ᠰᠣᠶᠣᠯ ᠢ᠋ᠶ᠋ᠠᠨ ᠬᠠᠢᠷᠠᠯᠠᠬᠤ ᠳ᠋ᠤ᠌- ᠭ· ᠴᠢᠩᠪᠠᠭᠠᠲᠤᠷСоёлоо хайрлахад-Г·Чинбаатар
ᠭ· ᠴᠢᠩᠪᠠᠭᠠᠲᠤᠷ
ᠮᠣᠩᠭᠣᠯ ᠨᠤᠲᠤᠭ ᠠ᠋ᠴᠠ ᠣᠯᠳᠠᠵᠤ ᠪᠣᠢ ᠡᠳ᠋ ᠦᠯᠦᠭ ᠦ᠋ᠨ ᠵᠦᠢᠯ᠂ ᠪᠢᠴᠢᠭ ᠪᠠᠷᠢᠮᠲᠠ ᠶ᠋ᠢᠨ ᠵᠦᠢᠯ ᠠᠯᠢ ᠦᠶ᠎ᠡ ᠳ᠋ᠦ᠍ ᠶᠠᠮᠠᠷ ᠰᠢᠯᠲᠠᠭᠠᠨ ᠢ᠋ᠶ᠋ᠠᠷ ᠬᠡᠳᠦᠢ ᠬᠡᠮᠵᠢᠶ᠎ᠡ ᠪᠡᠷ ᠠᠯᠳᠠᠭᠳᠠᠭᠰᠠᠨ ᠭᠡᠳᠡᠭ ᠢ᠋ ᠬᠡᠨ ᠴᠦ᠍ ᠡᠰᠡ ᠮᠡᠳᠡᠨ᠎ᠡ᠃ ᠣᠩᠭᠣᠨ ᠪᠤᠯᠠᠰᠢ᠂ ᠬᠣᠷᠢᠭ ᠴᠡᠭᠡᠷ ᠲᠡᠢ ᠭᠠᠵᠠᠷ ᠢ᠋ ᠬᠥᠨᠳᠡᠬᠦ ᠡᠴᠡ ᠴᠡᠭᠡᠷᠯᠡᠳᠡᠭ ᠮᠣᠩᠭᠣᠯᠴᠤᠳ ᠡᠬᠡ ᠨᠤᠲᠤᠭ ᠤ᠋ᠨ ᠢ᠋ᠶ᠋ᠠᠨ ᠠᠯᠲᠠᠨ ᠬᠥᠷᠥᠰᠥᠨ ᠳᠣᠣᠷ᠎ᠠ ᠡᠪᠦᠭᠡ ᠳᠡᠭᠡᠳᠦ ᠶ᠋ᠢᠨ ᠢ᠋ᠶ᠋ᠡᠨ ᠪᠦᠲᠦᠭᠡᠭᠰᠡᠨ ᠰᠣᠶᠣᠯ ᠤ᠋ᠨ ᠠᠭᠤᠤ ᠥᠪ ᠨᠦ᠍ᠭᠦᠳ ᠢ᠋ ᠬᠢᠮᠠᠭᠠᠳᠠᠨ ᠬᠠᠳᠠᠭᠠᠯᠠᠭᠰᠠᠭᠠᠷ ᠣᠯᠠᠨ ᠵᠠᠭᠤᠨ ᠵᠢᠯ ᠢ᠋ ᠤᠭᠲᠤᠵᠤ ᠦᠳᠡᠵᠡᠢ᠃ ᠮᠣᠩᠭᠣᠯᠴᠤᠳ ᠥᠪᠡᠷ ᠦ᠋ᠨ ᠲᠡᠦᠬᠡ ᠰᠣᠶᠣᠯ ᠢ᠋ᠶ᠋ᠠᠨ ᠰᠤᠳᠤᠯᠬᠤ ᠠᠵᠢᠯ ᠠᠷᠠᠢ ᠬᠣᠵᠢᠭᠤ ᠡᠬᠢᠯᠡᠭᠰᠡᠨ ᠪᠥᠭᠡᠳ ᠤᠳᠠᠭᠠᠨ ᠵᠢᠯ ᠦ᠋ᠨ ᠲᠤᠷᠰᠢ ᠰᠤᠷᠪᠤᠯᠵᠢ ᠪᠢᠴᠢᠭ ᠡᠴᠡ ᠪᠠᠷᠢᠮᠲᠠ ᠠᠪᠴᠤ ᠰᠤᠳᠤᠯᠬᠤ ᠪᠠᠷ ᠯᠠ ᠭᠣᠣᠯᠳᠠᠵᠤ ᠪᠠᠢᠭᠰᠠᠨ ᠪᠣᠯᠬᠣᠷ ᠬᠠᠭᠤᠴᠢ ᠰᠤᠳᠤᠯᠤᠯ᠂ ᠡᠳ᠋ ᠥᠯᠥᠭ ᠦ᠋ᠨ ᠴᠤᠭᠯᠠᠭᠤᠯᠭ᠎ᠠ᠂ ᠬᠥᠮᠦᠨ ᠵᠦᠢ ᠶ᠋ᠢᠨ ᠰᠤᠳᠤᠯᠤᠯ ᠤ᠋ᠨ ᠥᠪᠡᠷᠮᠢᠴᠡ ᠮᠥᠷᠲᠡᠭᠡᠨ ᠦᠷ᠎ᠡ ᠳ᠋ᠦᠩ ᠰᠠᠢᠲᠠᠢ ᠠᠷᠭ᠎ᠠ ᠨᠡᠩ ᠬᠣᠵᠢᠭᠤ ᠡᠬᠢᠯᠡᠭᠰᠡᠨ ᠶᠦᠮ᠃ ᠬᠠᠭᠤᠴᠢ ᠰᠤᠳᠤᠯᠤᠯ ᠣᠳᠣ ᠪᠣᠯᠲᠠᠯ᠎ᠠ ᠲᠡᠳᠦᠢ ᠯᠡ ᠬᠥᠭᠵᠢᠵᠦ ᠴᠢᠳᠠᠭ᠎ᠠ ᠦᠭᠡᠢ ᠪᠣᠯᠬᠣᠷ ᠮᠣᠩᠭᠣᠯ ᠨᠤᠲᠤᠭ ᠤ᠋ᠨ ᠡᠳ᠋ ᠦᠯᠦᠭ᠂ ᠣᠩᠭᠣᠨ ᠪᠤᠯᠠᠰᠢ᠂ ᠬᠣᠲᠠ ᠪᠠᠭᠤᠷᠢᠨ᠂ ᠬᠥᠰᠢᠶ᠎ᠡ ᠳᠤᠷᠠᠰᠬᠠᠯ ᠤ᠋ᠨ ᠲᠤᠬᠠᠢ ᠨᠤᠬᠤᠴᠢᠲᠠᠢ ᠰᠤᠳᠤᠯᠭᠠᠨ ᠪᠠᠷᠤᠭ ᠯᠠ ᠬᠢᠭᠳᠡᠭᠡ ᠦᠭᠡᠢ ᠪᠠᠢᠭᠰᠠᠭᠠᠷ᠃ ᠮᠠᠰᠢ ᠣᠯᠠᠨ ᠣᠩᠭᠣᠨ ᠪᠤᠯᠠᠰᠢ ᠠᠭᠤᠳᠠᠯᠤᠭᠳᠠᠨ ᠪᠠᠯᠠᠷᠠᠵᠤ᠂ ᠦᠯᠡᠮᠵᠢ ᠲᠣᠭᠠᠨ ᠤ᠋ ᠬᠠᠳᠠᠨ ᠵᠢᠷᠤᠭ᠂ ᠬᠥᠰᠢᠶ᠎ᠡ ᠳᠤᠷᠠᠰᠬᠠᠯ ᠰᠦᠢᠳᠬᠡᠭᠳᠡᠵᠦ᠂ ᠠᠰᠤᠷᠤ ᠣᠯᠠᠨ ᠡᠳ᠋ ᠦᠯᠦᠭ ᠰᠠᠷᠢᠭᠠᠴᠢᠳ ᠤ᠋ᠨ ᠭᠠᠷ ᠳᠠᠮᠵᠢᠨ ᠠᠯᠠᠭ᠎ᠠ ᠪᠣᠯᠵᠤ᠁ ᠪᠢᠳᠡᠨ ᠲᠡᠦᠬᠡ ᠰᠣᠶᠣᠯ ᠢ᠋ᠶ᠋ᠠᠨ ᠪᠠᠷᠢᠮᠲᠠ ᠳ᠋ᠤ᠌ ᠲᠤᠯᠭᠠᠭᠤᠷᠢᠯᠠᠨ ᠰᠤᠳᠤᠯᠵᠤ ᠣᠢᠯᠠᠭᠠᠬᠤ ᠪᠣᠯᠤᠮᠵᠢ ᠡᠢᠨ ᠬᠦ᠌ ᠠᠯᠳᠠᠭᠳᠠᠭᠰᠠᠭᠠᠷ ᠯᠠ ᠪᠠᠢᠭ᠎ᠠ ᠶ᠋ᠢ ᠶᠠᠭᠠᠬᠢᠨ ᠤᠪᠠᠢᠯᠠᠬᠤ ᠦᠭᠡᠢ ᠪᠠᠢᠵᠤ ᠪᠣᠯᠤᠨᠠᠮ! ᠮᠣᠩᠭᠣᠯ ᠨᠤᠲᠤᠭ ᠠ᠋ᠴᠠ ᠣᠯᠳᠠᠭᠰᠠᠨ ᠬᠠᠭᠤᠴᠢ ᠳᠤᠷᠠᠰᠬᠠᠯᠲᠤ ᠵᠦᠢᠯ ᠪᠤᠰᠤᠳ ᠤ᠋ᠨ ᠰᠤᠳᠤᠯᠭᠠᠨ ᠤ᠋ ᠳ᠋ᠦᠩ ᠳ᠋ᠦ᠍ ᠱᠠᠯ ᠥᠭᠡᠷ᠎ᠡ ᠦᠷ᠎ᠡ ᠳ᠋ᠦᠩ ᠲᠡᠢ ᠪᠣᠯᠵᠤ᠂ ᠮᠣᠩᠭᠣᠯ ᠲᠡᠦᠬᠡ ᠰᠣᠶᠣᠯ ᠲᠠᠢ ᠬᠠᠮᠢᠶ᠎ᠠ ᠴᠤ ᠦᠭᠡᠢ ᠡᠳ᠋ ᠭᠡᠭᠳᠡᠨ᠂ ᠡᠭᠦᠨ ᠦ᠌ ᠤᠴᠢᠷ ᠢ᠋ᠶ᠋ᠠᠷ ᠪᠢᠳᠡ ᠪᠠᠷᠢᠮᠲᠠ ᠮᠡᠬᠦᠰᠳᠡᠨ ᠲᠡᠦᠬᠡ ᠰᠣᠶᠣᠯ ᠦᠭᠡᠢᠳᠡᠵᠦ ᠪᠠᠢᠨ᠎ᠠ᠃ ᠨᠢᠭᠡᠨᠲᠡ ᠣᠯᠳᠠᠭᠰᠠᠨ ᠡᠳ᠋ ᠥᠯᠥᠭ ᠢ᠋ᠶ᠋ᠡᠨ ᠪᠢᠳᠡ ᠠᠯᠢ ᠵᠡᠷᠭᠡ ᠰᠤᠳᠤᠯᠪᠠ? ᠠᠢᠯ ᠠᠢᠯ ᠳ᠋ᠤ᠌ ᠪᠠᠢᠭ᠎ᠠ ᠬᠠᠭᠤᠴᠢᠨ ᠤ᠋ ᠡᠳ᠋ ᠦᠯᠦᠭ ᠢ᠋ᠶ᠋ᠡᠨ ᠪᠢᠳᠡ ᠶᠠᠭᠠᠬᠢᠵᠤ ᠬᠠᠳᠠᠭᠠᠯᠠᠬᠤ ᠪᠣᠢ?
ᠮᠣᠩᠭᠣᠯ ᠰᠣᠶᠣᠯ ᠳ᠋ᠠᠭᠠᠨ ᠲᠤᠰᠠᠲᠠᠢ ᠠᠵᠢᠯ ᠬᠢᠶ᠎ᠡ ᠭᠡᠪᠡᠰᠦ ᠥᠪᠡᠷ ᠡᠴᠡ ᠪᠡᠨ ᠡᠬᠢᠯᠡᠭᠲᠦᠨ! ᠭᠠᠷ ᠲᠠᠭᠠᠨ ᠪᠠᠢᠭ᠎ᠠ ᠶᠠᠭᠤᠮ᠎ᠠ ᠪᠠᠨ ᠨᠠᠨᠳᠢᠩᠨᠠᠭᠲᠤᠨ! ᠭᠧᠷᠮᠠᠨ ᠤ᠋ ᠠᠯᠳᠠᠷᠲᠤ ᠡᠷᠳᠡᠮᠲᠡᠨ ᠸᠡᠯᠲ᠋ᠸᠷ ᠾᠠᠢᠰᠰᠢᠭ᠌《ᠮᠣᠩᠭᠣᠯ ᠤ᠋ᠨ ᠲᠡᠦᠬᠡ ᠪᠠ ᠰᠣᠶᠣᠯ》 ᠬᠡᠮᠡᠬᠦ ᠭᠣᠶᠣ ᠨᠣᠮ ᠳ᠋ᠠᠭᠠᠨ《ᠮᠣᠩᠭᠣᠯ ᠲᠡᠦᠬᠡ ᠰᠣᠶᠣᠯ ᠢ᠋ ᠰᠤᠳᠤᠯᠬᠤ ᠳ᠋ᠤ᠌ ᠬᠤᠯᠤᠭᠠᠨ᠎ᠠ ᠶ᠋ᠢᠨ ᠨᠦᠬᠡᠨ ᠳ᠋ᠦ᠍ ᠪᠠᠢᠭ᠎ᠠ ᠲᠠᠰᠤᠷᠬᠠᠢ ᠬᠠᠭᠤᠳᠠᠰᠤ ᠶ᠋ᠢ ᠬᠦᠷᠲᠡᠯ᠎ᠡ ᠪᠢᠲᠡᠭᠡᠢ ᠣᠮᠲᠣᠭᠠᠢᠯᠠᠭᠲᠤᠨ》 ᠭᠡᠰᠡᠨ ᠪᠢᠯᠡ᠃ ᠪᠢᠳᠡᠨ ᠦ᠌ ᠠᠢᠯ ᠭᠡᠷ ᠲᠦ᠍ ᠪᠠᠢᠭ᠎ᠠ ᠠᠶᠠᠭ᠎ᠠ ᠲᠠᠭᠱᠠ᠂ ᠬᠥᠬᠦᠦᠷ ᠲᠡᠯᠢᠩ᠂ ᠡᠮᠡᠭᠡᠯ ᠬᠠᠵᠠᠭᠠᠷ᠂ ᠪᠢᠴᠢᠭ ᠰᠤᠳᠤᠷ᠂ ᠡᠭᠡᠮᠦᠭ ᠰᠦᠢᠬᠡ᠁ ᠶᠡᠷᠦ ᠨᠢ ᠠᠯᠢ ᠨᠢ ᠮᠣᠩᠭᠣᠯ ᠰᠣᠶᠣᠯ ᠮᠠᠨᠢ ᠪᠢᠰᠢ ᠪᠢᠯᠡ? ᠲᠡᠭᠦᠨ ᠢ᠋ ᠬᠠᠢᠷᠠᠯᠠᠬᠤ ᠤᠬᠠᠭ᠎ᠠ ᠰᠡᠭᠡᠭᠡ ᠲᠡᠢ ᠪᠣᠯᠵᠤ ᠬᠡᠮᠡᠨ᠎ᠡ ᠮᠣᠩᠭᠣᠯ ᠰᠣᠶᠣᠯ ᠢ᠋ᠶ᠋ᠠᠨ ᠶᠠᠭᠠᠬᠢᠵᠤ ᠬᠠᠢᠷᠠᠯᠠᠬᠤ ᠶ᠋ᠢ ᠮᠡᠳᠡᠬᠦ ᠪᠣᠯᠤᠨ᠎ᠠ᠃ ᠮᠣᠩᠭᠣᠯ ᠰᠣᠶᠣᠯ ᠭᠡᠳᠡᠭ ᠮᠠᠨᠢ ᠳᠠᠭᠤᠤ ᠬᠤᠭᠤᠷ᠂ ᠰᠢᠯᠦᠭ ᠵᠣᠬᠢᠶᠠᠯ᠂ ᠢᠷᠦᠭᠡᠯ ᠮᠠᠭᠲᠠᠭᠠᠯ᠂ ᠴᠢᠩᠭᠢᠰ ᠬᠠᠭᠠᠨ ᠯᠠ ᠪᠢᠰᠢ ᠰᠢᠦ ᠳᠡ! ᠪᠢᠳᠡᠨ ᠳ᠋ᠦ᠍ ᠮᠠᠰᠢ ᠡᠯᠪᠡᠭ᠂ ᠮᠠᠰᠢ ᠨᠠᠨᠳᠢᠨ ᠶᠠᠭᠤᠮ᠎ᠠ ᠣᠯᠠᠨ ᠪᠣᠢ᠂ ᠲᠡᠷᠡ ᠮᠥᠷᠲᠡᠭᠡᠨ ᠬᠠᠵᠠᠭᠤᠬᠠᠨ ᠳ᠋ᠤ᠌ ᠮᠢᠨᠢ ᠪᠣᠢ! ᠲᠡᠭᠦᠨ ᠡᠴᠡ ᠯᠡ ᠡᠬᠢᠯᠡᠭᠲᠦᠨ!
ᠦᠰᠦᠭ ᠠᠮᠢᠯᠠᠭᠤᠯᠤᠭᠴᠢ᠄ ᠢᠳᠰᠢᠩᠬᠣᠷᠯᠣ᠂ ᠨᠠᠷᠠᠨᠲᠤᠶᠠᠭ᠎ᠠ
ᠬᠢᠨᠠᠭᠴᠢ ᠪᠠᠭᠰᠢ᠄ ᠰᠡᠬᠡᠭᠡᠷᠡᠯ᠂ ᠤᠳᠬᠠᠨᠰᠣ᠎ᠠ
