ᠰᠣᠶᠣᠯ ᠲᠠᠢ ᠠᠮᠢᠳᠤᠷᠠᠬᠤ ᠳ᠋ᠤ᠌- ᠭ· ᠴᠢᠩᠪᠠᠭᠠᠲᠤᠷСоёлтой амьдрахад-Г·Чинбаатар
ᠭ᠂ ᠴᠢᠩᠪᠠᠭᠠᠲᠤᠷ
ᠤᠯᠠᠭᠠᠨ ᠨᠣᠬᠠᠢ ᠵᠢᠯ ᠦ᠋ᠨ ᠴᠠᠭᠠᠨ ᠰᠠᠷ᠎ᠠ ᠪᠠᠷ ᠪᠢ ᠣᠷᠳᠣᠰ ᠨᠤᠲᠤᠭ ᠲᠤ᠌ ᠬᠠᠳᠠᠮ ᠤ᠋ᠨ ᠳ᠋ᠠᠭᠠᠨ ᠰᠢᠨᠡᠯᠡᠭᠰᠡᠨ ᠶᠦᠮ᠃ ᠮᠣᠩᠭᠣᠯ ᠶᠣᠰᠣ ᠵᠠᠩᠰᠢᠯ ᠤ᠋ᠨ ᠤᠯᠠᠮᠵᠢᠯᠠᠯ ᠢ᠋ᠶ᠋ᠠᠨ ᠮᠠᠰᠢ ᠬᠦᠨᠳᠦᠳᠬᠡᠳᠡᠭ ᠣᠷᠳᠣᠰ ᠨᠤᠲᠤᠭ ᠤ᠋ᠨ ᠬᠢᠨ ᠵᠢᠯ ᠴᠠᠭᠠᠨ ᠰᠠᠷ᠎ᠠ ᠶ᠋ᠢᠨ ᠬᠤᠭᠤᠴᠠᠭᠠᠨ ᠳ᠋ᠤ᠌ ᠨᠡᠩ ᠴᠦ᠍ ᠴᠢᠩᠭ᠎ᠠ ᠳᠢᠭᠯᠢᠮ ᠲᠡᠢ ᠪᠠᠢᠵᠤ᠂ ᠬᠦᠨᠳᠦᠯᠡᠵᠦ ᠮᠡᠨᠳᠦᠯᠡᠬᠦ᠂ ᠠᠢᠯᠴᠢᠯᠠᠵᠤ ᠭᠡᠢᠴᠢᠯᠡᠬᠦ ᠡᠴᠡ ᠥᠭᠰᠥᠭᠦᠯᠦᠭᠡᠳ ᠰᠢᠲᠦᠯᠭᠡ ᠪᠢᠰᠢᠷᠡᠯ᠂ ᠶᠣᠰᠣ ᠪᠡᠯᠭᠡᠳᠡᠯ᠂ ᠴᠡᠭᠡᠷ ᠬᠣᠷᠢᠭ ᠤ᠋ᠨ ᠮᠠᠰᠢ ᠨᠠᠷᠢᠨ ᠵᠢᠷᠤᠮ ᠢ᠋ ᠬᠢᠴᠢᠶᠡᠩᠭᠦᠢᠯᠡᠨ ᠰᠠᠬᠢᠳᠠᠭ ᠠᠵᠢ᠃ ᠭᠡᠪᠡᠴᠦ ᠡᠨᠡ
ᠪᠦᠬᠦᠨ ᠨᠢ ᠵᠠᠩ ᠦᠢᠯᠡ ᠶ᠋ᠢᠨ ᠤᠯᠠᠮᠵᠢᠯᠠᠯ ᠢ᠋ᠶ᠋ᠠᠨ ᠮᠠᠷᠲᠠᠵᠤ ᠪᠤᠵᠠᠭᠠᠢ《ᠣᠳᠣᠬᠢᠴᠢᠯᠠᠭᠰᠠᠨ》 ᠬᠣᠲᠠᠷᠠᠬᠤ ᠨᠠᠳᠠ ᠲᠦᠪᠡᠭᠲᠡᠢ ᠰᠠᠨᠠᠭᠳᠠᠵᠤ ᠪᠠᠢᠭᠰᠠᠨ ᠢ᠋ ᠬᠡᠯᠡᠭᠡᠳ ᠶᠠᠭᠠᠬᠢᠬᠤ ᠪᠣᠢ᠃ ᠡᠢᠨ ᠬᠦ᠌ ᠵᠦᠭᠡᠷ ᠶᠣᠰᠣᠨ ᠳ᠋ᠤᠨᠢ ᠶᠣᠣᠯᠠᠵᠤ ᠯᠠ ᠰᠠᠭᠤᠯ᠎ᠠ᠃
ᠭᠡᠪᠡᠴᠦ《ᠪᠣᠳᠣᠭᠠᠳ ᠪᠠᠢᠪᠠᠯ ᠪᠤᠲᠠ ᠶ᠋ᠢᠨ ᠰᠢᠭᠢᠷ᠎ᠡ ᠳᠥᠷᠪᠡ》 ᠭᠡᠭᠴᠢ ᠪᠡᠷ ᠴᠢᠩᠭᠢᠰ ᠦ᠋ᠨ ᠬᠣᠢᠴᠢᠰ ᠤᠴᠢᠷ ᠠ᠋ᠴᠠ ᠮᠣᠩᠭᠣᠯ ᠯᠠ ᠪᠠᠢᠵᠤ ᠲᠠᠭᠠᠷᠠᠨ᠎ᠠ ᠭᠡᠳᠡᠭ ᠪᠦᠳᠦᠭᠦᠯᠢᠭ ᠣᠢᠯᠠᠭᠠᠯᠲᠠ21 ᠳ᠋ᠦ᠍ᠭᠡᠷ ᠵᠠᠭᠤᠨ ᠤ᠋ ᠰᠣᠶᠣᠯᠲᠤ ᠡᠷᠢᠨ ᠳ᠋ᠦ᠍ ᠪᠠᠢᠵᠤ ᠪᠣᠯᠤᠮᠠᠷ ᠦᠭᠡᠢ ᠰᠠᠨᠠᠭᠳᠠᠯ᠎ᠠ ᠦᠨᠡᠬᠡᠷ ᠪᠢᠳᠡ ᠴᠢᠨᠢ ᠶᠠᠭᠤ ᠪᠠᠷ ᠢ᠋ᠶ᠋ᠠᠨ ᠮᠣᠩᠭᠣᠯ ᠶᠤᠮ ᠪᠣᠢ? ᠶᠠᠷᠢᠶᠠᠨ ᠦᠭᠡᠢ ᠰᠣᠶᠣᠯ ᠢ᠋ᠶ᠋ᠠᠷ ᠢ᠋ᠶ᠋ᠠᠨ᠂ ᠲᠣᠳᠣᠷᠬᠠᠢ ᠬᠡᠯᠡᠪᠡᠯ ᠤᠯᠠᠮᠵᠢᠯᠠᠯᠲᠤ ᠰᠣᠶᠣᠯ ᠢ᠋ᠶ᠋ᠠᠷ ᠢ᠋ᠶ᠋ᠠᠨ ᠤᠯᠠᠮᠵᠢᠯᠠᠯᠲᠤ ᠰᠣᠶᠣᠯ ᠳ᠋ᠤ᠌ ᠮᠠᠨᠢ ᠮᠣᠩᠭᠣᠯᠴᠤᠳ ᠤ᠋ᠨ ᠡᠳᠦᠷ ᠳᠣᠳᠣᠮ ᠤ᠋ᠨ ᠠᠮᠢᠳᠤᠷᠠᠯ ᠦᠢᠯᠡᠳᠪᠦᠷᠢᠯᠡᠯ ᠳᠤᠮᠳᠠᠬᠢ ᠵᠠᠩ ᠦᠢᠯᠡ᠂ ᠰᠢᠲᠦᠯᠭᠡ ᠪᠢᠰᠢᠷᠡᠯ᠂ ᠠᠢᠯ ᠭᠡᠷ ᠦ᠋ᠨ ᠰᠤᠷᠲᠠᠯ ᠰᠤᠷᠭᠠᠯ᠁ ᠵᠡᠷᠭᠡ ᠠᠮᠢᠳᠤᠷᠠᠯ ᠤ᠋ᠨ ᠰᠣᠶᠣᠯ ᠤ᠋ᠨ ᠠᠭᠤᠯᠭ᠎ᠠ ᠪᠠᠭᠲᠠᠨ᠎ᠠ᠃ ᠬᠠᠷᠢᠨ ᠪᠢᠳᠡ ᠴᠢᠨᠢ《ᠰᠣᠶᠣᠯ ᠤ᠋ᠨ ᠠᠮᠢᠳᠤᠷᠠᠯ》 ᠢ᠋ᠶ᠋ᠠᠨ ᠪᠠᠶᠠᠯᠢᠭᠵᠢᠭᠤᠯᠵᠤ ᠪᠠᠢᠨ᠎ᠠ ᠭᠡᠳ ᠪᠥᠵᠢᠭ᠂ ᠲᠠᠨᠽ᠂ ᠪᠠᠭᠠᠷ᠂ ᠴᠡᠩᠭᠡᠭᠡᠨ ᠦ᠌ ᠭᠠᠵᠠᠷ᠁ ᠬᠣᠷᠯᠣ ᠰᠢᠭ᠋ ᠡᠷᠭᠢᠯᠳᠦᠭᠰᠡᠭᠡᠷ ᠪᠠᠢᠵᠤ《ᠠᠮᠢᠳᠤᠷᠠᠯ ᠤ᠋ᠨ ᠰᠣᠶᠣᠯ》 ᠢ᠋ᠶ᠋ᠠᠨ ᠮᠠᠷᠲᠠᠭᠰᠠᠨ ᠪᠠᠭᠠᠨᠠᠭ ᠤ᠋ᠳ᠃ ᠨᠠᠭᠠᠳᠤ ᠵᠠᠬ᠎ᠠ ᠨᠢ ᠵᠢᠯ ᠴᠠᠭᠠᠨ ᠰᠠᠷ᠎ᠠ ᠪᠠᠷ ᠭᠠᠯ ᠳᠠᠭᠢᠬᠤ᠂ ᠪᠢᠲᠡᠭᠦᠯᠡᠬᠦ᠂ ᠲᠩᠷᠢ ᠳ᠋ᠦ᠍ ᠮᠥᠷᠭᠥᠬᠦ ᠪᠡᠨ ᠴᠦ᠍ ᠣᠭᠤᠷᠠᠭᠰᠠᠨ《ᠰᠣᠶᠣᠯ ᠲᠠᠢ ᠬᠥᠮᠦᠰ》᠃ ᠴᠣᠬᠣᠮ ᠴᠤ ᠮᠣᠩᠭᠣᠯ ᠢ᠋ᠶ᠋ᠠᠨ ᠮᠠᠷᠲᠠᠲᠠᠯ᠎ᠠ ᠰᠣᠶᠣᠯᠵᠢᠭᠰᠠᠨ《ᠴᠣ ᠰᠢᠨ᠎ᠡ ᠲᠣᠯᠣᠭᠠᠢᠲᠠᠣᠨ》ᠳᠠ! ᠢᠴᠢᠮᠡᠷ ᠴᠤ ᠶᠤᠮ᠃
ᠬᠥᠮᠦᠨ ᠰᠣᠶᠣᠯ ᠲᠠᠢ ᠪᠠᠷ ᠢ᠋ᠶ᠋ᠠᠨ ᠠᠮᠢᠲᠠᠨ ᠠ᠋ᠴᠠ ᠢᠯᠭᠠᠭᠳᠠᠳᠠᠭ ᠪᠣᠯ ᠨᠢᠭᠡ ᠦᠨᠳᠦᠰᠦᠲᠡᠨ ᠥᠪᠡᠷ ᠦ᠋ᠨ ᠥᠪᠡᠷᠮᠢᠴᠡ ᠰᠣᠶᠣᠯ ᠢ᠋ᠶ᠋ᠠᠷ ᠢ᠋ᠶ᠋ᠠᠨ ᠥᠭᠡᠷ᠎ᠡ ᠦᠨᠳᠦᠰᠦᠲᠡᠨ ᠡᠴᠡ ᠢᠯᠭᠠᠭᠳᠠᠳᠠᠭ᠃ ᠰᠣᠶᠣᠯ ᠤ᠋ᠨ ᠥᠪᠡᠷᠮᠢᠴᠡ ᠣᠨᠴᠠᠯᠢᠭ ᠪᠣᠯ ᠠᠮᠢᠳᠤᠷᠠᠯ ᠳᠤᠮᠳᠠᠬᠢ ᠬᠠᠮᠤᠭ ᠤ᠋ᠨ ᠲᠦᠭᠡᠮᠡᠯ᠂ ᠡᠩ ᠦ᠋ᠨ ᠤᠯᠠᠮᠵᠢᠯᠠᠯᠲᠤ ᠳᠢᠭᠯᠢᠮ ᠪᠤᠶᠤ ᠠᠵᠢᠯᠯᠠᠭ᠎ᠠ ᠪᠠᠷ ᠢᠯᠡᠷᠡᠳᠡᠭ᠃ ᠵᠢᠱ᠌ᠢᠶᠡᠯᠡᠪᠡᠯ᠂ ᠬᠦᠨᠳᠦᠯᠡᠬᠦ ᠮᠡᠨᠳᠦᠯᠡᠬᠦ᠂ ᠶᠠᠪᠤᠵᠤ ᠰᠠᠭᠤᠬᠤ᠂ ᠶᠠᠷᠢᠵᠤ ᠬᠡᠯᠡᠬᠦ᠂ ᠲᠠᠭᠠᠰᠢᠶᠠᠵᠤ ᠵᠢᠪᠡᠭᠦᠴᠡᠬᠦ᠂ ᠰᠢᠲᠦᠵᠦ ᠪᠡᠯᠭᠡᠳᠡᠬᠦ᠁ ᠵᠡᠷᠭᠡ ᠠᠮᠢᠳᠤᠷᠠᠯ ᠤ᠋ᠨ ᠳᠤᠮᠳᠠᠬᠢ ᠦᠢᠯᠡ ᠠᠵᠢᠯᠯᠠᠭ᠎ᠠ ᠪᠣᠯ ᠲᠡᠷᠡ ᠴᠢᠭ ᠢ᠋ᠶ᠋ᠡᠷ ᠢ᠋ᠶ᠋ᠡᠨ ᠮᠣᠩᠭᠣᠯ ᠮᠥᠨ ᠡᠰᠡᠬᠦ ᠶ᠋ᠢ ᠮᠠᠨᠢ ᠦᠵᠡᠭᠦᠯᠵᠦ ᠴᠢᠳᠠᠬᠤ《ᠬᠥᠬᠡ ᠲᠣᠯᠪᠣ》 ᠪᠠᠢᠭ᠎ᠠ ᠶᠤᠮᠰᠠᠨ! ᠶᠠᠷᠰᠢᠭ ᠶᠠᠷᠪᠢᠭ ᠶᠡᠬᠡᠲᠡᠢ ᠰᠠᠨᠠᠭᠳᠠᠬᠤ ᠵᠠᠩ ᠦᠢᠯᠡ ᠶ᠋ᠢᠨ ᠪᠠᠷᠢᠮᠲᠠᠯᠠᠯ ᠪᠢᠳᠡᠨ ᠦ᠌ ᠠᠮᠢᠳᠤᠷᠠᠯ ᠳ᠋ᠠᠬᠢ ᠰᠣᠶᠣᠯ ᠤ᠋ᠨ ᠴᠢᠨᠰᠠᠭ᠎ᠠ᠂ ᠤᠳᠬ᠎ᠠ ᠠᠭᠤᠯᠭ᠎ᠠ ᠶ᠋ᠢ ᠨᠡᠮᠡᠭᠳᠡᠭᠦᠯᠵᠦ ᠥᠭᠭᠦᠨ᠎ᠡ᠃ ᠳᠡᠭᠡᠳᠦ ᠲᠸᠭ᠌ᠨᠢᠭ᠌ ᠦ᠋ᠨ ᠭᠠᠳᠠᠭᠠᠳᠤ ᠬᠡᠯᠡ ᠶ᠋ᠢ ᠰᠤᠷᠴᠤ ᠡᠵᠡᠮᠰᠢᠬᠦ ᠶ᠋ᠢᠨ ᠰᠠᠴᠠᠭᠤ《ᠢᠷᠭᠡᠨᠰᠢᠯ》 ᠦ᠋ᠨ ᠢᠮ ᠲᠠᠮᠠᠭ᠎ᠠ ᠶ᠋ᠢ ᠭᠦᠨᠵᠡᠭᠡᠢ ᠬᠠᠳᠠᠭᠠᠯᠠᠭᠰᠠᠨ ᠮᠣᠩᠭᠣᠯ ᠠᠮᠢᠳᠤᠷᠠᠯ᠂ ᠰᠡᠳᠬᠢᠯᠭᠡᠨ ᠦ᠌ ᠵᠦᠢ ᠵᠢᠷᠤᠮ ᠦᠨᠡᠬᠡᠷ ᠪᠢᠳᠡᠨ ᠦ᠌ ᠦᠨᠡᠲᠦ ᠵᠦᠢᠯ ᠶᠤᠮ᠃ ᠰᠣᠶᠣᠯ ᠲᠠᠢ ᠬᠥᠮᠦᠨ ᠪᠠᠢᠭᠠᠳ ᠢᠳᠡᠭᠡᠳ᠂ ᠤᠨᠲᠠᠭᠠᠳ᠂ ᠨᠠᠭᠠᠳᠤᠭᠠᠳ ᠡᠭᠦᠨ ᠢ᠋ᠶ᠋ᠡᠨ ᠳᠡᠭᠡᠳᠦ ᠵᠢᠷᠭᠠᠯ ᠭᠡᠮᠡᠨ ᠪᠠᠶᠠᠷᠬᠠᠵᠤ ᠶᠠᠪᠤᠭᠠᠳ ᠪᠠᠢᠪᠠᠯ ᠦᠭᠡ ᠬᠡᠯᠡᠬᠦ ᠡᠴᠡ ᠣᠨᠳᠣᠣ ᠠᠮᠢᠲᠠᠨ ᠠᠳᠤᠭᠤᠰᠤ ᠠ᠋ᠴᠠ ᠢᠯᠭᠠᠭᠠᠲᠠᠢ ᠵᠦᠢᠯ ᠶᠠᠭᠤ ᠯᠠ ᠦᠯᠡᠳᠡᠬᠦ ᠪᠣᠯ? ᠶᠣᠰᠣᠲᠠᠢ《ᠡᠢᠮᠦ ᠨᠢᠭᠡᠨ ᠠᠮᠢᠲᠠᠢ ᠶᠠᠭᠤᠮ᠎ᠠ》 ᠪᠣᠯᠵᠤ ᠳᠦᠭᠦᠷᠬᠦ ᠡᠴᠡ᠁
ᠲᠧᠭᠨᠢᠭ ᠦᠨ ᠬᠥᠭᠵᠢᠯᠲᠡ᠂ ᠳᠠᠶᠠᠭᠠᠷᠴᠢᠯᠠᠯ ᠤ᠋ᠨ ᠥᠷᠨᠢᠯᠲᠡ ᠤᠯᠠᠮᠵᠢᠯᠠᠯᠲᠤ ᠰᠡᠳᠬᠢᠯᠭᠡᠨ ᠢ᠋ ᠬᠦᠴᠦᠲᠡᠢ ᠨᠥᠯᠥᠭᠡᠯᠡᠭᠰᠡᠨ ᠪᠠ ᠮᠣᠩᠭᠣᠯᠴᠤᠳ ᠤ᠋ᠨ ᠤᠤᠭᠠᠯ ᠠᠮᠢᠳᠤᠷᠠᠯ ᠤ᠋ᠨ ᠬᠡᠯᠪᠡᠷᠢ ᠠᠯᠳᠠᠭᠳᠠᠬᠤ ᠪᠤᠶᠤ ᠠᠳᠠᠯᠢ ᠪᠤᠰᠤ ᠭᠠᠵᠠᠷ ᠣᠷᠣᠨ ᠳ᠋ᠤ᠌ ᠠᠳᠠᠯᠢ ᠪᠤᠰᠤ ᠠᠵᠢᠯ ᠠᠯᠪᠠ ᠡᠷᠬᠢᠯᠡᠨ ᠠᠮᠢᠳᠤᠷᠠᠬᠤ ᠵᠡᠷᠭᠡ ᠣᠯᠠᠨ ᠰᠢᠯᠲᠠᠭᠠᠨ ᠢ᠋ᠶ᠋ᠠᠷ《ᠲᠠᠪᠤᠨ ᠬᠣᠰᠢᠭᠤ ᠮᠠᠯ᠂ ᠳᠠᠨᠠᠨ ᠴᠠᠭᠠᠨ ᠭᠡᠷ》 ᠲᠡᠢ ᠠᠮᠢᠳᠤᠷᠠᠯ ᠪᠢᠳᠡᠨ ᠡᠴᠡ ᠬᠣᠯᠠᠳᠴᠤ ᠪᠣᠢ᠃ ᠬᠣᠯᠠᠳᠤᠭᠤᠯᠬᠤ ᠦᠭᠡᠢ ᠭᠡᠳ ᠵᠠᠪᠠᠯ ᠬᠠᠰᠠᠭ ᠲᠡᠷᠭᠡ᠂ ᠢᠰᠡᠭᠡᠢ ᠭᠡᠷ᠂ ᠡᠭᠡᠳᠡᠩ ᠭᠤᠲᠤᠯ ᠲᠠᠢ ᠪᠠᠨ ᠠᠮᠢᠳᠤᠷᠠᠯᠲᠠᠢ ᠪᠢᠰᠢ᠃ ᠪᠢᠳᠡᠨ ᠳ᠋ᠦ᠍ ᠪᠠᠰᠠ ᠺᠣᠮᠫᠢᠦ᠋ᠲ᠋ᠧᠷ᠂ ᠮᠠᠰᠢᠨ ᠲᠡᠷᠭᠡ᠂ ᠺᠣᠰᠲ᠋ᠢᠶᠣᠮ ᠬᠡᠷᠡᠭᠲᠡᠢ᠃ ᠪᠣᠳᠠᠰ ᠤ᠋ᠨ ᠠᠮᠢᠳᠤᠷᠠᠯ ᠤ᠋ᠨ ᠨᠥᠬᠥᠴᠡᠯ ᠡᠢᠨ ᠬᠦ᠌ ᠥᠭᠡᠷᠡᠴᠢᠯᠡᠭᠳᠡᠬᠦ ᠨᠢ ᠭᠠᠷᠴᠠᠭ᠎ᠠ ᠦᠭᠡᠢ ᠪᠣᠯᠪᠠᠴᠤ ᠰᠣᠶᠣᠯ ᠰᠡᠳᠬᠢᠯᠭᠡᠨ ᠦ᠌ ᠮᠠᠨᠢ ᠤᠯᠠᠮᠵᠢᠯᠠᠯ ᠥᠪᠯᠡᠭᠳᠡᠬᠦ ᠶᠣᠰᠣᠲᠠᠢ᠃ ᠬᠤᠷᠢᠮ ᠲᠥᠷᠥ᠂ ᠨᠠᠢᠷ ᠨᠠᠭᠠᠳᠤᠮ ᠤ᠋ᠨ ᠦᠶ᠎ᠡ ᠳ᠋ᠦ᠍ ᠮᠣᠩᠭᠣᠯ ᠬᠤᠪᠴᠠᠰᠤ ᠪᠠᠨ ᠲᠥᠷᠥ ᠶ᠋ᠢᠨ ᠬᠤᠪᠴᠠᠰᠤ ᠪᠣᠯᠭᠠᠨ ᠡᠮᠦᠰᠴᠦ ᠪᠠᠢᠬᠤ᠂ ᠮᠣᠩᠭᠣᠯ ᠶᠣᠰᠣᠨ ᠤ᠋ ᠬᠦᠨᠳᠦᠯᠡᠬᠦ ᠮᠡᠨᠳᠦᠯᠡᠬᠦ ᠲᠠᠯᠠᠷᠬᠠᠬᠤ ᠵᠠᠩᠰᠢᠯ ᠢ᠋ᠶ᠋ᠠᠨ ᠳᠡᠭᠡᠳᠦᠯᠡᠬᠦ᠂ ᠵᠢᠯ ᠴᠠᠭᠠᠨ ᠰᠠᠷ᠎ᠠ᠂ ᠬᠤᠷᠢᠮ ᠨᠠᠢᠷ ᠤ᠋ᠨ ᠤᠯᠠᠮᠵᠢᠯᠠᠯᠲᠤ ᠵᠠᠩᠰᠢᠯ ᠶᠣᠰᠣ ᠪᠠᠨ ᠪᠠᠷᠢᠮᠲᠠᠯᠠᠵᠤ ᠪᠠᠢᠬᠤ᠂ ᠠᠢᠯ ᠭᠡᠷ ᠦ᠋ᠨ ᠮᠣᠩᠭᠣᠯ ᠰᠤᠷᠲᠠᠯ ᠰᠤᠷᠭᠠᠯ ᠢ᠋ ᠡᠷᠬᠢᠮᠯᠡᠵᠦ ᠪᠠᠢᠬᠤ᠂ ᠪᠡᠯᠭᠡᠳᠡᠯ ᠰᠢᠲᠦᠯᠭᠡ ᠶ᠋ᠢᠨ ᠵᠠᠩ ᠦᠢᠯᠡ ᠪᠡᠨ ᠬᠦᠨᠳᠦᠳᠬᠡᠵᠦ ᠪᠠᠢᠬᠤ ᠵᠡᠷᠭᠡ ᠨᠢ ᠲᠠ ᠪᠢᠳᠡᠨ ᠦ᠌ ᠠᠮᠢᠳᠤᠷᠠᠯ᠂ ᠣᠶᠤᠨ ᠰᠠᠨᠠᠭᠠᠨ ᠤ᠋ ᠶᠢᠷᠲᠢᠨᠴᠦ ᠳ᠋ᠦ᠍ ᠮᠣᠩᠭᠣᠯ ᠢ᠋ᠶ᠋ᠠᠷ ᠢ᠋ᠶ᠋ᠠᠨ ᠪᠠᠢᠬᠤ ᠶ᠋ᠢᠨ ᠰᠠᠢᠬᠠᠨ ᠢ᠋ ᠮᠡᠳᠡᠷᠡᠭᠦᠯᠵᠦ ᠥᠭᠭᠦᠨ᠎ᠡ᠃
ᠨᠢᠭᠡ ᠦᠨᠳᠦᠰᠦᠲᠡᠨ ᠦ᠌ ᠰᠣᠶᠣᠯ ᠰᠡᠳᠬᠢᠯᠭᠡᠨ᠂ ᠬᠠᠮᠲᠤ ᠶ᠋ᠢᠨ ᠵᠣᠷᠢᠭ ᠰᠠᠨᠠᠭᠠᠨ ᠤ᠋ ᠢᠵᠢᠯᠢᠰᠢᠬᠦ ᠨᠢᠭᠲᠠᠷᠠᠯ᠂ ᠨᠢᠭᠡ ᠴᠣᠬᠴᠠᠵᠢᠬᠰᠠᠨ ᠨᠡᠢᠭᠡᠮ ᠦ᠋ᠨ ᠳᠢᠭᠯᠢᠮ ᠢ᠋ ᠬᠠᠳᠠᠭᠠᠯᠠᠭᠰᠠᠨ ᠠᠮᠢᠳᠤᠷᠠᠯ ᠤ᠋ᠨ ᠰᠣᠶᠣᠯ ᠤ᠋ᠨ ᠤᠯᠠᠮᠵᠢᠯᠠᠯ ᠭᠡᠵᠦ ᠡᠷᠬᠢᠮ ᠶᠦᠮ ᠳᠡ᠃ ᠲᠡᠢᠮᠦ ᠡᠴᠡ ᠪᠢᠳᠡ ᠬᠠᠮᠢᠭ᠎ᠠ ᠣᠴᠢᠭᠰᠠᠨ ᠴᠤ ᠮᠣᠩᠭᠣᠯ ᠶᠤᠮ ᠰᠢᠦ! ᠬᠠᠷᠢᠨ ᠵᠢᠯ ᠵᠢᠯ ᠬᠥᠳᠡᠭᠡ ᠪᠡᠨ ᠬᠠᠷᠢᠵᠤ ᠰᠢᠨᠡᠯᠡᠶ᠎ᠡ᠂ ᠤᠮᠠᠷᠲᠠᠭᠰᠠᠨ ᠢ᠋ᠶ᠋ᠠᠨ ᠮᠡᠳᠡᠵᠦ᠂ ᠤᠨᠲᠠᠭᠰᠠᠨ ᠠ᠋ᠴᠠ ᠪᠠᠨ ᠰᠡᠷᠡᠵᠦ ᠪᠠᠢᠶ᠎ᠠ! ᠶᠡᠷᠦ ᠨᠢ ᠮᠣᠩᠭᠣᠯᠴᠤᠳ ᠢ᠋《ᠤᠳᠤᠮ ᠤ᠋ᠨ ᠮᠣᠩᠭᠣᠯ》 ᠪᠠ《ᠰᠣᠶᠣᠯ ᠤ᠋ᠨ ᠮᠣᠩᠭᠣᠯ》ᠭᠡᠵᠦ ᠬᠤᠪᠢᠶᠠᠨ ᠣᠢᠯᠠᠭᠠᠵᠤ ᠪᠣᠯᠬᠤ ᠮᠡᠲᠦ᠃《ᠤᠳᠤᠮ ᠤ᠋ᠨ ᠮᠣᠩᠭᠣᠯ 》 ᠳ᠋ᠤ᠌ ᠮᠣᠩᠭᠣᠯ ᠦᠨᠳᠦᠰᠦ ᠲᠡᠢ ᠬᠥᠮᠦᠨ ᠪᠦᠬᠦᠨ ᠢ᠋ ᠪᠠᠭᠲᠠᠭᠠᠪᠠᠴᠤ《ᠰᠣᠶᠣᠯ ᠤ᠋ᠨ ᠮᠣᠩᠭᠣᠯ》 ᠳ᠋ᠤ᠌ ᠮᠣᠩᠭᠣᠯ ᠬᠡᠯᠡ ᠰᠣᠶᠣᠯ ᠢ᠋ᠶ᠋ᠠᠷ ᠢ᠋ᠶ᠋ᠠᠨ ᠠᠮᠢᠳᠤᠷᠠᠵᠤ ᠪᠠᠢᠭ᠎ᠠ ᠪᠣᠯᠪᠠᠴᠤ ᠮᠣᠩᠭᠣᠯ ᠳ᠋ᠠᠭᠠᠨ ᠬᠦᠢᠲᠡᠨ ᠡᠯᠢᠭᠡ ᠲᠡᠢ᠂《ᠮᠣᠩᠭᠣᠯ ᠳ᠋ᠠᠭᠠᠨ ᠣᠷᠣᠵᠤ ᠲᠥᠷᠥᠭᠰᠡᠨ ᠳ᠋ᠡᠭᠡᠨ ᠭᠤᠳᠤᠷᠠᠳᠠᠭ》ᠮᠣᠩᠭᠣᠯᠴᠤᠳ ᠢ᠋ ᠡᠰᠡ ᠪᠠᠭᠲᠠᠭᠠᠨ᠎ᠠ᠃ ᠬᠠᠷᠢᠨ ᠮᠣᠩᠭᠣᠯ ᠬᠡᠯᠡ ᠰᠣᠶᠣᠯ ᠢ᠋ᠶ᠋ᠠᠨ ᠮᠠᠷᠲᠠᠭᠰᠠᠨ ᠪᠣᠯᠪᠠᠴᠤ ᠮᠣᠩᠭᠣᠯ ᠬᠡᠯᠡ ᠰᠣᠶᠣᠯ ᠤ᠋ᠨ ᠢ᠋ᠶ᠋ᠠᠨ ᠲᠥᠯᠥᠭᠡ ᠵᠢᠳᠬᠦᠵᠦ ᠶᠠᠪᠤᠳᠠᠭ ᠬᠥᠮᠦᠰ ᠢ᠋ ᠪᠠᠭᠲᠠᠭᠠᠨ᠎ᠠ᠃ ᠳᠡᠯᠡᠬᠡᠢ ᠳ᠋ᠠᠬᠢᠨ ᠢ᠋ᠶ᠋ᠠᠷ ᠢ᠋ᠶ᠋ᠠᠨ《ᠠᠵᠤ ᠠᠬᠤᠢ ᠨᠢᠭᠡ ᠡᠰᠢᠵᠢᠵᠦ ᠰᠣᠶᠣᠯ ᠣᠯᠠᠨ ᠡᠰᠢᠵᠢᠬᠦ》ᠴᠢᠭᠯᠡᠯ ᠢ᠋ᠶ᠋ᠡᠷ ᠬᠥᠭᠵᠢᠵᠦ ᠪᠠᠢᠭ᠎ᠠ ᠨᠢ ᠠᠯᠢ ᠴᠤ ᠦᠨᠳᠦᠰᠦᠲᠡᠨ ᠦ᠌ ᠰᠣᠶᠣᠯ ᠪᠣᠯ ᠨᠡᠢᠲᠡ ᠬᠥᠮᠦᠨ ᠲᠥᠷᠥᠯᠬᠢᠲᠡᠨ ᠦ᠌ ᠰᠣᠶᠣᠯ ᠤ᠋ᠨ ᠠᠯᠲᠠᠨ ᠬᠡᠯᠲᠡᠷᠬᠡᠢ ᠨᠢ ᠶᠦᠮ ᠭᠡᠰᠡᠨ ᠢ᠋ ᠣᠯᠠᠨ ᠢ᠋ᠶ᠋ᠠᠷ ᠨᠠᠨᠳᠢᠩᠨᠠᠵᠤ ᠣᠢᠯᠠᠭᠠᠳᠠᠭ ᠪᠣᠯᠤᠭᠰᠠᠨ ᠢ᠋ ᠬᠠᠷᠠᠭᠤᠯᠵᠤ ᠪᠣᠢ᠃ ᠠᠮᠢᠳᠤ ᠪᠣᠳᠠᠰ ᠤ᠋ᠨ ᠣᠯᠠᠨ ᠶᠠᠩᠵᠤᠲᠤ ᠴᠢᠨᠠᠷ ᠢ᠋ ᠬᠠᠮᠠᠭᠠᠯᠠᠬᠤ ᠪᠠᠢᠭ᠎ᠠ᠂ ᠲᠧᠭᠨᠢᠭ ᠬᠥᠭᠵᠢᠭᠰᠡᠨ᠂ ᠳᠠᠶᠠᠭᠠᠷᠴᠢᠯᠠᠯ ᠥᠷᠨᠢᠭᠰᠡᠨ ᠡᠨᠡ ᠡᠷᠢᠨ ᠳ᠋ᠦ᠍ ᠬᠠᠮᠢᠭ᠎ᠠ ᠴᠤ ᠠᠮᠢᠳᠤᠷᠠᠬᠤ᠂ ᠶᠠᠮᠠᠷ ᠴᠤ ᠠᠵᠢᠯ ᠦᠢᠯᠡᠰ ᠡᠷᠬᠢᠯᠡᠵᠦ ᠪᠣᠯᠬᠤ ᠶᠤᠮ᠃
———————
①ᠡᠨᠡ ᠵᠣᠬᠢᠶᠠᠯ《ᠭᠣᠯᠣᠮᠲᠠ 》 ᠰᠡᠳᠬᠦᠯ ᠦ᠋ᠨ ᠶᠡᠷᠦᠩᠬᠡᠢ ᠬᠣᠶᠠᠳᠤᠭᠠᠷ ᠬᠤᠭᠤᠴᠠᠭ᠎ᠠ ᠳ᠋ᠤ᠌ ᠨᠡᠢᠲᠡᠯᠡᠭᠳᠡᠭᠰᠡᠨ ᠪᠠᠢᠵᠠᠢ᠃
ᠦᠰᠦᠭ ᠠᠮᠢᠯᠠᠭᠤᠯᠤᠭᠴᠢ᠄ ᠨᠠᠷᠠᠨᠲᠤᠶᠠᠭ᠎ᠠ᠂ ᠨᠡᠭᠦᠳᠡᠯ
ᠬᠢᠨᠠᠭᠴᠢ ᠪᠠᠭᠰᠢ᠄ ᠰᠡᠬᠡᠭᠡᠷᠡᠯ᠂ ᠣᠳᠬᠠᠨᠰᠣ᠎ᠠ᠂ ᠭᠠᠷᠮ᠎ᠠ
