ᠬᠠᠷᠢ ᠶ᠋ᠢᠨ ᠪᠠᠶᠠᠷ ᠪᠠ ᠮᠣᠩᠭᠣᠯᠴᠤᠳ ᠤ᠋ᠨ ᠪᠠᠶᠠᠷ - ᠭ· ᠴᠢᠩᠪᠠᠭᠠᠲᠤᠷХарийн баяр ба монголчуудын баяр-Г·Чинбаатар ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠷᠢ ᠶ᠋ᠢᠨ ᠪᠠᠶᠠᠷ ᠪᠠ ᠮᠣᠩᠭᠣᠯᠴᠤᠳ ᠤ᠋ᠨ ᠪᠠᠶᠠᠷ - ᠭ· ᠴᠢᠩᠪᠠᠭᠠᠲᠤᠷХарийн баяр ба монголчуудын баяр-Г·Чинбаатар

ᠬᠠᠷᠢ ᠶ᠋ᠢᠨ ᠪᠠᠶᠠᠷ ᠪᠠ ᠮᠣᠩᠭᠣᠯᠴᠤᠳ ᠤ᠋ᠨ ᠪᠠᠶᠠᠷ - ᠭ· ᠴᠢᠩᠪᠠᠭᠠᠲᠤᠷХарийн баяр ба монголчуудын баяр-Г·Чинбаатар

2024-07-08

386

ᠬᠠᠷᠢ ᠶ᠋ᠢᠨ ᠪᠠᠶᠠᠷ ᠪᠠ ᠮᠣᠩᠭᠣᠯᠴᠤᠳ ᠤ᠋ᠨ ᠪᠠᠶᠠᠷ ① 

            ᠭ· ᠴᠢᠩᠪᠠᠭᠠᠲᠤᠷ 
       ᠢᠰᠦ᠋ᠰ ᠦ᠋ᠨ ᠮᠡᠨᠳᠦᠯᠡᠭᠰᠡᠨ ᠡᠳᠦᠷ᠂ ᠢᠨᠠᠭᠴᠤᠤᠯ ᠤ᠋ᠨ ᠪᠠᠶᠠᠷ᠁ ᠭᠡᠳ ᠪᠢᠳᠡᠨ ᠳ᠋ᠦ᠍ ᠪᠡᠯᠭᠡᠯᠡᠬᠦ ᠪᠠᠶᠠᠷ ᠶᠠᠮᠠᠷ ᠮᠤᠩᠳᠠᠬᠤ ᠪᠢᠰᠢ᠃ ᠲᠡᠭᠡᠬᠦ ᠳ᠋ᠦ᠍᠂ ᠡᠳᠡᠭᠡᠷ ᠪᠠᠶᠠᠷ ᠤ᠋ᠨ ᠴᠠᠭᠠᠳᠤ ᠤᠳᠬ᠎ᠠ ᠤᠴᠢᠷ᠂ ᠰᠣᠶᠣᠯ ᠤ᠋ᠨ ᠠᠭᠤᠯᠬᠤᠨ᠂ ᠰᠠᠨᠠᠭ᠎ᠠ ᠵᠣᠷᠢᠯᠭ᠎ᠠ ᠶ᠋ᠢ ᠴᠤ ᠣᠢᠯᠠᠭᠠᠯ ᠦᠭᠡᠢ ᠪᠡᠷ ᠪᠤᠰᠤᠳ ᠢ᠋ ᠳᠠᠭᠤᠷᠢᠶᠠᠵᠤ ᠳᠡᠮᠡᠢ ᠯᠡ ᠳᠡᠷᠪᠡᠵᠡᠭᠡᠳᠡᠭ ᠮᠠᠨᠢ ᠴᠣᠬᠣᠮ ᠴᠤ  ᠠᠯᠢᠶ᠎ᠠ ᠪᠢᠰᠢ ᠰᠣᠯᠢᠶ᠎ᠠ᠃ ᠥᠷᠥᠨᠡᠳᠠᠬᠢᠨ ᠤ᠋ ᠰᠣᠶᠣᠯ ᠤ᠋ᠨ ᠤᠯᠠᠮᠵᠢᠯᠠᠯ ᠲᠠᠢ ᠡᠢᠮᠦᠷᠬᠦᠦ ᠪᠠᠶᠠᠷ ᠨᠢ ᠥᠪᠡᠷᠰᠡᠳ ᠦ᠋ᠨ ᠢ᠋ᠶ᠋ᠡᠨ ᠪᠡᠯᠭᠡᠯᠡᠨ ᠲᠡᠮᠳᠡᠭᠯᠡᠬᠦ ᠱᠠᠰᠢᠨ ᠤ᠋ ᠪᠣᠯᠤᠨ ᠨᠡᠢᠭᠡᠮ ᠦ᠋ᠨ ᠬᠠᠷᠢᠯᠴᠠᠭᠠᠨ ᠤ᠋ ᠤᠴᠢᠷ ᠬᠣᠯᠪᠣᠭᠳᠠᠯ ᠲᠠᠢ ᠯᠠ ᠳᠠ᠃ ᠭᠡᠪᠡᠴᠦ ᠪᠢᠳᠡ ᠵᠦᠭᠡᠷ ᠯᠡ ᠨᠠᠭᠠᠳᠴᠤ ᠨᠠᠷᠭᠢᠬᠤ ᠶ᠋ᠢᠨ ᠰᠢᠯᠲᠠᠭ ᠲᠡᠳᠦᠢ ᠪᠡᠷ《ᠪᠡᠯᠭᠡᠯᠡᠵᠡᠭᠡᠵᠦ》 ᠪᠣᠢ᠃ ᠢᠩᠭᠢᠵᠦ ᠪᠡᠯᠭᠡᠯᠡᠭᠰᠡᠨ ᠬᠥᠮᠦᠰ ᠮᠠᠨᠢ ᠲᠡᠭᠡᠭᠡᠳ  ᠢᠰᠥ᠋ᠰ ᠦ᠋ᠨ ᠲᠤᠬᠠᠢ ᠲᠠᠭ ᠮᠡᠳᠡᠬᠦ ᠦᠭᠡᠢ ᠪᠥᠭᠡᠳ ᠢᠨᠠᠭᠴᠤᠤᠯ ᠭᠡᠬᠦ ᠪᠡᠷ ᠰᠠᠷᠭᠠᠢ ᠬᠦᠷᠭᠡᠳᠡᠭ᠂ ᠴᠣᠺᠣᠯᠠᠳ᠋ ᠬᠦᠷᠭᠡᠳᠡᠭ ᠯᠡ ᠭᠡᠵᠦ ᠪᠦᠦᠷ ᠲᠦᠦᠷᠬᠡᠨ ᠣᠢᠯᠠᠭᠠᠵᠤ᠂ ᠦᠶᠡᠷᠬᠡᠵᠦ ᠪᠠᠢᠭ᠎ᠠ ᠵᠠᠯᠠᠭᠤᠴᠤᠳ ᠥᠪᠡᠷ ᠵᠠᠭᠤᠷ᠎ᠠ ᠪᠠᠨ ᠡᠷᠬᠡᠯᠡᠵᠦ ᠲᠣᠨᠢᠷᠬᠠᠬᠤ ᠠ᠋ᠴᠠ ᠣᠨᠳᠣᠣ ᠠᠭᠤᠯᠭ᠎ᠠ ᠦᠭᠡᠢ ᠪᠠᠢᠭ᠎ᠠ ᠰᠠᠨ᠃ ᠵᠦᠭᠡᠷ ᠯᠡ ᠴᠠᠭ ᠤ᠋ᠨ ᠮᠣᠳ᠋ ᠢ᠋ ᠳᠠᠭᠠᠵᠤ ᠭᠢᠬᠢᠯᠵᠡᠳᠡᠭ ᠦ᠋ᠨ ᠬᠢᠨᠢ ᠨᠢᠭᠡᠨ ᠢᠯᠡᠷᠡᠯ ᠡᠨᠡ ᠠᠵᠤᠭᠤ᠃
      ᠥᠷᠥᠨᠡᠳᠠᠬᠢᠨ ᠤ᠋ ᠪᠤᠰᠤᠳ ᠦᠨᠳᠦᠰᠦᠲᠡᠨ ᠨᠦ᠍ᠭᠦᠳ ᠡᠭᠦᠰᠦᠯ ᠲᠡᠢ ᠡᠢᠮᠦᠷᠬᠦᠦ ᠰᠣᠶᠣᠯ ᠵᠠᠩᠰᠢᠯ ᠤ᠋ᠨ ᠠᠵᠢᠯᠯᠠᠭ᠎ᠠ ᠪᠢᠳᠡᠨ ᠦ᠌ ᠠᠮᠢᠳᠤᠷᠠᠯ ᠳ᠋ᠤ᠌ ᠵᠠᠢ ᠠᠪᠴᠤ ᠪᠠᠢᠭ᠎ᠠ ᠨᠢ ᠥᠨᠳᠥᠷ ᠬᠥᠭᠵᠢᠯ ᠲᠡᠢ ᠰᠣᠶᠣᠯ ᠪᠣᠯᠪᠠᠰᠤᠨ ᠤ᠋ ᠠᠮᠢᠰᠬᠤᠭ᠎ᠠ《ᠪᠠᠯᠠᠷ ᠬᠣᠴᠣᠷᠤᠩᠭᠤᠢ》 ᠦᠨᠳᠦᠰᠦᠲᠡᠨ ᠢ᠋ ᠭᠡᠢᠭᠦᠯᠵᠦ ᠡᠬᠢᠯᠡᠵᠡᠢ ᠭᠡᠬᠦ ᠨᠢ ᠶᠠᠭᠤ ᠯᠠ ᠪᠣᠯ! ᠬᠠᠷᠢᠨ ᠡᠭᠦᠨ ᠢ᠋ ᠬᠠᠷᠠᠴᠢᠬᠠᠭᠠᠳ ᠪᠢᠳᠡᠨ ᠳ᠋ᠦ᠍ ᠪᠡᠯᠭᠡᠯᠡᠮᠡᠷ᠂ ᠪᠠᠬᠠᠳᠤᠭᠤᠯᠤᠮᠠᠷ ᠪᠠᠶᠠᠷ ᠶᠣᠰᠣᠯᠠᠯ ᠤ᠋ᠨ ᠵᠦᠢᠯ ᠶᠠᠭᠤ ᠪᠠᠢᠭ᠎ᠠ ᠶ᠋ᠢ ᠰᠠᠨᠠᠯᠲᠠᠢ ᠪᠠᠢᠨ᠎ᠠ᠃
       ᠴᠢᠬᠢ ᠲᠦᠵᠢᠷᠡᠭᠰᠡᠨ ᠠᠷᠢᠬᠢᠨ ᠮᠤᠬᠤᠯᠠᠭ᠂ ᠮᠠᠷᠵᠠᠩ ᠶᠠᠷᠢᠶ᠎ᠠ ᠲᠠᠢ ᠬᠣᠭᠣᠯᠠᠨ ᠰᠢᠷᠡᠭᠡᠨ ᠳ᠋ᠦ᠍ ᠡᠳᠦᠷᠵᠢᠨ ᠰᠥᠨᠢᠵᠢᠨ ᠰᠠᠭᠤᠬᠤ ᠠᠤᠭ᠎ᠠ ᠲᠡᠪᠴᠢᠶᠡᠷᠢ ᠲᠡᠢ
       ᠬᠥᠮᠦᠰ ᠮᠠᠨᠢ ᠪᠥᠬᠡ ᠶ᠋ᠢᠨ ᠪᠠᠷᠢᠯᠳᠤᠭᠠᠨ ᠬᠠᠷᠠᠵᠤ ᠲᠦᠷ ᠴᠤ᠌ ᠭᠡᠰᠡᠨ ᠰᠠᠭᠤᠬᠤ ᠶ᠋ᠢᠨ ᠤᠷᠮ᠎ᠠ ᠲᠡᠪᠴᠢᠶᠡᠷᠢ ᠪᠠᠢᠳᠠᠭ ᠤᠤ? ᠲᠥᠷᠥᠭᠰᠡᠨ ᠡᠳᠦᠷ ᠦ᠋ᠨ ᠪᠠᠶᠠᠷ᠂ ᠢᠰᠥ᠋ᠰ ᠦ᠋ᠨ ᠪᠠᠶᠠᠷ ᠭᠡᠳ ᠬᠥᠯ ᠬᠥᠭᠡᠷᠴᠡᠭ ᠪᠣᠯᠳᠠᠭ ᠬᠥᠮᠦᠰ ᠮᠠᠨᠢ᠂ ᠴᠢᠩᠭᠢᠰ ᠦ᠋ᠨ ᠮᠡᠨᠳᠦᠯᠡᠭᠰᠡᠨ ᠳᠤᠷᠠᠰᠬᠠᠯᠲᠤ ᠡᠳᠦᠷ᠂ ᠴᠠᠭᠠᠨ ᠰᠠᠷ᠎ᠠ ᠶ᠋ᠢᠨ ᠵᠠᠩ ᠦᠢᠯᠡ ᠶ᠋ᠢᠨ ᠶᠣᠰᠣᠯᠠᠯ ᠤᠳ ᠢ  ᠭᠠᠭᠴᠠ ᠴᠤ ᠪᠣᠯᠲᠤᠭᠠᠢ ᠂ ᠰᠠᠨᠠᠵᠤ ᠭᠦᠢᠴᠡᠳᠬᠡᠵᠦ ᠪᠠᠢᠭ᠎ᠠ ᠪᠣᠯ ᠤᠤ? ᠳᠡᠯᠡᠬᠡᠢ ᠶ᠋ᠢᠨ ᠠᠯᠢ ᠴᠤ᠌ ᠦᠨᠳᠦᠰᠦᠲᠡᠨ ᠴᠤ᠌ ᠥᠪᠡᠷ ᠦ᠋ᠨ ᠬᠢᠨᠢ ᠰᠣᠶᠣᠯ ᠤᠯᠠᠮᠵᠢᠯᠠᠯ ᠤ᠋ᠨ ᠢᠮ ᠲᠠᠮᠠᠭ᠎ᠠ ᠪᠦᠬᠦᠢ ᠪᠠᠶᠠᠷ ᠶᠣᠰᠣᠯᠠᠯ ᠤ᠋ᠨ ᠠᠵᠢᠯᠯᠠᠭ᠎ᠠ ᠪᠠᠢᠳᠠᠭ ᠪᠥᠭᠡᠳ ᠲᠡᠭᠦᠨ ᠢ᠋ᠶ᠋ᠡᠨ ᠵᠦᠢ ᠶᠣᠰᠣᠭᠠᠷ ᠨᠢ ᠥᠪᠯᠡᠵᠦ ᠤᠯᠠᠮᠵᠢᠯᠠᠬᠤ ᠪᠠᠷ ᠢ᠋ᠶ᠋ᠠᠨ ᠪᠠᠬᠠᠷᠬᠠᠳᠠᠭ ᠠᠲᠠᠯ᠎ᠠ ᠪᠢᠳᠡ ᠶᠠᠭᠠᠬᠢᠬᠤ ᠳ᠋ᠠᠭᠠᠨ ᠴᠠᠭ ᠤ᠋ᠨ ᠮᠣᠳ᠋ ᠢ᠋ ᠳᠠᠭᠠᠵᠤ ᠬᠡᠢᠰᠬᠦ ᠳᠤᠷᠠᠲᠠᠢ ᠪᠢᠯᠡ?《ᠦ᠂ ᠶᠠᠭᠠᠬᠢᠬᠤ ᠪᠣᠢ᠂ ᠪᠦᠭᠦᠳᠡᠭᠡᠷ ᠢ᠋ᠶ᠋ᠡᠨ ᠲᠡᠭᠡᠵᠦ ᠯᠡ ᠪᠠᠢᠬᠤ ᠶᠤᠮ ᠴᠢᠨᠢ》 ᠭᠡᠵᠦ ᠵᠠᠷᠢᠮ ᠨᠢ ᠪᠡᠶ᠎ᠡ ᠪᠡᠨ ᠵᠥᠪᠲᠥᠭᠡᠳᠡᠭ  ᠃ ᠲᠡᠢᠮᠦ ᠨᠢ ᠴᠦ᠍ ᠲᠡᠢᠮᠦ ᠠ᠋! ᠭᠡᠪᠡᠴᠦ ᠲᠡᠳᠡᠨᠦᠰ ᠴᠢᠨᠢ ᠪᠦᠭᠦᠳᠡᠭᠡᠷ ᠢ᠋ᠶ᠋ᠡᠨ ᠲᠠᠨ ᠲᠠᠢ ᠠᠳᠠᠯᠢ ᠤᠴᠢᠷ ᠢ᠋ ᠮᠡᠳᠡᠬᠦ ᠦᠭᠡᠢ ᠪᠠᠢᠵᠤ ᠤᠷᠤᠰᠬᠠᠯ ᠳᠠᠭᠠᠵᠤ ᠪᠠᠢᠭ᠎ᠠ ᠰᠢᠦ ᠳᠡ᠃ ᠳᠡᠯᠡᠬᠡᠢ ᠨᠡᠢᠭᠡᠮ ᠦ᠋ᠨ ᠬᠥᠭᠵᠢᠯ ᠢ᠋ ᠳᠠᠭᠠᠭᠠᠳ ᠣᠯᠠᠨ ᠵᠦᠢᠯ ᠦ᠋ᠨ ᠮᠣᠳ᠋ ᠰᠣᠶᠣᠯ ᠪᠢᠳᠡᠨ ᠢ᠋ ᠨᠥᠯᠥᠭᠡᠯᠡᠬᠦ ᠨᠢ ᠭᠠᠷᠴᠠᠭ᠎ᠠ ᠦᠭᠡᠢ᠃ ᠶᠠᠭᠠᠬᠢᠵᠤ ᠪᠠᠢᠵᠤ ᠮᠣᠳ᠋ ᠤ᠋ᠨ ᠰᠢᠷᠦᠭᠦᠨ ᠤᠷᠤᠰᠬᠠᠯ ᠳ᠋ᠤ᠌ ᠥᠮᠴᠢᠨ ᠳ᠋ᠡᠬᠢ ᠵᠢᠭᠠᠬᠠᠨ ᠶᠠᠭᠤᠮ᠎ᠠ ᠪᠠᠨ ᠠᠯᠳᠠᠴᠢᠬᠠᠭ᠎ᠠ ᠯᠠ ᠦᠭᠡᠢ ᠪᠠᠢᠯᠭᠠᠬᠤ ᠪᠣᠢ? ᠶᠠᠭᠠᠬᠢᠵᠤ ᠲᠡᠷᠡ ᠳᠤᠮᠳᠠ ᠠ᠋ᠴᠠ ᠥᠪᠡᠷ ᠲᠡᠭᠡᠨ ᠬᠡᠷᠡᠭ ᠲᠡᠢ ᠶᠠᠭᠤᠮ᠎ᠠ ᠪᠠᠨ ᠠᠪᠴᠤ ᠴᠢᠳᠠᠬᠤ ᠪᠣᠢ? ᠭᠡᠳᠡᠭ ᠮᠠᠨᠢ ᠪᠢᠳᠡᠨ ᠦ᠌ ᠬᠡᠨ ᠬᠡᠨ ᠲᠡᠢ ᠴᠤ᠌ ᠬᠣᠯᠪᠣᠭᠳᠠᠬᠤ ᠠᠰᠠᠭᠤᠳᠠᠯ᠃ ᠢᠯᠠᠩᠭᠤᠶ᠎ᠠ ᠰᠡᠭᠡᠭᠡᠲᠡᠳ ᠲᠡᠢ! ᠪᠤᠰᠤᠳ ᠦᠨᠳᠦᠰᠦᠲᠡᠨ ᠥᠪᠡᠷᠰᠡᠳ ᠦ᠋ᠨ ᠪᠠᠶᠠᠷ ᠶᠣᠰᠣᠯᠠᠯ ᠢ᠋ᠶ᠋ᠠᠨ ᠭᠦᠢᠴᠡᠳᠬᠡᠵᠦ ᠪᠠᠢᠬᠤ ᠨᠢ ᠳᠡᠭᠡᠳᠦᠰ ᠦ᠋ᠨ ᠤᠯᠠᠮᠵᠢᠯᠠᠯ ᠢ᠋ᠶ᠋ᠠᠨ ᠪᠡᠶᠡᠯᠡᠭᠦᠯᠵᠦ ᠪᠠᠢᠬᠤ ᠠ᠋ᠴᠠ ᠪᠢᠰᠢ ᠮᠣᠳ᠋ ᠬᠥᠭᠡᠭᠡᠴᠡᠯᠳᠦᠵᠦ ᠪᠠᠢᠭ᠎ᠠ ᠪᠢᠰᠢ᠃ ᠬᠠᠷᠢᠨ ᠪᠢᠳᠡ ᠶᠠᠭᠠᠬᠢᠭᠠᠳ ᠤᠯᠠᠮᠵᠢᠯᠠᠯ ᠢ᠋ᠶ᠋ᠠᠨ ᠭᠦᠢᠴᠡᠳᠬᠡᠬᠦ ᠦᠭᠡᠢ ᠪᠣᠢ? ᠭᠡᠳᠡᠭ ᠢ᠋ ᠬᠠᠷᠢ ᠦᠨᠳᠦᠰᠦᠲᠡᠨ ᠶᠠᠭᠠᠬᠢᠭᠠᠳ ᠪᠢᠳᠡᠨ ᠦ᠌ ᠪᠠᠶᠠᠷ ᠶᠣᠰᠣᠯᠠᠯ ᠢ᠋ᠶ᠋ᠠᠷ ᠮᠣᠳ᠋ ᠪᠣᠯᠭᠠᠳᠠᠭ ᠦᠭᠡᠢ ᠶᠦᠮ ᠪᠣᠢ ᠭᠡᠳᠡᠭ ᠲᠡᠢ ᠬᠠᠷᠢᠴᠠᠭᠤᠯᠤᠨ ᠣᠢᠯᠠᠭᠠᠬᠤ ᠰᠡᠭᠡᠭᠡ ᠲᠡᠢ ᠪᠠᠢᠪᠠᠯ ᠲᠠᠭᠠᠷᠠᠨ᠎ᠠ᠃
       ᠴᠠᠭ ᠤ᠋ᠨ ᠰᠠᠯᠬᠢᠨ ᠳ᠋ᠤ᠌ ᠨᠠᠢᠭᠤᠵᠤ᠂ ᠰᠣᠬᠣᠷ ᠢ᠋ᠶ᠋ᠠᠷ ᠬᠥᠭᠡᠭᠡᠴᠡᠯᠳᠦᠭᠰᠡᠨ ᠮᠣᠳ᠋ ᠨᠢ ᠬᠥᠭᠵᠢᠯ ᠦ᠋ᠨ ᠥᠨᠳᠥ ᠲᠦᠪᠰᠢᠨ ᠢ ᠶᠠᠭᠠᠬᠢᠭᠰᠠᠨ ᠴᠤ ᠲᠥᠯᠥᠭᠡᠯᠡᠵᠦ ᠴᠢᠳᠠᠬᠤ ᠦᠭᠡᠢ᠃ ᠥᠷᠥᠭᠡᠯ ᠦ᠋ᠨ ᠳᠡᠷᠪᠡᠭᠰᠡᠨ ᠢ᠋ ᠳᠠᠭᠤᠷᠢᠶᠠᠵᠤ ᠮᠣᠳ᠋ ᠪᠣᠯᠭᠠᠬᠤ ᠳ᠋ᠠᠭᠠᠨ ᠥᠮᠴᠢᠨ ᠳ᠋ᠡᠬᠢ ᠪᠡᠨ ᠬᠠᠶᠠᠬᠤ ᠮᠣᠳ᠋ ᠴᠤ ᠭᠠᠵᠠᠷ ᠠᠪᠴᠤ ᠪᠣᠢ᠃ ᠬᠠᠷᠢᠨ ᠥᠨᠳᠥᠷ ᠬᠥᠭᠵᠢᠯ ᠲᠡᠢ ᠤᠯᠤᠰ ᠦᠨᠳᠦᠰᠦᠲᠡᠨ ᠦ᠌ ᠬᠢᠨ ᠥᠪ ᠤᠯᠠᠮᠵᠢᠯᠠᠯ ᠢ᠋ᠶ᠋ᠠᠨ ᠪᠦᠲᠦᠨ ᠢ᠋ᠶ᠋ᠡᠷ ᠨᠢ ᠪᠠᠢᠯᠭᠠᠬᠤ ᠶ᠋ᠢ ᠮᠣᠳ᠋ ᠪᠣᠯᠭᠠᠵᠤ ᠪᠠᠢᠭ᠎ᠠ ᠶ᠋ᠢ ᠳᠠᠭᠤᠷᠢᠶᠠᠭᠠᠴᠢ!

——————
① ᠡᠨᠡ ᠵᠣᠬᠢᠶᠠᠯ《ᠥᠪᠥᠷ ᠮᠣᠩᠭᠣᠯ ᠤ᠋ᠨ ᠡᠳᠦᠷ ᠦ᠋ᠨ ᠰᠣᠨᠢᠨ》 ᠤ᠋2004·2·27 ᠤ᠋ ᠳ᠋ᠤᠭᠠᠷ ᠲᠤ ᠨᠡᠢᠲᠡᠯᠡᠭᠳᠡᠭᠰᠡᠨ ᠪᠠᠢᠵᠠᠢ᠃

     ᠦᠰᠦᠭ ᠠᠮᠢᠯᠠᠭᠤᠯᠤᠭᠴᠢ᠄ ᠭᠡᠷᠡᠯ
     ᠬᠢᠨᠠᠭᠴᠢ ᠪᠠᠭᠰᠢ᠄ ᠣᠳᠬᠠᠨᠰᠣ᠎ᠠ