《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠵᠢᠷᠠᠨ ᠭᠤᠷᠪᠠᠳᠤᠭᠠᠷ ᠪᠦᠯᠦᠭ> "Хөх судар" он нөхвөр дэвтэр - Инжинаш <Жаран гуравдугаар бүлэг>
《ᠬᠥᠬᠡ ᠰᠤᠳᠤᠷ》 ᠤᠨ ᠨᠥᠬᠥᠪᠦᠷᠢ ᠲᠡᠪᠲᠡᠷ - ᠵᠢᠷᠠᠨ ᠭᠤᠷᠪᠠᠳᠤᠭᠠᠷ ᠪᠦᠯᠦᠭ
ᠵᠢᠷᠠᠨ ᠭᠤᠷᠪᠠᠳᠤᠭᠠᠷ ᠪᠦᠯᠦᠭ
ᠰᠥᠩ ᠨᠢᠩᠽᠦ᠋ᠩ ᠱᠤ᠌ ᠭᠠᠵᠠᠷ ᠢ᠋ ᠤᠷᠪᠠᠵᠤ ᠬᠥᠷᠪᠡᠲᠡᠯ᠎ᠡ ᠣᠭᠲᠣ ᠡᠰᠡ ᠤᠪᠠᠢᠯᠠᠪᠠ
ᠶᠤᠸᠠᠨ ᠲᠠᠢᠽᠦ ᠠᠯᠲᠠᠨ ᠤᠯᠤᠰ ᠤ᠋ᠨ ᠤᠯᠠᠢᠮ᠎ᠠ ᠭᠠᠩᠳᠠᠭᠰᠠᠨᠠ ᠤᠬᠣᠷᠴᠢᠯᠠᠨ ᠬᠤᠷ᠎ᠠ ᠭᠤᠶᠤᠪᠠ
ᠡᠮᠦᠨᠡᠲᠦ ᠰᠥᠩ ᠡᠷᠯᠢᠭ ᠢ᠋ᠶ᠋ᠡᠨ ᠡᠷᠢᠵᠦ ᠡᠳ᠋ ᠰᠦᠢᠳᠬᠡᠨ ᠬᠦᠴᠦᠨ ᠪᠠᠰᠠ ᠮᠣᠬᠣᠪᠠ
ᠡᠷᠡᠯᠬᠡᠭ ᠠᠯᠲᠠᠨ ᠡᠷᠭᠡᠭᠳᠡᠯ ᠥᠭᠡᠶ᠎ᠡ ᠡᠰᠡᠷᠭᠦᠴᠡᠨ ᠪᠠᠢᠯᠳᠤᠵᠤ ᠴᠡᠷᠢᠭ ᠭᠡᠳᠡᠷᠭᠦ ᠲᠠᠢᠯᠪᠠ᠃
ᠡᠪᠳᠡᠷᠡᠯᠳᠦ ᠲᠠᠩᠭᠤᠳ ᠡᠪᠰᠡᠯ ᠢ᠋ ᠡᠪᠳᠡᠭᠡᠳ ᠡᠭᠡᠵᠦ ᠪᠠᠰᠠ ᠬᠦ᠌ ᠶᠠᠯ᠎ᠠ ᠪᠠᠨ ᠬᠦᠯᠢᠶᠡᠪᠡ
ᠡᠷᠬᠡᠲᠦ ᠮᠣᠩᠭᠣᠯ ᠡᠨᠡᠷᠢᠯ ᠲᠥᠷᠥᠵᠦ ᠶᠠᠯ᠎ᠠ ᠣᠰᠣᠯ ᠢ᠋ ᠭᠡᠭᠡᠵᠦ ᠠᠭᠤᠴᠢᠯᠠᠨ ᠪᠠᠭᠲᠠᠭᠠᠪᠠ᠃
ᠲᠡᠨᠳᠡᠴᠡ ᠰᠥᠩ ᠤᠯᠤᠰ ᠤ᠋ᠨ ᠰᠣᠯᠢᠭᠤᠷᠬᠠᠯ ᠪᠠ ᠠᠯᠲᠠᠨ ᠤᠯᠤᠰ ᠤ᠋ᠨ ᠵᠢᠭᠤᠷᠭᠠᠨ ᠢ᠋ ᠲᠣᠪᠴᠢᠶᠠᠯᠠᠨ ᠲᠣᠭᠠᠴᠢᠬᠤ ᠠᠨᠤ᠄
ᠰᠥᠩ ᠤᠯᠤᠰ ᠤ᠋ᠨ ᠴᠢᠬᠤᠯᠠ ᠠᠨᠤ᠂ ᠬᠠᠷᠭᠢᠰ ᠴᠧᠩᠰᠢᠶᠠᠩ ᠬᠠᠨ ᠲᠦᠸᠧ ᠵᠧᠦ ᠨᠢᠭᠡ᠃ ᠳᠡᠰᠯᠡᠪᠡᠰᠦ ᠰᠥᠩ ᠡᠴᠡᠭᠡᠨ ᠤᠷᠪᠠᠵᠤ᠂ ᠱᠤ᠌ ᠭᠠᠵᠠᠷ ᠤ᠋ᠨ ᠸᠠᠩ ᠪᠣᠯᠤᠭᠰᠠᠨ ᠡᠤ ᠰᠢ ᠨᠢᠭᠡ᠃ ᠡᠨᠡ ᠬᠣᠶᠠᠷ ᠡᠲᠡᠭᠡᠳ ᠦ᠋ᠨ ᠬᠣᠶᠠᠷ ᠠᠩᠭᠢ᠃ ᠵᠢᠴᠢ ᠠᠯᠲᠠᠨ ᠤᠯᠤᠰ ᠤ᠋ᠨ ᠴᠢᠬᠤᠯᠠ ᠠᠨᠤ᠂ ᠶᠡᠬᠡ ᠶᠤᠸᠠᠨᠱᠤᠸᠠᠢ ᠫᠦ ᠰᠠᠨ ᠺᠦᠢ ᠶ᠋ᠢᠨ ᠨᠢᠭᠡᠨ ᠠᠩᠭᠢ᠃ ᠵᠢᠴᠢ ᠪᠠᠷᠠᠭᠤᠨ ᠡᠲᠡᠭᠡᠳ ᠦ᠋ᠨ ᠱᠤ᠌ ᠭᠠᠵᠠᠷ ᠤ᠋ᠨ ᠸᠠᠨ ᠶᠠᠨ ᠭᠠᠩ ᠬᠢᠭᠡᠳ ᠸᠠᠨ ᠶᠠᠨ ᠽᠢ ᠵᠧᠨ᠂ ᠪᠠᠰᠠ ᠫᠦ ᠰᠠᠨ ᠺᠦᠢ ᠶ᠋ᠢᠨ ᠡᠪᠡᠳᠦᠭᠰᠡᠨᠡ ᠣᠷᠣᠨ ᠳ᠋ᠤᠷ ᠢᠷᠡᠭᠰᠡᠨ ᠸᠠᠨ ᠶᠠᠨ ᠽᠦᠩ ᠬᠣᠣ᠃ ᠡᠨᠡ ᠳᠥᠷᠪᠡᠨ ᠠᠩᠭᠢ ᠶ᠋ᠢᠨ ᠬᠡᠷᠡᠭ ᠦ᠋ᠳ ᠮᠥᠨ ᠲᠡᠢᠨ ᠬᠦ᠌ ᠣᠳᠣ ᠨᠢᠳᠤᠨᠤᠨ ᠨᠢᠭᠡᠨ ᠵᠢᠯ ᠦ᠋ᠨ ᠠᠯᠪᠠᠨ ᠤ᠋ ᠬᠡᠳᠦᠢ ᠬᠡᠳᠦᠢᠴᠢᠨᠡᠭᠡᠨ᠂ ᠮᠥᠩᠭᠥ ᠲᠣᠷᠭ᠎ᠠ ᠶ᠋ᠢ ᠥᠭᠴᠦ᠂ ᠲᠦᠷ ᠤᠷᠤᠭᠰᠢ ᠪᠠᠢᠯᠳᠤᠨ ᠣᠷᠣᠬᠤ ᠶ᠋ᠢ ᠵᠣᠭᠰᠣᠭᠠᠵᠤ᠂ ᠶᠡᠬᠡ ᠴᠡᠷᠢᠭ᠂ ᠼᠠᠢ ᠵᠧᠦ ᠪᠠᠯᠭᠠᠰᠤᠨ᠎ᠠ ᠪᠠᠭᠤᠵᠤ᠂ ᠣᠳᠣ ᠥᠨᠢ ᠤᠳᠠᠭᠠᠨ ᠵᠢᠯ ᠪᠦᠷᠢ ᠶ᠋ᠢᠨ ᠪᠠᠷᠢᠬᠤ ᠠᠯᠪᠠᠨ ᠤ᠋ ᠮᠥᠩᠭᠥᠨ ᠦ᠌ ᠲᠣᠭ᠎ᠠ ᠪᠠ ᠰᠢᠷᠬᠡᠭ ᠲᠣᠷᠭᠠᠮᠰᠤᠭ ᠤ᠋ᠨ ᠲᠣᠭ᠎ᠠ ᠬᠡᠮᠵᠢᠶ᠎ᠡ ᠶ᠋ᠢ ᠬᠡᠯᠡᠯᠴᠡᠬᠦ ᠶ᠋ᠢ ᠬᠦᠯᠢᠶᠡᠬᠦᠶ᠎ᠡ᠂ ᠡᠨᠡ ᠵᠢᠯ ᠦ᠋ᠨ ᠴᠠᠭᠠᠨ ᠰᠡᠷᠡᠳᠡ᠂ ᠰᠥᠩ ᠤᠯᠤᠰ ᠤ᠋ᠨ ᠵᠡᠭᠦᠨ ᠪᠠᠷᠠᠭᠤᠨ ᠬᠣᠶᠠᠷ ᠬᠤᠸᠠᠢ ᠾᠧ ᠮᠥᠷᠡᠨ ᠦ᠌ ᠶᠡᠬᠡ ᠰᠢᠦᠸᠠᠨ ᠹᠦ ᠱᠢ ᠲᠦᠰᠢᠮᠡᠯ ᠴᠢᠦ ᠴᠥᠩ᠂ ᠮᠥᠨ ᠬᠦ᠌ ᠨᠢᠳᠤᠨᠤᠨ ᠤ᠋ ᠡᠶᠡᠳᠡᠵᠦ ᠡᠪᠰᠡᠬᠦ ᠶ᠋ᠢᠨ ᠵᠠᠮ ᠢ᠋ᠶ᠋ᠠᠷ ᠮᠥᠰᠬᠢᠨ ᠮᠥᠷᠳᠡᠵᠦ᠂ ᠠᠯᠲᠠᠨ ᠤᠯᠤᠰ ᠤ᠋ᠨ ᠶᠡᠬᠡ ᠫᠢᠩ ᠵᠠᠩ ᠵᠧᠩ ᠱᠢ ᠲᠦᠰᠢᠮᠡᠯ ᠪᠥᠭᠡᠳ ᠪᠠᠰᠠ ᠶᠡᠬᠡ ᠶᠤᠸᠠᠨᠱᠤᠸᠠᠢ ᠫᠦ ᠰᠠᠨ ᠺᠦᠢ ᠯᠦ᠍ᠭᠡ ᠡᠪᠰᠡᠨ ᠡᠶᠡᠳᠡᠬᠦ ᠶ᠋ᠢ ᠬᠡᠯᠡᠯᠴᠡᠬᠦᠶ᠎ᠡ ᠬᠠᠷᠢᠯᠴᠠᠨ ᠪᠢᠴᠢᠭ ᠶᠠᠪᠤᠯᠵᠠᠬᠤᠢ ᠳ᠋ᠤᠷ ᠫᠦ ᠰᠠᠨ ᠺᠦᠢ᠂ ᠡᠭᠡᠨᠡᠭᠲᠡ ᠬᠠᠨ ᠲᠦᠸᠧ ᠵᠧᠦ ᠢᠨᠦ ᠡᠷᠬᠡ ᠶ᠋ᠢ ᠡᠵᠡᠯᠡᠬᠦ ᠭᠣᠣᠯ ᠡᠵᠡᠨ ᠲᠤᠯᠠ᠂ ᠴᠢᠦ ᠴᠥᠩ ᠦ᠋ᠨ ᠡᠳᠡᠭᠡᠷ ᠬᠡᠯᠡᠯᠴᠡᠬᠦ ᠬᠡᠷᠡᠭ ᠦ᠋ᠳ ᠢ᠋ ᠬᠠᠨ ᠲᠦᠸᠧ ᠵᠧᠦ ᠯᠠᠪ ᠮᠡᠳᠡᠮᠦᠢ ᠤᠤ᠂ ᠦᠭᠡᠢ ᠤᠤ ? ᠭᠡᠮᠡᠨ ᠡᠯᠴᠢ ᠠᠮᠠᠯᠠᠵᠤ᠂ ᠴᠢᠦ ᠴᠥᠩ ᠦ᠋ᠨ ᠪᠢᠴᠢᠭ ᠦ᠋ᠨ ᠪᠦᠬᠦᠨ ᠢ᠋ ᠥᠭᠴᠦ ᠯᠠᠪᠯᠠᠨ ᠠᠰᠠᠭᠤᠯᠭᠠᠷ᠎ᠠ ᠢᠯᠡᠭᠡᠭᠰᠡᠨ ᠳ᠋ᠦ᠍ᠷ ᠬᠠᠨ ᠲᠦᠸᠧ ᠵᠧᠦ ᠡᠪᠰᠡᠬᠦᠢ ᠳ᠋ᠦ᠍ᠷ ᠳᠤᠷ᠎ᠠ ᠦᠭᠡᠢ ᠲᠤᠯᠠ᠂ ᠪᠢ ᠡᠳᠡᠭᠡᠷ ᠢ᠋ ᠴᠥᠮ ᠢ᠋ᠶ᠋ᠡᠷ ᠮᠡᠳᠡᠬᠦ ᠦᠭᠡᠢ ᠬᠡᠮᠡᠭᠡᠳ᠂ ᠴᠢᠦ ᠴᠥᠩ ᠦ᠋ᠨ ᠡᠯ᠎ᠡ ᠵᠡᠷᠭᠡ ᠲᠤᠰᠢᠶᠠᠯ ᠢ᠋ ᠴᠥᠮ ᠡᠪᠳᠡᠵᠦ᠂ ᠲᠡᠭᠦᠨᠦ ᠣᠷᠣ ᠳ᠋ᠤᠷ ᠶᠠᠩ ᠶᠠᠨ ᠳᠦ ᠬᠡᠮᠡᠬᠦ ᠲᠦᠰᠢᠮᠡᠯ ᠢ᠋ ᠨᠥᠬᠥᠵᠦ ᠲᠠᠯᠪᠢᠪᠠ᠃ ᠡᠨᠡ ᠤᠳᠠᠭ᠎ᠠ ᠶ᠋ᠢᠨ ᠴᠡᠷᠢᠭ ᠲᠡᠢᠨ ᠦ᠌ ᠪᠠᠢᠯᠳᠤᠭᠠᠨ ᠢ᠋ ᠤᠭ ᠡᠭᠦᠰᠬᠡᠭᠰᠡᠨ ᠰᠠᠨᠠᠭ᠎ᠠ ᠭᠠᠷᠭᠠᠭᠰᠠᠨ ᠲᠦᠰᠢᠮᠡᠯ ᠢ᠋ ᠢᠨᠦ ᠡᠷᠬᠡᠪᠰᠢ ᠠᠪᠤᠮᠤᠢ ᠬᠡᠮᠡᠭᠰᠡᠨ ᠳ᠋ᠦ᠍ᠷ ᠬᠠᠨ ᠲᠦᠸᠧ ᠵᠧᠦ ᠶᠡᠬᠡᠯ᠎ᠡ ᠠᠭᠤᠷᠯᠠᠨ᠂ ᠴᠢᠦ ᠴᠥᠩ ᠬᠠᠭᠠᠨ ᠳ᠋ᠤᠷ ᠠᠢᠯᠠᠳᠬᠠᠭᠤᠵᠠᠢ ᠭᠡᠮᠡᠨ ᠳᠠᠢᠰᠤᠨ ᠤ᠋ ᠰᠦᠷ ᠢ᠋ ᠨᠡᠮᠡᠭᠳᠡᠭᠦᠯᠬᠦᠢ ᠳ᠋ᠦ᠍ᠷ ᠬᠥᠷᠥᠮᠦᠢ ᠭᠡᠮᠡᠨ ᠡᠪᠳᠡᠭᠰᠡᠨ ᠪᠥᠯᠥᠭᠡ᠃ ᠡᠭᠦᠨ ᠢ᠋ ᠲᠦᠷ ᠬᠡᠯᠡᠯᠴᠡᠬᠦ ᠦᠭᠡᠢ ᠃
ᠬᠠᠨ ᠲᠦᠸᠧ ᠵᠧᠦ ᠵᠠᠯᠢᠬᠠᠢ ᠬᠣᠷᠰᠢᠶ᠎ᠠ ᠴᠧᠨ ᠽᠢ ᠴᠢᠶᠠᠩ ᠢ᠋ᠶ᠋ᠠᠷ ᠱᠤ᠌ ᠮᠢ ᠱᠢ ᠶᠠᠮᠤᠨ ᠤ᠋ ᠬᠡᠷᠡᠭ ᠢ᠋ ᠬᠠᠮᠢᠶᠠᠷᠤᠭᠤᠯᠪᠠ᠃ ᠡᠭᠦᠨ ᠢ᠋ ᠮᠥᠨ ᠳᠤᠷᠠᠳᠬᠤ ᠦᠭᠡᠢ᠃ ᠣᠳᠣ ᠭᠠᠭᠴᠠ ᠰᠥᠩ ᠤᠯᠤᠰ ᠠ᠋ᠴᠠ ᠤᠷᠪᠠᠵᠤ᠂ ᠠᠯᠲᠠᠨ ᠤᠯᠤᠰ ᠲᠤᠷ ᠳᠠᠭᠠᠵᠤ᠂ ᠪᠠᠷᠠᠭᠤᠨ ᠱᠤ᠌ ᠭᠠᠵᠠᠷ ᠤ᠋ᠨ ᠸᠠᠩ ᠪᠣᠯᠤᠭᠰᠠᠨ ᠰᠧ ᠴᠤᠸᠠᠨ ᠤ᠋ ᠱᠤ᠌ ᠸᠠᠩ ᠡᠤ ᠰᠢ ᠶ᠋ᠢ ᠬᠡᠯᠡᠬᠦ ᠢᠨᠦ᠄
ᠡᠨᠡ ᠴᠠᠭᠠᠨ ᠰᠡᠷᠡᠳᠡ᠂ ᠪᠠᠷᠠᠭᠤᠨ ᠱᠤ᠌ ᠶ᠋ᠢᠨ ᠸᠠᠩ ᠡᠤ ᠰᠢ ᠳᠣᠣᠷᠠᠬᠢ ᠵᠠᠩᠵᠤᠨ ᠯᠢ ᠵᠢᠢ ᠬᠡᠮᠡᠭᠴᠢ ᠶ᠋ᠢ ᠵᠠᠷᠤᠵᠤ᠂ ᠠᠯᠲᠠᠨ ᠤᠯᠤᠰ ᠤ᠋ᠨ ᠶᠡᠬᠡ ᠴᠡᠷᠢᠭ ᠢ᠋ ᠤᠳᠤᠷᠢᠳᠤᠨ ᠠᠴᠢᠷᠠᠵᠤ᠂ ᠤᠷᠢᠳᠠ ᠪᠠᠷ ᠰᠧ ᠴᠤᠸᠠᠨ ᠤ᠋ ᠹᠧᠩ ᠵᠧᠦ ᠪᠠᠯᠭᠠᠰᠤᠨ ᠢ᠋ ᠪᠠᠢᠯᠳᠤᠨ ᠠᠪᠴᠤ᠂ ᠲᠣᠭᠣᠷᠢᠭᠰᠠᠨ ᠳᠥᠷᠪᠡᠨ ᠵᠢᠶᠦ᠋ᠨ ᠢ᠋ ᠬᠠᠮᠲᠤᠪᠠᠷ ᠣᠯᠤᠭᠠᠳ᠂ ᠵᠡᠭᠦᠨ ᠵᠠᠭᠠᠭ ᠢ᠋ ᠲᠡᠮᠦᠷ ᠭᠠᠷᠬᠤ ᠲᠢᠶᠧ ᠱᠠᠨ ᠠᠭᠤᠯᠠ ᠪᠠᠷ ᠵᠠᠬ᠎ᠠ ᠬᠡᠴᠡ ᠪᠣᠯᠭᠠᠨ ᠲᠣᠭᠲᠠᠭᠠᠭᠠᠳ᠂ ᠱᠤ᠌ ᠸᠠᠩ ᠡᠤ ᠰᠢ ᠪᠠᠰᠠ ᠵᠢᠩ ᠵᠧᠦ ᠪᠡᠷ ᠸᠠᠩ ᠤ᠋ᠨ ᠣᠷᠳᠣᠨ — ᠰᠢᠩ ᠬᠦᠩ ᠪᠣᠯᠭᠠᠵᠤ᠂ ᠡᠳᠡᠭᠡᠷ ᠳᠥᠷᠪᠡᠨ ᠵᠧᠦ ᠵᠢᠶᠦ᠋ᠨ ᠦ᠌ ᠳᠣᠲᠣᠷᠠᠬᠢ᠂ ᠣᠯᠠᠨ ᠵᠡᠷᠭᠡ ᠬᠡᠷᠭᠡᠮᠲᠡᠨ ᠢ᠋ ᠥᠪᠡᠷᠦᠨ ᠱᠤ᠌ ᠸᠠᠩ ᠤ᠋ᠨ ᠲᠥᠷᠥ ᠶ᠋ᠢᠨ ᠬᠤᠪᠢ ᠶ᠋ᠢᠨ ᠵᠠᠭᠤᠨ ᠲᠦᠰᠢᠮᠡᠳ ᠢ᠋ ᠨᠠᠷᠠᠯᠠᠨ ᠡᠷᠭᠦᠮᠵᠢᠯᠡᠵᠦ᠂ ᠬᠤᠪᠢ ᠰᠠᠭᠤᠷᠢᠨ ᠤ᠋ ᠳᠡᠰ ᠵᠡᠷᠭᠡ ᠶ᠋ᠢ ᠪᠠᠢᠭᠤᠯᠤᠨ ᠲᠣᠭᠲᠠᠭᠠᠬᠤᠶ᠎ᠠ᠂ ᠥᠪᠡᠷᠦᠨ ᠳᠣᠣᠷᠠᠬᠢ ᠵᠠᠩᠵᠤᠨ ᠳ᠋ᠦᠩ ᠸᠸᠨ ᠬᠡᠮᠡᠭᠴᠢ ᠶ᠋ᠢ ᠪᠠᠷᠠᠭᠤᠨ ᠴᠧᠩ ᠳᠦ ᠹᠦ ᠪᠠᠯᠭᠠᠰᠤᠨ᠎ᠠ ᠢᠯᠡᠭᠡᠵᠦ᠂ ᠱᠤ᠌ ᠸᠠᠩ ᠤ᠋ᠨ ᠶᠡᠬᠡ ᠤᠷᠲᠤ ᠬᠠᠷᠰᠢ ᠶ᠋ᠢ ᠵᠠᠰᠠᠨ ᠪᠠᠢᠭᠤᠯᠵᠤ᠂ ᠪᠠᠰᠠ ᠪᠠᠷᠠᠭᠤᠨ ᠱᠤ᠌ ᠶ᠋ᠢᠨ ᠲᠡᠭᠦᠨᠦ ᠬᠠᠷᠢᠶᠠᠲᠤ ᠪᠣᠯᠤᠭᠰᠠᠨ ᠣᠯᠠᠨ ᠵᠧᠦ ᠵᠢᠶᠦ᠋ᠨ ᠦ᠌ ᠢᠷᠭᠡᠳ ᠢ᠋ ᠴᠥᠮ ᠢ᠋ᠶ᠋ᠡᠷ ᠠᠯᠲᠠᠨ ᠤᠯᠤᠰ ᠤ᠋ᠨ ᠶᠣᠰᠣᠭᠠᠷ ᠲᠣᠭᠣᠷᠢᠭᠰᠠᠨ ᠦᠰᠦ ᠶ᠋ᠢ ᠬᠢᠷᠭᠠᠨ ᠬᠤᠰᠤᠭᠤᠯᠵᠤ ᠭᠡᠵᠢᠭᠡ ᠦᠯᠡᠳᠡᠭᠡᠯᠭᠡᠨ᠂ ᠴᠥᠮ ᠠᠯᠲᠠᠨ ᠤᠯᠤᠰ ᠤ᠋ᠨ ᠮᠠᠯᠠᠭ᠎ᠠ ᠪᠦᠰᠡ᠂ ᠳᠡᠪᠡᠯ ᠬᠤᠪᠴᠠᠳ ᠬᠠᠯᠠᠨ ᠡᠮᠦᠰᠬᠡᠵᠦ᠂ ᠰᠠᠢᠳ ᠪᠣᠯᠤᠨ ᠰᠤᠯᠠ ᠬᠥᠮᠦᠨ ᠢ᠋ ᠢᠨᠦ ᠠᠯᠲᠠᠨ ᠤᠯᠤᠰ ᠤ᠋ᠨ ᠢᠷᠭᠡᠳ ᠪᠣᠯᠭᠠᠭᠠᠳ᠂ ᠨᠢᠭᠲᠠᠯᠠᠨ ᠪᠠᠢᠴᠠᠭᠠᠵᠤ ᠨᠡᠢᠲᠡ ᠠᠷᠪᠠᠨ ᠲᠦᠮᠡᠨ ᠢᠯᠡᠭᠦᠦ ᠰᠢᠯᠭᠠᠳᠠᠭ ᠴᠡᠷᠢᠭ ᠣᠯᠪᠠ᠃
ᠲᠡᠳᠦᠢ ᠶᠡᠬᠡ ᠵᠠᠩᠵᠤᠨ ᠯᠦ᠍ ᠴᠢ ᠬᠡᠮᠡᠭᠴᠢ ᠶ᠋ᠢ ᠶᠡᠬᠡ ᠶᠤᠸᠠᠨᠱᠤᠸᠠᠢ ᠪᠣᠯᠭᠠᠨ ᠤᠰᠤᠨ ᠬᠠᠭᠤᠷᠠᠢ ᠶ᠋ᠢᠨ ᠶᠡᠬᠡ ᠴᠡᠷᠢᠭ ᠢ᠋ ᠠᠪᠤᠭᠤᠯᠤᠨ ᠱᠤ᠌ ᠵᠧᠦ᠂ ᠸᠠᠨ ᠵᠧᠦ ᠡᠴᠡ ᠶᠡᠬᠡ ᠴᠡᠷᠢᠭ ᠦ᠋ᠨ ᠣᠩᠭᠣᠴᠠᠨ᠎ᠠ ᠭᠠᠷᠴᠤ᠂ ᠵᠢᠶᠠ ᠯᠢᠩ ᠵᠢᠶᠠᠩ ᠮᠥᠷᠡᠨ ᠳ᠋ᠦ᠍ᠷ ᠣᠷᠣᠵᠤ ᠂ ᠤᠮᠠᠷᠠᠲᠤ ᠶ᠋ᠢᠨ ᠶᠡᠬᠡ ᠠᠯᠲᠠᠨ ᠤᠯᠤᠰ ᠤ᠋ᠨ ᠬᠣᠢᠲᠤ ᠬᠠᠭᠠᠰ ᠤ᠋ᠨ ᠴᠡᠷᠢᠭ ᠯᠦ᠍ᠭᠡ ᠨᠡᠢᠯᠡᠵᠦ᠂ ᠰᠢᠶᠠᠩ ᠶᠠᠩ ᠹᠦ ᠪᠠᠯᠭᠠᠰᠤᠨ ᠢ᠋ ᠪᠠᠢᠯᠳᠤᠨ ᠠᠪᠤᠮᠤᠢ ᠭᠡᠮᠡᠨ ᠶᠡᠬᠡᠯ᠎ᠡ ᠪᠠᠷᠬᠢᠷᠠᠨ ᠵᠠᠷᠯᠠᠨ ᠠᠯᠳᠠᠷᠰᠢᠭᠤᠯᠵᠤ᠂ ᠨᠢᠭᠡᠨ ᠳᠡᠭᠡᠭᠦᠷ ᠪᠠᠰᠠ ᠡᠳᠡᠭᠡᠷ ᠰᠢᠷ᠎ᠠ ᠲᠣᠷᠭ᠎ᠠ ᠳ᠋ᠤᠷ ᠪᠢᠴᠢᠭᠰᠡᠨ ᠶᠡᠬᠡ ᠲᠤᠩᠬᠠᠭ ᠪᠢᠴᠢᠭ ᠢ᠋ ᠴᠸᠡᠭ ᠳᠦ ᠹᠦ ᠪᠠᠯᠭᠠᠰᠤᠨ ᠳ᠋ᠤᠷ ᠢᠯᠡᠭᠡᠵᠦ ᠨᠠᠭᠠᠯᠳᠤᠭᠤᠯᠤᠨ᠂ ᠴᠸᠡᠭ ᠳᠦ ᠪᠠᠯᠭᠠᠰᠤᠨ ᠪᠠ ᠪᠠᠰᠠ ᠵᠡᠭᠦᠨ ᠡᠲᠡᠭᠡᠳ ᠦ᠋ᠨ ᠳ᠋ᠦᠩ ᠴᠤᠸᠠᠨ᠂ ᠵᠢᠴᠢ ᠯᠢ ᠵᠧᠦ᠂ ᠺᠦᠢ ᠵᠧᠦ ᠡᠨᠡ ᠳᠥᠷᠪᠡᠨ ᠶᠡᠬᠡ ᠭᠠᠵᠠᠷ᠎ᠠ ᠪᠦᠷᠢᠨ᠎ᠡ ᠪᠡᠷ ᠵᠠᠷᠯᠠᠭᠠᠳ᠂ ᠵᠢᠴᠢ ᠪᠠᠰᠠ ᠮᠥᠨ ᠵᠢᠩ ᠵᠧᠦ ᠬᠣᠲᠠ ᠶ᠋ᠢ ᠰᠢᠩ ᠳᠧ ᠹᠦ ᠶᠡᠬᠡ ᠡᠷᠳᠡᠮ ᠮᠠᠨᠳᠤᠭᠰᠠᠨ ᠪᠠᠯᠭᠠᠰᠤᠨ ᠭᠡᠮᠡᠨ ᠬᠠᠯᠠᠵᠤ ᠡᠷᠭᠦᠨ ᠨᠡᠷᠡᠯᠡᠭᠡᠳ᠂ ᠮᠥᠨ ᠡᠨᠡ ᠰᠢᠩ ᠳᠧ ᠹᠦ ᠶ᠋ᠢᠨ ᠬᠠᠭᠤᠴᠢᠨ ᠲᠤᠰᠢᠶᠠᠯ ᠤ᠋ᠨ ᠵᠤᠸᠠᠨ ᠶᠦᠨ ᠱᠢ ᠲᠦᠰᠢᠮᠡᠯ᠂ ᠣᠪᠣᠭ ᠠᠨ᠂ ᠨᠡᠷ᠎ᠡ ᠪᠢᠩ᠂ ᠡᠭᠦᠨ ᠢ᠋ ᠱᠤ᠌ ᠸᠠᠩ ᠤ᠋ᠨ ᠶᠡᠬᠡ ᠴᠧᠩᠰᠢᠶᠠᠩ ᠪᠣᠯᠭᠠᠨ ᠡᠷᠭᠦᠮᠵᠢᠯᠡᠭᠡᠳ᠂ ᠪᠠᠰᠠ ᠴᠸᠡᠭ ᠳᠦ ᠪᠠᠯᠭᠠᠰᠤᠨ ᠤ᠋ ᠳᠦ ᠱᠠᠩ ᠱᠢ ᠲᠦᠰᠢᠮᠡᠯ ᠬᠠᠪᠰᠤᠷᠭᠠᠨ ᠵᠠᠬᠢᠷᠤᠭᠤᠯᠤᠭᠰᠠᠨ ᠳ᠋ᠤᠷ ᠠᠨ ᠪᠢᠩ᠂ ᠠᠮᠢᠨ ᠵᠠᠶᠠᠭ᠎ᠠ ᠨᠢᠭᠡᠨᠲᠡ ᠭᠡᠲᠦᠯᠦᠨ ᠴᠢᠳᠠᠬᠤ ᠦᠭᠡᠢ ᠪᠣᠯᠤᠭᠰᠠᠨ ᠤ᠋ ᠲᠤᠯᠠᠳᠠ᠂ ᠠᠷᠭᠠᠳᠠᠯ ᠦᠭᠡᠶᠠ ᠵᠥᠪ ᠬᠠᠨᠳᠤᠨ ᠢᠨᠢᠶᠡᠨ ᠨᠡᠢᠯᠡᠭᠦᠯᠵᠦ᠂ ᠪᠤᠷᠤᠭᠤ ᠬᠠᠨᠳᠤᠨ ᠪᠤᠷᠤᠢᠵᠤ ᠪᠣᠳᠣᠯᠬᠢᠯᠠᠭᠰᠠᠭᠠᠷ ᠬᠦᠯᠢᠶᠡᠵᠦ ᠠᠪᠤᠪᠠᠢ᠃
ᠵᠢᠴᠢ ᠪᠠᠰᠠ ᠱᠤ᠌ ᠸᠠᠩ ᠵᠠᠷᠯᠢᠭ ᠪᠠᠭᠤᠯᠭᠠᠨ ᠳᠠ ᠠᠨ ᠵᠢᠶᠦ᠋ᠨ ᠪᠠᠯᠭᠠᠰᠤᠨ ᠤ᠋ ᠪᠦᠭᠦᠳᠡ ᠶ᠋ᠢᠨ ᠡᠷᠬᠡ ᠲᠣᠪᠴᠢ ᠶ᠋ᠢ ᠪᠠᠷᠢᠭᠴᠢ᠂ ᠣᠪᠣᠭ ᠶᠠᠩ᠂ ᠨᠡᠷ᠎ᠡ ᠵᠧᠨ ᠵᠦᠩ ᠬᠡᠮᠡᠭᠴᠢ ᠶ᠋ᠢ ᠪᠠᠷᠠᠭᠤᠨ ᠡᠲᠡᠭᠡᠳ ᠦ᠋ᠨ ᠴᠧᠩᠰᠢᠶᠠᠩ ᠡᠷᠭᠦᠮᠵᠢᠯᠡᠨ ᠵᠠᠯᠠᠭᠤᠯᠤᠭᠰᠠᠨ ᠳ᠋ᠤᠷ ᠶᠠᠩ ᠵᠸᠨ ᠵᠦᠩ ᠬᠣᠣᠷ᠎ᠠ ᠢᠳᠡᠵᠦ ᠦᠬᠦᠪᠡ᠃ ᠡᠭᠦᠨᠴᠨ ᠭᠠᠳᠠᠨ᠎ᠠ᠂ ᠴᠸᠨ ᠰᠢᠶᠠᠨ ᠬᠡᠮᠡᠭᠴᠢ ᠪᠠᠭᠠᠬᠠᠨ ᠲᠦᠰᠢᠮᠡᠯ᠂ ᠡᠰᠡᠷᠭᠦᠴᠡᠨ ᠦᠰᠦ ᠪᠡᠨ ᠲᠣᠢᠯᠠᠬᠤ ᠦᠭᠡᠢ ᠠᠯᠠᠭᠳᠠᠪᠠ᠃ ᠪᠠᠰᠠ ᠨᠢᠭᠡᠨ ᠱᠢ ᠼᠧ ᠴᠢᠨ ᠬᠡᠮᠡᠭᠴᠢ ᠰᠤᠯᠠ ᠵᠡᠷᠭᠡᠲᠡᠨ ᠥᠪᠡᠷᠦᠨ ᠨᠢᠳᠦᠨ ᠢ᠋ᠶ᠋ᠡᠨ ᠰᠣᠬᠣᠯᠵᠤ᠂ ᠲᠡᠲᠡᠭᠡᠢ ᠪᠠᠢᠳᠠᠯ ᠢ᠋ ᠦᠵᠡᠬᠦ ᠦᠭᠡᠢ ᠬᠡᠮᠡᠪᠡ᠃ ᠵᠢᠴᠢ ᠯᠢ ᠳ᠋ᠣᠣ ᠴᠤᠸᠠᠨ᠂ ᠳ᠋ᠧᠩ ᠰᠢᠩ ᠹᠦ᠂ ᠶᠠᠩ ᠲᠠᠢ ᡁᠢ ᠨᠠᠷ ᠵᠡᠷᠭᠡ ᠲᠤᠰᠢᠶᠠᠯ ᠢ᠋ᠶ᠋ᠠᠨ ᠭᠡᠭᠡᠵᠦ ᠤᠷᠭᠤᠨ ᠡᠴᠢᠪᠡ᠃ ᠡᠨᠡ ᠢᠨᠦ ᠨᠢᠳᠤᠨᠤᠨ ᠯᠠ ᠰᠠᠷ᠎ᠠ᠂ ᠡᠨᠡ ᠵᠢᠯ ᠦ᠋ᠨ ᠴᠠᠭᠠᠨ ᠰᠠᠷ᠎ᠠ ᠶ᠋ᠢᠨ ᠡᠤ ᠰᠢ ᠶ᠋ᠢᠨ ᠶᠡᠬᠡ ᠲᠥᠯᠥᠪ ᠮᠥᠨ᠃ ᠵᠢᠴᠢ ᠡᠭᠦᠨ ᠦ᠌ ᠳᠣᠲᠣᠷ᠎ᠠ ᠰᠧ ᠴᠤᠸᠠᠨ ᠮᠣᠵᠢ ᠶ᠋ᠢᠨ ᠬᠠᠭᠤᠴᠢᠨ ᡁᠢ ᡁᠢ ᠱᠢ ᠲᠦᠰᠢᠮᠡᠯ᠂ ᠣᠪᠣᠭ ᠶᠠᠩ᠂ ᠨᠡᠷ᠎ᠡ ᠹᠦ ᠬᠡᠮᠡᠭᠴᠢ ᠡᠷᠲᠡ ᠡᠳᠦᠷ ᠤᠷᠲᠤᠳᠠ ᠡᠤ ᠰᠢ ᠶ᠋ᠢ ᠤᠷᠪᠠᠮᠤᠢ ᠭᠡᠮᠡᠨ ᠬᠡᠯᠡᠳᠡᠭ ᠲᠤᠯᠠᠳᠠ᠂ ᠰᠥᠩ ᠨᠢᠩᠽᠦ᠋ᠡᠭ ᠰᠣᠨᠣᠰᠴᠤ᠂ ᠡᠢᠮᠦ ᠪᠥᠭᠡᠰᠦ ᠶᠠᠩ ᠹᠦ ᠯᠠᠪ ᠡᠤ ᠰᠢ ᠶ᠋ᠢ ᠠᠷᠢᠯᠭᠠᠵᠤ ᠴᠢᠳᠠᠮᠤᠢ ᠭᠡᠮᠡᠨ ᠨᠢᠭᠤᠴᠠ ᠵᠠᠷᠯᠢᠭ ᠪᠢᠴᠢᠭ ᠢᠯᠡᠭᠡᠭᠰᠡᠨ ᠳ᠋ᠦ᠍ᠷ ᠶᠠᠩ ᠹᠦ ᠨᠢᠭᠡᠨ ᠳ᠋ᠦ᠍ᠷ ᠳᠡᠭᠦᠨᠦ ᠭᠠᠷ ᠤ᠋ᠨ ᠳᠣᠣᠷ᠎ᠠ ᠣᠭᠲᠣ ᠵᠠᠩᠵᠤᠨ ᠴᠡᠷᠢᠭ ᠦᠭᠡᠢ᠂ ᠬᠣᠶᠠᠷ ᠲᠤᠷ ᠥᠪᠡᠷᠦᠨ ᠪᠡᠶ᠎ᠡ ᠮᠥᠨ ᠴᠡᠷᠢᠭ ᠦ᠋ᠨ ᠵᠡᠪᠰᠡᠭ ᠲᠣᠷ ᠪᠣᠯᠪᠠᠰᠤᠷᠠᠭᠰᠠᠨ ᠦᠭᠡᠢ ᠶ᠋ᠢᠨ ᠣᠴᠢᠷ᠎ᠠ᠂ ᠬᠠᠷᠠᠬᠠᠨ ᠭᠠᠷ ᠨᠤᠬᠤᠯᠬᠢᠯᠠᠨ ᠥᠴᠦᠬᠡᠨ ᠴᠦ᠍ ᠠᠷᠭ᠎ᠠ ᠦᠭᠡᠢ ᠪᠥᠬᠥᠶ᠎ᠡ ᠱᠤ᠌ ᠸᠠᠩ᠂ ᠡᠤ ᠰᠢ ᠪᠠᠰᠠ ᠳᠡᠭᠦᠨᠦ ᠨᠢᠭᠤᠴᠠ ᠵᠠᠷᠯᠢᠭ ᠣᠯᠤᠭᠰᠠᠨ ᠢ᠋ ᠬᠡᠳᠦᠢᠨ ᠮᠡᠳᠡᠭᠡᠳ ᠦᠯᠦ ᠮᠡᠳᠡᠭᠴᠢ ᠪᠡᠷ ᠣᠪᠯᠠᠨ᠂ ᠶᠠᠩ ᠹᠦ ᠶ᠋ᠢᠨ ᠵᠡᠷᠭᠡ ᠲᠤᠰᠢᠶᠠᠯ ᠢ᠋ ᠳᠡᠪᠰᠢᠭᠦᠯᠦᠨ᠂ ᠵᠢᠶᠠᠩ ᠨᠢᠩ ᠹᠦ ᠶ᠋ᠢᠨ ᠪᠢᠴᠢᠬᠠᠨ ᠵᠧᠦ ᠶ᠋ᠢᠨ ᠭᠠᠵᠠᠷ᠎ᠠ᠂ ᠲᠦᠩ ᠫᠠᠨ ᠲᠦᠰᠢᠮᠡᠯ ᠪᠣᠯᠭᠠᠨ ᠨᠡᠭᠦᠯᠭᠡᠨ ᠢᠯᠡᠭᠡᠭᠰᠡᠨ ᠳ᠋ᠦ᠍ᠷ ᠶᠠᠩ ᠹᠦ ᠨᠡᠩᠳᠡ ᠥᠴᠦᠬᠡᠨ ᠴᠦ᠍ ᠠᠷᠭ᠎ᠠ ᠦᠭᠡᠢ ᠪᠣᠯᠵᠤ᠂ ᠪᠡᠶ᠎ᠡ ᠳ᠋ᠦ᠍ᠷ ᠬᠠᠭᠠᠨ ᠤ᠋ ᠨᠢᠭᠤᠴᠠ ᠵᠠᠷᠯᠢᠭ ᠪᠣᠢ ᠲᠤᠯᠠ ᠪᠠᠰᠠ ᠣᠭᠴᠣ ᠲᠠᠰᠤ ᠵᠠᠢᠯᠠᠨ ᠡᠴᠢᠵᠦ ᠴᠢᠳᠠᠬᠤ ᠦᠭᠡᠢ᠂ ᠪᠠᠰᠠ ᠠᠷᠭ᠎ᠠ ᠦᠭᠡᠶ᠎ᠡ ᠴᠢᠷᠮᠠᠢᠨ ᠶᠡᠷᠪᠡᠢᠨ ᠢᠨᠢᠶᠡᠵᠦ᠂ ᠱᠤ᠌ ᠸᠠᠩ᠂ ᠡᠤ ᠰᠢ ᠶ᠋ᠢᠨ ᠡᠷᠭᠦᠮᠵᠢᠯᠡᠯ ᠦ᠋ᠨ ᠲᠠᠮᠠᠭ᠎ᠠ ᠴᠠᠴᠤᠭ ᠢ᠋ ᠬᠦᠯᠢᠶᠡᠨ ᠠᠪᠴᠤ ᠵᠢᠶᠠᠩ ᠨᠢᠩ ᠹᠦ ᠶ᠋ᠢᠨ ᠲᠤᠰᠢᠶᠠᠯ ᠤ᠋ᠨ ᠭᠠᠵᠠᠷ᠎ᠠ ᠡᠴᠢᠭᠡᠳ ᠨᠡᠩᠳᠡ ᠠᠭᠯᠠᠭ ᠠᠯᠤᠰ ᠪᠣᠯᠤᠭᠠᠳ ᠰᠦᠷ ᠬᠦᠴᠦᠨ ᠨᠢᠭᠡᠮᠦᠰᠦᠨ ᠬᠦᠷᠦᠯᠴᠡᠬᠦ ᠦᠭᠡᠢ ᠪᠣᠯᠪᠠᠢ ᠃ ᠡᠨᠡ ᠢᠨᠦ ᠳᠠᠷᠤᠢ ᠡᠨᠡ ᠵᠢᠯ ᠦ᠋ᠨ ᠬᠣᠶᠠᠷ ᠰᠠᠷ᠎ᠠ ᠶ᠋ᠢᠨ ᠬᠡᠷᠡᠭ ᠪᠥᠯᠥᠭᠡ᠃ ᠠᠩᠬᠠᠨ ᠤ᠋ ᠲᠤᠰᠢᠶᠠᠯ ᠤ᠋ᠨ ᠲᠦᠩ ᠫᠠᠨ᠂ ᠬᠠᠨ ᡁᠢ᠂ ᠴᠸᠡᠭ ᠳᠦ ᠡᠴᠡ ᠤᠷᠭᠤᠨ ᠡᠴᠢᠪᠡᠢ᠃ ᠮᠥᠨ ᠡᠨᠡ ᠰᠠᠷ᠎ᠠ ᠳ᠋ᠤᠷ ᠰᠥᠩ ᠤᠯᠤᠰ ᠤ᠋ᠨ ᠵᠢᠶᠠᠨ ᠺᠠᠩ ᠹᠦ ᠶ᠋ᠢᠨ ᠮᠡᠳᠡᠭᠴᠢ ᠱᠧ ᠱᠢ ᠠᠨ ᠬᠡᠮᠡᠭᠴᠢ ᠶ᠋ᠢ ᠵᠡᠭᠦᠨ ᠪᠠᠷᠠᠭᠤᠨ ᠬᠣᠶᠠᠷ ᠬᠤᠸᠠᠢ ᠾᠧ ᠮᠥᠷᠡᠨ ᠦ᠌ ᡁᠢ ᡁᠢ ᠱᠢ ᠲᠦᠰᠢᠮᠡᠯ ᠪᠣᠯᠭᠠᠨ ᠢᠯᠡᠭᠡᠭᠰᠡᠨ ᠳ᠋ᠦ᠍ᠷ ᠱᠧ ᠱᠢ ᠠᠨ ᠬᠡᠯᠡᠭᠰᠡᠨ ᠢᠨᠦ᠄
《ᠡᠨᠡ ᠮᠥᠷᠡᠨ ᠢ᠋ ᠡᠷᠲᠡᠨ ᠦ᠌ ᠭᠤᠷᠪᠠᠨ ᠤᠯᠤᠰ ᠤ᠋ᠨ ᠵᠡᠭᠦᠨ ᠡᠤ ᠤᠯᠤᠰ ᠤ᠋ᠨ ᠰᠦᠨ ᠣᠪᠣᠭᠲᠠᠨ ᠤ᠋ ᠮᠥᠷᠡᠨ ᠦ᠌ ᠤᠮᠠᠷᠠᠲᠤ ᠢᠷᠮᠡᠭ ᠬᠥᠪᠡᠭᠡ ᠶ᠋ᠢ ᠬᠠᠮᠠᠭᠠᠯᠠᠨ ᠰᠠᠬᠢᠭᠰᠠᠨ ᠠᠷᠭ᠎ᠠ ᠶ᠋ᠢ ᠡᠮᠦᠨᠡᠲᠦ ᠳᠠᠩ ᠤᠯᠤᠰ ᠤ᠋ᠨ ᠦᠶ᠎ᠡ ᠡᠴᠡ ᠠᠯᠳᠠᠵᠤ᠂ ᠮᠥᠷᠡᠨ ᠦ᠌ ᠤᠮᠠᠷᠠᠲᠤ ᠣᠯᠠᠨ ᠵᠧᠦ ᠵᠢᠶᠦ᠋ᠨ ᠢ᠋ ᠲᠠᠮᠠᠭ᠎ᠠ ᠲᠡᠮᠳᠡᠭᠲᠦ ᠵᠠᠷ ᠵᠠᠬᠢᠶ᠎ᠠ ᠪᠠᠷ ᠬᠠᠮᠠᠭᠠᠯᠠᠨ ᠶᠠᠪᠤᠬᠤ ᠪᠣᠯᠪᠠ᠃ ᠡᠳᠦᠭᠡ ᠪᠢ ᠥᠲᠡᠯ᠎ᠡ ᠶᠣᠰᠣᠨ ᠢ᠋ᠶ᠋ᠠᠷ ᠵᠠᠬᠢᠷᠪᠠᠴᠤ᠂ ᠲᠦᠰᠢᠮᠡᠯ ᠬᠢᠭᠡᠳ ᠴᠡᠷᠢᠭ ᠢᠷᠭᠡᠨ ᠢ᠋ ᠴᠢᠩᠳᠠᠯᠠᠨ ᠴᠠᠭᠠᠵᠠᠯᠠᠨ ᠰᠡᠷᠭᠡᠢᠯᠡᠨ ᠴᠢᠳᠠᠬᠤ ᠦᠭᠡᠢ ᠪᠣᠯᠵᠤᠬᠤᠢ᠃ ᠴᠢᠩᠳᠠᠯᠠᠯ ᠦᠭᠡᠢ ᠪᠡᠷ ᠴᠢᠩᠭᠠᠷᠠᠵᠤ᠂ ᠵᠠᠰᠠᠭᠯᠠᠯ ᠦᠭᠡᠢ ᠪᠡᠷ ᠵᠠᠰᠠᠭᠳᠠᠬᠤ ᠪᠤᠶᠤ 》ᠬᠡᠮᠡᠪᠡᠢ᠃ ᠮᠥᠨ ᠡᠨᠡ ᠬᠣᠶᠠᠷ ᠰᠠᠷ᠎ᠠ ᠳ᠋ᠤᠷ ᠠᠯᠲᠠᠨ ᠤᠯᠤᠰ ᠤ᠋ᠨ ᠪᠢᠶᠠᠨ ᠯᠢᠶᠠᠩ ᠪᠠᠯᠭᠠᠰᠤᠨ᠎ᠠ ᠡᠮᠦᠨ᠎ᠡ ᠶ᠋ᠢ ᠳᠠᠢᠯᠠᠬᠤ ᠵᠠᠩ ᠵᠧᠩ ᠱᠢ ᠲᠦᠰᠢᠮᠡᠯ᠂ ᠶᠡᠬᠡ ᠶᠤᠸᠠᠨᠱᠤᠸᠠᠢ ᠫᠦ ᠰᠠᠨ ᠺᠦᠢ ᠡᠪᠡᠳᠴᠢᠨ ᠬᠦᠨᠳᠦᠳᠡᠭᠰᠡᠨᠡ ᠪᠡᠶ᠎ᠡ ᠪᠡᠷ ᠼᠠᠢ ᠵᠧᠦ ᠳ᠋ᠦ᠍ᠷ ᠡᠴᠢᠵᠦ ᠣᠯᠠᠨ ᠴᠡᠷᠢᠭ ᠦ᠋ᠳ ᠢ᠋ ᠭᠡᠷᠢᠶᠡᠰᠯᠡᠨ ᠰᠤᠷᠭᠠᠵᠤ᠂ ᠳᠡᠭᠦᠨᠦ ᠣᠷᠣ ᠳ᠋ᠤᠷ ᠢᠷᠡᠭᠰᠡᠨ ᠠᠯᠲᠠᠨ ᠤᠯᠤᠰ ᠤ᠋ᠨ ᠡᠵᠡᠨ᠂ ᠸᠠᠨ ᠶᠠᠨ ᠵᠢᠩ ᠦ᠋ᠨ ᠣᠢᠷ᠎ᠠ ᠤᠭᠰᠠᠭ᠎ᠠ ᠶ᠋ᠢᠨ ᠵᠡᠭᠦᠨ ᠡᠲᠡᠭᠡᠳ ᠦ᠋ᠨ ᠴᠠᠩ ᠲᠦᠰᠢᠮᠡᠯ᠂ ᠸᠠᠨ ᠶᠠᠨ ᠽᠦᠩ ᠬᠣᠣ ᠳ᠋ᠤᠷ ᠰᠢᠩ ᠱᠧᠩ ᠱᠢ ᠶ᠋ᠢᠨ ᠶᠡᠬᠡ ᠡᠷᠬᠡ ᠲᠣᠪᠴᠢ᠂ ᠠᠷᠭ᠎ᠠ ᠤᠬᠠᠭᠠᠨ ᠢ ᠭᠡᠭᠡᠬᠡᠨ ᠲᠣᠳᠣᠷᠬᠠᠢ ᠪᠠᠷ ᠨᠠᠷᠢᠪᠴᠢᠯᠠᠨ ᠲᠤᠰᠢᠶᠠᠭᠠᠳ᠂ ᠳᠠᠷᠤᠢ ᠡᠮᠦᠨ᠎ᠡ ᠳᠣᠷᠣᠨ᠎ᠠ ᠶ᠋ᠢᠨ ᠼᠠᠢ ᠵᠧᠦ ᠪᠠᠯᠭᠠᠰᠤᠨ᠎ᠠ ᠡᠴᠦᠰᠯᠡᠪᠡᠢ᠃ ᠫᠦ ᠰᠠᠨ ᠺᠦᠢ ᠶ᠋ᠢᠨ ᠡᠩ ᠦ᠋ᠨ ᠵᠠᠩ ᠠᠨᠤ ᠳᠣᠣᠷᠠᠲᠤ ᠵᠠᠩᠵᠤᠨ ᠴᠡᠷᠢᠭ ᠦ᠋ᠳ ᠲᠣᠷ ᠢ᠋ᠶ᠋ᠠᠨ ᠮᠠᠰᠢᠲᠠᠢ ᠬᠠᠮᠠᠭᠠᠯᠠᠯᠲᠠᠢ ᠡᠭᠡᠯᠢᠲᠡᠢ ᠪᠥᠭᠡᠳ ᠬᠠᠭᠠᠨ ᠢ᠋ᠶ᠋ᠠᠨ ᠬᠡᠰᠢᠭ ᠭᠡᠷᠡᠯ ᠢ᠋ ᠡᠷᠬᠡᠪᠰᠢ ᠬᠤᠪᠢ ᠨᠡᠮᠡᠵᠦ᠂ ᠬᠠᠷᠢᠶᠠᠲᠤ ᠠᠷᠠᠳ ᠲᠤᠷ ᠢ᠋ᠶ᠋ᠠᠨ ᠬᠥᠷᠳᠡᠭᠡᠯᠭᠡᠳᠡᠭ ᠠᠵᠤᠭᠤ᠃ ᠲᠡᠢᠨ ᠬᠦ᠌ ᠣᠯᠠᠨ ᠳ᠋ᠤᠷ ᠢ᠋ᠶ᠋ᠠᠨ ᠬᠠᠯᠠᠮᠵᠢᠲᠠᠢ ᠢᠪᠡᠭᠡᠯᠲᠡᠢ ᠳ᠋ᠦ᠍ᠷ᠂ ᠶᠡᠬᠡ ᠪᠠᠭ᠎ᠠ ᠪᠠᠷ ᠪᠦᠭᠦᠳᠡᠭᠡᠷ ᠳᠤᠷᠠᠲᠠᠶ᠎ᠠ ᠪᠠᠶᠠᠷᠯᠠᠯᠴᠠᠨ ᠤᠷᠤᠭᠰᠢ ᠦᠬᠦᠨ ᠵᠢᠳᠬᠦᠯᠴᠡᠳᠡᠭ ᠠᠵᠤᠭᠤ᠃ ᠴᠤᠬᠤᠮᠬᠠᠨ ᠣᠳᠣ ᠤᠯᠤᠰ ᠲᠥᠷᠥ ᠶ᠋ᠢᠨ ᠨᠢᠷᠤᠭᠤ ᠪᠠᠭᠠᠨ᠎ᠠ ᠮᠡᠲᠦ ᠴᠢᠬᠡ ᠭᠡᠭᠡᠬᠡᠨ ᠰᠠᠢᠨ ᠰᠠᠢᠳ ᠪᠣᠯᠠᠢ᠃
ᠠᠪᠠᠢ ᠰᠣᠨᠢᠨ ᠵᠠᠷᠢᠮ ᠡᠷᠬᠡᠲᠡᠨ ᠤᠯᠠᠭᠠᠨ ᠨᠠᠷᠠᠨ ᠤ᠋ ᠭᠡᠭᠡᠬᠡᠨ ᠭᠡᠷᠡᠯ ᠢ᠋ ᠬᠠᠷᠠᠮᠯᠠᠮᠤᠢ
ᠠᠶ᠎ᠠ ᠭᠠᠢᠬᠠᠯ ᠵᠠᠷᠢᠮ ᠲᠡᠷᠢᠭᠦᠯᠡᠭᠴᠢᠳ ᠬᠠᠭᠠᠨ ᠤ᠋ ᠥᠷᠥᠰᠢᠶᠡᠯ ᠢ᠋ ᠣᠳᠣᠨ ᠮᠡᠲᠦ ᠳᠡᠯᠭᠡᠷᠡᠭᠦᠯᠦᠮᠦᠢ᠃
ᠠᠪᠤᠷᠠᠯ ᠬᠠᠯᠠᠮᠵᠢᠲᠤ ᠭᠡᠭᠡᠬᠡᠨ ᠨᠣᠶᠠᠳ ᠪᠡᠶ᠎ᠡ ᠥᠩᠭᠡᠷᠡᠪᠡᠴᠦ ᠦᠢᠯᠡᠰ ᠡᠷᠳᠡᠮ ᠦᠯᠡᠳᠡᠭᠳᠡᠮᠦᠢ
ᠠᠳᠬᠠᠭ ᠬᠠᠷᠠᠮᠲᠠᠨ ᠠᠮᠢᠳᠤ ᠠᠲᠠᠯ᠎ᠠ ᠦᠬᠦᠭᠰᠡᠨ ᠦᠬᠦᠳᠡᠯ ᠡᠴᠡ ᠣᠭᠲᠣ ᠥᠪᠡᠷ᠎ᠡ ᠦᠭᠡᠢ᠃
ᠰᠤᠯᠠ ᠦᠭᠡ ᠶ᠋ᠢ ᠪᠠᠢᠵᠤ᠂ ᠱᠤ᠌ ᠸᠠᠩ ᠡᠤ ᠰᠢ ᠶ᠋ᠢᠨ ᠬᠡᠷᠡᠭ ᠢ᠋ ᠨᠢᠭᠡᠨ ᠦᠵᠦᠭᠦᠷ ᠭᠠᠷᠲᠠᠯ᠎ᠠ ᠲᠣᠪᠴᠢᠶᠠᠯᠠᠨ ᠥᠭᠦᠯᠡᠵᠦ ᠲᠡᠭᠦᠰᠬᠡᠬᠦ ᠢᠨᠦ : ᠡᠨᠡ ᠱᠤ᠌ ᠸᠠᠩ ᠤ᠋ᠨ ᠳᠣᠣᠷ᠎ᠠ ᠵᠠᠬᠢᠷᠤᠭᠳᠠᠬᠤ ᠵᠡᠷᠭᠡ ᠲᠤᠰᠢᠶᠠᠯ ᠳ᠋ᠤᠷ ᠡᠰᠡ ᠬᠠᠨᠤᠭᠰᠠᠨ᠂ ᠶᠠᠭᠢᠷ ᠲᠠᠬᠢᠷ ᠬᠡᠳᠦᠨ ᠬᠥᠮᠦᠨ ᠰᠡᠳᠬᠢᠯ ᠨᠢᠭᠡᠳᠴᠦ᠂ ᠡᠤ ᠰᠢ ᠶ᠋ᠢ ᠠᠷᠢᠯᠭᠠᠨ ᠡᠷᠬᠡ ᠰᠠᠭᠤᠷᠢᠨ ᠢ ᠬᠤᠪᠢᠶᠠᠯᠴᠠᠰᠤᠭᠠᠢ ᠭᠡᠮᠡᠨ ᠵᠥᠪᠳᠡᠭᠰᠡᠳ ᠦ᠋ᠨ ᠨᠡᠷ᠎ᠡ ᠢᠨᠦ᠄ ᠨᠢᠭᠡᠨ ᠢᠨᠦ ᠮᠥᠨ ᠰᠢᠩ ᠵᠧᠦ ᠬᠢᠭᠡᠳ ᠱᠠᠩ ᠵᠢᠶᠠᠩ ᠢ᠋ ᠬᠠᠮᠲᠤᠳᠬᠠᠨ ᠵᠠᠬᠢᠷᠬᠤ ᠶᠠᠩ ᠵᠢᠦᠢ ᠶᠤᠸᠠᠨ ᠬᠡᠮᠡᠭᠴᠢ ᠢᠨᠦ ᠠᠷᠭ᠎ᠠ ᠭᠠᠷᠭᠠᠪᠠ᠃ ᠨᠢᠭᠡᠨ ᠢᠨᠦ ᠡᠤ ᠰᠢ ᠶ᠋ᠢᠨ ᠳᠣᠣᠷ᠎ᠠ ᠵᠠᠩᠵᠤᠨ ᠪᠣᠯᠤᠭᠰᠠᠨ ᠵᠠᠩ ᠯᠢᠩ ᠬᠡᠮᠡᠭᠴᠢ ᠂ ᠪᠠᠰᠠ ᠵᠣ᠌ ᠪᠠᠩ ᠨᠢᠩ ᠬᠡᠮᠡᠭᠴᠢ᠂ ᠪᠠᠰᠠ ᠰᠢᠳᠤᠷᠭᠤ ᠪᠠᠭᠠᠲᠤᠷ᠂ ᠪᠠᠰᠠ ᠵᠣ᠌ ᠹᠦ ᠬᠡᠮᠡᠭᠴᠢ ᠡᠨᠡ ᠲᠠᠪᠤᠭᠤᠯᠠ ᠰᠡᠮᠡᠬᠡᠷ ᠰᠢᠪᠡᠨᠡᠯᠳᠦᠨ ᠰᠡᠳᠬᠢᠯ ᠨᠡᠢᠴᠡᠨ ᠠᠷᠢᠬᠢ ᠤᠤᠭᠤᠯᠴᠠᠨ ᠬᠥᠮᠥᠰᠬᠡ ᠳᠡᠯᠭᠡᠯᠴᠡᠨ᠂ ᠢᠨᠢᠶᠡᠯᠴᠡᠭᠰᠡᠨᠡ ᠡᠰᠡ ᠰᠡᠷᠡᠮᠵᠢᠯᠡᠭᠰᠡᠨ ᠢ᠋ᠶ᠋ᠡᠷ ᠮᠥᠨ ᠰᠢᠩ ᠵᠧᠦ ᠶ᠋ᠢᠨ ᠴᠧᠩ ᠮᠧᠩ ᠰᠢ ᠬᠡᠮᠡᠭᠴᠢ ᠬᠥᠮᠦᠨ ᠳ᠋ᠦ᠍ᠷ ᠰᠡᠷᠡᠭᠳᠡᠨ᠂ ᠴᠧᠩ ᠮᠧᠩ ᠰᠢ ᠰᠡᠮᠡᠬᠡᠷ ᠡᠤ ᠰᠢ ᠶ᠋ᠢᠨ ᠶᠡᠬᠡ ᠵᠤᠸᠠᠨ ᠶᠦᠨ ᠱᠢ ᠲᠦᠰᠢᠮᠡᠯ᠂ ᠠᠨ ᠪᠢᠩ ᠬᠡᠮᠡᠭᠴᠢ ᠴᠧᠩᠰᠢᠶᠠᠩ ᠳ᠋ᠤᠷ ᠮᠡᠳᠡᠭᠦᠯᠪᠡ᠃ ᠡᠨᠡ ᠦᠶ᠎ᠡ ᠳ᠋ᠦ᠍ᠷ ᠠᠨ ᠪᠢᠩ ᠬᠣᠶᠠᠷ ᠲᠠᠰᠢ ᠳ᠋ᠤᠷ ᠲᠠᠲᠠᠭᠳᠠᠨ ᠲᠠᠰᠤᠯᠤᠨ ᠴᠢᠳᠠᠬᠤ ᠦᠭᠡᠢ ᠳ᠋ᠡᠭᠡᠨ ᠡᠪᠡᠳᠴᠢᠨ ᠢ᠋ᠶ᠋ᠡᠷ ᠠᠷᠭᠠᠯᠠᠨ᠂ ᠵᠠᠰᠠᠭ ᠤ᠋ᠨ ᠬᠡᠷᠡᠭ ᠢ᠋ ᠰᠢᠳᠬᠡᠬᠦ ᠦᠭᠡᠢ ᠡᠪᠡᠳᠴᠢᠨ ᠰᠤᠪᠢᠯᠠᠨ ᠨᠡᠯᠢᠶᠡᠳ ᠤᠳᠠᠵᠤ᠂ ᠡᠳᠦᠭᠡ ᠴᠧᠩ ᠮᠧᠩ ᠰᠢ ᠡᠴᠡ ᠡᠭᠦᠨ ᠢ᠋ ᠳᠠᠬᠢᠨ ᠰᠣᠨᠣᠰᠴᠤ᠂ ᠰᠢᠭᠤᠳ ᠴᠧᠩ ᠮᠧᠩ ᠰᠢ ᠪᠡᠷ ᠶᠠᠩ ᠵᠢᠦᠢ ᠶᠤᠸᠠᠨ ᠢ᠋ ᠬᠡᠪᠲᠡᠬᠦ ᠬᠡᠷᠲᠡ ᠰᠡᠮᠡᠬᠡᠷ ᠳᠠᠭᠤᠳᠠᠨ ᠣᠷᠣᠭᠤᠯᠵᠤ ᠬᠡᠪᠲᠡᠭᠡ ᠪᠡᠷ ᠵᠣᠯᠭᠠᠭᠰᠠᠨ ᠳ᠋ᠤᠷ ᠶᠠᠩ ᠵᠢᠦᠢ ᠶᠤᠸᠠᠨ ᠳᠠᠷᠤᠢ ᠠᠨ ᠪᠢᠩ ᠦ᠋ᠨ ᠵᠦᠭ ᠥᠭᠦᠯᠡᠷᠦᠨ᠄
《ᠳᠡᠭᠡᠳᠦ ᠰᠢᠶᠡᠨᠱᠸᠡᠭ ᠴᠢ ᠦᠨᠡᠬᠡᠷ ᠲᠡᠷᠰᠯᠡᠭᠰᠡᠨ ᠬᠤᠯᠠᠭᠠᠢ ᠡᠤ ᠰᠢ ᠳ᠋ᠦ᠍ᠷ ᠲᠤᠰᠠᠯᠠᠨ ᠲᠡᠳᠬᠦᠵᠦ᠂ ᠡᠭᠦᠷᠢᠳᠡ ᠳᠡᠭᠦᠨᠦ ᠴᠧᠩᠰᠢᠶᠠᠩ ᠶᠠᠪᠤᠮᠤᠢ ᠤᠤ ?》 ᠬᠡᠮᠡᠭᠰᠡᠨ ᠳ᠋ᠦ᠍ᠷ ᠠᠨ ᠪᠢᠩ ᠶᠡᠬᠡᠯ᠎ᠡ ᠤᠬᠢᠯᠠᠨ ᠤᠨᠠᠵᠤ ᠥᠭᠦᠯᠡᠷᠦᠨ᠄
《ᠡᠳᠦᠭᠡ ᠨᠢᠳᠦᠨ ᠦ᠌ ᠡᠮᠦᠨ᠎ᠡ ᠪᠦᠬᠦᠢ ᠡᠳᠦᠢᠴᠢᠨᠡᠭᠡᠨ ᠵᠠᠩᠵᠤᠨ ᠴᠡᠷᠢᠭ ᠢ᠋ ᠬᠡᠳᠦᠢᠪᠡᠷ ᠪᠢ ᠵᠠᠬᠢᠷᠴᠤ ᠪᠣᠢ ᠬᠡᠮᠡᠪᠡᠴᠦ ᠴᠥᠮ ᠡᠤ ᠬᠤᠯᠠᠭᠠᠢ ᠶ᠋ᠢᠨ ᠴᠡᠷᠢᠭ ᠪᠣᠯᠠᠢ᠃ ᠲᠡᠭᠦᠨ ᠢ᠋ ᠠᠷᠢᠯᠭᠠᠬᠤᠢ ᠳ᠋ᠤᠷ ᠬᠡᠷᠡᠭᠯᠡᠵᠦ ᠪᠣᠯᠤᠮᠤᠢ ᠤᠤ ? ᠡᠨᠡ ᠬᠡᠷᠡᠭ ᠲᠦ᠍ᠷ ᠡᠷᠬᠡᠪᠰᠢ ᠡᠷᠡᠰ ᠲᠠᠰᠤᠷᠬᠠᠢ ᠬᠡᠲᠦᠢᠳᠦᠭᠰᠡᠨ ᠴᠢᠬᠡᠴᠢ ᠪᠠᠭᠠᠲᠤᠷ ᠴᠢᠮᠠᠲᠤᠷ ᠠᠳᠠᠯᠢ ᠵᠠᠩᠵᠤᠨ ᠢ᠋ ᠣᠯᠬᠤ ᠬᠡᠷᠡᠭᠲᠡᠢ᠃ ᠲᠡᠢᠮᠦ ᠪᠣᠯᠪᠠᠰᠤ ᠰᠠᠶᠢ ᠡᠨᠡ ᠬᠡᠷᠡᠭ ᠢ᠋ ᠡᠭᠦᠰᠬᠡᠵᠦ ᠪᠣᠯᠤᠮᠤᠢ᠃ ᠡᠨᠡ ᠬᠡᠷᠡᠭ ᠢ᠋ ᠡᠷᠭᠢᠨ ᠡᠷᠳᠡᠮᠲᠡᠨ ᠴᠢᠮᠡᠴᠠ ᠥᠪᠡᠷ᠎ᠡ ᠬᠥᠮᠦᠨ ᠬᠡᠷᠬᠢᠪᠡᠴᠦ ᠴᠢᠳᠠᠬᠤ ᠠᠨᠤ ᠪᠤᠰᠤ ᠪᠤᠶᠤ 》ᠬᠡᠮᠡᠭᠰᠡᠨ ᠳ᠋ᠦ᠍ᠷ ᠶᠠᠩ ᠵᠢᠦᠢ ᠶᠤᠸᠠᠨ ᠰᠢᠭᠤᠳ ᠲᠣᠰᠴᠤ :
《ᠨᠠᠳᠠ ᠠ᠋ᠴᠠ ᠪᠤᠰᠤᠳ ᠦᠨᠡᠨ ᠳ᠋ᠦ᠍ᠷ ᠴᠢᠳᠠᠬᠤ ᠦᠭᠡᠢ 》ᠭᠡᠮᠡᠨ ᠬᠦᠯᠢᠶᠡᠵᠦ ᠠᠪᠤᠭᠠᠳ᠂ ᠬᠣᠲᠠ ᠶ᠋ᠢᠨ ᠭᠠᠳᠠᠨ᠎ᠠ ᠬᠡᠭᠡᠷ᠎ᠡ ᠶ᠋ᠢᠨ ᠴᠡᠩᠭᠡᠯ ᠳ᠋ᠦ᠍ᠷ ᠶᠠᠩ ᠵᠢᠦᠢ ᠶᠤᠸᠠᠨ ᠬᠡᠳᠦᠨ ᠠᠷᠪᠠᠨ ᠨᠥᠬᠥᠳ ᠢ᠋ ᠴᠤᠭᠯᠠᠭᠤᠯᠪᠠᠢ᠃ ᠲᠡᠭᠦᠨ ᠦ᠌ ᠬᠡᠳᠦᠨ ᠲᠡᠷᠢᠭᠦᠨ ᠨᠡᠷᠡᠰ ᠢᠨᠦ᠄ ᠰᠢᠩ ᠵᠧᠦ ᠶ᠋ᠢᠨ ᠳᠤᠮᠳᠠᠳᠤ ᠵᠠᠮ ᠤ᠋ᠨ ᠴᠡᠷᠢᠭ ᠦ᠋ᠨ ᠲᠥᠪ ᠵᠠᠩᠵᠤᠨ ᠯᠢ ᠬᠣᠣ ᠢ᠂ ᠲᠡᠷᠡ ᠪᠣᠯᠪᠠᠰᠤ ᠨᠢᠭᠡᠨ ᠪᠠᠭᠠᠲᠤᠷ᠃ ᠵᠢᠴᠢ ᠴᠡᠷᠢᠭ ᠦ᠋ᠨ ᠪᠠᠭᠠᠲᠤᠷ ᠯᠢ ᠬᠦᠢ᠂ ᠪᠠᠰᠠ ᠨᠢᠭᠡᠨ ᠣᠷᠣᠭᠰᠠᠳ ᠶᠠᠩ ᠵᠢᠶᠦ᠋ᠨ ᠢᠦᠢ᠂ ᠪᠠᠰᠠ ᠯᠢ ᠺᠦᠨ ᠴᠸᠨ᠂ ᠵᠢᠴᠢ ᠪᠠᠰᠠ ᠯᠢ ᠪᠢᠶᠣᠤ ᠬᠡᠮᠡᠭᠴᠢ ᠡᠳᠡᠭᠡᠷ ᠵᠡᠷᠭᠡ ᠶ᠋ᠢᠨ ᠨᠡᠢᠲᠡ ᠠᠷᠪᠠᠨ ᠬᠡᠳᠦᠨ ᠬᠥᠮᠦᠨ ᠴᠢᠰᠤᠨ ᠤᠤᠭᠤᠯᠴᠠᠨ ᠲᠠᠩᠭᠠᠷᠢᠭ ᠨᠡᠢᠯᠡᠯᠴᠡᠨ᠂ ᠱᠤ᠌ ᠸᠠᠩ ᠡᠤ ᠰᠢ ᠶ᠋ᠢ ᠠᠷᠢᠯᠭᠠᠬᠤ ᠶ᠋ᠢ ᠵᠥᠪᠳᠡᠨ ᠬᠡᠯᠡᠯᠴᠡᠬᠦᠢ ᠳ᠋ᠦ᠍ᠷ ᠯᠢ ᠬᠣᠣ ᠢ ᠥᠭᠦᠯᠡᠷᠦᠨ᠄
《ᠡᠨᠡ ᠬᠡᠷᠡᠭ ᠢ᠋ ᠦᠢᠯᠡᠳᠬᠦᠢ ᠳ᠋ᠦ᠍ᠷ ᠡᠷᠬᠡᠪᠰᠢ ᠠᠮᠢ ᠪᠠᠨ ᠲᠡᠪᠴᠢᠨ ᠤᠯᠤᠰ ᠢ᠋ ᠬᠠᠮᠠᠭᠠᠯᠠᠨ᠂ ᠵᠢᠷᠦᠬᠡ ᠪᠡᠨ ᠦᠵᠡᠭᠦᠯᠦᠨ᠂ ᠳᠥᠷᠪᠡᠨ ᠵᠦᠭ ᠦ᠋ᠨ ᠠᠮᠢᠲᠠᠨ ᠭᠣᠣᠯᠳᠠᠨ ᠢ᠋ ᠦᠬᠦᠯ ᠶᠡᠭᠦᠳᠬᠡᠯ ᠡᠴᠡ ᠠᠪᠤᠷᠠᠨ ᠭᠠᠷᠭᠠᠵᠤ᠂ ᠡᠤ ᠰᠢ ᠶ᠋ᠢ ᠠᠷᠢᠯᠭᠠᠨ ᠴᠢᠳᠠᠪᠠᠴᠤ ᠭᠡᠮᠡᠨ ᠡᠨᠡ ᠨᠢᠭᠡᠨ ᠢ᠋ ᠠᠯᠠᠲᠠᠯᠠ᠂ ᠲᠡᠷᠡ ᠨᠢᠭᠡᠨ ᠳᠠᠬᠢᠨ ᠭᠠᠷᠴᠤ ᠢᠷᠡᠬᠦ ᠶ᠋ᠢ ᠵᠤᠸᠠᠨ ᠶᠤᠸᠠᠨ ᠱᠢ ᠲᠦᠰᠢᠮᠡᠯ ᠠᠨ ᠪᠢᠩ ᠢ᠋ᠶ᠋ᠡᠷ ᠡᠨᠡ ᠬᠡᠷᠡᠭ ᠢ᠋ ᠰᠠᠢᠲᠤᠷ ᠠᠷᠢᠯᠭᠠᠯᠭᠠᠨ ᠲᠠᠰᠤᠯᠤᠭᠤᠯᠤᠨ ᠲᠣᠭᠲᠠᠭᠠᠯᠭᠠᠰᠤᠭᠠᠢ 》 ᠬᠡᠮᠡᠯᠳᠦᠪᠡᠢ᠃ ᠲᠡᠳᠦᠢ ᠯᠢ ᠺᠦᠨ ᠴᠸᠨ ᠢᠷᠡᠵᠦ ᠶᠠᠩ ᠵᠢᠦᠢ ᠶᠤᠸᠠᠨ ᠳ᠋ᠤᠷ ᠵᠣᠯᠭᠠᠯᠳᠤᠰᠤᠭᠠᠢ ᠬᠡᠮᠡᠭᠰᠡᠨ ᠳ᠋ᠦ᠍ᠷ ᠠᠨ ᠪᠢᠩ ᠶᠡᠬᠡᠯ᠎ᠡ ᠪᠠᠶᠠᠷᠯᠠᠨ ᠪᠦᠭᠦᠳᠡᠭᠡᠷ ᠢ᠋ ᠬᠠᠷᠢᠯᠴᠠᠨ ᠵᠣᠯᠭᠠᠭᠤᠯᠤᠨ ᠡᠳᠡᠭᠡᠷ ᠦ᠋ᠨ ᠳᠣᠲᠣᠷ᠎ᠠ ᠠ᠋ᠴᠠ ᠶᠠᠩ ᠵᠢᠦᠢ ᠶᠤᠸᠠᠨ ᠲᠡᠷᠢᠭᠦᠯᠡᠨ ᠶᠠᠩ ᠵᠢᠶᠦ᠋ᠨ ᠢᠦᠢ ᠂ ᠪᠠᠢ ᠽᠢ ᠱᠸᠨ ᠨᠠᠷ ᠤ᠋ᠨ ᠨᠡᠢᠯᠡᠵᠦ ᠪᠠᠢᠭᠤᠯᠤᠭᠰᠠᠨ ᠨᠢᠭᠤᠴᠠ ᠲᠠᠩᠭᠠᠷᠢᠭ ᠪᠢᠴᠢᠭ ᠢ᠋ ᠦᠵᠡᠪᠡᠰᠦ ᠲᠡᠭᠦᠨᠦ ᠦᠭᠡ ᠢᠨᠦ᠄
《ᠶᠡᠬᠡ ᠵᠢᠷᠤᠮ ᠤ᠋ᠨ ᠬᠦᠨᠳᠦ ᠲᠤᠯᠭᠠᠭᠤᠷᠢ ᠶ᠋ᠢ ᠲᠠᠩᠭᠠᠷᠢᠭᠯᠠᠨ ᠪᠦᠲᠦᠭᠡᠬᠦᠢ ᠳ᠋ᠦ᠍ᠷ ᠡᠷᠬᠡᠪᠰᠢ ᠤᠷᠢᠳᠠᠰᠠ ᠪᠡᠶ᠎ᠡ ᠪᠡᠶᠡᠰ ᠢ᠋ᠶ᠋ᠡᠨ ᠡᠷᠭᠢᠴᠡᠭᠦᠯᠦᠨ ᠰᠢᠨᠵᠢᠯᠡᠪᠡᠰᠦ ᠵᠣᠬᠢᠮᠤᠢ᠃ ᠡᠢᠮᠦ ᠪᠣᠯᠪᠠᠰᠤ ᠰᠠᠶᠢ ᠦᠨᠡᠨ ᠪᠠᠲᠤ ᠪᠣᠭᠳᠠ ᠮᠡᠷᠭᠡᠳ ᠦ᠋ᠨ ᠡᠷᠳᠡᠮ ᠵᠢᠷᠤᠮ ᠢ ᠦᠢᠯᠡᠳᠴᠦ ᠴᠢᠳᠠᠮᠤᠢ᠂ ᠬᠡᠷᠪᠡ ᠡᠢᠮᠦ ᠦᠭᠡᠢ ᠪᠥᠭᠡᠰᠦ᠂ ᠬᠡᠳᠦᠢᠪᠡᠷ ᠮᠣᠷᠢ ᠨᠣᠬᠠᠢ ᠳ᠋ᠤᠷ ᠪᠣᠯᠪᠠᠴᠤ ᠮᠥᠨ ᠤᠭ ᠡᠵᠡᠨ ᠢ᠋ᠶ᠋ᠡᠨ ᠲᠠᠨᠢᠬᠤ ᠮᠡᠳᠡᠷᠡᠯ ᠪᠣᠢ ᠶ᠋ᠢᠨ ᠲᠤᠯᠠᠳᠠ ᠲᠡᠷᠰᠯᠡᠭᠦᠦ ᠶ᠋ᠢ ᠪᠠᠷᠢᠵᠤ ᠰᠥᠨᠥᠭᠡᠬᠦᠢ ᠳ᠋ᠦ᠍ᠷ ᠶᠠᠷᠠᠭᠳᠠᠭᠠᠨ ᠲᠣᠭᠲᠠᠭᠰᠠᠨ ᠬᠠᠭᠠᠨ ᠡᠵᠡᠨ ᠦ᠌ ᠮᠣᠵᠢ ᠶᠠᠮᠤᠨ ᠤ᠋ ᠲᠦᠰᠢᠮᠡᠯ ᠦ᠋ᠨ ᠢᠯᠡᠷᠬᠡᠢ ᠬᠠᠳᠠᠨ ᠴᠢᠩᠭ᠎ᠠ ᠬᠠᠤᠯᠢ ᠴᠠᠭᠠᠵᠠ ᠪᠣᠢ ᠪᠣᠯᠠᠢ᠃ ᠬᠣᠢᠰᠢᠯᠠᠬᠤ ᠤᠬᠤᠷᠢᠯᠴᠠᠬᠤ ᠶ᠋ᠢ ᠬᠡᠷᠬᠢᠪᠡᠴᠦ ᠬᠡᠯᠲᠦᠷᠢᠭᠦᠯᠬᠦ ᠦᠭᠡᠢ ᠪᠣᠯᠠᠢ᠃ ᠮᠥᠨ ᠡᠨᠡ ᠬᠣᠶᠠᠷ ᠰᠠᠷ᠎ᠠ ᠶ᠋ᠢᠨ ᠬᠥᠬᠡᠭᠴᠢᠨ ᠭᠠᠬᠠᠢ ᠡᠳᠦᠷ ᠲᠠᠩᠭᠠᠷᠢᠭᠯᠠᠨ ᠪᠠᠢᠭᠤᠯᠪᠠ 》ᠬᠡᠮᠡᠪᠡᠢ᠃ ᠲᠡᠳᠦᠢ ᠵᠤᠯᠠ ᠶ᠋ᠢᠨ ᠳᠣᠣᠷ᠎ᠠ ᠮᠥᠷᠭᠥᠵᠦ ᠪᠠᠷᠠᠮᠠᠭᠴᠠ ᠲᠡᠷᠢᠭᠦᠯᠡᠭᠰᠡᠨ ᠪᠠᠭᠠᠲᠤᠷ ᠵᠠᠩᠵᠤᠨ ᠯᠢ ᠬᠣᠣ ᠢ᠂ ᠳᠠᠯᠠᠨ ᠳᠥᠷᠪᠡᠨ ᠰᠢᠯᠭᠠᠵᠤ ᠪᠣᠯᠪᠠᠰᠤᠷᠠᠭᠤᠯᠤᠭᠰᠠᠨ ᠢᠳᠡᠷ ᠱᠠᠪᠢᠨᠠᠷ ᠢ᠋ᠶ᠋ᠠᠨ ᠠᠪᠴᠤ᠂ ᠪᠤᠰᠤ ᠬᠣᠷᠰᠢᠶ᠎ᠠ ᠨᠠᠷ ᠤ᠋ᠨ ᠬᠡᠦᠬᠡᠳ ᠳᠡᠭᠦᠦᠨᠠᠷ ᠦ᠋ᠨ ᠣᠯᠠᠨ ᠴᠡᠷᠢᠭ ᠦ᠋ᠳ ᠲᠠᠭᠠᠯᠴᠠᠨ᠂ ᠲᠡᠭᠷᠢ ᠭᠡᠭᠡᠷᠡᠮᠡᠭᠴᠡ᠂ ᠭᠠᠷ ᠬᠥᠳᠡᠯᠦᠯᠴᠡᠨ᠂ ᠱᠤ᠌ ᠸᠠᠩ ᠡᠤ ᠰᠢ ᠶ᠋ᠢᠨ ᠣᠷᠳᠣᠨ ᠤ᠋ ᠬᠠᠭᠠᠯᠭ᠎ᠠ ᠶ᠋ᠢ ᠰᠢᠭᠤᠳ ᠨᠡᠪᠲᠡᠯᠦᠨ ᠠᠯᠠᠨ ᠣᠷᠣᠵᠤ᠂ ᠯᠢ ᠬᠣᠣ ᠢ ᠥᠨᠳᠥᠷ ᠳᠠᠭᠤᠨ ᠢ᠋ᠶ᠋ᠠᠷ ᠶᠡᠬᠡᠯ᠎ᠡ ᠬᠠᠰᠬᠢᠷᠤᠨ ᠵᠠᠷᠯᠠᠨ ᠥᠭᠦᠯᠡᠷᠦᠨ᠄
《ᠮᠢᠨᠦ ᠪᠡᠶ᠎ᠡ ᠬᠠᠭᠠᠨ ᠤ᠋ ᠨᠢᠭᠤᠴᠠ ᠵᠠᠷᠯᠢᠭ ᠢ᠋ᠶ᠋ᠠᠷ ᠠᠨ ᠪᠢᠩ ᠢ᠋ ᠶᠡᠬᠡ ᠰᠢᠦᠸᠠᠨ ᠹᠦ ᠯᠢᠩ ᠪᠣᠯᠭᠠᠨ ᠤᠷᠪᠠᠭᠰᠠᠨ ᠬᠤᠯᠠᠭᠠᠢ ᠡᠤ ᠰᠢ ᠶ᠋ᠢ ᠨᠠᠳᠠ ᠯᠤᠭ᠎ᠠ ᠬᠠᠮᠲᠤᠷᠠᠵᠤ ᠪᠠᠷᠢᠵᠤ ᠠᠷᠢᠯᠭᠠᠮᠤᠢ ᠃ ᠬᠡᠨ ᠬᠥᠮᠦᠨ ᠠᠶᠤᠯ ᠦᠭᠡᠢ ᠲᠡᠭᠦᠨ ᠢ᠋ ᠥᠮᠥᠭᠯᠡᠨ ᠵᠠᠷᠯᠢᠭ ᠢ᠋ ᠰᠥᠷᠦᠭᠴᠢᠳ ᠪᠣᠢ ᠪᠥᠭᠡᠰᠦ ᠂ ᠡᠨᠡ ᠳᠣᠣᠷ᠎ᠠ ᠪᠠᠨ ᠳᠠᠷᠤᠢ ᠲᠡᠷᠡ ᠬᠥᠮᠦᠨ ᠤ ᠶᠢᠰᠦᠨ ᠤᠭᠰᠠᠭ᠎ᠠ ᠶ᠋ᠢᠨ ᠤᠷᠤᠭ ᠰᠠᠳᠤᠨ ᠲᠠᠢ ᠴᠥᠮ ᠢ᠋ᠶ᠋ᠡᠷ ᠬᠦᠢᠰᠦ ᠲᠡᠮᠲᠡᠷᠢᠨ ᠪᠠᠷᠠᠲᠠᠯ᠎ᠠ ᠠᠷᠢᠯᠭᠠᠵᠤ ᠠᠯᠠᠨ ᠲᠠᠰᠤᠯᠤᠮᠤᠢ 》ᠭᠡᠮᠡᠨ ᠵᠠᠷᠯᠠᠭᠰᠠᠨ ᠳ᠋ᠤᠷ ᠱᠤ᠌ ᠸᠠᠩ ᠡᠣ ᠰᠢ ᠶ᠋ᠢ ᠬᠠᠮᠠᠭᠠᠯᠠᠨ ᠰᠠᠬᠢᠬᠤ ᠮᠢᠩᠭᠠᠨ ᠢᠯᠡᠭᠦᠦ ᠵᠠᠩᠵᠤᠨ ᠴᠡᠷᠢᠭ ᠦ᠋ᠳ ᠬᠠᠭᠠᠨ ᠤ᠋ ᠨᠢᠭᠤᠴᠠ ᠵᠠᠷᠯᠢᠭ ᠪᠣᠢ ᠬᠡᠮᠡᠬᠦ ᠶ᠋ᠢ ᠰᠣᠨᠣᠰᠤᠮᠠᠭᠴᠠ ᠪᠦᠭᠦᠳᠡᠭᠡᠷ ᠴᠡᠷᠢᠭ ᠦ᠋ᠨ ᠵᠠᠷ ᠵᠡᠪᠰᠡᠭ ᠢ᠋ᠶ᠋ᠡᠨ ᠣᠷᠭᠢᠯᠴᠠᠨ ᠲᠠᠶᠠᠭᠳᠠᠵᠤ᠂ ᠣᠷᠳᠣᠨ ᠤ᠋ ᠬᠠᠭᠠᠯᠭ᠎ᠠ ᠠ᠋ᠴᠠ ᠭᠠᠷᠴᠤ ᠡᠴᠢᠵᠡᠭᠡᠪᠡ᠃
ᠲᠡᠳᠦᠢ ᠶᠠᠩ ᠵᠢᠦᠢ ᠶᠤᠸᠠᠨ᠂ ᠬᠠᠭᠠᠨ ᠤ᠋ ᠵᠠᠷᠯᠢᠭ ᠪᠢᠴᠢᠭ ᠢ᠋ ᠥᠨᠳᠥᠷ ᠡᠯᠭᠦᠭᠦᠯᠦᠨ ᠲᠡᠷᠢᠭᠦᠯᠡᠭᠰᠡᠨ ᠵᠠᠩᠵᠤᠨ ᠶᠡᠬᠡᠯ᠎ᠡ ᠬᠠᠰᠬᠢᠷᠤᠯᠳᠤᠨ ᠪᠠᠷᠬᠢᠷᠠᠯᠴᠠᠨ ᠳᠣᠲᠣᠭᠰᠢ ᠠᠯᠠᠨ ᠣᠷᠣᠵᠤ᠂ ᠬᠡᠳᠦᠨ ᠳᠠᠪᠬᠤᠷ ᠬᠠᠭᠠᠯᠭ᠎ᠠ ᠶ᠋ᠢ ᠰᠢᠭᠤᠳ ᠨᠡᠪᠲᠡᠯᠦᠨ᠂ ᠡᠣ ᠰᠢ ᠶ᠋ᠢᠨ ᠬᠣᠨᠣᠬᠤ ᠬᠠᠷᠰᠢ ᠶ᠋ᠢᠨ ᠡᠭᠦᠳᠡᠨ᠎ᠡ ᠬᠦᠷᠲᠡᠯ᠎ᠡ᠂ ᠡᠣ ᠰᠢ ᠰᠠᠶᠢ ᠨᠥᠮᠥᠭᠡᠯᠡᠨ ᠤᠭᠲᠤᠨ ᠭᠠᠷᠴᠤ ᠢᠷᠡᠲᠡᠯ᠎ᠡ ᠵᠠᠩᠵᠤᠨ ᠯᠢ ᠬᠦᠢ ᠪᠦᠭᠦᠳᠡ ᠶ᠋ᠢᠨ ᠡᠮᠦᠨ᠎ᠡ ᠴᠣᠯᠭᠣᠷᠠᠨ ᠭᠠᠷᠴᠤ ᠡᠣ ᠰᠢ ᠶ᠋ᠢᠨ ᠡᠰᠡᠷᠭᠦ ᠴᠢᠪ ᠤᠴᠠᠷᠠᠭᠠᠳ ᠨᠢᠭᠤᠷ ᠡᠰᠡᠷᠭᠦ ᠨᠢᠭᠡᠨᠲᠡ ᠬᠠᠳᠬᠤᠨ ᠰᠢᠷᠬᠠᠲᠤᠭᠤᠯᠤᠭᠰᠠᠨ ᠠᠲᠠᠯ᠎ᠠ᠂ ᠡᠣ ᠰᠢ ᠬᠣᠭᠣᠰᠣᠨ ᠭᠠᠷ ᠪᠥᠭᠡᠳ ᠪᠠᠬᠠᠨ ᠴᠤ᠌ ᠶᠠᠭᠠᠷᠠᠬᠤ ᠦᠭᠡᠢ ᠪᠡᠷ ᠯᠢ ᠬᠦᠢ ᠶ᠋ᠢᠨ ᠵᠡᠪᠰᠡᠭ ᠢ᠋ ᠳᠡᠯᠡᠳᠦᠨ ᠵᠠᠢᠯᠠᠭᠤᠯᠵᠤ᠂ ᠪᠡᠶ᠎ᠡ ᠤᠷᠪᠠᠨ ᠰᠢᠷᠭᠤᠯᠠᠨ ᠣᠷᠣᠵᠤ ᠢᠷᠡᠭᠡᠳ᠂ ᠨᠢᠭᠡᠨᠲᠡ ᠢᠰᠬᠦᠯᠵᠦ ᠯᠢ ᠬᠦᠢ ᠶ᠋ᠢ ᠤᠨᠠᠭᠠᠵᠤ᠂ ᠬᠥᠯ ᠢ᠋ᠶ᠋ᠡᠷ ᠭᠢᠰᠬᠢᠭᠡᠳ ᠰᠠᠶᠢ ᠪᠠᠷᠢᠭᠰᠠᠨ ᠵᠡᠪᠰᠡᠭ ᠢ᠋ ᠪᠤᠯᠢᠶᠠᠨ ᠠᠪᠲᠠᠯ᠎ᠠ ᠯᠢ ᠬᠣᠣ ᠢ ᠶᠡᠬᠡᠯ᠎ᠡ ᠶᠠᠭᠠᠷᠠᠨ ᠳᠡᠪᠬᠡᠯᠦᠨ ᠣᠷᠣᠵᠤ᠂ ᠡᠣ ᠰᠢ ᠶ᠋ᠢᠨ ᠠᠷᠤ ᠶ᠋ᠢᠨ ᠬᠣᠢᠨ᠎ᠠ ᠠ᠋ᠴᠠ ᠨᠢᠭᠡᠨᠲᠡ ᠴᠠᠪᠴᠢᠭᠰᠠᠨ ᠳ᠋ᠤᠷ ᠡᠤ ᠰᠢ ᠰᠠᠶᠢ ᠯᠢ ᠬᠦᠢ ᠶ᠋ᠢ ᠠᠯᠳᠠᠪᠠ᠃ ᠯᠢ ᠬᠦᠢ ᠵᠡᠪᠰᠡᠭ ᠢ᠋ ᠲᠠᠯᠪᠢᠯ ᠦᠭᠡᠢ ᠵᠠᠭᠤᠷᠠᠨ ᠨᠢᠭᠡᠨᠲᠡ ᠤᠷᠪᠠᠨ ᠭᠦᠶᠦᠨ ᠪᠣᠰᠴᠤ᠂ ᠯᠢ ᠬᠣᠣ ᠢ ᠯᠦ᠍ᠭᠡ ᠬᠠᠪᠰᠤᠷᠤᠨ ᠴᠡᠪᠴᠢᠯᠬᠢᠯᠡᠨ᠂ ᠡᠣ ᠰᠢ ᠶ᠋ᠢ ᠠᠷᠠᠢᠬᠠᠨ ᠤᠨᠠᠭᠠᠵᠤ ᠲᠣᠯᠣᠭᠠᠢ ᠶ᠋ᠢ ᠠᠨᠤ ᠣᠭᠲᠣᠯᠵᠤ ᠠᠪᠤᠭᠠᠳ᠂ ᠴᠡᠷᠢᠭ ᠬᠤᠶᠠᠭ ᠢ᠋ ᠲᠡᠭᠰᠢᠯᠡᠨ᠂ ᠭᠡᠷ ᠡᠷᠦᠬᠡ ᠶ᠋ᠢ ᠢᠨᠦ ᠬᠣᠷᠢᠶᠠᠨ ᠪᠠᠷᠢᠭᠤᠯᠵᠤ ᠡᠣ ᠰᠢ ᠶ᠋ᠢᠨ ᠲᠣᠯᠣᠭᠠᠢ ᠶ᠋ᠢ ᠠᠨ ᠪᠢᠩ ᠳ᠋ᠦ᠍ᠷ ᠠᠪᠠᠴᠢᠵᠤ ᠪᠠᠷᠢᠭᠰᠠᠨ ᠳ᠋ᠤᠷ ᠠᠨ ᠪᠢᠩ ᠶᠡᠬᠡᠯ᠎ᠡ ᠪᠠᠶᠠᠷᠯᠠᠨ᠂ ᠶᠠᠭᠠᠷᠠᠨ ᠬᠠᠭᠠᠨ ᠤ᠋ ᠨᠢᠭᠤᠴᠠ ᠵᠠᠷᠯᠢᠭ ᠤ᠋ᠨ ᠦᠭᠡᠰ ᠭᠡᠮᠡᠨ ᠳᠥᠷᠪᠡᠨ ᠵᠦᠭ ᠶᠡᠬᠡ ᠲᠤᠩᠬᠠᠭ ᠭᠠᠷᠭᠠᠨ᠂ ᠨᠢᠭᠡᠨ ᠳᠡᠭᠡᠭᠦᠷ ᠪᠠᠰᠠ ᠡᠣ ᠰᠢ ᠶ᠋ᠢᠨ ᠲᠣᠯᠣᠭᠠᠢ ᠪᠠ ᠬᠠᠭᠠᠨ ᠤ᠋ ᠵᠠᠷᠯᠢᠭ ᠪᠢᠴᠢᠭ ᠲᠡᠢ ᠬᠣᠲᠠ ᠶ᠋ᠢᠨ ᠳᠣᠲᠣᠷ᠎ᠠ ᠭᠠᠳᠠᠨ᠎ᠠ ᠲᠣᠭᠣᠷᠢᠭᠤᠯᠤᠨ ᠴᠡᠭᠡᠷ ᠦᠵᠡᠭᠦᠯᠵᠦ᠂ ᠣᠯᠠᠨ ᠴᠡᠷᠢᠭ ᠢᠷᠭᠡᠨ ᠬᠠᠰᠬᠢᠷᠤᠨ ᠲᠣᠭᠲᠠᠭᠠᠬᠤᠢ ᠳ᠋ᠤᠷ ᠮᠢᠩᠭᠠᠨ ᠲᠦᠮᠡᠨ ᠢ᠋ᠶ᠋ᠡᠷ ᠮᠥᠷᠭᠦᠯᠬᠢᠯᠡᠨ ᠪᠥᠵᠢᠭᠯᠡᠯᠴᠡᠬᠦᠢ ᠳ᠋ᠦ᠍ᠷ ᠦᠨᠡᠬᠡᠷ ᠲᠡᠭᠷᠢ ᠭᠠᠵᠠᠷ ᠳᠣᠭᠳᠣᠯᠤᠨ ᠬᠥᠳᠡᠯᠦᠮᠡᠷ ᠲᠣᠷᠭᠢᠯᠤᠨ ᠦᠢᠮᠡᠯᠳᠦᠮᠦᠢ᠃ ᠡᠭᠦᠨ ᠦ᠌ ᠳᠣᠲᠣᠷ᠎ᠠ ᠤᠭ ᠤ᠋ᠨ ᠵᠡᠷᠯᠢᠭ ᠳᠠᠳᠬᠠᠯ ᠢ᠋ᠶ᠋ᠠᠨ ᠦᠯᠦ ᠬᠠᠯᠠᠨ᠂ ᠳᠥᠷᠪᠡᠨ ᠵᠦᠭ ᠰᠠᠮᠠᠭᠤᠷᠠᠨ ᠰᠠᠷᠨᠢᠭᠴᠢᠳ ᠢ᠋ ᠪᠠᠢᠴᠠᠭᠠᠨ ᠪᠠᠷᠢᠯᠬᠢᠯᠠᠵᠤ᠂ ᠪᠠᠰᠠ ᠨᠢᠭᠡᠨ ᠨᠠᠮ ᠬᠣᠷᠰᠢᠶ᠎ᠠ ᠪᠠᠷ ᠠᠢᠮᠠᠭᠴᠢᠯᠠᠨ ᠲᠦᠢᠪᠡᠭᠡᠬᠦ ᠶ᠋ᠢ ᠴᠥᠮ ᠨᠡᠭᠡᠭᠦᠯᠦᠨ ᠠᠯᠠᠭᠤᠯᠪᠠᠢ᠃ ᠲᠡᠳᠦᠢ ᠰᠠᠶᠢ ᠣᠯᠠᠨ ᠤ᠋ ᠦᠢᠮᠡᠭᠡᠨ ᠳᠠᠷᠤᠭᠳᠠᠵᠤ᠂ ᠠᠨ ᠪᠢᠩ ᠳᠠᠷᠤᠢ ᠳᠥᠷᠪᠡᠨ ᠵᠧᠦ ᠵᠢᠶᠦ᠋ᠨ ᠢ᠋ ᠬᠠᠮᠲᠤᠳᠬᠠᠨ ᠵᠠᠬᠢᠷᠬᠤ᠂ ᠶᠡᠬᠡ ᠰᠢᠦᠸᠠᠨ ᠹᠦ ᠱᠢ ᠲᠦᠰᠢᠮᠡᠯ ᠶᠠᠩ ᠵᠢᠦᠢ ᠶᠤᠸᠠᠨ ᠢ᠋ ᠼᠠᠨ ᠢ ᠭᠤᠸᠠᠨ ᠲᠦᠰᠢᠮᠡᠯ ᠪᠣᠯᠭᠠᠪᠠ᠃ ᠲᠡᠭᠦᠨᠴᠡ ᠰᠠᠶᠢ ᠠᠨ ᠪᠢᠩ ᠢ᠋ᠶ᠋ᠡᠷ ᠡᠣ ᠰᠢ ᠶ᠋ᠢᠨ ᠤᠷᠪᠠᠭᠰᠠᠨ ᠤᠴᠢᠷ ᠰᠢᠯᠲᠠᠭᠠᠨ ᠤ᠋ ᠡᠬᠢ ᠡᠭᠦᠰᠬᠡᠯ ᠪᠠ ᠪᠠᠰᠠ ᠨᠢᠭᠡᠨᠲᠡ ᠤᠷᠪᠠᠵᠤ ᠪᠠᠷᠠᠭᠰᠠᠨ ᠤ᠋ ᠬᠣᠢᠨ᠎ᠠ ᠶᠠᠮᠪᠠᠷ ᠠᠷᠭ᠎ᠠ ᠤᠭᠠᠭᠠᠨ ᠭᠠᠷᠭᠠᠨ᠂ ᠬᠡᠷᠬᠢᠨ ᠠᠷᠢᠯᠭᠠᠨ ᠲᠦᠪᠰᠢᠳᠬᠡᠭᠰᠡᠨ ᠬᠢᠭᠡᠳ ᠪᠠᠰᠠ ᠡᠨᠡ ᠤᠳᠠᠭ᠎ᠠ ᠶ᠋ᠢᠨ ᠴᠡᠷᠢᠭ ᠦ᠋ᠨ ᠭᠠᠪᠢᠶ᠎ᠠ ᠵᠢᠳᠬᠦᠯᠭᠡ ᠳ᠋ᠦ᠍ᠷ ᠣᠷᠣᠭᠰᠢ ᠵᠢᠳᠬᠦᠨ᠂ ᠬᠦᠴᠦᠯᠡᠨ ᠴᠢᠷᠮᠠᠢᠭᠰᠠᠨ ᠭᠠᠪᠢᠶ᠎ᠠ ᠵᠢᠳᠬᠦᠯᠭᠡ ᠳ᠋ᠦ᠍ᠷ ᠳᠡᠰ ᠵᠡᠷᠭᠡ ᠪᠡᠷ ᠡᠷᠭᠦᠮᠵᠢᠯᠡᠨ ᠱᠠᠩᠨᠠᠪᠠᠰᠤ ᠵᠣᠬᠢᠬᠤ ᠵᠣᠬᠢᠰ ᠢ᠋ᠶ᠋ᠠᠷ ᠠᠨᠤ ᠢᠯᠭᠠᠨ ᠰᠠᠯᠭᠠᠨ ᠲᠣᠳᠣᠷᠬᠠᠢᠯᠠᠨ ᠲᠣᠭᠠᠴᠢᠨ ᠠᠢᠯᠠᠳᠬᠠᠬᠤᠢ ᠳ᠋ᠠᠭᠠᠨ ᠱᠤ᠌ ᠸᠠᠩ ᠡᠣ ᠰᠢ ᠶ᠋ᠢᠨ ᠲᠣᠯᠣᠭᠠᠢ ᠶ᠋ᠢ ᠬᠠᠭᠤᠷᠴᠠᠭ ᠲᠤᠷ ᠠᠬᠤᠭᠤᠯᠵᠤ᠂ ᠪᠠᠰᠠ ᠠᠯᠲᠠᠨ ᠤᠯᠤᠰ ᠠ᠋ᠴᠠ ᠡᠣ ᠰᠢ ᠶ᠋ᠢ ᠸᠠᠩ ᠡᠷᠭᠦᠮᠵᠢᠯᠡᠭᠰᠡᠨ ᠲᠠᠮᠠᠭ᠎ᠠ ᠴᠠᠴᠤᠭ ᠱᠣᠰᠢᠭ᠎ᠠ ᠵᠠᠷᠯᠢᠭ᠂ ᠮᠠᠯᠠᠭ᠎ᠠ ᠳᠡᠪᠡᠯ᠂ ᠶᠢᠰᠦᠨ ᠵᠢᠭᠰᠠᠭᠠᠯ ᠤ᠋ᠨ ᠡᠯ᠎ᠡ ᠵᠦᠢᠯ ᠦ᠋ᠨ ᠸᠠᠩ ᠤ᠋ᠨ ᠬᠡᠷᠡᠭᠯᠡᠯ ᠦ᠋ᠨ ᠵᠦᠢᠯ ᠢ᠋ ᠴᠥᠮ ᠪᠦᠷᠢᠳᠬᠡᠨ ᠬᠦᠷᠭᠡᠭᠦᠯᠵᠦ᠂ ᠡᠣ ᠰᠢ ᠶ᠋ᠢᠨ ᠶᠡᠬᠡ ᠱᠤ᠌ ᠸᠠᠩ ᠤ᠋ᠨ ᠰᠠᠭᠤᠷᠢᠨ᠎ᠠ ᠰᠠᠭᠤᠵᠤ᠂ ᠸᠠᠩ ᠤ᠋ᠨ ᠵᠠᠰᠠᠭ ᠢ ᠶᠠᠪᠤᠭᠤᠯᠤᠭᠰᠠᠨ ᠠᠨᠤ ᠨᠡᠢᠲᠡ ᠳᠥᠴᠢᠨ ᠨᠢᠭᠡᠨ ᠡᠳᠦᠷ᠃ ᠵᠢᠴᠢ ᠪᠠᠰᠠ ᠠᠯᠲᠠᠨ ᠤᠯᠤᠰ ᠤ᠋ᠨ ᠬᠠᠭᠠᠨ ᠸᠠᠨ ᠶᠠᠨ ᠵᠢᠩ᠂ ᠶᠡᠬᠡ ᠰᠠᠢᠳ ᠵᠣ᠌ ᠾᠧ᠂ ᠭᠣᠣ ᠯᠧ ᠴᠢ ᠪᠡᠷ ᠡᠣ ᠰᠢ ᠳ᠋ᠦ᠍ᠷ ᠰᠢᠵᠢᠷ ᠠᠯᠲᠠᠨ ᠢ᠋ᠶ᠋ᠠᠷ ᠳᠠᠪᠲᠠᠭᠰᠠᠨ ᠸᠠᠩ ᠬᠥᠮᠦᠨ ᠦ᠌ ᠡᠷᠭᠦᠮᠵᠢᠯᠡᠯ ᠦ᠋ᠨ ᠨᠠᠪᠴᠢ ᠨᠤᠭᠤᠯᠪᠤᠷᠢ ᠴᠧᠰᠧ ᠪᠢᠴᠢᠭ ᠢ᠋ ᠬᠦᠷᠭᠡᠭᠦᠯᠦᠨ ᠢᠯᠡᠭᠡᠵᠦ᠂ ᠡᠨᠳᠡ ᠬᠦᠷᠴᠦ ᠢᠷᠡᠬᠦᠢ ᠶ᠋ᠢᠨ ᠤᠷᠢᠳ ᠡᠣ ᠰᠢ ᠶ᠋ᠢ ᠨᠢᠭᠡᠨᠲᠡ ᠠᠯᠠᠨ ᠠᠷᠢᠯᠭᠠᠵᠤᠬᠤᠢ ᠬᠡᠮᠡᠭᠡᠳ᠂ ᠬᠠᠮᠤᠭ ᠤ᠋ᠨ ᠰᠡᠭᠦᠯ ᠳ᠋ᠦ᠍ᠷ ᠰᠠᠶᠢ ᠥᠪᠡᠷᠦᠨ ᠪᠡᠶ᠎ᠡ ᠶ᠋ᠢᠨ ᠶᠠᠯ᠎ᠠ ᠪᠠᠨ ᠬᠦᠯᠢᠶᠡᠵᠦᠬᠦᠢ᠃ ᠭᠠᠭᠴᠠ ᠤᠭ ᠰᠠᠨᠠᠭ᠎ᠠ ᠭᠠᠷᠭᠠᠵᠤ ᠬᠤᠯᠠᠭᠠᠢ ᠡᠣ ᠰᠢ ᠶ᠋ᠢ ᠠᠷᠢᠯᠭᠠᠭᠰᠠᠨ ᠪᠣᠯᠪᠠᠰᠤ ᠼᠠᠨ ᠢ ᠭᠤᠸᠠᠨ ᠲᠦᠰᠢᠮᠡᠯ᠂ ᠶᠠᠩ ᠵᠢᠦᠢ ᠶᠤᠸᠠᠨ ᠢ᠋ ᠨᠢᠭᠡᠨ ᠦᠰᠦᠭ ᠴᠦ᠍ ᠢᠯᠡᠷᠬᠡᠢᠯᠡᠨ ᠡᠰᠡ ᠠᠢᠯᠠᠳᠬᠠᠪᠠᠢ᠃ ᠡᠨᠡ ᠭᠡᠮ ᠬᠣᠢᠨ᠎ᠠ ᠰᠠᠶᠢ ᠢᠯᠡᠷᠡᠮᠦᠢ᠃ ᠤᠭ ᠲᠤᠷ ᠬᠠᠷᠭᠢᠰ ᠴᠸᠡᠭᠰᠢᠶᠡᠩ ᠬᠠᠨ ᠲᠦᠸᠧ ᠵᠧᠦ ᠢᠨᠦ ᠡᠣ ᠰᠢ ᠶ᠋ᠢ ᠤᠷᠪᠠᠪᠠ ᠭᠡᠮᠡᠨ ᠰᠣᠨᠣᠰᠴᠤ᠂ ᠲᠡᠷᠡ ᠪᠣᠯᠪᠠᠰᠤ ᠲᠡᠭᠦᠨᠦ ᠤᠭ ᠵᠠᠯᠢᠬᠠᠢ ᠬᠤᠷᠰᠢᠶ᠎ᠠ ᠲᠤᠯᠠ ᠶᠡᠬᠡᠯ᠎ᠡ ᠠᠶᠤᠵᠤ᠂ ᠰᠡᠮᠡᠬᠡᠷ ᠡᠣ ᠰᠢ ᠳ᠋ᠦ᠍ᠷ ᠪᠢᠴᠢᠭ ᠢᠯᠡᠭᠡᠵᠦ᠂ ᠲᠡᠭᠦᠨ ᠢ ᠮᠣᠵᠢ ᠶ᠋ᠢᠨ ᠡᠵᠡᠳ ᠦ᠋ᠨ ᠰᠠᠭᠤᠷᠢᠨ᠎ᠠ ᠡᠷᠭᠦᠮᠵᠢᠯᠡᠰᠦᠭᠡᠢ ᠭᠡᠮᠡᠨ ᠮᠡᠬᠡᠯᠡᠨ ᠨᠠᠮᠬᠠᠷᠠᠭᠤᠯᠤᠭᠠᠳ᠂ ᠨᠢᠭᠡᠨ ᠳᠡᠭᠡᠭᠦᠷ ᠵᠠᠷᠯᠢᠭ ᠢ᠋ᠶ᠋ᠠᠷ ᠵᠧᠨ ᠵᠢᠶᠠᠩ ᠤ᠋ᠨ ᠹᠦ ᠶ᠋ᠢᠨ ᠮᠡᠳᠡᠭᠴᠢ ᠢᠦᠢ ᠸᠸᠨ ᠱᠣᠣ ᠵᠢᠶᠧ ᠬᠡᠮᠡᠭᠴᠢ ᠶ᠋ᠢ ᠳᠠᠭᠤᠳᠠᠨ ᠢᠷᠡᠭᠦᠯᠵᠦ᠂ ᠡᠣ ᠰᠢ ᠶ᠋ᠢ ᠠᠷᠢᠯᠭᠠᠬᠤ ᠠᠷᠭ᠎ᠠ ᠶ᠋ᠢ ᠠᠰᠠᠭᠤᠭᠰᠠᠨ ᠳ᠋ᠤᠷ ᠢᠦᠢ ᠸᠸᠨ ᠱᠣᠣ ᠵᠢᠶᠧ ᠶ᠋ᠢᠨ ᠥᠭᠦᠯᠡᠭᠰᠡᠨ ᠢᠨᠦ᠄
《ᠪᠠᠷᠠᠭᠤᠨ ᠱᠤ᠌ ᠶ᠋ᠢᠨ ᠠᠨ ᠪᠢᠩ ᠬᠡᠮᠡᠭᠴᠢ ᠬᠡᠷᠬᠢᠪᠡᠴᠦ ᠤᠷᠪᠠᠬᠤ ᠬᠥᠮᠦᠨ ᠪᠤᠰᠤ᠂ ᠲᠡᠭᠦᠨ ᠳ᠋ᠦ᠍ᠷ ᠨᠠᠷᠢᠨ ᠠᠷᠭ᠎ᠠ ᠶ᠋ᠢ ᠰᠤᠷᠭᠠᠵᠤ ᠢᠯᠡᠭᠡᠪᠡᠰᠦ ᠲᠡᠷᠡ ᠡᠤ ᠰᠢ ᠶ᠋ᠢ ᠡᠷᠬᠡ ᠦᠭᠡᠢ ᠨᠠᠮ ᠢ᠋ᠶ᠋ᠠᠷ ᠠᠷᠢᠯᠭᠠᠨ ᠴᠢᠳᠠᠮᠤᠢ》 ᠬᠡᠮᠡᠭᠰᠡᠨ ᠳ᠋ᠦ᠍ᠷ ᠬᠠᠨ ᠲᠦᠸᠧ ᠵᠧᠦ᠂ ᠴᠠᠭᠠᠨ ᠲᠣᠷᠭᠠᠮᠰᠤᠭ ᠱᠣ ᠳ᠋ᠤᠷ ᠨᠢᠭᠤᠴᠠ ᠵᠥᠪᠯᠡᠯ ᠢ᠋ ᠪᠢᠴᠢᠵᠦ᠂ ᠠᠨ ᠪᠢᠩ ᠳ᠋ᠦ᠍ᠷ ᠢᠯᠡᠭᠡᠭᠰᠡᠨ ᠦᠭᠡᠰ ᠢᠨᠦ:
《ᠴᠢ ᠥᠪᠡᠷᠦᠨ ᠵᠦᠭ ᠡᠴᠡᠭᠡᠨ ᠦᠨᠡᠨ ᠰᠢᠳᠤᠷᠭᠤ ᠰᠡᠳᠬᠢᠯ ᠢ᠋ᠶ᠋ᠡᠨ ᠢᠯᠡᠳᠬᠡᠨ ᠠᠢᠯᠠᠳᠬᠠᠵᠤ ᠢᠷᠡᠭᠲᠦᠨ᠂ ᠪᠢ ᠤᠯᠠᠮᠵᠢᠯᠠᠨ ᠰᠠᠢᠬᠠᠨ ᠠᠢᠯᠠᠳᠬᠠᠵᠤ ᠥᠭᠰᠦᠭᠡᠢ᠂ ᠭᠠᠪᠢᠶ᠎ᠠ ᠵᠢᠳᠬᠦᠯᠭᠡ ᠶ᠋ᠢ ᠢᠯᠡᠳᠬᠡᠭᠰᠡᠨ ᠴᠠᠭᠳᠠ ᠡᠷᠭᠦᠮᠵᠢᠯᠡᠨ ᠱᠠᠩᠨᠠᠬᠤ ᠶ᠋ᠢ ᠦᠭᠡᠢ ᠪᠣᠯᠭᠠᠬᠤ ᠶᠣᠰᠣ ᠪᠣᠢ ᠤᠤ ?》ᠬᠡᠮᠡᠵᠦᠬᠦᠢ᠃ ᠡᠨᠡ ᠪᠢᠴᠢᠭ ᠬᠦᠷᠬᠦᠢ ᠶ᠋ᠢᠨ ᠤᠷᠢᠳ ᠲᠡᠨᠳᠡ ᠨᠢᠭᠡᠨᠲᠡ ᠡᠣ ᠰᠢ ᠶ᠋ᠢ ᠠᠯᠠᠨ ᠳᠠᠭᠤᠰᠴᠤ ᠠᠢᠯᠠᠳᠬᠠᠨ ᠬᠦᠷᠴᠦ ᠢᠷᠡᠭᠰᠡᠨ ᠳ᠋ᠦ᠍ᠷ ᠰᠥᠩ ᠨᠢᠩᠽᠥ᠋ᠩ ᠵᠣᠣ ᠺᠦᠸᠧ ᠶᠡᠬᠡᠳᠡ ᠪᠠᠶᠠᠷᠯᠠᠨ᠂ ᠡᠤ ᠰᠢ ᠶ᠋ᠢᠨ ᠲᠣᠯᠣᠭᠠᠢ ᠶ᠋ᠢ ᠨᠡᠢᠰᠯᠡᠯ ᠯᠢᠨ ᠠᠨ ᠬᠣᠲᠠ ᠶ᠋ᠢᠨ ᠳᠣᠲᠣᠭᠠᠳᠤ ᠭᠠᠳᠠᠭᠠᠳᠤ ᠳ᠋ᠤᠷ ᠭᠤᠷᠪᠠᠨ ᠡᠳᠦᠷ ᠲᠣᠭᠣᠷᠢᠭᠤᠯᠤᠨ ᠵᠠᠭᠤᠨ ᠣᠪᠣᠭ ᠲᠠᠨ᠎ᠠ ᠴᠡᠭᠡᠷ ᠦᠵᠡᠭᠦᠯᠵᠦ᠂ ᠵᠢᠴᠢ ᠪᠠᠷᠢᠵᠤ ᠠᠴᠢᠷᠠᠭᠰᠠᠨ ᠡᠣ ᠰᠢ ᠶ᠋ᠢᠨ ᠨᠢᠭᠡᠨ ᠠᠢᠮᠠᠭ ᠤ᠋ᠨ ᠣᠢᠷ᠎ᠠ ᠢᠨᠠᠭ ᠰᠠᠳᠤᠨ ᠪᠠ ᠡᠮ᠎ᠡ ᠦᠷ᠎ᠡ ᠲᠥᠷᠥᠯ ᠤᠷᠤᠭ ᠪᠦᠬᠦᠨ ᠢ᠋ ᠴᠥᠮ ᠢ᠋ᠶ᠋ᠡᠷ ᠯᠢᠩ ᠨᠠᠨ ᠭᠠᠵᠠᠷ ᠴᠦᠯᠡᠪᠡ᠃ ᠭᠠᠭᠴᠠ ᠡᠣ ᠰᠢ ᠶ᠋ᠢᠨ ᠬᠥᠪᠡᠭᠦᠨ ᠡᠤ ᠯᠢᠨ ᠬᠡᠮᠡᠭᠴᠢ ᠶ᠋ᠢ ᠦᠯᠡᠳᠡᠭᠡᠨ ᠭᠢᠨᠳᠠᠨ᠎ᠠ ᠬᠤᠷᠢᠭᠤᠯᠤᠨ ᠠᠯᠠᠵᠤ ᠲᠠᠢ ᠮᠢᠶᠣᠤ ᠰᠦᠮ᠎ᠡ ᠶ᠋ᠢ ᠲᠠᠬᠢᠬᠤ ᠪᠠᠷ ᠪᠡᠯᠡᠳᠬᠡᠨ᠂ ᠡᠣ ᠰᠢ ᠶ᠋ᠢᠨ ᠡᠴᠢᠭᠡ ᠡᠤ ᠲᠢᠩ ᠬᠡᠮᠡᠭᠴᠢ ᠶ᠋ᠢᠨ ᠵᠡᠷᠭᠡ ᠬᠡᠷᠬᠡᠮ ᠢ᠋ ᠡᠪᠳᠡᠨ ᠶᠠᠯᠠᠯᠠᠵᠤ᠂ ᠮᠥᠨ ᠬᠦ᠌ ᠯᠢᠩ ᠨᠠᠨ ᠤ᠋ ᠭᠠᠵᠠᠷ᠎ᠠ ᠴᠦᠯᠡᠵᠦ᠂ ᠡᠣ ᠰᠢ ᠶ᠋ᠢᠨ ᠠᠢᠮᠠᠭ ᠣᠪᠣᠭᠲᠠᠨ ᠪᠦᠬᠦᠨ ᠢ᠋ ᠴᠥᠮ ᠱᠤ᠌ ᠭᠠᠵᠠᠷ ᠠ᠋ᠴᠠ ᠥᠯᠳᠡᠭᠦᠯᠦᠨ ᠪᠤᠰᠤ ᠮᠣᠵᠢ ᠳ᠋ᠤᠷ ᠲᠠᠷᠬᠠᠭᠠᠨ ᠰᠠᠯᠭᠠᠵᠤ ᠢᠯᠡᠭᠡᠪᠡ᠃ ᠡᠢᠮᠦ ᠶᠡᠬᠡ ᠬᠡᠷᠡᠭ ᠭᠠᠷᠴᠤ ᠡᠳᠦᠢᠴᠢᠨᠡᠭᠡᠨ ᠶᠠᠷᠰᠢᠭ ᠤᠷᠰᠢᠭ ᠲᠡᠢᠨ ᠳᠠᠢᠰᠤᠨ ᠳᠡᠭᠳᠡᠨ ᠡᠨᠡ ᠬᠢᠷᠢ ᠳ᠋ᠦ᠍ᠷ ᠭᠦᠷᠦᠨ ᠬᠦᠷᠲᠡᠯ᠎ᠡ ᠰᠥᠩ ᠨᠢᠩᠽᠥ᠋ᠩ ᠪᠠᠬᠠᠨ ᠴᠤ᠌ ᠡᠰᠡ ᠮᠡᠳᠡᠨ ᠵᠢᠷᠭᠠᠨ ᠰᠠᠭᠤᠵᠤ᠂ ᠡᠳᠦᠭᠡ ᠡᠣ ᠰᠢ ᠶ᠋ᠢᠨ ᠲᠣᠯᠣᠭᠠᠢ ᠶ᠋ᠢ ᠬᠦᠷᠭᠡᠵᠦ ᠢᠷᠡᠭᠰᠡᠨ ᠬᠣᠢᠨ᠎ᠠ ᠰᠠᠶᠢ ᠮᠡᠳᠡᠵᠦ ᠬᠠᠷᠢᠨ ᠬᠣᠭᠣᠰᠣᠨ ᠭᠠᠵᠠᠷ ᠠ᠋ᠴᠠ ᠨᠢᠭᠡᠨ ᠪᠠᠶᠠᠷ ᠤᠨᠠᠵᠤ ᠢᠷᠡᠭᠰᠡᠨ ᠮᠡᠲᠦ ᠪᠠᠶᠠᠷᠯᠠᠪᠠᠢ᠃ ᠦᠨᠡᠬᠡᠷ ᠢᠨᠢᠶᠡᠯᠲᠡᠢ ᠪᠤᠰᠤ ᠤᠤ ? ᠮᠥᠨ ᠡᠨᠡ ᠬᠣᠶᠠᠷ ᠰᠠᠷ᠎ᠠ ᠳ᠋ᠤᠷ ᠬᠠᠷᠭᠢᠰ ᠬᠠᠨ ᠲᠦᠸᠧ ᠵᠧᠦ᠂ ᠠᠯᠲᠠᠨ ᠤᠯᠤᠰ ᠤ᠋ᠨ ᠶᠤᠸᠠᠨᠱᠤᠸᠠᠢ ᠫᠦ ᠰᠠᠨ ᠺᠦᠢ ᠯᠦ᠍ᠭᠡ ᠬᠠᠷᠢᠯᠴᠠᠨ ᠬᠡᠯᠡᠯᠴᠡᠬᠦ ᠮᠡᠳᠡᠭᠡᠨ ᠦ᠌ ᠰᠠᠢᠳ ᠢ᠋ ᠵᠥᠪᠳᠡᠬᠦᠢ ᠳ᠋ᠦ᠍ᠷ ᠰᠢᠳᠠᠷ ᠠᠷᠠᠳ ᠠᠨᠤ ᠰᠢᠶᠣᠤ ᠰᠠᠨ ᠭᠠᠵᠠᠷ ᠤ᠋ᠨ ᠸᠠᠩ ᠰᠢᠨ ᠿᠦ᠍ ᠬᠡᠮᠡᠬᠦ ᠼᠠᠨ ᠢ ᠭᠤᠸᠠᠨ ᠲᠦᠰᠢᠮᠡᠯ ᠢ᠋ ᠡᠷᠭᠦᠨ ᠮᠡᠳᠡᠭᠦᠯᠦᠭᠰᠡᠨ ᠳ᠋ᠦ᠍ᠷ ᠳᠣᠣᠷ᠎ᠠ ᠪᠠᠨ ᠵᠠᠬᠢᠶ᠎ᠠ ᠳᠣᠪᠲᠣᠯᠭᠠᠨ ᠳᠠᠭᠤᠳᠠᠨ ᠢᠷᠡᠭᠦᠯᠵᠦ᠂ ᠳᠠᠷᠤᠢ ᠲᠡᠭᠦᠨ ᠢ᠋ ᠮᠡᠳᠡᠭᠡᠨ ᠦ᠌ ᠲᠦᠰᠢᠮᠡᠯ ᠪᠣᠯᠭᠠᠰᠤᠭᠠᠢ ᠬᠡᠮᠡᠭᠰᠡᠨ ᠳ᠋ᠦ᠍ᠷ ᠸᠠᠩ ᠰᠢᠨ ᠿᠦ᠍ ᠠᠰᠠᠭᠤᠷᠤᠨ:
《ᠠᠯᠲᠠᠨ ᠤᠯᠤᠰ ᠬᠡᠷᠪᠡ ᠡᠨᠡ ᠲᠡᠢᠨ ᠳᠠᠢᠰᠤᠨ ᠤ᠋ ᠤᠭ ᠰᠠᠨᠠᠭ᠎ᠠ ᠭᠠᠷᠭᠠᠭᠰᠠᠨ ᠬᠥᠮᠦᠨ ᠢ᠋ ᠤᠬᠤᠴᠢᠯᠠᠨ ᠠᠠᠰᠠᠭᠤᠪᠠᠰᠤ ᠬᠠᠷᠢᠭᠤ ᠶᠠᠭᠤ ᠭᠡᠮᠡᠨ ᠥᠴᠢᠮᠦᠢ ? 》ᠬᠡᠮᠡᠭᠰᠡᠨ ᠳ᠋ᠦ᠍ᠷ ᠬᠠᠨ ᠲᠦᠸᠧ ᠵᠧᠦ ᠬᠡᠯᠡ ᠪᠡᠨ ᠬᠥᠨᠳᠡᠯᠡᠨ ᠵᠠᠭᠤᠪᠠ᠃ ᠸᠠᠩ ᠰᠢᠨ ᠿᠦ᠍ ᠳᠠᠷᠤᠢ ᠵᠠᠩ ᠶᠠᠨ ᠤ᠋ ᠪᠢᠴᠢᠭ ᠢ᠋ ᠠᠪᠴᠤ ᠡᠴᠢᠪᠡ᠃ ᠡᠭᠦᠨ ᠢ᠋ ᠬᠡᠯᠡᠬᠦ ᠦᠭᠡᠢ᠃
ᠥᠭᠦᠯᠡᠬᠦ ᠢᠨᠦ᠂ ᠪᠠᠷᠠᠭᠤᠨ ᠱᠤ᠌ ᠶ᠋ᠢᠨ ᠰᠧ ᠴᠤᠸᠠᠨ ᠤ᠋ ᠰᠢᠩ ᠵᠧᠦ ᠶ᠋ᠢᠨ ᠡᠣ ᠰᠢ ᠶ᠋ᠢ ᠠᠷᠢᠯᠭᠠᠭᠰᠠᠨ ᠠᠷᠭ᠎ᠠ ᠤᠬᠠᠭᠠᠨ ᠢ᠋ ᠭᠠᠷᠭᠠᠭᠰᠠᠨ ᠶᠠᠩ ᠵᠢᠦᠢ ᠶᠤᠸᠠᠨ ᠡᠨᠡ ᠭᠤᠷᠪᠠᠨ ᠰᠡᠷᠡᠳᠡ᠂ ᠠᠨ ᠪᠢᠩ ᠦ᠋ᠨ ᠵᠦᠭ ᠥᠭᠦᠯᠡᠷᠦᠨ:
《ᠡᠣ ᠰᠢ ᠠᠷᠢᠯᠵᠤ᠂ ᠣᠯᠠᠨ ᠬᠤᠯᠠᠭᠠᠢ ᠶ᠋ᠢᠨ ᠵᠢᠷᠦᠬᠡ ᠨᠢᠭᠡᠨᠲᠡ ᠬᠡᠮᠬᠡᠷᠡᠪᠡ᠃ ᠡᠨᠡ ᠲᠠᠰᠢᠷᠠᠮᠠ ᠳᠠ ᠰᠠᠨ ᠭᠤᠸᠠᠨ ᠪᠣᠭᠣᠮᠲᠠᠨ ᠤ᠋ ᠭᠠᠳᠠᠭᠠᠬᠢ ᠭᠠᠳᠠᠭᠠᠳᠤ ᠳᠥᠷᠪᠡᠨ ᠵᠧᠦ ᠳᠣᠲᠣᠷᠠᠬᠢ ᠡᠤ ᠰᠢ ᠶ᠋ᠢ ᠳᠠᠭᠠᠭᠰᠠᠨ ᠣᠯᠠᠨ ᠬᠤᠯᠠᠭᠠᠢ ᠶ᠋ᠢ ᠡᠨᠡ ᠰᠦᠷ ᠠᠯᠳᠠᠷᠰᠢᠨ ᠳᠡᠯᠭᠡᠷᠡᠭᠰᠡᠨ ᠲᠠᠰᠢᠷᠠᠮ ᠳ᠋ᠤᠷ ᠶᠠᠭᠤᠨᠲᠤ ᠦᠯᠦ ᠠᠷᠢᠯᠭᠠᠮᠤᠢ ? ᠡᠨᠡ ᠤᠳᠠᠭ᠎ᠠ ᠡᠰᠡ ᠠᠷᠢᠯᠭᠠᠪᠠᠰᠤ ᠤᠳᠠᠬᠤ ᠦᠭᠡᠢ ᠤᠷᠪᠠᠬᠤ ᠪᠣᠯᠠᠢ》 ᠬᠡᠮᠡᠭᠰᠡᠨ ᠳ᠋ᠦ᠍ᠷ ᠠᠨ ᠪᠢᠩ ᠦᠭᠡ ᠶ᠋ᠢ ᠠᠪᠴᠤ ᠯᠢ ᠬᠣᠣ ᠢ ᠶ᠋ᠢ ᠰᠢ ᠾᠧ ᠵᠧᠦ ᠶ᠋ᠢ ᠪᠠᠢᠯᠳᠤ᠃ ᠵᠠᠩ ᠯᠢᠨ᠂ ᠯᠢ ᠵᠢᠶᠠᠨ ᠬᠣᠶᠠᠭᠤᠯᠠ ᠴᠧᠩ ᠵᠧᠦ ᠶ᠋ᠢ ᠪᠠᠢᠯᠳᠤ᠃ ᠯᠢᠦ ᠴᠠᠩ ᠭᠦᠸᠧ᠂ ᠵᠢᠶᠧ ᠵᠧᠦ ᠶ᠋ᠢ ᠪᠠᠢᠯᠳᠤ᠃ ᠵᠠᠩ ᠢ᠂ ᠹᠧᠩ ᠵᠧᠦ ᠶ᠋ᠢ ᠪᠠᠢᠯᠳᠤ᠃ ᠴᠢᠨᠠᠭᠰᠢ ᠳᠠᠪᠰᠢᠵᠤ᠂ ᠹᠧᠩ ᠵᠧᠦ ᠬᠣᠲᠠ ᠶ᠋ᠢ ᠠᠪ᠃ ᠰᠦᠨ ᠵᠦᠩ ᠿᠦᠢ᠂ ᠳᠡ ᠰᠠᠨ ᠭᠤᠸᠠᠨ ᠪᠣᠭᠣᠮᠲᠠ ᠶ᠋ᠢ ᠪᠠᠢᠯᠳᠤᠨ ᠠᠪ ᠬᠡᠮᠡᠭᠡᠳ ᠵᠢᠴᠢ ᠰᠢᠳᠤᠷᠭᠤ ᠪᠠᠭᠠᠲᠤᠷ ᠯᠢ ᠬᠣᠣ ᠢ ᠶ᠋ᠢ ᠪᠦᠭᠦᠳᠡ ᠶ᠋ᠢᠨ ᠲᠡᠷᠢᠭᠦᠯᠡᠭᠴᠢ ᠪᠣᠯᠭᠠᠵᠤ ᠲᠠᠪᠤᠨ ᠵᠠᠮ ᠤ᠋ᠨ ᠴᠡᠷᠢᠭ ᠴᠤᠭᠭᠠᠷ ᠠᠯᠠᠨ ᠭᠠᠷᠴᠤ᠂ ᠳᠦ ᠲᠧᠦ ᠯᠢᠩ ᠳᠠᠪᠠᠭᠠᠨ ᠳ᠋ᠤᠷ ᠬᠦᠷᠪᠡ᠃ ᠠᠯᠲᠠᠨ ᠤᠯᠤᠰ ᠲᠤᠷ ᠳᠠᠭᠠᠭᠰᠠᠨ ᠰᠥᠩ ᠤᠯᠤᠰ ᠤ᠋ᠨ ᠴᠡᠷᠢᠭ ᠢᠷᠭᠡᠨ ᠠᠯᠠᠭᠳᠠᠭᠰᠠᠨ ᠠᠨᠤ ᠵᠠᠮ ᠤ᠋ᠨ ᠬᠥᠷᠥᠰᠥ ᠶ᠋ᠢ ᠪᠦᠷᠬᠦᠵᠦᠬᠦᠢ᠃ ᠳᠣᠯᠣᠳᠤᠭᠠᠷ ᠡᠳᠦᠷ ᠲᠣᠷ ᠰᠠᠶᠢ ᠰᠢ ᠾᠧ ᠵᠧᠦ ᠳ᠋ᠦ᠍ᠷ ᠬᠦᠷᠴᠦ᠂ ᠰᠥᠩ ᠤᠯᠤᠰ ᠤ᠋ᠨ ᠴᠡᠷᠢᠭ ᠦ᠋ᠳ ᠳᠤᠷᠠᠲᠠᠶ᠎ᠠ ᠣᠷᠣᠵᠤ ᠦᠬᠦᠨ ᠪᠠᠢᠯᠳᠤᠯᠴᠠᠬᠤᠢ ᠳ᠋ᠤᠷ ᠡᠰᠡᠷᠭᠦ ᠢᠨᠦ ᠬᠠᠨᠳᠤᠬᠤ ᠬᠥᠮᠦᠨ ᠦᠭᠡᠢ᠃ ᠠᠯᠲᠠᠨ ᠤᠯᠤᠰ ᠤ᠋ᠨ ᠵᠠᠩᠵᠤᠨ ᠸᠠᠨ ᠶᠠᠨ ᠴᠢᠨ ᠬᠡᠳᠦᠢᠨ ᠶᠡᠬᠡ ᠮᠣᠷᠢᠲᠤ ᠴᠡᠷᠢᠭ ᠢ᠋ᠶ᠋ᠡᠨ ᠠᠪᠴᠤ᠂ ᠪᠢᠶᠠᠨ ᠯᠢᠶᠠᠩ ᠪᠠᠯᠭᠠᠰᠤᠨ ᠠ᠋ᠴᠠ ᠶᠡᠬᠡ ᠴᠡᠷᠢᠭ ᠠᠪᠤᠷᠠ ᠡᠴᠢᠵᠦᠬᠦᠢ᠃ ᠯᠢ ᠬᠣᠣ ᠢ᠂ ᠴᠥᠮ ᠰᠥᠩ ᠤᠯᠤᠰ ᠤ᠋ᠨ ᠡᠣ ᠰᠢ ᠳ᠋ᠦ᠍ᠷ ᠳᠠᠭᠠᠭᠰᠠᠨ ᠢᠷᠭᠡᠨ ᠴᠡᠷᠢᠭ ᠢ᠋ ᠲᠡᠳᠦᠢᠴᠢᠨᠡᠭᠡᠨ ᠠᠯᠠᠭᠠᠳ᠂ ᠠᠯᠲᠠᠨ ᠤᠯᠤᠰ ᠤ᠋ᠨ ᠴᠡᠷᠢᠭ ᠢ ᠳᠠᠷᠤᠪᠠ ᠭᠡᠮᠡᠨ ᠠᠯᠳᠠᠷᠰᠢᠭᠤᠯᠤᠨ᠂ ᠣᠯᠠᠨ ᠢ᠋ ᠬᠥᠭᠡᠭᠡᠵᠦ᠂ ᠬᠣᠲᠠ ᠳ᠋ᠤᠷ ᠣᠷᠣᠭᠰᠠᠨ ᠳ᠋ᠤᠷ ᠰᠥᠩ ᠤᠯᠤᠰ ᠤ᠋ᠨ ᠤᠭ ᠬᠠᠭᠤᠴᠢᠨ ᠲᠦᠰᠢᠮᠡᠯ ᠴᠡᠷᠢᠭ ᠬᠢᠲᠠᠳ ᠢᠷᠭᠡᠳ ᠪᠦᠭᠦᠳᠡᠭᠡᠷ ᠮᠥᠷᠭᠥᠨ ᠤᠭᠲᠤᠪᠠᠢ᠂ ᠪᠠᠰᠠ ᠠᠯᠢᠪᠠ ᠰᠠᠩ ᠬᠥᠮᠥᠷᠭᠡ ᠶ᠋ᠢ ᠴᠥᠮ ᠬᠤᠷᠢᠶᠠᠮᠵᠢᠯᠠᠬᠤ ᠠ᠋ᠴᠠ ᠭᠠᠳᠠᠨ᠎ᠠ ᠠᠯᠲᠠᠨ ᠤᠯᠤᠰ ᠲᠤᠷ ᠠᠪᠲᠠᠭᠰᠠᠨ ᠴᠢᠨ ᠯᠦᠩ ᠦ᠋ᠨ ᠭᠠᠵᠠᠷ ᠪᠠ ᠵᠢᠴᠢ ᠴᠢᠨᠠᠳᠤ ᠬᠤᠸᠠᠢ ᠾᠧ ᠶ᠋ᠢᠨ ᠠᠮᠠᠨ ᠢ᠋ ᠪᠠᠢᠯᠳᠤᠨ ᠠᠪᠰᠤᠭᠠᠢ ᠬᠡᠮᠡᠬᠦᠢ ᠳ᠋ᠦ᠍ᠷ ᠲᠡᠷᠢᠭᠦᠯᠡᠭᠴᠢ ᠶᠡᠬᠡ ᠰᠢᠦᠸᠠᠨ ᠹᠦ ᠱᠢ ᠲᠦᠰᠢᠮᠡᠯ ᠠᠨ ᠪᠢᠩ :《ᠬᠡᠳᠦᠢ ᠪᠠᠢᠯᠳᠤᠵᠤ ᠣᠯᠪᠠᠴᠤ᠂ ᠡᠴᠦᠰ ᠲᠦ᠍ᠷ ᠪᠠᠰᠠ ᠠᠯᠲᠠᠨ ᠳ᠋ᠤᠷ ᠭᠡᠳᠡᠷᠭᠦ ᠠᠪᠲᠠᠬᠤ ᠪᠣᠯᠠᠢ᠃ ᠢᠯᠡᠭᠦᠴᠡ ᠴᠡᠷᠢᠭ ᠮᠣᠷᠢᠨ ᠤ᠋ ᠵᠣᠪᠠᠯᠠᠩ ᠪᠣᠯᠭᠠᠵᠤ ᠶᠠᠭᠠᠬᠢᠮᠤᠢ ? 》ᠭᠡᠮᠡᠨ ᠴᠢᠨᠠᠭᠰᠢ ᠬᠠᠯᠳᠠᠭᠤᠯᠤᠨ ᠪᠠᠢᠯᠳᠤᠭᠤᠯᠤᠭᠰᠠᠨ ᠦᠭᠡᠢ ᠴᠠᠭᠠᠵᠠᠯᠠᠨ ᠵᠣᠭᠰᠣᠭᠠᠪᠠ᠃ ᠤᠳᠠᠭᠰᠠᠨ ᠦᠭᠡᠢ ᠡᠤ ᠰᠢ ᠶ᠋ᠢ ᠠᠷᠢᠯᠭᠠᠭᠰᠠᠨ ᠭᠠᠪᠢᠶ᠎ᠠ ᠳ᠋ᠤᠷ ᠵᠠᠷᠯᠢᠭ ᠪᠠᠭᠤᠭᠰᠠᠨ ᠠᠨᠤ᠄
《ᠴᠸᠡᠭ ᠳᠦ ᠪᠠᠯᠭᠠᠰᠤᠨ ᠤ᠋ ᠶᠠᠩ ᠹᠦ ᠶ᠋ᠢ ᠶᠡᠬᠡ ᠰᠢᠦᠸᠠᠨ ᠹᠦ ᠱᠢ ᠲᠦᠰᠢᠮᠡᠯ ᠪᠣᠯᠭᠠᠭᠠᠳ᠂ ᠠᠨ ᠪᠢᠩ ᠢ᠋ ᠲᠡᠳᠬᠦᠭᠦᠯᠦᠨ ᠬᠠᠪᠰᠤᠷᠤᠭᠤᠯᠵᠤ᠂ ᠵᠢᠩ ᠵᠧᠦ ᠶ᠋ᠢ ᠵᠠᠬᠢᠷᠤᠨ ᠡᠵᠡᠯᠡᠭᠦᠯᠵᠦ᠂ ᠵᠢᠴᠢ ᠵᠠᠩ ᠡᠢ ᠶ᠋ᠢ ᠰᠢᠦᠸᠠᠨ ᠢᠦᠢ ᠱᠢ ᠪᠣᠯᠭᠠᠵᠤ᠂ ᠰᠢᠩ ᠵᠧᠦ ᠳ᠋ᠦ᠍ᠷ ᠡᠤ ᠰᠢ ᠤᠷᠪᠠᠵᠤ ᠸᠠᠩ ᠰᠠᠭᠤᠪᠠ ᠭᠡᠮᠡᠨ ᠰᠢᠩ ᠵᠧᠦ ᠬᠡᠮᠡᠬᠦ ᠨᠡᠷ᠎ᠡ ᠶ᠋ᠢ < ᠮᠢᠶᠠᠨ > ᠭᠡᠮᠡᠨ ᠵᠠᠷᠯᠢᠭ ᠢ᠋ᠶ᠋ᠠᠷ ᠬᠠᠯᠠᠵᠤ᠂ ᠪᠠᠰᠠ ᠠᠨ ᠪᠢᠩ᠂ ᠶᠠᠩ ᠹᠦ ᠬᠣᠶᠠᠭᠤᠯᠠ ᠶ᠋ᠢᠨ ᠶᠠᠪᠤᠳᠠᠯ ᠡᠭᠡᠨᠡᠭᠲᠡ ᠠᠳᠠᠯᠢ ᠦᠭᠡᠢ ᠶ᠋ᠢᠨ ᠲᠤᠯᠠ ᠶᠠᠩ ᠹᠦ ᠶ᠋ᠢ ᠨᠡᠢᠰᠯᠡᠯ ᠦ᠋ᠨ ᠲᠤᠰᠢᠶᠠᠯ ᠳ᠋ᠤᠷ ᠳᠠᠭᠤᠳᠠᠭᠰᠠᠨ ᠳ᠋ᠤᠷ ᠶᠠᠩ ᠹᠦ ᠠᠷᠢᠬᠢ ᠤᠤᠭᠤᠨ ᠬᠠᠭᠤᠴᠢᠨ ᠶᠠᠯ᠎ᠠ ᠪᠠᠨ ᠰᠠᠨᠠᠭᠠᠰᠠᠭᠠᠷ ᠰᠡᠵᠢᠭ ᠲᠥᠷᠥᠵᠦ᠂ ᠨᠡᠢᠰᠯᠡᠯ ᠳ᠋ᠦ᠍ᠷ ᠣᠷᠣᠬᠤ ᠳᠤᠷ᠎ᠠ ᠦᠭᠡᠢ 》ᠬᠡᠮᠡᠪᠡ᠃ ᠨᠡᠢᠰᠯᠡᠯ ᠦ᠋ᠨ ᠵᠡᠭᠦᠨ ᠡᠲᠡᠭᠡᠳ ᠦ᠋ᠨ ᠱᠢ ᠯᠠᠩ ᠲᠦᠰᠢᠮᠡᠯ ᠶᠠᠩ ᠵᠢᠶᠠᠨ ᠬᠡᠮᠡᠭᠴᠢ ᠲᠣᠰᠴᠤ᠄
《ᠲᠡᠷᠡ ᠶᠠᠩ ᠹᠦ ᠬᠡᠮᠡᠭᠴᠢ ᠴᠸᠡᠭ ᠳᠦ ᠶ᠋ᠢ ᠬᠠᠳᠠᠭᠠᠯᠠᠭᠰᠠᠨ ᠭᠠᠳᠠᠭᠠᠳᠤ ᠲᠦᠰᠢᠮᠡᠯ ᠢ᠋ ᠣᠢᠷ᠎ᠠ ᠢᠷᠡᠭᠦᠯᠬᠦ ᠢᠨᠤ ᠰᠠᠢᠨ ᠦᠭᠡᠢ 》ᠬᠡᠮᠡᠭᠰᠡᠨ ᠳ᠋ᠦ᠍ᠷ ᠰᠥᠩ ᠨᠢᠩᠽᠥ᠋ᠡᠭ ᠦᠬᠡᠨᠴᠡ ᠬᠥᠮᠦᠨ ᠲᠤᠯᠠ ᠳᠠᠷᠤᠢ ᠶᠠᠩ ᠹᠦ ᠶ᠋ᠢ ᠵᠢᠶᠠᠨ ᠺᠠᠩ ᠹᠦ ᠶ᠋ᠢ ᠰᠠᠬᠢᠭᠤᠯᠤᠷ᠎ᠠ ᠵᠠᠮ ᠤ᠋ᠨ ᠵᠠᠭᠤᠷ᠎ᠠ ᠠ᠋ᠴᠠ ᠢᠯᠡᠭᠡᠪᠡᠢ ᠃ ᠮᠥᠨ ᠡᠨᠡ ᠰᠠᠷ᠎ᠠ ᠳ᠋ᠤᠷ ᠪᠤᠰᠤ ᠮᠣᠵᠢ ᠶ᠋ᠢᠨ ᠬᠦᠨᠳᠦ ᠶᠠᠯᠠᠲᠤ ᠴᠸᠡᠭ ᠰᠥᠩ ᠬᠡᠮᠡᠭᠴᠢ ᠶ᠋ᠢᠨ ᠬᠤᠯᠠᠭᠠᠢ ᠶ᠋ᠢ ᠳᠠᠭᠠᠭᠰᠠᠨ ᠶᠠᠯ᠎ᠠ ᠶ᠋ᠢ ᠬᠥᠩᠭᠡᠯᠡᠨ ᠰᠢᠳᠬᠡᠵᠦ ᠠᠯᠠᠭᠰᠠᠨ ᠦᠭᠡᠢ ᠪᠡᠷ ᠯᠢ ᠵᠧᠦ ᠳ᠋ᠦ᠍ᠷ ᠬᠤᠷᠢᠭᠤᠯᠤᠭᠰᠠᠨ ᠳ᠋ᠤᠷ ᠣᠯᠠᠨ ᠢ᠋ᠶ᠋ᠠᠷ ᠰᠥᠩ ᠤᠯᠤᠰ ᠤ᠋ᠨ ᠵᠠᠰᠠᠭ ᠴᠠᠭᠠᠵᠠ ᠨᠢᠭᠡᠨᠲᠡ ᠬᠠᠩᠭᠠᠢ ᠲᠠᠩᠬᠠᠢ ᠪᠣᠯᠤᠭᠰᠠᠨ ᠢ᠋ ᠰᠢᠭᠦᠮᠵᠢᠯᠡᠨ ᠬᠡᠯᠡᠯᠴᠡᠵᠦ ᠡᠭᠦᠨᠴᠨ ᠬᠤᠯᠠᠭᠠᠢ ᠶ᠋ᠢᠨ ᠵᠠᠮ ᠡᠰᠡ ᠲᠠᠰᠤᠷᠠᠪᠠ᠃ ᠮᠥᠨ ᠰᠡᠷᠡᠳᠡ ᠴᠢᠶᠠᠨ ᠰᠢᠶᠠᠩ ᠽᠦ᠍ ᠶ᠋ᠢ ᠽᠠᠨ ᡁᠢ ᠵᠸᠡᠭ ᠱᠢ ᠲᠦᠰᠢᠮᠡᠯ ᠪᠣᠯᠭᠠᠨ ᠡᠷᠭᠦᠲᠡᠯ᠎ᠡ᠂ ᠪᠠᠷᠠᠭᠤᠨ ᠳᠠ ᠰᠠᠨ ᠭᠤᠸᠠᠨ ᠪᠣᠭᠣᠮᠲᠠ ᠶ᠋ᠢ ᠠᠯᠲᠠᠨ ᠤᠯᠤᠰ ᠤ᠋ᠨ ᠵᠠᠩᠵᠤᠨ ᠸᠠᠨ ᠶᠠᠨ ᠴᠢᠨ ᠶᠡᠬᠡ ᠴᠡᠷᠢᠭ ᠠᠪᠴᠤ ᠢᠷᠡᠨ᠂ ᠨᠢᠭᠡᠨᠲᠡ ᠪᠠᠢᠯᠳᠤᠵᠤ ᠳᠠᠬᠢᠨ ᠡᠭᠡᠭᠦᠯᠦᠨ ᠠᠪᠴᠤ ᠡᠵᠡᠯᠡᠭᠡᠳ ᠪᠦᠷᠢᠨ᠎ᠡ ᠪᠡᠷ ᠴᠥᠮ ᠬᠣᠷᠢᠶᠠᠨ ᠠᠪᠴᠤ ᠶᠡᠬᠡᠯ᠎ᠡ ᠳᠠᠢᠯᠠᠵᠤ ᠪᠠᠷᠠᠲᠠᠯ᠎ᠠ ᠬᠤᠷᠢᠶᠠᠮᠵᠢᠯᠠᠪᠠᠢ ᠭᠡᠮᠡᠨ ᠠᠢᠯᠠᠳᠬᠠᠨ ᠬᠦᠷᠴᠦ ᠢᠷᠡᠪᠡ᠃ ᠳᠠᠭᠠᠯᠳᠤᠭ᠎ᠠ ᠳᠠᠷᠤᠢ ᠰᠥᠩ ᠤᠯᠤᠰ ᠤ᠋ᠨ ᠲᠠᠢ ᠬᠤᠸᠠᠩ ᠲᠠᠢᠬᠡᠦ ᠰᠢᠶᠧ ᠱᠢ ᠬᠠᠲᠤᠨ ᠬᠠᠯᠢᠪᠠ᠂ ᠴᠸᠡᠭ ᠰᠦ᠍ ᠲᠠᠢᠬᠡᠦ ᠭᠡᠮᠡᠨ ᠨᠡᠬᠡᠵᠦ ᠡᠷᠭᠦᠮᠵᠢᠯᠡᠪᠡᠢ᠃ ᠣᠳᠣ ᠲᠠᠪᠤᠨ ᠰᠠᠷ᠎ᠠ ᠶ᠋ᠢᠨ ᠬᠡᠷᠡᠭ ᠪᠥᠯᠥᠭᠡ᠃ ᠮᠥᠨ ᠰᠠᠷ᠎ᠠ ᠳ᠋ᠤᠷ ᠯᠢ ᠬᠣᠣ ᠢ᠂ ᠴᠢᠨ ᠵᠧᠦ ᠶ᠋ᠢᠨ ᠲᠤᠰᠢᠶᠠᠯ ᠢ᠋ ᠵᠠᠯᠭᠠᠮᠵᠢᠯᠠᠭᠰᠠᠨ ᠳ᠋ᠤᠷ ᠠᠯᠲᠠᠨ ᠤᠯᠤᠰ ᠤ᠋ᠨ ᠵᠠᠩᠵᠤᠨ᠂ ᠵᠣ᠌ ᠾᠧ ᠭᠦᠸᠧ ᠯᠧ ᠴᠢ ᠶ᠋ᠢᠨ ᠨᠢᠭᠡᠨ ᠠᠩᠭᠢ ᠴᠡᠷᠢᠭ ᠢ᠋ ᠳᠠᠷᠤᠨ ᠡᠭᠡᠭᠦᠯᠦᠭᠰᠡᠨ ᠳ᠋ᠦ᠍ᠷ᠂ ᠱᠤ᠌ ᠸᠠᠩ ᠪᠣᠯᠤᠭᠰᠠᠨ ᠡᠤ ᠰᠢ ᠶ᠋ᠢᠨ ᠢᠨᠠᠭ ᠵᠠᠩᠵᠤᠨ ᠸᠠᠩ ᠰᠢ ᠬᠡᠮᠡᠭᠴᠢ ᠢᠨᠤ᠂ ᠯᠢ ᠬᠣᠣ ᠢ ᠶ᠋ᠢᠨ ᠳᠡᠷᠭᠡᠳᠡ ᠮᠡᠬᠡᠯᠡᠨ ᠰᠠᠢᠨ ᠠᠭᠠᠰᠢ ᠪᠠᠷ ᠳᠠᠭᠠᠵᠤ ᠢᠲᠡᠭᠡᠭᠦᠯᠦᠭᠡᠳ᠂ ᠣᠢᠷᠠᠯᠴᠠᠭ᠎ᠠ ᠪᠠᠢᠭᠰᠠᠭᠠᠷ ᠯᠢ ᠬᠣᠣ ᠢ ᠶ᠋ᠢᠨ ᠠᠷᠢᠬᠢ ᠳ᠋ᠤᠷ ᠬᠤᠷᠴᠠ ᠬᠣᠣᠷ᠎ᠠ ᠬᠣᠯᠢᠨ ᠠᠯᠠᠵᠤ᠂ ᠣᠯᠠᠨ ᠢ᠋ ᠡᠵᠡᠯᠡᠭᠡᠳ᠂ ᠭᠠᠪᠢᠶ᠎ᠠ ᠪᠣᠯᠭᠠᠨ ᠠᠢᠯᠠᠳᠬᠠᠭᠰᠠᠨ ᠳ᠋ᠤᠷ ᠰᠥᠩ ᠨᠢᠩᠽᠥ᠋ᠡᠭ ᠬᠠᠷᠠᠬᠠᠨ ᠯᠢ ᠬᠣᠣ ᠢ ᠶ᠋ᠢ ᠰᠡᠵᠢᠭᠯᠡᠵᠦ ᠪᠠᠢᠭᠰᠠᠨ ᠲᠤᠯᠠ᠂ ᠡᠭᠦᠨ ᠳ᠋ᠦ᠍ᠷ ᠶᠡᠬᠡᠯ᠎ᠡ ᠪᠠᠶᠠᠷᠯᠠᠨ᠂ ᠸᠠᠩ ᠰᠢ ᠶ᠋ᠢ ᠵᠢᠶᠧ ᠳᠦ ᠱᠢ ᠪᠥᠭᠡᠳ ᠪᠠᠰᠠ ᠵᠢᠩ ᠧ ᠭᠠᠵᠠᠷ ᠤ᠋ᠨ ᠳᠦ ᠲᠦᠩ ᡁᠢ ᠲᠦᠰᠢᠮᠡᠯ ᠲᠠᠯᠪᠢᠪᠠᠢ᠃ ᠡᠭᠦᠨ ᠳ᠋ᠦ᠍ᠷ ᠤᠭ ᠡᠤ ᠰᠢ ᠶ᠋ᠢ ᠠᠷᠢᠯᠭᠠᠬᠤᠢ ᠳ᠋ᠤᠷ ᠠᠷᠭ᠎ᠠ ᠤᠬᠠᠭᠠᠨ ᠭᠠᠷᠭᠠᠭᠰᠠᠨ ᠲᠡᠷᠢᠭᠦᠯᠡᠭᠰᠡᠨ ᠭᠠᠪᠢᠶᠠᠲᠤ ᠰᠢᠦᠸᠠᠨ ᠹᠦ ᠱᠢ ᠪᠥᠭᠡᠳ ᠼᠠᠨ ᠢ ᠭᠤᠸᠠᠨ ᠢ᠋ ᠬᠠᠪᠰᠤᠷᠭᠠᠭᠰᠠᠨ ᠶᠠᠩ ᠵᠢᠦᠢ ᠶᠤᠸᠠᠨ᠂ ᠪᠤᠰᠤᠳ ᠬᠥᠮᠦᠰ ᠳᠠᠷᠠᠭ᠎ᠠ ᠳᠠᠷᠠᠭ᠎ᠠ ᠪᠠᠷ ᠳᠠᠪᠰᠢᠵᠤ ᠲᠡᠭᠦᠨ ᠡᠴᠡ ᠴᠦ᠍ ᠳᠠᠪᠠᠭᠰᠠᠨ ᠳ᠋ᠤᠷ ᠳᠣᠲᠣᠷ᠎ᠠ ᠶᠡᠬᠡᠯ᠎ᠡ ᠠᠮᠤᠷ ᠦᠭᠡᠢ ᠪᠥᠬᠥᠶ᠎ᠡ ᠪᠠᠰᠠ ᠳᠡᠭᠡᠷ᠎ᠡ ᠡᠴᠡ ᠭᠠᠪᠢᠶ᠎ᠠ ᠢᠯᠭᠠᠭᠰᠠᠨ ᠵᠠᠷᠯᠢᠭ ᠤ᠋ᠨ ᠵᠣᠣ ᠪᠢᠴᠢᠭ ᠲᠣᠷ ᠶᠠᠩ ᠵᠢᠦᠢ ᠶᠤᠸᠠᠨ ᠬᠠᠮᠲᠤ ᠵᠢᠳᠬᠦᠭᠰᠡᠨ ᠣᠯᠠᠨ ᠵᠠᠩᠵᠤᠨ ᠨᠠᠷ ᠠ᠋ᠴᠠᠭᠠᠨ ᠢᠴᠢᠩᠭᠦᠷᠡᠨ ᠭᠤᠲᠤᠵᠤ ᠪᠤᠰᠤᠳ ᠤ᠋ᠨ ᠵᠦᠭ᠄
《ᠭᠠᠪᠢᠶ᠎ᠠ ᠶ᠋ᠢ ᠲᠡᠷᠢᠭᠦᠯᠡᠨ ᠪᠠᠢᠭᠤᠯᠵᠤ ᠤᠯᠤᠰ ᠬᠠᠮᠠᠭᠠᠯᠠᠭᠰᠠᠨ ᠠᠨᠤ ᠪᠢ ᠪᠥᠭᠡᠲᠡᠯ᠎ᠡ ᠮᠢᠨᠦ ᠨᠡᠷ᠎ᠡ ᠶ᠋ᠢ ᠨᠢᠭᠡᠨ ᠦᠰᠦᠭ ᠴᠦ᠍ ᠡᠰᠡ ᠳᠤᠷᠠᠳᠤᠨ᠂ ᠬᠠᠷᠢᠶ᠎ᠠ ᠦᠭᠡᠢ ᠥᠴᠦᠬᠡᠨ ᠬᠣᠯᠴᠢᠷᠭᠠᠨ ᠸᠠᠩ ᠰᠢ ᠶ᠋ᠢ ᠬᠠᠷᠢᠨ ᠶᠡᠬᠡ ᠵᠢᠶᠧ ᠳᠦ ᠱᠢ ᠡᠷᠭᠦᠮᠵᠢᠯᠡᠵᠦᠬᠦᠢ》 ᠬᠡᠮᠡᠭᠰᠡᠨ ᠢ᠋ ᠰᠢᠨ ᠢ ᠬᠡᠮᠡᠭᠴᠢ ᠪᠢᠴᠢᠬᠠᠨ ᠲᠦᠰᠢᠮᠡᠯ ᠶᠠᠩ ᠵᠢᠦᠢ ᠶᠤᠸᠠᠨ ᠯᠤᠭ᠎ᠠ ᠨᠠᠢᠵᠠ ᠦᠭᠡᠢ ᠲᠤᠯᠠ ᠠᠯᠪᠠᠨ ᠤ᠋ ᠴᠢᠭᠤᠯᠭᠠᠨ᠎ᠠ ᠬᠤᠷᠠᠯᠳᠤᠵᠤ᠂ ᠡᠨᠡ ᠦᠭᠡ ᠶ᠋ᠢ ᠠᠨ ᠪᠢᠩ ᠳ᠋ᠦ᠍ᠷ ᠮᠡᠳᠡᠭᠦᠯᠦᠭᠡᠳ ᠪᠠᠰᠠ:
《ᠶᠠᠩ ᠵᠢᠦᠢ ᠶᠤᠸᠠᠨ ᠤᠷᠪᠠᠵᠤ ᠰᠠᠮᠠᠭᠤᠷᠠᠭᠤᠯᠰᠤᠭᠠᠢ ᠭᠡᠮᠡᠨ ᠰᠡᠳᠬᠢᠮᠦᠢ》 ᠬᠡᠮᠡᠭᠰᠡᠨ ᠳ᠋ᠦ᠍ᠷ ᠠᠨ ᠪᠢᠩ ᠦ᠋ᠨ ᠰᠡᠵᠢᠭᠯᠡᠬᠦ ᠯᠦ᠍ᠭᠡ ᠨᠡᠢᠴᠡᠵᠦ᠂ ᠶᠠᠩ ᠵᠢᠦᠢ ᠶᠤᠸᠠᠨ ᠢ᠋ ᠠᠷᠢᠯᠭᠠᠬᠤ ᠠᠷᠭ᠎ᠠ ᠶ᠋ᠢ ᠪᠡᠯᠡᠳᠬᠡᠨ᠄
《ᠠᠯᠲᠠᠨ ᠤᠯᠤᠰ ᠤ᠋ᠨ ᠹᠧᠩ ᠵᠧᠦ ᠶ᠋ᠢ ᠪᠠᠢᠯᠳᠤᠬᠤᠢ ᠳ᠋ᠤᠷ ᠶᠠᠩ ᠵᠢᠦᠢ ᠶᠤᠸᠠᠨ ᠨᠢᠭᠤᠴᠠ ᠪᠠᠷ ᠬᠥᠮᠦᠨ ᠵᠠᠷᠤᠵᠤ ᠠᠯᠲᠠᠨ ᠤᠯᠤᠰ ᠯᠤᠭ᠎ᠠ ᠰᠦᠯᠪᠡᠭᠡᠯᠡᠭᠰᠡᠨ ᠢ᠋ᠶ᠋ᠡᠷ ᠳᠡ ᠰᠠᠨ ᠭᠤᠸᠠᠨ ᠪᠣᠭᠣᠮᠲᠠ ᠳᠠᠬᠢᠨ ᠠᠪᠲᠠᠪᠠ᠂ ᠲᠡᠷᠡ ᠤᠳᠠᠭ᠎ᠠ ᠭᠠᠭᠴᠠ ᠴᠠᠩ ᠴᠢᠶᠣᠤ — ᠤᠷᠲᠤ ᠬᠥᠭᠥᠷᠭᠡ ᠬᠦᠷᠲᠡᠯ᠎ᠡ ᠨᠡᠬᠡᠭᠡᠳ ᠡᠭᠡᠭᠰᠡᠨ ᠢᠨᠦ ᠢᠯᠡᠷᠬᠡᠢ ᠭᠡᠷᠡᠴᠢ ᠮᠥᠨ》ᠭᠡᠮᠡᠨ ᠰᠢᠩ ᠶᠤᠸᠠᠨ ᠰᠢᠶᠠᠨ ᠤ᠋ ᠳᠦ ᠲᠦᠩ ᡁᠢ ᠲᠦᠰᠢᠮᠡᠯ ᠹᠧᠩ ᠯᠦᠸᠧ ᠬᠡᠮᠡᠭᠴᠢ ᠳ᠋ᠦ᠍ᠷ ᠬᠦᠨᠳᠦ ᠬᠠᠬᠤᠤᠯᠢ ᠥᠭᠴᠦ᠂ ᠨᠢᠭᠤᠴᠠ ᠪᠠᠷ ᠰᠤᠷᠭᠠᠨ᠂ ᠶᠠᠩ ᠵᠢᠦᠢ ᠶᠤᠸᠠᠨ ᠢ᠋ ᠵᠠᠢ ᠭᠠᠷᠭᠠᠯ ᠦᠭᠡᠢ ᠪᠠᠷᠢᠭᠤᠯᠵᠤ ᠪᠠᠷᠢᠮᠲᠠᠯᠠᠨ᠂ ᠯᠠᠩ ᠵᠧᠦ ᠪᠠᠯᠭᠠᠰᠤᠨ ᠤ᠋ ᠭᠢᠨᠳᠠᠨ᠎ᠠ ᠬᠥᠷᠭᠡᠭᠦᠯᠦᠨ ᠬᠣᠷᠢᠭᠤᠯᠤᠭᠲᠤᠨ ᠭᠡᠮᠡᠨ ᠬᠦᠷᠭᠡᠨ ᠡᠴᠢᠬᠦᠶ᠎ᠡ ᠵᠠᠮ ᠤ᠋ᠨ ᠭᠣᠳᠣᠰ ᠲᠤᠷ ᠳᠠ ᠠᠨ ᠵᠢᠶᠦ᠋ᠨ ᠦ᠌ ᠭᠠᠵᠠᠷ ᠤ᠋ᠨ ᠯᠦᠩ ᠸᠧᠢ ᠲᠠᠨ ᠬᠡᠮᠡᠬᠦ ᠲᠠᠯᠠᠪᠤᠷ ᠲᠤᠷ ᠬᠦᠷᠲᠡᠯ᠎ᠡ ᠠᠨ ᠪᠢᠩ ᠦ᠋ᠨ ᠰᠡᠮᠡᠬᠡᠷ ᠵᠠᠷᠤᠭᠰᠠᠨ ᠵᠠᠩᠵᠤᠨ ᠹᠠᠨ ᠱᠢ ᠰᠢᠶᠠᠨ ᠭᠦᠢᠴᠡᠨ ᠢᠷᠡᠵᠦ᠂ ᠶᠠᠩ ᠵᠢᠦᠢ ᠶᠤᠸᠠᠨ ᠢ᠋ ᠦᠭᠡ ᠦᠭᠡᠢ ᠬᠠᠳᠬᠤᠨ ᠠᠯᠠᠵᠤ᠂ ᠪᠡᠶ᠎ᠡ ᠪᠡᠨ ᠠᠯᠲᠠᠨ ᠤᠯᠤᠰ ᠤ᠋ᠨ ᠴᠡᠷᠢᠭ ᠬᠡᠮᠡᠪᠡ᠃ ᠡᠨᠡ ᠨᠢᠭᠡᠨ ᠬᠡᠷᠡᠭ ᠮᠠᠰᠢ ᠬᠢᠯᠢᠰ ᠪᠥᠭᠡᠳ ᠬᠠᠷᠠᠩᠭᠤᠢ ᠳ᠋ᠤᠷ ᠪᠠᠬᠠᠨ ᠰᠢᠳᠤᠷᠭᠤ ᠵᠢᠷᠤᠮ ᠪᠦᠬᠦᠢ ᠪᠢᠴᠢᠭ ᠦ᠋ᠨ ᠠᠷᠠᠳ ᠰᠣᠨᠣᠰᠤᠭᠰᠠᠨ ᠪᠦᠬᠦᠨ ᠢ᠋ᠶ᠋ᠡᠷ ᠨᠢᠳᠦᠨ ᠦ᠌ ᠨᠢᠯᠪᠤᠰᠤᠨ ᠡᠰᠡ ᠤᠨᠠᠭᠠᠭᠰᠠᠨ ᠢ᠋ᠶ᠋ᠠᠷ ᠠᠨᠤ ᠦᠭᠡᠢ᠃ ᠴᠢᠪ ᠴᠢᠬᠡ ᠡᠤ ᠰᠢ ᠶ᠋ᠢ ᠰᠠᠶᠢ ᠠᠷᠢᠯᠭᠠᠬᠤ ᠶ᠋ᠢ ᠵᠥᠪᠳᠡᠬᠦᠶ᠎ᠡ ᠬᠡᠯᠡᠯᠴᠡᠭᠰᠡᠨ 《ᠡᠤ ᠰᠢ ᠶ᠋ᠢ ᠡᠳᠦᠭᠡ ᠠᠷᠢᠯᠭᠠᠪᠠᠴᠤ᠂ ᠳᠠᠷᠠᠭ᠎ᠠ ᠪᠠᠷ ᠪᠠᠰᠠ ᠡᠤ ᠰᠢ ᠮᠡᠲᠦ ᠬᠤᠯᠠᠭᠠᠢ ᠳᠣᠣᠷ᠎ᠠ ᠠ᠋ᠴᠠ ᠠᠨᠤ ᠵᠠᠯᠭᠠᠮᠵᠢᠯᠠᠨ ᠭᠠᠷᠴᠤ ᠢᠷᠡᠬᠦ ᠶ᠋ᠢ ᠰᠠᠢᠲᠤᠷ ᠪᠡᠯᠡᠳᠬᠡᠲᠦᠭᠡᠢ᠃ ᠲᠡᠢᠨ ᠬᠦ᠌ ᠤᠷᠢᠳᠠ ᠥᠪᠡᠷ ᠥᠪᠡᠷ ᠦ᠋ᠨ ᠪᠡᠶ᠎ᠡ ᠪᠡᠶᠡᠰ ᠢ᠋ᠶ᠋ᠡᠷ ᠰᠠᠢᠲᠤᠷ ᠡᠷᠭᠢᠴᠡᠭᠦᠯᠦᠨ ᠰᠢᠨᠵᠢᠭᠳᠡᠬᠦᠢ》ᠬᠡᠮᠡᠭᠰᠡᠨ ᠦᠭᠡᠰ ᠢ᠋ᠶ᠋ᠡᠷ ᠬᠦᠷᠴᠦ ᠢᠷᠡᠭᠰᠡᠨ ᠪᠣᠯᠠᠢ᠃ ᠠᠨ ᠪᠢᠩ ᠦ᠋ᠨ ᠡᠨᠡ ᠨᠢᠭᠡᠨ ᠬᠡᠷᠡᠭ ᠢ᠋ᠶ᠋ᠡᠷ ᠤᠷᠢᠳᠠ ᠶ᠋ᠢᠨ ᠶᠠᠯ᠎ᠠ ᠨᠡᠢᠲᠡ ᠪᠡᠷ ᠢᠯᠡᠷᠡᠨ ᠭᠠᠷᠴᠤ ᠢᠷᠡᠪᠡᠢ᠃ ᠡᠨᠡ ᠢᠨᠦ ᠵᠢᠷᠭᠤᠭᠠᠨ ᠰᠠᠷ᠎ᠠ ᠶ᠋ᠢᠨ ᠬᠡᠷᠡᠭ᠃ ᠳᠣᠯᠣᠭᠠᠨ ᠰᠡᠷᠡᠳᠡ᠂ ᠰᠥᠩ ᠤᠯᠤᠰ ᠲᠤᠷ ᠶᠡᠬᠡᠯ᠎ᠡ ᠭᠠᠩᠳᠠᠨ ᠬᠠᠲᠠᠵᠤ᠂ ᠪᠠᠰᠠ ᠨᠢᠭᠦᠯᠲᠦ ᠴᠠᠷᠴᠠᠬᠠᠢ ᠶᠡᠬᠡᠳᠡ ᠳᠡᠭᠳᠡᠵᠦ ᠨᠢᠭᠡᠨᠲᠡ ᠨᠢᠰᠪᠡᠰᠦ ᠲᠩᠷᠢ ᠶ᠋ᠢ ᠬᠠᠯᠬᠠᠯᠠᠨ ᠭᠠᠵᠠᠷ ᠲᠤᠷ ᠰᠠᠭᠤᠪᠠᠰᠤ ᠬᠥᠰᠡᠷ ᠢ᠋ ᠪᠦᠷᠬᠦᠭᠡᠳ ᠵᠧ ᠵᠢᠶᠠᠩ ᠮᠥᠷᠡᠨ ᠦ᠌ ᠪᠠᠷᠠᠭᠤᠨ ᠮᠣᠵᠢ ᠶ᠋ᠢᠨ ᠠᠮᠤ ᠪᠤᠷᠴᠠᠭ ᠢ᠋ ᠪᠠᠷᠠᠲᠠᠯ᠎ᠠ ᠢᠳᠡᠵᠦᠬᠦᠢ᠃ ᠲᠡᠢᠨ ᠬᠦ᠌ ᠣᠢᠷᠠᠯᠴᠠᠭ᠎ᠠ ᠵᠧᠦ ᠵᠢᠶᠦ᠋ᠨ ᠡᠴᠡ ᠠᠮᠤ ᠵᠥᠭᠡᠭᠡᠨ ᠲᠡᠩᠬᠡᠷᠡᠭᠦᠯ ᠭᠡᠮᠡᠨ ᠵᠠᠷᠯᠠᠪᠠ᠃ ᠡᠨᠡ ᠶᠡᠬᠡ ᠭᠠᠩ ᠬᠠᠪᠰᠠᠷᠭᠠᠨᠠ᠂ ᠲᠠᠩᠭᠤᠳ ᠤᠯᠤᠰ ᠤ᠋ᠨ ᠡᠮᠦᠨᠡᠲᠦ ᠬᠢᠵᠠᠭᠠᠷ ᠲᠤᠷ ᠲᠠᠪᠤᠨ ᠰᠠᠷ᠎ᠠ ᠪᠣᠯᠲᠠᠯ᠎ᠠ ᠪᠣᠷᠣᠭᠠᠨ ᠦᠭᠡᠢ᠂ ᠢᠦᠢ ᠵᠧᠦ᠂ ᠵᠢᠩ ᠵᠧᠦ ᠶ᠋ᠢᠨ ᠵᠠᠭᠤᠨ ᠣᠪᠣᠭᠲᠠᠨ ᠢᠷᠭᠡᠳ ᠶᠡᠬᠡᠯ᠎ᠡ ᠭᠠᠰᠠᠯᠠᠯᠲᠤᠨ ᠰᠦᠷᠦᠭ ᠰᠦᠷᠦᠭ ᠢ᠋ᠶ᠋ᠡᠷ ᠪᠤᠷᠭᠠᠰᠤᠨ ᠮᠣᠳᠣᠨ ᠤ᠋ ᠮᠠᠯᠠᠭ᠎ᠠ ᠡᠮᠦᠰᠦᠯᠴᠡᠨ ᠯᠤᠤᠰ ᠤ᠋ᠨ ᠬᠠᠭᠠᠨ ᠤ᠋ ᠰᠢᠪᠡᠷ ᠬᠥᠷᠥᠭ ᠢ᠋ ᠳᠠᠮᠨᠠᠨ ᠭᠠᠢ ᠵᠡᠭᠡᠯᠢ ᠶ᠋ᠢ ᠲᠣᠭᠣᠷᠢᠨ ᠰᠦᠮ᠎ᠡ ᠪᠦᠷᠢ ᠶ᠋ᠢᠨ ᠡᠮᠦᠨ᠎ᠡ ᠵᠠᠭᠤᠨ ᠮᠢᠩᠭᠠᠨ ᠢ᠋ᠶ᠋ᠠᠷ ᠰᠥᠭᠦᠳᠦᠯᠴᠡᠨ ᠭᠠᠰᠢᠭᠤᠳᠠᠯᠴᠠᠨ ᠤᠬᠢᠯᠠᠯᠴᠠᠨ ᠮᠦᠷᠭᠦᠯᠬᠢᠯᠡᠨ ᠦᠢᠮᠡᠯᠳᠦᠬᠦᠢ ᠶ᠋ᠢ ᠮᠣᠩᠭᠣᠯ ᠤᠯᠤᠰ ᠤ᠋ᠨ ᠴᠢᠩᠭᠢᠰ ᠬᠠᠭᠠᠨ ᠠᠢᠯᠠᠳᠴᠤ ᠦᠵᠡᠭᠡᠳ᠂ ᠣᠯᠠᠨ ᠵᠠᠭᠤᠨ ᠣᠪᠣᠭ ᠤ᠋ᠨ ᠲᠠᠷᠢᠶᠠᠯᠠᠩ ᠤ᠋ᠨ ᠰᠢᠳᠤᠷᠭᠤ ᠨᠣᠮᠣᠬᠠᠨ ᠬᠥᠭᠡᠷᠦᠬᠦᠢᠯᠡᠯᠲᠡᠢ ᠬᠢᠲᠠᠳ ᠢᠷᠭᠡᠳ ᠲᠣᠷ ᠬᠡᠲᠦᠷᠬᠡᠶ᠎ᠡ ᠦᠷᠦ ᠡᠪᠡᠳᠴᠦ᠂ ᠴᠠᠪ ᠵᠣᠭᠣᠭ ᠤ᠋ᠨ ᠮᠠᠯ ᠠᠯᠠᠰᠢ ᠶ᠋ᠢ ᠴᠥᠮ ᠴᠠᠭᠠᠵᠠᠯᠠᠨ ᠵᠣᠭᠰᠣᠭᠠᠵᠤ᠂ ᠲᠠᠪᠤᠨ ᠰᠠᠷ᠎ᠠ ᠶ᠋ᠢᠨ ᠠᠷᠪᠠᠨ ᠬᠣᠶᠠᠷ ᠤ᠋ᠨ ᠡᠳᠦᠷ᠎ᠡ ᠨᠢᠭᠡᠨ ᠡᠳᠦᠷ ᠴᠠᠪ ᠵᠣᠭᠣᠭᠯᠠᠭᠰᠠᠨ ᠦᠭᠡᠢ ᠳ᠋ᠦ᠍ᠷ ᠮᠣᠩᠭᠣᠯ ᠤ᠋ᠨ ᠲᠥᠷᠥ ᠶ᠋ᠢᠨ ᠮᠣᠩᠭᠣᠯ ᠢᠷᠭᠡᠨ ᠵᠠᠭᠤᠨ ᠲᠦᠰᠢᠮᠡᠳ ᠶᠡᠬᠡᠯ᠎ᠡ ᠠᠶᠤᠯᠳᠤᠨ᠂ ᠪᠦᠭᠦᠳᠡᠭᠡᠷ ᠵᠥᠪᠯᠡᠯᠳᠦᠨ᠂ ᠳ᠋ᠠᠳᠠᠳᠤᠩᠭ᠎ᠠ᠂ ᠢᠯᠠᠭᠤᠭᠰᠠᠨ ᠲᠠᠨ᠂ ᠡᠮᠦᠨᠡᠲᠦ ᠭᠠᠵᠠᠷ ᠤ᠋ᠨ ᠪᠣᠷᠣᠭᠠᠨ ᠬᠤᠷ᠎ᠠ ᠭᠤᠶᠤᠬᠤᠢ ᠶ᠋ᠢᠨ ᠤᠴᠢᠷ ᠢ ᠠᠢᠯᠠᠳᠬᠠᠨ ᠲᠡᠭᠷᠢ ᠳ᠋ᠦ᠍ᠷ ᠪᠢᠴᠢᠭ ᠠᠢᠯᠠᠳᠬᠠᠨ ᠲᠠᠮᠠᠭ᠎ᠠ ᠳᠠᠷᠤᠵᠤ᠂ ᠰᠢ ᠵᠢᠩ ᠵᠧᠦ ᠪᠠᠯᠭᠠᠰᠤᠨ ᠤ᠋ ᠬᠣᠲᠠ ᠶ᠋ᠢᠨ ᠬᠦᠢᠰᠦᠨ ᠦ᠌ ᠠᠰᠠᠷᠠ ᠠᠪᠠᠷᠢᠵᠤ᠂ ᠮᠣᠩᠭᠣᠯ ᠤ᠋ᠨ ᠴᠢᠩᠭᠢᠰ ᠬᠠᠭᠠᠨ ᠴᠢᠬᠡ ᠡᠮᠦᠨᠡᠰᠢ ᠬᠠᠨᠳᠤᠨ ᠰᠧ ᠴᠤᠸᠠᠨ ᠮᠣᠵᠢ ᠶ᠋ᠢᠨ ᠱᠠᠩ ᠯᠢᠩ ᠬᠡᠮᠡᠬᠦ ᠳᠠᠪᠠᠭᠠᠨ ᠤ᠋ ᠵᠦᠭ ᠰᠥᠭᠥᠳᠴᠦ᠂ ᠲᠠᠪᠤᠨ ᠰᠠᠷ᠎ᠠ ᠶ᠋ᠢᠨ ᠠᠷᠪᠠᠨ ᠭᠤᠷᠪᠠᠨ ᠤ᠋ ᠦᠷ᠎ᠡ ᠶ᠋ᠢᠨ ᠬᠢᠷᠠᠭ᠎ᠠ ᠳ᠋ᠤᠷ ᠬᠦᠵᠢ ᠵᠤᠯᠠ ᠡᠷᠭᠦᠵᠦ᠂ ᠬᠠᠭᠠᠨ ᠡᠵᠡᠨ ᠲᠡᠷᠢᠭᠦᠯᠡᠨ ᠬᠠᠮᠤᠭ ᠰᠤᠯᠠ ᠢᠷᠭᠡᠳ ᠲᠣᠷ ᠬᠦᠷᠲᠡᠯ᠎ᠡ ᠴᠥᠮ ᠡᠮᠦᠨᠡᠰᠢ ᠬᠠᠨᠳᠤᠨ ᠰᠥᠭᠥᠳᠴᠦ ᠬᠠᠭᠠᠨ ᠡᠵᠡᠨ ᠬᠠᠰ ᠵᠠᠷᠯᠢᠭ ᠢ᠋ᠶ᠋ᠠᠷ ᠥᠨᠳᠥᠷ ᠳᠠᠭᠤᠨ ᠢ᠋ᠶ᠋ᠠᠷ ᠠᠢᠯᠠᠳᠬᠠᠨ ᠥᠭᠦᠯᠡᠷᠦᠨ :
《ᠳᠡᠭᠡᠳᠦ ᠲᠡᠭᠷᠢ ᠡᠴᠢᠭᠡ ᠶ᠋ᠢᠨ ᠪᠣᠱᠣᠭ ᠰᠠᠢᠳ ᠲᠡᠮᠦᠵᠢᠨ ᠪᠢ᠂ ᠲᠡᠭᠷᠢᠯᠢᠭ ᠡᠴᠢᠭᠡ ᠶ᠋ᠢᠨ ᠲᠡᠳᠬᠦᠮᠵᠢ ᠲᠤᠰᠠᠯᠠᠯ ᠢ᠋ᠶ᠋ᠠᠷ ᠲᠡᠷᠰ ᠢ᠋ ᠲᠡᠭᠰᠢᠳᠬᠡᠨ ᠡᠩ ᠲᠡᠷᠢᠭᠦᠨ ᠡᠮᠦᠨ᠎ᠡ ᠵᠦᠭ ᠢᠷᠠᠪᠠᠰᠤ ᠲᠡᠭᠰᠢ ᠲᠠᠯ᠎ᠠ ᠶ᠋ᠢᠨ ᠡᠪᠡᠰᠦ ᠴᠥᠮ ᠬᠠᠳᠠᠲᠠᠯ᠎ᠠ ᠭᠠᠩᠳᠠᠭᠠᠳ᠂ ᠵᠠᠭᠤᠨ ᠣᠪᠣᠭᠲᠠᠨ ᠲᠡᠰᠬᠡᠯ ᠦᠭᠡᠢ ᠶᠡᠬᠡᠳᠡ ᠭᠠᠰᠠᠯᠠᠯᠳᠤᠮᠤᠢ᠃ ᠲᠡᠭᠦᠰ ᠲᠠᠰᠤᠷᠬᠠᠢ᠂ ᠵᠣᠷᠢᠭ ᠵᠢᠷᠤᠮᠲᠤ ᠶᠡᠬᠡ ᠭᠤᠸᠠᠨ ᠪᠣᠭᠳᠠ ᠲᠡᠩᠬᠡᠭᠡ ᠦᠭᠡᠢ ᠶᠠᠳᠠᠭᠤ ᠢᠷᠭᠡᠳ ᠢ᠋ ᠮᠢᠨᠦ ᠡᠨᠡᠷᠢᠨ ᠨᠢᠭᠦᠯᠡᠰᠴᠦ᠂ ᠲᠡᠮᠳᠡᠭ ᠪᠡᠯᠭᠡᠲᠦ ᠶᠡᠬᠡ ᠪᠣᠷᠣᠭᠠᠨ ᠬᠤᠷ᠎ᠠ ᠣᠷᠣᠭᠤᠯᠤᠨ ᠬᠠᠢᠷᠠᠯᠠᠵᠤ᠂ ᠲᠡᠰᠳᠡᠰᠢ ᠦᠭᠡᠢ ᠲᠦᠭ ᠲᠦᠮᠡᠨ ᠢ᠋ ᠦᠳᠲᠡᠷ ᠲᠥᠷᠭᠡᠨ᠎ᠡ ᠲᠡᠩᠬᠡᠷᠡᠭᠦᠯᠦᠮᠦ 》ᠭᠡᠮᠡᠨ ᠠᠰᠠᠷ ᠢ᠋ ᠬᠦᠩᠭᠢᠨᠡᠲᠡᠯ᠎ᠡ ᠨᠠᠮᠠᠨᠴᠢᠯᠠᠨ ᠳᠠᠭᠤᠳᠠᠭᠰᠠᠨ ᠮᠣᠩᠭᠣᠯ ᠦᠭᠡᠰ ᠢ᠋ ᠡᠰᠡ ᠮᠡᠳᠡᠪᠡᠴᠦ᠂ ᠳᠠᠭᠤᠨ ᠤ᠋ ᠠᠶᠠᠯᠭᠤ ᠶ᠋ᠢ ᠡᠮᠦᠨᠡᠰᠢ ᠬᠠᠨᠳᠤᠨ ᠰᠥᠭᠥᠳᠦᠭᠰᠡᠨ ᠳᠥᠷᠪᠡᠨ ᠵᠡᠭᠡᠯᠢ ᠶ᠋ᠢᠨ ᠲᠦᠭ ᠲᠦᠮᠡᠨ ᠬᠢᠲᠠᠳ ᠢᠷᠭᠡᠳ ᠠᠶᠤᠩᠭ᠎ᠠ ᠶ᠋ᠢᠨ ᠳᠠᠭᠤᠨ ᠮᠡᠲᠦ ᠴᠥᠮ ᠢ᠋ᠶ᠋ᠡᠷ ᠣᠯᠵᠤ ᠰᠣᠨᠣᠰᠤᠯᠴᠠᠭᠠᠳ᠂ ᠦᠭᠡᠰ ᠢ᠋ ᠦᠯᠦ ᠮᠡᠳᠡᠪᠡᠴᠦ᠂ ᠳᠠᠭᠤᠨ ᠡᠬᠡᠰᠢᠭ ᠢ᠋ ᠰᠣᠨᠣᠰᠤᠭᠰᠠᠨ ᠲᠡᠳᠦᠢᠬᠡᠨ ᠢ᠋ᠶ᠋ᠡᠷ ᠴᠥᠮ ᠰᠡᠳᠬᠢᠯ ᠢᠭᠲᠦᠯᠦᠨ᠂ ᠵᠢᠷᠦᠬᠡ ᠳᠣᠯᠭᠢᠰᠤᠨ ᠬᠠᠪᠠᠷ ᠪᠣᠷᠭᠢᠷᠠᠯᠴᠠᠨ᠂ ᠨᠢᠳᠦᠨ ᠳ᠋ᠦ᠍ᠷ ᠨᠢᠯᠪᠤᠰᠤᠨ ᠬᠤᠷᠠᠯᠴᠠᠵᠤ᠂ ᠰᠠᠶᠢ ᠳᠥᠷᠪᠡᠨ ᠵᠡᠭᠡᠯᠢ ᠨᠠᠢ᠍ᠮᠠᠨ ᠠᠭᠤᠯᠵᠠᠭᠤᠷ ᠲᠤᠷ ᠢᠷᠭᠡᠨ ᠰᠠᠢᠳ ᠤ᠋ᠳ ᠢᠷᠭᠡᠨ ᠦᠰᠦᠭ ᠦ᠋ᠨ ᠬᠠᠭᠠᠨ ᠤ᠋ ᠲᠡᠭᠷᠢ ᠳ᠋ᠦ᠍ᠷ ᠠᠢᠯᠠᠳᠬᠠᠵᠤ ᠪᠢᠴᠢᠭᠰᠡᠨ ᠪᠣᠳᠣᠷᠣᠣᠯ ᠤ᠋ᠨ ᠪᠢᠶᠣᠤ ᠪᠢᠴᠢᠭ ᠪᠠ ᠠᠯᠲᠠᠨ ᠠᠮᠠᠨ ᠢ᠋ᠶ᠋ᠠᠷ ᠠᠢᠯᠠᠳᠬᠠᠨ ᠥᠴᠢᠭᠰᠡᠨ ᠦᠭᠡᠰ ᠢ᠋ ᠬᠢᠲᠠᠳ ᠢᠷᠭᠡᠨ ᠬᠡᠯᠡᠨ ᠦ᠌ ᠦᠰᠦᠭ ᠢ᠋ᠶ᠋ᠡᠷ ᠪᠢᠴᠢᠵᠦ᠂ ᠨᠠᠢ᠍ᠮᠠᠨ ᠬᠤᠪᠢ ᠪᠠᠷ ᠤᠩᠰᠢᠨ ᠳᠠᠭᠤᠳᠠᠨ ᠣᠯᠠᠨ ᠳ᠋ᠤᠷ ᠰᠣᠨᠣᠰᠬᠠᠵᠤ᠂ ᠰᠠᠶᠢ ᠬᠣᠷᠢᠶᠠᠨ ᠠᠴᠢᠷᠠᠵᠤ᠂ ᠬᠠᠭᠠᠨ ᠤ᠋ ᠬᠠᠰ ᠲᠠᠮᠠᠭ᠎ᠠ ᠳᠠᠷᠤᠭᠰᠠᠨ ᠰᠢᠷ᠎ᠠ ᠯᠤᠤᠲᠤ ᠲᠣᠷᠭ᠎ᠠ ᠳ᠋ᠤᠷ ᠪᠢᠴᠢᠭᠰᠡᠨ ᠪᠢᠶᠣᠤ ᠪᠢᠴᠢᠭ ᠯᠦ᠍ᠭᠡ ᠬᠠᠭᠠᠨ ᠤ᠋ ᠮᠣᠳᠣᠷ ᠢ᠋ᠶ᠋ᠠᠷ ᠵᠠᠭᠤᠨ ᠣᠪᠣᠭᠲᠠᠨ ᠤ᠋ ᠲᠥᠯᠥᠭᠡ᠂ ᠭᠠᠯ ᠳ᠋ᠤᠷ ᠡᠷᠭᠦᠨ ᠬᠤᠢᠬᠠᠯᠠᠵᠤ᠂ ᠳᠡᠭᠡᠷ᠎ᠡ ᠰᠠᠶᠢ ᠵᠠᠭᠤᠨ ᠴᠡᠴᠡᠭ ᠦ᠋ᠨ ᠵᠢᠷᠦᠬᠡ ᠪᠠᠯ᠂ ᠵᠠᠭᠤᠨ ᠵᠢᠮᠢᠰ ᠦ᠋ᠨ ᠵᠢᠷᠦᠬᠡ ᠪᠤᠷᠠᠮ᠂ ᠵᠠᠭᠤᠨ ᠡᠪᠡᠰᠦᠨ ᠦ᠌ ᠵᠢᠷᠦᠬᠡ ᠰᠢᠷ᠎ᠠ ᠲᠣᠰᠣ᠂ ᠵᠠᠭᠤᠨ ᠠᠮᠤᠳ ᠤ᠋ᠨ ᠵᠢᠷᠦᠬᠡ ᠬᠠᠷ᠎ᠠ ᠠᠷᠢᠬᠢ᠂ ᠳᠥᠷᠪᠡᠨ ᠵᠢᠷᠦᠬᠡ ᠶ᠋ᠢᠨ ᠠᠯᠲᠠᠨ ᠠᠶᠠᠭ᠎ᠠ ᠶ᠋ᠢᠨ ᠲᠠᠬᠢᠯ ᠢ ᠴᠢᠩᠭᠢᠰ ᠬᠠᠭᠠᠨ ᠴᠥᠮ ᠥᠪᠡᠷᠦᠨ ᠮᠣᠳᠣᠷ ᠢ᠋ᠶ᠋ᠠᠷ ᠡᠷᠭᠦᠨ ᠬᠤᠢᠬᠠᠯᠠᠵᠤ᠂ ᠳᠠᠬᠢᠭᠠᠳ ᠭᠤᠸᠠᠨ ᠪᠣᠭᠳᠠ ᠶ᠋ᠢᠨ ᠴᠡᠷᠢᠭ ᠦ᠋ᠨ ᠲᠠᠬᠢᠯ ᠢ᠋ ᠪᠣᠳᠠᠲᠠᠶ᠎ᠠ ᠴᠡᠷᠢᠭ ᠦ᠋ᠨ ᠵᠠᠷ ᠵᠡᠪᠰᠡᠭ᠂ ᠬᠥᠮᠦᠨ ᠮᠣᠷᠢ᠂ ᠬᠡᠩᠭᠡᠷᠭᠡ ᠪᠦᠷᠢᠶ᠎ᠡ᠂ ᠫᠤᠤ ᠬᠥᠭᠵᠢᠮ ᠢ᠋ᠶ᠋ᠡᠷ ᠳᠠᠬᠢᠵᠤ ᠪᠠᠷᠠᠲᠠᠯ᠎ᠠ᠂ ᠬᠢᠪ ᠭᠢᠯᠪᠠᠢᠮᠠ ᠬᠣᠭᠣᠰᠣᠨ ᠣᠭᠲᠠᠷᠭᠤᠢ ᠳ᠋ᠤᠷ ᠭᠡᠨᠡᠳᠲᠡ ᠤᠯᠠᠭᠠᠨ ᠨᠠᠷᠠᠨ ᠮᠠᠨᠳᠤᠨ ᠭᠠᠷᠴᠤ᠂ ᠲᠦᠮᠡᠨ ᠪᠠᠷ᠎ᠠ ᠶ᠋ᠢᠨ ᠭᠠᠵᠠᠷ ᠲᠣᠮ ᠴᠠᠬᠢᠭᠤᠷ ᠤ᠋ᠨ ᠲᠡᠳᠦᠢ ᠡᠭᠦᠯᠡ ᠦᠭᠡᠢ᠂ ᠨᠠᠷᠠᠨ ᠤ᠋ ᠭᠡᠷᠡᠯ ᠳᠡᠯᠡᠬᠡᠢ ᠳ᠋ᠦ᠍ᠷ ᠳᠦᠭᠦᠷᠴᠦ᠂ ᠬᠠᠭᠠᠨ ᠡᠵᠡᠨ ᠡᠮᠦᠨᠡᠰᠢ ᠬᠠᠨᠳᠤᠨ ᠰᠥᠭᠥᠳᠴᠦ 《ᠲᠡᠭᠷᠢ ᠡᠴᠢᠭᠡ᠂ ᠭᠤᠸᠠᠨ ᠪᠣᠭᠳᠠ 》ᠭᠡᠮᠡᠨ ᠥᠨᠳᠥᠷ ᠳᠠᠭᠤᠨ ᠢ᠋ᠶ᠋ᠠᠷ ᠭᠤᠷᠪᠠᠨ ᠵᠡᠷᠭᠡ ᠳᠠᠭᠤᠳᠠᠨ᠂ ᠶᠢᠰᠦᠨ ᠵᠡᠷᠭᠡ ᠮᠥᠷᠭᠥᠲᠡᠯ᠎ᠡ᠂ ᠡᠮᠦᠨᠡᠲᠦ ᠬᠠᠲᠤᠨ ᠮᠥᠷᠡᠨ ᠦ᠌ ᠰᠠᠯᠪᠤᠷᠢ᠂ ᠵᠢᠩ ᠾᠧ ᠭᠣᠣᠯ ᠤ᠋ᠨ ᠬᠥᠪᠡᠭᠡ ᠶ᠋ᠢᠨ ᠲᠠᠯᠠᠪᠤᠷ ᠠ᠋ᠴᠠ ᠴᠠᠭᠠᠨ ᠮᠠᠨᠠᠨ ᠳᠡᠭᠳᠡᠵᠦ᠂ ᠭᠠᠵᠠᠷ ᠤ᠋ᠨ ᠬᠥᠷᠥᠰᠥ ᠯᠦ᠍ᠭᠡ ᠦᠷᠭᠦᠯᠵᠢᠯᠡᠨ ᠴᠠᠭ ᠭᠱᠠᠨ ᠤ᠋ ᠳᠣᠲᠣᠷ᠎ᠠ ᠡᠮᠦᠨ᠎ᠡ ᠡᠴᠡ ᠬᠣᠢᠲᠤ ᠵᠦᠭ ᠰᠠᠯᠬᠢᠨ ᠦᠯᠢᠶᠡᠨ ᠬᠠᠷ᠎ᠠ ᠡᠭᠦᠯᠡ ᠤᠷᠪᠠᠯᠬᠢᠯᠠᠵᠤ᠂ ᠪᠠᠷᠠᠭᠤᠨ ᠬᠣᠢᠲᠤ ᠣᠭᠲᠠᠷᠭᠤᠢ ᠠ᠋ᠴᠠ ᠠᠶᠤᠭ᠌ᠭᠠ ᠶ᠋ᠢᠨ ᠬᠦᠷᠬᠢᠷᠡᠯ ᠰᠣᠨᠣᠰᠳᠠᠮᠠᠭᠴᠠ᠂ ᠲᠡᠳᠡᠭᠡᠷ ᠬᠠᠷ᠎ᠠ ᠡᠭᠦᠯᠡ ᠶ᠋ᠢ ᠡᠮᠦᠨ᠎ᠡ ᠰᠠᠯᠬᠢᠨ ᠨᠢᠭᠡᠨᠲᠡ ᠦᠯᠢᠶᠡᠨ ᠳᠡᠯᠭᠡᠮᠡᠭᠴᠡ᠂ ᠬᠣᠶᠠᠷ ᠡᠲᠡᠭᠡᠳ ᠡᠴᠡ ᠬᠠᠪᠰᠤᠨ᠂ ᠪᠣᠷᠣᠭᠠᠨ ᠤ᠋ ᠶᠡᠬᠡ ᠳᠤᠰᠤᠯ ᠲᠢᠰ ᠳᠡᠰ ᠱᠠᠭᠢᠨ ᠬᠦᠷᠴᠦ ᠢᠷᠡᠭᠡᠳ᠂ ᠬᠤᠪᠢᠯᠭᠠᠨ ᠭᠠᠢᠬᠠᠮᠰᠢᠭ ᠤ᠋ᠨ ᠶᠡᠬᠡ ᠪᠣᠷᠣᠭᠠᠨ ᠮᠠᠰᠢᠳᠠ ᠰᠣᠨᠢᠨ ᠢ᠋ᠶ᠋ᠠᠷ ᠳᠥᠷᠪᠡᠨ ᠵᠦᠭ ᠡᠴᠡ ᠰᠣᠯᠢᠯᠴᠠᠨ ᠣᠷᠣᠯᠴᠠᠵᠤ ᠤᠳᠠᠭᠰᠠᠨ ᠦᠭᠡᠢ ᠳᠡᠭᠡᠷ᠎ᠡ ᠳᠣᠣᠷ᠎ᠠ ᠳᠥᠷᠪᠡᠨ ᠵᠦᠭ ᠤᠰᠤᠲᠤᠨ ᠲᠤᠨᠤᠷᠠᠵᠤ᠂ ᠰᠢᠭᠤᠳ ᠶᠡᠬᠡ ᠬᠤᠷ᠎ᠠ ᠪᠣᠯᠤᠨ ᠱᠣᠭᠰᠢᠨ ᠣᠷᠣᠭᠰᠠᠭᠠᠷ ᠠᠵᠢᠷᠭᠠᠨ ᠪᠣᠷᠣᠭᠠᠨ ᠪᠣᠯᠤᠭᠠᠳ᠂ ᠳᠠᠬᠢᠨ ᠨᠢᠭᠡᠨᠲᠡ ᠶᠡᠬᠡᠳᠡ ᠠᠶᠤᠩᠭᠠᠯᠠᠮᠠᠭᠴᠠ᠂ ᠬᠠᠷ᠎ᠠ ᠡᠭᠦᠯᠡ ᠤᠮᠠᠷ᠎ᠠ ᠵᠦᠭ ᠲᠦᠮᠡᠨ ᠪᠠᠷ᠎ᠠ ᠶ᠋ᠢᠨ ᠭᠠᠵᠠᠷ ᠳᠡᠯᠭᠡᠵᠦ ᠦᠵᠦᠭᠦᠷ ᠦᠭᠡᠢ ᠪᠣᠯᠤᠨ᠂ ᠶᠡᠬᠡ ᠬᠤᠷ᠎ᠠ ᠯᠤᠤ ᠴᠠᠭ ᠠ᠋ᠴᠠ ᠵᠡᠭᠡᠯᠢ ᠳ᠋ᠦ᠍ᠷ ᠤᠰᠤ ᠲᠤᠨᠲᠠᠯᠠ ᠣᠷᠣᠬᠤᠢ ᠳ᠋ᠤᠷ ᠵᠠᠭᠤᠨ ᠣᠪᠣᠭᠲᠠᠨ ᠳᠤᠷᠠᠲᠠᠶ᠎ᠠ ᠪᠠᠶᠠᠰᠤᠯᠴᠠᠨ ᠬᠥᠭᠡᠷᠦᠯᠴᠡᠵᠦ᠂ ᠰᠥᠭᠥᠳᠦᠭᠰᠡᠨ ᠭᠠᠵᠠᠷ ᠠ᠋ᠴᠠ ᠪᠣᠰᠬᠤ ᠦᠭᠡᠢ᠂ ᠰᠢᠪᠠᠷ ᠤᠰᠤᠨ ᠤ᠋ ᠳᠣᠲᠣᠷ᠎ᠠ 《ᠵᠸᠨ ᠯᠦᠩ ᠲᠢᠶᠠᠨ ᠽᠢ 》 — ᠦᠨᠡᠨ ᠲᠡᠭᠷᠢ ᠶ᠋ᠢᠨ ᠦᠷ᠎ᠡ ᠭᠡᠮᠡᠨ ᠳᠠᠭᠤᠳᠠᠯᠴᠠᠨ ᠮᠥᠷᠭᠥᠬᠦ ᠳᠠᠭᠤᠨ ᠦᠢᠮᠡᠭᠡᠨ ᠳ᠋ᠦ᠍ᠷ ᠬᠤᠷ᠎ᠠ ᠯᠤᠭ᠎ᠠ ᠦᠷᠭᠦᠯᠵᠢᠯᠡᠴᠢᠯᠡᠨ ᠲᠦᠭ ᠲᠦᠮᠡᠨ ᠵᠠᠭᠤᠨ ᠣᠪᠣᠭᠲᠠᠨ ᠴᠥᠮ ᠬᠣᠲᠠ ᠶ᠋ᠢᠨ ᠬᠦᠢᠰᠦᠨ ᠦ᠌ ᠠᠰᠠᠷ ᠤ᠋ᠨ ᠵᠦᠭ ᠬᠠᠨᠳᠤᠯᠴᠠᠨ ᠵᠡᠭᠡᠯᠢ ᠶ᠋ᠢᠨ ᠭᠤᠯᠳᠤᠩ ᠤ᠋ᠨ ᠨᠢᠭᠡᠨ ᠲᠣᠬᠣᠢ ᠭᠦᠨ ᠣᠰᠤᠨ᠎ᠠ ᠰᠥᠭᠥᠳᠴᠦ᠂ ᠬᠠᠭᠠᠨ ᠲᠡᠳᠡ ᠨᠠᠷ ᠢ᠋ ᠭᠡᠷ ᠭᠡᠷ ᠲᠡᠭᠡᠨ ᠣᠷᠣᠵᠠᠭ᠎ᠠ ᠭᠡᠮᠡᠨ ᠬᠡᠳᠦᠨ ᠵᠡᠷᠭᠡ ᠵᠠᠷᠯᠠᠲᠠᠯᠠ ᠮᠥᠨ ᠬᠦ᠌ ᠬᠥᠳᠡᠯᠬᠦ ᠦᠭᠡᠢ᠂ ᠵᠠᠷᠢᠮ ᠠᠨᠤ ᠪᠢᠰᠢᠷᠡᠨ ᠰᠦᠰᠦᠭᠯᠡᠬᠦᠢ ᠳ᠋ᠡᠭᠡᠨ ᠬᠠᠷᠢᠨ ᠤᠬᠢᠯᠠᠯᠴᠠᠮᠤᠢ᠃ ᠡᠭᠦᠨ ᠡᠴᠡ ᠵᠠᠭᠤᠨ ᠲᠦᠰᠢᠮᠡᠳ ᠮᠥᠨ ᠠᠰᠠᠷ ᠤ᠋ᠨ ᠳᠡᠭᠡᠷ᠎ᠡ ᠡᠴᠡ ᠬᠠᠭᠠᠨ ᠡᠵᠡᠨ ᠳ᠋ᠦ᠍ᠷ ᠬᠤᠷᠢᠮ ᠢ᠋ ᠪᠠᠷᠢᠨ ᠮᠥᠷᠭᠥᠵᠦ᠂ ᠬᠠᠭᠠᠨ ᠡᠵᠡᠨ ᠴᠦ᠍ ᠡᠨᠡ ᠬᠤᠷ᠎ᠠ ᠶ᠋ᠢ ᠡᠨᠡ ᠮᠡᠲᠦ ᠰᠣᠨᠢᠨ ᠭᠠᠢᠬᠠᠮᠰᠢᠭ ᠢ᠋ᠶ᠋ᠠᠷ ᠡᠢᠮᠦ ᠲᠦᠷᠭᠡᠨ ᠣᠷᠣᠮᠤᠢ ᠭᠡᠮᠡᠨ ᠪᠠᠬᠠᠨ ᠴᠤ᠌ ᠰᠠᠨᠠᠭᠰᠠᠨ ᠦᠭᠡᠢ ᠳ᠋ᠦ᠍ᠷ ᠯᠤᠤ ᠮᠣᠭᠠᠢ ᠶ᠋ᠢᠨ ᠬᠣᠶᠠᠷᠬᠠᠨ ᠴᠠᠭ ᠤ᠋ᠨ ᠵᠠᠪᠰᠠᠷ᠎ᠠ ᠲᠦᠮᠡᠨ ᠪᠣᠳᠠᠰ ᠬᠠᠨᠲᠠᠯ᠎ᠠ᠂ ᠭᠣᠣᠯ ᠤᠰᠤ ᠤᠷᠤᠰᠲᠠᠯ᠎ᠠ ᠪᠣᠷᠣᠭᠠᠯᠠᠭᠰᠠᠨ ᠳ᠋ᠤᠷ ᠬᠠᠷᠠᠬᠠᠨ ᠨᠢᠳᠤᠨᠤᠨ ᠡᠪᠦᠯ ᠡᠴᠡ ᠨᠢᠭᠡᠨ ᠯᠠᠪᠰᠠᠭ ᠴᠠᠰᠤ ᠴᠤ᠌ ᠦᠵᠡᠭᠰᠡᠨ ᠦᠭᠡᠢ ᠪᠡᠷ ᠡᠨᠡ ᠵᠢᠯ ᠦ᠋ᠨ ᠲᠠᠪᠤᠨ ᠰᠠᠷ᠎ᠠ ᠶ᠋ᠢᠨ ᠠᠷᠪᠠᠨ ᠭᠤᠷᠪᠠᠨ ᠪᠣᠯᠤᠭᠰᠠᠨ᠎ᠠ ᠬᠠᠭᠠᠨ ᠡᠵᠡᠨ ᠴᠦ᠍ ᠶᠡᠬᠡᠳᠡ ᠪᠡᠶᠡᠰᠦᠨ᠂ ᠡᠮᠦᠨ᠎ᠡ ᠭᠠᠵᠠᠷ ᠤ᠋ᠨ ᠬᠠᠷ᠎ᠠ ᠠᠷᠢᠬᠢ ᠶ᠋ᠢ ᠭᠤᠷᠪᠠᠨ ᠴᠥᠭᠥᠴᠡ ᠵᠣᠭᠣᠭᠯᠠᠵᠤ᠂ ᠬᠦᠢᠰᠦᠨ ᠦ᠌ ᠠᠰᠠᠷ ᠠ᠋ᠴᠠ ᠳᠥᠷᠪᠡᠨ ᠵᠦᠭ ᠮᠣᠳᠣᠷ ᠢ᠋ᠶ᠋ᠠᠷ ᠰᠠᠴᠤᠯᠢ ᠡᠷᠭᠦᠵᠦ᠂ ᠡᠢᠨ ᠭᠡᠮᠡᠨ ᠳᠠᠭᠠᠳᠬᠠᠨ ᠵᠠᠷᠯᠢᠭ ᠪᠣᠯᠤᠷᠤᠨ :
ᠣᠭᠲᠠᠷᠭᠤᠢ ᠳᠦᠭᠦᠷᠡᠩ ᠡᠵᠡᠳ ᠰᠠᠬᠢᠭᠤᠯᠰᠤᠨ
ᠣᠷᠴᠢᠯᠠᠩ ᠢ᠋ᠶ᠋ᠠᠷ ᠰᠢᠲᠦᠯᠲᠡᠢ ᠭᠤᠸᠠᠨ ᠪᠣᠭᠳᠠ ᠲᠡᠭᠷᠢ᠃
ᠣᠯᠠᠨ ᠬᠠᠪᠴᠢᠭᠤᠷ ᠠ᠋ᠴᠠ ᠬᠠᠭᠠᠨ ᠡᠰᠡ ᠪᠣᠯᠤᠯᠤᠭ᠎ᠠ
ᠣᠯᠠᠨ ᠪᠦᠬᠦᠨ᠎ᠡ ᠳ᠋ᠦ᠍ᠷ ᠡᠭᠡᠯᠢᠲᠡᠢ ᠪᠣᠯᠪᠠᠰᠤ ᠡᠵᠡᠨ᠃
ᠣᠷᠣᠨ ᠭᠠᠵᠠᠷ ᠢ᠋ ᠤᠮᠳᠠᠯᠠᠨ ᠴᠢᠳᠠᠪᠠᠰᠤ ᠰᠠᠶᠢ ᠠᠪᠤᠷᠠᠯ
ᠣᠭᠣᠴᠢᠬᠤ ᠵᠠᠯᠭᠢᠬᠤ ᠶ᠋ᠢ ᠣᠯᠭᠠᠭᠤᠯᠤᠨ ᠲᠦᠰᠥᠭᠯᠡᠪᠡᠰᠦ ᠬᠠᠭᠠᠨ᠃
ᠣᠷᠴᠢᠨ ᠲᠣᠭᠣᠷᠢᠭᠰᠠᠨ ᠨᠠᠳᠤᠷ ᠬᠤᠪᠢ ᠠᠭᠴᠢᠳ ᠢ᠋ᠶ᠋ᠠᠷ
ᠣᠨᠳᠣᠷᠣᠯ ᠠᠮᠢᠳᠤᠷᠠᠯ ᠤ᠋ᠨ ᠬᠤᠷ᠎ᠠ ᠤᠰᠤᠨ ᠴᠡᠴᠡᠭᠯᠡᠲᠦᠭᠡᠢ᠃
ᠬᠡᠮᠡᠪᠡᠢ᠃ ᠡᠨᠡ ᠵᠠᠷᠯᠢᠭ ᠢ᠋ ᠠᠨᠤ ᠣᠯᠠᠨ ᠪᠢᠴᠢᠭ ᠦ᠋ᠨ ᠰᠠᠢᠳ ᠤ᠋ᠳ ᠰᠠᠮᠪᠠᠷᠠᠴᠢᠯᠠᠨ ᠲᠡᠮᠳᠡᠭᠯᠡᠵᠦ᠂ ᠢᠷᠭᠡᠨ ᠬᠡᠯᠡᠲᠦ ᠰᠠᠢᠳ ᠤ᠋ᠳ ᠬᠢᠲᠠᠳ ᠦᠰᠦᠭ ᠦ᠋ᠳ ᠢ᠋ᠶ᠋ᠡᠷ ᠴᠢᠯᠠᠭᠤ ᠳ᠋ᠤᠷ ᠰᠡᠢᠯᠦᠭᠦᠯᠦᠨ᠂ ᠬᠠᠪᠲᠠᠭᠠᠢᠯ ᠳ᠋ᠤᠷ ᠣᠷᠣᠰᠢᠭᠤᠯᠤᠨ ᠮᠥᠨ ᠬᠦᠢᠰᠦᠨ ᠠᠰᠠᠷ ᠲᠤᠷ ᠡᠯᠭᠦᠨ ᠲᠠᠬᠢᠭᠰᠠᠨ ᠳ᠋ᠤᠷ ᠡᠨᠡ ᠵᠢᠯ ᠦ᠋ᠨ ᠶᠡᠬᠡ ᠭᠠᠩ ᠬᠠᠪᠰᠠᠷᠭᠠᠨ᠂ ᠭᠠᠮᠰᠢᠭ ᠬᠣᠷᠣᠬᠠᠢ ᠠᠨᠤ ᠢᠦᠢ ᠵᠧᠦ᠂ ᠵᠢᠩ ᠵᠧᠦ ᠶ᠋ᠢᠨ ᠡᠮᠦᠨ᠎ᠡ ᠵᠠᠬ᠎ᠠ ᠬᠢᠵᠠᠭᠠᠷ ᠢ᠋ᠶ᠋ᠠᠷ ᠤᠲᠠᠰᠤ ᠲᠠᠲᠠᠵᠤ᠂ ᠬᠢᠲᠤᠭ᠎ᠠ ᠪᠠᠷ ᠬᠡᠷᠴᠢᠭᠰᠡᠨ ᠮᠡᠲᠦ ᠵᠠᠭᠠᠭᠯᠠᠵᠤ᠂ ᠲᠡᠭᠦᠨ ᠡᠴᠡ ᠤᠮᠠᠷᠠᠰᠢ ᠪᠣᠷᠣᠭᠠᠨ ᠬᠤᠷ᠎ᠠ ᠴᠠᠭ ᠴᠠᠭ ᠲᠠᠭᠠᠨ ᠬᠠᠨᠲᠠᠯ᠎ᠠ ᠣᠷᠣᠵᠤ᠂ ᠲᠠᠩᠭᠤᠳ ᠤᠯᠤᠰ᠂ ᠮᠣᠩᠭᠣᠯ ᠤᠯᠤᠰ ᠪᠦᠭᠦᠳᠡᠭᠡᠷ ᠠᠷᠪᠠᠨ ᠲᠠᠪᠤᠨ ᠬᠤᠪᠢ ᠶ᠋ᠢᠨ ᠪᠠᠶᠠᠨ ᠡᠯᠪᠡᠭ ᠴᠠᠭ ᠣᠨ ᠪᠣᠯᠪᠠ᠃ ᠲᠡᠷᠡ ᠵᠠᠭᠠᠭ ᠠ᠋ᠴᠠ ᠡᠮᠦᠨᠡᠰᠢ᠂ ᠠᠯᠲᠠᠨ ᠤᠯᠤᠰ ᠤ᠋ᠨ ᠪᠠᠷᠠᠭᠤᠨ ᠵᠠᠬ᠎ᠠ ᠪᠠ ᠰᠥᠩ ᠤᠯᠤᠰ ᠤ᠋ᠨ ᠰᠧ ᠴᠤᠸᠠᠨ ᠮᠣᠵᠢ ᠶ᠋ᠢᠨ ᠳᠣᠲᠣᠷ᠎ᠠ ᠣᠷᠣᠲᠠᠯ᠎ᠠ᠂ ᠵᠧ ᠵᠢᠶᠠᠩ ᠮᠣᠵᠢ ᠳ᠋ᠤᠷ ᠬᠦᠷᠲᠡᠯ᠎ᠡ᠂ ᠣᠨᠢᠭᠤᠯ ᠤᠬᠤᠵᠤ ᠬᠡᠷᠡᠮ ᠪᠠᠷᠢᠭᠰᠠᠨ ᠠ᠋ᠴᠠ ᠴᠤ᠌ ᠢᠯᠡᠷᠬᠡᠢ ᠪᠡᠷ ᠲᠠᠰᠤ ᠡᠴᠢᠲᠡᠯ᠎ᠡ ᠡᠮᠦᠨᠡᠰᠢ ᠤᠪ ᠤᠯᠠᠢᠮ᠎ᠠ ᠬᠣᠪ ᠬᠠᠭᠤᠷᠠᠢ᠂ ᠨᠢᠭᠡᠬᠡᠨ ᠳᠤᠰᠤᠯ ᠪᠣᠷᠣᠭᠠᠨ ᠴᠤ᠌ ᠦᠭᠡᠢ᠃ ᠡᠭᠦᠨ ᠳ᠋ᠦ᠍ᠷ ᠲᠠᠩᠭᠤᠳ ᠤᠯᠤᠰ ᠤ᠋ᠨ ᠵᠠᠭᠤᠨ ᠣᠪᠣᠭᠲᠠᠨ ᠶᠡᠬᠡᠯ᠎ᠡ ᠭᠠᠢᠬᠠᠯᠳᠤᠨ᠂ ᠤᠳᠠᠭ᠎ᠠ ᠪᠦᠷᠢ ᠶ᠋ᠢᠨ ᠬᠤᠷ᠎ᠠ ᠳ᠋ᠤᠷ ᠳᠠᠷᠤᠢ ᠲᠡᠷᠡ ᠠᠰᠠᠷ ᠤ᠋ᠨ ᠵᠠᠷᠯᠢᠭ ᠤ᠋ᠨ ᠦᠭᠡᠰ ᠲᠣᠷ ᠮᠥᠷᠭᠥᠭᠰᠡᠭᠡᠷ ᠴᠢᠩᠭᠢᠰ ᠬᠠᠭᠠᠨ ᠤ᠋ ᠵᠠᠯᠠᠷᠠᠵᠤ ᠰᠠᠭᠤᠭᠰᠠᠨ ᠣᠷᠣᠨ ᠳ᠋ᠤᠷ ᠭᠤᠸᠠᠨ ᠪᠣᠭᠳᠠ ᠶ᠋ᠢ ᠤᠮᠠᠷᠠᠰᠢ ᠬᠠᠨᠳᠤᠭᠤᠯᠤᠨ ᠳᠠᠬᠢᠵᠤ᠂ ᠴᠢᠩᠭᠢᠰ ᠦ᠋ᠨ ᠬᠥᠷᠥᠭ ᠢ᠋ ᠰᠢᠷ᠎ᠠ ᠮᠣᠳᠣᠨ ᠢ᠋ᠶ᠋ᠠᠷ ᠪᠡᠶ᠎ᠡ ᠶ᠋ᠢᠨ ᠬᠡᠮᠵᠢᠶ᠎ᠡ ᠪᠡᠷ ᠰᠡᠢᠯᠦᠨ ᠪᠦᠲᠦᠭᠡᠵᠦ᠂ ᠭᠠᠭᠴᠠ ᠮᠣᠩᠭᠣᠯ ᠳ᠋ᠤᠷ ᠮᠠᠰᠢᠳᠠ ᠲᠠᠪᠠ ᠦᠭᠡᠢ ᠵᠢᠭᠰᠢᠨ ᠦᠵᠡᠭᠴᠢ ᠲᠡᠳᠡᠭᠡᠷ ᠬᠢᠲᠠᠳ ᠢᠷᠭᠡᠳ ᠦ᠋ᠨ ᠪᠢᠴᠢᠭ᠌ᠴᠢᠨ ᠬᠤᠳᠠᠯᠳᠤᠭᠠᠴᠢᠨ ᠤᠷᠠᠴᠤᠳ ᠠᠨᠤ ᠴᠢᠩᠭᠢᠰ ᠬᠠᠭᠠᠨ ᠳ᠋ᠤᠷ ᠳᠠᠩ ᠤᠯᠤᠰ ᠤ᠋ᠨ ᠬᠠᠭᠠᠨ ᠤ᠋ ᠮᠠᠯᠠᠭ᠎ᠠ ᠲᠠᠢ ᠰᠡᠢᠯᠦᠭᠰᠡᠨ ᠢ᠋ ᠦᠵᠡᠭᠰᠡᠨ ᠠᠷᠠᠳ ᠴᠥᠮ ᠰᠣᠴᠢᠯᠴᠠᠨ ᠭᠠᠢᠬᠠᠯᠳᠤᠨ᠂ ᠳᠣᠲᠣᠷ᠎ᠠ ᠳᠣᠲᠣᠷ᠎ᠠ ᠪᠠᠨ ᠰᠡᠮᠡᠬᠡᠷ ᠠᠶᠤᠯᠳᠤᠨ ᠡᠮᠢᠶᠡᠯᠳᠦᠨ ᠰᠡᠵᠢᠭᠯᠡᠯᠴᠡᠨ ᠱᠤᠪᠭᠢᠨᠠᠯᠲᠤᠨ᠂ ᠡᠷᠲᠡᠨ ᠢ᠋ ᠦᠯᠢᠳᠬᠡᠨ ᠡᠳᠦᠭᠡᠬᠢ ᠶ᠋ᠢ ᠵᠢᠮᠯᠡᠪᠡᠴᠦ ᠲᠡᠭᠷᠢ ᠶ᠋ᠢᠨ ᠰᠠᠨᠠᠭᠠᠨ ᠢ᠋ ᠬᠡᠷᠬᠢᠶᠡ ᠬᠡᠮᠡᠯᠳᠦᠪᠡᠢ᠃ ᠬᠣᠢᠨ᠎ᠠ ᠲᠡᠷᠡ ᠬᠡᠳᠦᠨ ᠵᠧᠦ ᠵᠢᠶᠦ᠋ᠨ ᠳ᠋ᠦ᠍ᠷ ᠶᠡᠬᠡ ᠭᠠᠩ ᠬᠠᠪᠰᠠᠷᠭᠠᠨ ᠲᠣᠬᠢᠶᠠᠯᠳᠤᠬᠤ ᠪᠦᠷᠢ᠂ ᠭᠤᠸᠠᠨ ᠱᠸᠡᠭ ᠳᠢ ᠵᠢᠶᠦ᠋ᠨ ᠢ᠋ ᠳᠠᠬᠢᠵᠤ ᠲᠠᠪᠢᠭᠯᠠᠨ ᠬᠤᠷ᠎ᠠ ᠪᠣᠷᠣᠭᠠᠨ ᠭᠣᠶᠣᠬᠤᠢ ᠳ᠋ᠤᠷ ᠭᠤᠸᠠᠨ ᠬᠦᠩ ᠦ᠋ᠨ ᠬᠥᠷᠥᠭ ᠢ ᠤᠭ ᠠ᠋ᠴᠠ ᠮᠣᠩᠭᠣᠯ ᠤ᠋ᠨ ᠡᠵᠡᠨ ᠦ᠌ ᠰᠠᠭᠤᠭᠰᠠᠨ ᠣᠷᠣᠨ ᠳ᠋ᠤᠷ ᠪᠦᠲᠦᠭᠡᠭᠰᠡᠨ ᠢ᠋ᠶ᠋ᠡᠷ ᠣᠯᠠᠨ ᠢᠷᠭᠡᠳ 《ᠰᠢ ᠵᠢᠩ ᠵᠧᠦ ᠶ᠋ᠢᠨ ᠮᠸᠡᠭ ᠬᠦ ᠭᠤᠸᠠᠨ ᠳᠢ 》ᠭᠡᠮᠡᠨ ᠠᠯᠳᠠᠷᠰᠢᠵᠤᠬᠤᠢ᠃ ᠡᠨᠡ ᠵᠢᠯ ᠦ᠋ᠨ ᠭᠠᠩ ᠬᠠᠪᠰᠠᠷᠭᠠᠨ ᠳ᠋ᠤᠷ ᠲᠠᠪᠤᠨ ᠰᠠᠷ᠎ᠠ ᠠ᠋ᠴᠠ ᠳᠣᠯᠣᠭᠠᠨ ᠰᠠᠷ᠎ᠠ ᠪᠣᠯᠲᠠᠯ᠎ᠠ ᠵᠢᠷᠭᠤᠭᠠᠨ ᠵᠡᠷᠭᠡ ᠬᠦᠵᠢ ᠰᠢᠲᠠᠭᠠᠨ ᠣᠯᠠᠨ ᠢᠷᠭᠡᠨ ᠡᠴᠢᠵᠦ ᠭᠣᠶᠣᠬᠤᠶᠠ ᠵᠢᠷᠭᠤᠭᠠᠨ ᠤᠳᠠᠭ᠎ᠠ ᠬᠤᠷ᠎ᠠ ᠣᠷᠣᠭᠰᠠᠨ ᠢ᠋ᠶ᠋ᠠᠷ ᠡᠨᠡ ᠣᠨ ᠤ᠋ ᠲᠠᠷᠢᠶ᠎ᠠ ᠠᠷᠪᠠᠨ ᠲᠠᠪᠤᠨ ᠬᠤᠪᠢ ᠪᠣᠯᠪᠠᠰᠤᠷᠠᠭᠰᠠᠨ ᠳ᠋ᠤᠷ ᠬᠢᠲᠠᠳ ᠢᠷᠭᠡᠳ᠂ ᠲᠠᠩᠭᠤᠳ ᠤᠯᠤᠰ᠂ ᠠᠯᠲᠠᠨ ᠤᠯᠤᠰ ᠭᠡᠮᠡᠨ ᠦᠯᠦ ᠢᠯᠭᠠᠨ ᠣᠯᠠᠩᠬᠢ ᠲᠠᠷᠢᠶᠠᠴᠢᠳ ᠠᠮᠠ ᠰᠡᠳᠬᠢᠯ ᠠᠳᠠᠯᠢ ᠪᠠᠷ ᠪᠢᠰᠢᠷᠡᠭᠡᠳ᠂ ᠥᠪᠡᠷ ᠥᠪᠡᠷᠦᠨ ᠤᠯᠤᠰ ᠤ᠋ᠨ ᠴᠡᠭᠡᠷ ᠴᠠᠭᠠᠵᠠ ᠪᠠᠨ ᠴᠤ᠌ ᠤᠮᠠᠷᠲᠠᠭᠠᠳ᠂ 《ᠵᠸᠨ ᠯᠦᠩ ᠲᠢᠶᠠᠨ ᠽᠢ᠂ ᠮᠸᠡᠭ ᠬᠦ ᠵᠣ᠌ — ᠦᠨᠡᠨ ᠲᠩᠷᠢ ᠶ᠋ᠢᠨ ᠦᠷ᠎ᠡ ᠮᠣᠩᠭᠣᠯ ᠤ᠋ᠨ ᠡᠵᠡᠨ》ᠬᠡᠮᠡᠯᠳᠦᠮᠦᠢ᠃ ᠦᠯᠡᠭᠰᠡᠨ ᠨᠢᠭᠡᠬᠡᠨ ᠬᠤᠪᠢ ᠪᠢᠴᠢᠭ᠌ᠴᠢᠨ᠂ ᠬᠤᠳᠠᠯᠳᠤᠭᠠᠴᠢᠨ ᠠᠨᠤ ᠠᠮᠠᠨ ᠳ᠋ᠤᠷ ᠬᠡᠳᠦᠢᠪᠡᠷ ᠥᠪᠡᠷ ᠥᠪᠡᠷᠦᠨ ᠤᠯᠤᠰ ᠤ᠋ᠨ ᠴᠠᠭᠠᠵᠠ ᠶ᠋ᠢ ᠳᠠᠭᠠᠵᠤ᠂ ᠠᠯᠪᠠᠨ ᠤ᠋ ᠭᠠᠵᠠᠷ᠎ᠠ ᠮᠣᠩᠭᠣᠯ ᠤ᠋ᠨ ᠡᠵᠡᠨ ᠢ᠋ ᠮᠠᠭᠲᠠᠨ ᠡᠰᠡ ᠬᠡᠯᠡᠪᠡᠴᠦ᠂ ᠰᠡᠳᠬᠢᠯ ᠦ᠋ᠨ ᠳᠣᠲᠣᠷ᠎ᠠ ᠠ᠋ᠴᠠ ᠦᠨᠡᠬᠡᠷ ᠠᠶᠤᠨ ᠪᠢᠰᠢᠷᠡᠵᠦᠬᠦᠢ᠃ ᠵᠢᠴᠢ ᠡᠨᠡ ᠵᠢᠩ ᠵᠧᠦ ᠬᠡᠮᠡᠭᠴᠢ ᠭᠤᠷᠪᠠᠨ ᠤᠯᠤᠰ ᠤ᠋ᠨ ᠭᠤᠸᠠᠨ ᠯᠣᠣᠶᠧ ᠶ᠋ᠢᠨ ᠰᠠᠬᠢᠭᠰᠠᠨ ᠲᠡᠷᠡ ᠡᠮᠦᠨᠡᠲᠦ ᠵᠢᠩ ᠵᠧᠦ ᠪᠤᠰᠤ᠂ ᠱᠠᠨ ᠰᠢ ᠮᠣᠵᠢ ᠶ᠋ᠢᠨ ᠪᠠᠷᠠᠭᠤᠨ ᠰᠢ ᠵᠢᠩ ᠵᠧᠦ ᠪᠤᠶᠤ᠃ ᠳᠠᠭᠤᠳᠠᠯᠲᠠ ᠠᠨᠤ ᠨᠢᠭᠡᠨ ᠠᠳᠠᠯᠢ ᠪᠣᠯᠪᠠᠴᠤ᠂ ᠢᠷᠭᠡᠨ ᠦ᠌ ᠦᠰᠦᠭ ᠢᠨᠦ ᠬᠣᠶᠠᠷ ᠥᠪᠡᠷ᠎ᠡ ᠵᠢᠩ ᠦᠰᠦᠭ᠂ ᠡᠮᠦᠨ᠎ᠡ ᠵᠢᠩ ᠵᠧᠦ ᠶ᠋ᠢᠨ ᠵᠢᠩ ᠢᠨᠦ ᠡᠨᠡ荊 ᠵᠢᠩ᠃ ᠪᠠᠷᠠᠭᠤᠨ ᠵᠢᠩ ᠵᠧᠦ ᠶ᠋ᠢᠨ ᠵᠢᠩ ᠢᠨᠦ ᠡᠨᠡ 静 ᠵᠢᠩ ᠪᠣᠯᠠᠢ᠃ ᠡᠮᠦᠨ᠎ᠡ ᠵᠢᠩ ᠵᠧᠦ᠂ ᠪᠠᠷᠠᠭᠤᠨ ᠵᠢᠩ ᠵᠧᠦ ᠶ᠋ᠢᠨ ᠬᠠᠷᠢᠯᠴᠠᠨ ᠠᠯᠤᠰᠯᠠᠭᠰᠠᠨ ᠠᠨᠤ ᠬᠡᠳᠦᠨ ᠮᠢᠩᠭᠠᠨ ᠭᠠᠵᠠᠷ ᠬᠣᠯᠠ ᠪᠤᠶᠤ᠃ ᠬᠣᠵᠢᠮ ᠤ᠋ᠨ 《ᠰᠠᠨ ᠭᠦᠸᠧ ᠪᠢᠴᠢᠭ 》ᠦᠵᠡᠭᠰᠡᠨ ᠮᠡᠷᠭᠡᠳ᠂ ᠪᠢᠲᠡᠭᠡᠢ ᠡᠨᠡ ᠪᠠᠷᠠᠭᠤᠨ ᠵᠢᠩ ᠵᠧᠦ ᠶ᠋ᠢ ᠡᠮᠦᠨ᠎ᠡ ᠵᠢᠩ ᠪᠣᠯᠭᠠᠨ ᠡᠨᠳᠡᠭᠦᠷᠡᠨ ᠰᠠᠨᠠᠭᠳᠠᠬᠤᠢ᠃ ᠰᠤᠯᠠ ᠦᠭᠡ ᠬᠡᠷᠡᠭ ᠦᠭᠡᠢ᠃ ᠰᠤᠳᠤᠷ ᠤ᠋ᠨ ᠭᠣᠣᠯ ᠤᠴᠢᠷ ᠢ᠋ ᠤᠯᠭᠣᠮᠵᠢᠯᠠᠨ ᠥᠭᠦᠯᠡᠬᠦ ᠢᠨᠦ᠄
ᠶᠡᠬᠡ ᠬᠥᠬᠡ ᠮᠣᠩᠭᠣᠯ ᠤᠯᠤᠰ ᠤ᠋ᠨ ᠴᠢᠩᠭᠢᠰ ᠬᠠᠭᠠᠨ᠂ ᠲᠠᠪᠤᠨ ᠰᠠᠷ᠎ᠠ ᠶ᠋ᠢᠨ ᠠᠷᠪᠠᠨ ᠭᠤᠷᠪᠠᠨ ᠤ᠋ ᠶᠡᠬᠡ ᠬᠤᠷ᠎ᠠ ᠰᠡᠬᠦᠭᠰᠡᠨ ᠳᠠᠷᠠᠭ᠎ᠠ ᠪᠠᠷ ᠰᠠᠶᠢ ᠶᠡᠬᠡ ᠲᠤᠭ ᠢ ᠡᠭᠡᠭᠦᠯᠦᠨ ᠬᠠᠨᠳᠤᠭᠤᠯᠵᠤ ᠳᠠᠬᠢᠭᠠᠳ ᠳᠠᠷᠤᠢ ᠬᠠᠭᠠᠨ ᠤ᠋ ᠶᠡᠬᠡ ᠵᠢᠭᠰᠠᠭᠠᠯ ᠤᠮᠠᠷ᠎ᠠ ᠵᠦᠭ ᠮᠣᠷᠢᠯᠠᠨ ᠬᠥᠳᠡᠯᠵᠦ᠂ ᠵᠤᠨ ᠤ᠋ ᠶᠡᠬᠡ ᠬᠠᠯᠠᠭᠤᠨ ᠢ᠋ ᠲᠠᠩᠭᠤᠳ ᠤᠯᠤᠰ ᠤ᠋ᠨ ᠵᠡᠭᠦᠨ ᠬᠣᠢᠲᠤ ᠮᠣᠩᠭᠣᠯ ᠤᠯᠤᠰ ᠤ᠋ᠨ ᠵᠡᠭᠦᠨ ᠡᠮᠦᠨ᠎ᠡ ᠣᠯᠠᠨ ᠨᠠᠭᠤᠷᠳᠦ ᠬᠡᠮᠡᠬᠦ ᠭᠠᠵᠠᠷ᠎ᠠ ᠤᠰᠤ ᠲᠤᠨᠤᠮᠠᠯ ᠣᠯᠠᠨ ᠪᠥᠭᠡᠳ ᠭᠠᠵᠠᠷ ᠪᠠᠰᠠ ᠥᠨᠳᠥᠷ ᠰᠡᠷᠢᠭᠦᠨ᠂ ᠬᠡᠢ ᠰᠠᠯᠬᠢᠨ ᠤ᠋ ᠪᠣᠭᠣᠮᠲᠠ ᠠᠮᠠᠨ᠂ ᠡᠪᠡᠰᠦ ᠲᠠᠷᠭᠤᠲᠠᠢ᠂ ᠤᠰᠤ ᠤᠮᠳᠠᠲᠠᠢ᠂ ᠲᠡᠷᠡ ᠭᠠᠵᠠᠷ ᠲᠤᠷ ᠤᠨᠤᠨ ᠮᠥᠷᠡᠨ ᠦ᠌ ᠨᠢᠭᠡᠨ ᠰᠠᠯᠠᠭᠠᠨ ᠪᠠᠷᠠᠭᠤᠨ ᠬᠣᠢᠲᠤ ᠪᠠᠷ ᠣᠷᠣᠵᠤ ᠢᠷᠡᠭᠡᠳ ᠪᠠᠷᠠᠭᠤᠨᠰᠢ ᠬᠣᠮᠣᠷᠢᠨ ᠡᠮᠦᠨᠡᠰᠢ ᠡᠷᠭᠢᠨ ᠡᠮᠦᠨ᠎ᠡ ᠡᠴᠡ ᠵᠡᠭᠦᠨ ᠬᠣᠢᠲᠤ ᠵᠦᠭ ᠮᠤᠷᠤᠢᠵᠤ ᠤᠷᠤᠰᠤᠨ ᠰᠠᠶᠢ ᠵᠡᠭᠦᠨ ᠵᠦᠭ ᠶᠡᠬᠡ ᠬᠠᠷ᠎ᠠ ᠮᠥᠷᠡᠨ ᠦ᠌ ᠵᠦᠭ ᠬᠠᠳᠬᠤᠨ ᠡᠴᠢᠭᠰᠡᠨ ᠢ᠋ᠶ᠋ᠡᠷ ᠡᠭᠦᠨᠦ ᠳᠣᠲᠣᠷ᠎ᠠ ᠲᠥᠪ ᠲᠥᠭᠥᠷᠢᠭ ᠢ᠋ᠶ᠋ᠡᠷ ᠬᠥᠨᠳᠡᠯᠡᠨ ᠭᠤᠯᠳᠤ ᠪᠠᠷ ᠵᠠᠭᠤᠨ ᠢᠯᠡᠭᠦᠦ ᠭᠠᠵᠠᠷ ᠤ᠋ᠨ ᠰᠠᠢᠨ ᠰᠢᠷᠣᠢ ᠶ᠋ᠢᠨ ᠲᠡᠭᠰᠢ ᠰᠠᠢᠬᠠᠨ ᠲᠠᠯ᠎ᠠ ᠪᠡᠯᠴᠢᠭᠡᠷ ᠢ᠋ ᠨᠠᠢ᠍ᠮᠠᠨ ᠬᠤᠪᠢ ᠶ᠋ᠢ ᠤᠰᠤ ᠡᠷᠭᠢᠨ ᠲᠣᠭᠣᠷᠢᠨ ᠮᠤᠷᠤᠢᠵᠤ ᠪᠦᠰᠡᠯᠡᠭᠰᠡᠨ ᠢ᠋ᠶ᠋ᠡᠷ ᠡᠭᠦᠯᠡ ᠲᠤᠨᠤᠷᠠᠨ᠂ ᠠᠭᠤᠷ ᠮᠠᠨᠠᠨ ᠴᠤᠭᠯᠠᠷᠠᠨ ᠪᠠᠭᠯᠠᠷᠠᠬᠤ ᠲᠤᠯᠠ᠂ ᠡᠷᠲᠡᠨ ᠦ᠌ ᠬᠠᠷ᠎ᠠ ᠬᠢᠳᠠᠨ ᠤᠯᠤᠰ ᠤ᠋ᠨ ᠵᠤᠨ ᠢ᠋ ᠵᠤᠰᠠᠬᠤ ᠶᠠᠪᠤᠭᠤᠯᠠᠩ ᠤ᠋ᠨ ᠰᠢᠩ ᠬᠦᠩ ᠣᠷᠳᠣᠨ᠂ ᠰᠡᠷᠢᠭᠦᠴᠡᠬᠦ ᠪᠠᠭᠤᠳᠠᠯ ᠬᠣᠷᠣᠭ᠎ᠠ ᠣᠨᠢᠭᠤᠯ ᠬᠣᠲᠠ ᠪᠣᠢ ᠠᠮᠤᠢ᠃ ᠴᠢᠪ ᠴᠢᠬᠡ᠂ ᠡᠳᠦᠭᠡᠬᠢ ᠦᠶ᠎ᠡ ᠶ᠋ᠢᠨ ᠳᠣᠯᠣᠭᠠᠨ ᠨᠠᠭᠤᠷ ᠤ᠋ᠨ ᠡᠷᠭᠢᠵᠦ ᠤᠷᠤᠰᠬᠤ᠂ ᠱᠠᠩᠳᠠ ᠶ᠋ᠢᠨ ᠭᠣᠣᠯ ᠬᠡᠮᠡᠭᠴᠢ ᠳᠠᠷᠤᠢ ᠡᠨᠡ ᠭᠠᠵᠠᠷ ᠮᠥᠨ᠃ ᠬᠠᠭᠠᠨ ᠡᠨᠡ ᠭᠠᠵᠠᠷ ᠤ᠋ᠨ ᠰᠢᠮᠡᠲᠡᠢ᠂ ᠦᠵᠡᠮᠵᠢᠲᠡᠢ᠂ ᠤᠮᠳᠠᠲᠠᠢ ᠳ᠋ᠤᠷ ᠮᠠᠰᠢᠳᠠ ᠲᠣᠭᠣᠮᠵᠢᠯᠠᠨ ᠪᠠᠬᠠᠷᠬᠠᠵᠤ᠂ ᠪᠡᠶᠡᠰᠦᠨ ᠳᠠᠭᠠᠯᠠᠭᠰᠠᠨ ᠢ᠋ᠶ᠋ᠠᠷ ᠡᠨᠡ ᠣᠯᠠᠨ ᠨᠠᠭᠤᠷᠲᠤ ᠭᠠᠵᠠᠷ᠎ᠠ᠂ ᠬᠠᠭᠠᠨ ᠡᠵᠡᠨ ᠶᠢᠰᠦᠨ ᠰᠠᠷ᠎ᠠ ᠪᠣᠯᠲᠠᠯ᠎ᠠ ᠵᠠᠯᠠᠷᠠᠨ ᠰᠠᠭᠤᠵᠤ᠂ ᠣᠯᠠᠨ ᠵᠠᠮ ᠤ᠋ᠨ ᠴᠡᠷᠢᠭ ᠮᠣᠷᠢᠨ ᠢ᠋ ᠪᠣᠯᠪᠠᠰᠤᠷᠠᠭᠤᠯᠤᠨ ᠴᠡᠷᠢᠭ ᠦ᠋ᠳ ᠦ᠋ᠨ ᠮᠣᠷᠢᠳ ᠢ᠋ ᠶᠡᠬᠡᠳᠡ ᠪᠣᠷᠳᠣᠨ ᠲᠠᠷᠭᠤᠯᠠᠭᠤᠯᠪᠠᠢ᠃ ᠡᠨᠡ ᠵᠤᠨ ᠢ᠋ ᠡᠨᠡ ᠣᠯᠠᠨ ᠨᠠᠭᠤᠷᠲᠤ ᠭᠠᠵᠠᠷ᠎ᠠ ᠡᠷᠭᠢᠵᠦ ᠲᠣᠭᠣᠷᠢᠵᠤ ᠤᠰᠤ ᠮᠥᠷᠡᠨ ᠪᠦᠰᠡᠯᠡᠭᠰᠡᠨ ᠠᠷᠠᠯ ᠳ᠋ᠤᠷ ᠰᠠᠭᠤᠬᠤᠶ᠎ᠠ ᠲᠠᠪᠤᠨ ᠰᠠᠷ᠎ᠠ ᠶ᠋ᠢᠨ ᠰᠡᠭᠦᠯ᠂ ᠵᠢᠴᠢ ᠵᠢᠷᠭᠤᠭᠠᠨ ᠰᠠᠷ᠎ᠠ ᠶ᠋ᠢᠨ ᠳᠤᠮᠳᠠ᠂ ᠪᠠᠰᠠ ᠳᠣᠯᠣᠭᠠᠨ ᠰᠠᠷ᠎ᠠ ᠶ᠋ᠢᠨ ᠡᠬᠢ᠂ ᠡᠨᠡ ᠭᠤᠷᠪᠠᠨ ᠤᠳᠠᠭ᠎ᠠ ᠨᠢᠭᠡᠬᠡᠨ ᠠᠳᠠᠯᠢ ᠰᠣᠨᠢᠨ ᠵᠡᠭᠦᠳᠦᠨ ᠵᠡᠭᠦᠳᠦᠯᠡᠪᠡᠢ᠃
ᠠᠯᠢᠪᠠ ᠤᠯᠤᠰ ᠤ᠋ᠳ ᠡᠵᠡᠨ ᠪᠠᠭᠤᠷᠠᠢ ᠰᠠᠢᠳ ᠴᠢᠭᠢᠷᠠᠭᠰᠢᠪᠠᠰᠤ ᠲᠥᠷᠥ ᠡᠪᠳᠡᠷᠡᠬᠦ ᠶ᠋ᠢᠨ ᠢᠷᠣ᠎ᠠ
ᠠᠢᠯ ᠠᠢᠮᠠᠭ ᠤ᠋ᠨ ᠡᠷ᠎ᠡ ᠨᠢᠭᠤᠵᠤ ᠡᠬᠡᠨᠡᠷ ᠡᠵᠡᠳᠡᠪᠡᠰᠦ ᠴᠠᠭ ᠮᠠᠭᠤᠳᠠᠬᠤ ᠶ᠋ᠢᠨ ᠲᠡᠮᠳᠡᠭ᠃
ᠠᠯᠠᠯᠲᠠᠢ ᠬᠠᠨ ᠲᠦᠸᠧ ᠵᠧᠦ ᠨᠢᠭᠡᠬᠡᠨ ᠪᠣᠭᠣᠯ ᠰᠥᠩ ᠤᠯᠤᠰ ᠢ᠋ ᠳᠠᠷᠤᠯᠠᠨ ᠳᠦᠢᠪᠡᠭᠡᠪᠡ
ᠠᠯᠲᠠᠨ ᠤ᠋ ᠫᠦ ᠰᠠᠨ ᠺᠦᠢ ᠶ᠋ᠢᠨ ᠶᠢᠰᠦᠬᠡᠨ ᠵᠠᠩᠵᠤᠨ ᠮᠥᠷᠡᠨ ᠦ᠌ ᠡᠮᠦᠨ᠎ᠡ ᠶ᠋ᠢ ᠶᠡᠬᠡᠳᠡ ᠪᠤᠷᠬᠢᠷᠠᠭᠤᠯᠪᠠ᠃
