ᠪᠢ ᠤᠰᠤ ᠯᠠ ᠪᠠᠢᠬᠤ ᠳᠤᠷᠠᠲᠠᠢ – ᠶᠣᠨᠳᠣᠨ ᠤ ᠪᠢᠯᠢᠭ᠌ - ᠪᠠᠭᠠᠲᠤᠷ Би ус л байх дуртай – Ёндоны Билиг - Баатар
ᠪᠢ ᠤᠰᠤ ᠯᠠ ᠪᠠᠢᠬᠤ ᠳᠤᠷᠠᠲᠠᠢ
ᠮᠡᠳᠡᠷᠡᠬᠦᠢ ᠰᠡᠳᠬᠢᠬᠦᠢ ᠶ᠋ᠢᠨ
ᠮᠠᠭᠠᠳ ᠨᠣᠮᠣᠬᠠᠨ ᠡᠶᠡᠰᠡᠯ
ᠬᠠᠷ᠎ᠠ ᠴᠠᠭᠠᠨ ᠰᠥᠨᠢ ᠡᠳᠦᠷ ᠰᠢᠭ ᠢ᠋ᠶ᠋ᠡᠷ
ᠬᠠᠢᠷ᠎ᠠ ᠬᠣᠷᠣᠰᠤᠯ ᠨᠢᠭᠡᠨ ᠬᠠᠮ ᠪᠢᠰᠢ ᠳᠧ
ᠬᠠᠢᠷ᠎ᠠ ᠶ᠋ᠢᠨ ᠲᠥᠯᠥᠭᠡ ᠠᠮᠢᠳᠤᠷᠠᠬᠤ ᠠ᠋ᠴᠠ
ᠬᠣᠷᠣᠰᠤᠯ ᠤ᠋ᠨ ᠲᠤᠯᠠᠳᠠ ᠦᠬᠦᠬᠦ ᠦᠭᠡᠢ!
ᠬᠣᠷᠸ᠎ᠠ ᠭᠡᠳᠡᠭ ᠬᠣᠶᠠᠷᠬᠠᠨ ᠡᠷᠴᠢᠰ ᠲᠡᠢ
ᠰᠣᠷᠢᠨᠵᠢᠨ ᠤ᠋ ᠡᠶᠡᠷᠭᠦ ᠰᠥᠭᠡᠷᠭᠦ ᠠᠢᠰ ᠲᠠᠢ
ᠰᠦᠷᠢᠵᠦ ᠵᠥᠷᠢᠴᠡᠬᠦ ᠶ᠋ᠢᠨ ᠣᠷᠣᠨ ᠳ᠋ᠤ᠌
ᠵᠦᠢᠵᠦ ᠬᠦᠪᠦᠷᠢᠳᠦᠵᠦ ᠯᠡ ᠠᠮᠢᠳᠤᠷᠠᠬᠤ
᠁
ᠰᠥᠨᠥᠵᠦ ᠦᠭᠡᠢᠷᠡᠵᠦ ᠰᠦᠢᠳᠬᠦ ᠪᠡᠷ ᠢ᠋ᠶ᠋ᠡᠨ
ᠰᠦᠯᠡᠵᠦ ᠮᠢᠯᠢᠶᠠᠵᠤ ᠢᠷᠥᠭᠡᠬᠦ ᠰᠠᠢᠬᠠᠨ ᠠ᠋
ᠪᠢ ᠴᠢᠨᠢ ᠤᠭ ᠨᠢ ᠤᠰᠤ ᠯᠠ ᠪᠠᠢᠭᠰᠠᠨ
ᠪᠢᠯᠢᠭ ᠠᠷᠭ᠎ᠠ ᠶ᠋ᠢᠨ ᠴᠡᠪᠡᠷ ᠤᠰᠤ ᠪᠠᠢᠭᠰᠠᠨ
ᠲᠡᠭᠷᠢ ᠶ᠋ᠢᠨ ᠬᠤᠨ ᠰᠢᠭ᠋ ᠡᠵᠢ ᠶ᠋ᠢᠨ ᠢ᠋ᠶ᠋ᠡᠨ
ᠲᠤᠩᠭᠠᠯᠠᠭ ᠬᠡᠪᠡᠯᠢ ᠳᠠᠯᠠᠢ ᠶ᠋ᠢᠨ ᠤᠰᠤᠨ ᠳ᠋ᠤ᠌
ᠰᠠᠨᠰᠠᠷ ᠠ᠋ᠴᠠ ᠪᠠᠭᠤᠭᠰᠠᠨ ᠠᠯᠲᠠᠨ ᠦᠷ᠎ᠡ
ᠰᠦᠨᠡᠰᠦ ᠠᠴᠢᠶᠠᠯᠠᠭᠰᠠᠨ ᠮᠥᠩᠭᠥᠨ ᠳᠤᠰᠤᠯ
ᠰᠡᠭᠦᠯ ᠦ᠋ᠨ ᠦᠶ᠎ᠡ ᠳ᠋ᠡᠭᠡᠨ ᠬᠠᠷᠢᠨ ᠪᠦᠷ
ᠰᠥᠬᠥᠷᠡᠵᠦ ᠠᠴᠢᠯᠠᠭᠰᠠᠨ ᠨᠢᠭᠦᠯᠡᠰᠦᠩᠭᠦᠢ ᠵᠦᠢ
᠁ ᠁
ᠡᠪᠦᠭᠡᠨ ᠯᠣᠣᠽᠢ ᠤᠰᠤ ᠪᠠᠢᠭᠰᠠᠨ ᠭᠡᠳᠡᠭ
ᠥᠨᠥ ᠨᠢᠽᠢ ᠤᠷᠤᠰᠬᠠᠯ ᠪᠠᠢᠭᠰᠠᠨ ᠭᠡᠳᠡᠭ
ᠡᠳᠦᠭᠡ ᠪᠢ ᠤᠰᠤ ᠯᠠ ᠪᠠᠢᠬᠤ ᠳᠤᠷᠠᠲᠠᠢ
ᠡᠪᠦᠭᠡ ᠤᠰᠤᠨ ᠤᠷᠤᠰᠴᠤ ᠯᠠ ᠪᠠᠢᠨᠠᠮ
ᠭᠦᠨ ᠤᠬᠠᠭᠠᠨ ᠪᠣᠯ ᠤᠰᠤᠨ ᠤ᠋ ᠯᠠ ᠦᠢᠯᠡ
ᠤᠰᠤᠨ ᠤ᠋ ᠤᠬᠠᠭᠠᠨ ᠪᠣᠯ ᠮᠢᠨᠦ ᠯᠡ ᠤᠳᠬ᠎ᠠ
ᠳᠠᠯᠠᠢ ᠶ᠋ᠢ ᠪᠢ ᠮᠥᠷᠦᠭᠡᠳᠦᠳᠡᠭ ᠴᠤ᠌ ᠭᠡᠰᠡᠨ
ᠳᠠᠷᠤᠤᠬᠠᠨ ᠭᠣᠷᠣᠬ᠎ᠠ ᠰᠢᠭ᠋ ᠤᠷᠤᠰᠳᠠᠭ ᠠ᠋
ᠳᠠᠯᠠᠢ ᠬᠠᠷᠢᠨ ᠲᠠᠩᠳᠠ ᠪᠠᠨ ᠯᠠ
ᠳᠣᠣᠷᠠᠬᠠᠨ ᠲᠡᠷᠲᠡᠭᠡ ᠳ᠋ᠦ᠍ ᠣᠷᠣᠰᠢᠳᠠᠭ ᠠ᠋
᠁ ᠁
ᠤᠰᠤ ᠰᠠᠯᠬᠢ ᠦᠨᠦᠰᠦᠯᠴᠡᠬᠦ ᠭᠱᠠᠨ ᠳ᠋ᠤ᠌
ᠥᠪᠡᠷ ᠢ᠋ᠶ᠋ᠡᠨ ᠪᠢ ᠤᠷᠤᠭᠤᠯ ᠨᠢ ᠪᠠᠢᠭᠰᠠᠨ
ᠤᠯᠠᠭᠠᠨ ᠶᠠᠭᠠᠨ ᠵᠥᠭᠡᠯᠡᠨ ᠤᠷᠤᠭᠤᠯ ᠠ᠋ᠴᠠ
ᠥᠪᠡᠷ ᠢ᠋ᠶ᠋ᠡᠨ ᠪᠢ ᠲᠦᠮᠡᠨᠲᠡ ᠲᠥᠷᠥᠭᠰᠡᠨ
ᠦᠨᠢᠶᠡᠨ ᠵᠠᠯᠠᠨ ᠳ᠋ᠤ᠌
ᠰᠦᠨ ᠰᠠᠳᠠᠭᠠᠨᠠᠬᠤ ᠬᠣᠷᠣᠮᠬᠠᠨ ᠳ᠋ᠤ᠌
ᠡᠪᠡᠰᠦᠨ ᠨᠠᠢᠭᠤᠭᠠᠨ ᠳ᠋ᠤ᠌
ᠦᠦᠷ ᠢ᠋ᠶ᠋ᠡᠷ ᠪᠢ ᠵᠠᠯᠭᠢᠯᠠᠳᠠᠭ ᠪᠠᠢᠭᠰᠠᠨ
ᠥᠳᠬᠡᠨ ᠦᠨᠦᠷ ᠲᠦ᠍
ᠮᠠᠩᠰᠢᠭᠤᠷᠠᠲᠠᠯ᠎ᠠ ᠰᠣᠭᠲᠣᠳᠠᠭ ᠪᠠᠢᠭᠰᠠᠨ ᠠ᠋
ᠰᠠᠭᠤᠯᠠᠭ᠎ᠠ ᠳᠦᠭᠦᠷᠡᠩ ᠰᠦᠨ ᠳᠣᠲᠣᠷ᠎ᠠ
ᠰᠠᠷ᠎ᠠ ᠨᠠᠷᠠ ᠬᠣᠶᠠᠭᠤᠯᠠ ᠪᠠᠨ ᠴᠠᠯᠭᠢᠯᠠᠭᠰᠠᠨ
ᠰᠠᠯᠬᠢ ᠪᠢᠳᠡ ᠬᠣᠶᠠᠭᠤᠯᠠ ᠪᠠᠨ ᠴᠢᠩᠨᠠᠭᠰᠠᠨ
ᠰᠠᠨᠠᠭᠠᠨ ᠤ᠋ ᠦᠵᠦᠭᠦᠷ ᠲᠦ᠍ ᠰᠠᠨᠰᠠᠷ ᠪᠠᠢᠭᠰᠠᠨ
ᠪᠢ ᠤᠰᠤ ᠯᠠ ᠪᠠᠢᠬᠤ ᠳᠤᠷᠠᠲᠠᠢ ᠶᠤᠮ ᠴᠢᠨᠢ
ᠪᠢ ᠤᠰᠤ ᠯᠠ ᠪᠠᠢᠬᠤ ᠶᠣᠰᠣᠲᠠᠢ ᠪᠢᠵᠡ ᠳᠧ
ᠪᠤᠮᠠᠨ ᠵᠢᠸ᠎ᠠ ᠵᠢᠯ ᠦ᠋ᠨ ᠳᠤᠰᠤᠯ ᠤᠰᠤᠨ ᠪᠢ
ᠪᠤᠷᠵᠠᠩ ᠬᠠᠲᠠᠭᠤ ᠴᠢᠯᠠᠭᠤᠳ ᠢ᠋ ᠴᠣᠭᠣᠯᠤᠭᠰᠠᠨ
ᠪᠤᠷᠬᠠᠨ ᠲᠠᠢ ᠬᠣᠶᠠᠭᠤᠯᠠ ᠬᠠᠮᠲᠤ ᠪᠢᠰᠢᠯᠭᠠᠭᠰᠠᠨ
ᠪᠣᠷᠣᠭᠠᠨ ᠲᠠᠢ ᠬᠤᠶᠠᠭ ᠭᠠᠨᠵᠤᠭ᠎ᠠ ᠨᠡᠢᠯᠡᠭᠰᠡᠨ
ᠪᠢ ᠢᠷᠭᠤᠢ ᠶ᠋ᠢᠨ ᠳᠡᠯᠪᠡᠭᠡ ᠰᠢᠭ ᠵᠥᠭᠡᠯᠡᠨ
ᠪᠢ ᠬᠡᠦᠬᠡᠳ ᠦ᠋ᠨ ᠨᠢᠳᠦᠨ ᠮᠡᠲᠦ ᠳᠤᠯᠠᠭᠠᠨ
ᠪᠢ ᠡᠭᠡᠭᠡ ᠬᠠᠢᠯ ᠤ᠋ᠨ ᠤᠰᠤᠨ ᠰᠢᠭ᠋ ᠤᠶᠠᠨ
ᠪᠢ ᠶᠠᠭ ᠡᠬᠡ ᠶ᠋ᠢᠨ ᠬᠠᠢᠷ᠎ᠠ ᠰᠢᠭ᠋ ᠨᠢᠩᠵᠢᠨ
ᠠᠮᠢᠲᠠᠨ ᠵᠢᠷᠭᠤᠭᠠᠨ ᠵᠦᠢᠯ ᠳ᠋ᠦ᠍ ᠪᠢ
ᠠᠮᠢᠨ ᠠ᠋ᠴᠠ ᠪᠠᠨ ᠴᠤ᠌ ᠢᠯᠡᠭᠦᠦ ᠬᠠᠢᠷᠠᠲᠠᠢ
ᠠᠯᠢᠪᠠ ᠲᠦᠮᠡᠨ ᠪᠣᠳᠠᠰ ᠲᠤ ᠪᠢ
ᠠᠭᠠᠷ ᠭᠡᠷᠡᠯ ᠰᠢᠷᠣᠢ ᠨᠢ ᠪᠣᠯᠬᠤ ᠱᠠᠯ ᠳᠤᠷᠠᠲᠠᠢ
ᠬᠠᠢᠷᠠᠲᠠᠢ ᠳᠤᠷᠠᠲᠠᠢ ᠶᠣᠰᠣᠲᠠᠢ ᠶᠤᠮ ᠴᠢᠨᠢ
ᠬᠠᠮᠢᠭᠠᠭᠤᠷ ᠤᠷᠤᠰᠤᠭᠰᠠᠨ ᠴᠤ᠌ ᠪᠢ ᠵᠠᠮ ᠲᠠᠢ
ᠪᠢ ᠤᠰᠤ ᠯᠠ ᠪᠠᠢᠬᠤ ᠳᠤᠷᠠᠲᠠᠢ
ᠪᠢ ᠤᠰᠤ ᠯᠠ ᠪᠠᠢᠬᠤ ᠶᠣᠰᠣᠲᠠᠢ
ᠪᠢ ᠤᠰᠤ ᠯᠠ ᠪᠠᠢᠬᠤ ᠠᠯᠪᠠ ᠲᠠᠢ
ᠪᠢ ᠤᠰᠤ ᠯᠠ ᠪᠠᠢᠬᠤ ᠲᠠᠩᠭᠠᠷᠢᠭ ᠲᠠᠢ
2024᠂ 3᠂ 18᠃ ᠦᠳᠡ ᠭᠣᠣᠯ᠃
ᠬᠥᠬᠡᠬᠣᠲᠠᠨ᠎ᠠ ᠪᠢᠰᠢᠯᠭᠠᠨ ᠪᠦᠲᠦᠭᠡᠪᠡᠢ᠃
