ᠡᠴᠦᠰ ᠦ᠋ᠨ ᠭᠠᠭᠴᠠ ᠲᠠᠢᠳᠬᠤᠷᠠᠭᠤᠯᠤᠯ - ᠭ· ᠴᠢᠩᠪᠠᠭᠠᠲᠤᠷЭцсийн гагц тайтгаруулал-Г·Чинбаатар
ᠡᠴᠦᠰ ᠦ᠋ᠨ ᠭᠠᠭᠴᠠ ᠲᠠᠢᠳᠬᠤᠷᠠᠭᠤᠯᠤᠯ ①
ᠭ· ᠴᠢᠩᠪᠠᠭᠠᠲᠤᠷ
ᠶᠠᠮᠠᠷ ᠴᠤ᠌ ᠨᠢᠭᠡ ᠦᠨᠳᠦᠰᠦᠲᠡᠨ ᠦ᠌ ᠬᠤᠪᠢ ᠳ᠋ᠤ᠌ ᠥᠪᠡᠷ ᠦ᠋ᠨ ᠲᠥᠷᠥᠯᠬᠢ ᠬᠡᠯᠡ ᠪᠡᠷ ᠢ᠋ᠶ᠋ᠡᠨ ᠶᠠᠷᠢᠵᠤ ᠬᠡᠯᠡᠵᠦ᠂ ᠰᠠᠨᠠᠭ᠎ᠠ ᠪᠠᠨ ᠢᠯᠡᠳᠬᠡᠵᠦ ᠴᠢᠳᠠᠬᠤ ᠦᠭᠡᠢ ᠪᠠᠢᠨ᠎ᠠ ᠭᠡᠳᠡᠭ ᠪᠣᠯ ᠬᠠᠮᠤᠭ ᠤ᠋ᠨ ᠣᠢ ᠭᠠᠰᠢᠭᠤ ᠨᠢ ᠪᠠᠢᠵᠤ ᠲᠠᠭᠠᠷᠠᠨ᠎ᠠ᠃ ᠬᠡᠯᠡ ᠪᠡᠨ ᠮᠠᠷᠲᠠᠳᠠᠭ ᠤ᠋ᠨ ᠰᠢᠯᠲᠠᠭᠠᠨ ᠣᠯᠠᠨ ᠪᠠᠢᠳᠠᠭ ᠤ᠋ᠨ ᠳᠣᠲᠣᠷ᠎ᠠ ᠥᠪᠡᠷ ᠦ᠋ᠨ ᠬᠡᠯᠡ ᠪᠡᠨ ᠭᠣᠯᠣᠩᠬᠠᠢ ᠨᠢᠳᠦ ᠪᠡᠷ ᠬᠠᠷᠠᠵᠤ᠂ ᠮᠠᠷᠲᠠᠬᠤ ᠶᠣᠰᠣᠲᠠᠢ ᠪᠠᠨ ᠮᠠᠷᠲᠠᠭᠰᠠᠨ ᠰᠢᠭ᠋ ᠠᠭᠠᠰᠢᠯᠠᠭᠰᠠᠳ ᠳᠤᠷᠠᠳᠤᠭᠳᠠᠳᠠᠭ ᠪᠥᠭᠡᠳ ᠬᠠᠮᠤᠭ ᠤ᠋ᠨ ᠣᠢᠷᠠᠬᠠᠨ ᠵᠢᠱ᠌ᠢᠶ᠎ᠡ ᠨᠢ ᠮᠣᠩᠭᠣᠯᠴᠤᠳ ᠪᠢᠳᠡ᠃ ᠥᠪᠡᠷ ᠦ᠋ᠨ ᠤᠷᠤᠭᠤ ᠲᠠᠢ ᠳᠣᠷᠣᠢ ᠪᠠᠨ᠂ ᠬᠣᠴᠣᠷᠤᠩᠭᠤᠢ ᠬᠣᠢᠷᠭᠣ ᠪᠠᠨ《ᠡᠭᠦᠨ ᠡᠴᠡ ᠯᠡ ᠪᠣᠯᠤᠯ᠎ᠠ》 ᠭᠡᠵᠦ ᠮᠣᠩᠭᠣᠯ ᠬᠡᠯᠡᠨ ᠦ᠌ ᠪᠡᠨ ᠮᠠᠭᠤ ᠳ᠋ᠤ᠌ ᠪᠦᠳᠡᠢᠳᠡᠭ ᠬᠥᠮᠦᠰ ᠲᠦ᠍ ᠵᠥᠪᠬᠡᠨ ᠬᠣᠲᠠ ᠶ᠋ᠢᠨ ᠮᠣᠩᠭᠣᠯᠴᠤᠳ ᠯᠠ ᠲᠣᠭᠠᠯᠠᠭᠳᠠᠬᠤ ᠪᠢᠰᠢ ᠪᠣᠯᠵᠠᠢ᠃ ᠠᠶᠤᠮᠰᠢᠭᠲᠠᠢ ᠡᠨᠡ ᠬᠢᠵᠢᠭ ᠡᠭᠡᠭᠡ ᠯᠡ ᠡᠯᠡᠰᠦᠨ ᠦ᠌ ᠨᠡᠭᠦᠳᠡᠯ ᠰᠢᠭ ᠢ᠋ᠶ᠋ᠡᠷ ᠨᠣᠭᠣᠭᠠᠨ ᠲᠠᠯ᠎ᠠ ᠶ᠋ᠢᠨ ᠭᠦᠨ ᠤᠷᠤᠭᠤ ᠬᠠᠯᠳᠠᠪᠤᠷᠢᠯᠠᠵᠤ ᠪᠠᠢᠨ᠎ᠠ᠃
ᠠᠢᠯᠴᠢᠨ ᠭᠡᠢᠴᠢᠨ ᠤᠯᠤᠰ ᠤ᠋ᠳ ᠲᠠᠨᠢᠯ ᠤ᠋ᠨ ᠳ᠋ᠠᠭᠠᠨ ᠣᠴᠢᠭᠠᠳ ᠬᠡᠦᠬᠡᠳ ᠢ᠋ ᠨᠢ ᠱᠣᠬᠣᠭᠣᠷᠬᠠᠨ ᠥᠬᠥᠭᠡᠷᠳᠡᠵᠦ《ᠠᠪᠤ ᠨᠢ ᠠᠯᠢ ᠪᠣᠢ? ᠡᠵᠢ ᠨᠢ ᠠᠯᠢ ᠪᠣᠢ?》 ᠭᠡᠵᠦ ᠠᠰᠠᠭᠤᠬᠤ ᠳ᠋ᠤ᠌ ᠳᠥᠩᠭᠡᠵᠦ ᠬᠡᠯᠡ ᠳ᠋ᠦ᠍ ᠣᠷᠣᠭ᠎ᠠ ᠪᠢᠴᠢᠬᠠᠨ ᠬᠡᠦᠬᠡᠳ ᠦ᠋ᠳ ᠦ᠋ᠨ《ᠠᠪᠤ᠂ ᠡᠵᠢ》 ᠭᠡᠰᠡᠨ ᠳᠠᠭᠤᠳᠠᠯᠭ᠎ᠠ ᠶ᠋ᠢ ᠣᠢᠯᠠᠭᠠᠬᠤ ᠦᠭᠡᠢ ᠪᠦᠯᠲᠡᠢᠴᠢᠬᠡᠳᠡᠭ ᠬᠢᠷᠢ ᠨᠢ《ᠪᠠ ᠪᠠ ᠨᠢ? ᠮᠠ᠋ ᠮᠠ᠋ ᠨᠢ?》 ᠭᠡᠪᠡᠯ ᠪᠣᠳᠣᠯᠬᠢᠯᠠᠯ ᠦᠭᠡᠢ ᠲᠥᠬᠥᠭᠡᠷᠡᠴᠢᠬᠡᠵᠦ ᠠᠪᠤ ᠡᠵᠢ ᠬᠣᠶᠠᠷ ᠢ᠋ᠶ᠋ᠠᠨ ᠥᠲᠥᠨ ᠬᠤᠷᠤᠭᠤ ᠪᠠᠷ ᠢ᠋ᠶ᠋ᠠᠨ ᠵᠢᠭᠠᠴᠢᠬᠠᠳᠠᠭ ᠵᠢᠱ᠌ᠢᠶ᠎ᠡ ᠮᠤᠩ ᠦᠭᠡᠢ᠃ ᠬᠠᠷᠢᠨ ᠡᠨᠡ 《ᠱᠣᠭ》 ᠢ᠋ ᠬᠠᠷᠠᠵᠤ ᠬᠥᠬᠥᠷᠡᠯᠳᠦᠬᠦ ᠬᠥᠮᠦᠰ ᠢ᠋ ᠬᠥᠨᠳᠡᠯᠡᠨ ᠡᠴᠡ ᠨᠢ ᠬᠠᠷᠠᠬᠤ ᠳ᠋ᠤ᠌ ᠬᠣᠭᠣᠯᠠᠢ ᠵᠠᠩᠭᠢᠷᠠᠮᠠᠷ᠃ ᠱᠠᠯᠳᠠᠷ ᠪᠤᠯᠳᠠᠷ ᠶᠠᠷᠢᠵᠤ ᠡᠬᠢᠯᠡᠵᠦ ᠪᠠᠢᠭ᠎ᠠ ᠬᠡᠦᠬᠡᠳ ᠲᠦ᠍ ᠠᠪᠤ ᠡᠵᠢ᠂ ᠰᠠᠳᠤᠨ ᠲᠥᠷᠥᠯ ᠦ᠋ᠨ ᠳᠠᠭᠤᠳᠠᠯᠭ᠎ᠠ᠂ ᠶᠠᠭᠤᠮ᠎ᠠ ᠬᠡᠦᠮ᠎ᠡ ᠶ᠋ᠢᠨ ᠨᠡᠷᠡᠢᠳᠦᠯ ᠵᠡᠷᠭᠡ ᠶ᠋ᠢ ᠮᠣᠩᠭᠣᠯ ᠢ᠋ᠶ᠋ᠠᠷ ᠪᠢᠰᠢ᠂ ᠬᠢᠲᠠᠳ ᠢ᠋ᠶ᠋ᠠᠷ ᠬᠡᠯᠡᠵᠦ ᠰᠤᠷᠭᠠᠬᠤ ᠨᠢ ᠮᠠᠨ ᠤ᠋ ᠮᠣᠩᠭᠣᠯ ᠤ᠋ᠨ ᠨᠢᠭᠡ ᠶᠡᠬᠡ《ᠮᠣᠳ᠋》ᠨᠢ ᠪᠣᠯᠵᠠᠢ᠃ ᠲᠡᠭᠡᠭᠰᠡᠨ ᠦ᠌《ᠰᠠᠢᠨ》 ᠢ᠋ᠶ᠋ᠠᠷ᠂《ᠪᠠ ᠪᠠ᠂ ᠮᠠ᠋ ᠮᠠ᠋᠂ ᠬᠦ ᠬᠦ (ᠠᠪᠠᠭ᠎ᠠ ᠡᠵᠢ)᠂ ᠱᠤ᠌ ᠱᠤ᠌ (ᠠᠪᠠᠭ᠎ᠠ)》 ᠪᠢᠰᠢ ᠪᠣᠯ《ᠨᠠᠢ ᠳ᠋ᠧᠦᠹᠦ᠋ (ᠬᠤᠷᠤᠳ)᠂ ᠨᠠᠢ ᠫᠠᠽᠢ (ᠥᠷᠥᠮ᠎ᠡ)᠂ ᠰᠤᠸᠠᠨ ᠨᠠᠢ (ᠡᠭᠡᠳᠡᠭᠰᠡᠨ ᠰᠦ )》 ᠭᠡᠵᠦ ᠱᠣᠯᠴᠢᠷ ᠱᠣᠯᠴᠢᠷ ᠱᠠᠯᠴᠢᠬᠰᠠᠨ ᠮᠣᠩᠭᠣᠯ ᠬᠡᠦᠬᠡᠳ ᠦ᠋ᠳ ᠮᠣᠳᠣᠨ ᠬᠡᠯᠡ ᠲᠡᠢ᠂ ᠡᠷᠡᠮᠳᠡᠭ ᠰᠡᠳᠬᠢᠬᠦᠢ ᠲᠡᠢ ᠥᠰᠳᠡᠭ ᠪᠣᠯᠤᠯ᠎ᠠ᠃ ᠥᠭᠡᠯᠡᠢ ᠪᠣᠯᠤᠭᠰᠠᠨ ᠬᠣᠢᠨ᠎ᠠ ᠨᠢ ᠶᠠᠷᠢᠳᠠᠭ ᠬᠢᠳᠡᠭ ᠪᠦᠬᠦᠨ ᠦ᠌ ᠬᠢᠨᠢ ᠡᠵᠡᠮᠳᠡᠭᠦᠷ ᠵᠦᠭᠯᠡᠭᠦᠷ ᠡᠨᠡ ᠪᠣᠯᠵᠤ᠂ ᠶᠠᠰᠤ ᠴᠢᠰᠤᠨ ᠳ᠋ᠤᠨᠢ ᠠᠭᠤᠰᠤᠨ ᠵᠠᠶᠠᠭᠠᠭᠰᠠᠨ ᠪᠠᠢᠬᠤ ᠤᠴᠢᠷ ᠲᠠᠢ᠃《ᠬᠥᠬᠡ ᠲᠣᠯᠪᠣᠲᠤ ᠦᠨᠳᠦᠰᠦᠲᠡᠨ》(ᠮᠣᠩᠭᠣᠯ ᠬᠥᠮᠦᠨ ᠲᠥᠷᠥᠬᠦ ᠦᠶ᠎ᠡ ᠳ᠋ᠦ᠍ ᠬᠣᠨᠳᠣᠯᠠᠢ ᠳᠡᠭᠡᠷ᠎ᠡ ᠨᠢ ᠬᠥᠬᠡ ᠲᠣᠯᠪᠣ ᠲᠠᠢ ᠪᠠᠢᠳᠠᠭ ᠢ᠋ ᠮᠣᠩᠭᠣᠯ ᠮᠡᠩᠭᠡ ᠭᠡᠵᠦ ᠨᠡᠷᠡᠯᠡᠳᠡᠭ) ᠦ᠋ᠨ ᠵᠠᠩ ᠠᠷᠠᠨᠰᠢᠨ᠂ ᠵᠣᠷᠢᠭ ᠰᠡᠳᠬᠢᠯᠭᠡ ᠨᠢ ᠡᠭᠡᠭᠡ ᠡᠨᠡ ᠬᠥᠬᠡ ᠲᠣᠯᠪᠣ ᠰᠢᠭ᠋ ᠵᠠᠮᠬᠠᠷᠠᠨ ᠠᠷᠢᠯᠴᠢᠬᠠᠳᠠᠭ᠃ ᠡᠨᠡ ᠬᠡᠨ ᠦ᠌ ᠪᠤᠷᠤᠭᠤ ᠪᠣᠢ? ᠮᠣᠩᠭᠣᠯ ᠨᠤᠲᠤᠭ ᠤ᠋ᠨ ᠰᠢᠷᠣᠢ ᠳ᠋ᠤ᠌ ᠲᠥᠷᠥᠵᠦ᠂ ᠥᠰᠴᠦ᠂ ᠡᠨᠡ ᠨᠤᠲᠤᠭ ᠤ᠋ᠨ ᠶᠠᠨᠳᠠᠰᠢ ᠦᠭᠡᠢ ᠪᠤᠶᠠᠨ ᠢ᠋ᠶ᠋ᠠᠷ ᠲᠦᠮᠡᠨ ᠦ᠌ ᠲᠣᠭᠣᠰᠣᠨ ᠳ᠋ᠤ᠌ ᠳᠠᠷᠤᠭᠳᠠᠭ᠎ᠠ ᠦᠭᠡᠢ ᠶᠠᠪᠤᠭ᠎ᠠ ᠴᠣᠯ ᠮᠣᠩᠭᠣᠯ ᠬᠡᠯᠡ ᠲᠡᠢ ᠠᠪᠤ ᠡᠵᠢ ᠨᠠᠷ ᠤ᠋ᠨ ᠬᠢᠨᠢ ᠳᠠᠩᠴᠤ ᠬᠠᠷᠢᠭᠤᠴᠠᠯᠭ᠎ᠠ ᠦᠭᠡᠢ ᠳᠣᠳᠣᠮᠳᠠᠯᠭ᠎ᠠ ᠶ᠋ᠢᠨ ᠪᠤᠷᠤᠭᠤ᠃
ᠬᠣᠲᠠ ᠪᠠᠯᠭᠠᠰᠤᠨ ᠳ᠋ᠤ᠌ ᠠᠵᠢᠯ ᠠᠯᠪᠠ ᠲᠠᠢ᠂ ᠪᠢᠴᠢᠭ ᠲᠡᠢ᠂ ᠰᠡᠭᠡᠭᠡ ᠲᠡᠢ ᠭᠡᠭᠳᠡᠭᠴᠢᠳ ᠦ᠋ᠨ ᠬᠡᠦᠬᠡᠳ ᠦ᠋ᠳ ᠬᠡᠯᠡ ᠪᠡᠨ ᠪᠤᠯᠵᠠᠭᠠᠭᠰᠠᠨ ᠮᠣᠩᠭᠣᠯ ᠦᠭᠡ ᠲᠡᠢ ᠥᠰᠦᠨ᠎ᠡ᠃ ᠶᠡᠬᠡ ᠳᠡᠭᠡᠳᠦ ᠰᠤᠷᠭᠠᠭᠤᠯᠢ ᠨᠤᠭᠤᠳ ᠲᠤ᠌ ᠮᠣᠩᠭᠣᠯ ᠬᠡᠯᠡᠨ ᠦ᠌ ᠮᠡᠷᠭᠡᠵᠢᠯ ᠢ᠋ᠶ᠋ᠡᠷ ᠬᠢᠴᠢᠶᠡᠯᠯᠡᠳᠡᠭ᠂ ᠬᠡᠯᠡ ᠰᠣᠶᠣᠯ ᠭᠡᠵᠦ ᠨᠢᠭᠡ ᠨᠠᠰᠤᠨ ᠤ᠋ ᠪᠠᠨ ᠬᠥᠳᠡᠯᠮᠦᠷᠢ ᠶ᠋ᠢ ᠵᠣᠷᠢᠭᠤᠯᠤᠯ᠎ᠠ ᠬᠡᠮᠡᠳᠡᠭ ᠳ᠋ᠣᠺᠲ᠋ᠣᠷ᠂ ᠫᠷᠣᠹᠧᠰᠰᠣᠷ ᠨᠠᠷ ᠤ᠋ᠨ ᠬᠡᠦᠬᠡᠳ ᠦ᠋ᠳ ᠨᠢ ᠴᠦ᠍ ᠮᠣᠳᠣᠨ ᠬᠡᠯᠡ ᠲᠡᠢ ᠪᠣᠯᠵᠤ ᠥᠰᠦᠨ᠎ᠡ᠃ ᠡᠨᠡ ᠪᠦᠬᠦ ᠣᠢ ᠭᠠᠰᠢᠭᠤ ᠲᠠᠢ ᠵᠦᠢᠯ ᠢ᠋ ᠰᠡᠷᠡᠵᠦ ᠮᠡᠳᠡᠭᠡᠳ ᠳᠣᠲᠣᠷ᠎ᠠ ᠪᠠᠨ ᠰᠡᠭᠦᠷᠡᠰᠦᠯᠡᠪᠡᠴᠦ᠂ ᠶᠠᠭᠠᠬᠢᠬᠤ ᠴᠤ᠌ ᠠᠷᠭ᠎ᠠ ᠦᠭᠡᠢ ᠪᠡᠯᠡᠩᠳᠡᠭᠰᠡᠨ ᠡᠴᠢᠭᠡ ᠡᠬᠡᠴᠤᠤᠯ ᠤ᠋ᠨ ᠵᠠᠷᠢᠮ ᠨᠢ ᠬᠡᠦᠬᠡᠳ ᠦ᠋ᠨ ᠢ᠋ᠶ᠋ᠡᠨ ᠭᠠᠭᠴᠠ ᠬᠣᠶᠠᠷ ᠳᠤᠤᠭᠠᠷᠤᠭᠰᠠᠨ ᠮᠣᠩᠭᠣᠯ ᠦᠭᠡᠨ ᠳ᠋ᠦ᠍ᠨᠢ ᠲᠣᠢᠮᠣ ᠦᠭᠡᠢ ᠪᠠᠶᠠᠷᠯᠠᠵᠤ᠂ ᠰᠡᠳᠬᠢᠯ ᠢ᠋ᠶ᠋ᠡᠨ ᠲᠦᠷ ᠲᠠᠢᠳᠬᠤᠷᠠᠭᠤᠯᠬᠤ ᠪᠤᠶᠤ ᠴᠠᠭᠠᠨ ᠢᠳᠡᠭᠡ ᠢᠳᠡᠵᠦ ᠰᠦ ᠲᠡᠢ ᠴᠠᠢ ᠤᠤᠭᠤᠴᠢᠬᠠᠳᠠᠭ ᠪᠣᠯ《ᠬᠠᠰᠢ ᠯᠠ ᠮᠣᠩᠭᠣᠯ ᠬᠥᠮᠦᠨ ᠦ᠌ ᠬᠡᠦᠬᠡᠳ᠁》 ᠭᠡᠵᠦ ᠨᠡᠷᠡᠯᠬᠡᠦ ᠪᠣᠳᠣᠯ ᠢ᠋ᠶ᠋ᠠᠨ ᠬᠠᠭᠤᠷᠴᠤ ᠰᠠᠭᠤᠬᠤ ᠨᠢ ᠬᠥᠭᠡᠷᠦᠬᠦᠢ ᠳᠡ᠃
ᠬᠡᠦᠬᠡᠳ ᠢ᠋ᠶ᠋ᠡᠨ ᠳᠠᠭᠠᠭᠤᠯᠵᠤ ᠲᠠᠨᠢᠯ ᠤ᠋ᠨ ᠳ᠋ᠠᠭᠠᠨ ᠠᠢᠯᠴᠢᠯᠠᠭᠰᠠᠨ ᠬᠣᠲᠠ ᠶ᠋ᠢᠨ ᠮᠣᠩᠭᠣᠯ᠂ ᠨᠠᠢᠵᠠ ᠲᠠᠢ ᠪᠠᠨ ᠶᠠᠷᠢᠵᠤ ᠪᠠᠢᠨ᠎ᠠ᠄
— ᠮᠠᠨ ᠤ᠋ ᠬᠦᠦ ᠮᠣᠩᠭᠣᠯ ᠢ᠋ᠶ᠋ᠠᠷ ᠶᠠᠷᠢᠬᠤ ᠶ᠋ᠢ ᠪᠣᠯ ᠣᠢᠯᠭᠠᠴᠢᠬᠠᠨᠠ ᠰᠢᠦ! ᠶᠠᠷᠢᠵᠤ ᠴᠢᠳᠠᠬᠤ ᠦᠭᠡᠢ ᠨᠢ ᠴᠦ᠍ ᠪᠠᠷᠤᠭ ᠪᠠᠢᠯᠭᠦᠢ ᠦᠭᠡᠢ᠂ ᠬᠣᠲᠠ ᠳ᠋ᠤ᠌ ᠥᠰᠦᠭᠰᠡᠨ ᠶᠦᠮ ᠴᠢᠨᠢ᠁
— ᠦᠯᠦ ᠲᠡᠭᠡ ᠯᠡ ᠦᠭᠡᠢ᠂ ᠮᠢᠨᠦ ᠬᠦᠦ ᠬᠠᠶᠠ ᠳ᠋ᠠᠭᠠᠨ ᠪᠠᠰᠠ ᠮᠣᠩᠭᠣᠯ ᠦᠭᠡ ᠪᠡᠨ ᠶᠠᠷᠢᠬᠤ ᠪᠠᠷ ᠤᠷᠤᠯᠳᠤᠴᠢᠬᠠᠨᠠ᠃ ᠮᠣᠩᠭᠣᠯ ᠬᠣᠭᠣᠯᠠ᠂ ᠰᠦ ᠴᠠᠭᠠᠨ ᠢᠳᠡᠭᠡᠨ ᠳ᠋ᠦ᠍ ᠳᠤᠷᠠᠲᠠᠢ ᠨᠢ ᠴᠦ᠍ ᠬᠡᠷᠡᠭ᠁
ᠡᠢᠮᠦᠬᠡᠨ ᠵᠣᠭᠣᠭ ᠢ᠋ᠶ᠋ᠠᠷ ᠥᠨᠥᠳᠥᠷ ᠦ᠋ᠨ ᠬᠣᠲᠠ ᠶ᠋ᠢᠨ ᠮᠣᠩᠭᠣᠯᠴᠤᠳ ᠥᠪᠡᠷ ᠦ᠋ᠨ《ᠮᠣᠩᠭᠣᠯ》 ᠭᠡᠰᠡᠨ ᠨᠡᠷᠡᠯᠬᠡᠦ ᠰᠡᠳᠬᠢᠯ ᠢ᠋ᠶ᠋ᠡᠨ ᠠᠷᠭᠠᠳᠠᠵᠤ᠂ ᠭᠠᠰᠢᠭᠤᠳᠠᠯ ᠢ᠋ᠶ᠋ᠠᠨ ᠲᠠᠢᠯᠵᠤ ᠶᠠᠪᠤᠵᠠᠭᠠᠨ᠎ᠠ᠃ ᠮᠣᠩᠭᠣᠯ ᠢ᠋ᠶ᠋ᠠᠷ ᠢ᠋ᠶ᠋ᠠᠨ ᠶᠠᠷᠢᠬᠤ ᠶ᠋ᠢ ᠲᠥᠬᠥᠭᠡᠷᠡᠬᠦ᠂ ᠰᠦ ᠴᠠᠭᠠᠨ ᠢᠳᠡᠭᠡᠨ ᠳ᠋ᠡᠭᠡᠨ ᠳᠤᠷᠠᠲᠠᠢ᠂ ᠬᠠᠶᠠ ᠳ᠋ᠠᠭᠠᠨ ᠮᠣᠩᠭᠣᠯ ᠢ᠋ᠶ᠋ᠠᠷ ᠬᠡᠳᠦᠨ ᠦᠭᠡ ᠬᠡᠯᠡᠴᠢᠬᠡᠳᠡᠭ᠁ ᠬᠡᠦᠬᠡᠳ ᠦ᠋ᠳ ᠢ᠋ᠶ᠋ᠡᠨ ᠬᠠᠷᠠᠵᠤ᠂ ᠬᠣᠲᠠ ᠳ᠋ᠤ᠌ ᠥᠰᠦᠭᠰᠡᠨ ᠶᠦᠮ ᠴᠢᠨᠢ ᠭᠡᠰᠡᠨ ᠨᠡᠷ᠎ᠡ ᠦᠭᠡᠢ ᠰᠢᠯᠲᠠᠭ ᠵᠢᠭᠠᠵᠤ᠂ ᠴᠣᠯ ᠮᠣᠩᠭᠣᠯ ᠠᠢᠯ ᠳ᠋ᠤ᠌ ᠲᠥᠷᠥᠵᠦ ᠥᠰᠦᠭᠰᠡᠨ ᠬᠡᠦᠬᠡᠳ ᠦ᠋ᠨ ᠢ᠋ᠶ᠋ᠡᠨ ᠪᠡᠶ᠎ᠡ ᠡᠴᠡ ᠶᠠᠯᠢᠮ ᠦᠭᠡᠢ ᠵᠢᠵᠢᠭ 《ᠡᠯᠧᠮᠧᠨ᠋ᠲ》 ᠢᠯᠡᠷᠡᠭᠦᠯᠴᠢᠬᠡᠭᠡᠳ ᠲᠠᠢᠳᠬᠤᠷᠠᠵᠤ ᠰᠠᠭᠤᠨ᠎ᠠ᠃
ᠬᠣᠲᠠ ᠶ᠋ᠢᠨ ᠬᠢ ᠨᠢ ᠢᠩᠭᠢᠵᠦ ᠠᠯᠳᠠᠭ ᠣᠨᠣᠭ ᠮᠣᠩᠭᠣᠯ ᠢ᠋ᠶ᠋ᠠᠷ ᠬᠡᠯᠡᠬᠦ ᠳ᠋ᠦ᠍ᠨᠢ ᠪᠠᠶᠠᠷᠯᠠᠵᠤ ᠪᠠᠢᠳᠠᠭ ᠪᠣᠯ ᠬᠥᠳᠡᠭᠡᠨ ᠦ᠌ ᠬᠢ ᠨᠢ ᠠᠯᠳᠠᠭ ᠤᠨᠤᠭ ᠬᠢᠲᠠᠳ ᠢ᠋ᠶ᠋ᠠᠷ ᠶᠠᠷᠢᠬᠤ ᠪᠠᠨ ᠪᠦᠷ ᠴᠦ᠍ ᠰᠣᠶᠣᠯᠵᠢᠭᠰᠠᠨ᠂ ᠲᠠᠪᠰᠢᠭᠰᠠᠨ ᠤ᠋ ᠪᠡᠯᠭᠡ ᠪᠣᠯᠭᠠᠵᠤ ᠭᠠᠢᠬᠠᠭᠤᠯᠤᠨ᠎ᠠ᠃ ᠢᠩᠭᠢᠬᠦ ᠨᠢ ᠬᠡᠦᠬᠡᠳ ᠦ᠋ᠨ ᠢ᠋ᠶ᠋ᠡᠨ ᠠᠯᠤᠰ ᠢᠷᠡᠭᠡᠳᠦᠢ ᠶ᠋ᠢ ᠪᠣᠳᠣᠵᠤ ᠪᠠᠢᠨ᠎ᠠ ᠭᠡᠳᠡᠭ ᠴᠤ᠌ ᠥᠪᠡᠷ ᠦ᠋ᠨ ᠦᠨᠳᠦᠰᠦᠲᠡᠨ ᠦ᠌ ᠪᠡᠨ ᠮᠠᠷᠭᠠᠰᠢ ᠪᠣᠯᠤᠭᠰᠠᠨ ᠬᠡᠦᠬᠡᠳ ᠪᠠᠭᠠᠴᠤᠳ ᠤ᠋ᠨ ᠢ᠋ᠶ᠋ᠠᠨ ᠢᠷᠡᠭᠡᠳᠦᠢ ᠶ᠋ᠢ ᠪᠠᠯᠠᠯᠵᠤ ᠪᠠᠢᠭ᠎ᠠ ᠶᠤᠮ ᠭᠡᠳᠡᠭ ᠢ᠋ᠶ᠋ᠡᠨ ᠣᠭᠲᠣᠬᠠᠨ ᠴᠤ᠌ ᠤᠪᠠᠢᠯᠠᠬᠤ ᠦᠭᠡᠢ ᠶᠠᠪᠤᠵᠠᠭᠠᠨ᠎ᠠ᠃
— ᠮᠣᠩᠭᠣᠯ ᠰᠤᠷᠭᠠᠭᠤᠯᠢ ᠬᠣᠯᠠ᠂ ᠠᠵᠢᠯ ᠶᠠᠭᠠᠷᠠᠤ᠃ ᠬᠡᠦᠬᠡᠳ ᠢ᠋ ᠬᠠᠰᠢ ᠯᠠ ᠬᠢᠲᠠᠳ ᠰᠤᠷᠭᠠᠭᠤᠯᠢ ᠳ᠋ᠤ᠌ ᠥᠭᠪᠡᠯ ᠪᠡᠶ᠎ᠡ ᠳ᠋ᠦ᠍ ᠠᠮᠤᠷ᠁ ᠭᠡᠵᠦ ᠬᠣᠲᠠ ᠶ᠋ᠢᠨ ᠮᠣᠩᠭᠣᠯᠴᠤᠳ ᠬᠡᠯᠡᠳᠡᠭ᠃ ᠶᠠᠭᠠᠬᠢᠭᠠᠳ ᠲᠡᠷᠡ ᠪᠣᠢ? ᠤᠯᠤᠰ ᠭᠡᠷ ᠦ᠋ᠨ ᠠᠵᠢᠯ ᠠᠯᠪᠠᠨ ᠤ᠋ ᠲᠥᠯᠥᠭᠡ ᠪᠠᠢᠳᠠᠭ ᠴᠠᠭ ᠢ᠋ᠶ᠋ᠠᠨ ᠥᠷᠡᠭᠡᠵᠦ᠂ ᠠᠵᠢᠯ ᠳ᠋ᠠᠭᠠᠨ ᠲᠣᠢᠮᠣ ᠦᠭᠡᠢ ᠬᠠᠷᠢᠭᠤᠴᠠᠯᠭ᠎ᠠ ᠲᠠᠢ ᠭᠡᠳᠡᠭ ᠢ᠋ᠶ᠋ᠡᠷ ᠵᠠᠩᠴᠢ ᠬᠡᠳᠡᠷᠦᠨᠡ᠃ ᠴᠣᠬᠣᠮ ᠳ᠋ᠠᠭᠠᠨ ᠬᠡᠦᠬᠡᠳ ᠢ᠋ᠶ᠋ᠡᠨ ᠮᠣᠩᠭᠣᠯ ᠬᠡᠯᠡ ᠲᠡᠢ ᠪᠣᠯᠭᠠᠬᠤ ᠶ᠋ᠢᠨ ᠲᠤᠰᠠᠳᠠ ᠡᠷᠲᠡᠯᠡᠵᠦ ᠣᠷᠣᠢᠯᠠᠬᠤ ᠨᠢ ᠳᠠᠷᠤᠭᠠᠰᠤ ᠪᠣᠯᠤᠭᠠᠳ ᠴᠤ᠌ ᠬᠠᠮᠢᠭ᠎ᠠ ᠬᠦᠷᠬᠦ ᠪᠣᠢ᠃ ᠬᠠᠷᠢᠨ ᠡᠨᠡ ᠬᠠᠷᠢᠭᠤᠴᠠᠯᠭ᠎ᠠ ᠶ᠋ᠢ ᠶᠠᠮᠠᠷ ᠴᠤ᠌ ᠬᠦᠨᠳᠦᠲᠡᠢ ᠳ᠋ᠦ᠍ ᠦᠵᠡᠯ ᠦᠭᠡᠢ᠂ ᠬᠣᠢᠰᠢ ᠣᠷᠬᠢᠵᠤ ᠬᠠᠶᠠᠭᠠᠨ ᠳ᠋ᠤᠨᠢ ᠬᠠᠶᠠᠭᠰᠠᠨ ᠤ᠋ ᠬᠢ᠃ ᠡᠰᠡ ᠲᠡᠢᠮᠦ ᠪᠣᠯ᠂ ᠬᠡᠦᠬᠡᠳ ᠢ᠋ᠶ᠋ᠡᠨ ᠮᠣᠩᠭᠣᠯ ᠬᠡᠯᠡ ᠲᠡᠢ ᠪᠣᠯᠭᠠᠬᠤ ᠭᠡᠵᠦ《ᠦᠬᠡᠷ ᠮᠣᠷᠢᠨ ᠤ᠋ ᠬᠦᠴᠦ》 ᠭᠠᠷᠭᠠᠬᠤ ᠤᠴᠢᠷᠲᠠᠢ ᠪᠢᠰᠢ ᠤᠤ?
ᠡᠢᠨ ᠬᠦ᠌ ᠠᠪᠤ ᠡᠵᠢ ᠨᠠᠷ ᠤ᠋ᠨ ᠬᠢᠨᠢ ᠳᠡᠩᠳᠡᠭᠦᠦ ᠬᠠᠭᠤᠮᠠᠭᠠᠢ᠂ ᠬᠠᠷᠢᠭᠤᠴᠠᠯᠭ᠎ᠠ ᠦᠭᠡᠢ ᠶ᠋ᠢᠨ ᠬᠠᠷᠠᠭ᠎ᠠ ᠪᠠᠷ ᠮᠣᠳᠣᠨ ᠬᠡᠯᠡ ᠲᠡᠢ ᠪᠣᠯᠤᠭᠰᠠᠨ ᠬᠡᠦᠬᠡᠳ ᠦ᠋ᠳ ᠬᠣᠷᠭᠣᠯ᠂ ᠬᠣᠮᠣᠯ ᠢ᠋ ᠪᠦᠷ《ᠪᠠᠭᠠᠰᠤ》ᠭᠡᠳᠡᠭ ᠦᠬᠦᠮᠡᠯ ᠰᠡᠳᠬᠢᠬᠦᠢ ᠲᠡᠢ ᠪᠣᠯᠤᠨ᠎ᠠ᠃ ᠬᠠᠯᠲᠤᠴᠢᠵᠤ ᠮᠤᠢᠯᠲᠤᠴᠢᠵᠤ ᠶᠠᠷᠢᠭᠰᠠᠨ ᠬᠡᠳᠦᠨ ᠦᠭᠡ ᠶ᠋ᠢ ᠨᠢ ᠬᠥᠳᠡᠭᠡ ᠪᠠᠢᠭ᠎ᠠ ᠰᠠᠳᠤᠨ ᠲᠥᠷᠥᠯ ᠨᠢ ᠣᠢᠯᠠᠭᠠᠬᠤ ᠦᠭᠡᠢ ᠲᠡᠪᠡᠳᠡᠬᠦ ᠳ᠋ᠦ᠍ ᠠᠪᠤ ᠡᠵᠢ ᠨᠠᠷ ᠨᠢ ᠡᠭᠦᠨ ᠢ᠋ᠶ᠋ᠡᠷ ᠨᠢ《ᠬᠣᠲᠠ》 ᠶ᠋ᠢᠨ ᠪᠣᠯᠵᠤ ᠴᠠᠮᠢᠷᠬᠠᠨᠠ᠃《ᠬᠥᠳᠡᠭᠡᠨ ᠦ᠌ ᠬᠢ》ᠭᠡᠵᠦ ᠮᠠᠯᠴᠢᠨ ᠭᠠᠷᠤᠯ ᠲᠠᠢ ᠠᠬ᠎ᠠ ᠳᠡᠭᠦᠦ ᠰᠠᠳᠤᠨ ᠢ᠋ᠶ᠋ᠠᠨ ᠬᠥᠨᠳᠡᠢᠯᠡᠨ ᠢᠯᠭᠠᠵᠤ ᠬᠢᠲᠠᠳ ᠬᠡᠯᠡ ᠮᠡᠳᠡᠬᠦ ᠦᠭᠡᠢ ᠨᠢᠭᠡ ᠪᠡᠨ《ᠬᠥᠳᠡᠭᠡᠨ ᠦ᠌ ᠬᠥᠮᠦᠨ ᠰᠢᠭ》 ᠭᠡᠵᠦ ᠤᠳᠤᠮ ᠢ᠋ᠶ᠋ᠠᠨ ᠮᠠᠷᠲᠠᠴᠢᠬᠠᠭᠰᠠᠨ ᠰᠢᠭ᠋ ᠳᠣᠭᠣᠭᠢᠯᠠᠨ᠎ᠠ᠃ ᠠᠪᠤ ᠡᠵᠢ ᠨᠠᠷ ᠨᠢ《ᠬᠥᠳᠡᠭᠡᠨ ᠦ᠌ ᠪᠦᠳᠦᠭᠦᠯᠢᠭ ᠦ᠋ᠳ》᠂《ᠬᠥᠳᠡᠭᠡᠨ ᠦ᠌ ᠪᠤᠵᠠᠷ》 ᠭᠡᠵᠦ ᠶᠠᠭᠤᠮ᠎ᠠ ᠯᠠ ᠪᠣᠯ ᠦᠯᠢᠳᠬᠡᠵᠦ ᠶᠠᠷᠢᠭᠰᠠᠭᠠᠷ ᠪᠠᠢᠵᠤ ᠬᠡᠦᠬᠡᠳ ᠦ᠋ᠨ ᠢ᠋ᠶ᠋ᠡᠨ ᠪᠣᠳᠣᠯ ᠳ᠋ᠤ᠌《ᠬᠥᠳᠡᠭᠡᠨ ᠦ᠌ ᠮᠠᠭᠤ》 ᠭᠡᠳᠡᠭ ᠣᠢᠯᠠᠭᠠᠯᠲᠠ ᠶ᠋ᠢ ᠳᠠᠭᠠᠭᠠᠮᠵᠢᠷᠠᠭᠤᠯᠵᠤ ᠥᠭᠭᠦᠨ᠎ᠡ᠃ ᠠᠶ᠎ᠠ ᠬᠣᠬᠣᠢ!《ᠰᠡᠭᠡᠭᠡᠲᠡᠳ 》ᠭᠡᠵᠦ ᠥᠪᠡᠷ ᠢ᠋ ᠪᠡᠨ ᠡᠷᠭᠦᠳᠡᠭ ᠥᠨᠥᠳᠥᠷ ᠦ᠋ᠨ ᠵᠠᠷᠢᠮ ᠮᠣᠩᠭᠣᠯᠴᠤᠳ ᠨᠡᠭᠦᠳᠡᠯ ᠮᠠᠯᠵᠢᠯ ᠤ᠋ᠨ ᠬᠡᠴᠢᠨᠡᠨ ᠮᠢᠩᠭᠠᠨ ᠵᠢᠯ ᠭᠠᠢᠬᠠᠮᠰᠢᠭᠲᠤ ᠰᠣᠶᠣᠯ ᠢ᠋ᠶ᠋ᠠᠷ ᠬᠠᠷᠠᠬᠤ ᠨᠢᠳᠦ᠂ ᠲᠠᠨᠢᠬᠤ ᠰᠡᠭᠡᠭᠡ ᠦᠭᠡᠢ ᠪᠣᠯᠴᠢᠬᠠᠭᠠᠳ《ᠬᠣᠲᠠ ᠶ᠋ᠢᠨ ᠬᠢ᠁》 ᠭᠡᠰᠡᠨ ᠪᠣᠭᠣᠨᠢ ᠪᠣᠳᠣᠯ ᠢ᠋ᠶ᠋ᠠᠷ ᠶᠠᠭᠤ ᠪᠦᠬᠦᠨ ᠢ᠋ ᠪᠠᠷᠢᠮᠵᠢᠶᠠᠯᠠᠬᠤ ᠪᠣᠯᠵᠠᠢ᠃ ᠨᠡᠭᠡᠷᠡᠨ ᠮᠣᠩᠭᠣᠯ ᠬᠡᠯᠡ᠂ ᠮᠣᠩᠭᠣᠯ ᠰᠣᠶᠣᠯ ᠢ᠋ᠶ᠋ᠠᠨ ᠬᠡᠷᠡᠭ ᠡᠴᠡ ᠭᠠᠷᠴᠠᠢ ᠭᠡᠵᠦ ᠣᠢᠯᠠᠭᠠᠳᠠᠭ ᠪᠣᠯ᠂ ᠥᠰᠬᠦ ᠡᠴᠡ ᠰᠤᠷᠤᠭᠰᠠᠨ ᠲᠥᠷᠥᠯᠬᠢ ᠬᠡᠯᠡ ᠪᠡᠨ ᠰᠣᠯᠢᠵᠤ᠂ ᠮᠣᠩᠭᠣᠯ ᠢ᠋ᠶ᠋ᠠᠷ ᠠᠵᠢᠯᠯᠠᠵᠤ ᠴᠠᠯᠢᠩ ᠠᠪᠴᠤ ᠪᠠᠢᠭ᠎ᠠ ᠠᠵᠢᠯ ᠢ᠋ᠶ᠋ᠠᠨ ᠣᠷᠬᠢᠭᠠᠷᠠᠢ ᠳᠠ!
ᠶᠠᠭᠤ ᠴᠤ ᠭᠡᠰᠡᠨ ᠬᠣᠲᠠ ᠶ᠋ᠢᠨ ᠮᠣᠩᠭᠣᠯᠴᠤᠳ ᠨᠢ ᠪᠣᠳᠣᠯ ᠰᠡᠳᠬᠢᠯ ᠦ᠋ᠨ ᠬᠤᠪᠢ ᠳ᠋ᠤ᠌《ᠵᠥᠪᠬᠡᠨ ᠮᠣᠩᠭᠣᠯ ᠳ᠋ᠠᠭᠠᠨ》 ᠳᠠᠭᠤᠯᠠᠵᠤ᠂ ᠰᠠᠨᠠᠵᠤ ᠰᠠᠷᠪᠠᠢᠵᠤ ᠶᠠᠪᠤᠭ᠎ᠠ ᠭᠡᠳᠡᠭ ᠴᠤ ᠨᠢᠭᠡ ᠮᠡᠳᠡᠬᠦᠶ᠎ᠡ ᠦᠷ᠎ᠡ ᠬᠣᠢᠴᠢᠰ ᠨᠢ ᠬᠣᠯᠢᠮᠠᠭ ᠳᠤᠯᠢᠮᠠᠭ᠂ ᠱᠠᠯᠳᠠᠷ ᠪᠤᠯᠳᠠᠷ ᠬᠡᠯᠡ ᠲᠡᠢ ᠪᠤᠯᠵᠠᠭᠠᠭᠰᠠᠨ ᠪᠤᠶᠤ ᠪᠦᠷ《ᠠᠯᠲᠠᠨᠭᠡᠷᠡᠯ ᠲᠤᠭᠤᠯᠬᠤ》 (ᠮᠣᠩᠭᠣᠯ ᠦᠭᠡ ᠮᠡᠳᠡᠬᠦ) ᠪᠤᠯᠵᠠᠭᠠᠵᠤ ᠪᠠᠢᠨ᠎ᠠ᠃ ᠡᠢᠨ ᠬᠦ᠌ ᠬᠣᠲᠠ ᠶ᠋ᠢᠨ ᠮᠣᠩᠭᠣᠯᠴᠤᠳ ᠤ᠋ᠨ ᠰᠡᠳᠬᠢᠯ ᠪᠤᠬᠢᠨᠢᠳᠤᠯ ᠢ᠋ᠶ᠋ᠠᠷ ᠳᠦᠭᠦᠷᠴᠦ ᠪᠠᠢᠯ᠎ᠠ ᠴᠤ ᠭᠡᠰᠡᠨ ᠥᠪᠡᠷ ᠦ᠋ᠨ ᠬᠠᠷᠢᠭᠤᠴᠠᠯᠭ᠎ᠠ ᠦᠭᠡᠢ᠂ ᠣᠷᠴᠢᠨ ᠲᠣᠭᠣᠷᠢᠨ ᠤ᠋ ᠨᠥᠬᠥᠴᠡᠯ ᠦᠭᠡᠢ ᠵᠡᠷᠭᠡ ᠡᠴᠡ ᠡᠭᠦᠳᠦᠭᠳᠡᠭᠰᠡᠨ ᠡᠨᠡ ᠦᠵᠡᠭᠳᠡᠯ ᠢ ᠶᠠᠭᠠᠬᠢᠬᠤ ᠶ᠋ᠢᠨ ᠴᠤ ᠠᠷᠭ᠎ᠠ ᠦᠭᠡᠢ ᠪᠣᠯᠬᠤ ᠳ᠋ᠠᠭᠠᠨ ᠰᠡᠳᠬᠢᠯ ᠢ᠋ᠶ᠋ᠡᠨ ᠲᠠᠢᠳᠬᠤᠷᠠᠭᠤᠯᠵᠤ᠂ ᠨᠡᠷᠡᠯᠬᠡᠦ ᠪᠣᠳᠣᠯ ᠢ᠋ᠶ᠋ᠠᠨ ᠠᠷᠭᠠᠳᠠᠬᠤ ᠴᠣᠷ ᠤ᠋ᠨ ᠭᠠᠭᠴᠠ ᠠᠷᠭ᠎ᠠ ᠨᠢ《ᠮᠢᠨᠦ ᠬᠡᠦᠬᠡᠳ ᠮᠣᠩᠭᠣᠯ ᠢ᠋ᠶ᠋ᠠᠷ ᠶᠠᠷᠢᠬᠤ ᠶ᠋ᠢ ᠲᠥᠬᠥᠭᠡᠷᠡᠳᠡᠭ ᠰᠢᠦ!》᠂ ᠮᠢᠨᠦ ᠬᠡᠦᠬᠡᠳ ᠰᠦ ᠴᠠᠭᠠᠨ ᠢᠳᠡᠭᠡᠨ ᠳ᠋ᠦ᠍ ᠳᠤᠷᠠᠲᠠᠢ ᠰᠢᠦ!》 ᠭᠡᠳᠡᠭ ᠱᠠᠯ ᠬᠡᠷᠡᠭ ᠦᠭᠡᠢ ᠵᠣᠭᠣᠭ ᠪᠣᠯᠵᠤ ᠬᠥᠭᠡᠷᠦᠬᠦᠢ! ᠴᠣᠷ ᠤ᠋ᠨ ᠭᠠᠭᠴᠠ ᠡᠨᠡ ᠲᠠᠢᠳᠬᠤᠷᠠᠭᠤᠯᠤᠯ᠂ ᠴᠣᠷ ᠤ᠋ᠨ ᠭᠠᠭᠴᠠ ᠬᠣᠲᠠ ᠳ᠋ᠤ᠌ ᠯᠠ ᠪᠠᠢᠭᠰᠠᠨ ᠢ᠋ᠶ᠋ᠠᠷ ᠢ᠋ᠶ᠋ᠠᠨ ᠲᠡᠭᠦᠰᠬᠦ ᠪᠣᠯᠤᠭᠠᠰᠠᠢ! ᠪᠦᠦ ᠯᠡ ᠴᠣᠷ ᠤ᠋ᠨ ᠭᠠᠭᠴᠠ ᠡᠷᠡᠮᠡᠯᠵᠡᠯ ᠪᠣᠯᠤᠭᠰᠠᠨ ᠬᠥᠳᠡᠭᠡ ᠳ᠋ᠦ᠍ ᠮᠢᠨᠢ ᠬᠥᠷᠥᠭᠡᠰᠡᠢ!
ᠦᠰᠦᠭ ᠠᠮᠢᠯᠠᠭᠤᠯᠤᠭᠴᠢ᠄ ᠨᠡᠭᠦᠳᠡᠯ ᠂ ᠪᠠᠶᠠᠨᠴᠡᠴᠡᠭ ᠂ ᠣᠶᠤᠨᠪᠠᠲᠤ
ᠬᠢᠨᠠᠭᠴᠢ᠄ ᠭᠠᠷᠮ᠎ᠠ᠂ ᠣᠳᠬᠠᠨᠰᠣ᠎ᠠ᠂ ᠬᠡᠷᠡᠢᠳ᠂ ᠨᠠᠷᠠᠰᠤ
