ᠬᠢᠮᠤᠷᠠᠯ ᠪᠠ ᠬᠢᠮᠠᠭᠠᠳᠠᠯ- ᠭ· ᠴᠢᠩᠪᠠᠭᠠᠲᠤᠷХямрал ба хямгадал-Г·Чинбаатар ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠢᠮᠤᠷᠠᠯ ᠪᠠ ᠬᠢᠮᠠᠭᠠᠳᠠᠯ- ᠭ· ᠴᠢᠩᠪᠠᠭᠠᠲᠤᠷХямрал ба хямгадал-Г·Чинбаатар

ᠬᠢᠮᠤᠷᠠᠯ ᠪᠠ ᠬᠢᠮᠠᠭᠠᠳᠠᠯ- ᠭ· ᠴᠢᠩᠪᠠᠭᠠᠲᠤᠷХямрал ба хямгадал-Г·Чинбаатар

2024-07-05

666

ᠬᠢᠮᠤᠷᠠᠯ ᠪᠠ ᠬᠢᠮᠠᠭᠠᠳᠠᠯ① 
              ᠭ· ᠴᠢᠩᠪᠠᠭᠠᠲᠤᠷ 

       ᠣᠷᠴᠢᠮ ᠰᠦᠯᠵᠢᠶᠡᠨ ᠡᠴᠡ《ᠥᠪᠥᠷ ᠮᠣᠩᠭᠣᠯ9 ᠲᠥᠷᠥᠯ24 ᠵᠦᠢᠯ ᠦ᠋ᠨ ᠳᠠᠭᠤᠤ ᠤᠷᠠᠯᠢᠭ ᠢ᠋ ᠤᠯᠤᠰ ᠤ᠋ᠨ ᠪᠣᠳᠠᠰ ᠤ᠋ᠨ ᠪᠤᠰᠤ ᠰᠣᠶᠣᠯ ᠤ᠋ᠨ ᠥᠪ ᠢ᠋ᠶ᠋ᠡᠷ ᠮᠡᠳᠡᠭᠦᠯᠪᠡ》 ᠭᠡᠰᠡᠨ ᠮᠡᠳᠡᠭᠡ ᠶ᠋ᠢ ᠬᠠᠷᠠᠭᠠᠳ ᠪᠠᠶᠠᠷᠯᠠᠬᠤ ᠠ᠋ᠴᠠ ᠪᠠᠨ ᠢᠯᠡᠭᠦᠦ ᠰᠡᠳᠬᠢᠯ ᠬᠦᠨᠳᠦᠷᠡᠪᠡ᠃ ᠶᠠᠭᠠᠬᠢᠭᠠᠳ ᠭᠡᠪᠡᠯ᠂ ᠬᠠᠮᠠᠭᠠᠯᠠᠯᠲᠠ ᠳ᠋ᠤ᠌ ᠣᠷᠣᠵᠤ ᠪᠠᠢᠭ᠎ᠠ ᠭᠡᠳᠡᠭ ᠨᠢ ᠤᠭ ᠰᠣᠶᠣᠯ ᠤ᠋ᠨ ᠥᠪ ᠨᠢᠭᠡᠨᠲᠡ ᠤᠯᠠᠮᠵᠢᠯᠠᠯ ᠤ᠋ᠨ ᠪᠠᠲᠤᠲᠠᠢ ᠰᠠᠭᠤᠷᠢ ᠪᠠᠨ ᠠᠯᠳᠠᠵᠤ《ᠮᠦᠽᠧᠢ》 ᠳ᠋ᠦ᠍ ᠬᠠᠳᠠᠭᠠᠯᠠᠭᠳᠠᠨ ᠳᠤᠷᠠᠰᠬᠠᠯ ᠪᠣᠯᠬᠤ ᠬᠤᠪᠢ ᠲᠠᠪᠢᠯᠠᠩ ᠲᠠᠢ ᠨᠢᠭᠤᠷᠯᠠᠯ᠎ᠠ ᠭᠡᠰᠡᠨ ᠦᠭᠡ᠃
       ᠶᠡᠷᠦ ᠮᠣᠩᠭᠣᠯ ᠰᠣᠶᠣᠯ ᠤᠯᠠᠮᠵᠢᠯᠠᠯ᠂ ᠳᠠᠭᠤᠤ ᠤᠷᠠᠯᠢᠭ ᠢ᠋ᠶ᠋ᠠᠨ ᠶᠠᠮᠠᠷ ᠶᠠᠮᠠᠷ ᠭᠠᠢᠬᠠᠮᠰᠢᠭᠲᠠᠢ᠂ ᠬᠥᠮᠦᠨ ᠲᠥᠷᠥᠯᠬᠢᠲᠡᠨ ᠦ᠌ ᠰᠣᠶᠣᠯ ᠤ᠋ᠨ ᠰᠠᠩ ᠳ᠋ᠠᠬᠢ ᠦᠨᠡᠲᠦ ᠡᠷᠳᠡᠨᠢ ᠭᠡᠵᠦ ᠮᠠᠭᠲᠠᠨ ᠳᠠᠭᠤᠯᠠᠵᠤ᠂ ᠪᠠᠬᠠᠷᠬᠠᠨ ᠭᠠᠢᠬᠠᠭᠤᠯᠳᠠᠭ᠃ ᠳᠠᠩᠴᠤ ᠡᠢᠮᠦ ᠣᠳᠣᠨ ᠰᠣᠳᠣᠨ ᠵᠦᠢᠯᠡᠰ ᠶᠠᠭᠠᠬᠢᠬᠤ ᠪᠠᠷ ᠢ᠋ᠶ᠋ᠠᠨ ᠬᠠᠮᠠᠭᠠᠯᠠᠯᠲᠠ ᠳ᠋ᠤ᠌ ᠪᠥᠭᠡᠴᠡᠢᠯᠡᠭᠦᠯᠲᠡᠯ᠎ᠡ ᠮᠠᠷᠲᠠᠭᠳᠠᠨ ᠭᠡᠭᠡᠭᠳᠡᠵᠦ᠂ ᠤᠯᠠᠮᠵᠢᠯᠠᠯ ᠲᠠᠰᠤᠷᠠᠬᠤ ᠳ᠋ᠤ᠌ ᠬᠦᠷᠴᠦ ᠪᠠᠢᠭ᠎ᠠ ᠪᠣᠢ ᠭᠡᠳᠡᠭ ᠢ᠋ ᠨᠢᠭᠡ ᠶᠡᠬᠡ ᠤᠪᠠᠢᠯᠠᠳᠠᠭ ᠦᠭᠡᠢ᠃ ᠦᠨᠡᠨ ᠳ᠋ᠡᠭᠡᠨ ᠪᠢᠳᠡ ᠴᠢᠨᠢ ᠬᠠᠮᠤᠭ ᠤ᠋ᠨ ᠦᠨ᠎ᠡ ᠴᠠᠨ᠎ᠠ ᠲᠠᠢ ᠵᠦᠢᠯ ᠡᠴᠡ ᠪᠡᠨ ᠬᠣᠯᠠᠳᠴᠤ ᠪᠣᠢ᠃ ᠴᠣᠬᠣᠮ ᠬᠦ᠌ ᠦᠨ᠎ᠡ ᠴᠠᠨ᠎ᠠ ᠲᠠᠢ ᠵᠦᠢᠯ ᠮᠠᠨᠢ ᠪᠢᠳᠡᠨ ᠢ᠋ ᠭᠣᠯᠣᠭᠠᠳ ᠬᠣᠯᠠᠳᠴᠤ ᠪᠠᠢᠨ᠎ᠠ ᠤᠤ? ᠡᠰᠡᠬᠦᠯ᠎ᠡ ᠪᠢᠳᠡ ᠦᠨ᠎ᠡ ᠴᠠᠨ᠎ᠠ ᠲᠠᠢ ᠶ᠋ᠢ ᠨᠢ ᠮᠡᠳᠡᠵᠦ ᠪᠠᠢᠲᠠᠯ᠎ᠠ ᠤᠯᠠᠮᠵᠢᠯᠠᠵᠤ ᠬᠢᠮᠠᠭᠠᠳᠠᠬᠤ ᠶ᠋ᠢᠨ ᠤᠬᠠᠭᠠᠨ ᠢ᠋ ᠨᠢ ᠮᠡᠳᠡᠬᠦ ᠦᠭᠡᠢ ᠬᠣᠯᠠᠳᠤᠭᠤᠯᠤᠭᠰᠠᠭᠠᠷ ᠪᠠᠢᠨ᠎ᠠ ᠤᠤ? ᠪᠦᠦ ᠮᠡᠳᠡ! ᠦᠨ᠎ᠡ ᠲᠡᠢ ᠴᠠᠨ᠎ᠠ ᠲᠠᠢ ᠪᠦᠬᠦᠨ ᠢ᠋ᠶ᠋ᠡᠨ ᠢᠩᠭᠢᠵᠦ ᠠᠯᠳᠠᠪᠠᠯ ᠪᠢᠳᠡ ᠴᠢᠨᠢ《ᠰᠣᠶᠣᠯ ᠤ᠋ᠨ ᠭᠤᠢᠷᠠᠨᠴᠢ》 ᠯᠠ ᠪᠣᠯᠤᠨ᠎ᠠ᠃ ᠭᠡᠷ ᠬᠥᠷᠥᠩᠭᠡ ᠲᠡᠢ᠂ ᠵᠣᠭᠣᠰ ᠮᠥᠩᠭᠥ ᠲᠡᠢ᠂ ᠵᠡᠷᠭᠡ ᠵᠢᠩᠰᠡ ᠲᠡᠢ ᠶᠦᠮ ᠭᠡᠬᠦ ᠳ᠋ᠦ᠍ ᠨᠡᠢᠲᠡ ᠦᠨᠳᠦᠰᠦᠲᠡᠨ ᠦ᠌ ᠪᠡᠨ ᠰᠣᠶᠣᠯ ᠤ᠋ᠨ ᠨᠠᠨᠳᠢᠨ ᠥᠪ ᠢ᠋ ᠠᠯᠳᠠᠭᠰᠠᠨ ᠲᠤᠬᠠᠢ ᠶ᠋ᠢᠨ ᠦᠨᠳᠦᠰᠦᠲᠡᠨ ᠦ᠌ ᠢᠷᠭᠡᠳ ᠶᠠᠷᠢᠶᠠᠨ ᠦᠭᠡᠢ ᠬᠠᠮᠤᠭ ᠤ᠋ᠨ ᠶᠠᠳᠠᠭᠤ ᠲᠠᠷᠴᠢᠭ᠂ ᠬᠥᠭᠡᠷᠦᠬᠦᠢᠯᠡᠯᠲᠡᠢ ᠬᠤᠪᠢ ᠵᠠᠶᠠᠭᠠᠨ ᠳ᠋ᠤ᠌ ᠣᠨᠣᠭᠳᠠᠵᠤ ᠯᠠ ᠲᠠᠭᠠᠷᠠᠨ᠎ᠠ᠃
ᠥᠨᠥᠳᠥᠷ ᠪᠢᠳᠡ ᠥᠪᠥᠷ ᠮᠣᠩᠭᠣᠯ ᠤ᠋ᠨ ᠮᠦᠽᠧᠢ ᠳᠡᠭᠡᠷᠡᠬᠢ ᠱᠤᠭᠤᠮᠠᠯ ᠮᠣᠷᠢ ᠶ᠋ᠢ ᠬᠠᠷᠠᠭᠠᠳ ᠬᠥᠬᠡᠬᠣᠲᠠ ᠶ᠋ᠢᠨ᠂ ᠴᠢᠨᠠᠭᠰᠢᠯᠠᠪᠠᠯ ᠥᠪᠥᠷ ᠮᠣᠩᠭᠣᠯ ᠤ᠋ᠨ ᠪᠡᠯᠭᠡ ᠲᠡᠮᠳᠡᠭ ᠮᠡᠲᠦ ᠪᠡᠷ ᠣᠢᠯᠠᠭᠠᠬᠤ ᠪᠣᠯᠤᠭᠰᠠᠨ᠂ ᠬᠠᠷᠢᠨ ᠲᠡᠷᠡ ᠱᠤᠭᠤᠮᠠᠯ ᠤ᠋ᠨ ᠬᠤᠪᠢ ᠵᠠᠶᠠᠭ᠎ᠠ ᠪᠣᠯ ᠮᠣᠩᠭᠣᠯ ᠮᠣᠷᠢᠨ ᠤ᠋ ᠬᠤᠪᠢ ᠵᠠᠶᠠᠭ᠎ᠠ᠂ ᠤᠮᠠᠷᠠᠲᠤ ᠶ᠋ᠢᠨ ᠨᠡᠭᠦᠳᠡᠯᠴᠢᠨ ᠦᠨᠳᠦᠰᠦᠲᠡᠨ ᠦ᠌ ᠠᠳᠤᠭᠤᠨ ᠰᠣᠶᠣᠯ ᠤ᠋ᠨ ᠬᠤᠪᠢ ᠵᠠᠶᠠᠭ᠎ᠠ ᠶ᠋ᠢᠨ ᠪᠡᠯᠭᠡᠳᠡᠯ ᠪᠣᠯᠬᠤ ᠶᠤᠮ᠃ ᠮᠥᠨᠴᠥ ᠮᠣᠩᠭᠣᠯᠴᠤᠳ ᠤ᠋ᠨ ᠪᠣᠳᠠᠰ ᠤ᠋ᠨ ᠰᠣᠶᠣᠯ ᠤ᠋ᠨ ᠥᠪ ᠢ᠋ ᠬᠠᠳᠠᠭᠠᠯᠠᠭᠰᠠᠨ ᠮᠦᠽᠧᠢ ᠬᠡᠮᠡᠬᠦ ᠠᠰᠤᠷᠤ ᠲᠣᠮᠣ《ᠪᠤᠩᠬᠤᠨ》 ᠤ᠋ ᠬᠥᠰᠢᠶ᠎ᠡ ᠶᠦᠮ᠃ ᠡᠢᠨ ᠬᠦ᠌ ᠪᠣᠳᠠᠰ ᠤ᠋ᠨ ᠪᠤᠰᠤ ᠰᠣᠶᠣᠯ ᠤ᠋ᠨ ᠥᠪ ᠮᠠᠨᠢ ᠶᠠᠭᠠᠬᠢᠭᠠᠳ ᠪᠦᠷ ᠯᠡ ᠬᠠᠮᠠᠭᠠᠯᠠᠯᠲᠠ ᠳ᠋ᠤ᠌ ᠣᠷᠣᠵᠤ᠂ ᠬᠠᠳᠠᠭᠠᠯᠠᠯᠲᠠ ᠳ᠋ᠤ᠌ ᠦᠯᠡᠳᠡᠬᠦ ᠪᠣᠯᠤᠭᠰᠠᠨ ᠪᠣᠢ᠃

———————
① ᠡᠨᠡ ᠵᠣᠬᠢᠶᠠᠯ《ᠥᠪᠥᠷ ᠮᠣᠩᠭᠣᠯ ᠤ᠋ᠨ ᠡᠳᠦᠷ ᠦ᠋ᠨ ᠰᠣᠨᠢᠨ》 ᠤ᠋2004·2·27  ᠤ᠋ ᠳ᠋ᠤᠭᠠᠷ ᠲᠤ ᠨᠡᠢᠲᠡᠯᠡᠭᠳᠡᠭᠰᠡᠨ ᠪᠠᠢᠵᠠᠢ᠃

     ᠦᠰᠦᠭ ᠠᠮᠢᠯᠠᠭᠤᠯᠤᠭᠴᠢ᠄ ᠭᠡᠷᠡᠯ
     ᠬᠢᠨᠠᠭᠴᠢ᠄ ᠰᠡᠬᠡᠭᠡᠷᠡᠯ᠂ ᠭᠠᠷᠮ᠎ᠠ ᠣᠳᠬᠠᠨᠰᠣ᠎ᠠ