ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠬᠣᠶᠠᠳᠤᠭᠠᠷ ᠪᠦᠯᠦᠭ᠂ ᠬᠣᠶᠠᠳᠡᠬᠢ ᠠᠶᠠᠯᠠᠯ (ᠨᠢᠭᠡ) Сэрүүхэн тал нутаг – <свис> Вальтер Босгард ( Walter Bosshard)- Хоёрдугаар бөлөг・Хоёрдэх аялал 1
ᠬᠣᠶᠠᠳᠤᠭᠠᠷ ᠪᠦᠯᠦᠭ᠂ ᠬᠣᠶᠠᠳᠡᠬᠢ ᠠᠶᠠᠯᠠᠯ
ᠨᠢᠭᠡ ᠂ 《ᠭᠣᠪᠢ ᠬᠥᠩᠭᠡᠨ ᠮᠠᠰᠢᠨ 》 ᠢ᠋ᠶ᠋ᠠᠷ ᠠᠶᠠᠯᠠᠭᠰᠠᠨ
ᠪᠢ ᠪᠡᠭᠡᠵᠢᠩ ᠳ᠋ᠡᠬᠢ ᠳᠥᠷᠪᠡᠨ ᠲᠠᠯ᠎ᠠ ᠪᠠᠷ ᠢ᠋ᠶ᠋ᠠᠨ ᠬᠦᠷᠢᠶᠡᠯᠡᠭᠳᠡᠭᠰᠡᠨ ᠬᠦᠷᠢᠶ᠎ᠡ ᠲᠡᠢ ᠪᠠᠢᠰᠢᠩ ᠳ᠋ᠠᠭᠠᠨ ᠰᠠᠭᠤᠵᠤ᠂ ᠡᠷᠬᠡ ᠴᠢᠯᠥᠭᠡ ᠲᠡᠢ᠂ ᠥᠴᠦᠬᠡᠨ ᠴᠦ᠍ ᠳᠠᠷᠤᠭᠠᠰᠤ ᠦᠭᠡᠢ ᠠᠮᠢᠳᠤᠷᠠᠯ ᠲᠠᠢ ᠨᠠᠯᠠᠭᠠᠷ ᠶᠡᠬᠡ ᠬᠥᠳᠡᠭᠡ ᠪᠡᠨ ᠪᠣᠳᠣᠯ ᠳ᠋ᠠᠭᠠᠨ ᠡᠷᠢᠨ᠎ᠡ᠃ ᠪᠦᠭᠴᠢᠮ ᠬᠠᠯᠠᠭᠤᠨ ᠵᠤᠨ ᠤ᠋ ᠦᠳᠡᠰᠢ ᠪᠢ ᠣᠷᠣ ᠪᠠᠨ ᠬᠦᠷᠢᠶᠡᠨ ᠳ᠋ᠦ᠍ ᠭᠠᠷᠭᠠᠭᠠᠳ ᠤᠨᠲᠠᠳᠠᠭ ᠶᠤᠮᠰᠠᠨ᠃ ᠡᠨᠡ ᠬᠦ᠌ ᠬᠠᠭᠤᠴᠢᠨ ᠬᠠᠭᠠᠨ ᠤ᠋ ᠬᠣᠲᠠ ᠶ᠋ᠢᠨ ᠤᠲᠤᠭ᠎ᠠ ᠮᠠᠨᠠᠨ ᠢ᠋ ᠨᠡᠪᠲᠡᠯᠦᠨ ᠪᠦᠷᠦᠯᠵᠡᠬᠦ ᠣᠳᠣᠳ ᠢ᠋ ᠬᠠᠷᠠᠬᠤ ᠪᠠᠷ ᠲᠠᠯ᠎ᠠ ᠨᠤᠲᠤᠭ ᠤ᠋ᠨ ᠣᠳᠣᠳ ᠴᠣᠬᠣᠮ ᠬᠡᠷᠢ ᠵᠡᠷᠭᠡ ᠭᠣᠶᠣ ᠭᠢᠯᠠᠯᠵᠠᠵᠤ ᠪᠠᠢᠭ᠎ᠠ ᠪᠣᠯ ᠭᠡᠵᠦ ᠪᠣᠳᠣᠭᠳᠠᠨ᠎ᠠ᠃
ᠬᠠᠷᠢᠨ 1934 ᠣᠨ ᠤ᠋ ᠶᠢᠰᠦᠳᠦᠭᠡᠷ ᠰᠠᠷ᠎ᠠ ᠶ᠋ᠢᠨ ᠨᠢᠭᠡᠨ ᠡᠳᠦᠷ ᠮᠢᠨᠦ ᠬᠠᠭᠤᠴᠢᠨ ᠲᠠᠨᠢᠯ ᠫᠡᠸᠦ᠋ᠯ ᠺᠸᠯᠯᠸᠷ ᠰᠠᠨᠠᠮᠰᠠᠷ ᠦᠭᠡᠢ ᠨᠠᠳᠠ ᠳᠡᠭᠡᠷ᠎ᠡ ᠢᠷᠡᠪᠡ᠃ ᠲᠡᠷᠡ ᠶᠠᠫᠣᠨ ᠳ᠋ᠤ᠌ ᠰᠤᠷᠤᠯᠴᠠᠬᠤ ᠪᠠᠷ ᠶᠠᠪᠤᠬᠤ ᠵᠠᠮ ᠳ᠋ᠠᠭᠠᠨ ᠰᠠᠨᠠᠭᠠᠨ ᠠ᠋ᠴᠠ ᠭᠠᠳᠠᠭᠤᠷ ᠬᠢᠲᠠᠳ ᠤ᠋ᠨ ᠡᠷᠲᠡᠨ ᠦ᠌ ᠨᠡᠢᠰᠯᠡᠯ ᠬᠣᠲᠠ ᠪᠡᠭᠡᠵᠢᠩ ᠳ᠋ᠦ᠍ ᠰᠣᠨᠢᠷᠬᠠᠯ ᠨᠢ ᠲᠠᠲᠠᠭᠳᠠᠨ ᠬᠦᠷᠴᠦ ᠢᠷᠡᠭᠰᠡᠨ ᠠᠵᠢ᠃
— ᠭᠤᠷᠪᠠᠨ ᠡᠳᠦᠷ ᠦ᠋ᠨ ᠳᠠᠷᠠᠭ᠎ᠠ ᠭᠡᠬᠦ ᠪᠡᠷ ᠮᠢᠨᠦ ᠠᠭᠤᠷᠲᠤ ᠣᠩᠭᠣᠴᠠ ᠲᠢᠶᠠᠨᠵᠢᠨ ᠠ᠋ᠴᠠ ᠺᠦᠪᠸ ᠤᠷᠤᠭᠤ ᠬᠥᠳᠡᠯᠦᠨ᠎ᠡ᠂ ᠲᠡᠷᠡ ᠪᠣᠯᠲᠠᠯ᠎ᠠ ᠪᠢ ᠪᠡᠭᠡᠵᠢᠩ ᠢ᠋ ᠲᠣᠭᠣᠷᠢᠨ ᠦᠵᠡᠬᠦ ᠴᠠᠭ ᠲᠠᠢ᠃
— ᠣᠳᠣ ᠴᠢ ᠠᠽᠢᠶ᠎ᠠ ᠳ᠋ᠤ᠌ ᠪᠠᠢᠭ᠎ᠠ ᠰᠢᠦ ! ᠲᠡᠭᠡᠬᠦ ᠳ᠋ᠡᠭᠡᠨ ᠧᠦ᠋ᠷᠣᠫᠠ ᠶ᠋ᠢᠨ ᠶᠠᠭᠠᠷᠠᠤ ᠴᠠᠭᠴᠢ ᠵᠠᠩ ᠢ᠋ᠶ᠋ᠠᠨ ᠮᠠᠷᠲᠠᠵᠤ᠂ ᠫᠠᠪᠯᠤ᠋ ᠰᠢᠭ᠋ ᠬᠣᠶᠠᠷ ᠭᠠᠷᠠᠭ ᠢ᠋ᠶ᠋ᠠᠷ ᠲᠥᠯᠥᠪᠯᠡᠨ ᠢᠷᠡᠭᠡᠳ ᠵᠢᠷᠭᠤᠭᠠᠨ ᠰᠠᠷ᠎ᠠ ᠪᠣᠯᠵᠤ ᠪᠠᠢᠭ᠎ᠠ ᠵᠠᠩ ᠢ᠋ ᠰᠤᠷᠬᠤ ᠬᠡᠷᠡᠭᠲᠡᠢ ᠳᠡ! ᠭᠡᠵᠦ ᠨᠠᠮᠠᠶ᠋ᠢ ᠬᠡᠯᠡᠬᠦ ᠳ᠋ᠦ᠍ ᠫᠠᠪᠯᠤ᠋ ᠺᠤᠬᠨᠠᠺ ᠠᠪᠴᠤ ᠥᠳᠬᠡᠨ ᠺᠣᠹᠧ ᠳ᠋ᠡᠭᠡᠨ ᠬᠢᠭᠡᠳ᠂ ᠮᠢᠨᠦ ᠶᠠᠷᠢᠶ᠎ᠠ ᠶ᠋ᠢ ᠵᠥᠪᠰᠢᠶᠡᠷᠡᠨ᠄
— ᠠᠮᠢ ᠨᠠᠰᠤ ᠭᠡᠵᠦ ᠨᠢᠭᠡ ᠲᠠᠯ᠎ᠠ ᠠ᠋ᠴᠠ ᠶᠠᠷᠢᠬᠤ ᠳ᠋ᠤ᠌ ᠡᠢᠮᠦ ᠯᠡ ᠣᠬᠣᠷᠬᠠᠨ᠂ ᠲᠡᠭᠡᠭᠡᠳ ᠶᠠᠭᠤᠨ ᠳ᠋ᠤ᠌ ᠪᠢᠳᠡ ᠠᠵᠠ ᠵᠠᠪᠰᠢᠶᠠᠨ ᠪᠠᠢᠵᠤ ᠪᠠᠢᠭᠠᠳ ᠵᠢᠷᠭᠠᠬᠤ ᠦᠭᠡᠢ ᠪᠣᠢ ? ᠭᠡᠵᠦ ᠭᠦᠨ ᠤᠬᠠᠭᠠᠯᠢᠭ ᠶᠠᠷᠢᠪᠠ᠃
ᠫᠠᠪᠯᠤ᠋ ᠮᠠᠨᠢ ᠪᠡᠭᠡᠵᠢᠩ ᠳ᠋ᠡᠬᠢ ᠵᠢᠷᠭᠠᠯᠲᠤ ᠠᠮᠢᠳᠤᠷᠠᠯ ᠢ᠋ ᠬᠠᠨᠲᠠᠯ᠎ᠠ ᠪᠠᠨ ᠡᠳ᠋ᠯᠡᠨ ᠰᠣᠭᠲᠣᠭᠤᠷᠠᠵᠤ᠂ ᠰᠠᠷ᠎ᠠ ᠭᠠᠷᠤᠢ ᠶ᠋ᠢᠨ ᠬᠤᠭᠤᠴᠠᠭᠠᠨ ᠳ᠋ᠤ᠌ ᠲᠥᠷᠥᠯ ᠰᠠᠳᠤᠨ ᠳ᠋ᠠᠭᠠᠨ ᠴᠢᠮᠡᠭᠡ ᠥᠭᠬᠦ ᠪᠡᠨ ᠬᠦᠷᠲᠡᠯ᠎ᠡ ᠪᠦᠷ ᠮᠠᠷᠲᠠᠴᠢᠬᠠᠭᠰᠠᠨ ᠪᠢᠯᠡ᠃ ᠢᠩᠭᠢᠭᠡᠳ ᠲᠡᠭᠦᠨ ᠢ᠋ ᠪᠡᠭᠡᠵᠢᠩ ᠳ᠋ᠡᠬᠢ ᠪᠠᠭᠤᠳᠠᠯ ᠤ᠋ᠨ ᠢ᠋ᠶ᠋ᠠᠨ ᠣᠷᠣᠢ ᠳᠡᠭᠡᠷ᠎ᠡ ᠡᠴᠡ ᠪᠣᠷᠣ ᠬᠣᠲᠠ ᠶ᠋ᠢᠨ ᠬᠠᠷᠠᠭ᠎ᠠ ᠪᠤᠯᠢᠶᠠᠮ᠎ᠠ ᠦᠵᠡᠮᠵᠢ ᠶ᠋ᠢ ᠰᠣᠨᠢᠷᠬᠠᠵᠤ ᠪᠠᠢᠬᠤ ᠪᠤᠶᠤ ᠰᠦᠮ᠎ᠡ ᠬᠡᠢᠳ᠂ ᠣᠷᠳᠣᠨ ᠬᠠᠷᠰᠢ ᠪᠠᠷ ᠴᠠᠭ ᠢ᠋ᠶ᠋ᠠᠨ ᠮᠠᠷᠲᠠᠨ ᠲᠣᠭᠣᠷᠢᠵᠤ᠂ ᠭᠣᠶᠣ ᠦᠵᠡᠮᠵᠢᠨ ᠳ᠋ᠦ᠍ᠨᠢ ᠰᠣᠭᠲᠣᠭᠤᠷᠠᠨ ᠪᠠᠶᠠᠷᠯᠠᠵᠤ ᠪᠠᠢᠬᠤ ᠳ᠋ᠤ᠌ ᠭᠡᠷ ᠪᠦᠯᠢ ᠶ᠋ᠢᠨ ᠬᠥᠮᠦᠰ ᠨᠢ ᠲᠡᠭᠦᠨ ᠢ᠋ ᠠᠯᠠᠭ᠎ᠠ ᠪᠣᠯᠴᠢᠬᠠᠯ᠎ᠠ ᠭᠡᠮᠡᠨ ᠠᠯᠤᠰ ᠳᠣᠷᠣᠨᠠᠲᠤ ᠶ᠋ᠢᠨ ᠡᠯᠴᠢᠨ ᠰᠠᠢᠳ ᠤ᠋ᠨ ᠭᠠᠵᠠᠷ ᠤ᠋ᠳ ᠲᠠᠢ ᠬᠠᠷᠢᠯᠴᠠᠨ ᠬᠡᠳᠦ ᠬᠡᠳᠦᠨ ᠭᠠᠷᠠᠭ ᠢ᠋ᠶ᠋ᠠᠷ ᠡᠷᠢᠯ ᠪᠣᠯᠵᠤ ᠰᠦᠢᠳ ᠪᠤᠯᠵᠠᠭᠠᠭᠰᠠᠨ ᠠᠵᠢ᠃
— ᠲᠡᠭᠡᠪᠡᠯ ᠪᠢ ᠵᠥᠪᠬᠡᠨ ᠬᠠᠮᠤᠭ ᠤ᠋ᠨ ᠭᠣᠶᠣ ᠶ᠋ᠢ ᠨᠢ ᠯᠡ ᠦᠵᠡᠨ᠎ᠡ ᠭᠡᠵᠦ ᠨᠠᠢᠵᠠ ᠺᠸᠯᠯᠸᠷ ᠮᠢᠨᠢ ᠶᠠᠷᠢᠬᠤ ᠳ᠋ᠤ᠌ ᠪᠢ :
— ᠲᠡᠭᠡᠪᠡᠯ ᠲᠡᠷᠡ ᠴᠢᠨᠢ ᠠᠳᠠ ᠠ᠋ᠴᠠ ᠶᠣᠰᠣᠲᠠᠢ ᠬᠣᠯᠠ ᠰᠢᠦ ᠭᠡᠵᠦ ᠬᠠᠷᠢᠭᠤᠯᠤᠭᠠᠳ᠂ ᠮᠣᠩᠭᠣᠯ ᠳ᠋ᠤ᠌ ᠰᠡᠭᠦᠳᠡᠷᠯᠡᠭᠰᠡᠨ ᠰᠡᠭᠦᠳᠡᠷ ᠦ᠋ᠳ ᠢ᠋ᠶ᠋ᠡᠨ ᠭᠠᠷᠭᠠᠯ᠎ᠠ᠃ ᠫᠠᠪᠯᠤ᠋ ᠡᠳᠡᠭᠡᠷ ᠢ᠋ ᠨᠢᠭᠡᠨᠲᠡ ᠦᠵᠡᠭᠰᠡᠨ ᠪᠥᠭᠡᠳ ᠠᠯᠢ ᠬᠡᠵᠢᠶᠡᠨ ᠡᠴᠡ ᠮᠣᠩᠭᠣᠯ ᠨᠤᠲᠤᠭ ᠮᠢᠨᠦ ᠳᠤᠷ᠎ᠠ ᠶ᠋ᠢ ᠬᠢᠷᠢ ᠵᠡᠷᠭᠡ ᠲᠠᠲᠠᠵᠤ ᠪᠠᠢᠳᠠᠭ ᠢ᠋ ᠲᠠᠭᠠᠮᠠᠭᠯᠠᠨ ᠣᠯᠤᠭᠰᠠᠨ ᠪᠠᠢᠵᠠᠢ᠃ ᠫᠠᠪᠯᠤ᠋ ᠪᠠᠷᠠᠭᠤᠨ ᠭᠠᠷ ᠤ᠋ᠨ ᠡᠷᠡᠬᠡᠢ ᠬᠤᠷᠤᠭᠤ ᠪᠠᠨ ᠮᠠᠩᠨᠠᠢ ᠳ᠋ᠠᠭᠠᠨ ᠲᠤᠯᠭᠠᠵᠤ ᠤᠳᠠᠰᠬᠢᠭᠰᠡᠨ ᠢ᠋ᠶ᠋ᠡᠨ:
— ᠨᠠᠳᠠ ᠨᠢᠭᠡ ᠪᠣᠳᠣᠯ ᠪᠠᠢᠨ᠎ᠠ᠂ ᠪᠢᠳᠡ ᠭᠤᠷᠪᠠᠭᠤᠯᠠ ᠬᠠᠮᠲᠤ ᠪᠠᠷ ᠮᠣᠩᠭᠣᠯ ᠢ᠋ᠶ᠋ᠠᠷ ᠨᠢᠭᠡ ᠤᠳᠠᠭ᠎ᠠ ᠠᠶᠠᠯᠠᠰᠤᠭᠠᠢ ! ᠭᠡᠵᠦ ᠶᠠᠷᠢᠯ᠎ᠠ᠃
— ᠶᠣᠰᠣᠲᠠᠢ ᠭᠣᠶᠣ ! ᠫᠠᠪᠯᠤ᠋ ᠭᠡᠵᠦ ᠪᠢ ᠬᠠᠰᠬᠢᠷᠤᠭᠠᠳ᠂ ᠡᠨᠡ ᠭᠠᠷᠠᠭ ᠤ᠋ᠨ ᠲᠤᠷᠰᠢᠬᠢ ᠴᠢᠨᠦ ᠬᠠᠮᠤᠭ ᠤ᠋ᠨ ᠵᠥᠪ ᠪᠣᠳᠣᠯ ᠴᠢᠨᠢ ᠡᠨᠡ! ᠭᠡᠯᠡ᠃ ᠫᠡᠸᠦ᠋ᠯ ᠺᠸᠯᠯᠸᠷ ᠳᠣᠣᠷ᠎ᠠ ᠪᠠᠨ ᠡᠰᠡᠷᠭᠦ ᠰᠠᠨᠠᠯ ᠭᠠᠷᠭᠠᠨ ᠬᠡᠷᠬᠢᠪᠡᠴᠦ ᠭᠤᠷᠪᠠᠨ ᠡᠳᠦᠷ ᠦ᠋ᠨ ᠳᠠᠷᠠᠭ᠎ᠠ ᠶᠠᠫᠣᠨ ᠵᠦᠭ ᠠᠶᠠᠯᠠᠬᠤ ᠶᠣᠰᠣᠲᠠᠢ ᠭᠡᠪᠡ᠃ ᠭᠡᠪᠡᠴᠦ ᠮᠢᠨᠦ ᠮᠣᠩᠭᠣᠯ ᠳ᠋ᠠᠬᠢ ᠭᠡᠷᠡᠯ ᠵᠢᠷᠤᠭ ᠤ᠋ᠳ ᠢ᠋ ᠦᠵᠡᠬᠦ ᠳᠣᠳᠣᠮ ᠲᠡᠭᠦᠨ ᠦ᠌ ᠡᠰᠡᠷᠭᠦᠴᠡᠯ ᠨᠢ ᠤᠯᠠᠮ ᠰᠤᠯᠠᠷᠠᠭᠰᠠᠭᠠᠷ᠂ ᠴᠠᠭ ᠤ᠋ᠨ ᠳᠠᠷᠠᠭ᠎ᠠ ᠪᠣᠯᠬᠤ ᠳ᠋ᠤ᠌ ᠪᠢᠳᠡᠨ ᠦ᠌ ᠰᠠᠨᠠᠬ᠎ᠠ ᠨᠢᠭᠡᠨᠲᠡ ᠨᠢᠭᠡᠳᠦᠭᠡᠳ᠂ ᠭᠠᠵᠠᠷ ᠤ᠋ᠨ ᠵᠢᠷᠤᠭ ᠢ᠋ ᠲᠣᠭᠣᠷᠢᠨ ᠰᠠᠭᠤᠵᠠᠭᠠᠵᠤ᠂ ᠠᠶᠠᠯᠠᠯ ᠤ᠋ᠨ ᠲᠥᠰᠥᠪ ᠢ᠋ᠶ᠋ᠡᠨ ᠬᠡᠯᠡᠯᠴᠡᠨ ᠡᠬᠢᠯᠡᠪᠡ᠃ ᠮᠢᠨᠦ ᠪᠣᠳᠣᠯ ᠢ᠋ᠶ᠋ᠠᠷ ᠪᠣᠯ ᠴᠢᠭᠤᠯᠤᠯᠲᠤ ᠬᠠᠭᠠᠯᠭ᠎ᠠ ᠪᠠᠷ ᠳᠠᠭᠠᠷᠢᠨ ᠬᠤᠪᠢᠯᠠᠢ ᠬᠠᠭᠠᠨ ᠤ᠋ ᠮᠡᠷᠭᠦ ᠫᠣᠯᠣ ᠶ᠋ᠢ ᠬᠦᠯᠢᠶᠡᠨ ᠠᠪᠴᠤ ᠠᠭᠤᠯᠵᠠᠭᠰᠠᠨ ᠡᠷᠲᠡᠨ ᠦ᠌ ᠮᠣᠩᠭᠣᠯ ᠤ᠋ᠨ ᠵᠤᠰᠠᠯᠠᠩ ᠲᠤᠯᠤᠨ ᠨᠠᠭᠤᠷ ᠬᠦᠷᠴᠦ ᠳᠠᠬᠢᠨ ᠲᠡᠨᠳᠡ ᠡᠴᠡ ᠶᠠᠪᠤᠨᠴᠤᠳ ᠤ᠋ᠨ ᠰᠢᠨ᠎ᠡ ᠵᠠᠰᠠᠭᠰᠠᠨ ᠵᠠᠮ ᠢ᠋ᠶ᠋ᠠᠷ ᠠᠭᠤᠯᠠ ᠨᠢᠷᠤᠭᠤᠳ ᠢ᠋ ᠳᠠᠪᠠᠨ ᡁᠢᠯᠢ ᠣᠷᠣᠨ᠎ᠠ᠃ ᠮᠢᠨᠦ ᠶᠠᠷᠢᠭᠰᠠᠨ ᠲᠥᠰᠥᠪ ᠢ᠋ ᠭᠠᠵᠠᠷ ᠤ᠋ᠨ ᠵᠢᠷᠤᠭ ᠠ᠋ᠴᠠ ᠬᠠᠷᠠᠬᠤ ᠳ᠋ᠤ᠌ ᠶᠣᠰᠣᠲᠠᠢ ᠵᠥᠪ ᠪᠠᠢᠯ᠎ᠠ᠃ ᠮᠥᠨ ᠣᠷᠣᠢ ᠳ᠋ᠠᠭᠠᠨ ᠪᠢ ᠲᠦᠷᠦᠭᠦᠴᠢ ᠶ᠋ᠢᠨ ᠥᠷᠲᠡᠭᠡ ᠴᠢᠭᠤᠯᠤᠯᠲᠤ ᠬᠠᠭᠠᠯᠭ᠎ᠠ ᠳ᠋ᠤ᠌ ᠤᠲᠠᠰᠤᠳᠠᠭᠰᠠᠨ ᠪᠢᠯᠡ᠃
ᠡᠨᠡ ᠤᠳᠠᠭ᠎ᠠ ᠪᠢᠳᠡ ᠴᠢᠭᠤᠯᠤᠯᠲᠤ ᠬᠠᠭᠠᠯᠭ᠎ᠠ ᠳ᠋ᠤ᠌ ᠣᠷᠣᠰ ᠤ᠋ᠨ ᠬᠢᠵᠢᠶᠡᠯ ᠨᠠᠰᠤᠨ ᠤ᠋ ᠠᠬᠠᠯᠠᠭᠴᠢ ᠳ᠋ᠢᠮᠢᠲᠷᠸᠸ ᠦ᠋ᠨ ᠳ᠋ᠦ᠍ ᠬᠣᠨᠣᠭᠯᠠᠯᠠ᠃ ᠡᠨᠡ ᠣᠷᠣᠰ ᠪᠣᠯ ᠬᠢᠲᠠᠳ ᠤ᠋ᠨ ᠢ ᠾᠧ ᠲᠤᠸᠠᠨ ᠤ᠋ ᠬᠥᠳᠡᠯᠭᠡᠭᠡᠨ ᠳ᠋ᠦ᠍ ᠥᠷᠲᠥᠨ ᠳᠠᠭᠠᠷᠢᠭᠳᠠᠵᠤ ᠥᠩᠭᠡᠷᠡᠭᠰᠡᠨ ᠪᠥᠭᠡᠳ ᠣᠷᠣᠰ ᠤ᠋ᠨ ᠬᠤᠪᠢᠰᠬᠠᠯ ᠤ᠋ᠨ ᠳᠠᠷᠠᠭ᠎ᠠ ᠮᠣᠩᠭᠣᠯ ᠤ᠋ᠨ ᠵᠠᠬ᠎ᠠ ᠳ᠋ᠠᠬᠢ ᠡᠨᠡ ᠪᠠᠭᠤᠳᠠᠯ ᠢ᠋ ᠡᠵᠡᠩᠨᠡᠨ ᠦᠯᠡᠳᠡᠭᠰᠡᠨ ᠶᠦᠮ᠃ ᠬᠡᠷᠪᠡ ᠲᠡᠭᠦᠨ ᠢ᠋ ᠲᠦᠷᠦᠭᠦᠨ ᠦ᠌ ᠲᠡᠮᠡᠭᠡᠨ ᠵᠢᠩᠴᠢᠳ ᠳᠦᠭᠦᠷᠲᠡᠯ᠎ᠡ ᠪᠠᠭᠤᠳᠠᠯᠯᠠᠭᠰᠠᠨ ᠪᠠᠭᠤᠳᠠᠯ ᠤ᠋ᠨ ᠡᠵᠡᠨ ᠪᠠᠢᠭᠰᠠᠨ ᠲᠠᠢ ᠠᠳᠠᠯᠢᠳᠬᠠᠪᠠᠯ ᠶᠣᠰᠣᠲᠠᠢ ᠯᠠ ᠬᠢᠳᠡᠯ ᠢ᠋ᠶ᠋ᠡᠨ ᠪᠠᠷᠠᠭᠰᠠᠨ ᠣᠷᠣᠰ ᠤ᠋ᠨ ᠲᠣᠮᠣ ᠢᠵᠠᠭᠤᠷᠲᠠᠨ ᠪᠣᠯᠵᠠᠢ᠃ ᠲᠡᠭᠦᠨ ᠦ᠌ ᠰᠠᠢᠬᠠᠨ ᠴᠠᠭ ᠨᠢ ᠨᠢᠭᠡᠨᠲᠡ ᠥᠩᠭᠡᠷᠡᠨ ᠣᠳᠴᠤ᠂ ᠪᠦᠬᠦ ᠥᠷᠥᠭᠡ ᠨᠥᠬᠥᠳ ᠨᠢ ᠬᠣᠭᠣᠰᠣᠨ ᠪᠣᠯᠵᠠᠢ᠃ ᠧᠦ᠋ᠷᠣᠫᠠ ᠠᠮᠧᠷᠢᠺᠠ ᠶ᠋ᠢᠨ ᠠᠷᠠᠰᠤ ᠨᠣᠣᠰᠣᠨ ᠤ᠋ ᠬᠤᠳᠠᠯᠳᠤᠭᠠᠴᠢᠳ ᠲᠤ᠌ ᠵᠣᠷᠢᠭᠤᠯᠤᠭᠳᠠᠭᠰᠠᠨ ᠪᠠᠶᠠᠷ ᠨᠠᠢᠷ ᠤ᠋ᠨ ᠲᠢᠩᠬᠢᠮ ᠦ᠋ᠨ ᠠᠳᠠᠭᠠᠷ ᠤ᠋ᠨ ᠴᠣᠬᠣᠢ ᠨᠢ ᠬᠠᠭᠤᠷᠠᠵᠤ᠂ ᠬᠡᠷᠡᠮ ᠦ᠋ᠨ ᠴᠠᠭᠠᠰᠤ ᠨᠢ ᠤᠷᠠᠭᠳᠠᠨ ᠠᠳᠠ ᠲᠡᠨᠳᠡ ᠤᠨᠵᠢᠢᠵᠤ᠂ ᠥᠩᠭᠡ ᠵᠢᠪᠠᠷ ᠢ᠋ᠶ᠋ᠠᠨ ᠠᠯᠳᠠᠭᠰᠠᠨ ᠲᠡᠭᠦᠯᠳᠡᠷ ᠬᠤᠭᠤᠷ ᠨᠢ ᠲᠢᠩᠬᠢᠮ ᠦ᠋ᠨ ᠪᠤᠯᠤᠩ ᠳ᠋ᠤ᠌ ᠲᠣᠭᠣᠰᠤᠨᠠ ᠳᠠᠷᠤᠭᠳᠠᠨ ᠬᠣᠷᠣᠬᠠᠢᠲᠤᠵᠠᠢ᠃
ᠮᠢᠨᠦ ᠨᠠᠢᠵᠠ ᠫᠦᠷᠫᠢᠰᠰ ᠪᠥᠭᠡᠷᠡᠨ ᠦ᠌ ᠬᠦᠨᠳᠦ ᠦᠷᠪᠢᠰᠦᠯ ᠳ᠋ᠦ᠍ ᠨᠡᠷᠪᠡᠭᠳᠡᠵᠦ᠂ ᠬᠡᠪᠲᠡᠷᠢ ᠳ᠋ᠡᠭᠡᠨ ᠪᠠᠢᠭᠰᠠᠨ ᠪᠥᠭᠡᠳ ᠪᠢᠳᠡᠨ ᠦ᠌ ᠬᠦᠷᠦᠭᠰᠡᠨ ᠦ᠌ ᠮᠠᠷᠭᠠᠰᠢ ᠨᠢ ᠪᠡᠭᠡᠵᠢᠩ ᠳ᠋ᠡᠬᠢ ᠭᠧᠷᠮᠠᠨ ᠡᠮᠨᠡᠯᠭᠡ ᠳ᠋ᠦ᠍ ᠬᠦᠷᠭᠡᠬᠦ ᠪᠡᠷ ᠪᠠᠢᠯ᠎ᠠ᠃
— ᠡᠨᠡ ᠤᠳᠠᠭ᠎ᠠ ᠪᠢ ᠵᠥᠪᠬᠡᠨ 《ᠭᠣᠪᠢ ᠬᠥᠩᠭᠡᠨ ᠮᠠᠰᠢᠨ 》 ᠢ᠋ ᠯᠡ ᠲᠠᠨ ᠳ᠋ᠤ᠌ ᠥᠭᠴᠦ ᠳᠡᠢᠯᠦᠨ᠎ᠡ᠃ ᠪᠤᠢᠺ ᠮᠠᠰᠢᠨ ᠢ᠋ ᠳᠡᠮᠴᠦᠭ᠌ᠳᠣᠩᠷᠤᠪ ᠨᠣᠶᠠᠨ ᠳ᠋ᠤ᠌ ᠪᠡᠯᠡᠭᠯᠡᠨ ᠥᠭᠭᠦᠭᠰᠡᠨ᠂ ᠰᠢᠨ᠎ᠡ ᠫᠠᠺᠠᠷᠳ᠋ ᠮᠠᠰᠢᠨ ᠨᠢᠭᠡ ᠭᠠᠷᠠᠭ ᠤ᠋ᠨ ᠳᠠᠷᠠᠭ᠎ᠠ ᠰᠠᠶᠢ ᠱᠠᠩᠬᠠᠢ ᠠ᠋ᠴᠠ ᠪᠤᠴᠠᠵᠤ ᠢᠷᠡᠬᠦ ᠪᠥᠭᠡᠳ ᠮᠥᠨ ᠱᠢᠯᠦᠹ ᠮᠠᠰᠢᠨ ᠴᠤ᠌ ᠶᠡᠬᠡ ᠬᠦᠷᠢᠶ᠎ᠡ ᠣᠷᠣᠬᠤ ᠵᠠᠮ ᠳ᠋ᠠᠭᠠᠨ ᠪᠠᠢᠨ᠎ᠠ ᠭᠡᠵᠦ ᠲᠡᠷᠡ ᠡᠪᠡᠳᠴᠢᠲᠡᠨ ᠦ᠌ ᠵᠢᠵᠢᠭ ᠥᠷᠥᠭᠡᠨ ᠳ᠋ᠡᠭᠡᠨ ᠬᠠᠯᠠᠭᠤᠷᠠᠵᠤ ᠬᠡᠪᠲᠡᠬᠦ ᠳ᠋ᠡᠭᠡᠨ ᠨᠠᠳᠠ ᠶᠠᠷᠢᠪᠠ᠃
ᠪᠢᠳᠡ《ᠭᠣᠪᠢ ᠬᠥᠩᠭᠡᠨ ᠮᠠᠰᠢᠨ 》 ᠢ᠋ ᠬᠠᠷᠠᠯ᠎ᠠ᠃ ᠶᠣᠰᠣᠲᠠᠢ ᠯᠠ ᠠᠶᠠᠯᠠᠬᠤ ᠳ᠋ᠤ᠌ ᠲᠣᠬᠢᠷᠠᠭᠰᠠᠨ ᠬᠥᠩᠭᠡᠨ ᠮᠠᠰᠢᠨ ᠪᠠᠢᠯ᠎ᠠ᠃ ᠫᠦᠷᠫᠠᠰᠰ ᠮᠠᠰᠢᠨ ᠢ᠋ ᠪᠢᠳᠡᠨ ᠦ᠌ ᠰᠠᠨᠠᠭᠠᠨ ᠳ᠋ᠤ᠌ ᠲᠣᠬᠢᠷᠠᠬᠤ ᠪᠠᠷ ᠵᠠᠰᠠᠭᠤᠯᠵᠤ᠂ ᠠᠴᠢᠶᠠᠨ ᠤ᠋ ᠮᠠᠰᠢᠨ ᠠ᠋ᠴᠠ ᠭᠤᠷᠪᠠ ᠳᠥᠷᠪᠡᠨ ᠬᠥᠮᠦᠨ ᠰᠠᠭᠤᠳᠠᠭ ᠣᠯᠪᠣᠭ ᠠᠪᠴᠢᠷᠠᠭᠤᠯᠤᠯᠠ᠃ ᠪᠦᠲᠡᠭᠡᠯᠭᠡ ᠲᠡᠢ ᠮᠠᠰᠢᠨ ᠤ᠋ ᠠᠷᠤ ᠶ᠋ᠢᠨ ᠬᠠᠢᠷᠴᠠᠭ ᠲᠤ᠌ ᠪᠢᠳᠡᠨ ᠦ᠌ ᠪᠦᠬᠦ ᠠᠴᠢᠶ᠎ᠠ ᠪᠣᠯᠤᠨ ᠴᠢᠯᠠᠭᠤᠨ ᠲᠣᠰᠣ ᠪᠠᠨ ᠠᠴᠢᠶᠠᠯᠠᠵᠤ ᠪᠠᠭᠲᠠᠬᠤ ᠪᠥᠭᠡᠳ ᠰᠥᠨᠢ ᠳ᠋ᠡᠭᠡᠨ ᠴᠢᠬᠤᠯᠠ ᠲᠠᠢ ᠪᠣᠯ ᠲᠦᠰᠢᠯᠭᠡ ᠪᠡᠨ ᠪᠠᠭᠤᠯᠭᠠᠵᠤ᠂ ᠵᠢᠯᠣᠭᠣᠴᠢ ᠪᠠ ᠬᠠᠪᠰᠤᠷᠤᠭᠴᠢ ᠶ᠋ᠢᠨ ᠤᠨᠲᠠᠬᠤ ᠲᠠᠭᠠᠲᠠᠢᠬᠠᠨ ᠥᠷᠥᠭᠡ ᠪᠣᠯᠭᠠᠵᠤ᠂ ᠬᠦᠢᠲᠡᠨ ᠳ᠋ᠦ᠍ ᠪᠠᠰᠠ ᠠᠰᠠᠭᠠᠭᠰᠠᠨ ᠮᠣᠲ᠋ᠣᠷ ᠢ᠋ᠶ᠋ᠠᠷ ᠨᠢ ᠳᠤᠯᠠᠭᠠᠴᠠᠵᠤ ᠪᠣᠯᠤᠨ᠎ᠠ᠃
ᠪᠢᠳᠡᠨ ᠳ᠋ᠦ᠍ ᠵᠢᠯᠣᠭᠣᠴᠢ ᠹᠡᠷᠡᠹᠦᠨᠲ᠋ᠦᠹ ᠠᠯᠢ ᠣᠯᠠᠨ ᠤᠷ᠎ᠠ ᠳᠠᠮ ᠢ᠋ᠶ᠋ᠠᠨ ᠭᠠᠢᠬᠠᠭᠤᠯᠵᠤ ᠪᠠᠢᠬᠤ ᠶ᠋ᠢᠨ ᠬᠣᠭᠣᠷᠣᠨᠳᠣ ᠪᠢ :
— ᠨᠡᠷ᠎ᠡ ᠶ᠋ᠢ ᠨᠢ ᠪᠢᠴᠢᠵᠦ ᠳᠡᠭᠡᠷ᠎ᠡ ᠨᠢ ᠡᠯᠭᠦᠪᠡᠯ ᠨᠡᠩ ᠰᠠᠢᠨ ᠳᠠ ᠭᠡᠵᠦ ᠶᠠᠷᠢᠪᠠᠯ ᠢᠰᠲ᠋ᠸᠯ ᠬᠡᠮᠡᠬᠦ ᠨᠡᠷ᠎ᠡ ᠲᠡᠢ ᠠᠳᠠᠯᠢ ᠦᠵᠡᠯᠲᠡ ᠪᠦᠬᠦᠢ ᠵᠠᠯᠠᠭᠤ ᠠᠵᠢᠯᠲᠠᠨ ᠠᠯᠪᠠᠨ ᠭᠡᠷ ᠲᠡᠭᠡᠨ ᠣᠷᠣᠵᠤ᠂ ᠴᠠᠭ ᠤ᠋ᠨ ᠳᠠᠷᠠᠭ᠎ᠠ 《ᠭᠣᠪᠢ ᠬᠥᠩᠭᠡᠨ ᠮᠠᠰᠢᠨ 》 ᠭᠡᠵᠦ ᠳᠡᠭᠡᠷ᠎ᠡ ᠨᠢ ᠲᠣᠮᠣ ᠪᠠᠷ ᠪᠢᠴᠢᠭᠰᠡᠨ ᠤᠷᠲᠤ ᠪᠥᠰ ᠠᠪᠴᠢᠷᠠᠪᠠ ( ᠵᠢᠷᠤᠭ 46 ) ᠃
ᠤᠳᠠᠯ ᠦᠭᠡᠢ ᠪᠢᠳᠡ ᠬᠢᠲᠠᠳ ᠤ᠋ᠨ ᠵᠠᠰᠠᠭ ᠤ᠋ᠨ ᠠᠵᠢᠯᠲᠠᠳ ᠤ᠋ᠨ ᠲᠡᠨᠳᠡ ᠬᠦᠴᠢᠷᠳᠡᠯ ᠳ᠋ᠦ᠍ ᠲᠤᠯᠭᠠᠷᠠᠪᠠ᠃ ᠪᠢᠳᠡ ᠲᠤᠯᠤᠨ ᠨᠠᠭᠤᠷ ᠬᠦᠷᠬᠦ ᠱᠠᠭᠠᠷᠳᠠᠯᠭ᠎ᠠ ᠲᠠᠢ ᠪᠣᠯᠪᠠᠴᠤ ᠲᠡᠨᠳᠡ ᠬᠦᠷᠬᠦ ᠵᠠᠮ ᠲᠠᠢᠪᠤᠩ ᠪᠤᠰᠤ ᠤᠴᠢᠷ ᠰᠠᠢᠨ ᠪᠣᠳᠣᠯᠬᠢᠯᠠᠬᠤ ᠴᠢᠬᠤᠯᠠᠲᠠᠢ ᠪᠣᠯᠤᠯ᠎ᠠ᠃ ᠦᠨᠡᠨ ᠰᠢᠯᠲᠠᠭᠠᠨ ᠢ᠋ ᠨᠢ ᠲᠠᠭᠠᠮᠠᠭᠯᠠᠬᠤ ᠳ᠋ᠤ᠌ ᠲᠡᠢᠮᠦ ᠬᠦᠴᠢᠷ ᠪᠢᠰᠢ᠂ ᠬᠡᠳᠦᠨ ᠭᠠᠷᠠᠭ ᠤ᠋ᠨ ᠡᠮᠦᠨ᠎ᠡ ᠡᠨᠡ ᠬᠦ᠌ ᠬᠠᠭᠤᠴᠢᠨ ᠠᠷᠠᠯᠵᠢᠶᠠᠨ ᠤ᠋ ᠬᠣᠲᠠ ᠪᠣᠯᠬᠤ ᠲᠤᠯᠤᠨ ᠨᠠᠭᠤᠷ ᠢ᠋ ᠶᠠᠫᠣᠨᠴᠤᠳ ᠰᠡᠮᠡᠬᠡᠷ ᠡᠵᠡᠯᠡᠴᠢᠬᠡᠭᠰᠡᠨ ᠪᠠᠢᠪᠠ᠃ ᠬᠢᠲᠠᠳ ᠤ᠋ᠳ ᠨᠢᠭᠡ ᠲᠠᠯ᠎ᠠ ᠪᠠᠷ ᠡᠨᠡ ᠬᠦ᠌ ᠰᠢᠨᠡᠬᠡᠨ ᠠᠯᠳᠠᠭᠰᠠᠨ ᠭᠠᠵᠠᠷ ᠤ᠋ᠨ ᠮᠡᠳᠡᠭᠡ ᠪᠡᠨ ᠨᠢᠭᠤᠴᠠᠭᠠᠢᠯᠠᠬᠤ ᠰᠠᠨᠠᠭᠠᠲᠠᠢ ᠪᠥᠭᠡᠳ ᠨᠥᠭᠦᠭᠡ ᠲᠠᠯ᠎ᠠ ᠪᠠᠷ ᠬᠢᠵᠠᠭᠠᠷ ᠣᠷᠣᠨ ᠳ᠋ᠠᠬᠢ ᠬᠠᠷᠢ ᠶ᠋ᠢᠨ ᠬᠥᠮᠦᠰ ᠢ᠋ ᠳᠤᠷ᠎ᠠ ᠪᠠᠷ ᠢ᠋ᠶ᠋ᠠᠨ ᠠᠭᠠᠰᠢᠯᠠᠬᠤ ᠵᠡᠷᠯᠢᠭ ᠴᠡᠷᠢᠭ ᠦ᠋ᠳ ᠡᠴᠡ ᠬᠠᠮᠠᠭᠠᠯᠠᠬᠤ ᠭᠡᠰᠡᠨ ᠰᠠᠨᠵᠠᠢ᠃
ᠪᠢ ᠰᠢᠨ᠎ᠡ ᠵᠠᠮ ᠢ᠋ ᠡᠷᠢᠯᠬᠢᠯᠡᠵᠦ᠂ ᠲᠡᠳᠡᠨ ᠳ᠋ᠦ᠍ ᠤᠷᠢᠳ ᠢ᠋ᠶ᠋ᠠᠷ ᠯᠠᠷᠰᠤᠨ ᠬᠦᠩ ᠦ᠋ᠨ ᠬᠢ ᠪᠡᠷ ᠳᠠᠭᠠᠷᠢᠨ ᠭᠠᠷᠬᠤ ᠰᠠᠨᠠᠭᠤᠯᠭ᠎ᠠ ᠶ᠋ᠢ ᠭᠠᠷᠭᠠᠭᠰᠠᠨ ᠳ᠋ᠤ᠌ ᠲᠡᠳᠡ ᠳᠣᠣᠷ᠎ᠠ ᠪᠠᠨ ᠵᠥᠪᠰᠢᠶᠡᠷᠡᠪᠡ᠃ ᠪᠢᠳᠡ ᠬᠡᠷᠪᠡ ᠸᠠᠨ ᠴᠤᠸᠠᠨ ᠳᠠᠪᠠᠭ᠎ᠠ ᠶ᠋ᠢ ᠳᠠᠪᠠᠴᠢᠬᠠᠪᠠᠯ᠂ ᠳᠠᠷᠠᠭ᠎ᠠ ᠨᠢ ᠲᠤᠯᠤᠨ ᠨᠠᠭᠤᠷ ᠬᠦᠷᠲᠡᠯᠡᠬᠢ ᠵᠠᠮ ᠭᠦᠢᠴᠡᠳ ᠨᠡᠭᠡᠭᠡᠭᠳᠡᠬᠦ ᠪᠣᠯᠤᠨ᠎ᠠ᠃ ᠤᠴᠢᠷ ᠨᠢ ᠲᠠᠯ᠎ᠠ ᠨᠤᠲᠤᠭ ᠲᠤ᠌ ᠵᠣᠯ ᠢ᠋ᠶ᠋ᠠᠷ ᠫᠠᠰᠫᠣᠷᠲ ᠰᠢᠯᠭᠠᠯᠲᠠ ᠪᠣᠯᠤᠨ ᠵᠠᠮ ᠬᠠᠷᠢᠯᠴᠠᠭᠠᠨ ᠤ᠋ ᠴᠠᠭᠳᠠᠭ᠎ᠠ ᠭᠡᠵᠦ ᠶᠡᠷᠦ ᠡᠴᠡ ᠪᠡᠨ ᠪᠠᠢᠳᠠᠭ ᠦᠭᠡᠢ ᠪᠢᠯᠡ᠃
ᠪᠢᠳᠡᠨ ᠦ᠌ ᠠᠶᠠᠯᠠᠯ ᠮᠢᠨᠦ ᠪᠣᠳᠣᠭᠰᠠᠨ ᠠ᠋ᠴᠠ ᠬᠤᠷᠳᠤᠨ ᠪᠦᠲᠦᠮᠵᠢᠲᠡᠢ ᠪᠣᠯᠵᠤ᠂ ᠬᠠᠭᠤᠷᠠᠢ ᠭᠣᠣᠯ ᠢ᠋ ᠳᠠᠭᠠᠭᠰᠠᠨ ᠰᠢᠨᠡᠬᠡᠨ ᠵᠠᠰᠠᠭᠰᠠᠨ ᠵᠠᠮ ᠢ᠋ᠶ᠋ᠠᠷ ᠳᠣᠪᠲᠣᠯᠵᠤ ᠠᠭᠤᠯᠠ ᠶ᠋ᠢᠨ ᠵᠠᠪᠰᠠᠷ ᠢ᠋ᠶ᠋ᠠᠷ ᠣᠷᠣᠪᠠ᠃
— ᠡᠨᠡ ᠵᠠᠮ ᠴᠦ᠍ ᠭᠡᠵᠢ ᠳᠡ ! ᠵᠡᠪᠰᠡᠭ ᠲᠡᠢ ᠶᠠᠫᠣᠨᠴᠤᠳ ᠢ᠋ ᠴᠢᠭᠤᠯᠤᠯᠲᠤ ᠬᠠᠭᠠᠯᠭ᠎ᠠ ᠳ᠋ᠤ᠌ ᠢᠷᠡᠬᠦ ᠳ᠋ᠦ᠍ ᠶᠣᠰᠣᠲᠠᠢ ᠳᠥᠭᠥᠮ ᠪᠣᠯᠭᠠᠵᠠᠢ ᠭᠡᠵᠦ ᠵᠢᠯᠣᠭᠣᠴᠢ ᠮᠠᠨᠢ ᠥᠭᠦᠯᠡᠨ᠎ᠡ᠃
ᠳᠠᠪᠠᠭᠠᠨ ᠤ᠋ ᠣᠷᠣᠢ ᠳᠡᠭᠡᠷᠡᠬᠢ ᠨᠢ ᠣᠳᠣᠬᠠᠨ ᠨᠢᠭᠡᠨᠲᠡ ᠴᠡᠷᠢᠭ ᠦ᠋ᠨ ᠬᠤᠸᠠᠷᠠᠨ ᠪᠣᠯᠤᠨ ᠬᠤᠪᠢᠷᠠᠵᠤ᠂ ᠵᠠᠭᠤᠭᠠᠳ ᠴᠡᠷᠢᠭ ᠴᠠᠭᠠᠨ ᠬᠡᠷᠡᠮ ᠦ᠋ᠨ ᠭᠠᠳᠠᠨ᠎ᠠ ᠱᠤᠭᠤᠮ ᠰᠢᠭ᠋ ᠠᠰᠬᠠᠨ ᠪᠡᠬᠢᠯᠡᠯᠲᠡ ᠶ᠋ᠢᠨ ᠰᠤᠪᠠᠭ ᠮᠠᠯᠲᠠᠵᠠᠭᠠᠨᠠ᠃
— ᠶᠣᠰᠣᠲᠠᠢ ᠬᠡᠷᠡᠭ ᠦᠭᠡᠢ ᠶᠠᠭᠤᠮ᠎ᠠ! ᠲᠡᠨᠳᠡᠬᠢ ᠣᠷᠣᠢ ᠠ᠋ᠴᠠ ᠭᠠᠭᠴᠠ ᠮᠠᠰᠢᠨ ᠫᠤᠤ ᠪᠠᠷ ᠪᠦᠭᠦᠳᠡ ᠶ᠋ᠢ ᠯᠡ ᠰᠦᠷᠴᠢᠵᠦ ᠣᠷᠬᠢᠨ᠎ᠠ ᠰᠢᠦ ᠭᠡᠵᠦ ᠺᠸᠯᠯᠸᠷ ᠴᠡᠷᠢᠭ ᠬᠥᠮᠦᠨ ᠦ᠌ ᠬᠠᠷᠠᠴᠠ ᠪᠠᠷ ᠵᠠᠳᠠᠯᠤᠨ ᠶᠠᠷᠢᠯ᠎ᠠ᠃
ᠪᠢᠳᠡ ᠡᠨᠡ ᠬᠦ᠌ ᠪᠠᠢᠯᠳᠤᠬᠤ ᠪᠣᠳᠣᠯᠭ᠎ᠠ ᠶ᠋ᠢᠨ ᠴᠢᠨᠠᠷᠲᠠᠢ ᠠᠰᠠᠭᠤᠳᠠᠯ ᠢ᠋ ᠶᠠᠷᠢᠯᠴᠠᠬᠤ ᠪᠠᠨ ᠲᠦᠷ ᠵᠣᠭᠰᠣᠵᠤ᠂ ᠪᠠᠷᠠᠭᠤᠨ ᠬᠣᠢᠰᠢ ᠪᠠᠨ ᠨᠢᠭᠡᠨᠲᠡ ᠬᠡᠯᠪᠡᠢᠭᠰᠡᠨ ᠨᠠᠷᠠᠨ ᠢ᠋ᠶ᠋ᠠᠷ ᠦᠷᠭᠦᠯᠵᠢᠯᠡᠨ ᠠᠶᠠᠯᠠᠪᠠ᠃ ᠵᠠᠮ ᠲᠤᠷᠰᠢ ᠤᠮᠠᠷᠠᠰᠢ ᠪᠠᠨ ᠵᠠᠩᠪᠧᠢ ᠰᠢᠶᠠᠨ ᠢ᠋ ᠴᠢᠭᠯᠡᠵᠦ ᠶᠠᠪᠤᠭ᠎ᠠ ᠴᠡᠷᠢᠭ ᠠᠷᠮᠢ ᠲᠠᠭᠠᠷᠠᠯᠳᠤᠨ᠂ ᠶᠠᠭ ᠯᠠ ᠰᠢᠷᠭᠤᠯᠵᠢ ᠮᠡᠲᠦ ᠵᠠᠩᠪᠸᠢ ᠰᠢᠶᠠᠨ ᠵᠦᠭ ᠴᠤᠭᠯᠠᠷᠠᠬᠤ ᠠᠵᠢ᠃ ᠲᠡᠨᠳᠡ ᠡᠴᠡ ᠴᠠᠭᠠᠰᠢ ᠬᠠᠶᠠ ᠨᠢᠭᠡ ᠮᠣᠷᠢᠲᠠᠨ ᠲᠠᠭᠠᠷᠠᠯᠳᠤᠭᠰᠠᠨ ᠢ᠋ ᠭᠠᠷᠭᠠᠪᠠᠯ ᠥᠭᠡᠷ᠎ᠡ ᠶᠠᠭᠤᠮ᠎ᠠ ᠭᠡᠵᠦ ᠠᠯᠠᠭ᠎ᠠ᠃
ᠵᠠᠪᠰᠠᠷ ᠲᠤ᠌ ᠪᠢᠳᠡ ᠬᠣᠪ ᠬᠣᠭᠣᠰᠣᠨ ᠪᠣᠯᠤᠭᠰᠠᠨ ᠪᠠᠭᠤᠳᠠᠯ ᠳ᠋ᠤ᠌ ᠬᠣᠨᠣᠭᠯᠠᠪᠠ᠃ ᠠᠳᠠᠬᠢ ᠰᠠᠭᠤᠭᠠᠯᠢ ᠠᠷᠠᠳ ᠪᠢᠳᠡᠨ ᠢ᠋ ᠢᠲᠡᠭᠡᠵᠦ ᠶᠠᠳᠠᠭᠰᠠᠨ ᠴᠢᠨᠠᠭᠰᠢᠯᠠᠪᠠᠯ ᠠᠶᠤᠭᠰᠠᠨ ᠴᠢᠷᠠᠢ ᠪᠠᠷ ᠤᠭᠲᠤᠨ ᠠᠪᠤᠭᠰᠠᠨ ᠨᠢ ᠪᠢᠳᠡᠨ ᠳ᠋ᠦ᠍ ᠠᠪᠴᠤ ᠬᠡᠯᠡᠪᠡᠯ ᠶᠡᠬᠡ ᠰᠣᠨᠢᠷᠬᠠᠯᠲᠠᠢ ᠰᠠᠨᠠᠭᠳᠠᠭᠰᠠᠨ ᠪᠢᠯᠡ᠃ ᠪᠢ ᠳᠥᠬᠥᠮᠬᠡᠨ ᠣᠷᠣᠢ ᠶ᠋ᠢᠨ ᠬᠠᠭᠤᠯᠠ ᠬᠢᠵᠦ ᠳᠠᠶᠠᠭᠠᠷ ᠢ᠋ᠶ᠋ᠠᠨ ᠵᠣᠭᠣᠭᠯᠠᠭᠠᠳ᠂ ᠤᠳᠠᠯ ᠦᠭᠡᠢ ᠳᠡᠷᠡ ᠲᠣᠯᠣᠭᠠᠢ ᠨᠡᠢᠯᠡᠭᠦᠯᠪᠡ᠃ ᠰᠥᠨᠢ ᠳᠤᠮᠳᠠ ᠶ᠋ᠢᠨ ᠦᠶ᠎ᠡ ᠪᠡᠷ ᠫᠠᠪᠯᠤ ᠪᠢᠳᠡᠨ ᠢ᠋ ᠦᠢᠮᠡᠭᠦᠯᠦᠨ ᠰᠡᠷᠡᠭᠡᠪᠡ᠃ ᠲᠡᠷᠡ ᠪᠡᠷ ᠬᠠᠷᠢ ᠶ᠋ᠢᠨ ᠬᠥᠮᠦᠰ ᠦ᠋ᠨ ᠴᠢᠰᠤ ᠰᠤᠷᠤᠭᠴᠢ ᠰᠢᠮᠠᠭᠤᠯ ᠤ᠋ᠳ ᠢ᠋ ᠤᠰᠠᠳᠬᠠᠵᠤ ᠪᠠᠢᠭ᠎ᠠ ᠠᠵᠢ᠃
ᠮᠠᠷᠭᠠᠰᠢ ᠶ᠋ᠢᠨ ᠬᠢᠨᠢ ᠬᠠᠷ᠎ᠠ ᠥᠷᠯᠥᠭᠡ ᠪᠡᠷ ᠪᠢᠳᠡ ᠬᠥᠳᠡᠯᠦᠭᠰᠡᠨ ᠪᠥᠭᠡᠳ ᠳᠡᠮᠡᠢ ᠴᠦ᠍ ᠤᠳᠠᠯ ᠦᠭᠡᠢ ᠴᠠᠭᠠᠨ ᠬᠦᠷᠢᠶᠡᠨ ᠦ᠌ ᠰᠦᠮ᠎ᠡ ᠶ᠋ᠢᠨ ᠴᠠᠭᠠᠨ ᠬᠦᠷᠢᠶ᠎ᠡ ᠶ᠋ᠢ ᠣᠯᠵᠤ ᠬᠠᠷᠠᠪᠠ᠃ ᠪᠢᠳᠡᠨ ᠢ᠋ ᠯᠠᠷᠰᠣᠨ ᠯᠤᠭ᠎ᠠ ᠴᠠᠢ ᠶ᠋ᠢᠨ ᠰᠢᠷᠡᠭᠡᠨ᠎ᠡ ᠬᠠᠭᠤᠴᠢᠯᠠᠬᠤ ᠵᠠᠭᠤᠷ᠎ᠠ ᠨᠢᠭᠡ ᠮᠣᠩᠭᠣᠯ ᠥᠷᠥᠭᠡᠨᠡ ᠮᠡᠨᠳᠦᠴᠢᠯᠡᠨ ᠣᠷᠣᠵᠤ ᠢᠷᠡᠯ᠎ᠡ᠃ ᠲᠡᠷᠡ ᠯᠠᠷᠰᠣᠨ ᠯᠤᠭ᠎ᠠ ᠨᠡᠯᠢᠶᠡᠳ ᠶᠠᠷᠢᠭᠰᠠᠨ ᠤ᠋ ᠡᠴᠦᠰ ᠲᠦ᠍ ᠯᠡᠷᠰᠣᠨ ᠪᠢᠳᠡᠨ ᠳ᠋ᠦ᠍ ᠬᠠᠨᠳᠤᠵᠤ :
— ᠲᠠᠨᠤᠰ ᠵᠠᠪᠰᠠᠷ ᠲᠤ᠌ ᠬᠣᠨᠣᠭᠰᠠᠨ ᠶᠤᠮ ᠤᠤ ? ᠭᠡᠵᠦ ᠠᠰᠠᠭᠤᠯ᠎ᠠ᠃
— ᠲᠡᠢᠮᠦ ᠠ᠋᠂ ᠳᠠᠬᠢᠵᠤ ᠲᠡᠨᠳᠡ ᠯᠠ ᠬᠣᠨᠣᠭᠯᠠᠬᠤ ᠦᠭᠡᠢ ᠭᠡᠵᠦ ᠫᠠᠪᠯᠥ᠌ ᠬᠠᠷᠢᠭᠤᠯᠪᠠ᠃
— ᠲᠡᠨᠳᠡ ᠴᠡᠷᠢᠭ ᠪᠠᠢᠭ᠎ᠠ ᠦᠭᠡᠢ ᠤᠤ ? ᠭᠡᠵᠦ ᠯᠠᠷᠰᠤᠨ ᠢ᠋ ᠳᠠᠬᠢᠨ ᠠᠰᠠᠭᠤᠬᠤ ᠳ᠋ᠤ᠌ ᠪᠢ᠄
— ᠪᠠᠢᠬᠤ ᠦᠭᠡᠢ᠂ ᠵᠥᠪᠬᠡᠨ ᠬᠡᠳᠦᠨ ᠬᠥᠭᠰᠢᠨ ᠬᠢᠲᠠᠳ ᠯᠠ ᠪᠠᠢᠭᠰᠠᠨ ᠭᠡᠯᠡ᠃
ᠯᠠᠷᠰᠣᠨ ᠳᠠᠬᠢᠭᠠᠳ ᠯᠠ ᠲᠡᠷᠡ ᠮᠣᠩᠭᠣᠯ ᠲᠠᠢ ᠶᠠᠷᠢᠯᠴᠠᠵᠤ ᠭᠠᠷᠪᠠ᠃ ᠲᠡᠷᠡ ᠮᠣᠩᠭᠣᠯ ᠢ᠋ ᠶᠠᠪᠤᠭᠰᠠᠨ ᠤ᠋ ᠳᠠᠷᠠᠭ᠎ᠠ ᠯᠠᠷᠰᠣᠨ:
— ᠲᠠ ᠨᠠᠷ ᠴᠤ᠌ ᠦᠨᠡᠬᠡᠷ ᠠᠵᠠ ᠪᠤᠶᠠᠨ ᠲᠠᠢ ᠬᠥᠮᠦᠰ ᠪᠠᠢᠨ᠎ᠠ ᠳᠠ ! ᠲᠠ ᠨᠠᠷ ᠢ᠋ ᠬᠦᠷᠬᠦ ᠡᠴᠡ ᠡᠮᠦᠨᠡᠬᠡᠨ ᠵᠠᠪᠰᠠᠷ ᠳᠡᠭᠡᠷᠡᠮᠴᠢᠳ ᠦ᠋ᠨ ᠭᠠᠷ ᠲᠤ᠌ ᠦᠭᠳᠡᠵᠦ ᠳᠡᠭᠡᠷᠡᠮᠳᠡᠭᠳᠡᠵᠡᠢ᠃ ᠰᠠᠶᠢᠬᠠᠨ ᠭᠠᠷᠤᠭᠰᠠᠨ ᠮᠠᠨ ᠤ᠋ ᠵᠠᠯᠠᠭᠤ ᠠᠮᠵᠢᠵᠤ ᠮᠣᠷᠢᠨ ᠳ᠋ᠠᠭᠠᠨ ᠮᠣᠷᠳᠠᠭᠰᠠᠨ ᠢ᠋ᠶ᠋ᠠᠷ ᠳᠤᠲᠠᠭᠠᠵᠤ ᠭᠠᠷᠴᠤ ᠢᠷᠡᠭᠰᠡᠨ ᠶᠦᠮ ᠪᠠᠢᠨ᠎ᠠ ᠭᠡᠯᠡ᠃
ᠪᠢᠳᠡ ᠬᠡᠰᠡᠭ ᠵᠠᠭᠤᠷ᠎ᠠ ᠳᠠᠭᠤᠨ ᠦᠭᠡᠢ ᠨᠢᠭᠡ ᠨᠢᠭᠡᠨ ᠢ᠋ᠶ᠋ᠡᠨ ᠬᠠᠷᠠᠵᠤ ᠠᠪᠤᠭᠰᠠᠨ ᠤ᠋ ᠳᠠᠷᠠᠭ᠎ᠠ ᠪᠠᠫᠯᠥ᠌᠄
— ᠲᠡᠳᠡ ᠪᠦᠬᠦᠨ ᠢ᠋ ᠯᠠᠪ ᠠᠪᠴᠤ ᠶᠠᠪᠤᠬᠤ ᠦᠭᠡᠢ ᠯᠡ ᠳᠡ᠂ ᠤᠨᠠᠭ᠎ᠠ ᠰᠠᠷᠪᠠ ᠦᠯᠡᠳᠡᠭᠡᠨ᠎ᠡ ᠪᠢᠵᠡ ᠭᠡᠵᠦ ᠳᠦᠳᠦᠨᠡᠪᠡ᠃
ᠯᠠᠷᠰᠣᠨ ᠤ᠋ ᠬᠡᠯᠡᠬᠦ ᠪᠡᠷ ᠦᠳᠡᠰᠢ ᠪᠣᠯᠬᠤ ᠠ᠋ᠴᠠ ᠡᠮᠦᠨ᠎ᠡ ᠭᠡᠨᠡᠳᠲᠡ ᠨᠢᠭᠡ ᠪᠦᠯᠦᠭ ᠵᠡᠪᠰᠡᠭᠲᠦ ᠮᠣᠷᠢᠲᠠᠨ ᠳᠠᠭᠠᠷᠢᠨ ᠢᠷᠡᠵᠡᠢ᠃
— ᠮᠥᠨ ᠤᠤᠯ ᠶᠣᠰᠣᠭᠠᠷ ᠰᠠᠶᠢᠬᠢ ᠴᠡᠷᠢᠭ ᠦ᠋ᠳ ᠨᠢ ᠬᠠᠮᠤᠭ ᠤ᠋ᠨ ᠤᠷᠢᠳ ᠵᠢᠭᠤᠲᠠᠨ᠂ ᠳᠠᠷᠠᠭ᠎ᠠ ᠨᠢ ᠪᠠᠭ᠎ᠠ ᠰᠠᠬᠠ ᠦᠨ᠎ᠡ ᠪᠡᠨ᠎ᠡ ᠲᠡᠢ ᠶᠠᠭᠤᠮ᠎ᠠ ᠪᠠᠨ ᠠᠪᠤᠭᠰᠠᠨ ᠬᠢᠲᠠᠳ ᠤ᠋ᠳ ᠬᠥᠳᠡᠭᠡ ᠤᠷᠤᠭᠤ ᠳᠤᠲᠠᠭᠠᠵᠤ᠂ ᠳᠡᠭᠡᠷᠡᠮᠴᠢᠳ ᠢ᠋ ᠶᠠᠪᠤᠨ ᠶᠠᠪᠤᠲᠠᠯ᠎ᠠ ᠲᠡᠨᠳᠡ ᠪᠡᠨ ᠬᠦᠯᠢᠶᠡᠳᠡᠭ ᠶᠦᠮ ᠭᠡᠯᠡ᠃
— ᠦᠨᠡᠬᠡᠷ ᠰᠠᠢᠨ ᠡᠬᠢᠯᠡᠯᠲᠡ ᠪᠣᠯᠤᠯ᠎ᠠ᠂ ᠳᠠᠷᠠᠭᠠᠴᠢ ᠪᠠᠷ ᠴᠦ᠍ ᠡᠨᠡ ᠮᠡᠲᠦ ᠠᠶᠤᠯ ᠦᠭᠡᠢ ᠲᠤᠭᠤᠯᠬᠤ ᠪᠣᠯᠲᠤᠭᠠᠢ ! ᠭᠡᠵᠦ ᠺᠸᠯᠯᠸᠷ ᠢ᠋ ᠶᠠᠷᠢᠭᠰᠠᠨ ᠤ᠋ ᠳᠠᠷᠠᠭ᠎ᠠ ᠪᠢᠳᠡ ᠭᠡᠷ ᠦ᠋ᠨ ᠡᠭᠦᠳᠡᠨ ᠳ᠋ᠡᠬᠢ ᠲᠠᠢᠰᠠᠨ ᠳᠡᠭᠡᠷ᠎ᠡ ᠨᠠᠷᠠᠨ ᠳ᠋ᠤ᠌ ᠡᠭᠡᠭᠡᠭᠳᠡᠨ ᠤᠳᠠᠲᠠᠯ᠎ᠠ ᠰᠠᠭᠤᠪᠠ ( ᠵᠢᠷᠤᠭ 16 ) ᠃ ᠬᠠᠷᠠᠭ᠎ᠠ ᠲᠠᠯᠪᠢᠨ ᠰᠢᠷᠳᠡᠬᠦ ᠳ᠋ᠦ᠍ ᠵᠤᠨ ᠤ᠋ ᠪᠣᠷᠣᠭᠠᠨ ᠠ᠋ᠴᠠ ᠪᠣᠯᠵᠤ ᠲᠠᠯ᠎ᠠ ᠨᠤᠲᠤᠭ ᠨᠣᠮᠢᠨ ᠨᠣᠭᠣᠭᠠᠨ ᠥᠩᠭᠡ ᠪᠡᠷ ᠪᠦᠲᠡᠭᠡᠭᠳᠡᠨ᠂ ᠦᠬᠡᠷ ᠬᠣᠨᠢᠳ ᠪᠥᠭᠡᠷᠡᠩᠬᠡᠢ ᠪᠣᠯᠲᠠᠯ᠎ᠠ ᠲᠠᠷᠭᠤᠯᠠᠵᠠᠢ᠃ ᠲᠡᠮᠡᠭᠡᠨ ᠤ ᠪᠦᠬᠦ ᠨᠢ ᠬᠠᠪᠤᠷ ᠴᠠᠭ ᠤ᠋ᠨ ᠬᠢ ᠰᠢᠭ ᠨᠢᠷᠤᠭᠤᠨ ᠤ᠋ ᠬᠣᠶᠠᠷ ᠲᠠᠯ᠎ᠠ ᠳ᠋ᠤ᠌ ᠳᠡᠭᠦᠵᠢᠯᠡᠭᠳᠡᠬᠦ ᠪᠠᠨ ᠪᠣᠯᠢᠵᠤ᠂ ᠪᠦᠷ ᠪᠣᠰᠤᠭ᠎ᠠ ᠪᠣᠯᠵᠠᠢ᠃ ᠬᠣᠨᠢᠳ ᠶᠠᠮᠠᠷ ᠨᠢᠭᠡᠨ ᠶᠠᠭᠤᠮᠠᠨ ᠠ᠋ᠴᠠ ᠦᠷᠭᠦᠬᠦ ᠪᠦᠷᠢ ᠵᠦᠯᠭᠡᠨ ᠳᠡᠭᠡᠭᠦᠷ ᠭᠦᠶᠦᠯᠳᠦᠬᠦ ᠪᠥᠭᠡᠳ ᠰᠡᠭᠦᠯ ᠨᠢ ᠦᠵᠡᠮᠵᠢ ᠮᠠᠭᠤᠲᠠᠢ ᠤᠨᠵᠢᠭᠢᠨᠠᠬᠤ ᠠᠵᠢ᠃
ᠬᠦᠷᠡᠩ ᠤᠯᠠᠭᠠᠨ ᠥᠩᠭᠡ ᠲᠡᠢ ᠥᠷᠭᠡᠨ ᠰᠠᠨᠳᠠᠯᠢ ᠳᠡᠭᠡᠷ᠎ᠡ ᠰᠠᠭᠠᠲᠠᠭᠰᠠᠨ ᠯᠠᠷᠰᠣᠨ ᠳᠤᠷᠠᠨ ᠢ᠋ᠶ᠋ᠠᠨ ᠭᠠᠷᠭᠠᠵᠤ ᠣᠢᠷ᠎ᠠ ᠣᠷᠴᠢᠮ ᠢ᠋ ᠬᠠᠷᠠᠭᠤᠯᠳᠠᠭᠠᠳ:
— ᠬᠣᠶᠠᠷ ᠦᠬᠡᠷ ᠲᠡᠷᠭᠡ ᠵᠡᠭᠦᠨᠰᠢᠯᠡᠵᠦ ᠪᠠᠢᠨ᠎ᠠ᠂ ᠳᠣᠪᠣᠴᠠᠭ ᠤ᠋ᠨ ᠴᠠᠭᠠᠨ᠎ᠠ ᠤᠷᠭ᠎ᠠ ᠲᠠᠢ ᠠᠳᠤᠭᠤᠴᠢᠨ ᠪᠠᠢᠭ᠎ᠠ ᠪᠣᠯᠤᠯᠲᠠᠢ᠃ ᠲᠠ ᠨᠠᠷ ᠲᠡᠷᠡ ᠡᠭᠦᠯᠡᠨ ᠰᠡᠭᠦᠳᠡᠷ ᠦ᠋ᠨ ᠴᠠᠭᠠᠳᠤᠬᠢ ᠠᠳᠤᠭᠤᠨ ᠰᠦᠷᠦᠭ ᠢ᠋ ᠬᠠᠷᠠᠵᠤ ᠪᠠᠢᠬ᠎ᠠ ᠤᠤ ? ᠭᠡᠯᠡ᠃ ᠲᠡᠭᠦᠨ ᠦ᠌ ᠵᠢᠷᠠᠨ ᠵᠢᠯ ᠦ᠋ᠨ ᠬᠤᠷᠴᠠ ᠬᠠᠷᠠᠭᠠᠨ ᠠ᠋ᠴᠠ ᠮᠤᠯᠲᠤᠷᠠᠬᠤ ᠵᠦᠢᠯ ᠭᠡᠵᠦ ᠠᠯᠠᠭ᠎ᠠ ᠠᠵᠤᠭᠤ᠃
ᠪᠢᠳᠡ ᠦᠷᠭᠦᠯᠵᠢᠯᠡᠨ ᠠᠶᠠᠯᠠᠬᠤ ᠲᠤᠬᠠᠢ ᠶᠠᠷᠢᠯᠴᠠᠯ᠎ᠠ᠃ ᠯᠠᠷᠰᠣᠨ ᠠᠶᠤᠯ ᠦᠭᠡᠢ ᠶ᠋ᠢᠨ ᠲᠠᠯ᠎ᠠ ᠪᠠᠷ ᠥᠴᠦᠬᠡᠨ ᠴᠦ᠍ ᠰᠠᠨᠠᠭᠠᠰᠢᠷᠠᠭᠰᠠᠨ ᠶᠠᠩᠵᠤ ᠦᠭᠡᠢ᠂ ᠬᠠᠷᠢᠨ ᠡᠰᠡᠷᠭᠦ ᠪᠡᠷ ᠪᠢᠳᠡᠨ ᠢ᠋ ᠠᠶᠠᠯᠠᠯ ᠢ᠋ᠶ᠋ᠠᠨ ᠦᠷᠭᠦᠯᠵᠢᠯᠡᠭᠦᠯᠬᠦ ᠶ᠋ᠢ ᠵᠣᠷᠢᠭᠵᠢᠭᠤᠯᠵᠤ ᠪᠠᠢᠪᠠ᠃
— ᠲᠤᠯᠤᠨ ᠨᠠᠭᠤᠷ ᠲᠤ᠌ ᠶᠠᠮᠠᠷ ᠪᠠᠢᠭ᠎ᠠ ᠶ᠋ᠢ ᠬᠡᠨ ᠴᠦ᠍ ᠮᠡᠳᠡᠬᠦ ᠦᠭᠡᠢ᠂ ᠬᠥᠮᠦᠰ ᠦ᠋ᠨ ᠶᠠᠷᠢᠬᠤ ᠶ᠋ᠢ ᠰᠣᠨᠣᠰᠬᠤ ᠳ᠋ᠤ᠌ ᠶᠠᠫᠣᠨᠴᠤᠳ ᠲᠡᠨᠳᠡ ᠬᠦᠷᠦᠭᠰᠡᠨ ᠪᠠᠢᠮᠠᠷ ᠶᠤᠮ ᠭᠡᠵᠦ ᠯᠠᠷᠰᠣᠨ ᠶᠠᠷᠢᠯ᠎ᠠ᠃
ᠭᠡᠬᠦ ᠳ᠋ᠦ᠍ ᠪᠢᠳᠡ ᠵᠠᠮᠴᠢᠯᠠᠭᠴᠢ ᠦᠭᠡᠢ ᠪᠡᠷ ᠡᠨᠡ ᠠᠶᠠᠯᠠᠯ ᠢ᠋ ᠬᠢᠬᠦ ᠳ᠋ᠦ᠍ ᠬᠡᠴᠡᠭᠦᠦ ᠯᠡ ᠪᠠᠢᠪᠠ᠃
— ᠨᠠᠢ᠍ᠮᠠ ᠶ᠋ᠢᠨ ᠠᠭᠤᠯᠠ ᠬᠦᠷᠲᠡᠯ᠎ᠡ ᠵᠠᠮ ᠨᠢ ᠠᠮᠠᠷᠬᠠᠨ ᠣᠯᠳᠠᠨ᠎ᠠ᠂ ᠲᠡᠭᠦᠨ ᠡᠴᠡ ᠴᠠᠭᠠᠰᠢ ᠠᠭᠤᠯᠠᠨ ᠳ᠋ᠤ᠌ ᠬᠠᠷᠢᠨ ᠲᠥᠭᠡᠷᠢᠵᠦ ᠮᠡᠳᠡᠨ᠎ᠡ ᠰᠢᠦ ᠭᠡᠳ ᠯᠠᠷᠰᠤᠨ ᠨᠡᠯᠢᠶᠡᠳ ᠪᠣᠳᠣᠯᠬᠢᠯᠠᠭᠰᠠᠨ ᠢ᠋ᠶ᠋ᠠᠨ᠄
— ᠷᠠᠰᠢ ᠯᠠ ᠲᠠ ᠨᠠᠷ ᠲᠠᠢ ᠴᠣᠭ ᠶᠠᠪᠤᠬᠤ ᠪᠣᠯᠤᠯᠲᠠᠢ᠂ ᠲᠡᠷᠡ ᠴᠦ᠍ ᠵᠠᠮ ᠢ᠋ ᠶᠣᠰᠣᠲᠠᠢ ᠰᠠᠢᠨ ᠮᠡᠳᠡᠨ᠎ᠡ ᠳᠠ ᠭᠡᠯᠡ᠃
— ᠷᠠᠰᠢ ? ᠳᠡᠭᠡᠷ᠎ᠡ ᠤᠳᠠᠭ᠎ᠠ ᠪᠢᠳᠡᠨ ᠢ᠋ ᠳᠠᠸᠠ ᠬᠦᠩ ᠦ᠋ᠨ ᠳ᠋ᠦ᠍ ᠬᠦᠷᠬᠦ ᠳ᠋ᠦ᠍ ᠵᠠᠮᠴᠢᠯᠠᠳᠠᠭ ᠰᠥᠨᠢᠳ ᠦ᠋ᠨ ᠯᠠᠮᠠ ᠤᠤ ?
— ᠶᠠᠭ ᠮᠥᠨ᠂ ᠭᠡᠰᠡᠨ ᠴᠦ᠍ ᠲᠡᠷᠡ ᠰᠥᠨᠢᠳ ᠬᠥᠮᠦᠨ ᠪᠢᠰᠢ᠂ ᠠᠷᠤ ᠮᠣᠩᠭᠣᠯ ᠠ᠋ᠴᠠ ᠢᠷᠡᠭᠰᠡᠨ᠃ ᠲᠡᠭᠦᠨ ᠦ᠌ ᠠᠳᠤᠭᠤ ᠬᠣᠨᠢᠳ ᠨᠢ ᠪᠠᠷᠠᠭᠤᠨ ᠵᠦᠭ ᠲᠦ᠍ ᠪᠠᠢᠭ᠎ᠠ ᠪᠠᠳᠤᠬᠠᠭᠠᠯᠭ᠎ᠠ ᠣᠷᠴᠢᠮ ᠪᠠᠢᠭ᠎ᠠ ᠶᠤᠮ᠃ ᠲᠡᠷᠡ ᠴᠦ᠍ ᠰᠢᠨ᠎ᠡ ᠪᠡᠯᠴᠢᠭᠡᠷ ᠡᠷᠢᠵᠦ ᠶᠡᠬᠡ ᠤᠳᠠᠭᠰᠠᠨ ᠰᠢᠦ ᠳᠡ !
ᠪᠢᠳᠡᠨ ᠦ᠌ ᠵᠥᠪᠳᠡᠯᠴᠡᠭᠡᠨ ᠦ᠌ ᠦᠶ᠎ᠡ ᠳ᠋ᠦ᠍ ᠵᠣᠶᠸᠯ ᠡᠸᠷᠢᠭᠰᠣᠨ ᠬᠦᠷᠴᠦ ᠢᠷᠡᠯ᠎ᠡ᠃ ᠲᠡᠷᠡ ᠡᠷᠬᠡᠪᠰᠢ ᠲᠣᠢᠨ ᠭᠦᠰᠢ ᠰᠦᠮ᠎ᠡ ᠶ᠋ᠢᠨ ᠣᠢᠷᠠᠯᠴᠠᠭ᠎ᠠ ᠪᠠᠢᠭ᠎ᠠ ᠵᠢᠷᠭᠤᠭᠠᠨ ᠨᠠᠰᠤᠲᠠᠢ ᠡᠪᠡᠳᠴᠢᠲᠡᠢ ᠱᠠᠰᠢᠨᠲᠠᠨ ᠢ᠋ ᠡᠷᠭᠢᠵᠦ ᠦᠵᠡᠬᠦ ᠬᠡᠷᠡᠭᠲᠡᠢ ᠲᠤᠯᠠ ᠪᠢᠳᠡᠨ ᠢ᠋ ᠬᠠᠮᠲᠤ ᠶᠠᠪᠤᠬᠤ ᠶ᠋ᠢ ᠤᠷᠢᠯ᠎ᠠ᠃ ᠵᠠᠮ ᠵᠠᠭᠤᠷ᠎ᠠ ᠲᠡᠷᠡ ᠨᠢᠭᠡ ᠶᠠᠳᠠᠭᠤᠬᠠᠨ ᠠᠢᠯ ᠤ᠋ᠨ ᠡᠮᠦᠨ᠎ᠡ ᠮᠠᠰᠢᠨ ᠢ᠋ ᠵᠣᠭᠰᠣᠭᠠᠪᠠ᠃ ᠭᠡᠷ ᠦ᠋ᠨ ᠡᠵᠡᠨ ᠪᠣᠯᠤᠯᠲᠠᠢ ᠨᠢᠭᠡᠨ ᠡᠪᠦᠭᠡᠨ ᠪᠢᠳᠡᠨ ᠢ᠋ ᠭᠡᠷ ᠲᠡᠭᠡᠨ ᠤᠷᠢᠯ᠎ᠠ᠃ ᠲᠡᠭᠦᠨ ᠦ᠌ ᠡᠮᠡᠭᠡᠨ ᠭᠬᠢᠷᠲᠦᠭᠰᠡᠨ ᠨᠠᠪᠲᠠᠷᠬᠠᠢ ᠲᠡᠷᠯᠢᠭ ᠦ᠋ᠨ ᠢ᠋ᠶ᠋ᠡᠨ ᠬᠣᠷᠮᠣᠢ ᠪᠠᠷ ᠭᠤᠷᠪᠠᠨ ᠮᠣᠳᠣᠨ ᠠᠶᠠᠭ᠎ᠠ ᠶ᠋ᠢ ᠠᠷᠴᠢᠭᠠᠳ ᠰᠦ ᠲᠡᠢ ᠬᠠᠯᠠᠭᠤᠨ ᠴᠠᠢ ᠠᠶᠠᠭᠠᠯᠠᠪᠠ᠃ ᠫᠠᠪᠯᠤ ᠭᠠᠭᠴᠠᠬᠠᠨ ᠪᠠᠯᠭᠤᠭᠠᠳ ᠪᠠᠷᠠᠭᠠᠵᠤ᠂ ᠳᠣᠣᠷ᠎ᠠ ᠪᠠᠨ ᠶᠠᠭ ᠯᠠ ᠭᠠᠰᠢᠭᠤᠨ ᠠᠯᠢᠮ᠎ᠠ ᠬᠠᠵᠠᠭᠰᠠᠨ ᠮᠡᠲᠦ ᠴᠢᠷᠠᠢ ᠭᠠᠷᠭᠠᠨ ᠦᠷᠴᠢᠯᠵᠡᠪᠡ᠃
— ᠡᠨᠡ ᠱᠥᠯᠥ ᠰᠢᠭ ᠤᠮᠳᠠᠭ᠎ᠠ ᠶ᠋ᠢ ᠠᠶᠠᠭ᠎ᠠ ᠲᠠᠢ ᠨᠢ ᠤᠤᠭᠤᠬᠤ ᠦᠭᠡᠢ ᠦᠯᠡᠳᠡᠭᠡᠵᠦ ᠪᠣᠯᠳᠠᠭ ᠤᠤ ? ᠭᠡᠵᠦ ᠫᠡᠸᠦ᠋ᠯ ᠬᠢᠯᠮᠧᠷ ᠢ᠋ ᠦᠯᠦ ᠢᠲᠡᠭᠡᠭᠰᠡᠨ ᠪᠠᠢᠳᠠᠯ ᠲᠠᠢ ᠠᠩᠭ᠌ᠯᠢ ᠪᠠᠷ ᠠᠰᠠᠭᠤᠬᠤ ᠪᠠᠷ ᠪᠢ ᠳᠣᠣᠷ᠎ᠠ ᠨᠢ :
— ᠪᠣᠯᠬᠤ ᠦᠭᠡᠢ ᠰᠢᠦ! ᠮᠣᠩᠭᠣᠯ ᠶᠣᠰᠣ ᠪᠠᠷ ᠪᠣᠯ ᠪᠢᠳᠡᠨ ᠴᠠᠢ ᠪᠠᠨ ᠤᠤᠭᠤᠵᠤ ᠪᠠᠷᠠᠭᠠᠬᠤ ᠶᠣᠰᠣᠲᠠᠢ ᠭᠡᠯᠡ᠃
ᠡᠨᠡ ᠬᠣᠭᠣᠷᠣᠠᠨᠳᠤ ᠡᠸᠷᠢᠺᠰᠣᠨ ᠲᠡᠷᠡ ᠡᠮᠡᠭᠡᠨ ᠲᠡᠢ ᠡᠪᠡᠳᠴᠢᠨ ᠦ᠌ ᠬᠢᠨᠢ ᠲᠤᠬᠠᠢ ᠶᠠᠷᠢᠯᠴᠠᠵᠤ ᠪᠠᠷᠠᠭᠠᠳ᠂ ᠪᠠᠭ᠎ᠠ ᠤᠳᠠᠰᠬᠢᠭᠰᠡᠨ ᠢ᠋ᠶ᠋ᠡᠨ ᠡᠮ ᠦ᠋ᠨ ᠪᠣᠭᠴᠣ ᠡᠴᠡ ᠪᠡᠨ ᠵᠢᠵᠢᠭ ᠰᠢᠯ ᠯᠣᠩᠬᠣ ᠲᠠᠢ ᠡᠮ ᠭᠠᠷᠭᠠᠭᠠᠳ ᠬᠦᠵᠦᠭᠦᠦ ᠪᠡᠷ ᠨᠢ ᠬᠠᠭᠠᠯᠤᠭᠠᠳ ᠲᠠᠷᠢᠯᠭ᠎ᠠ ᠶ᠋ᠢᠨ ᠵᠡᠭᠦᠦ ᠳ᠋ᠡᠭᠡᠨ ᠰᠣᠷᠣᠭᠤᠯᠤᠯᠠ᠃ ᠡᠮᠡᠭᠡᠨ ᠭᠠᠵᠠᠷ ᠳᠡᠭᠡᠷᠡᠬᠢ ᠦᠬᠡᠷ ᠦ᠋ᠨ ᠠᠳᠠᠰᠬᠠᠨ ᠳᠡᠭᠡᠷ᠎ᠡ ᠬᠡᠪᠲᠡᠵᠦ᠂ ᠡᠪᠦᠭᠡᠨ ᠨᠢ ᠲᠡᠷᠯᠢᠭ ᠢ᠋ ᠨᠢ ᠤᠯᠠᠢᠮ᠎ᠠ ᠴᠡᠢᠮ᠎ᠡ ᠢᠷᠡᠵᠦ ᠥᠭᠪᠡ᠃
— ᠪᠢᠳᠡ ᠭᠠᠷᠬᠤ ᠯᠠ ᠬᠡᠷᠡᠭᠲᠡᠢ ᠪᠣᠯᠵᠠᠢ ᠭᠡᠵᠦ ᠺᠢᠯᠮᠧᠷ ᠥᠨᠳᠡᠭᠡᠨᠡᠬᠦ ᠪᠡᠷ ᠨᠢ ᠪᠢ :
— ᠣᠷᠣᠨ ᠳ᠋ᠠᠭᠠᠨ ᠪᠠᠢ ! ᠭᠡᠵᠦ ᠬᠡᠯᠡᠪᠡ᠃ ᠡᠨᠡᠬᠡᠨ ᠬᠣᠭᠣᠷᠣᠨᠳᠣ ᠵᠡᠭᠦᠦ ᠲᠠᠷᠢᠭᠠᠳ ᠳᠠᠭᠤᠰᠠᠭᠴᠢᠬᠠᠭᠰᠠᠨ ᠪᠠᠢᠪᠠ᠃
— ᠶᠠᠮᠠᠷ ᠡᠪᠡᠳᠴᠢᠨ ᠪᠣᠯᠪᠠ ᠳᠠ ? ᠭᠡᠵᠦ ᠺᠢᠯᠮᠧᠷ ᠠᠰᠠᠭᠤᠬᠤ ᠳ᠋ᠤ᠌ ᠱᠠᠰᠢᠨ ᠰᠤᠷᠲᠠᠯᠴᠢᠯᠠᠭᠴᠢ ᠮᠠᠨᠢ :
— ᠣᠣ ! ᠮᠢᠨᠦ ᠦᠵᠡᠬᠦ ᠪᠡᠷ ᠥᠩᠭᠡᠨ ᠡᠪᠡᠳᠴᠢᠨ ᠬᠦᠷᠦᠭᠰᠡᠨ ᠰᠢᠭ ᠯᠡ ᠪᠠᠢᠨ᠎ᠠ ᠭᠡᠵᠦ ᠠᠯᠭᠤᠷᠬᠠᠨ ᠶᠠᠷᠢᠬᠤ ᠳ᠋ᠤ᠌ :
— ᠶᠠᠭᠤ ? ᠭᠡᠵᠦ ᠠᠭᠤᠷᠲᠠᠢ ᠬᠠᠰᠬᠢᠷᠤᠭᠰᠠᠨ ᠺᠸᠯᠯᠸᠷ :
— ᠡᠨᠡ ᠬᠥᠭᠰᠢᠨ ᠴᠢᠨᠢ ᠲᠡᠷᠡ ᠪᠤᠵᠠᠷ ᠭᠠᠷ ᠢ᠋ᠶ᠋ᠠᠷ ᠢ᠋ᠶ᠋ᠠᠨ ᠠᠶᠠᠭ᠎ᠠ ᠶ᠋ᠢ ᠮᠢᠨᠢ ᠠᠷᠴᠢᠭᠰᠠᠨ ᠰᠢᠦ! ᠭᠡᠳ ᠳᠣᠣᠷ᠎ᠠ ᠪᠠᠨ ᠭᠠᠷ ᠠᠯᠴᠢᠭᠤᠷ ᠢ᠋ᠶ᠋ᠠᠨ ᠭᠠᠷᠭᠠᠨ ᠠᠮᠠ ᠭᠠᠷ ᠢ᠋ᠶ᠋ᠠᠨ ᠠᠷᠴᠢᠵᠤ ᠭᠠᠷᠪᠠ᠃ ᠡᠭᠦᠨ ᠢ᠋ ᠬᠠᠷᠠᠭᠰᠠᠨ ᠡᠸᠷᠢᠺᠰᠤᠨ ᠲᠡᠭᠦᠨ ᠢ᠋ ᠲᠠᠢᠪᠤᠰᠢᠷᠠᠭᠤᠯᠵᠤ :
— ᠡᠨᠡ ᠴᠢᠨᠢ ᠲᠡᠢᠮᠦ ᠠᠶᠤᠮᠰᠢᠭᠲᠠᠢ ᠶᠠᠭᠤᠮ᠎ᠠ ᠪᠢᠰᠢ ᠰᠢᠦ ! ᠪᠢ ᠮᠥᠨ ᠬᠣᠷᠢᠨ ᠲᠠᠪᠤᠨ ᠵᠢᠯ ᠦ᠋ᠨ ᠲᠤᠷᠰᠢ ᠡᠳᠦᠷ ᠪᠣᠯᠭᠠᠨ ᠢᠩᠭᠢᠵᠦ ᠡᠮᠴᠢᠯᠡᠭᠡᠳ ᠪᠠᠰᠠ ᠡᠷᠡᠭᠦᠯ ᠢ᠋ᠶ᠋ᠡᠷ ᠢ᠋ᠶ᠋ᠡᠨ ᠪᠠᠢᠭᠰᠠᠭᠠᠷ ᠭᠡᠯᠡ᠃
ᠮᠣᠩᠭᠣᠯ ᠤ᠋ᠨ ᠵᠣᠴᠢᠭ᠍ᠰᠠᠭ ᠵᠠᠩ ᠠᠭᠠᠯᠢ ᠶ᠋ᠢᠨ ᠲᠤᠬᠠᠢ ᠰᠣᠨᠢᠷᠬᠠᠯ ᠠᠳᠠ ᠬᠦᠷᠦᠭᠡᠳ ᠨᠠᠮᠳᠠᠵᠤ ᠢᠷᠡᠯ᠎ᠡ᠃ ᠪᠢᠳᠡᠨ ᠢ᠋ ᠰᠦᠮ᠎ᠡ ᠳ᠋ᠡᠬᠢ ᠡᠪᠡᠳᠴᠢᠲᠡᠨ ᠳᠡᠭᠡᠷ᠎ᠡ ᠢᠷᠡᠭᠡᠳ᠂ ᠰᠦᠮ᠎ᠡ ᠳᠤᠭᠠᠩ᠂ ᠬᠦᠷᠢᠶ᠎ᠡ ᠬᠠᠰᠢᠶ᠎ᠠ ᠶ᠋ᠢ ᠲᠣᠭᠣᠷᠢᠨ ᠦᠵᠡᠭᠰᠡᠨ ᠦ᠌ ᠳᠠᠷᠠᠭ᠎ᠠ ᠭᠡᠷ ᠲᠦ᠍ ᠣᠷᠣᠬᠤ ᠳ᠋ᠤ᠌ ᠺᠸᠯᠯᠸᠷ ᠦ᠋ᠨ ᠡᠮᠦᠨ᠎ᠡ ᠪᠠᠰᠠ ᠨᠢᠭᠡ ᠠᠶᠠᠬᠠ ᠰᠦ ᠲᠡᠢ ᠴᠠᠢ ᠲᠠᠯᠪᠢᠭᠳᠠᠯ᠎ᠠ᠃ ᠲᠡᠷᠡ ᠨᠠᠮᠤᠭᠤᠬᠠᠨ ᠢ᠋ᠶ᠋ᠠᠷ ᠲᠡᠭᠦᠨ ᠢ᠋ ᠬᠦᠯᠢᠶᠡᠨ ᠠᠪᠴᠤ :
— ᠮᠢᠨᠦ ᠰᠦ ᠲᠡᠢ ᠴᠠᠢ ᠶ᠋ᠢᠨ ᠲᠤᠬᠠᠢ ᠮᠢᠨᠦ ᠠᠩᠬᠠᠨ ᠤ᠋ ᠣᠢᠯᠠᠭᠠᠯᠲᠠ ᠡᠨᠡ ᠪᠣᠯᠤᠯ᠎ᠠ᠃ ᠮᠥᠨ ᠴᠦ᠍ ᠮᠢᠨᠦ ᠦᠯᠡᠳᠡᠭᠰᠡᠨ ᠨᠠᠰᠤᠨ ᠳ᠋ᠤ᠌ ᠬᠡᠷᠡᠭᠯᠡᠵᠦ ᠭᠦᠢᠴᠡᠬᠦ ᠲᠤᠷᠰᠢᠯᠭ᠎ᠠ ᠮᠥᠨ᠃ ᠲᠦᠷᠦᠭᠦᠨ ᠦ᠌ ᠡᠮᠴᠢᠯᠡᠭᠡ ᠴᠦ᠍ ᠭᠡᠰᠡᠨ ᠡᠨᠡ ᠬᠦ᠌ ᠬᠣᠯᠢᠭᠰᠠᠨ ᠤᠮᠳᠠᠭ᠎ᠠ ᠲᠠᠢ ᠠᠳᠠᠯᠢᠬᠠᠨ ᠵᠡᠭᠦᠳᠦᠨ ᠳ᠋ᠦ᠍ ᠴᠦ᠍ ᠣᠷᠣᠮᠠᠷ ᠦᠭᠡᠢ ᠤᠴᠢᠷ ᠰᠢᠦ ᠳᠡ! ᠮᠠᠨ ᠤ᠋ ᠬᠢᠨ ᠲᠡᠨᠳᠡ ᠡᠭᠦᠨ ᠢ᠋ ᠶᠠᠷᠢᠬᠤ ᠶᠤᠮ ᠪᠣᠯ ᠬᠡᠨ ᠴᠦ᠍ ᠪᠢᠳᠡᠨ ᠢ᠋ ᠢᠲᠡᠭᠡᠬᠦ ᠦᠭᠡᠢ᠃ ᠦᠭᠡᠢ ᠶᠡᠷᠦ ᠨᠢ ᠲᠡᠷᠡ ᠡᠪᠦᠭᠡᠨ ᠶᠡᠬᠡ ᠤᠳᠠᠭᠠᠨ ᠲᠠᠨ ᠳ᠋ᠤ᠌ ᠶᠠᠷᠢᠭᠠᠳ ᠪᠠᠢᠭᠰᠠᠨ ᠨᠢ ᠴᠣᠬᠣᠮ ᠶᠠᠭᠤ ᠠᠪᠤᠨ᠎ᠠ ᠭᠡᠳ ᠪᠠᠢᠭ᠎ᠠ ᠪᠣᠯ ? ᠭᠡᠵᠦ ᠱᠠᠰᠢᠨ ᠰᠤᠷᠲᠠᠯᠴᠢᠯᠠᠭᠴᠢ ᠠ᠋ᠴᠠ ᠠᠰᠠᠭᠤᠪᠠ᠃
— ᠲᠡᠷᠡ ᠪᠠᠰᠠ ᠨᠢᠭᠡ ᠲᠠᠷᠢᠶ᠎ᠠ ᠬᠢᠯᠭᠡᠭᠡᠳ ᠬᠥᠭᠰᠢᠨ ᠢ᠋ᠶ᠋ᠡᠨ ᠬᠤᠷᠳᠤᠨ ᠡᠳᠡᠭᠡᠷᠡᠭᠦᠯᠦᠨ᠎ᠡ ᠭᠡᠨ᠎ᠡ᠃ ᠲᠡᠭᠦᠨ ᠦ᠌ ᠡᠨᠡ ᠬᠦ᠌ ᠭᠤᠶᠤᠯᠲᠠ ᠶ᠋ᠢ ᠵᠥᠪᠰᠢᠶᠡᠷᠡᠬᠦ ᠳ᠋ᠦ᠍ ᠬᠦᠷᠪᠡᠯ ᠬᠥᠭᠰᠢᠨ ᠨᠢ ᠴᠦ᠍ ᠪᠤᠷᠬᠠᠨ ᠤ᠋ ᠣᠷᠣᠨ ᠳ᠋ᠤ᠌ ᠮᠣᠷᠳᠠᠴᠢᠬᠠᠨᠠ ᠰᠢᠦ ᠳᠡ ᠭᠡᠵᠦ ᠡᠸᠷᠢᠺᠰᠤᠨ ᠢᠨᠢᠶᠡᠭᠰᠡᠭᠡᠷ ᠶᠠᠷᠢᠪᠠ᠃
— ᠪᠦᠬᠦ ᠡᠮᠴᠢᠯᠡᠭᠡ ᠪᠡᠨ ᠲᠠ ᠦᠨ᠎ᠡ ᠲᠥᠯᠥᠪᠦᠷᠢ ᠦᠭᠡᠢ ᠬᠢᠳᠡᠭ ᠶᠦᠮ ᠤᠤ ? ᠭᠡᠵᠦ ᠫᠠᠪᠠᠯᠥ᠌ ᠠᠰᠠᠭᠤᠬᠤ ᠳ᠋ᠤ᠌:
— ᠡᠢᠮᠦ ᠶᠠᠳᠠᠭᠤ ᠬᠥᠮᠦᠰ ᠡᠮᠴᠢᠯᠡᠭᠡ ᠶ᠋ᠢᠨ ᠵᠠᠷᠤᠳᠠᠯ ᠢ᠋ᠶ᠋ᠠᠨ ᠥᠭᠴᠦ ᠳᠡᠢᠯᠬᠦ ᠦᠭᠡᠢ ᠶᠦᠮ ᠰᠢᠦ ᠳᠡ !ᠲᠡᠳᠡᠨ ᠳ᠋ᠦ᠍ ᠲᠤᠰᠠᠯᠠᠬᠤ ᠪᠣᠯ ᠮᠢᠨᠦ ᠱᠠᠰᠢᠨ ᠰᠤᠷᠲᠠᠯᠴᠢᠯᠠᠭᠴᠢ ᠪᠣᠯᠣᠠᠭᠰᠠᠨ ᠤ᠋ ᠡᠭᠦᠷᠭᠡ ᠬᠠᠷᠢᠭᠤᠴᠠᠯᠭ᠎ᠠ ᠮᠥᠨ ᠭᠡᠵᠦ ᠬᠠᠷᠢᠭᠤᠯᠪᠠ᠃
