ᠰᠢᠷ᠎ᠠ ᠬᠠᠳᠠ- ᠠᠷᠠᠳ ᠤ᠋ᠨ ᠳᠠᠭᠤᠤ-ᠠᠷᠤᠤᠬᠠᠨШар хад-Ардын дуу-Аруухан ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠷ᠎ᠠ ᠬᠠᠳᠠ- ᠠᠷᠠᠳ ᠤ᠋ᠨ ᠳᠠᠭᠤᠤ-ᠠᠷᠤᠤᠬᠠᠨШар хад-Ардын дуу-Аруухан

ᠰᠢᠷ᠎ᠠ ᠬᠠᠳᠠ- ᠠᠷᠠᠳ ᠤ᠋ᠨ ᠳᠠᠭᠤᠤ-ᠠᠷᠤᠤᠬᠠᠨШар хад-Ардын дуу-Аруухан

2024-07-08

5094

ᠰᠢᠷ᠎ᠠ ᠬᠠᠳᠠ

      ᠠᠷᠠᠳ ᠤ᠋ᠨ ᠳᠠᠭᠤᠤ 
     ᠰᠢᠩᠭᠡᠭᠡᠭᠴᠢ᠄ ᠲᠤᠩᠭᠠᠯᠠᠭ 
     ᠳᠠᠭᠤᠴᠢᠨ᠄ ᠠᠷᠤᠤᠬᠠᠨ 

ᠰᠢᠷ᠎ᠠ ᠬᠠᠳᠠᠨ ᠤ᠋ ᠡᠩᠭᠡᠷ ᠳᠡᠭᠡᠷ᠎ᠡ 
ᠰᠢᠷ᠎ᠠ ᠰᠣᠯᠣᠩᠭ᠎ᠠ ᠲᠠᠲᠠᠨ᠎ᠠ ᠬᠦ 
ᠰᠢᠷ᠎ᠠ ᠤᠭᠤᠷᠠᠭ ᠢ᠋ᠶ᠋ᠠᠨ ᠰᠢᠮᠡᠭᠦᠯᠦᠭᠰᠡᠨ 
ᠡᠵᠢ ᠶ᠋ᠢᠨ ᠢ᠋ᠶ᠋ᠡᠨ ᠠᠴᠢ ᠶ᠋ᠢ ᠶᠠᠭᠠᠬᠢᠨ᠎ᠠ ᠪᠣᠢ ᠬᠦ 

ᠬᠥᠬᠡ ᠬᠠᠳᠠᠨ ᠤ᠋ ᠡᠩᠭᠡᠷ ᠳᠡᠭᠡᠷ᠎ᠡ 
ᠬᠥᠬᠡ ᠰᠣᠯᠣᠩᠭ᠎ᠠ ᠲᠠᠲᠠᠨ᠎ᠠ ᠬᠦ 
ᠬᠥᠬᠥ ᠶ᠋ᠢᠨ ᠰᠦ ᠪᠡᠨ ᠰᠢᠮᠡᠭᠦᠯᠦᠭᠰᠡᠨ
ᠡᠵᠢ ᠶ᠋ᠢᠨ ᠢ᠋ᠶ᠋ᠡᠨ ᠠᠴᠢ ᠶ᠋ᠢ ᠶᠠᠭᠠᠬᠢᠨ᠎ᠠ ᠪᠣᠢ ᠬᠦ

ᠴᠠᠭᠠᠨ ᠬᠠᠳᠠᠨ ᠤ᠋ ᠡᠩᠭᠡᠷ ᠳᠡᠭᠡᠷ᠎ᠡ
ᠴᠠᠭᠠᠨ ᠰᠣᠯᠣᠩᠭ᠎ᠠ ᠲᠠᠲᠠᠨ᠎ᠠ ᠬᠦ
ᠴᠠᠭᠠᠨ ᠰᠦ ᠪᠡᠨ ᠰᠢᠮᠡᠭᠦᠯᠦᠭᠰᠡᠨ
ᠡᠵᠢ ᠶ᠋ᠢᠨ ᠢ᠋ᠶ᠋ᠡᠨ ᠠᠴᠢ ᠶ᠋ᠢ ᠶᠠᠭᠠᠬᠢᠨ᠎ᠠ ᠪᠣᠢ ᠬᠦ

ᠤᠯᠠᠭᠠᠨ ᠬᠠᠳᠠᠨ ᠤ᠋ ᠡᠩᠭᠡᠷ ᠳᠡᠭᠡᠷ᠎ᠡ
ᠤᠯᠠᠭᠠᠨ ᠰᠣᠯᠣᠩᠭ᠎ᠠ ᠲᠠᠲᠠᠨ᠎ᠠ ᠬᠦ
ᠤᠭᠤᠷᠠᠭ ᠰᠦ ᠪᠡᠨ ᠰᠢᠮᠡᠭᠦᠯᠦᠭᠰᠡᠨ
ᠡᠵᠢ ᠶ᠋ᠢᠨ ᠢ᠋ᠶ᠋ᠡᠨ ᠠᠴᠢ ᠶ᠋ᠢ ᠶᠠᠭᠠᠬᠢᠨ᠎ᠠ ᠪᠣᠢ ᠬᠦ
ᠡᠵᠢ ᠶ᠋ᠢᠨ ᠢ᠋ᠶ᠋ᠡᠨ ᠠᠴᠢ ᠶ᠋ᠢ ᠶᠠᠭᠠᠬᠢᠨ᠎ᠠ ᠪᠣᠢ ᠬᠦ

   ᠦᠰᠦᠭ ᠠᠮᠢᠯᠠᠭᠤᠯᠤᠭᠴᠢ᠄ ᠰᠣᠳᠣ
   ᠦᠰᠦᠭ ᠬᠠᠲᠠᠭᠴᠢ᠄ ᠰᠣᠳᠣ
   ᠬᠢᠨᠠᠭᠴᠢ ᠪᠠᠭᠰᠢ᠄ ᠢᠷᠡᠭᠡᠳᠦᠢ