ᠳᠠᠭᠤᠨ ᠳ᠋ᠤ᠌ ᠵᠢᠷᠭᠠᠬᠤ ᠣᠷᠴᠢᠯᠠᠩ-ᠴᠢᠯᠠᠭᠤᠨᠴᠢᠮᠡᠭ Chuluunchimeg - Duund jargah orchlon Чулуунчимэг - Дуунд жаргах орчлон ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠠᠭᠤᠨ ᠳ᠋ᠤ᠌ ᠵᠢᠷᠭᠠᠬᠤ ᠣᠷᠴᠢᠯᠠᠩ-ᠴᠢᠯᠠᠭᠤᠨᠴᠢᠮᠡᠭ Chuluunchimeg - Duund jargah orchlon Чулуунчимэг - Дуунд жаргах орчлон

ᠳᠠᠭᠤᠨ ᠳ᠋ᠤ᠌ ᠵᠢᠷᠭᠠᠬᠤ ᠣᠷᠴᠢᠯᠠᠩ-ᠴᠢᠯᠠᠭᠤᠨᠴᠢᠮᠡᠭ Chuluunchimeg - Duund jargah orchlon Чулуунчимэг - Дуунд жаргах орчлон

ᠠᠩᠭᠢᠯᠠᠯ:ᠳᠠᠭᠤᠤ ᠬᠥᠭᠵᠢᠮ
2024-07-05

760

ᠳᠠᠭᠤᠨ ᠳ᠋ᠤ᠌ ᠵᠢᠷᠭᠠᠬᠤ ᠣᠷᠴᠢᠯᠠᠩ


     ᠦᠭᠡ᠄ ᠴ· ᠮᠢᠭᠮᠠᠷᠳᠣᠷᠵᠢ   
     ᠠᠶ᠎ᠠ᠄ ᠨ· ᠪᠠᠲᠤ ᠥᠯᠵᠡᠢ   
     ᠳᠠᠭᠤᠴᠢᠨ᠄ ᠴᠢᠯᠠᠭᠤᠨᠴᠢᠮᠡᠭ᠌   

ᠤᠶᠠᠩᠭᠠᠲᠤ ᠰᠠᠢᠬᠠᠨ ᠳᠠᠭᠤᠨ ᠳ᠋ᠤ᠌ ᠴᠢᠨᠢ ᠤᠶᠠᠷᠠᠭᠰᠠᠨ ᠪᠣᠯᠬᠣᠷ 
ᠬᠤᠸᠠ ᠰᠢᠷᠭᠠᠯ ᠨᠠᠷᠠ ᠪᠠᠷ ᠬᠣᠷᠸ᠎ᠠ ᠬᠡᠷᠡᠯᠳᠦᠳᠡᠭ ᠶᠦᠮ ᠠ᠋ 
ᠠᠭᠠᠵᠢᠮ ᠡᠨᠡ ᠣᠷᠴᠢᠯᠠᠩ ᠳ᠋ᠤ᠌ ᠬᠠᠢᠷ᠎ᠠ ᠶ᠋ᠢᠨ ᠲᠦᠷᠡᠯᠭᠡ ᠨᠡᠮᠡᠭᠡᠳ 
ᠤᠴᠠᠷᠠᠯ ᠤ᠋ᠨ ᠨᠠᠨᠳᠢᠨ ᠢᠲᠡᠭᠡᠯ ᠳᠡᠭᠡᠷ᠎ᠡ ᠬᠥᠮᠦᠨ ᠵᠢᠷᠭᠠᠳᠠᠭ ᠶᠤᠮ ᠠ᠋ 
ᠠᠭᠠᠵᠢᠮ ᠡᠨᠡ ᠣᠷᠴᠢᠯᠠᠩ ᠳ᠋ᠤ᠌ ᠬᠠᠢᠷ᠎ᠠ ᠶ᠋ᠢᠨ ᠳᠦᠷᠯᠡᠭᠡ ᠨᠡᠮᠡᠭᠡᠳ 
ᠤᠴᠠᠷᠠᠯ ᠤ᠋ᠨ ᠨᠠᠨᠳᠢᠨ ᠢᠲᠡᠭᠡᠯ ᠳᠡᠭᠡᠷ᠎ᠡ ᠬᠥᠮᠦᠨ ᠵᠢᠷᠭᠠᠳᠠᠭ ᠶᠤᠮ ᠠ᠋᠃

ᠲᠠᠯᠠᠮᠠᠨ ᠵᠢᠷᠣᠭ᠎ᠠ ᠶ᠋ᠢᠨ ᠶᠠᠪᠤᠳᠠᠯ ᠳᠠᠭᠤᠨ ᠴᠡᠩᠭᠡᠭᠦᠨ ᠳ᠋ᠦ᠍ ᠤᠶᠠᠷᠠᠭᠰᠠᠨ ᠳ᠋ᠠᠭᠠᠨ
ᠲᠡᠨᠢᠭᠦᠨ ᠡᠨᠡᠬᠡᠨ ᠣᠷᠴᠢᠯᠠᠩ ᠵᠢᠷᠭᠠᠯ ᠢ᠋ᠶ᠋ᠠᠷ ᠠᠰᠬᠠᠷᠠᠳᠠᠭ ᠶᠤᠮ ᠠ᠋
ᠲᠡᠷᠭᠡᠯ ᠰᠠᠷᠠ ᠴᠢᠨᠦᠬᠢ ᠪᠡᠨ ᠢᠲᠡᠭᠡᠯ ᠦ᠋ᠨ ᠪᠠᠯ ᠳ᠋ᠤ᠌ ᠰᠣᠭᠲᠣᠭᠠᠳ
ᠲᠡᠮᠡᠦᠯᠬᠦ ᠨᠠᠨᠳᠢᠨ ᠵᠢᠷᠦᠬᠡ ᠮᠢᠨᠢ ᠬᠠᠢᠷ᠎ᠠ ᠪᠠᠷ ᠪᠠᠳᠮᠠᠯᠠᠳᠠᠭ ᠶᠤᠮ ᠠ᠋
ᠲᠡᠷᠭᠡᠯ ᠰᠠᠷᠠ ᠴᠢᠨᠦᠬᠢ ᠪᠡᠨ ᠢᠲᠡᠭᠡᠯ ᠦ᠋ᠨ ᠪᠠᠯ ᠳ᠋ᠤ᠌ ᠰᠣᠭᠲᠣᠭᠠᠳ
ᠲᠡᠮᠡᠦᠯᠬᠦ ᠨᠠᠨᠳᠢᠨ ᠵᠢᠷᠦᠬᠡ ᠮᠢᠨᠢ ᠬᠠᠢᠷ᠎ᠠ ᠪᠠᠷ ᠪᠠᠳᠮᠠᠯᠠᠳᠠᠭ ᠶᠤᠮ ᠠ᠋᠃

ᠦᠯᠡᠮᠵᠢ ᠶ᠋ᠢᠨ ᠰᠠᠢᠬᠠᠨ ᠠᠶᠠᠯᠭᠤᠨ ᠳ᠋ᠤ᠌ ᠴᠢᠨᠢ ᠠᠭᠤᠰᠤᠭᠰᠠᠨ ᠪᠣᠯᠬᠣᠷ
ᠦᠯᠢᠭᠡᠷ ᠦ᠋ᠨ ᠴᠡᠩᠬᠡᠷ ᠳᠡᠯᠡᠬᠡᠢ ᠭᠡᠷᠡᠯ ᠢ᠋ᠶ᠋ᠡᠷ ᠭᠡᠢᠳᠡᠭ ᠶᠦᠮ ᠠ᠋
ᠦᠵᠡᠰᠬᠦᠯᠡᠩᠲᠦ ᠴᠢᠮ᠎ᠠ ᠠ᠋ᠴᠠ ᠪᠠᠨ ᠤᠬᠠᠭᠠᠷᠠᠯ ᠤ᠋ᠨ ᠳᠠᠷᠠᠰᠤ ᠬᠦᠷᠲᠡᠭᠡᠳ
ᠦᠭᠡᠰ ᠦ᠋ᠨ ᠢᠷᠠᠭᠤᠬᠠᠨ ᠡᠬᠡᠰᠢᠭ ᠬᠠᠢᠷ᠎ᠠ ᠪᠠᠷ ᠳᠡᠯᠭᠡᠷᠡᠳᠡᠭ ᠶᠦᠮ ᠠ᠋
ᠦᠵᠡᠰᠬᠦᠯᠡᠩᠲᠦ ᠴᠢᠮ᠎ᠠ ᠠ᠋ᠴᠠ ᠪᠠᠨ ᠤᠬᠠᠭᠠᠷᠠᠯ ᠤ᠋ᠨ ᠳᠠᠷᠠᠰᠤ ᠬᠦᠷᠲᠡᠭᠡᠳ
ᠦᠭᠡᠰ ᠦ᠋ᠨ ᠢᠷᠠᠭᠤᠬᠠᠨ ᠡᠬᠡᠰᠢᠭ ᠬᠠᠢᠷ᠎ᠠ ᠪᠠᠷ ᠳᠡᠯᠭᠡᠷᠡᠳᠡᠭ ᠶᠦᠮ ᠠ᠋
ᠠᠭᠠᠵᠢᠮ ᠡᠨᠡ ᠣᠷᠴᠢᠯᠠᠩ ᠳ᠋ᠤ᠌ ᠬᠠᠢᠷ᠎ᠠ ᠶ᠋ᠢᠨ ᠲᠦᠷᠡᠯᠭᠡ ᠨᠡᠮᠡᠭᠡᠳ
ᠤᠴᠠᠷᠠᠯ ᠤ᠋ᠨ ᠨᠠᠨᠳᠢᠨ ᠢᠲᠡᠭᠡᠯ ᠳᠡᠭᠡᠷ᠎ᠡ ᠬᠥᠮᠦᠨ ᠵᠢᠷᠭᠠᠳᠠᠭ ᠶᠤᠮ ᠠ᠋
ᠵᠢᠷᠭᠠᠳᠠᠭ ᠶᠤᠮ ᠠ᠋᠃

     ᠦᠰᠦᠭ ᠬᠠᠳᠠᠭᠴᠢ᠄ ᠵᠢᠷᠠᠨᠲᠠᠢ
     ᠦᠰᠦᠭ ᠠᠮᠢᠯᠠᠭᠤᠯᠤᠭᠴᠢ᠄ ᠤᠤᠭᠠᠨᠵᠢᠳ
     ᠬᠢᠨᠠᠭᠴᠢ᠄ ᠮᠡᠷᠭᠡᠨᠪᠢᠯᠢᠭ