ᠪᠢ ᠴᠣᠬᠣᠮ ᠬᠡᠨ ᠪᠣᠢ – ᠶᠣᠨᠳᠣᠨ ᠤ ᠪᠢᠯᠢᠭ᠌ - ᠪᠠᠭᠠᠲᠤᠷ Би чухам хэн бий – Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢ ᠴᠣᠬᠣᠮ ᠬᠡᠨ ᠪᠣᠢ – ᠶᠣᠨᠳᠣᠨ ᠤ ᠪᠢᠯᠢᠭ᠌ - ᠪᠠᠭᠠᠲᠤᠷ Би чухам хэн бий – Ёндоны Билиг - Баатар

ᠪᠢ ᠴᠣᠬᠣᠮ ᠬᠡᠨ ᠪᠣᠢ – ᠶᠣᠨᠳᠣᠨ ᠤ ᠪᠢᠯᠢᠭ᠌ - ᠪᠠᠭᠠᠲᠤᠷ Би чухам хэн бий – Ёндоны Билиг - Баатар

2024-07-06

414

ᠪᠢ ᠴᠣᠬᠣᠮ ᠬᠡᠨ ᠪᠣᠢ


 ᠴᠢ ᠴᠣᠬᠣᠮ ᠬᠡᠨ ᠪᠣᠢ 
 ᠴᠢ ᠬᠠᠮᠢᠭ᠎ᠠ ᠠ᠋ᠴᠠ ᠢᠷᠡᠭᠰᠡᠨ ᠶᠦᠮ ᠪᠣᠢ 
 ᠴᠢ ᠶᠠᠭᠤᠨ ᠤ᠋ ᠲᠥᠯᠥᠭᠡ ᠠᠮᠢᠳᠤᠷᠠᠭ᠎ᠠ ᠪᠣᠢ 
 ᠴᠢ ᠬᠠᠮᠤᠭ ᠡᠴᠦᠰ ᠬᠠᠮᠢᠭᠠᠰᠢ ᠪᠠᠨ ᠶᠠᠪᠤᠬᠤ ᠪᠣᠢ 

 ᠴᠢᠨᠦ ᠨᠢᠳᠦᠨ ᠳᠣᠲᠣᠷᠠᠬᠢ ᠴᠢ ᠪᠣᠯ 
 ᠴᠢ ᠯᠠᠪᠲᠠᠢ ᠪᠢᠰᠢ 
 ᠪᠤᠰᠤᠳ ᠤ᠋ᠨ ᠨᠢᠳᠦᠨ ᠳᠣᠲᠣᠷᠠᠬᠢ ᠴᠢ ᠴᠤ᠌ 
 ᠴᠢ ᠪᠠᠰᠠ ᠯᠠᠪᠲᠠᠢ ᠪᠢᠰᠢ 
 ᠴᠢᠨᠦ ᠨᠢᠳᠦᠨ ᠳᠣᠲᠣᠷᠠᠬᠢ ᠪᠤᠰᠤᠳ ᠯᠠ 
 ᠰᠠᠶᠢ ᠴᠢ ᠶᠦᠮ ᠰᠢᠦ 

 ᠪᠢ ᠴᠣᠬᠣᠮ ᠬᠡᠨ ᠪᠣᠢ 
 ᠪᠢ ᠬᠠᠮᠢᠭ᠎ᠠ ᠠ᠋ᠴᠠ ᠢᠷᠡᠭᠰᠡᠨ ᠶᠦᠮ ᠪᠣᠢ 
 ᠪᠢ ᠶᠠᠭᠤᠨ ᠤ᠋ ᠲᠥᠯᠥᠭᠡ ᠠᠮᠢᠳᠤᠷᠠᠨᠠᠮ ᠪᠣᠢ 
 ᠪᠢ ᠬᠠᠮᠤᠭ ᠡᠴᠦᠰ ᠬᠠᠮᠢᠭᠠᠰᠢ ᠪᠠᠨ ᠶᠠᠪᠤᠨᠠᠮ ᠪᠣᠢ 

 ᠮᠢᠨᠤ ᠨᠢᠳᠦᠨ ᠳᠣᠲᠣᠷᠠᠬᠢ ᠪᠢ 
 ᠪᠢ ᠥᠪᠡᠷ ᠢᠶᠠᠨ ᠯᠠᠪᠲᠠᠢ ᠪᠢᠰᠢ  
 ᠥᠷᠥᠭᠡᠯ ᠤ᠋ᠨ ᠨᠢᠳᠦᠨ ᠳᠣᠲᠣᠷᠠᠬᠢ ᠪᠢ ᠴᠤ᠌
 ᠪᠢ ᠪᠠᠰᠠ ᠯᠠᠪᠲᠠᠢ ᠪᠢᠰᠢ 
 ᠮᠢᠨᠤ ᠨᠢᠳᠦᠨ ᠳᠣᠲᠣᠷᠠᠬᠢ ᠪᠤᠰᠤᠳ ᠯᠠ 
 ᠰᠠᠶᠢ ᠪᠢ ᠮᠥᠨ ᠶᠦᠮ ᠳ᠋ᠠ 

        2024᠂ 3᠂ 18᠃  ᠰᠥᠨᠢ ᠶᠢᠨ ᠭᠦᠨ᠃

        ᠬᠥᠬᠡᠬᠣᠲᠠᠨ᠎ᠠ ᠪᠢᠰᠢᠯᠭᠠᠨ ᠪᠦᠲᠦᠭᠡᠪᠡᠢ᠃