ᠨᠢᠭᠡ ᠯᠠ ᠮᠡᠳᠡᠬᠦ ᠳᠦ ᠠᠭᠤᠯᠵᠠᠨ᠎ᠠ ᠳ᠋ᠠ ᠎ ᠣᠳᠬᠣᠨᠰᠦ᠋ᠷᠦᠩ ᠥᠬᠢᠨ ᠠᠶᠠᠯᠭᠤ᠎нэг л мэдэхэд уулзана даа _ Отгонсүрэн охин АялгууNeg l Medehed Uulzanadaa ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠢᠭᠡ ᠯᠠ ᠮᠡᠳᠡᠬᠦ ᠳᠦ ᠠᠭᠤᠯᠵᠠᠨ᠎ᠠ ᠳ᠋ᠠ ᠎ ᠣᠳᠬᠣᠨᠰᠦ᠋ᠷᠦᠩ ᠥᠬᠢᠨ ᠠᠶᠠᠯᠭᠤ᠎нэг л мэдэхэд уулзана даа _ Отгонсүрэн охин АялгууNeg l Medehed Uulzanadaa

ᠨᠢᠭᠡ ᠯᠠ ᠮᠡᠳᠡᠬᠦ ᠳᠦ ᠠᠭᠤᠯᠵᠠᠨ᠎ᠠ ᠳ᠋ᠠ ᠎ ᠣᠳᠬᠣᠨᠰᠦ᠋ᠷᠦᠩ ᠥᠬᠢᠨ ᠠᠶᠠᠯᠭᠤ᠎нэг л мэдэхэд уулзана даа _ Отгонсүрэн охин АялгууNeg l Medehed Uulzanadaa

2024-07-08

822

ᠨᠢᠭᠡ ᠯᠠ ᠮᠡᠳᠡᠬᠦ ᠳᠦ ᠠᠭᠤᠯᠵᠠᠨ᠎ᠠ ᠳ᠋ᠠ

    ᠳᠠᠭᠤᠴᠢᠨ᠄ ᠽ᠂ ᠣᠳᠬᠣᠨᠰᠦ᠋ᠷᠦᠩ᠂ ᠠᠶᠠᠯᠭᠤ 
 ᠮᠠᠨᠠᠨ ᠪᠤᠳᠠᠩ ᠬᠥᠰᠢᠭᠡᠯᠡᠭᠰᠡᠨ 
 ᠠᠯᠤᠰ ᠤᠨ ᠠᠭᠤᠯᠠᠰ ᠴᠡᠩᠬᠡᠷᠳᠡᠭᠡᠳ 
 ᠮᠢᠨᠦ ᠬᠠᠢᠷᠠᠲᠠᠢ ᠡᠵᠢ ᠮᠢᠨᠢ 
 ᠠᠮᠢᠳᠤᠷᠠᠨ ᠰᠠᠭᠤᠭ᠎ᠠ ᠨᠤᠲᠤᠭ ᠳ᠋ᠠ 
 ᠮᠢᠨᠦ ᠬᠠᠢᠷᠠᠲᠠᠢ ᠡᠵᠢ ᠮᠢᠨᠢ 
 ᠠᠮᠢᠳᠤᠷᠠᠨ ᠰᠠᠭᠤᠭ᠎ᠠ ᠨᠤᠲᠤᠭ ᠳ᠋ᠠ᠃

 ᠬᠠᠷᠪᠤᠭᠰᠠᠨ ᠰᠤᠮᠤ ᠠᠴᠠ ᠴᠤ᠌ ᠬᠤᠷᠳᠤᠨ 
 ᠨᠢᠰᠦᠭᠡᠳ ᠣᠴᠢᠮᠠᠷ ᠰᠠᠨᠠᠭᠳᠠᠨ᠎ᠠ 
 ᠬᠠᠷᠠᠭᠤᠯᠳᠠᠨ ᠰᠠᠭᠤᠭ᠎ᠠ ᠡᠵᠢ ᠲᠡᠢ ᠪᠡᠨ 
 ᠬᠠᠷᠢᠵᠤ ᠴᠤ᠌ ᠣᠴᠢᠭᠠᠳ ᠵᠣᠯᠭᠠᠨ᠎ᠠ ᠳ᠋ᠠ
 ᠬᠠᠷᠠᠭᠤᠯᠳᠠᠨ ᠰᠠᠭᠤᠭ᠎ᠠ ᠡᠵᠢ ᠲᠡᠢ ᠪᠡᠨ
 ᠬᠠᠷᠢᠵᠤ ᠣᠴᠢᠭᠠᠳ ᠵᠣᠯᠭᠠᠨ᠎ᠠ ᠳ᠋ᠠ᠃

 ᠤᠨᠢᠶᠠᠷ ᠪᠤᠳᠠᠩ ᠬᠥᠰᠢᠭᠡᠯᠡᠭᠰᠡᠨ
 ᠬᠣᠯᠠ ᠶᠢᠨ ᠠᠭᠤᠯᠠᠰ ᠴᠡᠩᠬᠡᠷᠳᠡᠨ᠎ᠡ
 ᠤᠭ ᠤᠨ ᠬᠠᠢᠷᠠᠲᠠᠢ ᠡᠵᠢ ᠮᠢᠨᠢ
 ᠬᠦᠯᠢᠶᠡᠵᠦ ᠰᠠᠭᠤᠭ᠎ᠠ ᠨᠤᠲᠤᠭ ᠳ᠋ᠠ
 ᠤᠭ ᠤᠨ ᠬᠠᠢᠷᠠᠲᠠᠢ ᠡᠵᠢ ᠮᠢᠨᠢ
 ᠬᠦᠯᠢᠶᠡᠵᠦ ᠯᠡ ᠰᠠᠭᠤᠭ᠎ᠠ ᠨᠤᠲᠤᠭ ᠳ᠋ᠠ᠃

 ᠰᠠᠯᠬᠢᠨ ᠠᠴᠠ ᠴᠤ᠌ ᠬᠤᠷᠳᠤᠨ ᠪᠣᠯᠤᠭᠠᠳ
 ᠨᠢᠰᠦᠭᠡᠳ ᠣᠴᠢᠮᠠᠷ ᠰᠠᠨᠠᠭᠳᠠᠨ᠎ᠠ
 ᠰᠠᠷᠠᠪᠴᠢᠯᠠᠨ ᠰᠠᠭᠤᠭ᠎ᠠ ᠡᠵᠢ ᠲᠡᠢ ᠪᠡᠨ
 ᠨᠢᠭᠡ ᠯᠡ ᠮᠡᠳᠡᠬᠦ  ᠳᠦ ᠠᠭᠤᠯᠵᠠᠨ᠎ᠠ ᠳ᠋ᠠ
 ᠬᠠᠷᠠᠭᠤᠯᠳᠠᠨ ᠰᠠᠭᠤᠭ᠎ᠠ ᠡᠵᠢ ᠲᠡᠢ ᠪᠡᠨ 
 ᠬᠠᠷᠢᠵᠤ ᠣᠴᠢᠭᠠᠳ ᠵᠣᠯᠭᠠᠨ᠎ᠠ ᠳ᠋ᠠ
 ᠬᠠᠷᠠᠭᠤᠯᠳᠠᠨ ᠰᠠᠭᠤᠭ᠎ᠠ ᠡᠵᠢ ᠲᠡᠢ ᠪᠡᠨ
 ᠬᠠᠷᠢᠵᠤ ᠣᠴᠢᠭᠠᠳ ᠵᠣᠯᠭᠠᠨ᠎ᠠ ᠳ᠋ᠠ᠃

      ᠦᠰᠦᠭ ᠠᠮᠢᠯᠠᠭᠤᠯᠤᠭᠴᠢ ᠄ ᠭᠠᠷᠮ‌‍ᠠ᠋
      ᠦᠰᠦᠭ ᠬᠠᠳᠠᠭᠰᠠᠨ ᠨᠢ ᠄ ᠭᠠᠸᠠ
      ᠦᠰᠦᠭ ᠬᠢᠨᠠᠭᠴᠢ᠄ ᠮᠥᠴᠢᠷ