ᠨᠠᠢᠷᠯᠠᠨ ᠳᠠᠭᠤᠯᠠᠶ᠎ᠠ-ᠠᠨᠳᠠ ᠬᠠᠮᠲᠤᠯᠢᠭНайрлан дуулъя-Анд Хамтлаг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠢᠷᠯᠠᠨ ᠳᠠᠭᠤᠯᠠᠶ᠎ᠠ-ᠠᠨᠳᠠ ᠬᠠᠮᠲᠤᠯᠢᠭНайрлан дуулъя-Анд Хамтлаг

ᠨᠠᠢᠷᠯᠠᠨ ᠳᠠᠭᠤᠯᠠᠶ᠎ᠠ-ᠠᠨᠳᠠ ᠬᠠᠮᠲᠤᠯᠢᠭНайрлан дуулъя-Анд Хамтлаг

ᠠᠩᠭᠢᠯᠠᠯ:ᠳᠠᠭᠤᠤ ᠬᠥᠭᠵᠢᠮ
2024-07-05

1857

ᠨᠠᠢᠷᠯᠠᠨ ᠳᠠᠭᠤᠯᠠᠶ᠎ᠠ

   ᠦᠭᠡ᠄ ᠠᠷᠢᠭᠤᠨ᠎ᠠ  
   ᠠᠶ᠎ᠠ ᠬᠥᠭᠵᠢᠮ᠄ ᠴᠡᠩᠭᠡᠯᠲᠦ  
   《 ᠠᠨᠳᠠ》 ᠬᠠᠮᠲᠤᠯᠢᠭ ᠳᠠᠭᠤᠯᠠᠨ᠎ᠠ  
ᠠᠯᠲᠠᠨ ᠨᠠᠷᠠᠨ ᠲᠤᠨᠤᠷᠠᠭᠰᠠᠨ ᠬᠥᠳᠡᠭᠡ ᠳ᠋ᠦ᠍ ᠪᠡᠨ 
ᠠᠭᠯᠠᠭ ᠠᠭᠤᠯᠠᠰ ᠤ᠋ᠨ ᠴᠠᠰᠤ ᠬᠠᠨᠵᠠᠷᠠᠵᠤ ᠪᠠᠢᠨ᠎ᠠ 
ᠠᠩᠬᠠᠨ ᠤ᠋ ᠪᠣᠷᠣᠭ᠎ᠠ ᠰᠢᠪᠡᠷᠡᠨ ᠵᠦᠰᠡᠷᠡᠬᠦ ᠳ᠋ᠦ᠍ 
ᠠᠭᠢ ᠭᠠᠩᠭ᠎ᠠ ᠶ᠋ᠢᠨ ᠦᠨᠦᠷ ᠰᠡᠩᠭᠢᠨᠡᠵᠦ ᠯᠡ ᠪᠠᠢᠨ᠎ᠠ 
ᠠᠮᠤᠭᠤᠯᠠᠩ ᠨᠠᠯᠠᠢᠬᠤ ᠠᠢᠯ ᠤ᠋ᠨ ᠬᠣᠲᠠᠨ ᠳ᠋ᠤ᠌ ᠨᠢ 
ᠨᠢᠯᠬ᠎ᠠ ᠲᠥᠯ ᠦ᠋ᠨ ᠳᠠᠭᠤ ᠴᠠᠩᠭᠢᠨᠠᠵᠤ ᠪᠠᠢᠨ᠎ᠠ 
ᠨᠠᠢᠷ ᠬᠥᠷ ᠢ᠋ᠶ᠋ᠡᠷ ᠬᠥᠭᠯᠡᠭᠰᠡᠨ ᠦᠷᠭᠦᠭᠡᠨ ᠳ᠋ᠦ᠍ ᠨᠢ 
ᠨᠠᠢᠷᠠᠭ ᠠᠢᠷᠠᠭ ᠢ᠋ᠶ᠋ᠠᠷ ᠪᠢᠯᠬᠠᠨ ᠳᠦᠭᠦᠷᠴᠦ ᠯᠡ ᠪᠠᠢᠨ᠎ᠠ 
ᠠᠬᠠᠰ ᠵᠠᠬᠠᠰ ᠢ᠋ᠶ᠋ᠠᠨ ᠬᠦᠨᠳᠦᠯᠡᠨ ᠳᠠᠭᠤᠯᠠᠶ᠎ᠠ
ᠠᠬᠠᠨ ᠳᠡᠭᠦᠦᠰ ᠢ᠋ᠶ᠋ᠡᠨ ᠬᠠᠢᠷᠠᠯᠠᠨ ᠳᠠᠭᠤᠯᠠᠶ᠎ᠠ
ᠠᠯᠢᠶ᠎ᠠ ᠵᠢᠭᠠᠯ ᠢ᠋ᠶ᠋ᠠᠨ ᠡᠪᠡᠢᠯᠡᠨ ᠳᠠᠭᠤᠯᠠᠶ᠎ᠠ
ᠠᠨᠳᠠ ᠨᠠᠢᠵᠠ ᠲᠠᠢ ᠪᠠᠨ ᠵᠣᠯᠭᠠᠨ ᠳᠠᠭᠤᠯᠠᠶ᠎ᠠ
ᠠᠷᠢᠭᠤᠨ ᠲᠠᠭᠱᠠᠨ ᠨᠤᠲᠤᠭ ᠢ᠋ᠶ᠋ᠠᠨ ᠳᠠᠭᠤᠯᠠᠶ᠎ᠠ
ᠠᠮᠵᠢᠯᠲᠠ ᠪᠦᠲᠦᠭᠡᠯ ᠢ᠋ᠶ᠋ᠡᠨ ᠪᠡᠯᠭᠡᠯᠡᠨ ᠳᠠᠭᠤᠯᠠᠶ᠎ᠠ
ᠪᠠᠬᠠᠷᠤᠨ ᠪᠡᠯᠭᠡᠯᠡᠨ ᠢᠷᠥᠭᠡᠨ ᠨᠠᠢᠷᠯᠠᠨ
ᠠᠯᠤᠰ ᠤ᠋ᠨ ᠬᠠᠷᠭᠤᠢ ᠪᠠᠨ ᠢᠷᠥᠭᠡᠨ 
ᠠᠵᠠ ᠵᠢᠷᠭᠠᠯ ᠢ᠋ᠶ᠋ᠠᠨ ᠨᠠᠢᠷᠯᠠᠨ ᠳᠠᠭᠤᠯᠠᠶ᠎ᠠ
ᠠᠬᠠᠰ ᠵᠠᠬᠠᠰ ᠢ᠋ᠶ᠋ᠠᠨ ᠬᠦᠨᠳᠦᠯᠡᠨ ᠳᠠᠭᠤᠯᠠᠶ᠎ᠠ
ᠠᠬᠠᠨ ᠳᠡᠭᠦᠦᠰ ᠢ᠋ᠶ᠋ᠡᠨ ᠬᠠᠢᠷᠠᠯᠠᠨ ᠳᠠᠭᠤᠯᠠᠶ᠎ᠠ
ᠡᠪᠡᠢ ᠡᠪᠡᠢ ᠡᠪᠡᠢ ᠡᠪᠡᠢ
ᠠᠯᠢᠶ᠎ᠠ ᠵᠢᠭᠠᠯ ᠮᠢᠨᠢ ᠡᠪᠡᠢ
ᠠᠨᠳᠠ ᠨᠠᠢᠵᠠ ᠲᠠᠢ ᠪᠠᠨ ᠵᠣᠯᠭᠠᠨ ᠳᠠᠭᠤᠯᠠᠶ᠎ᠠ

ᠤᠷᠲᠤ ᠶ᠋ᠢᠨ ᠳᠠᠭᠤᠨ ᠤ᠋ ᠰᠢᠷᠤᠩᠬᠠᠢ ᠡᠬᠡᠰᠢᠭ ᠲᠦ᠍ ᠨᠢ
ᠥᠷᠭᠡᠨ ᠲᠠᠯ᠎ᠠ ᠳ᠋ᠤ᠌ ᠨᠢ ᠤᠶᠠᠷᠠᠨ ᠤᠶᠠᠩᠭᠠᠷᠠᠵᠤ ᠪᠠᠢᠨ᠎ᠠ
ᠦᠷ ᠦ᠋ᠨ ᠲᠤᠶᠠᠭ᠎ᠠ ᠡᠵᠢ ᠶ᠋ᠢᠨ ᠡᠩᠭᠡᠷ ᠲᠦ᠍ ᠲᠤᠰᠬᠤ ᠳ᠋ᠤ᠌ ᠨᠢ 
ᠥᠩᠭᠡ ᠶ᠋ᠢᠨ ᠰᠣᠯᠣᠩᠭ᠎ᠠ ᠲᠡᠳᠡᠨ ᠲᠤᠶᠠᠭᠠᠷᠠᠵᠤ ᠪᠠᠢᠨ᠎ᠠ
ᠬᠠᠨ ᠬᠥᠪᠴᠢ ᠶ᠋ᠢᠨ ᠥᠨᠳᠥᠷ ᠰᠠᠷᠢᠳᠠᠭ ᠲᠤ᠌ ᠨᠢ 
ᠬᠠᠩᠭᠠᠢ ᠲᠠᠢᠭ᠎ᠠ ᠨᠢ ᠰᠦᠭᠯᠡᠢᠨ ᠲᠦᠩᠬᠦᠢᠵᠦ ᠪᠠᠢᠨ᠎ᠠ 
ᠬᠠᠩᠬᠠᠷ ᠠᠪᠤ ᠮᠢᠨᠢ ᠬᠣᠢᠮᠣᠷ ᠲᠤ᠌ ᠬᠠᠩᠬᠠᠢᠬᠤ ᠳ᠋ᠤ᠌ ᠨᠢ
ᠬᠠᠨᠠᠲᠤ ᠭᠡᠷ ᠢ᠋ ᠠᠮᠤᠷ ᠲᠠᠢᠪᠤᠩ ᠬᠤᠴᠢᠵᠤ ᠪᠠᠢᠨ᠎ᠠ
ᠠᠷᠢᠭᠤᠨ ᠲᠠᠭᠱᠠᠨ ᠨᠤᠲᠤᠭ ᠢ᠋ᠶ᠋ᠠᠨ ᠪᠠᠬᠠᠷᠤᠨ ᠳᠠᠭᠤᠯᠠᠶ᠎ᠠ
ᠠᠮᠵᠢᠯᠲᠠ ᠪᠦᠲᠦᠭᠡᠯ ᠢ᠋ᠶ᠋ᠡᠨ ᠪᠠᠬᠠᠳᠤᠨ ᠳᠠᠭᠤᠯᠠᠶ᠎ᠠ
ᠠᠯᠤᠰ ᠤ᠋ᠨ ᠬᠠᠷᠭᠤᠢ ᠪᠠᠨ ᠢᠷᠥᠭᠡᠨ ᠳᠠᠭᠤᠯᠠᠶ᠎ᠠ
ᠠᠵᠠ ᠵᠢᠷᠭᠠᠯ ᠢ᠋ᠶ᠋ᠠᠨ ᠨᠠᠢᠷᠯᠠᠨ ᠳᠠᠭᠤᠯᠠᠶ᠎ᠠ
ᠠᠬᠠᠰ ᠵᠠᠬᠠᠰ ᠢ᠋ᠶ᠋ᠠᠨ ᠬᠦᠨᠳᠦᠯᠡᠨ ᠳᠠᠭᠤᠯᠠᠶ᠎ᠠ
ᠠᠬᠠᠨ ᠳᠡᠭᠦᠦᠰ ᠢ᠋ᠶ᠋ᠡᠨ ᠬᠠᠢᠷᠠᠯᠠᠨ ᠳᠠᠭᠤᠯᠠᠶ᠎ᠠ
ᠠᠯᠢᠶ᠎ᠠ ᠵᠢᠭᠠᠯ ᠢ᠋ᠶ᠋ᠠᠨ ᠡᠪᠡᠢᠯᠡᠨ ᠳᠠᠭᠤᠯᠠᠶ᠎ᠠ
ᠠᠨᠳᠠ ᠨᠠᠢᠵᠠ ᠲᠠᠢ ᠪᠠᠨ ᠵᠣᠯᠭᠠᠨ ᠳᠠᠭᠤᠯᠠᠶ᠎ᠠ
ᠠᠨᠳᠠ ᠨᠠᠢᠵᠠ ᠲᠠᠢ ᠪᠠᠨ ᠵᠣᠯᠭᠠᠨ ᠳᠠᠭᠤᠯᠠᠶ᠎ᠠ
ᠠᠵᠠ ᠵᠢᠷᠭᠠᠯ ᠢ᠋ᠶ᠋ᠠᠨ ᠨᠠᠢᠷᠯᠠᠨ ᠳᠠᠭᠤᠯᠠᠶ᠎ᠠ
ᠠᠨᠳᠠ ᠨᠠᠢᠵᠠ ᠲᠠᠢ ᠪᠠᠨ ᠵᠣᠯᠭᠠᠨ ᠳᠠᠭᠤᠯᠠᠶ᠎ᠠ

   ᠦᠰᠦᠭ ᠠᠮᠢᠯᠠᠭᠤᠯᠤᠭᠴᠢ᠄ ᠴᠠᠬᠠᠷ ᠪᠠᠲᠤ 
   ᠦᠰᠦᠭ ᠬᠢᠨᠠᠭᠴᠢ᠄ ᠨᠤᠮᠤᠴᠢᠨ ᠪᠢᠯᠢᠭ