ᠬᠠᠪᠤᠷ ᠤᠨ ᠰᠠᠢᠬᠠᠨ ᠡᠳᠦᠷ ᠦᠳ ᠬᠥᠬᠡᠬᠣᠲᠠ ᠳᠤ ᠮᠠᠢᠯᠠᠭᠠᠳ ᠡᠬᠢᠯᠡᠯ᠎ᠡ – ᠶᠣᠨᠳᠣᠨ ᠤ ᠪᠢᠯᠢᠭ᠌ - ᠪᠠᠭᠠᠲᠤᠷ Хаврын сайхан өдрүүд хөххотөд майлаад эхэллээ – Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠪᠤᠷ ᠤᠨ ᠰᠠᠢᠬᠠᠨ ᠡᠳᠦᠷ ᠦᠳ ᠬᠥᠬᠡᠬᠣᠲᠠ ᠳᠤ ᠮᠠᠢᠯᠠᠭᠠᠳ ᠡᠬᠢᠯᠡᠯ᠎ᠡ – ᠶᠣᠨᠳᠣᠨ ᠤ ᠪᠢᠯᠢᠭ᠌ - ᠪᠠᠭᠠᠲᠤᠷ Хаврын сайхан өдрүүд хөххотөд майлаад эхэллээ – Ёндоны Билиг - Баатар

ᠬᠠᠪᠤᠷ ᠤᠨ ᠰᠠᠢᠬᠠᠨ ᠡᠳᠦᠷ ᠦᠳ ᠬᠥᠬᠡᠬᠣᠲᠠ ᠳᠤ ᠮᠠᠢᠯᠠᠭᠠᠳ ᠡᠬᠢᠯᠡᠯ᠎ᠡ – ᠶᠣᠨᠳᠣᠨ ᠤ ᠪᠢᠯᠢᠭ᠌ - ᠪᠠᠭᠠᠲᠤᠷ Хаврын сайхан өдрүүд хөххотөд майлаад эхэллээ – Ёндоны Билиг - Баатар

2024-07-09

634

ᠬᠠᠪᠤᠷ ᠤᠨ ᠰᠠᠢᠬᠠᠨ ᠡᠳᠦᠷ ᠦᠳ ᠬᠥᠬᠡᠬᠣᠲᠠ ᠳᠤ ᠮᠠᠢᠯᠠᠭᠠᠳ ᠡᠬᠢᠯᠡᠯ᠎ᠡ


 ᠬᠡᠨ ᠬᠡᠨ ᠢ᠋ᠶ᠋ᠡᠨ ᠴᠦ᠍ ᠱᠠᠯ ᠲᠣᠭᠣᠬᠤ ᠦᠭᠡᠢ 
 ᠬᠡᠳᠦᠷᠭᠡᠢ ᠰᠤᠤᠲᠤ ᠬᠡᠳᠦᠬᠡᠨ ᠰᠢᠯᠦᠭᠴᠢ ᠲᠡᠢ 
 (ᠠᠯᠢ ᠠᠯᠢ ᠪᠠᠨ ᠲᠣᠭᠣᠳᠠᠭ ᠪᠠᠢᠭᠰᠠᠨ ᠪᠣᠯ 
 ᠠᠯᠢ ᠡᠷᠲᠡ ᠡᠳᠡᠨ ᠰᠥᠨᠦᠭᠰᠡᠨ ᠪᠠᠢᠬ᠎ᠠ ) 
 ᠠᠯᠳᠠᠨ ᠬᠠᠭᠠᠨ ᠤ᠋ ᠤᠤᠭᠠᠨ ᠨᠡᠢᠰᠯᠡᠯ — 
 ᠠᠯᠲᠠᠷᠲᠤ ᠬᠥᠬᠡᠬᠣᠲᠠ ᠳ᠋ᠤ᠌ ᠮᠢᠨᠢ 
 ᠠᠬᠢ ᠢᠷᠭᠤᠢ ᠨᠢᠳᠦᠯᠡᠵᠦ ᠁
 ᠬᠥᠬᠡ ᠨᠣᠭᠣᠭ᠎ᠠ ᠴᠤᠬᠤᠢᠵᠤ ᠁ 
 ᠬᠦᠷᠡᠩ ᠮᠣᠳᠣᠳ ᠬᠥᠭᠡᠷᠦᠬᠦᠢ ᠭᠥᠯᠥᠭᠡᠯᠡᠵᠦ 
 ᠠᠯᠠᠭ ᠱᠠᠭᠠᠵᠠᠭᠠᠢ ᠬᠠᠢᠯ ᠤ᠋ᠨ ᠤᠰᠤᠨ ᠳᠡᠭᠡᠭᠦᠷ 
 ᠠᠷᠠᠳ ᠦᠨ ᠲᠥᠯᠥᠭᠡᠯᠡᠭᠴᠢ ᠰᠢᠭ ᠱᠠᠬᠰᠢᠭᠠᠳ 
  ᠁ ᠁ ᠁
 ᠠᠯᠤᠰ ᠬᠣᠯᠠᠬᠢ ᠬᠥᠳᠡᠭᠡ ᠨᠤᠲᠤᠭ ᠮᠢᠨᠢ 
 ᠠᠷᠭ᠎ᠠ ᠦᠭᠡᠢ ᠶᠠᠭ ᠯᠠ ᠰᠠᠨᠠᠭᠳᠠᠭᠠᠳ ᠁ 
 ᠲᠣᠢᠭ ᠤᠨ ᠳᠠᠭᠤᠨ᠂  ᠲᠥᠯ ᠤ᠋ᠨ ᠳᠠᠭᠤᠨ 
 ᠲᠠᠷᠢᠬᠢ ᠨᠢᠯᠴᠢᠬᠢᠨᠡᠲᠡᠯ᠎ᠡ ᠬᠠᠩᠭᠢᠨᠠᠬᠤ ᠨᠢ ᠤᠤ 
 ᠠᠯᠢᠪ᠂ ᠬᠣᠨᠢ ᠲᠣᠢᠬᠯᠠᠳᠠᠭ ᠪᠦᠰᠡᠭᠦᠢᠴᠤᠦᠯ 
 ᠠᠷᠠᠢ ᠴᠦ᠍ ᠳ᠋ᠡ ᠭᠡᠮᠡᠷ ᠴᠥᠭᠡᠷᠡᠭᠰᠡᠨ ᠪᠢᠯᠢᠤ 
 ᠠᠢ ᠳ᠋ᠠ ᠬᠥᠭᠡᠷᠦᠬᠦᠢ ᠂ ᠴᠠᠭ ᠬᠠᠯᠵᠠᠷᠠᠵᠤ᠂ 
 ᠠᠷᠠᠳ ᠤ᠋ᠨ ᠳᠠᠳᠬᠠᠯ ᠴᠤᠯᠭᠤᠢᠷᠠᠵᠤ ‍ᠦᠣ ᠳᠠ 
 ᠤᠰᠤᠨ ᠲᠡᠨᠡᠭ ᠣᠯᠳᠣᠢ ᠥᠴᠦᠬᠡᠨ ᠪᠢ ᠪᠡᠷ 
 ᠡᠨᠳᠡ ᠨᠡᠭᠦᠵᠦ ᠢᠷᠡᠭᠰᠡᠨ ᠠ᠋ᠴᠠ ᠯᠠ ᠬᠣᠢᠰᠢ 
 ᠬᠥᠬᠡᠬᠣᠲᠠ ᠨᠢᠭᠡ ᠯᠡ ᠬᠤᠪᠢᠷᠠᠭᠰᠠᠨ ᠰᠢᠭ᠋ 
 ᠭᠦᠪᠤᠩᠳᠠᠢ ᠳᠡᠪᠡᠯ ᠢᠶᠠᠨ ᠰᠣᠯᠢᠭᠰᠠᠨ ᠰᠢᠭ᠋ 
 ᠬᠦᠷᠵᠡᠡᠭ ᠢ᠋ᠶ᠋ᠡᠨ ᠭᠢᠰᠬᠢᠵᠦ ᠬᠤᠷᠢᠶᠠᠭᠰᠠᠨ ᠰᠢᠭ᠋ 
 ᠬᠥᠳᠡᠭᠡ  ᠶᠢᠨ ᠦᠨᠦᠷ ᠬᠠᠩᠬᠤᠯᠤᠭᠰᠠᠨ ᠰᠢᠭ᠋
 ᠰᠤᠤᠲᠦ ᠬᠥᠮᠦᠰ ᠨᠠᠮ᠎ᠠ ᠶ᠋ᠢ ᠱᠣᠣᠯᠠᠬᠤ ᠰᠢᠭ᠋ 
 ᠰᠣᠬᠣᠷ ᠤᠯᠤᠰ ᠨᠠᠮ᠎ᠠ ᠶᠢ ᠯᠡ ᠬᠠᠷᠠᠬᠤ ᠰᠢᠭ᠋ 
 ᠬᠠᠴᠢᠨ  ᠰᠣᠨᠢᠬᠠᠨ ᠰᠠᠢᠬᠠᠨ 
 ᠬᠠᠢᠷᠠᠯᠠᠯᠲᠠᠢ ᠪᠤᠯᠴᠢᠬᠠᠭᠰᠠᠨ ᠰᠢᠭ᠋ ᠪᠠᠢᠬᠤ ᠨᠢ 
 ᠬᠠᠪᠤᠷ ᠤ᠋ᠨ ᠰᠠᠢᠬᠠᠨ ᠡᠳᠦᠷ ᠦ᠋ᠳ 
 ᠬᠥᠬᠡᠬᠣᠲᠠ ᠳ᠋ᠤ᠌ ᠮᠠᠢᠯᠠᠭᠠᠳ ᠡᠬᠢᠯᠡᠯ᠎ᠡ ᠁ 
 ᠬᠠᠮᠤᠭ ᠤᠨ ᠬᠤᠯᠠ ᠭᠠᠵᠠᠷ ᠠ᠋ᠴᠠ 
 ᠬᠠᠮᠤᠭ ᠤ᠋ᠨ ᠭᠠᠢᠬᠠᠯᠲᠠᠢ ᠰᠢᠪᠠᠭᠤᠳ ᠢᠷᠡᠯ᠎ᠡ 
 ᠰᠢᠪᠠᠭᠤᠳ ᠰᠢᠪᠠᠭᠤᠳ ᠤᠨ 
 ᠱᠤᠯᠤᠭᠠᠨᠠᠨ ᠳᠣᠩᠭᠣᠳᠬᠤ ᠨᠢ 
 ᠰᠣᠯᠣᠭᠠᠢ ᠪᠢᠰᠢ ᠴᠦ᠍ ᠶᠠᠭᠠᠬᠢᠮᠠᠢ 
 ᠰᠣᠯᠣᠩᠭ᠎ᠠ ᠶ᠋ᠢᠨ ᠥᠩᠭᠡᠲᠡᠢ ᠁
 ᠦᠢᠯᠡ ᠶᠢᠨ ᠰᠠᠢᠬᠠᠨ 
 ᠦᠢ ᠰᠢᠪᠠᠭᠤᠳ ᠤ᠋ᠨ ᠢ᠋ᠶ᠋ᠠᠨ ᠲᠣᠲᠣᠷ᠎ᠠ 
 ᠦᠦᠷ ᠦ᠋ᠨ ᠪᠣᠯᠵᠣᠮᠣᠷ ᠯᠠ ᠡᠠᠷᠠᠢ ᠡᠷᠲᠡ 
 ᠠᠷᠠᠢ ᠣᠨᠳᠣᠣ ᠵᠢᠷᠭᠢᠬᠦ ᠨᠢ ᠤᠤ ᠳᠠ ᠁ 
 ᠦᠦᠷ ᠤ᠋ᠨ ᠰᠢᠯᠦᠭᠴᠢ 
 ᠥᠨᠥ ᠭᠠᠢᠬᠠᠯ ᠢᠷᠡᠭᠰᠡᠨ ᠤᠤ ᠳ᠋ᠠ ᠭᠡᠳ 
 ᠰᠤᠤᠳᠣ ᠨᠤᠭᠤᠳ ᠤ᠋ᠨ ᠲᠣᠲᠣᠷ᠎ᠠ 
 ᠱᠤᠤᠭᠢᠶᠠᠨ ᠳᠡᠭᠳᠡᠬᠦ ᠰᠤᠷᠠᠭ ᠲᠠᠢ ᠭᠡᠨ᠎ᠡ 
 ᠱᠠᠯ ᠬᠤᠳᠠᠯ ᠡ ᠁
 ᠱᠠᠯᠳᠠᠩ ᠡᠷᠢᠯ ᠡ ᠁ 
 ᠰᠢᠷ᠎ᠠ ᠭᠥᠯᠥᠭᠡ ᠬᠥᠲᠥᠯᠥᠭᠰᠡᠨ 
 ᠴᠡᠯ ᠪᠤᠭᠤᠷᠤᠯ ᠨᠠᠮ᠎ᠠ ᠶ᠋ᠢ ᠬᠠᠷᠢᠨ 
 ᠬᠥᠬᠡ ᠬᠣᠲᠠ ᠶ᠋ᠢᠨ ᠤᠯᠤᠰ ᠠᠮᠢᠲᠠᠳ 
 ᠨᠠᠷᠠᠨ ᠤ᠋ ᠳᠣᠣᠷ᠎ᠠ ᠱᠣᠬᠣᠭᠠᠷᠬᠠᠵᠤ ᠪᠠᠢᠨᠠᠮ ᠡ 

             2024᠂ 3᠂ 15᠃ ᠮᠣᠳᠣᠨ ᠳᠣᠣᠷ᠎ᠠ᠃ 

                 ᠬᠥᠬᠡᠬᠣᠲᠠᠨ᠎ᠠ ᠪᠦᠲᠦᠭᠡᠪᠡᠢ᠃