ᠥᠯᠥᠰᠦᠯ- ᠭ· ᠴᠢᠩᠪᠠᠭᠠᠲᠤᠷӨлсөл-Г·Чинбаатар
ᠥᠯᠥᠰᠦᠯ①
ᠭ· ᠴᠢᠩᠪᠠᠭᠠᠲᠤᠷ
ᠰᠡᠭᠦᠯ ᠦ᠋ᠨ ᠦᠶ᠎ᠡ ᠪᠡᠷ《ᠨᠢᠷᠤᠭᠤᠨ ᠶᠠᠰᠤᠨ ᠤ᠋ ᠸᠠᠩ》 ᠭᠡᠲᠡᠯ᠎ᠡ《ᠪᠠᠭ᠎ᠠ ᠲᠠᠷᠭᠤᠨ ᠬᠤᠷᠠᠭ᠎ᠠ》 ᠭᠡᠳ ᠨᠡᠷ᠎ᠡ ᠶ᠋ᠢ ᠨᠢ ᠰᠣᠨᠣᠰᠪᠠᠯ ᠵᠢᠷᠦᠬᠡᠨ ᠡᠪᠡᠳᠴᠢᠨ ᠣᠯᠴᠢᠬᠠᠮᠠᠷ ᠭᠤᠸᠠᠨᠰᠠ ᠨᠤᠭᠤᠳ ᠤᠬᠢᠶᠠᠳᠠᠰᠤ ᠪᠥᠭᠡᠯᠵᠢᠰᠦ ᠳᠦᠭᠦᠷᠦᠭᠰᠡᠨ ᠬᠣᠲᠠ ᠶ᠋ᠢᠨ ᠪᠣᠬᠢᠷ ᠭᠤᠳᠤᠮᠵᠢ ᠨᠤᠭᠤᠳ ᠢ᠋ᠶ᠋ᠠᠷ ᠵᠠᠢ ᠠᠪᠤᠨ ᠠᠷᠬᠠᠢᠯᠴᠠᠬᠤ ᠪᠣᠯᠤᠯ᠎ᠠ᠃
ᠮᠡᠳᠡᠭᠡᠵᠢ ᠪᠡᠷ ᠡᠨᠡ ᠨᠢ ᠭᠤᠸᠠᠨᠰᠡᠨ ᠳ᠋ᠦ᠍ ᠬᠣᠭᠣᠯᠠᠯᠠᠬᠤ ᠬᠥᠮᠦᠨ ᠢᠯᠡᠷᠬᠡᠢ ᠠᠷᠪᠢᠳᠤᠭᠰᠠᠨ ᠤ᠋ ᠬᠢ᠃ ᠠᠵᠢᠯ ᠤ᠋ᠨ ᠴᠠᠭ ᠢ᠋ᠶ᠋ᠠᠷ ᠠᠷᠢᠬᠢᠳᠠᠵᠤ᠂ ᠦᠰᠦ ᠨᠢ ᠥᠷᠪᠥᠢᠵᠦ᠂ ᠦᠨᠦᠷ ᠨᠢ ᠢᠰᠦᠭᠰᠡᠨ᠂ ᠪᠣᠯᠪᠠᠰᠤᠨ ᠬᠤᠪᠴᠠᠰᠤ ᠬᠠᠪᠤᠳᠠᠷ ᠴᠢᠷᠠᠢ ᠲᠠᠢ ᠬᠥᠮᠦᠰ ᠪᠠᠢᠭᠤᠯᠭ᠎ᠠ ᠤᠷᠤᠭᠤ ᠪᠠᠨ ᠨᠤᠯᠮᠤᠯᠠᠨ ᠠᠯᠬᠤᠬᠤ ᠶ᠋ᠢ ᠨᠢ ᠬᠠᠷᠠᠬᠤ ᠠ᠋ᠴᠠ ᠣᠢ ᠭᠤᠲᠤᠮᠠᠷ᠃ ᠠᠮᠢᠳᠤᠷᠠᠯ ᠰᠠᠢᠵᠢᠷᠠᠭᠰᠠᠨ ᠤ᠋ ᠬᠢ ᠭᠡᠬᠦᠯᠡᠷ ᠶᠠᠭᠠᠬᠢᠬᠤ ᠪᠠᠷ ᠢ᠋ᠶ᠋ᠠᠨ ᠵᠥᠪᠬᠡᠨ ᠢᠳᠡᠵᠦ ᠤᠤᠭᠤᠬᠤ ᠶ᠋ᠢᠨ ᠶᠡᠬᠡ ᠳᠠᠯᠠᠢ ᠤᠷᠤᠭᠤ ᠲᠡᠭᠡᠵᠦ《ᠤᠨᠠᠨ ᠲᠣᠰᠣᠨ》 ᠭᠦᠶᠦᠯᠳᠦᠳᠡᠭ ᠢ᠋ ᠨᠢ ᠭᠠᠢᠬᠠᠮᠠᠷ᠃ ᠡᠨᠡ ᠬᠦ᠌ ᠤᠷᠤᠰᠬᠠᠯ ᠤ᠋ᠨ ᠠᠶ᠎ᠠ ᠶ᠋ᠢ ᠳᠠᠭᠠᠵᠤ ᠬᠣᠲᠠ ᠶ᠋ᠢᠨ ᠮᠣᠩᠭᠣᠯᠴᠤᠳ᠂ ᠲᠡᠷᠡ ᠲᠣᠰᠤᠮ ᠢ᠋ᠶ᠋ᠠᠨ ᠡᠷᠳᠡᠮᠲᠡᠨ᠂ ᠰᠡᠭᠡᠭᠡᠲᠡᠳ ᠬᠦᠷᠲᠡᠯ᠎ᠡ ᠭᠤᠸᠠᠨᠰᠠ ᠤᠷᠤᠭᠤ ᠰᠠᠢᠪᠤᠷᠯᠠᠬᠤ ᠨᠢ ᠣᠯᠠᠳᠴᠠᠢ᠃
ᠶᠡᠷᠦ ᠨᠢ ᠮᠣᠩᠭᠣᠯᠴᠤᠳ ᠤ᠋ᠨ ᠬᠡᠳᠦᠢ ᠬᠥᠮᠦᠨ ᠳᠣᠳᠣᠮ ᠳ᠋ᠤ᠌ ᠨᠢᠭᠡ ᠭᠤᠸᠠᠨᠰᠠ ᠨᠣᠭᠳᠠᠵᠤ ᠪᠠᠢᠭ᠎ᠠ᠂ ᠮᠥᠨ ᠬᠡᠳᠦᠢ ᠬᠥᠮᠦᠨ ᠳᠣᠳᠣᠮ ᠳ᠋ᠤ᠌ ᠨᠢᠭᠡ ᠨᠣᠮ ᠤ᠋ᠨ ᠰᠠᠩ ᠨᠣᠭᠳᠠᠵᠤ ᠪᠠᠢᠭ᠎ᠠ ᠶ᠋ᠢ ᠪᠦᠷᠢᠳᠬᠡᠪᠡᠯ ᠮᠠᠰᠢ ᠰᠣᠨᠢᠷᠬᠠᠯᠲᠠᠢ ᠳ᠋ᠦᠩ ᠭᠠᠷᠬᠤ ᠪᠠᠢᠬ᠎ᠠ᠃ ᠲᠡᠷᠡ ᠳ᠋ᠦᠩ ᠲᠡᠮᠳᠡᠭᠯᠡᠯ ᠡᠭᠦᠳᠬᠦ ᠨᠢ ᠯᠠᠪᠲᠠᠢ ᠪᠥᠭᠡᠳ ᠪᠢᠳᠡᠨ ᠦ᠌ ᠠᠮᠢᠳᠤᠷᠠᠯ ᠤ᠋ᠨ ᠤᠳᠬ᠎ᠠ ᠠᠭᠤᠯᠭ᠎ᠠ ᠶᠠᠭᠤᠲᠠᠢ ᠬᠥᠭᠡᠷᠦᠬᠦᠢᠯᠡᠯᠲᠡᠢ ᠭᠡᠳᠡᠭ ᠢ᠋ ᠦᠵᠡᠭᠦᠯᠦᠨ᠎ᠡ᠃ ᠭᠠᠷᠠᠭ ᠤ᠋ᠨ ᠴᠢᠯᠥᠭᠡ᠂ ᠠᠮᠠᠷᠠᠯᠲᠠ ᠶ᠋ᠢᠨ ᠡᠳᠦᠷ ᠦ᠋ᠳ ᠲᠦ᠍ ᠭᠤᠸᠠᠨᠰᠠᠨ ᠳ᠋ᠤ᠌ ᠠᠷᠢᠬᠢᠳᠠᠵᠤ᠂ ᠡᠷᠢᠶᠡᠨ ᠰᠠᠭᠠᠷᠠᠯ ᠢ᠋ᠶ᠋ᠠᠷ ᠳᠠᠭᠤᠯᠠᠵᠤ᠂ ᠮᠠᠷᠵᠠᠩᠳᠠᠬᠤ ᠨᠢ ᠪᠢᠳᠡᠨ ᠦ᠌ ᠬᠠᠮᠤᠭ ᠤ᠋ᠨ ᠰᠠᠢᠬᠠᠨ ᠬᠦᠷᠲᠡᠭᠡᠯ᠃ ᠲᠡᠷᠡ ᠰᠢᠷᠡᠭᠡᠨ ᠳ᠋ᠦ᠍ ᠮᠣᠩᠭᠣᠯ ᠰᠣᠶᠣᠯ ᠪᠤᠶᠤ ᠠᠵᠢᠯ ᠤ᠋ᠨ ᠲᠤᠬᠠᠢ ᠬᠡᠨ ᠶᠠᠷᠢᠳᠠᠭ ᠪᠣᠯ ᠲᠡᠷᠡ ᠲᠡᠨᠡᠭ ᠪᠢᠰᠢ ᠪᠣᠯ ᠴᠠᠭ ᠠ᠋ᠴᠠ ᠬᠣᠴᠣᠷᠤᠭᠰᠠᠨ ᠪᠠᠯᠠᠢ᠃ ᠵᠠᠭᠤᠨ ᠲᠦᠮᠡᠨ ᠬᠥᠮᠦᠨ ᠲᠡᠢ ᠬᠥᠬᠡᠬᠣᠲᠠ ᠳ᠋ᠤ᠌ ᠡᠭᠡᠭᠡ ᠭᠠᠭᠴᠠᠬᠠᠨ ᠪᠠᠢᠳᠠᠭ《ᠥᠪᠥᠷ ᠮᠣᠩᠭᠣᠯ ᠤ᠋ᠨ ᠨᠣᠮ ᠤ᠋ᠨ ᠰᠠᠩ》 ᠤ᠋ᠨ ᠤᠩᠰᠢᠯᠭ᠎ᠠ ᠶ᠋ᠢᠨ ᠲᠠᠰᠤᠭ ᠲᠤ᠌ ᠣᠶᠤᠲᠠᠳ ᠯᠠ ᠬᠠᠶᠠ ᠣᠴᠢᠳᠠᠭ ᠢ᠋ ᠭᠠᠷᠭᠠᠪᠠᠯ ᠮᠣᠩᠭᠣᠯ ᠬᠡᠯᠡ ᠰᠣᠶᠣᠯ ᠢ᠋ᠶ᠋ᠠᠷ ᠢ᠋ᠶ᠋ᠠᠨ ᠠᠵᠢᠯᠯᠠᠵᠤ ᠪᠠᠶ᠋ᠢᠭ᠎ᠠ 《ᠡᠷᠬᠢᠮ ᠦ᠋ᠳ》 ᠡᠳᠦᠷ ᠦ᠋ᠨ ᠣᠳᠣ ᠰᠢᠭ᠋᠃
ᠭᠡᠲᠡᠯ᠎ᠡ ᠭᠧᠷᠮᠠᠨ ᠳ᠋ᠤ᠌ 7000 ᠬᠥᠮᠦᠨ ᠳᠣᠳᠣᠮ ᠳ᠋ᠤ᠌ ᠨᠢᠭᠡ ᠬᠡᠪᠯᠡᠯ ᠦ᠋ᠨ ᠬᠣᠷᠢᠶ᠎ᠠ᠂5000 ᠬᠥᠮᠦᠨ ᠳᠣᠳᠣᠮ ᠳ᠋ᠤ᠌ ᠨᠢᠭᠡ ᠨᠣᠮ ᠤ᠋ᠨ ᠰᠠᠩ ᠨᠣᠭᠳᠠᠳᠠᠭ ᠪᠥᠭᠡᠳ ᠡᠷᠦᠬᠡ ᠪᠣᠯᠭᠠᠨ ᠳ᠋ᠤ᠌ ᠬᠡᠳᠦᠨ ᠵᠠᠭᠤᠨ ᠨᠣᠮ ᠤ᠋ᠨ ᠬᠠᠳᠠᠭᠠᠯᠠᠮᠵᠢ ᠲᠠᠢ᠂ ᠰᠠᠷ᠎ᠠ ᠪᠦᠷᠢ5—6 ᠵᠠᠭᠤᠨ ᠲᠥᠭᠥᠷᠢᠭ ᠦ᠋ᠨ ᠨᠣᠮ ᠬᠤᠳᠠᠯᠳᠤᠨ ᠠᠪᠳᠠᠭ ᠳᠠᠳᠬᠠᠯ ᠲᠠᠢ ᠠᠵᠢ᠃ ᠡᠢᠮᠦ ᠡᠴᠡ ᠭᠧᠷᠮᠠᠨ ᠳ᠋ᠤ᠌ ᠨᠣᠮ ᠤᠩᠰᠢᠬᠤ ᠨᠢ ᠫᠢᠸᠣ᠋ ᠤᠤᠭᠤᠬᠤ ᠠ᠋ᠴᠠ ᠬᠣᠯᠠ ᠳᠥᠭᠥᠮ ᠭᠡᠯᠴᠡᠳᠡᠭ᠃ ᠳᠡᠯᠡᠬᠡᠢ ᠶ᠋ᠢᠨ ᠬᠣᠶᠠᠳᠤᠭᠠᠷ ᠲᠡᠢᠨ ᠡᠴᠡ ᠰᠡᠭᠦᠯᠡᠷ ᠠᠰᠤᠷᠤ ᠬᠥᠭᠵᠢᠨ ᠥᠭᠡᠳᠡᠯᠡᠭᠰᠡᠨ ᠰᠢᠯᠲᠠᠭᠠᠨ ᠨᠢ ᠨᠣᠮ ᠤᠩᠰᠢᠳᠠᠭ ᠢᠷᠭᠡᠳ ᠦ᠋ᠨ ᠬᠢᠨᠢ ᠳᠠᠳᠬᠠᠯ ᠲᠠᠢ100% ᠶ᠋ᠢᠨ ᠬᠣᠯᠪᠣᠭ᠎ᠠ ᠲᠠᠢ᠃ ᠭᠡᠲᠡᠯ᠎ᠡ ᠨᠢᠭᠡ ᠦᠨᠳᠦᠰᠦᠲᠡᠨ ᠦ᠌ ᠢᠷᠭᠡᠳ ᠢᠯᠠᠩᠭᠤᠶ᠎ᠠ ᠰᠡᠭᠡᠭᠡᠲᠡᠳ ᠨᠢ ᠬᠦᠷᠲᠡᠯ᠎ᠡ ᠭᠤᠸᠠᠨᠰᠠ ᠯᠠ ᠮᠠᠨᠠᠳᠠᠭ ᠬᠡᠨᠡᠭᠡ ᠲᠡᠢ ᠪᠣᠯᠴᠢᠬᠠᠪᠠᠯ ᠶᠠᠮᠠᠷ ᠨᠢᠭᠡᠨ ᠭᠡᠭᠡᠨ ᠰᠠᠷᠠᠭᠤᠯ ᠢᠷᠡᠭᠡᠳᠦᠢ ᠭᠡᠭᠴᠢ ᠨᠢ ᠪᠠᠢᠬᠤ ᠪᠣᠢ? ᠳᠡᠯᠡᠬᠡᠢ ᠶ᠋ᠢᠨ ᠲᠦᠮᠡᠨ ᠦᠨᠳᠦᠰᠦᠲᠡᠨ ᠡᠴᠡ ᠭᠡᠭᠡᠭᠳᠡᠬᠦ ᠦᠭᠡᠢ ᠪᠠᠢᠶ᠎ᠠ ᠭᠡᠪᠡᠯ ᠭᠤᠸᠠᠨᠰᠠᠨ ᠤ ᠲᠥᠭᠥᠷᠢᠭ ᠰᠢᠷᠡᠭᠡ ᠲᠡᠪᠡᠷᠢᠬᠦ ᠪᠢᠰᠢ᠂ ᠬᠠᠷᠢᠨ ᠤᠩᠰᠢᠯᠭ᠎ᠠ ᠶ᠋ᠢᠨ ᠳᠥᠷᠪᠡᠯᠵᠢᠨ ᠰᠢᠷᠡᠭᠡ ᠲᠡᠪᠡᠷᠢᠬᠦ ᠨᠢ ᠢᠯᠡᠭᠦᠦ ᠲᠤᠰᠠᠲᠠᠢ᠃ ᠶᠠᠭᠠᠬᠢᠭᠠᠳ ᠭᠡᠪᠡᠯ ᠣᠶᠤᠨ ᠤ᠋ ᠥᠯᠥᠰᠬᠦᠯᠡᠩ ᠭᠡᠳᠡᠰᠦᠨ ᠦ᠌ ᠥᠯᠥᠰᠬᠦᠯᠡᠩ ᠡᠴᠡ ᠬᠡᠴᠡᠭᠦᠦ ᠶᠤᠮ᠃
——————————
① ᠡᠨᠡ ᠵᠣᠬᠢᠶᠠᠯ《ᠥᠪᠥᠷ ᠮᠣᠩᠭᠣᠯ ᠤ᠋ᠨ ᠡᠳᠦᠷ ᠦ᠋ᠨ ᠰᠣᠨᠢᠨ》 ᠤ᠋ 2004 .4. 2 ᠤ᠋ ᠳ᠋ᠤᠭᠠᠷ ᠲᠤ ᠨᠡᠢᠲᠡᠯᠡᠭᠳᠡᠭᠰᠡᠨ ᠪᠠᠢᠵᠠᠢ᠃
ᠦᠰᠦᠭ ᠠᠮᠢᠯᠠᠭᠤᠯᠤᠭᠴᠢ᠄ ᠡᠷᠳᠡᠨᠢᠭᠣᠤ᠎ᠠ᠂ ᠤᠷᠠᠨᠴᠢᠮᠡᠭ
ᠬᠢᠨᠠᠭᠴᠢ ᠪᠠᠭᠰᠢ᠄ ᠰᠡᠬᠡᠭᠡᠷᠡᠯ᠂ ᠣᠳᠬᠠᠨᠰᠣ᠎ᠠ
