ᠨᠢᠭᠡᠬᠡᠨ ᠡᠳᠦᠷ ᠦᠨ ᠴᠢᠯᠦᠭᠡ – ᠶᠣᠨᠳᠣᠨ ᠤ ᠪᠢᠯᠢᠭ᠌ - ᠪᠠᠭᠠᠲᠤᠷ Нэгхэн өдрийн чөлөө – Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠢᠭᠡᠬᠡᠨ ᠡᠳᠦᠷ ᠦᠨ ᠴᠢᠯᠦᠭᠡ – ᠶᠣᠨᠳᠣᠨ ᠤ ᠪᠢᠯᠢᠭ᠌ - ᠪᠠᠭᠠᠲᠤᠷ Нэгхэн өдрийн чөлөө – Ёндоны Билиг - Баатар

ᠨᠢᠭᠡᠬᠡᠨ ᠡᠳᠦᠷ ᠦᠨ ᠴᠢᠯᠦᠭᠡ – ᠶᠣᠨᠳᠣᠨ ᠤ ᠪᠢᠯᠢᠭ᠌ - ᠪᠠᠭᠠᠲᠤᠷ Нэгхэн өдрийн чөлөө – Ёндоны Билиг - Баатар

2024-07-05

560

ᠨᠢᠭᠡᠬᠡᠨ ᠡᠳᠦᠷ ᠦᠨ ᠴᠢᠯᠦᠭᠡ


         —  ᠳᠡᠯᠡᠬᠡᠢ ᠶ᠋ᠢᠨ ᠢᠷᠠᠭᠤ ᠨᠠᠢᠷᠠᠭ ᠤ᠋ᠨ 
               ᠡᠳᠦᠷ ᠲᠦ᠍ ᠰᠦᠨ ᠰᠠᠴᠤᠯᠢ ᠡᠷᠭᠦᠮᠦ 

 ᠳᠡᠯᠡᠬᠡᠢ ᠶ᠋ᠢᠨ ᠢᠷᠠᠭᠤ ᠨᠠᠢᠷᠠᠭ ᠤ᠋ᠨ ᠡᠳᠦᠷ 
 ᠳᠡᠩᠳᠡᠭᠦᠦ ᠬᠡᠢᠷᠬᠡᠭᠡ ᠦᠭᠡᠢ ᠪᠢ ᠥᠨᠥᠳᠥᠷ 
 ᠬᠣᠶᠠᠷ ᠪᠠᠳᠠᠭ ᠴᠤ᠌ ᠰᠢᠯᠦᠭ ᠪᠢᠴᠢᠭᠡ ᠦᠭᠡᠢ 
 ᠬᠣᠷᠸ᠎ᠠ ᠬᠤᠮᠬᠢ ᠶ᠋ᠢ ᠴᠤ᠌ ᠪᠣᠳᠣᠭ᠎ᠠ ᠦᠭᠡᠢ 
 ᠳᠡᠷᠭᠡᠳᠡ ᠭᠡᠷᠭᠡᠢ ᠬᠠᠲᠤᠨ ᠮᠢᠨᠢ ᠪᠠᠢᠭ᠎ᠠ 
 ᠲᠡᠭᠦᠨ ᠡᠴᠡ ᠮᠢᠨᠢ ᠰᠠᠢᠬᠠᠨ ᠰᠢᠯᠦᠭ ᠦᠭᠡᠢ  

 ᠬᠠᠮᠤᠭ ᠳᠡᠯᠡᠬᠡᠢ ᠶ᠋ᠢᠨ ᠭᠠᠯ ᠨᠠᠢᠷᠠᠭᠴᠢᠳ ᠮᠢᠨᠢ 
 ᠬᠠᠷᠢᠨ ᠥᠨᠥᠳᠥᠷ ᠬᠠᠮ ᠣᠩᠭᠣᠳ ᠲᠠᠭᠠᠨ 
 ᠨᠢᠩᠵᠢ ᠵᠠᠶᠠᠭᠠᠲᠤ ᠰᠢᠯᠦᠭᠴᠢ ᠴᠣᠭᠴᠢᠰ ᠲᠠᠭᠠᠨ 
 ᠨᠢᠭᠡᠯᠬᠡᠨ ᠡᠳᠦᠷ ᠦ᠋ᠨ ᠴᠢᠯᠥᠭᠡ ᠥᠭᠭᠦᠭᠡᠴᠢ
   ᠁  
 ᠨᠢᠮᠭᠡᠨ ᠲᠠᠷᠢᠬᠢ ᠲᠡᠭᠦᠯᠳᠡᠷ ᠠᠪᠢᠶᠠᠰ ᠴᠢᠨᠢ 
 ᠨᠢᠭᠡᠮᠦᠰᠦᠨ ᠶᠠᠳᠠᠷᠠᠵᠤ ᠴᠢᠯᠡᠭᠡᠳ ᠬᠥᠭᠡᠷᠦᠬᠦᠢ 
 ᠨᠢᠭᠡᠨ ᠪᠦᠬᠦᠯᠢ ᠵᠢᠯ ᠢ᠋ᠶ᠋ᠡᠷ ᠠᠮᠠᠷᠠᠭ᠎ᠠ ᠦᠭᠡᠢ 
 ᠨᠢᠮᠪᠠᠢ ᠰᠡᠳᠬᠢᠬᠦᠢ ᠨᠢ ᠤᠨᠲᠠᠭ᠎ᠠ ᠦᠭᠡᠢ 
 ᠠᠮᠢ ᠲᠠᠢ ᠶᠤᠮ ᠴᠢᠨᠢ ᠶᠠᠳᠠᠷᠠᠯᠭᠦᠢ ᠶᠠᠭᠠᠬᠢᠬᠤᠪ 
 ᠠᠯᠢ ᠪᠣᠯᠭᠠᠨ ᠤ᠋ ᠬᠢᠨᠢ ᠲᠥᠯᠥᠭᠡ 
 ᠶᠠᠰᠤ ᠰᠦᠨᠡᠰᠦ ᠪᠡᠷ ᠢ᠋ᠶ᠋ᠡᠨ ᠵᠢᠳᠬᠦᠭᠡ ᠳᠧ 
 ᠶᠠᠭ ᠦᠨᠡᠨᠳᠡᠭᠡᠨ ᠴᠠᠭᠠᠳᠤᠬᠢ ᠲᠠᠨᠢ 
 ᠶᠠᠳᠠᠭᠰᠠᠨ ᠬᠥᠮᠦᠨ ᠲᠥᠷᠥᠯᠬᠢᠲᠡᠨ ᠳ᠋ᠦ᠍ 
 ᠠᠯᠢᠪᠠ ᠪᠦᠬᠦᠨ ᠢ᠋ᠶ᠋ᠡᠨ ᠵᠣᠷᠢᠭᠤᠯᠤᠭᠰᠠᠨ ᠳᠠ 
 ᠶᠠᠮᠠᠷ ᠲᠠᠭᠠᠨ ᠲᠡᠢᠮᠦ ᠠᠯᠪᠠ ᠲᠠᠢ ᠶᠤᠮ ᠤᠤ 
 ᠶᠠᠩᠬᠠᠨ ᠴᠤ᠌ ᠡᠭᠦᠨ ᠢ᠋ ᠨᠢ ᠮᠡᠳᠡᠳᠡᠭ ᠳᠧ 
 ᠶᠠᠮᠪᠠᠲᠠᠳ ᠬᠠᠷᠢᠨ ᠲᠣᠭᠣᠳᠠᠭ ᠦᠭᠡᠢ ᠴᠤ᠌ 
 ᠶᠠᠯᠠᠲᠠᠳ ᠪᠦᠷ ᠭᠠᠢᠭᠤᠢ ᠰᠠᠨᠠᠳᠠᠭ ᠰᠢᠦ ᠳᠡ 
 ᠬᠣᠷᠣᠮ ᠴᠤ᠌ ᠠᠯᠤᠰᠯᠠᠯ ᠦᠭᠡᠢ ᠰᠡᠳᠬᠢᠳᠡᠭ 
 ᠬᠣᠷᠸᠠᠴᠢ ᠮᠡᠳᠡᠷᠡᠬᠦᠢ ᠳ᠋ᠡᠭᠡᠨ ᠴᠢᠯᠥᠭᠡ ᠳᠡᠯᠪᠢ 
 ᠢᠷᠠᠭᠤ ᠨᠠᠢᠷᠠᠭ ᠴᠠᠭ ᠠ᠋ᠴᠠ ᠡᠮᠦᠨᠡᠰᠢᠯᠡᠳᠡᠭ
 ᠢᠷᠠᠭᠤ ᠨᠠᠢᠷᠠᠭ ᠡᠷᠢᠨ ᠢ᠋ ᠪᠦᠲᠦᠭᠡᠳᠡᠭ 
 ᠢᠷᠠᠭᠤ ᠨᠠᠢᠷᠠᠭ ᠦᠭᠡᠢ 
 ᠶᠠᠳᠠᠭᠤ ᠦᠨᠳᠦᠰᠦᠲᠡᠨ ᠮᠥᠬᠥᠳᠡᠭ 
 ᠶᠠᠳᠠᠷᠠᠬᠤ ᠳ᠋ᠠᠭᠠᠨ ᠪᠥᠮᠪᠥᠷᠴᠡᠭ ᠮᠢᠨᠢ 
 ᠢᠷᠠᠭᠤ ᠨᠠᠢᠷᠠᠭ ᠢ᠋ᠶ᠋ᠠᠷ ᠯᠠ ᠠᠮᠢᠰᠬᠤᠯᠠᠳᠠᠭ 
 ᠣᠷᠴᠢᠯᠠᠩ ᠢ᠋ ᠪᠦᠲᠦᠭᠡᠭᠰᠡᠨ ᠬᠠᠢᠷ᠎ᠠ 
 ᠤᠶᠠᠨ ᠤᠷᠠᠨ ᠰᠡᠳᠬᠢᠮᠵᠢ ᠪᠡᠷ ᠢᠴᠢᠳᠡᠭ 
 ᠲᠡᠷᠡ ᠳᠣᠳᠣᠮ ᠢ᠋ᠶ᠋ᠠᠨ ᠢᠷᠠᠭᠤ ᠨᠠᠢᠷᠠᠭ 
 ᠲᠡᠭᠦᠰ ᠲᠦᠮᠡᠨ ᠤᠷᠠᠯᠢᠭ ᠤ᠋ᠨ ᠲᠢᠳᠡᠮ ᠶᠦᠮ 
 ᠲᠢᠳᠡᠮ ᠦᠭᠡᠢ ᠲᠥᠷᠥ ᠭᠦᠷᠦᠨ ᠨᠡᠢᠭᠡᠮ 
 ᠲᠥᠪ ᠵᠥᠪ ᠦᠨᠡᠨ ᠢ᠋ ᠣᠢᠯᠠᠭᠠᠳᠠᠭ ᠤᠤ 
 ᠲᠡᠢᠮᠦ ᠡᠴᠡ ᠠᠤᠭ᠎ᠠ ᠢᠷᠭᠠᠤ ᠨᠠᠢᠷᠠᠭ ᠢ᠋ 
 ᠲᠡᠷᠡ ᠪᠣᠯᠭᠠᠨ ᠣᠢᠯᠠᠭᠠᠭᠰᠠᠨ ᠤ᠋ ᠬᠡᠷᠡᠭ ᠦᠭᠡᠢ 
 ᠨᠢᠭᠡᠳᠦᠭᠰᠡᠨ ᠦᠨᠳᠦᠰᠦᠲᠡᠨ ᠦ᠌ ᠪᠠᠢᠭᠤᠯᠭ᠎ᠠ 
 ᠨᠡᠢᠲᠡ ᠬᠥᠮᠦᠨ ᠲᠥᠷᠥᠯᠬᠢᠲᠡᠨ ᠳ᠋ᠦ᠍ ᠲᠠᠯᠠᠷᠬ᠎ᠠ 
 ᠥᠨᠥᠳᠥᠷ ᠢᠷᠠᠭᠤ ᠨᠠᠢᠷᠠᠭ ᠢ᠋ ᠲᠡᠳᠡᠨᠦᠰ 
 ᠥᠪᠴᠢ ᠨᠢᠴᠦᠭᠦᠨ ᠴᠢᠯᠥᠭᠡᠯᠡᠭᠰᠡᠨ ᠶᠦᠮ 
 ᠥᠨᠥᠳᠥᠷ ᠳᠡᠯᠡᠬᠡᠢ ᠶ᠋ᠢᠨ ᠢᠷᠠᠭᠤ ᠨᠠᠢᠷᠠᠭ 
 ᠥᠨᠳᠡᠭᠡᠨ ᠱᠥᠯᠥ ᠤᠤᠭᠤᠵᠤ ᠠᠮᠠᠷᠠᠭ ᠳᠠ 
 ᠦᠨᠡᠨ ᠢ᠋ ᠴᠢᠷᠠᠮᠠᠨ ᠱᠠᠯᠳᠠᠩ ᠪᠣᠯᠭᠠᠭᠠᠳ ᠯᠠ 
 ᠦᠨᠡᠭᠡᠨ ᠬᠤᠳᠠᠯ ᠲᠣᠭᠲᠠᠭᠠᠭᠰᠠᠨ ᠭᠡᠨ᠎ᠡ ᠠ᠋ 

            2024᠂3᠂21᠃ ᠦᠳᠡ ᠬᠣᠢᠨ᠎ᠠ᠃  

           ᠳᠡᠯᠡᠬᠡᠢ ᠶ᠋ᠢᠨ ᠢᠷᠠᠭᠤ ᠨᠠᠢᠷᠠᠭ ᠤ᠋ᠨ ᠡᠳᠦᠷ 
           ᠠᠮᠠᠷᠠᠵᠤ ᠴᠢᠳᠠᠭ᠎ᠠ ᠦᠭᠡᠢ᠃ 

             ᠬᠥᠬᠡᠬᠣᠲᠠᠨ᠎ᠠ ᠪᠦᠲᠦᠭᠡᠪᠡᠢ᠃