ ᠮᠠᠨᠠᠭᠰᠠᠨ ᠬᠠᠮᠤᠭ ᠤ᠋ᠨ ᠭᠠᠳᠠᠨᠠᠬᠢ ᠡᠭᠦᠳᠡᠨ ᠳ᠋ᠦ᠍ ᠬᠦᠷᠭᠡᠵᠦ ᠥᠭᠭᠦᠯ᠎ᠡ᠃
ᠲᠥᠯᠥᠪᠯᠡᠯᠭᠡ ᠥᠭᠡᠷᠡᠴᠢᠯᠡᠭᠳᠡᠭᠰᠡᠨ ᠨᠢ ᠪᠢᠳᠡᠨ ᠢ᠋ ᠮᠣᠷᠳᠠᠬᠤ ᠠ᠋ᠴᠠ ᠡᠮᠦᠨ᠎ᠡ ᠣᠢᠷ᠎ᠠ ᠵᠠᠭᠤᠷ᠎ᠠ ᠶ᠋ᠢ ᠲᠣᠭᠣᠷᠢᠬᠤ ᠳ᠋ᠤ᠌ ᠬᠠᠩᠭᠠᠮᠵᠢᠲᠠᠢ ᠴᠠᠭ ᠥᠭᠭᠦᠯ᠎ᠡ᠃ ᠮᠠᠷᠺᠣ ᠫᠣᠯᠣ ᠶ᠋ᠢᠨ ᠵᠢᠷᠤᠭᠯᠠᠵᠤ ᠪᠠᠢᠭᠰᠠᠨ ᠬᠤᠪᠢᠯᠠᠢ ᠬᠠᠭᠠᠨ ᠤ᠋ ᠰᠠᠭᠤᠴᠠ ᠪᠠᠢᠭᠰᠠᠨ ᠱᠠᠩᠳᠤ ᠶ᠋ᠢᠨ ᠤᠷᠲᠤ ᠬᠠᠷᠰᠢ᠂ ᠴᠡᠴᠡᠷᠯᠢᠭ ᠦ᠋ᠳ ᠡᠴᠡ ᠭᠠᠭᠴᠠ ᠴᠤ᠌ ᠪᠦᠲᠦᠨ ᠲᠣᠭᠣᠰᠬ᠎ᠠ ᠦᠯᠡᠳᠡᠭᠡ ᠦᠭᠡᠢ᠃ ᠰᠢᠷ᠎ᠠ ᠰᠠᠭᠠᠷᠠᠯ ᠥᠩᠭᠡ ᠶ᠋ᠢᠨ ᠮᠠᠭᠤᠬᠠᠢ ᠰᠢᠪᠡᠷ ᠪᠠᠢᠰᠢᠩ ᠤ᠋ᠳ ᠵᠡᠭᠡᠯᠢ ᠶ᠋ᠢᠨ ᠬᠣᠶᠠᠷ ᠵᠠᠬ᠎ᠠ ᠪᠠᠷ ᠦᠷᠭᠦᠯᠵᠢᠯᠡᠵᠦ ᠪᠠᠢᠪᠠ᠃ ᠪᠢ ᠬᠠᠭᠤᠴᠢᠨ ᠲᠡᠮᠦᠷ ᠦ᠋ᠨ ᠳᠠᠷᠬᠠᠳ ᠤ᠋ᠨ ᠪᠦᠲᠦᠭᠡᠯ ᠢ᠋ ᠡᠷᠢᠨ ᠰᠤᠷᠬᠠᠯᠠᠬᠤ ᠳ᠋ᠤ᠌ ᠭᠠᠷᠳᠠᠭᠤᠯᠤᠭᠰᠠᠨ ᠨᠢ ᠪᠦᠷ ᠯᠡ ᠰᠢᠨ᠎ᠡ ᠴᠠᠭ ᠤ᠋ᠨ ᠬᠢᠭᠰᠡᠨ ᠮᠠᠭᠤ ᠭᠠᠤᠯᠢᠨ ᠳᠡᠪᠦᠷ᠎ᠡ᠂ ᠶᠠᠩᠵᠤ ᠮᠠᠭᠤᠲᠠᠢ ᠪᠤᠷᠬᠠᠨ ᠤ᠋ ᠱᠤᠭᠤᠮᠠᠯ ᠯᠠ ᠪᠠᠢᠪᠠ᠃
ᠲᠥᠪᠡᠳ ᠲᠦ᠍ ᠬᠦᠷᠲᠡᠯ᠎ᠡ ᠨᠡᠷ᠎ᠡ ᠮᠠᠨᠳᠤᠵᠤ ᠪᠠᠢᠭᠰᠠᠨ ᠡᠨᠡ ᠬᠦ᠌ ᠤᠷᠠᠯᠢᠭ ᠤ᠋ᠨ ᠬᠣᠲᠠ ᠶ᠋ᠢᠨ ᠪᠠᠭᠤᠷᠢ ᠠ᠋ᠴᠠ ᠰᠠᠨᠠᠭ᠎ᠠ ᠳᠤᠨᠳᠠᠭᠤᠷᠬᠠᠨ ᠭᠣᠪᠢ ᠬᠥᠩᠭᠡᠨ ᠮᠠᠰᠢᠨ ᠳ᠋ᠠᠭᠠᠨ ᠰᠠᠭᠤᠵᠤ ᠮᠣᠷᠳᠠᠪᠠ᠃ ᠡᠯᠡᠰᠦᠨ ᠲᠤᠯᠤᠭᠠᠳ ᠳᠤᠮᠳᠠᠭᠤᠷᠬᠢ ᠵᠠᠮ ᠢ᠋ᠶ᠋ᠠᠷ ᠠᠶᠠᠯᠠᠬᠤ ᠳ᠋ᠠᠭᠠᠨ ᠲᠤᠯᠤᠨ ᠨᠠᠭᠤᠷ ᠭᠡᠬᠦ ᠨᠡᠷᠡᠢᠳᠦᠯ ᠦ᠋ᠨ ᠡᠬᠢ ᠢᠷᠡᠯᠲᠡ ᠲᠡᠢ ᠬᠣᠯᠪᠣᠭ᠎ᠠ ᠪᠦᠬᠦᠢ ᠨᠢᠭᠡ ᠨᠠᠭᠤᠷ ᠢ᠋ ᠬᠠᠷᠠᠭᠰᠠᠨ ᠶᠤᠮ᠃ ᠥᠨᠳᠥᠷ ᠳᠠᠪᠠᠭᠠᠨ ᠳᠡᠭᠡᠷ᠎ᠡ ᠡᠴᠡ ᠬᠠᠷᠠᠬᠤ ᠳ᠋ᠤ᠌ ᠲᠤᠩᠭᠠᠯᠠᠭ ᠰᠠᠢᠬᠠᠨ ᠮᠥᠷᠡᠨ ᠡᠯᠡᠰᠦ ᠲᠤᠯᠤᠭᠠᠳ ᠳᠤᠮᠳᠠᠭᠤᠷ ᠮᠤᠷᠤᠯᠵᠠᠨ ᠤᠷᠤᠰᠤᠨ᠎ᠠ᠃
ᠰᠠᠶᠢᠬᠢ ᠨᠠᠭᠤᠷ ᠤ᠋ᠳ ᠤ᠋ᠨ ᠣᠯᠠᠩᠬᠢ ᠨᠢ ᠠᠯᠢ ᠬᠡᠵᠢᠶᠡᠨ ᠦ᠌ ᠡᠯᠡᠰᠦᠨ ᠳ᠋ᠦ᠍ ᠳᠠᠷᠤᠭᠳᠠᠵᠤ᠂ ᠮᠠᠷᠺᠣ ᠫᠣᠯᠣ ᠶ᠋ᠢᠨ ᠪᠢᠴᠢᠭᠯᠡᠵᠦ ᠪᠠᠢᠭᠰᠠᠨ ᠴᠡᠴᠡᠷᠯᠢᠭ ᠦ᠋ᠳ ᠨᠢᠭᠡᠨᠲᠡ ᠠᠯᠠᠭ᠎ᠠ ᠪᠣᠯᠤᠭᠠᠳ ᠤᠷᠲᠤ ᠠ᠋ᠴᠠ ᠤᠷᠲᠤ ᠦᠷᠭᠦᠯᠵᠢᠯᠡᠵᠦ ᠪᠠᠢᠭᠰᠠᠨ ᠤᠰᠤᠵᠢᠭᠤᠯᠤᠯᠲᠠ ᠶ᠋ᠢᠨ ᠰᠢᠰᠲ᠋ᠧᠮ ᠨᠢ ᠨᠡᠭᠦᠳᠡᠯ ᠡᠯᠡᠰᠦᠨ ᠳ᠋ᠦ᠍ ᠳᠠᠷᠤᠭᠳᠠᠨ ᠠᠯᠠᠭ᠎ᠠ ᠪᠣᠯᠵᠠᠢ᠃ ᠬᠦᠴᠦᠷᠬᠡᠭ ᠮᠣᠩᠭᠣᠯ ᠤ᠋ᠨ ᠪᠠᠶᠠᠨ ᠲᠠᠩᠰᠤᠭ ᠬᠤᠪᠢᠯᠠᠢ ᠬᠠᠭᠠᠨ ᠤ᠋ ᠰᠠᠨᠠᠭ᠎ᠠ ᠲᠠᠪᠠ ᠪᠠᠷ ᠢ᠋ᠶ᠋ᠠᠨ ᠵᠢᠷᠭᠠᠵᠤ ᠪᠠᠢᠭᠰᠠᠨ ᠵᠤᠰᠠᠯᠠᠩ ᠤ᠋ᠨ ᠣᠷᠳᠣᠨ ᠬᠣᠲᠠ ᠱᠠᠩᠳᠤ ᠪᠣᠯ ᠲᠡᠷᠡ ᠴᠢᠭ ᠢ᠋ᠶ᠋ᠡᠷ ᠢ᠋ᠶ᠋ᠡᠨ ᠤᠷᠠᠯᠢᠭ ᠤ᠋ᠨ ᠬᠣᠲᠠ ᠪᠠᠢᠭᠰᠠᠨ ᠪᠥᠭᠡᠳ ᠣᠳᠣ ᠨᠢᠭᠡᠨᠲᠡ ᠣᠷᠣ ᠲᠠᠰᠤ ᠠᠷᠢᠯᠤᠨ ᠠᠯᠠᠭ᠎ᠠ ᠪᠣᠯᠵᠠᠢ᠃ ᠶᠤᠸᠠᠨ ᠤᠯᠤᠰ ᠤ᠋ᠨ ᠲᠥᠷᠥ ᠭᠡᠷᠡᠯ ᠭᠢᠯᠪᠠᠭ᠎ᠠ ᠪᠠᠨ ᠠᠯᠳᠠᠬᠤ ᠶ᠋ᠢᠨ ᠵᠡᠷᠭᠡᠳᠡ ᠰᠠᠯᠬᠢ ᠪᠣᠷᠣᠭᠠᠨ ᠡᠬᠢᠯᠡᠨ ᠡᠨᠡ ᠬᠣᠲᠠ ᠶ᠋ᠢ ᠠᠭᠠᠵᠢᠮ ᠢ᠋ᠶ᠋ᠠᠷ ᠡᠯᠡᠭᠡᠨ ᠨᠤᠷᠠᠭᠠᠵᠤ ᠡᠬᠢᠯᠡᠵᠡᠢ᠃ ᠵᠥᠪᠬᠡᠨ ᠡᠨᠡ ᠬᠠᠵᠠᠭᠤ ᠳ᠋ᠤᠨᠢ ᠪᠠᠢᠭ᠎ᠠ ᠵᠢᠵᠢᠭᠬᠡᠨ ᠠᠷᠠᠯᠵᠢᠶᠠᠨ ᠤ᠋ ᠬᠣᠲᠠ ᠯᠠ ᠬᠡᠳᠦᠨ ᠵᠠᠭᠤᠨ ᠵᠢᠯ ᠦ᠋ᠨ ᠲᠤᠷᠰᠢ ᠣᠷᠣᠰᠢᠨ ᠲᠣᠭᠲᠠᠨᠢᠬᠤ ᠲᠡᠮᠡᠴᠡᠯ ᠬᠢᠭᠰᠡᠭᠡᠷ ᠣᠳᠣ ᠳ᠋ᠤ᠌ ᠬᠦᠷᠦᠭᠰᠡᠨ ᠪᠠᠢᠨ᠎ᠠ᠃
ᠨᠡᠯᠢᠶᠡᠳ ᠬᠡᠳᠦᠨ ᠡᠳᠦᠷ ᠦ᠋ᠨ ᠲᠤᠯᠤᠨ ᠨᠠᠭᠤᠷ ᠳᠠᠬᠢ ᠠᠮᠢᠳᠤᠷᠠᠯ ᠤ᠋ᠨ ᠳᠤᠮᠳᠠ ᠪᠠᠨ ᠪᠢ ᠰᠢᠤᠳᠠᠨ ᠤ᠋ ᠨᠢᠭᠡ ᠠᠵᠢᠯᠲᠠᠨ ( ᠵᠢᠷᠤᠭ 55 ) ᠲᠠᠢ ᠲᠠᠨᠢᠯᠴᠠᠪᠠ᠃ ᠲᠡᠷᠡ ᠱᠠᠩᠬᠠᠢ ᠶ᠋ᠢᠨ ᠬᠥᠮᠦᠨ ᠪᠥᠭᠡᠳ ᠬᠡᠳᠦᠨ ᠰᠠᠷ᠎ᠠ ᠶ᠋ᠢᠨ ᠡᠮᠦᠨ᠎ᠡ ᠡᠨᠡ ᠬᠦ᠌ ᠭᠣᠪᠢ ᠶ᠋ᠢᠨ ᠬᠣᠲᠠ ᠳ᠋ᠤ᠌ ᠰᠢᠯᠵᠢᠨ ᠢᠷᠡᠵᠡᠢ ᠃ ᠲᠡᠭᠦᠨ ᠢ᠋ ᠨᠢᠭᠡ ᠥᠷᠯᠥᠭᠡ ᠰᠡᠷᠡᠭᠡᠳ ᠬᠠᠭᠠᠯᠭ᠎ᠠ ᠪᠠᠨ ᠣᠩᠭᠣᠢᠯᠭᠠᠬᠤ ᠦᠶ᠎ᠡ ᠳ᠋ᠦ᠍ ᠡᠭᠦᠳᠡᠨ ᠳᠡᠭᠡᠷ᠎ᠡ ᠨᠢ ᠨᠢᠭᠡ ᠶᠠᠫᠣᠨ ᠴᠡᠷᠢᠭ ᠵᠣᠭᠰᠣᠵᠤ ᠪᠠᠢᠪᠠ ᠭᠡᠨ᠎ᠡ᠃ ᠢᠩᠭᠢᠭᠡᠳ ᠲᠡᠷᠡ ᠨᠠᠳᠠ ᠳ᠋ᠤ᠌ ᠲᠤᠯᠤᠨ ᠨᠠᠭᠤᠷ ᠡᠵᠡᠯᠡᠭᠳᠡᠭᠰᠡᠨ ᠥᠩᠭᠡᠷᠡᠯᠲᠡ ᠶ᠋ᠢ ᠶᠠᠷᠢᠵᠤ ᠥᠭᠭᠦᠯ᠎ᠡ᠄
- 1933 ᠣᠨ ᠳ᠋ᠤ᠌ ᡁᠢᠯᠢ ᠶ᠋ᠢ ᠡᠵᠡᠯᠡᠭᠰᠡᠨ ᠦ᠌ ᠳᠠᠷᠠᠭᠠᠬᠠᠨ ᠶᠠᠫᠣᠨ ᠤ᠋ ᠣᠹᠢᠼᠧᠷ ᠪᠣᠯᠤᠨ ᠲᠥᠯᠥᠭᠡᠯᠡᠭᠴᠢ ᠬᠠᠶᠠ ᠠᠳᠠ ᠬᠠᠷᠠᠭᠳᠠᠵᠤ ᠡᠬᠢᠯᠡᠪᠡ᠃ ᠲᠡᠳᠡ ᠬᠡᠳᠦ ᠬᠣᠨᠣᠭᠠᠳ ᠠᠯᠠᠭ᠎ᠠ ᠪᠣᠯᠵᠤ᠂ ᠠᠬᠢᠭᠠᠳ ᠨᠡᠯᠢᠶᠡᠳ ᠠᠷᠪᠢᠨ ᠪᠣᠯᠤᠨ ᠪᠤᠴᠠᠨ ᠢᠷᠡᠭᠡᠳ ᠨᠢᠭᠡ ᠲᠣᠮᠣ ᠪᠠᠢᠰᠢᠩ ᠢ᠋ ᠬᠥᠯᠥᠰᠥᠯᠡᠨ ᠠᠪᠴᠤ ᠰᠠᠭᠤᠷᠢᠨ ᠢ᠋ᠶ᠋ᠠᠨ ᠪᠣᠯᠭᠠᠪᠠ᠃ ᠰᠠᠭᠤᠭᠠᠯᠢ ᠠᠷᠠᠳ ᠲᠡᠳᠡᠨ ᠢ᠋ ᠶᠠᠭᠤᠮ᠎ᠠ ᠪᠣᠯᠭᠠᠵᠤ ᠦᠵᠡᠭᠰᠡᠨ ᠦᠭᠡᠢ᠂ ᠬᠠᠷᠢᠨ ᠵᠠᠰᠠᠭ ᠤ᠋ᠨ ᠣᠷᠳᠣᠨ ᠤ᠋ ᠲᠠᠯ᠎ᠠ ᠶ᠋ᠢᠨ ᠬᠢᠨ ᠲᠡᠳᠡᠨ ᠢ᠋ ᠰᠡᠵᠢᠭᠯᠡᠵᠦ ᠪᠠᠢᠪᠠ᠃ ᠭᠡᠬᠦ ᠳ᠋ᠦ᠍ ᠲᠡᠳᠡᠨ ᠳ᠋ᠦ᠍ ᠡᠳᠡᠭᠡᠷ ᠬᠠᠷᠢᠴᠤᠳ ᠢ᠋ ᠬᠥᠭᠡᠭᠡᠨ ᠶᠠᠪᠤᠭᠤᠯᠬᠤ ᠵᠣᠷᠢᠭ ᠵᠢᠷᠦᠬᠡ ᠪᠠᠢᠭᠰᠠᠨ ᠦᠭᠡᠢ᠃ ᠠᠳᠠᠬᠢ ᠶ᠋ᠢ ᠬᠠᠮᠠᠭᠠᠯᠠᠬᠤ ᠴᠡᠷᠢᠭ ᠦ᠋ᠨ ᠪᠠᠭ᠎ᠠ ᠠᠩᠭᠢ ᠶ᠋ᠢ ᠨᠢᠭᠡ ᠬᠠᠷ᠎ᠠ ᠲᠠᠮᠠᠬᠢᠴᠢᠨ ᠳᠠᠷᠤᠭᠠᠯᠠᠳᠠᠭ ᠪᠥᠭᠡᠳ ᠶᠠᠫᠣᠨᠴᠤᠳ ᠤᠳᠠᠯ ᠦᠭᠡᠢ ᠲᠡᠭᠦᠨ ᠢ᠋ ᠬᠤᠳᠠᠯᠳᠤᠨ ᠠᠪᠴᠠᠢ᠃ ᠲᠣᠬᠢᠷᠠᠯᠴᠠᠭᠰᠠᠨ ᠰᠥᠨᠢ ᠨᠢ ᠪᠦᠬᠦ ᠮᠠᠨᠠᠭ᠎ᠠ ᠪᠠᠨ ᠵᠠᠢᠯᠠᠭᠤᠯᠤᠨ ᠠᠪᠠᠴᠢᠪᠠ᠃ ᠮᠠᠷᠭᠠᠰᠢ ᠥᠷᠯᠥᠭᠡ ᠨᠢ ᠲᠡᠳᠡᠨ ᠦ᠌ ᠣᠷᠣᠨ ᠳ᠋ᠤ᠌ ᠮᠠᠨᠵᠤ ᠤᠯᠤᠰ ᠤ᠋ᠨ ᠴᠡᠷᠢᠭ ᠬᠣᠲᠠ ᠶ᠋ᠢᠨ ᠬᠠᠭᠠᠯᠭᠠᠨ ᠳᠡᠭᠡᠷ᠎ᠡ ᠂ ᠶᠠᠫᠣᠨ ᠴᠡᠷᠢᠭ ᠦ᠋ᠳ ᠡᠯ᠎ᠡ ᠪᠠᠢᠭᠤᠯᠭ᠎ᠠ ᠶ᠋ᠢᠨ ᠡᠭᠦᠳᠡᠨ ᠳᠡᠭᠡᠷ᠎ᠡ ᠵᠣᠭᠰᠣᠵᠤ ᠪᠠᠢᠬᠤ ᠶ᠋ᠢ ᠬᠥᠮᠦᠰ ᠣᠯᠵᠤ ᠬᠠᠷᠠᠪᠠ᠃ ᠬᠢᠲᠠᠳ ᠨᠢᠭᠡ ᠭᠠᠩᠰᠠ ᠲᠠᠮᠠᠬᠢ ᠨᠡᠷᠡᠵᠦ ᠠᠪᠤᠭᠰᠠᠨ ᠢ᠋ᠶ᠋ᠠᠨ ᠦᠭᠡ ᠪᠡᠨ ᠦᠷᠭᠦᠯᠵᠢᠯᠡᠭᠦᠯᠪᠡ᠄
- ᠡᠬᠢᠯᠡᠭᠡᠳ ᠪᠢ ᠳᠤᠲᠠᠭᠠᠬᠤ ᠰᠠᠨᠠᠭ᠎ᠠ ᠲᠠᠢ᠃ ᠭᠡᠪᠡᠴᠦ ᠨᠢᠭᠡ ᠶᠠᠫᠣᠨ ᠣᠹᠢᠼᠧᠷ ᠨᠠᠳᠠ ᠳ᠋ᠤ᠌ ᠬᠡᠷᠪᠡ ᠰᠢᠤᠳᠠᠨ ᠢ ᠣᠷᠬᠢᠵᠤ ᠶᠠᠪᠤᠬᠤ ᠳ᠋ᠤ᠌ ᠬᠦᠷᠪᠡᠯ ᠫᠤᠤᠳᠠᠨ᠎ᠠ ᠭᠡᠮᠡᠨ ᠰᠠᠨᠠᠭᠤᠯᠤᠭᠰᠠᠨ ᠪᠣᠯᠬᠣᠷ ᠪᠢ ᠶᠠᠭᠠᠬᠢᠨ᠎ᠠ ᠳᠠ ? ᠪᠢ ᠠᠳᠠ ᠪᠠᠨ ᠦᠷᠭᠦᠯᠵᠢᠯᠡᠨ ᠠᠵᠢᠯᠯᠠᠵᠤ᠂ ᠴᠠᠯᠢᠩ ᠬᠥᠯᠥᠰᠥ ᠪᠡᠨ ᠤᠤᠯ ᠶᠣᠰᠣᠭᠠᠷ ᠠᠪᠬᠤ ᠲᠤᠯᠠ ᠶᠠᠭᠤ ᠭᠡᠵᠦ ᠥᠪᠡᠷ ᠦ᠋ᠨ ᠠᠮᠢ ᠨᠠᠰᠤ ᠪᠠᠷ ᠢ᠋ᠶ᠋ᠠᠨ ᠲᠣᠭᠯᠠᠨ᠎ᠠ ? ᠮᠥᠨ ᠶᠠᠭᠤ ᠭᠡᠵᠦ ᠪᠦᠬᠦ ᠭᠡᠷ ᠦ᠋ᠨ ᠢ᠋ᠶ᠋ᠡᠨ ᠠᠮᠢᠳᠤᠷᠠᠯ ᠣᠨᠳᠣᠷᠣᠯᠭ᠎ᠠ ᠶ᠋ᠢ ᠲᠠᠰᠤᠯᠤᠨ᠎ᠠ ᠪᠢᠯᠡ?
- ᠲᠡᠭᠡᠭᠡᠳ ᠲᠡᠷᠡ ᠴᠡᠷᠢᠭ ᠠᠩᠭᠢ ᠨᠢ ?
- ᠬᠣᠶᠠᠷ ᠭᠠᠷᠠᠭ ᠤ᠋ᠨ ᠲᠤᠷᠰᠢ ᠵᠡᠭᠡᠯᠢ ᠪᠡᠷ ᠵᠢᠭᠰᠠᠨ ᠨᠠᠭᠠᠰᠢ ᠴᠠᠭᠠᠰᠢ ᠶᠠᠪᠤᠵᠤ ᠯᠠ ᠪᠠᠢᠭᠰᠠᠨ᠃ ᠢᠩᠭᠢᠭᠡᠳ ᠪᠤᠰᠤᠳ ᠠᠯᠪᠠᠲᠠᠳ ᠴᠤ᠌ ᠨᠠᠳᠠ ᠲᠠᠢ ᠠᠳᠠᠯᠢᠬᠠᠨ ᠳᠠᠳᠤᠭᠰᠠᠨ ᠪᠠᠢᠳᠠᠯ ᠳ᠋ᠤ᠌ ᠣᠷᠣᠭᠰᠠᠨ ᠤ᠋ ᠳᠠᠷᠠᠭ᠎ᠠ ᠴᠡᠷᠢᠭ ᠠᠩᠭᠢ ᠨᠢ ᠵᠠᠢᠯᠠᠨ ᠤᠳᠤᠭᠠᠳ ᠴᠥᠭᠡᠬᠡᠨ ᠴᠡᠷᠢᠭ ᠯᠡ ᠦᠯᠡᠳᠡᠪᠡ᠃
- ᠲᠡᠭᠡᠪᠡᠯ ᠬᠠᠮᠢᠭ᠎ᠠ ᠠ᠋ᠴᠠ ᠢᠷᠡᠭᠰᠡᠨ ᠴᠡᠷᠢᠭ ᠠᠩᠭᠢ ᠭᠡᠭᠴᠢ ᠥᠷᠯᠥᠭᠡ ᠪᠣᠯᠭᠠᠨ ᠭᠠᠳᠠᠨ᠎ᠠ ᠪᠣᠯᠪᠠᠰᠤᠷᠠᠵᠤ ᠪᠠᠢᠳᠠᠭ ᠪᠣᠢ?
- ᠲᠡᠷᠡ ᠪᠣᠯ ᠣᠢᠷ᠎ᠠ ᠬᠠᠪᠢ ᠠ᠋ᠴᠠ ᠰᠢᠨ᠎ᠡ ᠪᠡᠷ ᠡᠯᠰᠡᠭᠰᠡᠨ ᠴᠡᠷᠢᠭ ᠦ᠋ᠳ᠃ ᠶᠠᠫᠣᠨᠴᠤᠳ ᠡᠨᠳᠡᠬᠢ ᠡᠷᠬᠡ ᠶ᠋ᠢ ᠠᠳᠬᠤᠮᠠᠭᠴᠠ ᠠᠷᠪᠠᠨ ᠵᠢᠷᠭᠤᠭ᠎ᠠ ᠠ᠋ᠴᠠ ᠬᠣᠷᠢᠨ ᠲᠠᠪᠤᠨ ᠨᠠᠰᠤᠨ ᠤ᠋ ᠬᠣᠭᠣᠷᠣᠨᠳᠣᠬᠢ ᠵᠠᠯᠠᠭᠤᠴᠤᠳ ᠢ᠋ ᠴᠤᠭᠯᠠᠭᠤᠯᠵᠤ᠂ ᠪᠡᠶ᠎ᠡ ᠶ᠋ᠢ ᠨᠢ ᠪᠠᠢᠴᠠᠭᠠᠨ ᠰᠢᠨ᠎ᠡ ᠴᠡᠷᠢᠭ ᠪᠣᠯᠭᠠᠵᠠᠢ᠃
- ᠲᠣᠭ᠎ᠠ ᠨᠢ ᠬᠡᠳᠦᠢ ᠪᠠᠢᠭ᠎ᠠ ᠶᠤᠮ ᠪᠣᠯ ? ᠭᠡᠵᠦ ᠨᠠᠮᠠᠶ᠋ᠢ ᠳᠠᠬᠢᠨ ᠠᠰᠠᠭᠤᠬᠤ ᠳ᠋ᠤ᠌ ᠲᠡᠷᠡ ᠬᠢᠲᠠᠳ ᠨᠠᠳᠠ ᠠ᠋ᠴᠠ ᠠᠶᠤᠭᠰᠠᠨ ᠮᠡᠲᠦ ᠬᠠᠷᠠᠵᠤ ᠠᠪᠤᠭᠰᠠᠨ ᠢ᠋ᠶ᠋ᠠᠨ :
- ᠪᠢ ᠮᠡᠳᠡᠬᠦ ᠦᠭᠡᠢ ᠳᠡ ! ᠪᠢ ᠮᠡᠳᠡᠯ᠎ᠡ ᠴᠦ᠍ ᠭᠡᠰᠡᠨ ᠡᠭᠦᠨ ᠢ᠋ ᠶᠠᠷᠢᠵᠤ ᠪᠣᠯᠬᠤ ᠦᠭᠡᠢ ᠶᠦᠮ ᠰᠢᠦ ᠭᠡᠯᠡ᠃
- ᠶᠠᠭᠤᠨ ᠤ᠋ ᠲᠥᠯᠥᠭᠡ ᠡᠨᠡ ᠠᠷᠮᠢ ᠶ᠋ᠢ ᠪᠣᠯᠪᠠᠰᠤᠷᠠᠭᠤᠯᠵᠤ ᠪᠠᠢᠭ᠎ᠠ ᠪᠣᠯ?
- ᠬᠥᠮᠦᠰ ᠦ᠋ᠨ ᠬᠡᠯᠡᠬᠦ ᠪᠡᠷ ᠴᠢᠭᠤᠯᠤᠯᠲᠤ ᠬᠠᠭᠠᠯᠭ᠎ᠠ ᠪᠣᠯᠤᠨ ᠪᠦᠬᠦ ᠴᠠᠬᠠᠷ ᠮᠣᠵᠢ ᠶ᠋ᠢ ᠡᠵᠡᠯᠡᠬᠦ ᠶᠦᠮ ᠭᠡᠨ᠎ᠡ᠃ ᠭᠡᠬᠦ ᠳ᠋ᠡᠭᠡᠨ ᠨᠠᠮᠠᠶ᠋ᠢ ᠱᠠᠩᠬᠠᠢ ᠳ᠋ᠤ᠌ ᠬᠦᠷᠬᠦ ᠡᠴᠡ ᠡᠮᠦᠨ᠎ᠡ ᠬᠡᠨ ᠳ᠋ᠦ᠍ ᠴᠦ᠍ ᠮᠢᠨᠦ ᠶᠠᠷᠢᠭᠰᠠᠨ ᠲᠤᠬᠠᠢ ᠶᠠᠷᠢᠵᠤ ᠪᠣᠯᠬᠤ ᠦᠭᠡᠢ ᠭᠡᠮᠡᠨ ᠲᠠᠨ ᠳ᠋ᠤ᠌ ᠨᠠᠢᠳᠠᠵᠤ ᠪᠠᠢᠨ᠎ᠠ᠃ ᠨᠢᠭᠡ ᠵᠢᠯ ᠦ᠋ᠨ ᠳᠠᠷᠠᠭ᠎ᠠ ᠶᠠᠫᠣᠨᠴᠤᠳ ᠨᠠᠳᠠ ᠳ᠋ᠤ᠌ ᠴᠢᠯᠥᠭᠡ ᠣᠯᠭᠣᠨ᠎ᠠ ᠭᠡᠰᠡᠨ ᠭᠡᠵᠦ ᠰᠢᠪᠡᠨᠡᠨ ᠶᠠᠷᠢᠯ᠎ᠠ᠃ ᠨᠢᠭᠡ ᠡᠷᠡᠭᠲᠡᠢ ᠡᠭᠦᠳᠡ ᠪᠡᠷ ᠣᠷᠣᠵᠤ ᠢᠷᠡᠬᠦ ᠳ᠋ᠦ᠍ ᠡᠨᠡ ᠬᠦ᠌ ᠰᠢᠤᠳᠠᠨ ᠤ᠋ ᠠᠵᠢᠯᠲᠠᠨ ᠶᠠᠷᠢᠯᠴᠠᠭ᠎ᠠ ᠪᠠᠨ ᠬᠤᠪᠢᠷᠠᠭᠤᠯᠵᠤ :
- ᠧᠦ᠋ᠷᠣᠫᠠ ᠳ᠋ᠤ᠌ ᠬᠦᠷᠬᠦ ᠵᠠᠬᠢᠳᠠᠯ ᠬᠣᠷᠢᠨ ᠲᠥᠭᠥᠷᠢᠭ᠂ ᠲᠠ ᠬᠡᠳᠦᠢ ᠰᠢᠤᠳᠠᠨ ᠮᠠᠷᠺ ᠠᠪᠬᠤ ᠪᠣᠢ? ᠭᠡᠯᠡ᠃ ᠮᠥᠨ ᠡᠢᠮᠦᠷᠬᠦᠦ ᠣᠪᠣᠷ ᠴᠢᠷᠠᠢ ᠪᠠᠷ ᠵᠣᠭᠣᠰ ᠢ᠋ ᠲᠣᠭᠠᠯᠠᠨ ᠠᠪᠴᠤ᠂ ᠵᠠᠬᠢᠳᠠᠯ ᠳᠡᠭᠡᠷ᠎ᠡ ᠲᠠᠮᠠᠭ᠎ᠠ ᠳᠠᠷᠤᠯ᠎ᠠ᠃ ᠲᠤᠯᠤᠨ ᠨᠠᠭᠤᠷ ᠳᠠᠬᠢ ᠪᠢᠳᠡᠨ ᠦ᠌ ᠬᠠᠮᠤᠭ ᠤ᠋ᠨ ᠰᠡᠭᠦᠯᠴᠢ ᠶ᠋ᠢᠨ ᠣᠷᠣᠢ ᠪᠢ ᠬᠠᠷᠢᠨ ᠬᠠᠭᠤᠴᠢᠨ ᠭᠠᠤᠯᠢᠨ ᠡᠳ᠋ᠯᠡᠯ ᠬᠠᠷᠠᠬᠤ ᠵᠠᠪᠰᠢᠶᠠᠨ ᠲᠠᠢ ᠪᠣᠯᠤᠯ᠎ᠠ᠃ ᠨᠢᠭᠡ ᠡᠷ᠎ᠡ ᠬᠦᠨᠳᠦ ᠪᠣᠭᠣᠳᠠᠯ ᠲᠠᠢ ᠶᠠᠭᠤᠮ᠎ᠠ ᠡᠭᠦᠷᠦᠨ ᠪᠢᠳᠡᠨ ᠦ᠌ ᠥᠷᠥᠭᠡᠨ ᠳ᠋ᠦ᠍ ᠣᠷᠣᠵᠤ ᠢᠷᠡᠭᠡᠳ ᠡᠭᠦᠳᠡ ᠪᠡᠨ ᠬᠠᠭᠠᠬᠤ ᠳ᠋ᠤ᠌ ᠯᠠ ᠶ᠋ᠢᠨ ᠭᠡᠷᠡᠯ ᠰᠦᠮᠡᠯᠵᠡᠨ ᠬᠥᠳᠡᠯᠦᠯ᠎ᠡ᠃ ᠲᠡᠷᠡ ᠪᠢᠳᠡᠨ ᠳ᠋ᠦ᠍ 《ᠳ᠋ᠦᠩ ᠰᠢ 》ᠦᠵᠡᠭᠦᠯᠦᠶ᠎ᠡ ᠭᠡᠵᠦ ᠶᠠᠷᠢᠪᠠ᠃ ᠪᠤᠵᠠᠷ ᠮᠠᠭᠤᠬᠠᠢ ᠤᠷᠠᠩᠬᠠᠢ ᠪᠥᠰ ᠦ᠋ᠨ ᠳᠣᠲᠣᠷ᠎ᠠ ᠪᠤᠷᠬᠠᠨ ᠤ᠋ ᠵᠢᠷᠤᠭ ᠲᠠᠢ ᠰᠦᠮ᠎ᠡ ᠶ᠋ᠢᠨ ᠪᠥᠰ ᠣᠷᠬᠢᠭᠤᠯ᠂ ᠵᠢᠵᠢᠭ ᠭᠠᠤᠯᠢᠨ ᠭᠥᠯᠢᠰ᠂ ᠬᠢᠲᠠᠳ ᠤ᠋ᠨ ᠮᠣᠳᠣᠨ ᠰᠡᠢᠯᠦᠮᠡᠯ ᠪᠠ ᠲᠡᠨᠢᠭᠡᠷ ᠦ᠋ᠨ ᠰᠡᠢᠯᠦᠮᠡᠯ ᠵᠡᠷᠭᠡ ᠬᠠᠷᠠᠭᠳᠠᠪᠠ᠃ ᠬᠠᠮᠤᠭ ᠤ᠋ᠨ ᠭᠣᠶᠣ ᠨᠢᠭᠡ ᠨᠢ ᠪᠣᠯ ᠠᠩᠬᠠᠨ ᠤ᠋ ᠬᠠᠷᠠᠴᠠ ᠪᠠᠷ ᠯᠠ ᠤᠷᠠᠨ ᠭᠠᠷ ᠲᠠᠢ ᠳᠠᠷᠬᠠᠨ ᠬᠥᠮᠦᠨ ᠬᠢᠯ᠎ᠡ ᠭᠡᠬᠦ ᠨᠢ ᠮᠡᠳᠡᠭᠳᠡᠬᠦ ᠨᠠᠷᠢᠯᠢᠭ ᠰᠠᠢᠬᠠᠨ ᠠᠯᠲᠠᠳᠠᠭᠰᠠᠨ ᠪᠤᠷᠬᠠᠨ ᠤ᠋ ᠱᠤᠭᠤᠮᠠᠯ ᠪᠣᠯᠤᠨ᠎ᠠ᠃ ᠭᠠᠳᠠᠨ᠎ᠠ ᠬᠥᠯ ᠦ᠋ᠨ ᠴᠢᠮᠡᠭᠡ ᠭᠠᠷᠬᠤ ᠶ᠋ᠢᠨ ᠵᠡᠷᠭᠡ ᠲᠡᠷᠡ ᠬᠢᠲᠠᠳ ᠪᠢᠳᠡᠨ ᠳ᠋ᠦ᠍ ᠡᠷᠭᠦᠨ ᠬᠠᠷᠠᠭᠤᠯᠵᠤ ᠪᠠᠢᠭᠰᠠᠨ ᠪᠣᠭᠣᠳᠠᠯ ᠢ᠋ᠶ᠋ᠠᠨ ᠬᠤᠮᠢᠨ ᠬᠤᠷᠢᠶᠠᠵᠤ᠂ ᠠᠶᠤᠭᠰᠠᠨ ᠮᠠᠶᠢᠭ ᠲᠠ᠊ᠢ ᠪᠠᠷ ᠭᠠᠳᠠᠨᠠᠬᠢ ᠶ᠋ᠢ ᠴᠢᠬᠢ ᠲᠠᠯᠪᠢᠨ ᠴᠢᠩᠨᠠᠪᠠ᠃ ᠴᠢᠮᠡᠭᠡ ᠠᠯᠳᠠᠷᠠᠭᠰᠠᠨ ᠤ᠋ ᠳᠠᠷᠠᠭ᠎ᠠ ᠰᠠᠶᠢ ᠲᠡᠷᠡ ᠶᠠᠭᠤᠮᠠᠰ ᠢ᠋ᠶ᠋ᠠᠨ ᠰᠢᠷᠡᠭᠡᠨ ᠳᠡᠭᠡᠷ᠎ᠡ ᠲᠠᠯᠪᠢᠯ᠎ᠠ᠃
- ᠡᠳᠡᠭᠡᠷ ᠶᠠᠭᠤᠮᠠᠰ ᠢ᠋ ᠨᠡᠢᠯᠡᠭᠦᠯᠦᠭᠡᠳ ᠬᠡᠳᠦᠢ ᠲᠥᠭᠥᠷᠢᠭ ᠢ᠋ᠶ᠋ᠡᠷ ᠥᠭᠭᠦᠨ᠎ᠡ ᠪᠣᠢ ? ᠭᠡᠵᠦ ᠪᠢ ᠠᠰᠠᠭᠤᠪᠠ᠃
- ᠬᠣᠶᠠᠷ ᠵᠠᠭᠤ ᠲᠠᠪᠢᠨ ᠲᠥᠭᠥᠷᠢᠭ᠃ ᠶᠠᠭ ᠦᠨᠡᠨ ᠢ᠋ ᠬᠡᠯᠡᠬᠦ ᠳ᠋ᠦ᠍ ᠭᠠᠭᠴᠠ ᠲᠡᠷᠡ ᠪᠤᠷᠬᠠᠨ ᠤ᠋ ᠱᠤᠭᠤᠮᠠᠯ ᠴᠤ᠌ ᠡᠨᠡ ᠦᠨ᠎ᠡ ᠳ᠋ᠦ᠍ ᠬᠦᠷᠬᠦ ᠶᠦᠮ᠃ ᠭᠡᠬᠦ ᠳ᠋ᠦ᠍ ᠪᠢᠳᠡ ᠭᠤᠷᠪᠠᠭᠤᠯᠠ ᠶ᠋ᠢᠨ ᠪᠡᠶ᠎ᠡ ᠳ᠋ᠦ᠍ ᠪᠠᠢᠭ᠎ᠠ ᠮᠥᠩᠭᠥ ᠴᠦ᠍ ᠨᠡᠢᠯᠡᠭᠡᠳ ᠵᠠᠭᠤᠨ ᠲᠥᠭᠥᠷᠢᠭ ᠬᠦᠷᠬᠦ ᠦᠭᠡᠢ ᠪᠣᠯᠬᠣᠷ ᠭᠤᠴᠢᠨ ᠲᠥᠭᠥᠷᠢᠭ ᠭᠡᠵᠦ ᠪᠢ ᠶᠠᠷᠢᠯ᠎ᠠ᠃ ᠲᠡᠷᠡ ᠠᠭᠤᠷᠲᠠᠢ ᠭᠡᠭᠴᠢ ᠪᠡᠷ ᠶᠠᠭᠤᠮ᠎ᠠ ᠪᠠᠨ ᠪᠣᠭᠣᠳᠠᠯᠯᠠᠨ ᠠᠪᠤᠭᠠᠳ ᠡᠭᠦᠳᠡ ᠬᠦᠷᠲᠡᠯ᠎ᠡ ᠡᠭᠦᠷᠦᠨ ᠠᠯᠬᠤᠪᠠ᠃ ᠲᠡᠨᠳᠡ ᠪᠡᠨ ᠲᠡᠷᠡ ᠪᠠᠬᠠᠨ ᠪᠣᠳᠣᠯᠬᠢᠯᠠᠵᠤ ᠠᠪᠤᠭᠰᠠᠨ ᠢ᠋ᠶ᠋ᠠᠨ ᠮᠥᠨ ᠠᠭᠤᠷᠲᠠᠢ ᠪᠤᠴᠠᠨ ᠢᠷᠡᠭᠡᠳ ᠬᠣᠶᠠᠷ ᠵᠠᠭᠤᠨ ᠲᠥᠭᠥᠷᠢᠭ ᠪᠣᠯ ᠬᠠᠮᠤᠭ ᠤ᠋ᠨ ᠰᠡᠭᠦᠯᠴᠢ ᠶ᠋ᠢᠨ ᠦᠨ᠎ᠡ ᠭᠡᠮᠡᠨ ᠶᠠᠷᠢᠪᠠ᠃ ᠡᠰᠡᠷᠭᠦ ᠳ᠋ᠦ᠍ᠨᠢ ᠪᠢ ᠳᠠᠬᠢᠨ ᠨᠢᠭᠡ ᠲᠥᠭᠥᠷᠢᠭ ᠨᠡᠮᠡᠯ᠎ᠡ᠃ ᠮᠥᠨ ᠡᠨᠡ ᠮᠠᠶᠢᠭ ᠢ᠋ᠶ᠋ᠠᠷ ᠰᠥᠨᠢ ᠶ᠋ᠢᠨ ᠭᠦᠨ ᠪᠣᠯᠲᠠᠯ᠎ᠠ ᠦᠷᠭᠦᠯᠵᠢᠯᠡᠭᠡᠳ ᠬᠠᠮᠤᠭ ᠤ᠋ᠨ ᠡᠴᠦᠰ ᠲᠦ᠍ ᠪᠢ ᠪᠦᠬᠦ 《ᠳ᠋ᠦᠩ ᠰᠢ 》 ᠶ᠋ᠢ ᠲᠠᠪᠢᠨ ᠭᠤᠷᠪᠠᠨ ᠲᠥᠭᠥᠷᠢᠭ ᠢ᠋ᠶ᠋ᠡᠷ ᠬᠤᠳᠠᠯᠳᠤᠨ ᠠᠪᠤᠯ᠎ᠠ᠃ ᠪᠠᠳᠠᠨ ᠤ᠋ ᠬᠥᠮᠦᠨ ᠪᠣᠯᠭᠠᠨ ᠥᠪᠡᠷ ᠦ᠋ᠨ ᠳᠤᠷᠠᠲᠠᠢ ᠵᠦᠢᠯᠡᠰ ᠢ᠋ᠶ᠋ᠡᠨ ᠰᠣᠩᠭᠣᠨ ᠠᠪᠴᠠᠭᠠᠪᠠ᠃ ᠨᠠᠷᠢᠯᠢᠭ ᠬᠢᠴᠡ ᠲᠡᠢ ᠪᠤᠷᠬᠠᠨ ᠤ᠋ ᠱᠤᠭᠤᠮᠠᠯ ᠮᠢᠨᠦ ᠥᠮᠴᠢ ᠪᠣᠯᠪᠠ᠃ ᠣᠳᠣ ᠨᠠᠳᠠ ᠳ᠋ᠤ᠌ ᠲᠤᠯᠭᠠᠷᠠᠵᠤ ᠪᠠᠢᠭ᠎ᠠ ᠠᠰᠠᠭᠤᠳᠠᠯ ᠪᠣᠯ ᠬᠡᠷᠬᠢᠨ ᠲᠡᠭᠦᠨ ᠢ᠋ ᠪᠡᠭᠡᠵᠢᠩ ᠳ᠋ᠦ᠍ ᠭᠡᠮᠲᠦᠭᠡᠯ ᠦᠭᠡᠢ ᠠᠪᠠᠴᠢᠬᠤ ᠶᠠᠪᠤᠳᠠᠯ ᠪᠣᠯᠤᠨ᠎ᠠ᠃ ᠨᠢᠭᠡ ᠪᠦᠯᠦᠭ ᠬᠤᠪᠴᠠᠰᠤ ᠬᠤᠨᠠᠷ ᠢ᠋ᠶ᠋ᠠᠨ ᠪᠠᠭᠯᠠᠬᠤ ᠳ᠋ᠤ᠌ ᠵᠠᠷᠤᠴᠠᠭᠤᠯᠤᠨ ᠪᠠᠰᠠ ᠨᠢᠭᠡ ᠴᠢᠯᠠᠭᠤᠨ ᠲᠣᠰᠣᠨ ᠤ᠋ ᠰᠠᠪᠠ ᠶ᠋ᠢᠨ ᠬᠠᠢᠷᠴᠠᠭ ᠣᠯᠵᠤ ᠳᠣᠲᠣᠷ᠎ᠠ ᠨᠢ ᠬᠢᠯ᠎ᠡ᠃ ᠮᠥᠨ ᠢᠩᠭᠢᠵᠦ ᠪᠢ ᠲᠤᠯᠤᠨ ᠨᠠᠭᠤᠷ ᠳᠠᠬᠢ ᠬᠠᠮᠤᠭ ᠤ᠋ᠨ ᠰᠡᠭᠦᠯᠴᠢ ᠶ᠋ᠢᠨ ᠬᠠᠭᠤᠴᠢᠨ ᠤ᠋ ᠨᠠᠷᠢᠯᠢᠭ ᠰᠠᠢᠬᠠᠨ ᠤᠷᠠᠯᠢᠭ ᠤ᠋ᠨ ᠪᠦᠲᠦᠭᠡᠯ ᠢ᠋ ᠠᠪᠤᠷᠠᠭᠰᠠᠨ ᠪᠢᠯᠡ᠃ ᠪᠢᠳᠡ ᠥᠷᠯᠥᠭᠡ ᠡᠷᠲᠡ ᠬᠥᠳᠡᠯᠦᠯ᠎ᠡ᠃ ᠭᠣᠪᠢ ᠬᠥᠩᠭᠡᠨ ᠮᠠᠰᠢᠨ ᠮᠢᠨᠢ ᠡᠯᠡᠰᠦ ᠲᠣᠭᠲᠠᠭᠰᠠᠨ ᠬᠣᠲᠠ ᠶ᠋ᠢᠨ ᠵᠠᠬ᠎ᠠ ᠶ᠋ᠢᠨ ᠵᠠᠮ ᠢ᠋ ᠲᠤᠭᠤᠯᠤᠨ ᠭᠠᠷᠤᠭᠠᠳ ᠲᠠᠯ᠎ᠠ ᠳᠡᠭᠡᠷ᠎ᠡ ᠬᠦᠷᠦᠮᠡᠭᠴᠡ ᠨᠢᠰᠬᠦ ᠮᠡᠲᠦ ᠲᠦᠷᠭᠡᠨ ᠳᠣᠪᠲᠣᠯᠵᠤ ᠡᠬᠢᠯᠡᠪᠡ᠃ ᠷᠠᠰᠢ ᠡᠨᠡ ᠤᠳᠠᠭ᠎ᠠ ᠵᠠᠮ ᠢ᠋ ᠲᠣᠪ ᠲᠣᠳᠣᠷᠬᠠᠢ ᠲᠠᠢᠯᠪᠤᠷᠢᠯᠠᠨ ᠶᠠᠷᠢᠵᠤ ᠴᠢᠳᠠᠬᠤ ᠠᠵᠢ᠃ ᠪᠢᠳᠡ ᠴᠥᠮ ᠤᠷᠮ᠎ᠠ ᠲᠠᠢ ᠪᠤᠯᠵᠠᠭᠠᠵᠤ᠂ ᠠᠮᠠ ᠠᠮᠠᠨ ᠳ᠋ᠠᠭᠠᠨ ᠨᠤᠲᠤᠭ ᠤ᠋ᠨ ᠳᠠᠭᠤᠤ ᠪᠠᠨ ᠭᠢᠩᠰᠢᠵᠡᠭᠡᠵᠦ ᠪᠠᠢᠪᠠ᠃ ᠭᠡᠨᠡᠳᠲᠡ ᠡᠮᠦᠨ᠎ᠡ ᠮᠠᠨᠢ ᠮᠣᠷᠢᠲᠠᠳ ᠤ᠋ᠨ ᠡᠩᠨᠡᠭᠡ ᠬᠠᠷᠠᠭᠳᠠᠵᠤ᠂ ᠲᠡᠳᠡ ᠪᠢᠳᠡᠨ ᠲᠡᠢ ᠨᠢᠭᠡ ᠴᠢᠭᠯᠡᠯ ᠳ᠋ᠦ᠍ ᠬᠠᠲᠠᠷᠢᠭᠤᠯᠵᠤ ᠪᠠᠢᠯ᠎ᠠ᠃
- ᠳᠡᠭᠡᠷᠡᠮᠴᠢᠳ ᠤᠤ? ᠭᠡᠵᠦ ᠫᠠᠪᠯᠤ᠋ ᠠᠰᠠᠭᠤᠪᠠ᠃
- ᠲᠡᠢᠮᠦ ᠰᠢᠭ ᠬᠠᠷᠠᠭᠳᠠᠵᠤ ᠪᠠᠢᠨ᠎ᠠ ᠭᠡᠵᠦ ᠪᠢ ᠬᠠᠷᠢᠭᠤᠯᠪᠠ᠃ ᠪᠢᠳᠡ ᠪᠣᠯᠭᠣᠮᠵᠢᠲᠠᠢ ᠳᠠᠪᠬᠢᠭᠤᠯᠤᠭᠰᠠᠭᠠᠷ ᠪᠠᠢᠪᠠ᠃ ᠪᠢᠳᠡᠨ ᠳ᠋ᠦ᠍ ᠡᠰᠡᠷᠭᠦᠴᠡᠬᠦ ᠵᠡᠪᠰᠡᠭ ᠠᠯᠠᠭ᠎ᠠ ᠪᠥᠭᠡᠳ ᠪᠤᠴᠠᠬᠤ ᠰᠠᠨᠠᠭ᠎ᠠ ᠴᠤ᠌ ᠦᠭᠡᠢ ᠪᠠᠢᠪᠠ᠃ ᠬᠠᠲᠠᠷᠢᠭᠤᠯᠵᠤ ᠪᠠᠢᠭᠰᠠᠨ ᠡᠩᠨᠡᠭᠡ ᠭᠡᠨᠡᠳᠲᠡ ᠵᠣᠭᠰᠣᠭᠠᠳ ᠳᠣᠪᠣᠴᠠᠭ ᠳᠡᠭᠡᠷ᠎ᠡ ᠮᠥᠷᠯᠡᠨ ᠵᠢᠭᠰᠠᠬᠤ ᠨᠢ ᠬᠠᠷᠠᠭᠳᠠᠪᠠ᠃ ᠪᠢᠳᠡᠨ ᠦ᠌ ᠮᠠᠰᠢᠨ ᠣᠢᠷᠠᠳᠬᠤ ᠦᠶ᠎ᠡ ᠳ᠋ᠦ᠍ ᠰᠡᠵᠢᠭᠲᠡᠢ ᠬᠠᠷᠠᠭᠳᠠᠵᠤ ᠪᠠᠢᠭᠰᠠᠨ ᠲᠡᠷᠡ ᠡᠷ᠎ᠡ ᠪᠠᠷᠠᠭᠤᠨ ᠭᠠᠷ ᠢ᠋ᠶ᠋ᠠᠨ ᠠᠷᠠᠰᠤᠨ ᠮᠠᠯᠠᠭᠠᠢ ᠳ᠋ᠠᠭᠠᠨ ᠬᠦᠷᠭᠡᠵᠦ᠂ ᠴᠡᠷᠢᠭ ᠦ᠋ᠨ ᠮᠡᠨᠳᠦ ᠬᠢᠯ᠎ᠡ᠃ ᠪᠢᠳᠡ ᠴᠦ᠍ ᠬᠠᠷᠢᠭᠤ ᠶᠣᠰᠣ ᠬᠢᠭᠡᠳ ᠳᠥᠩᠭᠡᠵᠦ ᠥᠩᠭᠡᠷᠡᠮᠡᠭᠴᠡ ᠪᠦᠭᠦᠳᠡᠭᠡᠷ ᠢ᠋ᠶ᠋ᠡᠨ ᠬᠠᠳᠠᠭᠠᠨᠠᠲᠠᠯ᠎ᠠ ᠢᠨᠢᠶᠡᠯᠳᠦᠪᠡ᠃
- ᠳᠠᠪᠬᠢᠵᠤ ᠪᠠᠢᠭ᠎ᠠ ᠭᠣᠪᠢ ᠬᠥᠩᠭᠡᠨ ᠮᠠᠰᠢᠨ ᠳᠡᠭᠡᠷ᠎ᠡ ᠡᠴᠡ ᠴᠡᠷᠢᠭ ᠰᠢᠯᠭᠠᠨ ᠦᠵᠡᠬᠦ ᠨᠢ ᠬᠦᠨᠳᠦᠲᠡᠢ ᠰᠠᠨᠠᠭᠳᠠᠵᠤ ᠪᠠᠢᠨ᠎ᠠ ᠭᠡᠵᠦ ᠫᠠᠪᠯᠤ᠋ ᠶᠠᠷᠢᠯ᠎ᠠ᠃ ᠡᠨᠡ ᠪᠠᠭ᠎ᠠ ᠶᠠᠪᠤᠳᠠᠯ ᠥᠩᠭᠡᠷᠡᠭᠰᠡᠨ ᠦ᠌ ᠳᠠᠷᠠᠭ᠎ᠠ ᠤᠳᠠᠯ ᠦᠭᠡᠢ ᠪᠢᠳᠡ ᠵᠢᠵᠢᠭᠬᠡᠨ ᠭᠣᠣᠯ ᠤ᠋ᠨ ᠬᠡᠪᠡᠯᠢᠨ ᠳ᠋ᠦ᠍ ᠰᠢᠪᠠᠷᠳᠠᠪᠠ᠃ ᠵᠢᠯᠣᠭᠣᠴᠢ ᠠᠪᠤᠭᠠᠢ ᠮᠠᠨᠢ ᠡᠢᠮᠦ ᠶᠠᠭᠤᠮ᠎ᠠ ᠳᠠᠬᠢᠵᠤ ᠪᠦᠦ ᠯᠡ ᠲᠣᠬᠢᠶᠠᠯᠳᠤᠭᠠᠰᠠᠢ ᠭᠡᠵᠦ ᠶᠠᠷᠢᠭᠠᠳ᠂ ᠲᠡᠷᠭᠡ ᠪᠡᠨ ᠬᠣᠢᠰᠢ ᠪᠠᠨ ᠤᠬᠤᠷᠢᠭᠤᠯᠤᠭᠰᠠᠨ ᠪᠣᠯᠪᠠᠴᠤ ᠶᠠᠭ ᠭᠣᠣᠯ ᠳᠤᠮᠳᠠ ᠨᠢ ᠬᠦᠷᠦᠭᠡᠳ ᠨᠠᠭᠠᠰᠢ ᠴᠤ᠌ ᠦᠭᠡᠢ ᠴᠠᠭᠠᠰᠢ ᠴᠤ᠌ ᠦᠭᠡᠢ ᠪᠣᠯᠪᠠ᠃ ᠲᠣᠰᠣ ᠪᠠᠨ ᠨᠡᠮᠡᠨ ᠬᠦᠴᠦᠯᠡᠭᠰᠡᠨ ᠪᠣᠯᠪᠠᠴᠤ ᠰᠢᠪᠠᠷ ᠲᠠᠢ ᠤᠰᠤ ᠶ᠋ᠢ ᠬᠣᠢᠰᠢ ᠪᠠᠨ ᠥᠰᠥᠷᠬᠡᠨ᠂ ᠤᠯᠠᠮ ᠳᠣᠷᠣᠭᠰᠢ ᠪᠠᠨ ᠰᠢᠭᠢᠳᠬᠦ ᠡᠴᠡ ᠥᠭᠡᠷ᠎ᠡ ᠶᠠᠮᠠᠷ ᠴᠤ᠌ ᠨᠡᠮᠡᠷᠢ ᠭᠡᠵᠦ ᠠᠯᠠᠭ᠎ᠠ᠃ ᠠᠯᠤᠰ ᠲᠤ᠌ ᠠᠢᠯ ᠤ᠋ᠨ ᠪᠠᠢᠰᠢᠩ ᠤ᠋ᠳ ᠬᠠᠷᠠᠭᠳᠠᠵᠤ ᠪᠠᠢᠪᠠ᠃ ᠲᠡᠳᠡᠨ ᠳ᠋ᠦ᠍ ᠪᠢᠳᠡᠨ ᠦ᠌ ᠠᠳᠠ ᠪᠠᠢᠭ᠎ᠠ ᠭᠡᠳᠡᠭ ᠢ᠋ ᠮᠡᠳᠡᠭᠦᠯᠬᠦ ᠶ᠋ᠢᠨ ᠲᠤᠯᠠᠳᠠ ᠯᠠᠪᠠᠷ ᠢ᠋ᠶ᠋ᠠᠨ ᠬᠦᠴᠦᠲᠡᠢ ᠤᠳᠠᠭᠠᠨ ᠳᠤᠤᠭᠠᠷᠭᠠᠭᠰᠠᠨ ᠤ᠋ ᠰᠡᠭᠦᠯᠡᠷ ᠵᠦᠯᠭᠡᠨ ᠳᠡᠭᠡᠷ᠎ᠡ ᠰᠠᠭᠤᠵᠠᠭᠠᠵᠤ᠂ ᠥᠷᠯᠥᠭᠡ ᠶ᠋ᠢᠨ ᠴᠠᠢ ᠪᠠᠨ ᠲᠠᠪᠠᠲᠠᠢᠬᠠᠨ ᠤᠤᠭᠤᠵᠠᠭᠠᠪᠠ᠃ ᠰᠠᠶᠢ ᠠᠷᠪᠠᠨ ᠴᠠᠭ ᠪᠣᠯᠵᠤ ᠪᠠᠢᠭ᠎ᠠ ᠪᠥᠭᠡᠳ ᠨᠠᠷᠠ ᠴᠦ᠍ ᠳᠡᠭᠡᠷ᠎ᠡ ᠬᠥᠭᠡᠷᠴᠦ ᠭᠠᠷᠤᠭ᠎ᠠ ᠦᠭᠡᠢ ᠲᠤᠯᠠ ᠪᠢᠳᠡᠨ ᠳ᠋ᠦ᠍ ᠴᠠᠭ ᠪᠠᠢᠬᠤ ᠯᠠ ᠳᠠ᠃ ᠢᠩᠭᠢᠭᠡᠳ ᠬᠠᠶᠠ ᠨᠢᠭᠡ ᠶᠠᠪᠠᠭᠠᠨ ᠬᠥᠮᠦᠨ᠂ ᠦᠬᠡᠷ ᠲᠡᠷᠭᠡ ᠲᠡᠢ ᠬᠥᠮᠦᠨ ᠭᠡᠬᠦ ᠮᠡᠲᠦ ᠪᠡᠷ ᠪᠢᠳᠡᠨ ᠦ᠌ ᠵᠦᠭ ᠴᠤᠭᠯᠠᠷᠠᠭᠰᠠᠭᠠᠷ ᠨᠡᠯᠢᠶᠡᠳ ᠲᠠᠷᠢᠶᠠᠴᠢᠨ ᠪᠢᠳᠡᠨ ᠢ᠋ ᠲᠣᠭᠣᠷᠢᠨ ᠵᠣᠭᠰᠣᠵᠠᠭᠠᠪᠠ᠃ ᠡᠳᠡᠨᠥᠰ ᠪᠣᠯ ᠲᠥᠷᠥᠯᠬᠢ ᠮᠠᠢᠮᠠᠢᠴᠢᠨ ᠤ᠋ ᠵᠦᠩ ᠪᠢᠯᠢᠭ ᠢ᠋ᠶ᠋ᠡᠷ ᠢ᠋ᠶ᠋ᠡᠨ ᠠᠳᠠ ᠣᠯᠵᠠ ᠣᠯᠬᠤ ᠪᠣᠯᠤᠮᠵᠢ ᠪᠣᠢ ᠶ᠋ᠢ ᠣᠯᠵᠤ ᠬᠠᠷᠠᠭᠰᠠᠨ ᠲᠠᠷᠢᠶᠠᠴᠢᠳ ᠠᠵᠢ᠃ ᠲᠡᠷᠭᠡ ᠴᠦ᠍ ᠲᠡᠢᠮᠦ ᠭᠦᠨ ᠰᠢᠭᠢᠳᠴᠦ ᠣᠷᠣᠭ᠎ᠠ ᠦᠭᠡᠢ ᠪᠥᠭᠡᠳ ᠡᠨᠳᠡᠬᠢ ᠲᠡᠢ ᠣᠢᠷᠠᠬᠠᠨ ᠢ᠋ᠶ᠋ᠠᠷ ᠢ᠋ᠶ᠋ᠠᠨ ᠷᠠᠰᠢ ᠪᠣᠯᠤᠨ ᠵᠢᠯᠣᠭᠣᠴᠢ ᠬᠣᠶᠠᠷ ᠲᠡᠳᠡᠨ ᠲᠡᠢ ᠰᠠᠢᠬᠠᠨ ᠲᠣᠬᠢᠷᠠᠯᠴᠠᠨ᠎ᠠ ᠭᠡᠵᠦ ᠪᠢ ᠪᠣᠳᠣᠭᠰᠠᠨ ᠲᠤᠯᠠ ᠲᠡᠳᠡ ᠬᠣᠶᠠᠷ ᠢ ᠡᠳᠡᠭᠡᠷ ᠬᠢᠲᠠᠳ ᠲᠠᠢ ᠦᠨ᠎ᠡ ᠬᠠᠶᠠᠯᠴᠠᠭᠤᠯᠬᠤ ᠪᠠᠷ ᠦᠯᠡᠳᠡᠭᠡᠭᠡᠳ ᠬᠡᠰᠡᠭᠲᠡᠢ ᠴᠢᠯᠠᠭᠤ ᠪᠣᠯᠤᠨ ᠪᠠᠭᠯᠠᠷᠠᠨ ᠤᠷᠭᠤᠭᠰᠠᠨ ᠡᠪᠡᠰᠦᠨ ᠳᠡᠭᠡᠷ᠎ᠡ ᠦᠰᠦᠷᠬᠢᠯᠡᠨ ᠭᠢᠰᠬᠢᠭᠰᠡᠭᠡᠷ ᠭᠣᠣᠯ ᠤ᠋ᠨ ᠡᠰᠡᠷᠭᠦ ᠲᠠᠯ᠎ᠠ ᠳ᠋ᠤ᠌ ᠭᠠᠷᠴᠤ᠂ ᠰᠡᠳᠬᠢᠯ ᠥᠶᠥᠭᠬᠡᠨ ᠲᠣᠰᠬᠣᠨ ᠤᠷᠤᠭᠤ ᠠᠯᠬᠤᠯᠠᠪᠠ᠃ ᠪᠢᠳᠡ ᠨᠢᠭᠡ ᠪᠠᠢᠰᠢᠩ ᠤ᠋ᠨ ᠰᠡᠭᠦᠳᠡᠷ ᠲᠦ᠍ ᠰᠠᠭᠤᠭᠠᠳ ᠬᠥᠵᠥᠷ ᠲᠣᠭᠯᠠᠵᠤ ᠡᠬᠢᠯᠡᠪᠡ᠃ ᠨᠠᠷᠠ ᠤᠯᠠᠮ ᠳᠡᠭᠡᠭᠰᠢᠯᠡᠭᠰᠡᠭᠡᠷ ᠭᠣᠣᠯ ᠦᠳᠡ ᠪᠣᠯᠤᠭᠠᠳ ᠠᠬᠢᠨ ᠪᠠᠷᠠᠭᠤᠨᠰᠢ ᠪᠠᠨ ᠬᠠᠵᠠᠢᠵᠤ ᠡᠬᠢᠯᠡᠪᠡ᠃ 《ᠭᠣᠪᠢ ᠬᠥᠩᠭᠡᠨ ᠮᠠᠰᠢᠨ 》 ᠠ᠋ᠴᠠ ᠴᠢᠮᠡᠭᠡ ᠠᠯᠠᠭ᠎ᠠ᠃ ᠦᠳᠡ ᠶ᠋ᠢᠨ ᠬᠣᠢᠨᠠᠬᠢ ᠳᠥᠷᠪᠡᠨ ᠴᠠᠭ ᠪᠣᠯᠵᠤ ᠪᠢᠳᠡᠨ ᠢ ᠠᠷᠪᠠᠨ ᠲᠠᠪᠤᠳᠤᠭᠠᠷ ᠤᠳᠠᠭ᠎ᠠ ᠲᠣᠭᠯᠠᠭᠰᠠᠨ ᠤ᠋ ᠰᠡᠭᠦᠯᠡᠷ ᠪᠢ ᠰᠢᠪᠠᠷᠳᠠᠭᠰᠠᠨ ᠮᠠᠰᠢᠨ ᠤᠷᠤᠭᠤ ᠣᠴᠢᠬᠤ ᠰᠢᠢᠳ ᠭᠠᠷᠭᠠᠪᠠ᠃ ᠪᠠᠭᠠᠬᠠᠨ ᠰᠢᠪᠡᠷ ᠱᠠᠯᠴᠢᠭ ᠢ᠋ ᠲᠣᠭᠣᠷᠢᠨ ᠬᠣᠶᠠᠷ ᠪᠦᠯᠦᠭ ᠲᠠᠷᠢᠶᠠᠴᠢᠳ ᠰᠠᠭᠤᠵᠠᠭᠠᠵᠤ᠂ ᠣᠢᠷ᠎ᠠ ᠣᠷᠴᠢᠮ ᠦᠬᠡᠷ ᠦ᠋ᠳ ᠢᠳᠡᠰᠢᠯᠡᠵᠡᠭᠡᠨᠡ᠃ ᠬᠠᠷᠠᠬᠤ ᠳ᠋ᠤ᠌ ᠶᠠᠭ ᠯᠠ ᠡᠳᠡᠭᠡᠷ ᠲᠠᠷᠢᠶᠠᠴᠢᠳ ᠬᠣᠯᠠ ᠣᠢᠷ᠎ᠠ ᠠ᠋ᠴᠠ ᠴᠤᠭᠯᠠᠷᠠᠨ ᠶᠠᠷᠢᠯᠴᠠᠭᠠᠨ ᠤ᠋ ᠰᠠᠢᠬᠠᠨ ᠵᠠᠪᠰᠢᠶᠠᠨ ᠣᠯᠵᠤ ᠠᠪᠤᠭᠰᠠᠨ ᠮᠡᠲᠦ᠂ ᠡᠯᠳᠡᠪ ᠰᠣᠨᠢᠨ ᠰᠠᠢᠬᠠᠨ᠂ ᠱᠣᠭ ᠬᠣᠱᠣᠩ ᠶᠠᠷᠢᠵᠠᠭᠠᠨ ᠢᠨᠢᠶᠡᠯᠴᠡᠵᠡᠭᠡᠵᠦ ᠪᠠᠢᠪᠠ᠃ ᠬᠥᠮᠦᠨ ᠪᠣᠯᠭᠠᠨ ᠳ᠋ᠤ᠌ ᠬᠣᠶᠠᠷ ᠲᠥᠭᠥᠷᠢᠭ ᠦ᠋ᠨ ᠳᠡᠭᠡᠷ᠎ᠡ ᠣᠷᠣᠯᠴᠠᠭᠰᠠᠨ ᠦᠬᠡᠷ ᠪᠣᠯᠭᠠᠨ ᠳ᠋ᠤ᠌ ᠨᠢᠭᠡ ᠮᠥᠩᠭᠥᠨ ᠲᠥᠭᠥᠷᠢᠭ ᠨᠡᠢᠲᠡ ᠪᠠᠷᠤᠭ ᠲᠠᠪᠢ ᠢᠯᠡᠭᠦᠦ ᠲᠥᠭᠥᠷᠢᠭ ᠵᠠᠷᠤᠨ᠎ᠠ ᠭᠡᠬᠦ ᠪᠡᠷ ᠷᠠᠰᠢ ᠪᠣᠯᠤᠨ ᠵᠢᠯᠣᠭᠣᠴᠢ ᠬᠣᠶᠠᠷ ᠮᠢᠨᠢ ᠴᠥᠬᠥᠷᠡᠭᠰᠡᠨ ᠮᠠᠶᠢᠭᠲᠠᠢ ᠮᠠᠭᠤ ᠴᠢᠷᠠᠢᠯᠠᠨ᠎ᠠ᠃
- ᠠᠷᠪᠠᠨ ᠲᠥᠭᠥᠷᠢᠭ ! ᠭᠡᠵᠦ ᠪᠢ ᠶᠠᠷᠢᠬᠤ ᠳ᠋ᠤ᠌ ᠨᠢᠭᠡᠨ ᠵᠡᠷᠭᠡ ᠶ᠋ᠢᠨ ᠡᠰᠡᠷᠭᠦᠴᠡᠯ ᠦ᠋ᠨ ᠳᠠᠭᠤᠨ ᠰᠣᠨᠣᠰᠳᠠᠵᠤ ᠭᠠᠷᠪᠠ᠃ ᠮᠥᠨ ᠳᠣᠣᠷ᠎ᠠ ᠨᠢ ᠬᠠᠵᠠᠭᠤ ᠶ᠋ᠢᠨ ᠲᠠᠷᠢᠶᠠᠴᠢᠨ ᠤ᠋ ᠭᠠᠷ ᠠ᠋ᠴᠠ ᠲᠠᠰᠢᠭᠤᠷ ᠢ᠋ ᠨᠢ ᠪᠤᠯᠢᠶᠠᠨ ᠠᠪᠴᠤ᠂ ᠥᠷᠯᠥᠭᠡ ᠡᠷᠲᠡ ᠡᠴᠡ ᠬᠣᠢᠰᠢ ᠲᠠᠲᠠᠭᠤᠯᠬᠤ ᠪᠠᠷ ᠪᠡᠯᠡᠨ ᠪᠣᠯᠭᠠᠨ ᠤᠶᠠᠭᠰᠠᠨ ᠦᠬᠡᠷ ᠦ᠋ᠳ ᠢ ᠲᠠᠰᠢᠭᠤᠷᠳᠠᠨ᠂ ᠬᠥᠮᠦᠰ ᠢ᠋ ᠴᠦ᠍ ᠬᠦᠴᠦᠯᠡᠬᠦ ᠶ᠋ᠢ ᠱᠠᠭᠠᠷᠳᠠᠬᠤ ᠳ᠋ᠤ᠌ ᠲᠠᠪᠤᠬᠠᠨ ᠮᠢᠨᠦ᠋ᠲ ᠦ᠋ᠨ ᠳᠠᠷᠠᠭ᠎ᠠ ᠮᠠᠰᠢᠨ ᠮᠢᠨᠢ ᠬᠠᠭᠤᠷᠠᠢ ᠳ᠋ᠤ᠌ ᠭᠠᠷᠴᠤ ᠵᠣᠭᠰᠣᠪᠠ᠃ ᠡᠳᠡᠭᠡᠷ ᠲᠠᠷᠢᠶᠠᠴᠢᠳ ᠴᠤ᠌ ᠨᠠᠳᠠ ᠲᠠᠢ ᠠᠳᠠᠯᠢᠬᠠᠨ ᠰᠢᠪᠠᠷᠳᠠᠭᠰᠠᠨ ᠤᠴᠢᠷ ᠢ᠋ ᠡᠢᠮᠦ ᠬᠤᠷᠳᠤᠨ ᠰᠢᠢᠳᠪᠦᠷᠢᠯᠡᠭᠰᠡᠨ ᠳ᠋ᠦ᠍ ᠭᠠᠢᠬᠠᠵᠤ᠂ ᠪᠠᠶᠠᠷᠲᠠᠢᠬᠠᠨ ᠢᠨᠢᠶᠡᠮᠰᠦᠭᠯᠡᠭᠰᠡᠭᠡᠷ ᠰᠠᠨᠠᠭᠠᠨ ᠳ᠋ᠤ᠌ ᠦᠭᠡᠢ ᠣᠯᠤᠭᠰᠠᠨ ᠣᠯᠵᠠ ᠪᠠᠨ ᠡᠪᠦᠷ ᠤᠷᠤᠭᠤ ᠪᠠᠨ ᠬᠢᠵᠡᠭᠡᠪᠡ᠃
- ᠪᠢᠳᠡ ᠥᠨᠥᠳᠥᠷ ᠦᠷᠭᠦᠯᠵᠢᠯᠡᠨ ᠠᠶᠠᠯᠠᠵᠤ ᠪᠣᠯᠬᠤ ᠦᠭᠡᠢ ᠪᠣᠯᠵᠠᠢ᠃ ᠨᠣᠢᠲᠠᠨ ᠭᠠᠵᠠᠷ ᠨᠢ ᠬᠡᠲᠦᠷᠬᠡᠢ ᠱᠠᠯᠴᠢᠭ ᠲᠠᠢ᠂ ᠮᠠᠷᠭᠠᠰᠢ ᠥᠷᠯᠥᠭᠡ ᠬᠥᠯᠳᠡᠬᠦ ᠮᠠᠭᠠᠳ ᠂ ᠲᠡᠭᠡᠪᠡᠯ ᠶᠠᠪᠤᠬᠤ ᠳ᠋ᠤ᠌ ᠶᠡᠬᠡ ᠠᠮᠠᠷ ᠪᠣᠯᠤᠨ᠎ᠠ ᠭᠡᠵᠦ ᠷᠠᠰᠢ ᠶᠠᠷᠢᠪᠠ᠃ ᠪᠢ ᠲᠦᠷᠦᠭᠦᠬᠡᠨ ᠬᠥᠵᠥᠷ ᠲᠣᠭᠯᠠᠵᠤ ᠪᠠᠢᠭᠰᠠᠨ ᠲᠣᠰᠬᠣᠨ ᠳ᠋ᠤ᠌ ᠬᠣᠨᠣᠭᠯᠠᠬᠤ ᠰᠠᠨᠠᠭᠤᠯᠭ᠎ᠠ ᠭᠠᠷᠭᠠᠪᠠ᠃ ᠫᠠᠸᠥ᠋ᠯ ᠺᠸᠯᠯᠸᠷ ᠪᠣᠳᠣᠰᠬᠢᠭᠰᠡᠨ ᠢ᠋ᠶ᠋ᠡᠨ:
- ᠬᠢᠲᠠᠳ ᠤ᠋ᠳ ᠠᠷᠠᠢ ᠥᠰᠢᠶ᠎ᠡ ᠠᠪᠬᠤ ᠦᠭᠡᠢ ᠪᠢᠵᠡ ? ᠭᠡᠵᠦ ᠠᠰᠠᠭᠤᠪᠠ᠃
- ᠶᠠᠭ ᠡᠰᠡᠷᠭᠦ ! ᠲᠡᠳᠡ ᠣᠯᠳᠠᠬᠤ ᠶ᠋ᠢᠨ ᠬᠢᠷᠢ ᠳ᠋ᠡᠬᠢ ᠬᠠᠮᠤᠭ ᠤ᠋ᠨ ᠰᠠᠢᠨ ᠮᠢᠬ᠎ᠠ ᠪᠠᠨ ᠭᠠᠷᠭᠠᠨ ᠪᠢᠳᠡᠨ ᠢ᠋ ᠳᠠᠢᠯᠠᠬᠤ ᠪᠣᠯᠤᠨ᠎ᠠ ᠭᠡᠵᠦ ᠪᠢ ᠬᠠᠷᠢᠭᠤᠯᠪᠠ᠃ ᠶᠠᠭ ᠯᠠ ᠮᠢᠨᠦ ᠶᠠᠷᠢᠭᠰᠠᠨ ᠰᠢᠭ᠋ ᠢ᠋ᠶ᠋ᠡᠷ ᠪᠢᠳᠡᠨ ᠢ᠋ ᠨᠢᠭᠡ ᠪᠣᠭᠣᠨᠢᠬᠠᠨ ᠰᠢᠪᠠᠷ ᠪᠠᠢᠰᠢᠩ ᠤ᠋ᠨ ᠡᠭᠦᠳᠡᠨ ᠳ᠋ᠦ᠍ ᠬᠦᠷᠴᠦ ᠵᠣᠭᠰᠣᠬᠤ ᠲᠠᠢ ᠦᠭᠡᠢ ᠲᠡᠢ ᠪᠦᠲᠦᠨ ᠡᠳᠦᠷ ᠦ᠋ᠨ ᠲᠤᠷᠰᠢ ᠦᠨ᠎ᠡ ᠥᠰᠬᠡᠨ᠎ᠡ ᠭᠡᠵᠦ ᠠᠭᠠᠰᠢᠯᠠᠵᠤ ᠪᠠᠢᠭᠰᠠᠨ ᠲᠠᠷᠢᠶᠠᠴᠢᠨ ᠡᠷ᠎ᠡ ᠭᠠᠷ ᠲᠠᠭᠠᠨ ᠲᠠᠬᠢᠶ᠎ᠠ᠂ ᠥᠨᠳᠡᠭᠡ ᠵᠢᠴᠢ ᠣᠳᠤᠭᠰᠠᠨ ᠭᠠᠬᠠᠢ ᠶ᠋ᠢᠨ ᠮᠢᠬ᠎ᠠ ᠪᠠᠷᠢᠨ ᠰᠢᠨ᠎ᠡ ᠮᠠᠢᠮᠠᠢ ᠬᠢᠬᠦ ᠪᠡ᠊ᠷ ᠬᠦᠷᠴᠦ ᠢᠷᠡᠪᠡ᠃ ᠷᠠᠰᠢ ᠶ᠋ᠢᠨ ᠮᠡᠳᠡᠭᠡᠯᠡᠯ ᠴᠦ᠍ ᠵᠥᠪ ᠪᠣᠯᠵᠠᠢ᠃ ᠡᠷᠲᠡ ᠶ᠋ᠢᠨ ᠰᠡᠷᠢᠭᠦᠨ ᠳ᠋ᠦ᠍ ᠪᠢᠳᠡᠨ ᠢ᠋ ᠮᠣᠷᠳᠠᠬᠤ ᠳ᠋ᠤ᠌ ᠭᠠᠵᠠᠷ ᠴᠢᠯᠠᠭᠤ ᠰᠢᠭ᠋ ᠬᠠᠲᠠᠭᠤ ᠪᠣᠯᠵᠤ ᠬᠥᠯᠳᠡᠭᠡᠳ᠂ ᠲᠡᠢᠮᠦ ᠲᠡᠭᠰᠢ ᠪᠤᠰᠤ ᠰᠠᠢᠬᠠᠨ ᠲᠠᠯ᠎ᠠ ᠳᠡᠭᠡᠭᠦᠷ ᠭᠣᠪᠢ ᠬᠥᠩᠭᠡᠨ ᠮᠠᠰᠢᠨ ᠮᠢᠨᠢ ᠶᠠᠭ ᠯᠠ ᠳᠡᠭᠵᠢᠨ ᠤᠨᠠᠭ᠎ᠠ ᠰᠢᠭ᠋ ᠦᠰᠦᠷᠬᠢᠯᠡᠨ ᠳᠠᠪᠬᠢᠵᠤ ᠶᠠᠪᠤᠯ᠎ᠠ᠃ ᠵᠠᠮ ᠲᠤᠷᠰᠢ ᠨᠢᠭᠡ ᠴᠦ᠍ ᠬᠢᠲᠠᠳ ᠤ᠋ᠨ ᠴᠡᠷᠢᠭ ᠭᠡᠵᠦ ᠦᠵᠡᠭᠳᠡᠭᠰᠡᠨ ᠦᠭᠡᠢ᠂ ᠬᠠᠷᠢᠨ ᠬᠦᠩ ᠴᠧ ᠬᠡᠮᠡᠬᠦ ᠥᠨᠳᠥᠷ ᠬᠡᠷᠡᠮ ᠳ᠋ᠦ᠍ ᠬᠦᠷᠢᠶᠡᠯᠡᠭᠳᠡᠭᠰᠡᠨ ᠵᠢᠵᠢᠭᠬᠡᠨ ᠪᠠᠯᠭᠠᠰᠤ ᠬᠦᠷᠦᠭᠡᠳ ᠰᠠᠶᠢ ᠬᠠᠷᠠᠭᠳᠠᠪᠠ᠃ ᠲᠡᠳᠡ ᠭᠣᠪᠢ ᠬᠥᠩᠭᠡᠨ ᠮᠠᠰᠢᠨ ᠤ᠋ ᠪᠠᠷ᠎ᠠ ᠶ᠋ᠢ ᠬᠠᠷᠠᠩᠭᠤᠲᠠ ᠮᠣᠳᠣᠨ ᠡᠭᠦᠳᠡ ᠪᠡᠨ ᠶᠠᠭᠠᠷᠠ᠊ᠤ ᠰᠠᠨᠳᠤᠷᠤᠤ ᠬᠠᠭᠠᠪᠠ ᠃ ᠥᠨᠳᠥᠷ ᠬᠡᠷᠡᠮ ᠦ᠋ᠨ ᠳᠡᠭᠡᠭᠦᠷ ᠫᠤᠤ ᠶ᠋ᠢᠨ ᠦᠵᠦᠭᠦᠷ ᠴᠤᠬᠤᠯᠵᠠᠬᠤ ᠨᠢ ᠬᠠᠷᠠᠭᠳᠠᠨ᠎ᠠ᠃ ᠴᠠᠭ ᠲᠥᠷᠥ ᠶ᠋ᠢᠨ ᠬᠤᠪᠢᠷᠠᠯ ᠲᠠᠢ ᠪᠠᠢᠳᠠᠯ ᠳ᠋ᠤ᠌ ᠪᠢᠳᠡᠨ ᠢ᠋ ᠶᠠᠫᠣᠨ ᠤ᠋ ᠡᠵᠡᠯᠡᠭᠴᠢ ᠴᠡᠷᠢᠭ ᠭᠡᠵᠦ ᠮᠠᠭᠠᠳᠯᠠᠭᠰᠠᠨ ᠨᠢ ᠲᠣᠳᠣᠷᠬᠠᠢ ᠪᠠᠢᠨ᠎ᠠ᠃ ᠵᠢᠯᠣᠭᠣᠴᠢ ᠮᠠᠨᠢ ᠮᠠᠰᠢᠨ ᠢ᠋ᠶ᠋ᠠᠨ ᠨᠡᠯᠢᠶᠡᠳ ᠬᠣᠯᠠ ᠵᠣᠭᠰᠣᠭᠠᠭᠰᠠᠨ ᠤ᠋ ᠳᠠᠷᠠᠭ᠎ᠠ ᠪᠢ ᠲᠡᠳᠡᠭᠡᠷ ᠴᠡᠷᠢᠭ ᠲᠡᠢ ᠶᠠᠷᠢᠬᠤ ᠰᠠᠨᠠᠭ᠎ᠠ ᠲᠠᠢ ᠮᠠᠰᠢᠨ ᠠ᠋ᠴᠠ ᠪᠠᠨ ᠦᠰᠦᠷᠦᠨ ᠪᠠᠭᠤᠭᠠᠳ ᠬᠣᠶᠠᠷ ᠴᠤ᠌ ᠠᠯᠬᠤᠵᠤ ᠪᠣᠯᠤᠭ᠎ᠠ ᠦᠭᠡᠢ ᠪᠡᠷ ᠫᠤᠤ ᠶ᠋ᠢᠨ ᠵᠠᠮᠤᠭ ᠤ᠋ᠨ ᠳᠠᠭᠤ ᠰᠣᠨᠣᠰᠳᠠᠵᠤ ᠫᠤᠤ ᠪᠠᠨ ᠱᠠᠭᠠᠢᠬᠤ ᠨᠢ ᠬᠠᠷᠠᠭᠳᠠᠪᠠ᠃
- ᠲᠠ ᠲᠡᠷᠭᠡᠨ ᠳ᠋ᠡᠭᠡᠨ ᠭᠠᠷᠤᠭᠠᠷᠠᠢ ! ᠡᠳᠡᠨ ᠲᠡᠢ ᠶᠠᠷᠢᠵᠤ ᠴᠠᠭ ᠢ᠋ᠶ᠋ᠠᠨ ᠪᠠᠷᠠᠬᠤ ᠠ᠋ᠴᠠ ᠪᠢᠳᠡ ᠵᠠᠮ ᠢ᠋ᠶ᠋ᠠᠨ ᠲᠦᠷᠭᠡᠨ ᠬᠥᠭᠡᠭᠡᠬᠦ ᠨᠢ ᠳᠡᠭᠡᠷ᠎ᠡ ᠪᠠᠢᠬ᠎ᠠ ᠭᠡᠵᠦ ᠵᠢᠯᠣᠭᠣᠴᠢ ᠠᠪᠤᠭᠠᠢ ᠮᠢᠨᠢ ᠶᠠᠷᠢᠯ᠎ᠠ᠃ ᠴᠡᠷᠢᠭ ᠦ᠋ᠳ ᠦ᠋ᠨ ᠰᠠᠨᠳᠤᠷᠤᠭᠰᠠᠨ ᠴᠢᠷᠠᠢ ᠨᠢ ᠰᠠᠢᠨ ᠤᠴᠢᠷ ᠴᠥᠭᠡᠨ ᠪᠠᠢᠬᠤ ᠶ᠋ᠢ ᠵᠥᠩᠨᠡᠨ ᠪᠠᠢᠯ᠎ᠠ᠃ ᠲᠡᠳᠡᠨ ᠢ᠋ ᠪᠢᠳᠡᠨ ᠦ᠌ ᠠᠷᠤ ᠠ᠋ᠴᠠ ᠨᠢᠭᠡᠨ ᠵᠡᠷᠭᠡ ᠬᠠᠷᠪᠤᠬᠤ ᠪᠠᠢᠬᠤ ᠭᠡᠵᠦ ᠪᠣᠳᠣᠵᠤ ᠪᠠᠢᠭᠰᠠᠨ ᠪᠣᠯᠪᠠᠴᠤ ᠬᠠᠷᠢᠨ ᠳᠡᠭᠡᠭᠡ ᠦᠭᠡᠢ᠃ ᠪᠠᠷᠤᠭᠯᠠᠪᠠᠯ ᠲᠡᠳᠡᠨ ᠳ᠋ᠦ᠍ ᠲᠡᠢᠮᠦ ᠣᠯᠠᠨ ᠬᠦᠷᠦᠯᠴᠡᠭᠡᠲᠡᠢ ᠰᠤᠮᠤ ᠦᠭᠡᠢ ᠪᠥᠭᠡᠳ ᠪᠢᠳᠡᠨ ᠪᠤᠴᠠᠭᠰᠠᠨ ᠢ᠋ ᠬᠠᠷᠠᠭᠠᠳ ᠰᠠᠨᠠᠭ᠎ᠠ ᠠᠮᠠᠷᠠᠭᠰᠠᠨ ᠪᠣᠯᠤᠯᠲᠠᠢ᠃ ᠪᠢᠳᠡ ᠬᠣᠲᠠ ᠶ᠋ᠢ ᠲᠣᠭᠣᠷᠢᠨ ᠭᠠᠷᠤᠭᠠᠳ ᠠᠬᠢᠨ ᠵᠠᠩᠪᠸᠢ ᠰᠢᠶᠠᠨ ᠬᠦᠷᠬᠦ ᠳᠠᠷᠳᠠᠩ ᠵᠠᠮ ᠢ᠋ᠶ᠋ᠠᠨ ᠡᠯᠭᠦᠨ ᠠᠪᠴᠤ ᠳᠠᠪᠬᠢᠭᠤᠯᠪᠠ᠃ ᠲᠡᠨᠳᠡ ᠷᠠᠰᠢ ᠪᠢᠳᠡᠨ ᠲᠡᠢ ᠰᠠᠯᠬᠤ ᠶᠣᠰᠣ ᠭᠦᠢᠴᠡᠳᠬᠡᠪᠡ᠃ ᠲᠡᠷᠡ ᠮᠠᠨᠢ ᠡᠨᠡ ᠤᠳᠠᠭᠠᠨ ᠤ᠋ 《ᠰᠠᠢᠬᠠᠨ ᠠᠶᠠᠯᠠᠯ 》 ᠢ᠋ ᠬᠠᠨᠲᠠᠯ᠎ᠠ ᠡᠳ᠋ᠯᠡᠭᠰᠡᠨ ᠶᠦᠮ᠃ ᠲᠡᠭᠦᠨ ᠳ᠋ᠦ᠍ ᠠᠪᠴᠤ ᠬᠡᠯᠡᠪᠡᠯ ᠡᠳᠦᠷ ᠲᠤᠵᠢ ᠮᠣᠷᠢᠨ ᠨᠢᠷᠤᠭᠤᠨ ᠳᠡᠭᠡᠷ᠎ᠡ ᠪᠠᠢᠬᠤ ᠨᠢ ᠭᠠᠭᠴᠠ ᠴᠠᠭ ᠮᠠᠰᠢᠨ ᠳᠡᠭᠡᠷ᠎ᠡ ᠠᠶᠠᠯᠠᠬᠤ ᠠ᠋ᠴᠠ ᠬᠣᠯᠠ ᠳᠡᠭᠡᠷ᠎ᠡ ᠰᠠᠨᠠᠭᠳᠠᠬᠤ ᠠᠵᠢ᠃ ᠮᠠᠰᠢᠨ ᠤ᠋ ᠰᠠᠵᠢᠯᠠᠬᠤ ᠨᠢ ᠲᠡᠭᠦᠨ ᠢ᠋ ᠳᠣᠲᠣᠷ᠎ᠠ ᠮᠠᠭᠤᠬᠠᠢ ᠣᠷᠭᠢᠭᠤᠯᠵᠤ ᠭᠦᠢᠴᠡᠭᠡᠳ᠂ ᠬᠡᠵᠢᠶ᠎ᠡ ᠬᠣᠢᠨ᠎ᠠ ᠪᠢ ᠲᠡᠭᠦᠨ ᠲᠡᠢ ᠴᠣᠭ ᠲᠠᠯ᠎ᠠ ᠨᠤᠲᠤᠭ ᠳᠡᠭᠡᠷ᠎ᠡ ᠮᠣᠷᠢ ᠪᠠᠷ ᠳᠠᠪᠬᠢᠭᠤᠯᠵᠤ ᠶᠠᠪᠤᠬᠤ ᠳ᠋ᠤ᠌ ᠴᠤ᠌ ᠭᠡᠳ ᠡᠨᠡ ᠤᠳᠠᠭᠠᠨ ᠤ᠋ ᠵᠣᠪᠠᠯᠠᠩᠲᠤ ᠠᠶᠠᠯᠠᠯ ᠢ᠋ᠶ᠋ᠠᠨ ᠶᠠᠷᠢᠳᠠᠭ ᠪᠢᠯᠡ᠃
- ᠳᠠᠬᠢᠵᠤ ᠲᠡᠢᠮᠦ ᠲᠡᠷᠭᠡᠨ ᠳ᠋ᠦ᠍ ᠶᠠᠭᠠᠬᠢᠭᠰᠠᠨ ᠴᠤ᠌ ᠰᠠᠭᠤᠬᠤ ᠦᠭᠡᠢ᠂ ᠮᠠᠨ ᠤ᠋ ᠮᠣᠩᠭᠣᠯᠴᠤᠳ ᠮᠣᠷᠢᠨ ᠨᠢᠷᠤᠭᠤᠨ ᠳᠡᠭᠡᠷ᠎ᠡ ᠲᠥᠷᠥᠭᠡᠳ ᠮᠣᠷᠢᠨ ᠨᠢᠷᠤᠭᠤᠨ ᠳᠡᠭᠡᠷ᠎ᠡ ᠪᠡᠨ ᠦᠬᠦᠳᠡᠭ ᠶᠦᠮ᠃ ᠮᠠᠰᠢᠨ ᠭᠡᠵᠦ ᠮᠢᠨᠦ ᠶᠠᠭᠤᠮ᠎ᠠ ᠪᠢᠰᠢ ᠳᠡ ! ᠪᠢᠳᠡᠨ ᠢ᠋ ᠴᠢᠭᠤᠯᠤᠯᠲᠤ ᠬᠠᠭᠠᠯᠭ᠎ᠠ ᠳ᠋ᠤ᠌ ᠬᠦᠷᠬᠦ ᠳ᠋ᠦ᠍ ᠵᠡᠭᠡᠯᠢ ᠶ᠋ᠢᠨ ᠳ᠋ᠧᠩ ᠨᠢᠭᠡᠨᠲᠡ ᠨᠣᠴᠣᠵᠤ ᠡᠬᠢᠯᠡᠪᠡ᠃ ᠠᠬᠢᠭᠠᠳ ᠯᠠ ᠪᠢᠳᠡᠨ ᠦ᠌ ᠪᠤᠴᠠᠵᠤ ᠢᠷᠡᠭᠰᠡᠨ ᠪᠠᠶᠠᠷ ᠭᠡᠵᠦ ᠶᠡᠬᠡ ᠨᠠᠢᠷ ᠪᠣᠯᠤᠭᠠᠳ᠂ ᠰᠥᠨᠢ ᠬᠠᠭᠠᠰᠯᠠᠬᠤ ᠶ᠋ᠢᠨ ᠦᠶ᠎ᠡ ᠪᠡᠷ ᠰᠤᠨᠲᠠᠯ᠎ᠠ ᠪᠠᠨ ᠶᠠᠳᠠᠷᠠᠭᠰᠠᠨ ᠪᠢᠳᠡ ᠪᠡᠭᠡᠵᠢᠩ ᠬᠦᠷᠬᠦ ᠭᠠᠯᠲᠤ ᠶ᠋ᠢᠨ ᠤᠨᠲᠠᠬᠤ ᠣᠷᠣᠨ ᠳᠡᠭᠡᠷ᠎ᠡ ᠤᠨᠠᠪᠠ᠃
