ᠬᠠᠢᠷ᠎ᠠ ᠶ᠋ᠢᠨ ᠰᠢᠳᠢᠲᠦ ᠦᠷ᠎ᠡХайрын шидэт үр
ᠬᠠᠢᠷ᠎ᠠ ᠶ᠋ᠢᠨ ᠰᠢᠳᠢᠲᠦ ᠦᠷ᠎ᠡ
ᠡᠷᠲᠡ ᠤᠷᠢᠳᠤ ᠶ᠋ᠢᠨ ᠴᠠᠭ ᠲᠤ᠌᠂ ᠨᠢᠭᠡᠨ ᠵᠢᠵᠢᠭ ᠬᠣᠲᠠ ᠳ᠋ᠤ᠌ ᠬᠥᠮᠦᠰ ᠠᠵᠠ ᠵᠢᠷᠭᠠᠯ ᠲᠠᠢ ᠠᠮᠢᠳᠤᠷᠠᠨ ᠰᠠᠭᠤᠳᠠᠭ ᠪᠠᠶ᠋ᠢᠵᠤ ᠭᠡᠨ᠎ᠡ᠃
ᠲᠤᠰ ᠬᠣᠲᠠ ᠶ᠋ᠢᠨ ᠰᠢᠨ᠎ᠡ ᠪᠡᠷ ᠲᠥᠷᠥᠭᠰᠡᠨ ᠬᠡᠦᠬᠡᠳ ᠪᠦᠬᠦᠨ ᠳ᠋ᠦ᠍ ᠥᠪᠡᠷ ᠥᠪᠡᠷ ᠦ᠋ᠨ ᠰᠢᠳᠢᠲᠦ ᠦᠷ᠎ᠡ ᠲᠡᠢ ᠬᠠᠮᠲᠤ ᠮᠡᠨᠳᠦᠯᠡᠳᠡᠭ ᠪᠠᠶ᠋ᠢᠵᠤ ᠭᠡᠨ᠎ᠡ᠃ ᠠᠩᠬ᠎ᠠ ᠲᠥᠷᠥᠬᠦ ᠦᠶ᠎ᠡ ᠳ᠋ᠦ᠍ ᠨᠢ ᠬᠡᠦᠬᠡᠳ ᠪᠦᠷᠢ ᠰᠢᠳᠢᠲᠦ ᠦᠷ᠎ᠡ ᠨᠢᠭᠡ ᠢᠵᠢᠯ ᠪᠣᠯᠪᠠᠴᠤ ᠬᠥᠮᠦᠨ ᠪᠦᠷᠢ ᠡᠴᠡ ᠬᠠᠮᠢᠶᠠᠷᠴᠤ ᠶᠠᠩᠵᠤ ᠪᠦᠷᠢ ᠪᠡᠷ ᠤᠷᠭᠤᠨ᠎ᠠ᠃ ᠵᠠᠷᠢᠮ ᠬᠡᠦᠬᠡᠳ ᠦ᠋ᠨ ᠦᠷ᠎ᠡ ᠥᠨᠳᠥᠷ ᠰᠠᠢᠬᠠᠨ ᠤᠷᠭᠤᠵᠤ ᠪᠠᠶ᠋ᠢᠬᠤ ᠳ᠋ᠤ᠌ ᠥᠭᠡᠷ᠎ᠡ ᠨᠢᠭᠡᠨ ᠦ᠌ ᠬᠢᠨᠢ ᠦᠷ᠎ᠡ ᠰᠠᠢᠨ ᠤᠷᠭᠤᠬᠤ ᠦᠭᠡᠢ ᠬᠠᠲᠠᠵᠤ ᠭᠠᠩᠳᠠᠵᠠᠢ᠃
ᠠᠯᠢᠮ᠎ᠠ ᠥᠬᠢᠨ ᠪᠣᠯ ᠡᠨᠡ ᠬᠣᠲᠠ ᠳ᠋ᠤ᠌ ᠠᠮᠢᠳᠤᠷᠠᠳᠠᠭ᠃ ᠣᠳᠣ ᠠᠷᠪᠠᠨ ᠨᠠᠰᠤᠲᠠᠢ᠃ ᠲᠡᠭᠦᠨ ᠦ᠌ ᠬᠠᠶ᠋ᠢᠷ᠎ᠠ ᠶ᠋ᠢᠨ ᠰᠢᠳᠢᠲᠦ ᠦᠷ᠎ᠡ ᠨᠢ ᠲᠡᠶ᠋ᠢᠮᠦ ᠴᠦ᠍ ᠰᠠᠢᠨ ᠤᠷᠭᠤᠵᠤ ᠥᠭᠬᠦ ᠦᠭᠡᠢ ᠯᠡ ᠪᠠᠶ᠋ᠢᠯ᠎ᠠ᠃
ᠨᠢᠭᠡ ᠡᠳᠦᠷ ᠠᠯᠢᠮ᠎ᠠ ᠥᠬᠢᠨ ᠲᠣᠭᠯᠠᠵᠤ ᠪᠠᠶ᠋ᠢᠭ᠎ᠠ ᠬᠡᠦᠬᠡᠳ ᠦ᠋ᠳ ᠊ᠢ ᠬᠠᠷᠠᠭᠰᠠᠨ ᠳ᠋ᠤ᠌ ᠬᠠᠷᠢᠨ ᠭᠡᠨᠡᠳᠲᠡ ᠨᠢᠭᠡ ᠪᠣᠳᠣᠯ ᠳ᠋ᠤ᠌ ᠬᠦᠷᠴᠦ ᠭᠡᠨ᠎ᠡ᠃ ᠠᠯᠢᠮ᠎ᠠ ᠮᠠᠨ ᠤ᠋ ᠬᠣᠲᠠ ᠶ᠋ᠢᠨ ᠪᠦᠬᠦ ᠬᠡᠦᠬᠡᠳ ᠲᠦ᠍ ᠶᠠᠭ ᠢᠵᠢᠯᠬᠡᠨ ᠬᠠᠶ᠋ᠢᠷ᠎ᠠ ᠶ᠋ᠢᠨ ᠰᠢᠳᠢᠲᠦ ᠦᠷ᠎ᠡ ᠲᠡᠢ᠂ ᠵᠢᠴᠢ ᠬᠡᠦᠬᠡᠳ ᠦ᠋ᠨ ᠦᠷ᠎ᠡ ᠶᠠᠭᠠᠬᠢᠭᠠᠳ ᠥᠭᠡᠷ᠎ᠡ ᠥᠭᠡᠷ᠎ᠡ ᠤᠷᠭᠤᠳᠠᠭ ᠶᠤᠮ ᠪᠣᠯ ᠭᠡᠵᠦ ᠪᠣᠳᠣᠯ᠎ᠠ᠃
ᠡᠨᠡ ᠠᠰᠠᠭᠤᠯᠲᠠ ᠶ᠋ᠢᠨ ᠤᠴᠢᠷ ᠊ᠢ ᠣᠯᠬᠤ ᠪᠠᠷ ᠣᠯᠠᠨ ᠬᠥᠮᠦᠨ ᠲᠡᠢ ᠠᠭᠤᠯᠵᠠᠵᠠᠢ᠃ ᠭᠡᠰᠡᠨ ᠴᠦ᠍ ᠲᠣᠬᠢᠷᠠᠬᠤ ᠵᠥᠪ ᠬᠠᠷᠢᠭᠤᠯᠲᠠ ᠪᠠᠨ ᠣᠯᠤᠭᠰᠠᠨ ᠦᠭᠡᠢ᠂ ᠬᠠᠷᠢᠨ ᠬᠣᠲᠠ ᠶ᠋ᠢᠨ ᠨᠢᠭᠡ ᠨᠠᠰᠤᠲᠠᠢ ᠬᠥᠮᠦᠨ ᠠᠯᠢᠮ᠎ᠠ ᠶ᠋ᠢ᠄ ᠬᠣᠲᠠ ᠶ᠋ᠢᠨ ᠢ᠋ᠶ᠋ᠡᠨ ᠮᠡᠷᠭᠡᠨ ᠡᠪᠦᠭᠡ ᠲᠡᠢ ᠠᠭᠤᠯᠵᠠᠬᠤ ᠶ᠋ᠢ ᠵᠥᠪᠯᠡᠪᠡ᠃ ᠲᠡᠷᠡ ᠪᠡᠷ ᠮᠡᠷᠭᠡᠨ ᠡᠪᠦᠭᠡᠳ ᠊ᠢ ᠣᠴᠢᠵᠤ ᠠᠭᠤᠯᠵᠠᠭᠠᠳ ᠤᠴᠢᠷ ᠶᠠᠪᠤᠳᠠᠯ ᠊ᠢ ᠬᠡᠯᠡᠵᠦ ᠣᠶ᠋ᠢᠯᠠᠭᠠᠭᠤᠯᠵᠤ ᠭᠡᠨ᠎ᠡ᠃ ᠬᠠᠷᠢᠨ ᠮᠡᠷᠭᠡᠨ ᠡᠪᠦᠭᠡ ᠠᠯᠢᠮ᠎ᠠ ᠥᠬᠢᠨ ᠡᠴᠡ ᠨᠢᠭᠡᠨ ᠠᠰᠠᠭᠤᠯᠲᠠ ᠶ᠋ᠢ ᠠᠰᠠᠭᠤᠪᠠ᠃
ᠮᠡᠷᠭᠡᠨ ᠡᠪᠦᠭᠡ᠄ ᠴᠢ ᠰᠢᠳᠢᠲᠦ ᠦᠷ᠎ᠡ ᠪᠡᠨ ᠰᠠᠢᠨ ᠤᠷᠭᠤᠭᠤᠯᠬᠤ ᠶ᠋ᠢᠨ ᠲᠤᠯᠠᠳᠠ ᠶᠠᠭᠤ ᠬᠢᠭᠰᠡᠨ ᠶᠦ᠍ᠮ ᠪᠣᠢ? ᠭᠡᠬᠦ ᠳ᠋ᠦ᠍᠄
ᠠᠯᠢᠮ᠎ᠠ ᠥᠬᠢᠨ᠄ ᠪᠢ ᠰᠢᠳᠢᠲᠦ ᠦᠷ᠎ᠡ ᠪᠡᠨ ᠬᠠᠮᠤᠭ ᠤ᠋ᠨ ᠰᠠᠢᠨ ᠤᠷᠭᠤᠭᠠᠰᠠᠢ ᠭᠡᠵᠦ ᠦᠷᠭᠦᠯᠵᠢ ᠬᠦᠰᠡᠳᠡᠭ᠃ ᠬᠠᠶ᠋ᠢᠷ᠎ᠠ ᠶ᠋ᠢᠨ ᠰᠢᠳᠢᠲᠦ ᠦᠷ᠎ᠡ ᠪᠡᠨ ᠰᠠᠢᠨ ᠤᠷᠭᠤᠭᠤᠯᠬᠤ ᠭᠡᠳ ᠣᠶ᠋ᠢᠷ᠎ᠠ ᠳᠣᠲᠣᠨᠣ ᠶ᠋ᠢᠨ ᠣᠯᠠᠨ ᠬᠥᠮᠦᠨ ᠡᠴᠡ ᠮᠠᠰᠢ ᠶᠡᠬᠡ ᠬᠠᠶ᠋ᠢᠷ᠎ᠠ ᠶ᠋ᠢ ᠬᠦᠯᠢᠶᠡᠨ ᠠᠪᠳᠠᠭ᠃ ᠶᠡᠬᠡ ᠬᠠᠶ᠋ᠢᠷ᠎ᠠ ᠢᠷᠡᠵᠦ ᠪᠠᠶ᠋ᠢᠭᠠᠳ ᠬᠠᠶ᠋ᠢᠷ᠎ᠠ ᠶ᠋ᠢᠨ ᠰᠢᠳᠢᠲᠦ ᠦᠷ᠎ᠡ ᠮᠢᠨᠢ ᠰᠠᠢᠨ ᠤᠷᠭᠤᠬᠤ ᠦᠭᠡᠢ ᠶᠦ᠍ᠮ ᠢᠩᠭᠢᠵᠦ ᠬᠠᠷᠢᠭᠤᠯᠵᠤ ᠭᠡᠨ᠎ᠡ᠃ ᠮᠡᠷᠭᠡᠨ ᠡᠪᠦᠭᠡ ᠵᠢᠭᠠᠬᠠᠨ ᠪᠣᠳᠣᠵᠤ ᠪᠠᠶ᠋ᠢᠬᠰᠠᠨ ᠢ᠋ᠶ᠋ᠠᠨ᠄ ᠭᠤᠷᠪᠠᠨ ᠰᠢᠯᠦᠨ ᠠᠶᠠᠭ᠎ᠠ ᠰᠠᠪᠠ ᠲᠠᠢ
ᠤᠰᠤᠨ ᠤ᠋ ᠬᠠᠮᠲᠤ ᠠᠪᠴᠢᠷᠠᠪᠠ᠃ ᠲᠡᠭᠡᠭᠡᠳ ᠰᠢᠯᠦᠨ ᠠᠶᠠᠭᠠᠨ ᠳ᠋ᠤ᠌ ᠶᠠᠩᠵᠤ ᠪᠦᠷᠢ ᠶ᠋ᠢᠨ ᠬᠡᠮᠵᠢᠶ᠎ᠡ ᠲᠡᠢ ᠤᠰᠤ ᠬᠢᠯ᠎ᠡ᠃
ᠡᠬᠢᠨ ᠦ᠌ ᠠᠶᠠᠭ᠎ᠠ ᠪᠠᠭ᠎ᠠ᠂ ᠳᠠᠷᠠᠭ᠎ᠠ ᠶ᠋ᠢᠨ ᠠᠶᠠᠭ᠎ᠠ ᠨᠢ ᠶᠡᠬᠡ᠂ ᠰᠡᠭᠦᠯ ᠦ᠋ᠨ ᠠᠶᠠᠭᠠᠨ ᠳ᠋ᠤ᠌ ᠲᠠᠯ᠎ᠠ ᠳᠤᠨᠳᠠᠭᠤᠷ ᠤᠰᠤ ᠬᠢᠯ᠎ᠡ᠃ ᠮᠡᠷᠭᠡᠨ ᠡᠪᠦᠭᠡ ᠡᠬᠢᠨ ᠦ᠌ ᠬᠣᠶᠠᠷ ᠠᠶᠠᠭ᠎ᠠ ᠶ᠋ᠢ ᠨᠢᠭᠡ ᠨᠢᠭᠡᠨ ᠤᠷᠤᠭᠤ ᠶᠡᠭᠦᠯᠡᠵᠦ ᠲᠡᠩᠴᠡᠭᠦᠯᠪᠡ᠃ ᠬᠠᠷᠢᠨ ᠰᠡᠭᠦᠯ ᠦ᠋ᠨ ᠠᠶᠠᠭᠠᠨ ᠳ᠋ᠠᠬᠢ ᠤᠰᠤ ᠶ᠋ᠢ ᠣᠭᠲᠣ ᠥᠭᠡᠷᠡᠴᠢᠯᠡᠭᠰᠡᠨ ᠦᠭᠡᠢ᠃ ᠲᠡᠭᠡᠭᠡᠳ ᠰᠢᠯᠦᠨ ᠠᠶᠠᠭᠠᠨ ᠳ᠋ᠤ᠌ ᠤᠰᠤ ᠬᠢᠯ᠎ᠡ᠃ ᠭᠤᠷᠪᠠᠨ ᠰᠢᠯᠦᠨ ᠠᠶᠠᠭ᠎ᠠ ᠳᠦᠭᠦᠷᠡᠩ ᠤᠰᠤ ᠲᠠᠢ ᠪᠣᠯᠪᠠ᠂ ᠠᠯᠢᠮ᠎ᠠ ᠥᠬᠢᠨ ᠠᠩᠬᠠᠷᠤᠯ ᠳ᠋ᠤ᠌ ᠪᠠᠨ ᠭᠠᠶ᠋ᠢᠬᠠᠵᠤ ᠵᠣᠭᠰᠣᠭᠰᠠᠭᠠᠷ ᠪᠠᠶ᠋ᠢᠪᠠ᠃ ᠬᠠᠷᠢᠨ ᠮᠡᠷᠭᠡᠨ ᠡᠪᠦᠭᠡ ᠤᠴᠢᠷ ᠊ᠢ ᠲᠠᠶ᠋ᠢᠯᠪᠤᠷᠢᠯᠠᠵᠤ ᠡᠬᠢᠯᠡᠯ᠎ᠡ᠃
ᠲᠡᠷᠡ ᠪᠡᠷ ᠰᠢᠯᠦᠨ ᠠᠶᠠᠭ᠎ᠠ ᠪᠣᠯ ᠥᠭᠡᠷ᠎ᠡ ᠥᠭᠡᠷ᠎ᠡ ᠬᠥᠮᠦᠰ ᠬᠠᠷᠢᠨ ᠤᠰᠤ ᠪᠣᠯ ᠬᠠᠶ᠋ᠢᠷ᠎ᠠ ᠶ᠋ᠢ ᠲᠥᠯᠥᠭᠡᠯᠡᠵᠦ ᠪᠠᠶ᠋ᠢᠭ᠎ᠠ᠂ ᠬᠥᠮᠦᠨ ᠪᠦᠷᠢ ᠳ᠋ᠦ᠍ ᠬᠠᠶ᠋ᠢᠷ᠎ᠠ ᠶ᠋ᠢ ᠬᠦᠯᠢᠶᠡᠨ ᠠᠪᠬᠤ ᠬᠠᠶ᠋ᠢᠷ᠎ᠠ ᠶ᠋ᠢᠨ ᠬᠡᠮᠵᠢᠶ᠎ᠡ ᠬᠠᠷᠢᠯᠴᠠᠨ ᠠᠳᠠᠯᠢ ᠦᠭᠡᠢ᠂ ᠵᠠᠷᠢᠮ ᠬᠥᠮᠦᠨ ᠨᠡᠮᠡᠭᠡᠳ ᠪᠠᠶ᠋ᠢᠪᠠᠯ ᠬᠠᠯᠢᠵᠤ ᠠᠰᠬᠠᠷᠠᠨ᠎ᠠ ᠃ ᠬᠠᠷᠢᠨ ᠠᠶᠠᠭ᠎ᠠ ᠲᠠᠢ ᠤᠰᠤᠨ ᠠ᠋ᠴᠠ ᠪᠠᠰᠠ ᠨᠢᠭᠡ ᠬᠡᠰᠡᠭ ᠊ᠢ ᠥᠭᠡᠷ᠎ᠡ ᠠᠶᠠᠭ᠎ᠠ ᠤᠷᠤᠭᠤ ᠶᠡᠭᠦᠯᠡᠵᠦ ᠳᠠᠬᠢᠨ ᠤᠰᠤ ᠨᠡᠮᠡᠪᠡᠯ ᠠᠶᠠᠭ᠎ᠠ ᠴᠢᠨᠢ ᠳᠦᠭᠦᠷᠡᠩ ᠪᠣᠯᠤᠨ᠎ᠠ᠃ ᠠᠪᠤᠭᠰᠠᠨ ᠬᠡᠮᠵᠢᠶ᠎ᠡ ᠪᠡᠷ ᠢ᠋ᠶ᠋ᠡᠨ ᠬᠠᠶ᠋ᠢᠷ᠎ᠠ ᠶ᠋ᠢ ᠥᠭᠴᠦ ᠰᠤᠷᠬᠤ ᠬᠡᠷᠡᠭᠲᠡᠢ᠃ ᠬᠠᠶ᠋ᠢᠷ᠎ᠠ ᠶ᠋ᠢᠨ ᠤᠤᠠᠬ᠎ᠠ ᠤᠴᠢᠷ ᠡᠶ᠋ᠢᠮᠦ ᠶᠦ᠍ᠮ ᠭᠡᠵᠦ ᠭᠡᠨ᠎ᠡ᠃
ᠠᠯᠢᠮ᠎ᠠ ᠥᠬᠢᠨ ᠮᠡᠷᠭᠡᠨ ᠡᠪᠦᠭᠡ ᠳ᠋ᠦ᠍ ᠲᠠᠯᠠᠷᠬᠠᠯ ᠢ᠋ᠶ᠋ᠠᠨ ᠢᠯᠡᠷᠬᠡᠢᠯᠡᠵᠦ ᠭᠡᠷ ᠦ᠋ᠨ ᠵᠦᠭ ᠶᠠᠪᠤᠯ᠎ᠠ᠃ ᠭᠡᠷ ᠢ᠋ᠶ᠋ᠡᠷ ᠢ᠋ᠶ᠋ᠡᠨ ᠮᠠᠰᠢ ᠶᠡᠬᠡ ᠪᠠᠶᠠᠷᠲᠠᠢ ᠪᠠᠶ᠋ᠢᠬᠰᠠᠨ ᠪᠥᠭᠡᠳ ᠥᠪᠡᠷ ᠦ᠋ᠨ ᠮᠡᠳᠡᠭᠰᠡᠨ ᠢ᠋ᠶ᠋ᠠᠨ ᠪᠤᠰᠤᠳ ᠲᠤ᠌ ᠪᠠᠨ ᠬᠤᠪᠢᠶᠠᠯᠴᠠᠬᠤ ᠪᠠᠷ ᠪᠠᠶ᠋ᠢᠯ᠎ᠠ᠃
ᠣᠳᠣ ᠦᠶ᠎ᠡ ᠳ᠋ᠦ᠍ ᠴᠦ᠍ ᠡᠨᠡ ᠬᠠᠶ᠋ᠢᠷ᠎ᠠ ᠶ᠋ᠢᠨ ᠰᠢᠳᠢᠲᠦ ᠦᠷ᠎ᠡ ᠬᠥᠮᠦᠨ ᠪᠦᠷᠢ ᠶ᠋ᠢᠨ ᠰᠡᠳᠬᠢᠯ ᠳᠣᠲᠣᠷ᠎ᠠ ᠣᠷᠣᠰᠢᠭᠰᠠᠭᠠᠷ ᠪᠠᠶ᠋ᠢᠲᠠᠭ᠃ ᠠᠯᠢᠮ᠎ᠠ ᠥᠬᠢᠨ ᠴᠢᠨᠦ ᠬᠠᠶ᠋ᠢᠷ᠎ᠠ ᠶ᠋ᠢᠨ ᠰᠢᠳᠢᠲᠦ ᠦᠷ᠎ᠡ ᠶᠠᠮᠠᠷ ᠬᠡᠮᠵᠢᠶ᠎ᠡ ᠲᠡᠢ ᠴᠡᠴᠡᠷᠯᠢᠭ ᠪᠣᠯᠤᠨ ᠤᠷᠭᠤᠭᠰᠠᠨ ᠪᠣᠯ ᠬᠠᠶ᠋ᠢᠷ᠎ᠠ ᠶ᠋ᠢᠨ ᠰᠢᠳᠢᠲᠦ ᠦᠷ᠎ᠡ ᠪᠡᠨ ᠶᠠᠮᠠᠷ ᠪᠠᠶ᠋ᠢᠯᠭᠠᠬᠤ ᠨᠢ ᠴᠢᠮ᠎ᠠ ᠡᠴᠡ ᠥᠪᠡᠷ ᠡᠴᠡ ᠴᠢᠨᠢ ᠰᠢᠯᠲᠠᠭᠠᠯᠠᠨ᠎ᠠ᠃ ᠠᠮᠵᠢᠯᠲᠠ ᠬᠦᠰᠡᠶ᠎ᠡ! ᠨᠠᠶ᠋ᠢᠵᠠ ᠨᠤᠭᠤᠳ ᠠ᠋!
ᠦᠰᠦᠭ ᠬᠠᠳᠠᠭᠴᠢ᠄ ᠲᠣᠲᠣᠭᠡᠷᠡᠯ
ᠦᠰᠦᠭ ᠠᠮᠢᠯᠠᠭᠤᠯᠤᠭᠴᠢ᠄ ᠲᠣᠲᠣᠭᠡᠷᠡᠯ
ᠬᠢᠨᠠᠭᠴᠢ᠄ ᠤᠶᠠᠬᠠᠨ᠂ ᠭᠠᠷᠮᠡ᠂ ᠢᠷᠡᠭᠡᠲᠦᠢ
