ᠣᠷᠣᠰᠢᠬᠤᠢ ᠨᠤᠲᠤᠭ -ᠬᠠᠷᠬᠠᠲᠠᠨ ᠠᠯᠲᠠᠨᠵᠢᠮᠢᠰОршихуй нутаг-Хархтан Алтанжимс ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠷᠣᠰᠢᠬᠤᠢ ᠨᠤᠲᠤᠭ -ᠬᠠᠷᠬᠠᠲᠠᠨ ᠠᠯᠲᠠᠨᠵᠢᠮᠢᠰОршихуй нутаг-Хархтан Алтанжимс

ᠣᠷᠣᠰᠢᠬᠤᠢ ᠨᠤᠲᠤᠭ -ᠬᠠᠷᠬᠠᠲᠠᠨ ᠠᠯᠲᠠᠨᠵᠢᠮᠢᠰОршихуй нутаг-Хархтан Алтанжимс

2024-07-09

693

ᠣᠷᠣᠰᠢᠬᠤᠢ ᠨᠤᠲᠤᠭ

                    ᠬᠠᠷᠬᠠᠲᠠᠨ ᠠᠯᠲᠠᠨᠵᠢᠮᠢᠰ 
ᠡᠳᠦᠷ ᠪᠦᠷᠢ ᠢᠷᠡᠵᠦ ᠶᠠᠪᠤᠭ᠎ᠠ ᠮᠠᠷᠭᠠᠰᠢ ᠬᠡᠮᠡᠬᠦ ᠦᠷᠭᠦᠯᠵᠢᠯᠡᠯ ᠪᠣᠢ 
ᠡᠷᠬᠡ ᠬᠣᠩᠭᠣᠷ ᠵᠥᠩᠴᠢ ᠰᠠᠯᠬᠢ ᠨᠠᠮᠤᠭᠤᠬᠠᠨ ᠢᠯᠪᠢᠭᠡᠳ ᠥᠩᠭᠡᠷᠡᠬᠦ ᠶ᠋ᠢᠨ ᠬᠣᠷᠣᠮ 
ᠡᠩᠭᠡᠷ ᠭᠠᠵᠠᠷ ᠤ᠋ᠨ ᠨᠣᠭᠣᠭ᠎ᠠ ᠳ᠋ᠤ᠌ ᠬᠤᠷᠠᠭᠠᠳ ᠤ᠋ᠨ ᠡᠷᠡᠦ ᠨᠣᠭᠣᠭᠠᠷᠠᠵᠤ 
ᠡᠷᠭᠢ ᠪᠡᠨ ᠲᠡᠯᠡᠵᠦ ᠤᠷᠤᠰᠬᠤ ᠤᠰᠤᠨ ᠤ᠋ ᠬᠦᠴᠦᠨ ᠳ᠋ᠦ᠍ ᠴᠢᠯᠠᠭᠤ ᠪᠥᠮᠪᠥᠷᠢᠭᠡᠳ 
ᠡᠬᠢᠯᠡᠯ ᠪᠠᠢᠭᠠᠳ ᠲᠡᠭᠦᠰᠬᠡᠯ ᠦᠭᠡᠢ ᠶᠢᠷᠲᠢᠨᠴᠦ ᠶ᠋ᠢᠨ ᠵᠠᠢ ᠶ᠋ᠢ ᠵᠣᠷᠢᠬᠤ ᠳ᠋ᠤ᠌ 
ᠡᠭᠦᠯᠡᠨ ᠴᠢᠯᠥᠭᠡᠨ ᠦ᠌ ᠨᠠᠷᠠ ᠮᠡᠲᠦ ᠭᠡᠷᠡᠯ ᠰᠡᠭᠦᠳᠡᠷ ᠬᠣᠶᠠᠷ ᠢ᠋ ᠲᠠᠮᠤᠵᠤ
ᠡᠪᠡᠰᠦᠨ ᠦ᠌ ᠲᠦᠷᠦᠭᠦᠦ ᠬᠡᠭᠡᠷ᠎ᠡ ᠶ᠋ᠢᠨ ᠰᠠᠯᠬᠢᠨ ᠳ᠋ᠤ᠌ ᠨᠠᠮᠤᠭᠤᠬᠠᠨ ᠳᠣᠯᠭᠢᠶᠠᠯᠠᠬᠤ ᠮᠡᠲᠦ
ᠡᠮᠵᠡᠭᠬᠡᠨ ᠬᠣᠷᠸ᠎ᠠ ᠪᠤᠷᠤᠭᠤ ᠵᠥᠪ ᠢ᠋ ᠡᠭᠡᠯᠳᠦᠷᠭᠡᠯᠡᠵᠦ ᠴᠢᠮᠡᠭᠡ ᠦᠭᠡᠢ ᠠᠶᠠᠯᠠᠨ᠎ᠠ

ᠣᠨ ᠵᠢᠯ ᠦ᠋ᠨ ᠬᠦᠷᠳᠦᠨ ᠳ᠋ᠦ᠍ ᠡᠪᠦᠭᠡᠳ ᠦ᠋ᠨ ᠵᠢᠷᠤᠬᠠᠢ ᠰᠢᠲᠢᠯᠢᠭ ᠪᠠᠭᠤᠵᠤ
ᠣᠷᠣᠰᠢᠬᠤᠢ ᠶ᠋ᠢᠨ ᠬᠢᠵᠠᠭᠠᠷ ᠲᠤ᠌ ᠠᠮᠢᠯᠠᠭᠰᠠᠨ ᠭᠡᠷᠡᠯ ᠵᠢᠷᠦᠬᠡᠨ ᠳ᠋ᠦ᠍ ᠮᠢᠨᠢ ᠠᠰᠠᠬᠤ ᠪᠠᠷ
ᠤᠴᠠᠷᠠᠯ ᠲᠠᠪᠢᠯᠠᠩ ᠤ᠋ᠨ ᠭᠡᠭᠡᠨ ᠵᠡᠭᠦᠳᠦᠨ ᠳ᠋ᠦ᠍ ᠠᠷᠭ᠎ᠠ ᠦᠭᠡᠢ ᠦᠨᠡᠮᠰᠢᠴᠢᠬᠡᠭᠡᠳ 
ᠢᠷᠠᠭᠤ ᠰᠢᠯᠦᠭ ᠦ᠋ᠨ ᠮᠥᠷ ᠡᠴᠡ ᠭᠤᠨᠢᠵᠤ ᠡᠮᠵᠡᠭᠯᠡᠬᠦ ᠶ᠋ᠢ ᠮᠡᠳᠡᠷᠡᠵᠦ ᠪᠣᠢ
ᠤᠷᠭᠤᠵᠤ ᠭᠠᠷᠬᠤ ᠨᠠᠷᠠᠨ ᠤ᠋ ᠠᠯᠲᠠᠨ ᠰᠠᠴᠤᠷᠠᠭ ᠰᠣᠯᠣᠩᠭᠠᠨ ᠠᠶᠠᠯᠭᠤ ᠳᠤᠤᠨᠢᠵᠤ
ᠤᠯᠠᠷᠢᠯ ᠤ᠋ᠨ ᠭᠤᠪᠠᠢ ᠦᠵᠡᠰᠬᠦᠯᠡᠩ ᠳ᠋ᠦ᠍ ᠥᠪᠡᠷ ᠢ᠋ ᠪᠡᠨ ᠰᠢᠩᠭᠡᠭᠡᠨ ᠳᠠᠭᠤᠯᠠᠭᠴᠢ
ᠤᠯᠠᠭᠠᠨ ᠲᠣᠭᠣᠰᠣᠨ ᠳ᠋ᠤ᠌ ᠳᠤᠷᠠᠯᠠᠯ ᠢ᠋ᠶ᠋ᠠᠨ ᠨᠢᠭᠤᠴᠢᠬᠠᠭᠠᠳ ᠢᠷᠭᠤᠢ ᠨᠢᠳᠦᠯᠡᠬᠦ ᠶ᠋ᠢ ᠬᠦᠯᠢᠶᠡᠵᠦ
ᠦᠨᠡᠨ ᠬᠠᠢᠷ᠎ᠠ ᠮᠢᠨᠢ ᠵᠤᠨ ᠤ᠋ ᠪᠦᠷᠦᠢ ᠳ᠋ᠦ᠍ ᠬᠤᠷᠴᠠ ᠤᠯᠠᠭᠠᠨ ᠰᠠᠷᠭᠠᠢ ᠪᠣᠯᠵᠤ ᠳᠡᠯᠭᠡᠷᠡᠨᠡᠮ

ᠤᠶᠠᠩᠭ᠎ᠠ ᠶ᠋ᠢᠨ ᠴᠡᠩᠬᠡᠷ ᠵᠡᠷᠭᠡᠯᠭᠡᠨ ᠲᠠᠯ᠎ᠠ ᠶ᠋ᠢᠨ ᠬᠣᠷᠮᠣᠢ ᠡᠮᠵᠢᠶᠡᠷᠢᠯᠡᠨ ᠬᠥᠰᠢᠭᠡᠯᠡᠭᠡᠳ
ᠤᠬᠠᠭᠠᠨ ᠰᠦᠯᠡᠬᠦ ᠲᠣᠷᠭᠠᠨ ᠰᠠᠷᠠᠯ ᠳ᠋ᠤ᠌ ᠳᠤᠷᠠᠰᠤᠨ  ᠮᠥᠷᠥᠭᠡᠳᠬᠦᠢ ᠲᠡᠮᠡᠦᠯᠦᠯ ᠮᠢᠨᠢ ᠪᠣᠢ
ᠤᠷᠠᠨ ᠰᠢᠪᠠᠭᠤᠳ ᠨᠠᠷᠭᠢᠯᠳᠤᠨ ᠳᠡᠯᠭᠡᠷᠡᠬᠦ ᠴᠠᠭ ᠤ᠋ᠨ ᠠᠢᠵᠠᠮᠲᠤ ᠬᠥᠭᠵᠢᠮ ᠢ᠋ ᠪᠠᠷᠢᠵᠤ
ᠤᠰᠤᠨ ᠤ᠋ ᠴᠡᠩᠬᠡᠷ ᠠᠮᠢᠰᠬᠤᠭ᠎ᠠ ᠴᠢᠩᠨᠠᠵᠤ ᠢᠷᠠᠭᠤ ᠪᠦᠬᠦᠨ ᠳ᠋ᠦ᠍ ᠰᠡᠳᠬᠢᠯ ᠮᠢᠨᠢ ᠲᠡᠮᠡᠦᠯᠦᠭᠡᠳ
ᠣᠳᠣᠳ ᠲᠣᠭᠠᠯᠠᠵᠤ ᠠᠯᠢᠶᠠᠷᠬᠠᠬᠤ ᠪᠠᠯᠴᠢᠷᠬᠠᠨ ᠨᠠᠰᠤᠨ ᠮᠢᠨᠢ ᠳᠤᠷᠠᠰᠤᠭᠳᠠᠨ᠎ᠠ
ᠤᠳᠬ᠎ᠠ ᠶ᠋ᠢᠨ ᠢᠷᠠᠭᠤ ᠬᠦᠦᠮᠡᠢ ᠶ᠋ᠢᠨ ᠡᠬᠡᠰᠢᠭ ᠲᠦ᠍ ᠰᠣᠭᠲᠣᠭᠤᠷᠬᠠᠨ ᠠᠯᠬᠤᠬᠤ ᠳ᠋ᠤ᠌
ᠤᠰᠤᠨ ᠪᠣᠳᠣᠭ ᠤ᠋ᠨ ᠵᠢᠷᠤᠭ ᠮᠡᠲᠦ ᠵᠤᠨ ᠤ᠋ ᠦᠵᠡᠰᠬᠦᠯᠡᠩ ᠨᠢᠭᠡᠨᠲᠡ ᠬᠠᠭᠤᠴᠢᠷᠠᠭᠠᠳ
 ᠤᠶᠠᠩᠭᠠᠷᠠᠨ ᠬᠣᠯᠠᠳᠠᠬᠤ ᠰᠢᠪᠠᠭᠤᠳ ᠮᠥᠷᠥᠭᠡᠳᠦᠯ ᠢ᠋ ᠮᠢᠨᠢ ᠲᠡᠭᠡᠭᠡᠭᠡᠳ ᠬᠣᠰᠢᠭᠤᠷᠠᠨ᠎ᠠ

ᠴᠡᠩᠬᠡᠷᠯᠡᠬᠦ ᠠᠭᠤᠯᠠᠰ ᠮᠠᠨᠠᠨ ᠪᠤᠳᠠᠩ ᠳ᠋ᠤ᠌ ᠬᠥᠰᠢᠭᠡᠯᠡᠨ ᠲᠦᠩᠰᠦᠭᠡᠷ
ᠴᠢᠨᠦ ᠲᠤᠬᠠᠢ ᠳᠤᠷᠠᠳᠬᠠᠯ ᠪᠣᠳᠣᠯ ᠤ᠋ᠨ ᠨᠠᠮᠠᠭᠠᠨ ᠳ᠋ᠤ᠌ ᠠᠰᠠᠨ ᠳᠦᠷᠡᠯᠵᠡᠭᠰᠡᠭᠡᠷ
ᠴᠢᠯᠠᠭᠤᠨ ᠤ᠋ ᠵᠢᠷᠦᠬᠡ ᠭᠠᠵᠠᠷ ᠤ᠋ᠨ ᠠᠩ ᠳᠠᠭᠠᠵᠤ ᠲᠦᠭᠰᠢᠭᠡᠳ
ᠴᠢᠮᠡᠭᠡ ᠦᠭᠡᠢ ᠢᠩᠳᠦᠯᠬᠦ ᠬᠠᠢᠷ᠎ᠠ ᠶ᠋ᠢᠨ ᠭᠣᠣᠯ ᠡᠷᠭᠢ ᠪᠡᠨ ᠲᠦᠷᠢᠵᠦ ᠢᠪᠡᠷᠡᠭᠡᠳ
ᠴᠡᠴᠡᠭ ᠦ᠋ᠨ ᠰᠠᠯᠬᠢ ᠠᠶᠤᠩᠭ᠎ᠠ ᠶ᠋ᠢᠨ ᠳᠠᠭᠤᠨ ᠢ᠋ᠶ᠋ᠠᠷ ᠴᠡᠴᠡᠷᠡᠰᠬᠢᠭᠡᠳ
ᠴᠠᠭᠠᠨ ᠮᠠᠩᠬᠠᠨ ᠤ᠋ ᠴᠣᠬᠢᠶ᠎ᠠ ᠳᠠᠭᠠᠵᠤ ᠰᠢᠷᠦᠭᠦᠨ ᠪᠣᠷᠣᠭ᠎ᠠ ᠴᠢᠳᠬᠤᠯᠠᠬᠤ ᠳ᠋ᠤ᠌
ᠴᠠᠭᠠᠨ᠎ᠠ ᠪᠠᠢᠭ᠎ᠠ ᠣᠷᠴᠢᠯᠠᠩ ᠤ᠋ᠨ ᠳᠠᠯᠳᠠ ᠠ᠋ᠴᠠ ᠶᠠᠭᠤ ᠨᠢᠭᠡ ᠶ᠋ᠢ ᠰᠡᠳᠬᠢᠨ
ᠴᠠᠭ ᠦᠶ᠎ᠡ ᠶ᠋ᠢᠨ ᠦᠶᠡᠯᠡᠯ ᠢ᠋ ᠢᠩᠭᠢᠵᠦ ᠮᠠᠷᠲᠠᠭᠤᠯᠬᠤ ᠭᠡᠮᠡᠷ

ᠭᠣᠯᠣᠮᠲᠠ ᠶ᠋ᠢᠨ ᠴᠣᠭ ᠢ᠋ ᠪᠠᠳᠠᠷᠠᠭᠠᠬᠤ ᠤᠬᠠᠭᠠᠷᠠᠯ ᠤ᠋ᠨ ᠭᠡᠭᠡᠨ ᠵᠠᠮ ᠢ᠋ ᠡᠯᠭᠦᠵᠦ
ᠭᠣᠪᠢ ᠬᠠᠩᠭᠠᠢ ᠶ᠋ᠢᠨ ᠣᠷᠣᠰᠢᠬᠤᠢ ᠨᠤᠲᠤᠭ ᠳᠤ ᠢᠵᠢᠯᠢᠳᠡᠬᠦ ᠪᠡᠷ 
ᠭᠠᠩᠭᠠᠩ ᠪᠠᠢᠭᠠᠯᠢ ᠳ᠋ᠤ᠌ ᠪᠣᠷᠣᠭ᠎ᠠ ᠮᠡᠲᠦ ᠰᠢᠪᠡᠷᠡᠬᠦ ᠤᠶᠠᠷᠠᠯ ᠤ᠋ᠨ ᠨᠢᠯᠪᠤᠰᠤ ᠶ᠋ᠢ ᠮᠡᠳᠡᠷᠡᠵᠦ
ᠭᠠᠨᠳᠠᠷᠢᠰᠤᠨ ᠨᠤᠲᠤᠭ ᠤ᠋ᠨ ᠮᠢᠨᠢ ᠤᠭᠤᠷᠠᠭ ᠰᠢᠷᠣᠢ ᠬᠦᠢ ᠬᠣᠯᠪᠣᠭᠠᠲᠠᠢ ᠶ᠋ᠢ ᠰᠠᠨᠠᠵᠤ
ᠭᠠᠭᠴᠠᠬᠠᠨ ᠬᠤᠪᠢᠨᠴᠢᠷᠯᠠᠬᠤ ᠬᠠᠢᠷ᠎ᠠ ᠶ᠋ᠢᠨ ᠲᠠᠩᠭᠠᠷᠢᠭ ᠢ᠋ ᠥᠪᠡᠷ ᠲᠦ᠍ ᠪᠡᠨ ᠲᠠᠯᠪᠢᠭᠠᠳ
ᠭᠤᠨᠢᠭ ᠪᠦᠬᠦᠨ ᠢ᠋ ᠪᠡᠨ ᠨᠠᠮᠤᠷ ᠤ᠋ᠨ ᠨᠠᠪᠴᠢᠰ ᠰᠢᠭ᠋ ᠰᠡᠭᠰᠦᠷᠬᠦ ᠳ᠋ᠦ᠍
ᠭᠠᠯ ᠲᠠᠢ ᠤᠭᠲᠤᠳᠠᠭ ᠥᠪᠡᠷ ᠦ᠋ᠨ ᠮᠢᠨᠢ ᠳᠡᠯᠡᠬᠡᠢ ᠡᠢᠮᠦ ᠯᠡ ᠵᠢᠷᠭᠠᠯᠲᠠᠢ
                                2023·11·12


   ᠦᠰᠦᠭ ᠠᠮᠢᠯᠠᠭᠤᠯᠤᠭᠴᠢ᠄ ᠭᠡᠷᠡᠯ
   ᠬᠢᠨᠠᠭᠴᠢ ᠪᠠᠭᠰᠢ᠄ ᠣᠳᠬᠠᠨᠰᠣ᠎ᠠ