ᠪᠠᠶᠠᠨ ᠶᠠᠳᠠᠭᠤ ᠶᠢᠨ ᠢᠯᠭᠠᠭ᠎ᠠ – ᠶᠣᠨᠳᠣᠨ ᠤ ᠪᠢᠯᠢᠭ᠌ - ᠪᠠᠭᠠᠲᠤᠷ Баян ядуугийн ялгаа – Ёндоны Билиг - Баатар
ᠪᠠᠶᠠᠨ ᠶᠠᠳᠠᠭᠤ ᠶᠢᠨ ᠢᠯᠭᠠᠭ᠎ᠠ
ᠢᠳᠡᠵᠦ ᠤᠤᠭᠤᠭᠠᠳ
ᠲᠠ ᠬᠡᠵᠢᠶᠡᠳᠡ
ᠶᠠᠳᠠᠭᠤᠷᠠᠬᠤ ᠦᠭᠡᠢ
ᠳᠠᠩᠰᠠ ᠲᠣᠭᠠᠴᠠᠭ᠎ᠠ ᠪᠠᠨ
ᠭᠢᠷᠬᠠᠢ ᠨᠢᠮᠪᠠᠢ ᠦᠯᠦ ᠬᠢᠪᠡᠰᠦ
ᠲᠠ ᠨᠠᠰᠤᠨ ᠳᠤᠷᠰᠢᠳᠠ ᠳ᠋ᠠᠭᠠᠨ
ᠭᠤᠢᠷᠠᠨᠴᠢ ᠰᠢᠭ᠋ ᠶᠠᠳᠠᠭᠤ
ᠳᠠᠩᠰᠠ ᠲᠣᠭᠠᠴᠠᠭ᠎ᠠ ᠪᠠᠨ
ᠬᠢᠨᠠᠮᠠᠭᠠᠢ ᠬᠢᠴᠢᠶᠡᠩᠭᠦᠢ ᠬᠢᠵᠦ ᠴᠢᠳᠠᠪᠠᠰᠤ
ᠲᠠ ᠡᠭᠦᠷᠢᠳᠡ ᠬᠡᠨ ᠡᠴᠡ ᠴᠤ᠌
ᠳᠡᠩᠳᠡᠭᠦᠦ ᠪᠠᠶᠠᠨ ᠵᠠᠯᠠᠭᠤ
ᠰᠢᠨ᠎ᠡ ᠬᠢᠵᠠᠭᠠᠷ ᠤ᠋ᠨ
ᠲᠣᠷᠭᠤᠳ ᠪᠦᠰᠡᠭᠦᠢ ᠲᠥᠯᠥᠭᠡ ᠰᠢᠭ
ᠰᠢᠨᠲᠠᠷᠠᠰᠢ ᠦᠭᠡᠢ ᠤᠬᠠᠭᠠᠯᠢᠭ
ᠡᠷᠡᠰ ᠳᠠᠢᠴᠢᠨ ᠵᠣᠷᠢᠭ ᠲᠠᠢ ᠪᠠᠢᠪᠠᠰᠤ
ᠰᠠᠷᠠᠨ ᠤ᠋ ᠲᠤᠶᠠᠭ᠎ᠠ ᠭᠡᠨᠡᠳᠲᠡ ᠯᠡ
ᠨᠠᠷᠠᠨ ᠤ᠋ ᠭᠡᠷᠡᠯ ᠰᠢᠭ ᠰᠢᠷᠭᠠᠯᠳᠤᠨᠠ
ᠰᠠᠨᠠᠭᠰᠠᠨ ᠬᠠᠮᠤᠭ ᠦᠢᠯᠡ ᠲᠠᠨᠢ
ᠰᠡᠳᠬᠢᠯᠴᠢᠯᠡᠨ ᠪᠦᠲᠦᠵᠦ ᠪᠡᠶᠡᠯᠡᠭᠳᠡᠨ᠎ᠡ᠃
2024᠂ 07᠂ 06᠃ 14᠄ 59᠃
ᠦᠳᠡ ᠬᠣᠢᠨ᠎ᠠ
ᠬᠥᠬᠡᠬᠣᠲᠠᠨ᠎ᠠ ᠭᠢᠯᠠᠰ ᠪᠦᠲᠦᠭᠡᠪᠡᠢ᠃
