《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠵᠢᠷᠠᠨ ᠬᠣᠶᠠᠳᠤᠭᠠᠷ ᠪᠦᠯᠦᠭ> "Хөх судар" он нөхвөр дэвтэр - Инжинаш <Жаран хоёрдугаар бүлэг>
《ᠬᠥᠬᠡ ᠰᠤᠳᠤᠷ》 ᠤᠨ ᠨᠥᠬᠥᠪᠦᠷᠢ ᠲᠡᠪᠲᠡᠷ - ᠵᠢᠷᠠᠨ ᠬᠣᠶᠠᠳᠤᠭᠠᠷ ᠪᠦᠯᠦᠭ
ᠤᠯᠠᠭᠴᠢᠨ ᠲᠠᠤᠯᠠᠢ ᠵᠢᠯ ᠦ᠋ᠨ ᠳᠡᠳ᠋ ᠪᠦᠯᠦᠭ᠂ ᠲᠠᠢᠽᠦ ᠴᠢᠩᠭᠢᠰ ᠬᠠᠭᠠᠨ ᠳᠥᠴᠢᠨ ᠵᠢᠷᠭᠤᠭᠠᠨ ᠰᠡᠭᠦᠳᠡᠷᠲᠡᠢ᠂ ᠶᠡᠬᠡ ᠬᠥᠬᠡ ᠮᠣᠩᠭᠣᠯ ᠤᠯᠤᠰ ᠤ᠋ᠨ ᠴᠢᠩᠭᠢᠰ ᠬᠠᠭᠠᠨ ᠤ᠋ ᠬᠣᠶᠠᠳᠤᠭᠠᠷ ᠣᠨ᠂ ᠳᠤᠮᠳᠠᠳᠤ ᠠᠯᠲᠠᠨ ᠤᠯᠤᠰ ᠤ᠋ᠨ ᠵᠠᠩᠽᠥ᠋ᠩ ᠬᠠᠭᠠᠨ ᠤ᠋ ᠳᠠᠢ ᠾᠧ ᠬᠡᠮᠡᠬᠦ ᠶ᠋ᠢᠨ ᠳᠣᠯᠣᠳᠤᠭᠠᠷ ᠣᠨ᠂ ᠡᠮᠦᠨᠡᠲᠦ ᠰᠥᠩ ᠤᠯᠤᠰ ᠤ᠋ᠨ ᠨᠢᠩᠽᠥ᠋ᠩ ᠦ᠋ᠨ ᠺᠠᠢ ᠰᠢ ᠬᠡᠮᠡᠬᠦ ᠶ᠋ᠢᠨ ᠭᠤᠷᠪᠠᠳᠤᠭᠠᠷ ᠣᠨ᠃
ᠵᠢᠷᠠᠨ ᠬᠣᠶᠠᠳᠤᠭᠠᠷ ᠪᠦᠯᠦᠭ
ᠲᠠᠪᠤᠨᠠᠩ ᠪᠣᠳᠣ ᠬᠠᠲᠠᠭᠤ ᠵᠥᠭᠡᠯᠡᠨ ᠬᠣᠣᠰ ᠠᠷᠭ᠎ᠠ ᠪᠠᠷ ᠬᠣᠶᠠᠷ ᠭᠠᠵᠠᠷ ᠢ᠋ ᠠᠪᠤᠪᠠ
ᠲᠠᠢᠽᠢ ᠴᠠᠭᠠᠲᠠᠢ ᠬᠠᠳᠠᠨ ᠪᠠᠭᠠᠲᠤᠷ ᠵᠣᠷᠢᠭ ᠵᠢᠷᠤᠮ ᠢ᠋ᠶ᠋ᠠᠷ ᠣᠯᠣᠭᠠᠢ ᠬᠣᠲᠠ ᠶ᠋ᠢ ᠣᠯᠤᠯᠤᠭᠠ
ᠴᠠᠯᠭᠢᠯᠠᠮ᠎ᠠ ᠤᠯᠠᠭᠠᠨ ᠴᠢᠰᠤᠨ ᠲᠣᠰᠣᠯᠠᠮᠠ ᠴᠠᠭᠠᠨ ᠴᠠᠰᠤᠨ ᠤ᠋ ᠳᠣᠲᠣᠷ᠎ᠠ
ᠴᠢᠯᠠᠭᠤᠨ ᠬᠡᠷᠡᠰᠬᠡ ᠶ᠋ᠢᠨ ᠨᠣᠭᠣᠭᠠᠨ ᠣᠷᠢᠶᠠᠩᠭᠤ ᠴᠠᠭ ᠭᠱᠠᠨ᠎ᠠ ᠰᠡᠵᠢᠭᠯᠡᠪᠡᠢ᠃
ᠴᠡᠯᠡᠭᠡᠷ ᠰᠦᠶᠦᠭᠡ ᠥᠷᠯᠥᠭᠡ ᠶ᠋ᠢᠨ ᠨᠡᠷᠡᠨ᠎ᠡ ᠴᠠᠩᠬᠠᠮ ᠯᠠᠪᠰᠠᠭ ᠲᠤᠷ ᠰᠢᠨᠡᠷᠬᠡᠵᠦ
ᠴᠡᠭᠡᠷ ᠲᠤᠩᠭᠠᠯᠠᠭ ᠰᠢᠯ ᠭᠡᠭᠡᠪᠴᠢ ᠴᠢᠨᠠᠳᠤ ᠴᠡᠴᠡᠭᠯᠢᠭ ᠲᠣᠷ ᠨᠡᠪᠲᠡᠷᠡᠵᠦᠬᠦᠢ᠃
ᠲᠡᠨᠳᠡᠴᠡ ᠡᠮᠦᠨᠡᠲᠦ ᠬᠣᠰᠢᠭᠤᠴᠢ ᠲᠠᠢᠽᠢ ᠴᠢᠨ ᠸᠠᠩ ᠴᠠᠭᠠᠲᠠᠢ᠂ ᠹᠦᠮᠠ ᠲᠠᠪᠤᠨᠠᠩ ᠪᠣᠳᠣ ᠬᠣᠶᠠᠭᠤᠯᠠ᠂ ᠶᠠᠭᠠᠷᠠᠨ ᠨᠢᠭᠡᠨ ᠳᠡᠭᠡᠭᠦᠷ ᠬᠠᠭᠠᠨ᠎ᠠ ᠠᠢᠯᠠᠳᠬᠠᠯᠭᠠᠨ ᠨᠢᠭᠡᠨ ᠳᠡᠭᠡᠭᠦᠷ ᠴᠡᠷᠢᠭ ᠢ᠋ ᠱᠠᠭᠠᠷᠳᠠᠨ᠂ ᠯᠢ ᠵᠢᠢ ᠯᠢ᠂ ᠵᠢᠷᠯᠤᠭ ᠬᠣᠶᠠᠷ ᠬᠣᠲᠠᠨ᠎ᠠ ᠳᠣᠪᠲᠣᠯᠤᠨ ᠬᠦᠷᠲᠡᠯ᠎ᠡ ᠲᠠᠩᠭᠤᠳ ᠤᠯᠤᠰ ᠤ᠋ᠨ ᠣᠯᠣᠭᠠᠢ ᠬᠣᠲᠠ ᠠ᠋ᠴᠠ ᠢᠷᠡᠭᠰᠡᠨ ᠯᠢᠦ ᠶᠦᠩ ᠹᠦ ᠶ᠋ᠢᠨ ᠶᠡᠬᠡ ᠬᠦᠷᠢᠶᠡᠨ ᠦ᠌ ᠲᠠᠪᠤᠨ ᠲᠦᠮᠡᠨ ᠴᠡᠷᠢᠭ ᠬᠡᠳᠦᠢᠨ ᠬᠦᠷᠴᠦ ᠢᠷᠡᠨ᠂ ᠲᠡᠷᠡ ᠬᠣᠶᠠᠷ ᠭᠠᠵᠠᠷ ᠢ᠋ ᠴᠡᠷᠢᠭ ᠬᠤᠪᠢᠶᠠᠷᠢᠯᠠᠨ ᠬᠠᠭᠠᠵᠤᠬᠤᠢ᠃ ᠹᠦᠮᠠ ᠪᠣᠳᠣ᠂ ᠯᠢ ᠵᠢᠢ ᠯᠢ ᠶ᠋ᠢ ᠬᠠᠭᠠᠭᠰᠠᠨ ᠢ᠋ ᠪᠠᠢᠯᠳᠤᠨ᠂ ᠲᠠᠢᠽᠢ ᠴᠠᠭᠠᠲᠠᠢ ᠵᠢᠷᠯᠤᠭ ᠬᠣᠲᠠ ᠶ᠋ᠢ ᠬᠠᠭᠠᠭᠰᠠᠨ ᠢ᠋ ᠪᠠᠢᠯᠳᠤᠷ᠎ᠠ ᠳᠣᠪᠲᠣᠯᠤᠯᠴᠠᠨ ᠡᠴᠢᠪᠡ᠃
ᠲᠡᠭᠦᠨᠴᠡ ᠹᠦᠮᠠ ᠪᠣᠳᠣ ᠰᠥᠨᠢ ᠳᠦᠯᠢ ᠵᠦᠳᠡᠨ ᠳᠣᠪᠲᠣᠯᠵᠤ᠂ ᠲᠠᠩᠭᠤᠳ ᠤᠯᠤᠰ ᠤ᠋ᠨ ᠬᠠᠭᠠᠭᠰᠠᠨ ᠴᠡᠷᠢᠭ ᠦ᠋ᠨ ᠬᠦᠷᠢᠶ᠎ᠡ ᠳ᠋ᠦ᠍ᠷ ᠰᠢᠪᠲᠤ ᠴᠣᠬᠢᠨ ᠨᠡᠪᠲᠡᠯᠦᠨ ᠣᠷᠣᠵᠤ ᠭᠠᠯ ᠲᠠᠯᠪᠢᠭᠰᠠᠨ ᠳ᠋ᠤᠷ ᠯᠢ ᠵᠢᠢ ᠯᠢ ᠬᠣᠷᠣᠭ᠎ᠠ ᠶ᠋ᠢᠨ ᠳᠣᠲᠣᠷ᠎ᠠ ᠬᠠᠭᠠᠭᠳᠠᠭᠰᠠᠨ ᠮᠣᠩᠭᠣᠯ ᠤ᠋ᠨ ᠵᠠᠩᠵᠤᠨ ᠳ᠋ᠦᠩ ᠵᠢᠶᠦ᠋ᠨ᠂ ᠲᠤᠰᠠᠯᠠᠨ ᠢᠯᠡᠭᠡᠭᠰᠡᠨ ᠪᠠᠭ᠎ᠠ ᠵᠠᠩᠵᠤᠨ ᠸᠡᠢᠵᠢᠩ ᠦ᠋ᠨ ᠨᠢᠭᠡᠨ ᠮᠢᠩᠭᠠᠨ ᠴᠡᠷᠢᠭ ᠲᠡᠢ ᠥᠪᠡᠷᠦᠨ ᠤᠯᠤᠰ ᠤ᠋ᠨ ᠲᠤᠰᠠᠯᠠᠬᠤ ᠴᠡᠷᠢᠭ ᠬᠦᠷᠴᠦ ᠢᠷᠡᠭᠰᠡᠨ ᠢ᠋ ᠮᠡᠳᠡᠭᠡᠳ ᠮᠥᠨ ᠭᠠᠯ ᠰᠢᠲᠠᠭᠠᠨ ᠫᠤᠤ ᠲᠠᠯᠪᠢᠨ ᠳᠣᠲᠣᠷ᠎ᠠ ᠠ᠋ᠴᠠ ᠤᠭᠲᠤᠵᠤ᠂ ᠶᠡᠬᠡᠯ᠎ᠡ ᠬᠠᠰᠬᠢᠷᠤᠯᠳᠤᠨ ᠠᠯᠠᠨ ᠭᠠᠷᠤᠭᠰᠠᠨ ᠳ᠋ᠤᠷ ᠲᠠᠩᠭᠤᠳ ᠤ᠋ᠨ ᠯᠢᠦ ᠶᠤᠸᠠᠨᠱᠤᠸᠠᠢ ᠶ᠋ᠢᠨ ᠬᠣᠶᠠᠷ ᠲᠥᠷᠥᠯ ᠦ᠋ᠨ ᠠᠴᠢᠨᠠᠷ᠂ ᠯᠢᠦ ᠬᠤᠸᠠ ᠲᠢᠶᠠᠨ᠂ ᠯᠢᠦ ᠬᠤᠸᠠ ᠱᠧᠦ ᠬᠣᠶᠠᠭᠤᠯᠠ ᠳᠣᠲᠣᠭᠠᠳᠤ ᠭᠠᠳᠠᠭᠠᠳᠤ ᠳ᠋ᠤᠷ ᠴᠥᠮ ᠰᠠᠨᠠᠭᠠᠨ ᠳ᠋ᠤ᠌ ᠦᠭᠡᠢ ᠰᠠᠭᠤᠵᠤ᠂ ᠬᠠᠷᠠᠬᠠᠨ ᠰᠥᠨᠢ ᠳᠦᠯᠢ ᠶ᠋ᠢᠨ ᠲᠤᠭ ᠨᠣᠢᠷ ᠤ᠋ᠨ ᠳᠤᠮᠳᠠ ᠪᠠᠢᠲᠠᠯ᠎ᠠ᠂ ᠬᠣᠶᠠᠷ ᠡᠲᠡᠭᠡᠳ ᠡᠴᠡ ᠬᠠᠪᠴᠢᠨ ᠪᠠᠢᠯᠳᠤᠨ ᠲᠡᠭᠷᠢ ᠳᠡᠯᠪᠡᠷᠡᠬᠦ ᠮᠡᠲᠦ ᠫᠤᠤ ᠳᠠᠭᠤᠷᠢᠰᠤᠮᠠᠭᠴᠠ ᠭᠠᠯ ᠬᠥᠭᠵᠢᠨ᠂ ᠬᠥᠮᠦᠨ ᠦ᠌ ᠲᠣᠯᠣᠭᠠᠢ ᠭᠠᠵᠠᠷ ᠲᠤᠷ ᠦᠮᠭᠦᠷᠢᠨ᠂ ᠠᠷᠤ ᠥᠪᠥᠷ ᠡᠴᠡ ᠠᠯᠠᠨ ᠣᠷᠣᠭᠰᠠᠨ ᠳ᠋ᠤᠷ ᠬᠣᠶᠠᠷ ᠯᠢᠦ ᠶ᠋ᠢᠨ ᠴᠡᠷᠢᠭ ᠦ᠋ᠨ ᠶᠡᠬᠡ ᠬᠠᠭᠠᠰ ᠶᠠᠪᠠᠭᠠᠨ ᠢ᠋ᠶ᠋ᠠᠷ ᠳᠤᠲᠠᠭᠠᠨ᠂ ᠪᠠᠭ᠎ᠠ ᠬᠠᠭᠠᠰ ᠪᠠᠷᠬᠢᠷᠠᠯᠴᠠᠨ ᠲᠠᠭᠠᠯᠴᠠᠵᠤ᠂ ᠯᠢᠦ ᠬᠤᠸᠠ ᠲᠢᠶᠠᠨ ᠳᠠᠩ ᠬᠤᠪᠴᠠᠳ ᠢ᠋ᠶ᠋ᠠᠷ ᠢᠯᠳᠦ ᠪᠠᠷᠢᠨ ᠭᠠᠷᠴᠤ ᠢᠷᠡᠲᠡᠯ᠎ᠡ ᠴᠢᠪᠬᠢᠲᠡᠯ᠎ᠡ ᠹᠦᠮᠨ ᠪᠣᠳᠣ ᠳ᠋ᠤᠷ ᠤᠴᠠᠷᠠᠵᠤ᠂ ᠪᠣᠳᠣ ᠯᠢᠦ ᠬᠤᠸᠠ ᠲᠢᠶᠠᠨ ᠤ᠋ ᠲᠣᠯᠣᠭᠠᠢ ᠶ᠋ᠢ ᠲᠠᠰᠤ ᠴᠠᠪᠴᠢᠨ ᠤᠨᠠᠭᠠᠵᠤ᠂ ᠯᠢᠦ ᠬᠤᠸᠠ ᠲᠢᠶᠠᠨ ᠤ᠋ ᠲᠣᠯᠣᠭᠠᠢ ᠶ᠋ᠢ ᠳᠠᠮ ᠢᠯᠳᠦᠨ ᠦ᠌ ᠦᠵᠦᠭᠦᠷ ᠢ᠋ᠶ᠋ᠡᠷ ᠡᠲᠡᠵᠦ ᠥᠨᠳᠥᠷ ᠡᠷᠭᠦᠵᠦ᠂ ᠲᠠᠩᠭᠤᠳ ᠤ᠋ᠨ ᠴᠡᠷᠢᠭ ᠲᠦ᠍ᠷ ᠢᠨᠦ ᠦᠵᠡᠭᠦᠯᠵᠦ᠂ 《ᠲᠠᠨ ᠤ᠋ ᠴᠡᠷᠢᠭ ᠦ᠋ᠨ ᠡᠵᠡᠨ ᠨᠢᠭᠡᠨᠲᠡ ᠠᠯᠠᠭᠳᠠᠪᠠ᠂ ᠬᠠᠷᠠᠩᠭᠤᠢ ᠰᠥᠨᠢ ᠲᠠ ᠬᠠᠮᠢᠭᠠᠰᠢ ᠳᠤᠲᠠᠭᠠᠮᠤᠢ ? ᠵᠠᠮ ᠳᠠᠭᠠᠵᠤ ᠪᠦᠭᠭᠦᠭᠰᠡᠨ ᠴᠡᠷᠢᠭ ᠲᠦ᠍ᠷ ᠲᠠᠯᠠᠭᠠᠷ ᠴᠥᠮ ᠠᠯᠠᠭᠳᠠᠭᠤᠵᠠᠢ !》 ᠭᠡᠮᠡᠨ ᠪᠠᠷᠬᠢᠷᠠᠨ ᠳᠠᠭᠤᠳᠠᠭᠤᠯᠤᠭᠰᠠᠨ ᠢ᠋ᠶ᠋ᠠᠷ ᠵᠠᠯᠠᠭᠤ ᠴᠡᠷᠢᠭ ᠦ᠋ᠳ ᠴᠥᠮ ᠬᠠᠭᠤᠷᠲᠠᠭᠳᠠᠨ ᠳᠠᠭᠠᠵᠤᠬᠤᠢ᠃ ᠬᠣᠢᠲᠤ ᠡᠲᠡᠭᠡᠳ ᠢ᠋ ᠬᠠᠭᠠᠭᠰᠠᠨ ᠴᠡᠷᠢᠭ ᠦ᠋ᠨ ᠡᠵᠡᠨ᠂ ᠯᠢᠦ ᠬᠤᠸᠠ ᠱᠧᠦ ᠰᠥᠨᠢ ᠮᠠᠭᠤ ᠵᠡᠭᠦᠳᠦᠨ᠎ᠡ ᠰᠣᠴᠢᠨ ᠰᠡᠷᠢᠵᠦ᠂ ᠴᠡᠷᠢᠭ ᠦ᠋ᠨ ᠦᠢᠮᠡᠭᠡᠨ ᠢ᠋ ᠰᠣᠨᠣᠰᠤᠮᠠᠭᠴᠠ ᠭᠦᠶᠦᠨ ᠪᠣᠰᠴᠤ ᠬᠤᠶᠠᠭᠯᠠᠨ ᠵᠠᠪᠳᠤᠭᠠᠳ ᠡᠮᠡᠭᠡᠯ ᠲᠡᠢ ᠮᠣᠷᠢ ᠪᠠᠨ ᠠᠯᠠᠪᠬᠢᠨ ᠤᠨᠤᠮᠠᠭᠴᠠ ᠵᠠᠮ ᠢ᠋ ᠪᠤᠷᠤᠭᠤᠯᠠᠨ ᠳᠣᠪᠲᠣᠯᠤᠨ ᠭᠠᠷᠪᠠ᠃
ᠲᠡᠭᠦᠨᠴᠡ ᠲᠠᠩᠭᠤᠳ ᠤᠯᠤᠰ ᠤ᠋ᠨ ᠲᠦᠮᠡᠨ ᠢᠯᠡᠭᠦᠦ ᠴᠡᠷᠢᠭ ᠢ᠋ ᠮᠣᠩᠭᠣᠯ ᠤ᠋ᠨ ᠲᠠᠪᠤᠬᠠᠨ ᠮᠢᠩᠭᠠᠨ ᠴᠡᠷᠢᠭ ᠢ᠋ᠶ᠋ᠡᠷ ᠰᠣᠴᠢᠭᠠᠨ ᠰᠠᠷᠨᠢᠭᠤᠯᠵᠤ᠂ ᠪᠠᠢᠯᠳᠤᠨ ᠳᠠᠷᠤᠭᠠᠳ᠂ ᠴᠡᠷᠢᠭ ᠦ᠋ᠨ ᠬᠦᠷᠢᠶᠡᠨ ᠦ᠌ ᠡᠯ᠎ᠡ ᠵᠦᠢᠯ ᠦ᠋ᠨ ᠬᠦᠨᠳᠦ ᠵᠤᠵᠠᠭᠠᠨ ᠬᠤᠶᠠᠭ ᠵᠡᠪᠰᠡᠭ᠂ ᠡᠮᠡᠭᠡᠯ ᠬᠠᠵᠠᠭᠠᠷ᠂ ᠮᠠᠢᠬᠠᠨ ᠢ᠋ ᠲᠣᠭ᠎ᠠ ᠦᠭᠡᠢ ᠣᠯᠠᠨ ᠡᠣᠯᠵᠤ᠂ ᠪᠣᠳᠣ ᠶ᠋ᠢᠨ ᠳᠥᠷᠪᠡᠨ ᠵᠠᠩᠵᠤᠨ᠂ ᠳ᠋ᠦᠩ ᠵᠢᠶᠦ᠋ᠨ ᠦ᠌ ᠬᠣᠶᠠᠷ ᠵᠠᠩᠵᠤᠨ ᠪᠦᠭᠦᠳᠡᠭᠡᠷ ᠬᠠᠮᠵᠢᠨ ᠬᠥᠭᠡᠭᠡᠵᠦ᠂ ᠲᠠᠩᠭᠤᠳ ᠤᠯᠤᠰ ᠤ᠋ᠨ ᠮᠣᠷᠢᠳ ᠢ᠋ ᠪᠦᠷᠢᠨ᠎ᠡ ᠪᠤᠯᠢᠶᠠᠨ ᠠᠪᠴᠤ᠂ ᠨᠢᠭᠡᠨ ᠬᠠᠭᠠᠰ ᠤ᠋ᠨ ᠴᠡᠷᠢᠭ ᠦ᠋ᠨ ᠬᠦᠷᠢᠶ᠎ᠡ ᠶ᠋ᠢ ᠲᠩᠷᠢ ᠭᠡᠭᠡᠷᠡᠲᠡᠯ᠎ᠡ ᠴᠥᠮ ᠬᠤᠷᠢᠶᠠᠮᠵᠢᠯᠠᠨ ᠣᠯᠤᠭᠠᠳ᠂ ᠬᠣᠷᠣᠭ᠎ᠠ ᠳ᠋ᠤᠷ ᠣᠷᠣᠭᠤᠯᠵᠤ᠂ ᠳᠠᠭᠠᠭᠰᠠᠨ ᠬᠣᠶᠠᠷ ᠮᠢᠩᠭᠠᠨ ᠰᠢᠬᠠᠮ ᠴᠡᠷᠢᠭ ᠢ᠋ ᠶᠢᠰᠦᠨ ᠳᠠᠰᠢ ᠰᠠᠯᠭᠠᠨ ᠵᠠᠬᠢᠷᠤᠭᠤᠯᠵᠤ᠂ ᠮᠥᠨ ᠡᠳᠦᠷ ᠲᠡᠭᠡᠨ ᠹᠦᠮᠨ ᠪᠣᠳᠣ ᠲᠠᠩᠭᠤᠳ ᠤ᠋ᠨ ᠲᠤᠭ ᠬᠢᠭᠢᠷᠢ ᠬᠤᠶᠠᠭ ᠳᠤᠭᠤᠯᠠᠭ᠎ᠠ ᠪᠠ ᠮᠣᠷᠢ ᠡᠮᠡᠭᠡᠯ ᠢ᠋ ᠣᠯᠤᠭᠰᠠᠨ ᠬᠢᠷᠢ ᠪᠡᠷ ᠥᠪᠡᠷ ᠦ᠋ᠨ ᠴᠡᠷᠢᠭ ᠲᠦ᠍ᠷ ᠢ᠋ᠶ᠋ᠡᠨ ᠡᠮᠦᠰᠬᠡᠵᠦ᠂ ᠲᠠᠩᠭᠤᠳ ᠤ᠋ᠨ ᠳᠠᠭᠠᠭᠰᠠᠨ ᠴᠡᠷᠢᠭ ᠢ᠋ ᠡᠮᠦᠨ᠎ᠡ ᠪᠡᠨ ᠬᠥᠭᠡᠭᠡᠵᠦ᠂ ᠲᠠᠢᠽᠢ ᠴᠠᠭᠠᠲᠠᠢ ᠶ᠋ᠢᠨ ᠴᠡᠷᠢᠭ ᠦ᠋ᠨ ᠬᠣᠢᠨ᠎ᠠ ᠠ᠋ᠴᠠ ᠨᠡᠬᠡᠵᠦ ᠳᠣᠪᠲᠣᠯᠤᠯᠴᠠᠨ ᠣᠷᠣᠪᠠ᠃ ᠡᠨᠡ ᠦᠶ᠎ᠡ ᠳ᠋ᠦ᠍ᠷ ᠵᠢᠷᠯᠤᠭ ᠬᠣᠲᠠ ᠶ᠋ᠢ ᠰᠠᠬᠢᠭᠰᠠᠨ ᠮᠣᠩᠭᠣᠯ ᠤ᠋ᠨ ᠵᠠᠩᠵᠤᠨ ᠳ᠋ᠦᠩ ᠶᠦᠨ᠂ ᠬᠠᠪᠰᠤᠷᠠ ᠢᠷᠡᠭᠰᠡᠨ ᠠᠯᠠᠢᠵᠢᠩ ᠬᠣᠶᠠᠭᠤᠯᠠ᠂ ᠲᠠᠩᠭᠤᠳ ᠤᠯᠤᠰ ᠤ᠋ᠨ ᠲᠠᠪᠤᠨ ᠲᠦᠮᠡᠨ ᠴᠡᠷᠢᠭ ᠲᠤᠯᠠᠳᠠ ᠬᠣᠲᠠ ᠶ᠋ᠢ ᠰᠠᠬᠢᠪᠠᠴᠤ ᠲᠠᠯᠠᠭᠠᠷ ᠢ᠋ ᠮᠡᠳᠡᠭᠡᠳ᠂ ᠤᠭᠲᠤᠨ ᠭᠠᠷᠴᠤ ᠵᠢᠷᠯᠤᠭ ᠬᠣᠲᠠ ᠶ᠋ᠢᠨ ᠪᠠᠷᠠᠭᠤᠨ ᠪᠡᠶ᠎ᠡ ᠶ᠋ᠢᠨ ᠵᠢᠳᠠ ᠶ᠋ᠢᠨ ᠦᠮᠬᠦᠷᠭᠡ ᠬᠡᠮᠡᠬᠦ ᠠᠭᠤᠯᠠᠨ ᠵᠡᠪᠡ ᠶ᠋ᠢᠨ ᠠᠮᠠᠨ ᠳ᠋ᠤᠷ ᠴᠡᠷᠢᠭ ᠪᠦᠭᠭᠦᠨ᠂ ᠨᠢᠭᠡᠨ ᠵᠡᠷᠭᠡ ᠰᠣᠴᠢᠭᠠᠨ ᠪᠠᠢᠯᠳᠤᠵᠤ᠂ ᠰᠠᠶᠢ ᠤᠯᠤᠰ ᠤ᠋ᠨ ᠵᠦᠭ ᠤᠬᠤᠷᠢᠨ ᠡᠭᠡᠬᠦᠢ ᠳ᠋ᠦ᠍ᠷ ᠲᠠᠩᠭᠤᠳ ᠤ᠋ᠨ ᠯᠢᠦ ᠶᠤᠸᠠᠨᠱᠤᠸᠠᠢ ᠪᠠᠰᠠ ᠪᠦᠭᠭᠦᠭᠰᠡᠨ ᠴᠡᠷᠢᠭ ᠪᠠᠢᠭᠤᠵᠠᠢ ᠭᠡᠮᠡᠨ ᠨᠡᠬᠡᠭᠦᠯᠦᠭᠰᠡᠨ ᠦᠭᠡᠢ᠂ ᠤᠷᠢᠳᠠ ᠬᠣᠲᠠ ᠳ᠋ᠤᠷ ᠣᠷᠣᠵᠤ᠂ ᠰᠠᠶᠢ ᠥᠪᠡᠷᠦᠨ ᠤᠯᠤᠰ ᠤ᠋ᠨ ᠴᠡᠷᠢᠭ ᠢ᠋ᠶ᠋ᠡᠨ ᠪᠠᠢᠴᠠᠭᠠᠮᠤᠢ᠃
ᠲᠡᠭᠦᠨᠴᠡ ᠲᠠᠢᠽᠢ ᠴᠠᠭᠠᠲᠠᠢ ᠶ᠋ᠢᠨ ᠴᠡᠷᠢᠭ ᠬᠠᠷᠠᠬᠠᠨ ᠵᠢᠷᠯᠤᠭ ᠬᠣᠲᠠ ᠶ᠋ᠢᠨ ᠵᠦᠭ ᠣᠷᠣᠬᠤᠶ᠎ᠠ᠂ ᠵᠠᠮ ᠤ᠋ᠨ ᠭᠣᠳᠣᠰ ᠲᠤᠷ᠂ ᠳ᠋ᠦᠩ ᠶᠦᠨ᠂ ᠠᠯᠠᠢᠵᠢᠩ ᠬᠣᠶᠠᠭᠤᠯᠠ ᠶ᠋ᠢᠨ ᠴᠡᠷᠢᠭ ᠲᠦ᠍ᠷ ᠠᠭᠤᠯᠵᠠᠵᠤ᠂ ᠲᠠᠩᠭᠤᠳ ᠤᠯᠤᠰ ᠤ᠋ᠨ ᠴᠡᠷᠢᠭ ᠦ᠋ᠨ ᠮᠠᠰᠢ ᠣᠯᠠᠨ ᠢ᠋ ᠰᠣᠨᠣᠰᠴᠤ᠂ ᠲᠦᠷ ᠲᠦᠳᠡᠭᠡᠯᠵᠡᠨ ᠬᠣᠲᠠ ᠶ᠋ᠢ ᠶᠠᠭᠠᠬᠢᠨ ᠳᠠᠬᠢᠨ ᠠᠪᠬᠤ ᠶ᠋ᠢ ᠵᠥᠪᠳᠡᠨ ᠠᠲᠠᠯ᠎ᠠ᠂ ᠹᠦᠮᠨ ᠪᠣᠳᠣ ᠶ᠋ᠢᠨ ᠳᠡᠢᠯᠦᠭᠰᠡᠨ ᠴᠡᠷᠢᠭ ᠮᠥᠨ ᠭᠦᠢᠴᠡᠨ ᠬᠦᠷᠴᠦ ᠢᠷᠡᠭᠰᠡᠨ᠎ᠡ᠂ ᠭᠤᠷᠪᠠᠨ ᠠᠩᠭᠢ ᠮᠣᠩᠭᠣᠯ ᠤ᠋ᠨ ᠴᠡᠷᠢᠭ ᠦ᠋ᠳ ᠶᠡᠬᠡᠳᠡ ᠪᠠᠶᠠᠷᠯᠠᠯᠴᠠᠨ᠂ ᠲᠠᠩᠭᠤᠳ ᠤᠯᠤᠰ ᠤ᠋ᠨ ᠪᠠᠷᠢᠭᠳᠠᠭᠰᠠᠨ ᠴᠡᠷᠢᠭ ᠦ᠋ᠳ ᠢ᠋ ᠡᠮᠦᠨ᠎ᠡ ᠪᠣᠯᠭᠠᠨ᠄ 《ᠲᠠ ᠬᠡᠷᠪᠡ ᠬᠣᠲᠠ ᠶ᠋ᠢᠨ ᠬᠠᠭᠠᠯᠭ᠎ᠠ ᠶ᠋ᠢ ᠬᠠᠭᠤᠷᠤᠨ ᠳᠠᠭᠤᠳᠠᠵᠤ ᠨᠡᠭᠡᠭᠡᠯᠭᠡᠵᠦ ᠴᠢᠳᠠᠪᠠᠰᠤ ᠪᠢᠳᠡ ᠴᠡᠷᠢᠭ ᠡᠭᠡᠬᠦᠶ᠎ᠡ ᠲᠠᠨ ᠤ᠋ ᠨᠢᠭᠡᠬᠡᠨ ᠬᠥᠮᠦᠨ ᠢ᠋ ᠴᠦ᠍ ᠠᠪᠠᠴᠢᠬᠤ ᠦᠭᠡᠢ 》ᠬᠡᠮᠡᠭᠰᠡᠨ᠎ᠡ᠂ ᠲᠠᠩᠭᠤᠳ ᠤᠯᠤᠰ ᠤ᠋ᠨ ᠴᠡᠷᠢᠭ 《ᠮᠢᠩᠭᠠᠨ ᠨᠠᠰᠤᠲᠤ ᠲᠠᠢᠽᠢ ᠴᠢᠶᠠᠨ ᠰᠦᠢ ᠶᠧ᠂ ᠮᠠᠨ ᠤ᠋ ᠬᠠᠭᠠᠰ ᠡᠵᠡᠨ ᠪᠣᠯᠠᠢ᠂ ᠪᠢᠳᠡ ᠳᠤᠷᠠᠲᠠᠶ᠎ᠠ ᠦᠬᠦᠨ ᠵᠢᠳᠬᠦᠵᠦ ᠬᠦᠴᠦᠨ ᠪᠠᠷᠢᠰᠤᠭᠠᠢ ! 》 ᠭᠡᠮᠡᠨ ᠬᠠᠰᠬᠢᠷᠤᠯᠳᠤᠨ ᠮᠥᠷᠭᠥᠵᠦ᠂ ᠤᠷᠤᠭᠰᠢᠯᠠᠨ ᠴᠢᠷᠮᠠᠢᠯᠴᠠᠨ ᠣᠷᠣᠪᠠ᠃ ᠡᠭᠦᠨᠦ ᠳᠠᠷᠠᠭ᠎ᠠ ᠳ᠋ᠤᠷ ᠲᠠᠩᠭᠤᠳ ᠤᠯᠤᠰ ᠤ᠋ᠨ ᠬᠤᠶᠠᠭ ᠬᠤᠪᠴᠠᠳ᠂ ᠲᠤᠭ ᠳᠠᠯᠪᠠᠭ᠎ᠠ᠂ ᠮᠣᠷᠢ ᠡᠮᠡᠭᠡᠯ ᠢ᠋ᠶ᠋ᠡᠷ ᠴᠢᠮᠡᠭᠰᠡᠨ ᠮᠣᠩᠭᠣᠯ ᠤ᠋ᠨ ᠴᠡᠷᠢᠭ ᠦ᠋ᠨ ᠸᠠᠢᠵᠢᠩ᠂ ᠠᠯᠠᠢᠵᠢᠩ ᠲᠠᠨ ᠤ᠋ ᠬᠡᠳᠦᠨ ᠵᠠᠭᠤᠨ ᠴᠡᠷᠢᠭ ᠬᠣᠯᠢᠴᠠᠯᠳᠤᠨ ᠣᠷᠣᠵᠤ᠂ ᠮᠣᠩᠭᠣᠯ ᠴᠡᠷᠢᠭ ᠦ᠋ᠨ ᠡᠮᠦᠨ᠎ᠡ ᠪᠤᠷᠤᠭᠤᠯᠠᠭᠴᠢ ᠪᠣᠯᠤᠨ ᠳᠣᠪᠲᠣᠯᠤᠨ ᠣᠷᠣᠪᠠ᠃ ᠡᠨᠡ ᠦᠶ᠎ᠡ ᠳ᠋ᠦ᠍ᠷ ᠲᠠᠩᠭᠤᠳ ᠤᠯᠤᠰ ᠤ᠋ᠨ ᠯᠢ ᠵᠢᠢ ᠯᠢ ᠬᠣᠷᠣᠭ᠎ᠠ ᠳ᠋ᠤᠷ ᠳᠠᠷᠤᠭᠳᠠᠭᠰᠠᠨ ᠮᠣᠷᠢᠲᠠᠢ ᠴᠡᠷᠢᠭ ᠢᠨᠦ ᠬᠡᠳᠦᠢᠨ ᠰᠥᠨᠢ ᠳᠦᠯᠢ ᠪᠡᠷ ᠳᠣᠪᠲᠣᠯᠤᠯᠴᠠᠨ᠂ ᠵᠢᠷᠯᠤᠭ ᠬᠣᠲᠠ ᠳ᠋ᠤᠷ ᠬᠦᠷᠴᠦ᠂ ᠲᠡᠷᠢᠭᠦᠯᠡᠭᠰᠡᠨ ᠵᠠᠩᠵᠤᠨ ᠯᠢᠦ ᠬᠤᠸᠠ ᠲᠢᠶᠠᠨ ᠠᠯᠠᠭᠳᠠᠵᠤ᠂ ᠯᠢᠦ ᠬᠤᠸᠠ ᠱᠧᠦ ᠣᠷᠭᠣᠭᠠᠳ ᠴᠡᠷᠢᠭ ᠦ᠋ᠨ ᠬᠦᠷᠢᠶ᠎ᠡ ᠪᠦᠬᠦᠯᠢ ᠪᠡᠷ ᠠᠪᠲᠠᠵᠤ᠂ ᠣᠯᠠᠨ ᠴᠡᠷᠢᠭ ᠪᠤᠳᠠᠷᠠᠯᠳᠤᠨ ᠰᠠᠷᠨᠢᠯᠴᠠᠪᠠ ᠭᠡᠮᠡᠨ ᠮᠡᠳᠡᠭᠦᠯᠵᠦ᠂ ᠯᠢᠦ ᠶᠤᠸᠠᠨᠱᠤᠸᠠᠢ ᠳᠥᠷᠪᠡᠨ ᠠᠰᠠᠷᠠ ᠴᠡᠷᠢᠭ ᠨᠡᠮᠡᠵᠦ᠂ ᠥᠪᠡᠷᠦᠨ ᠪᠤᠲᠠᠷᠠᠭᠰᠠᠨ ᠴᠡᠷᠢᠭ ᠦ᠋ᠨ ᠲᠣᠳᠣᠷᠬᠠᠢ ᠲᠡᠮᠳᠡᠭ ᠢ᠋ ᠮᠠᠭᠠᠳᠯᠠᠨ ᠦᠵᠡᠭᠦᠯᠵᠦ ᠰᠠᠶᠢ ᠬᠠᠭᠠᠯᠭ᠎ᠠ ᠨᠡᠭᠡᠭᠡᠨ ᠲᠠᠪᠢ ᠵᠠᠭᠤᠨ ᠢ᠋ᠶ᠋ᠠᠷ ᠲᠠᠯᠪᠢᠨ ᠣᠷᠣᠭᠤᠯᠬᠤᠶᠠ᠂ ᠬᠠᠮᠤᠭ ᠤ᠋ᠨ ᠰᠡᠭᠦᠯ ᠦ᠋ᠨ ᠨᠢᠭᠡᠨ ᠠᠩᠭᠢ ᠶ᠋ᠢᠨ ᠳᠠᠷᠤᠭᠳᠠᠭᠰᠠᠨ ᠴᠡᠷᠢᠭ ᠦ᠋ᠳ ᠬᠡᠳᠦᠨ ᠵᠠᠭᠤᠨ ᠢ᠋ᠶ᠋ᠠᠷ ᠳᠣᠪᠲᠣᠯᠤᠨ ᠢᠷᠡᠯᠴᠡᠵᠦ᠄ 《ᠬᠤᠷᠳᠤᠨ ᠬᠠᠭᠠᠯᠭ᠎ᠠ ᠨᠡᠬᠡᠭᠡ᠂ ᠮᠣᠩᠭᠣᠯ ᠤ᠋ᠨ ᠴᠡᠷᠢᠭ ᠦ᠋ᠨ ᠬᠥᠭᠡᠭᠡᠵᠦ ᠢᠷᠡᠬᠦ ᠢᠨᠦ ᠮᠠᠰᠢ ᠰᠢᠬᠠᠮ ᠴᠢᠬᠤᠯ ᠪᠣᠯᠪᠠ》 ᠭᠡᠮᠡᠨ ᠬᠠᠰᠬᠢᠷᠤᠯᠳᠤᠬᠤᠢ ᠳ᠋ᠤᠷ ᠡᠨᠡ ᠦᠶ᠎ᠡ ᠨᠠᠷᠠᠨ ᠰᠢᠩᠭᠡᠵᠦ ᠪᠦᠷᠦᠢ ᠪᠣᠯᠤᠭᠰᠠᠨ ᠳ᠋ᠤᠷ ᠯᠢᠦ ᠶᠦᠩ ᠹᠦ ᠰᠣᠨᠣᠰᠴᠤ : 《ᠬᠡᠳᠦᠢ ᠮᠠᠨ ᠤ᠋ ᠳᠠᠷᠤᠭᠳᠠᠭᠰᠠᠨ ᠴᠡᠷᠢᠭ ᠮᠥᠨ ᠪᠣᠯᠪᠠᠴᠤ᠂ ᠬᠠᠭᠠᠯᠭᠠᠨ ᠤ᠋ ᠳᠣᠲᠣᠷ᠎ᠠ ᠶᠡᠬᠡ ᠭᠠᠯ ᠬᠥᠭᠵᠢᠭᠡᠯᠭᠡᠨ᠂ ᠯᠢᠦ ᠬᠤᠸᠠ ᠲᠢᠶᠠᠨ᠂ ᠯᠢᠦ ᠬᠤᠸᠠ ᠱᠧᠦ ᠲᠠᠨ ᠤ᠋ ᠲᠡᠮᠳᠡᠭᠲᠦ ᠵᠡᠪᠡ ᠶ᠋ᠢ ᠦᠵᠡᠵᠦ᠂ ᠪᠠᠰᠠ ᠬᠥᠮᠦᠨ ᠪᠦᠷᠢ ᠶ᠋ᠢᠨ ᠨᠢᠭᠤᠷ ᠴᠢᠷᠠᠢ ᠶ᠋ᠢ ᠲᠣᠳᠣᠷᠬᠠᠢᠯᠠᠨ ᠪᠠᠢᠴᠠᠭᠠᠨ ᠲᠠᠨᠢᠵᠤ ᠰᠠᠶᠢ ᠲᠠᠯᠪᠢᠨ ᠤᠷᠤᠭᠤᠯ !》ᠬᠡᠮᠡᠭᠰᠡᠨ ᠤ ᠲᠤᠯᠠᠳᠠ᠂ ᠬᠠᠷᠠᠬᠠᠨ ᠬᠠᠭᠠᠯᠭ᠎ᠠ ᠪᠦᠷᠢ ᠳ᠋ᠦ᠍ᠷ ᠴᠢᠬᠢᠴᠡᠯᠳᠦᠨ ᠪᠠᠢᠴᠠᠭᠠᠯᠴᠠᠬᠤᠶᠠ ᠬᠥᠮᠦᠨ ᠣᠯᠠᠨ ᠲᠤᠯᠠ ᠳ᠋ᠠᠪ ᠲᠣᠪ ᠢ᠋ᠶ᠋ᠠᠷ ᠢᠯᠭᠠᠷᠠᠬᠤ ᠦᠭᠡᠢ ᠳ᠋ᠦ᠍ᠷ ᠶᠡᠬᠡ ᠶᠤᠸᠠᠨᠱᠤᠸᠠᠢ ᠯᠢᠦ ᠶᠦᠩ ᠹᠦ ᠦᠵᠡᠪᠡᠰᠦ ᠴᠥᠮ ᠲᠡᠮᠳᠡᠭᠲᠦ ᠵᠡᠪᠡ ᠪᠣᠢ ᠪᠥᠭᠡᠳ ᠲᠤᠭ ᠳᠠᠯᠪᠠᠭ᠎ᠠ ᠮᠥᠨ ᠥᠪᠡᠷᠦᠨ ᠴᠡᠷᠢᠭ ᠦ᠋ᠳ ᠲᠣᠳᠣᠷᠬᠠᠶ᠎ᠠ ᠮᠥᠨ ᠲᠤᠯᠠ ᠳᠠᠷᠤᠢ ᠵᠠᠬᠢᠶ᠎ᠠ ᠥᠭᠴᠦ᠂ ᠬᠠᠭᠠᠯᠭ᠎ᠠ ᠨᠡᠭᠡᠭᠡᠯᠭᠡᠨ ᠭᠤᠷᠪᠠᠨ ᠵᠠᠭᠤᠨ ᠢᠯᠡᠭᠦᠦ ᠴᠡᠷᠢᠭ ᠢ᠋ ᠲᠠᠯᠪᠢᠨ ᠣᠷᠣᠭᠤᠯᠬᠤᠶᠠ᠂ ᠬᠣᠢᠨ᠎ᠠ ᠠ᠋ᠴᠠ ᠬᠥᠭᠡᠭᠡᠬᠦ ᠮᠣᠩᠭᠣᠯ ᠤ᠋ᠨ ᠶᠡᠬᠡ ᠴᠡᠷᠢᠭ ᠦ᠋ᠨ ᠬᠡᠩᠭᠡᠷᠭᠡ ᠬᠠᠷᠠᠩᠭ᠎ᠠ ᠫᠤᠤ ᠪᠦᠷᠢᠶ᠎ᠡ ᠶ᠋ᠢᠨ ᠴᠢᠮᠡᠭᠡ ᠰᠣᠨᠣᠰᠳᠠᠬᠤᠢ ᠳ᠋ᠤᠷ ᠪᠤᠷᠤᠭᠤᠯᠠᠵᠤ ᠢᠷᠡᠭᠰᠡᠨ ᠣᠯᠠᠨ ᠴᠡᠷᠢᠭ ᠦ᠋ᠳ ᠶᠡᠬᠡᠯ᠎ᠡ ᠠᠶᠤᠯᠳᠤᠨ ᠬᠠᠰᠬᠢᠷᠤᠯᠳᠤᠨ ᠬᠠᠭᠠᠯᠭ᠎ᠠ ᠨᠡᠭᠡᠭᠡᠮᠡᠭᠴᠡ ᠪᠠᠢᠴᠠᠭᠠᠨ ᠵᠠᠪᠳᠤᠬᠤ ᠡᠰᠡᠬᠦ ᠶ᠋ᠢ ᠦᠯᠦ ᠢᠯᠭᠠᠨ ᠶᠡᠬᠡᠯ᠎ᠡ ᠴᠢᠬᠤᠯᠳᠠᠨ ᠦᠬᠦᠬᠦ ᠪᠡᠷ ᠳᠣᠲᠣᠭᠰᠢ ᠬᠤᠳᠬᠤᠯᠳᠤᠨ ᠴᠢᠬᠢᠴᠡᠯᠳᠦᠨ ᠲᠡᠮᠡᠴᠡᠯᠳᠦᠨ ᠲᠦᠷᠬᠢᠷᠡᠨ ᠦᠢᠮᠡᠯᠳᠦᠨ ᠣᠷᠣᠯᠴᠠᠪᠠ᠃
ᠲᠡᠳᠦᠢ ᠯᠢᠦ ᠶᠦᠩ ᠹᠦ ᠰᠠᠶᠢ ᠨᠢᠭᠡᠨ ᠬᠣᠶᠠᠷ ᠲᠦᠬᠦᠭᠡᠳᠡᠢᠬᠡᠨ ᠠᠷᠪᠠᠨ ᠤ᠋ ᠳᠠᠷᠤᠭ᠎ᠠ ᠨᠠᠷ ᠢ᠋ ᠳᠠᠭᠤᠳᠠᠨ᠂ ᠬᠣᠲᠠ ᠶ᠋ᠢᠨ ᠠᠰᠠᠷ ᠲᠤᠷ ᠠᠪᠠᠷᠢᠭᠤᠯᠤᠨ᠂ ᠬᠡᠷᠬᠢᠵᠦ ᠴᠡᠷᠢᠭ ᠳᠠᠷᠤᠭᠳᠠᠭᠰᠠᠨ ᠨᠠᠷᠢᠨ ᠤᠴᠢᠷ ᠢ᠋ ᠠᠷᠠᠢ ᠬᠡᠳᠦᠨ ᠦᠭᠡᠰ ᠠᠰᠠᠭᠤᠲᠠᠯ᠎ᠠ᠂ ᠮᠣᠩᠭᠣᠯ ᠤ᠋ᠨ ᠬᠣᠲᠠ ᠪᠠᠢᠯᠳᠤᠬᠤ ᠶᠡᠬᠡ ᠴᠡᠷᠢᠭ ᠰᠢᠭᠤᠳ ᠵᠣᠭᠰᠣᠯ ᠦᠭᠡᠢ ᠬᠣᠲᠠ ᠶ᠋ᠢᠨ ᠢᠷᠣᠭᠠᠷ ᠲᠤᠯᠤᠨ ᠬᠦᠷᠴᠦ ᠢᠷᠡᠲᠡᠯ᠎ᠡ᠂ ᠯᠢᠦ ᠶᠦᠩ ᠹᠦ ᠰᠠᠶᠢ ᠰᠠᠬᠢᠬᠤ ᠴᠡᠷᠢᠭ ᠦ᠋ᠳ ᠦ᠋ᠨ ᠵᠡᠪᠡ ᠴᠢᠯᠠᠭᠤᠨ ᠤ᠋ ᠪᠡᠯᠡᠳᠬᠡᠯ ᠢ᠋ ᠲᠡᠭᠰᠢᠯᠡᠲᠡᠯᠡ᠂ ᠭᠡᠨᠡᠳᠲᠡ ᠬᠣᠲᠠ ᠶ᠋ᠢᠨ ᠳᠣᠲᠣᠷ᠎ᠠ ᠶᠡᠬᠡᠯ᠎ᠡ ᠦᠢᠮᠡᠯᠳᠦᠨ᠂ ᠳᠠᠷᠠᠭ᠎ᠠ ᠪᠠᠷ ᠭᠤᠷᠪᠠᠨ ᠬᠠᠭᠠᠯᠭ᠎ᠠ ᠳ᠋ᠤᠷ ᠬᠡᠳᠦ ᠬᠡᠳᠦᠨ ᠫᠤᠤ ᠶ᠋ᠢᠨ ᠳᠠᠭᠤᠨ ᠳᠠᠷᠠᠭ᠎ᠠ ᠳᠠᠷᠠᠭ᠎ᠠ ᠪᠠᠷ ᠲᠦᠷᠴᠢᠭᠢᠨᠡᠨ ᠰᠣᠨᠣᠰᠳᠠᠵᠤ᠂ ᠣᠯᠠᠨ ᠤ᠋ ᠦᠢᠮᠡᠭᠡᠨ ᠨᠡᠩ ᠶᠡᠬᠡᠳᠡ ᠰᠣᠨᠣᠰᠳᠠᠵᠤ᠂ ᠯᠢᠦ ᠶᠦᠩ ᠹᠦ ᠳᠣᠲᠣᠷ᠎ᠠ ᠪᠠᠨ ᠶᠡᠬᠡᠯ᠎ᠡ ᠰᠡᠵᠢᠭᠯᠡᠵᠦ᠂ ᠶᠠᠭᠠᠷᠠᠨ ᠵᠤᠯᠠ ᠪᠠᠷᠢᠭᠤᠯᠤᠨ᠂ ᠬᠣᠲᠠ ᠶ᠋ᠢᠨ ᠠᠰᠠᠷ ᠤ᠋ᠨ ᠤᠷᠤᠭᠤ ᠪᠠᠭᠤᠬᠤᠶᠠ᠂ ᠰᠠᠶᠢ ᠬᠡᠳᠦᠨ ᠠᠯᠬᠤᠮ ᠶᠠᠪᠤᠲᠠᠯ᠎ᠠ ᠮᠥᠨ ᠠᠰᠠᠷ ᠤ᠋ᠨ ᠳᠣᠣᠷ᠎ᠠ ᠪᠠᠰᠠ ᠨᠢᠭᠡᠨ ᠫᠤᠤ ᠶ᠋ᠢᠨ ᠳᠠᠭᠤᠨ ᠭᠠᠷᠴᠤ᠂ ᠮᠣᠷᠢ ᠨᠠᠳᠬᠤᠨ ᠬᠥᠮᠦᠨ ᠰᠣᠴᠢᠲᠠᠯ᠎ᠠ ᠳᠠᠭᠤᠷᠢᠰᠤᠮᠠᠭᠴᠠ ᠬᠣᠲᠠ ᠶ᠋ᠢᠨ ᠳᠣᠲᠣᠷ᠎ᠠ ᠶᠡᠬᠡᠯ᠎ᠡ ᠬᠠᠰᠬᠢᠷᠤᠯᠳᠤᠨ᠂ ᠨᠢᠭᠡᠨ ᠰᠦᠷᠦᠭ ᠶᠡᠬᠡ ᠪᠡᠶᠡᠲᠦ ᠴᠡᠷᠢᠭ ᠦ᠋ᠳ ᠮᠣᠷᠢᠨ ᠵᠠᠮ ᠤ᠋ᠨ ᠥᠭᠡᠳᠡ ᠭᠦᠶᠦᠯᠳᠦᠨ ᠭᠠᠷᠴᠤ ᠢᠷᠡᠭᠡᠳ ᠵᠢᠰᠦ ᠲᠥᠯᠥᠪ ᠨᠢᠭᠤᠷ ᠴᠢᠷᠠᠢ ᠶ᠋ᠢ ᠲᠠᠨᠢᠵᠤ ᠵᠠᠪᠳᠤᠬᠤᠢ ᠶ᠋ᠢᠨ ᠤᠷᠢᠳ ᠲᠡᠳᠡᠨ ᠦ᠌ ᠳᠣᠲᠣᠷ᠎ᠠ ᠠ᠋ᠴᠠ ᠨᠢᠭᠡᠨ ᠬᠥᠮᠦᠨ 《ᠡᠨᠡ ᠳᠠᠷᠤᠢ ᠮᠥᠨ 》ᠬᠡᠮᠡᠬᠦ ᠦᠭᠡ ᠬᠡᠯᠡᠵᠦ ᠪᠠᠷᠠᠬᠤᠢ ᠶ᠋ᠢᠨ ᠤᠷᠢᠳᠠ ᠬᠣᠶᠠᠷ ᠴᠡᠷᠢᠭ ᠣᠷᠣᠭᠰᠢ ᠨᠢᠭᠡᠨᠲᠡ ᠳᠡᠪᠬᠡᠯᠦᠨ ᠤᠷᠢᠳᠠᠷ ᠯᠢᠦ ᠶᠦᠩ ᠹᠦ ᠶ᠋ᠢ ᠨᠢᠭᠡᠨᠲᠡ ᠴᠠᠪᠴᠢᠨ ᠮᠣᠷᠢᠨ ᠠ᠋ᠴᠠ ᠤᠨᠠᠭᠠᠮᠠᠭᠴᠠ ᠬᠣᠷᠢᠭᠠᠳ ᠡᠷᠡᠰ ᠴᠤᠭᠭᠠᠷ ᠬᠤᠷᠴᠠ ᠵᠡᠪᠰᠡᠭ ᠢ᠋ᠶ᠋ᠡᠨ ᠡᠷᠭᠢᠭᠦᠯᠦᠨ᠂ ᠶᠡᠬᠡᠯ᠎ᠡ ᠬᠠᠰᠬᠢᠷᠤᠯᠴᠠᠨ ᠯᠢᠦ ᠶᠦᠩ ᠹᠦ ᠶ᠋ᠢᠨ ᠰᠢᠳᠠᠷ ᠠᠷᠠᠳ ᠢ᠋ ᠴᠠᠪᠴᠢᠯᠠᠨ ᠤᠨᠠᠭᠠᠵᠤ᠂ ᠳᠥᠷᠪᠡᠨ ᠵᠦᠭ ᠰᠠᠯᠤᠯᠴᠠᠨ ᠠᠯᠠᠨ ᠡᠭᠦᠰᠬᠡᠲᠡᠯᠡ ᠳᠣᠣᠷ᠎ᠠ ᠮᠥᠨ ᠭᠠᠷ ᠬᠥᠳᠡᠯᠦᠯᠴᠡᠨ ᠬᠠᠰᠬᠢᠷᠤᠯᠳᠤᠨ᠂ ᠬᠠᠭᠠᠯᠭ᠎ᠠ ᠰᠠᠬᠢᠭᠰᠠᠨ ᠴᠡᠷᠢᠭ ᠦ᠋ᠳ ᠢ᠋ ᠠᠯᠠᠨ ᠰᠠᠷᠨᠢᠭᠤᠯᠵᠤ᠂ ᠬᠠᠭᠠᠯᠭ᠎ᠠ ᠶ᠋ᠢ ᠪᠤᠯᠢᠶᠠᠨ ᠠᠪᠤᠭᠠᠳ ᠴᠠᠢᠲᠠᠯ᠎ᠠ ᠨᠡᠭᠡᠭᠡᠵᠦ᠂ ᠮᠣᠩᠭᠣᠯ ᠤ᠋ᠨ ᠶᠡᠬᠡ ᠵᠠᠩᠵᠤᠨ ᠴᠡᠷᠢᠭ ᠦ᠋ᠳ ᠦᠶᠡᠷ ᠤᠷᠤᠰᠤᠨ ᠮᠥᠷᠡᠨ ᠰᠡᠲᠡᠷᠡᠭᠰᠡᠨ ᠮᠡᠲᠦ ᠬᠣᠲᠠᠨ ᠤ᠋ ᠳᠣᠲᠣᠷ᠎ᠠ ᠳᠣᠪᠲᠣᠯᠤᠯᠴᠠᠨ ᠣᠷᠣᠯᠴᠠᠪᠠ᠃ ᠡᠨᠡ ᠴᠥᠮ ᠮᠣᠩᠭᠣᠯ ᠤ᠋ᠨ ᠲᠠᠩᠭᠤᠳ ᠤᠯᠤᠰ ᠤ᠋ᠨ ᠴᠡᠷᠢᠭ ᠦ᠋ᠨ ᠶᠣᠰᠣᠭᠠᠷ ᠬᠤᠪᠴᠠᠯᠠᠨ ᠴᠢᠮᠡᠭᠰᠡᠨ ᠸᠠᠢᠵᠢᠩ᠂ ᠠᠯᠠᠢᠵᠢᠩ ᠨᠠᠷ ᠤ᠋ᠨ ᠵᠠᠩᠵᠤᠨ ᠴᠡᠷᠢᠭ ᠦ᠋ᠳ ᠠᠵᠤᠭᠤ᠃ ᠡᠳᠡᠭᠡᠷ ᠮᠣᠩᠭᠣᠯ ᠤ᠋ᠨ ᠵᠠᠩᠵᠤᠨ ᠴᠡᠷᠢᠭ ᠦ᠋ᠳ ᠬᠣᠲᠠᠨ ᠳ᠋ᠤᠷ ᠣᠷᠣᠮᠠᠭᠴᠠ ᠳᠥᠷᠪᠡᠨ ᠬᠠᠭᠠᠯᠭᠠᠨ᠎ᠠ ᠲᠠᠷᠬᠠᠯᠴᠠᠨ ᠡᠵᠡᠯᠴᠡᠵᠦ᠂ ᠫᠤᠤ ᠶ᠋ᠢᠨ ᠳᠠᠭᠤᠨ ᠤ᠋ ᠲᠡᠮᠳᠡᠭ ᠢ᠋ ᠰᠣᠨᠤᠰᠤᠯᠴᠠᠮᠠᠭᠴᠠ᠂ ᠬᠠᠮᠲᠤ ᠴᠤᠭᠭᠠᠷ ᠭᠠᠷ ᠬᠥᠳᠡᠯᠦᠯᠴᠡᠨ᠂ ᠬᠠᠭᠠᠯᠭ᠎ᠠ ᠪᠦᠷᠢ ᠶ᠋ᠢ ᠠᠯᠠᠨ ᠪᠤᠯᠢᠶᠠᠨ ᠨᠡᠭᠡᠭᠡᠭᠰᠡᠨ ᠠᠵᠤᠭᠤ᠃ ᠡᠨᠡ ᠦᠶ᠎ᠡ ᠳ᠋ᠦ᠍ᠷ ᠲᠠᠢᠽᠢ ᠴᠢᠨ ᠸᠠᠩ ᠴᠠᠭᠠᠲᠠᠢ ᠬᠡᠳᠦᠢᠨ ᠡᠮᠦᠨᠡᠲᠦ ᠬᠠᠭᠠᠯᠭ᠎ᠠ ᠶ᠋ᠢᠨ ᠠᠰᠠᠷ ᠳᠣᠲᠣᠷ᠎ᠠ ᠰᠠᠭᠤᠲᠠᠯ᠎ᠠ ᠸᠠᠢᠵᠢᠩ᠂ ᠠᠯᠠᠢᠵᠢᠩ ᠨᠠᠷ ᠲᠠᠩᠭᠤᠳ ᠤ᠋ᠨ ᠶᠡᠬᠡ ᠶᠤᠸᠠᠨᠱᠤᠸᠠᠢ ᠯᠢᠦ ᠶᠦᠩ ᠹᠦ ᠶ᠋ᠢ ᠬᠦᠯᠢᠵᠦ ᠡᠷᠭᠦᠨ ᠪᠠᠷᠢᠪᠠ᠃ ᠮᠣᠩᠭᠣᠯ ᠤ᠋ᠨ ᠹᠦᠮᠨ ᠪᠣᠳᠣ ᠬᠣᠢᠲᠤ ᠬᠠᠭᠠᠯᠭ᠎ᠠ ᠪᠠᠷ ᠣᠷᠣᠵᠤ ᠬᠣᠢᠲᠤ ᠬᠠᠭᠠᠯᠭ᠎ᠠ ᠶ᠋ᠢ ᠰᠠᠬᠢᠭᠰᠠᠨ ᠯᠢᠦ ᠬᠤᠸᠠ ᠪᠦᠸᠧ ᠶ᠋ᠢ ᠮᠣᠩᠭᠣᠯ ᠤ᠋ᠨ ᠵᠠᠩᠵᠤᠨ ᠳ᠋ᠦᠩ ᠶᠦᠨ ᠨᠢᠭᠡᠨᠲᠡ ᠡᠷᠭᠦᠨ ᠠᠪᠴᠤ ᠬᠣᠲᠠ ᠶ᠋ᠢᠨ ᠭᠠᠳᠠᠨ᠎ᠠ ᠰᠢᠲᠠᠵᠤ ᠭᠠᠷᠭᠠᠭᠰᠠᠨ ᠳ᠋ᠤᠷ ᠭᠠᠳᠠᠭᠠᠬᠢ ᠴᠡᠷᠢᠭ ᠮᠣᠷᠢᠨ ᠤ᠋ ᠳᠡᠭᠡᠷ᠎ᠡ ᠤᠨᠠᠵᠤ ᠠᠮᠢᠳᠤ ᠪᠠᠷ ᠪᠠᠷᠢᠭᠳᠠᠭᠠᠳ ᠬᠣᠲᠠ ᠶ᠋ᠢ ᠨᠡᠭᠡᠭᠡᠵᠦ ᠹᠦᠮᠨ ᠪᠣᠳᠣ᠂ ᠶᠡᠬᠡ ᠴᠡᠷᠢᠭ ᠢ᠋ᠶ᠋ᠡᠷ ᠣᠷᠣᠵᠤ ᠲᠡᠮᠳᠡᠭ ᠫᠤᠤ ᠶ᠋ᠢ ᠲᠠᠯᠪᠢᠭᠤᠯᠵᠤ᠂ ᠲᠠᠢᠽᠢ ᠴᠠᠭᠠᠲᠠᠢ ᠳ᠋ᠤᠷ ᠳᠥᠷᠪᠡᠨ ᠬᠠᠭᠠᠯᠭ᠎ᠠ ᠶ᠋ᠢ ᠪᠦᠷᠢᠨ᠎ᠡ ᠪᠡᠷ ᠣᠯᠤᠭᠰᠠᠨ ᠢ᠋ ᠮᠡᠳᠡᠭᠦᠯᠦᠨ ᠢᠷᠡᠭᠰᠡᠨ ᠳ᠋ᠦ᠍ᠷ ᠲᠠᠢᠽᠢ ᠴᠠᠭᠠᠲᠠᠢ ᠴᠠᠭᠠᠵᠠ ᠵᠠᠷᠯᠠᠨ᠂ ᠯᠢᠦ ᠶᠦᠩ ᠹᠦ ᠠᠯᠠᠭᠳᠠᠪᠠ ᠭᠡᠮᠡᠨ ᠪᠠᠷᠬᠢᠷᠠᠨ ᠵᠠᠷᠯᠠᠭᠤᠯᠵᠤ᠂ ᠳᠥᠷᠪᠡᠨ ᠬᠠᠭᠠᠯᠭᠠᠨ᠎ᠠ ᠳᠠᠭᠠᠭᠰᠠᠳ ᠢ᠋ ᠦᠯᠦ ᠠᠯᠠᠬᠤ ᠴᠠᠭᠠᠨ ᠲᠤᠭ ᠪᠣᠰᠬᠠᠯᠭᠠᠨ᠂ ᠪᠠᠰᠠ ᠰᠤᠯᠠ ᠪᠡᠶ᠎ᠡ ᠪᠡᠷ ᠬᠠᠭᠠᠯᠭ᠎ᠠ ᠭᠠᠷᠬᠤ ᠦᠢᠮᠡᠭᠡᠨ ᠡᠴᠡ ᠵᠠᠢᠯᠠᠭᠴᠢᠳ ᠢ᠋ ᠪᠢᠲᠡᠭᠡᠢ ᠠᠯᠠ᠂ ᠲᠡᠳᠡᠨ ᠢ᠋ ᠵᠣᠷᠢᠭ ᠢ᠋ᠶ᠋ᠠᠷ ᠲᠠᠯᠪᠢᠨ ᠭᠠᠷᠭ᠎ᠠ ᠭᠡᠮᠡᠨ ᠳᠥᠷᠪᠡᠨ ᠬᠠᠭᠠᠯᠭ᠎ᠠ ᠶ᠋ᠢ ᠴᠡᠯᠳᠡᠢᠲᠡᠯᠡ ᠨᠡᠭᠡᠭᠡᠯᠭᠡᠵᠦ᠂ ᠵᠢᠴᠢ ᠥᠷᠯᠥᠭᠡ ᠶ᠋ᠢᠨ ᠨᠠᠷᠠᠨ ᠮᠠᠨᠳᠤᠲᠠᠯ᠎ᠠ ᠬᠣᠲᠠ ᠶ᠋ᠢ ᠲᠣᠭᠲᠠᠭᠠᠨ ᠲᠦᠪᠰᠢᠳᠬᠡᠭᠡᠳ᠂ ᠯᠢᠦ ᠶᠦᠩ ᠹᠦ ᠶ᠋ᠢᠨ ᠴᠡᠷᠢᠭ ᠦ᠋ᠨ ᠲᠣᠭ᠎ᠠ ᠶ᠋ᠢᠨ ᠨᠡᠷ᠎ᠡ ᠶ᠋ᠢᠨ ᠳᠠᠩᠰᠠ ᠪᠠᠷ ᠲᠠᠩᠭᠤᠳ ᠤ᠋ᠨ ᠴᠡᠷᠢᠭ ᠦ᠋ᠨ ᠳᠣᠬᠢᠶ᠎ᠠ ᠶ᠋ᠢ ᠲᠠᠯᠪᠢᠭᠤᠯᠤᠨ ᠪᠠᠢᠴᠠᠭᠠᠯᠭᠠᠪᠠᠰᠤ ᠬᠣᠶᠠᠷ ᠲᠦᠮᠡ ᠰᠢᠬᠠᠮ ᠬᠤᠶᠠᠭ ᠵᠡᠪᠰᠡᠭ ᠦᠭᠡᠢ ᠴᠡᠷᠢᠭ ᠢ᠋ ᠡᠯᠰᠡᠨ ᠣᠯᠵᠤ᠂ ᠵᠢᠴᠢ ᠦᠯᠡᠭᠰᠡᠨ ᠮᠣᠷᠢ ᠬᠤᠶᠠᠭ ᠢ᠋ᠶ᠋ᠠᠨ ᠣᠷᠬᠢᠭᠰᠠᠨ᠂ ᠨᠢᠴᠦᠭᠦᠨ ᠴᠠᠪᠠᠭᠠᠨ ᠶᠠᠳᠠᠵᠤ ᠴᠢᠯᠡᠨ ᠳᠠᠷᠤᠭᠳᠠᠭᠰᠠᠨ ᠭᠤᠷᠪᠠᠨ ᠲᠦᠮᠡ ᠰᠢᠬᠠᠮ ᠴᠡᠷᠢᠭ᠂ ᠳᠥᠷᠪᠡᠨ ᠵᠦᠭ ᠪᠤᠲᠠᠷᠠᠨ ᠰᠠᠷᠨᠢᠭᠰᠠᠨ ᠴᠡᠷᠢᠭ ᠦ᠋ᠳ᠂ ᠪᠠᠷᠠᠭᠤᠨ ᠬᠠᠭᠠᠯᠭ᠎ᠠ ᠶ᠋ᠢ ᠬᠠᠳᠠᠭᠠᠯᠠᠭᠰᠠᠨ ᠯᠢᠦ ᠬᠤᠸᠠ ᠯᠦ᠍᠂ ᠵᠢᠴᠢ ᠯᠢ ᠵᠢᠢ ᠯᠢ ᠬᠣᠷᠣᠭ᠎ᠠ ᠠ᠋ᠴᠠ ᠤᠷᠭᠤᠭᠰᠠᠨ ᠯᠢᠦ ᠬᠤᠸᠠ ᠱᠧᠦ ᠯᠦ᠍ᠭᠡ ᠤᠴᠠᠷᠠᠯᠳᠤᠨ᠂ ᠬᠣᠬᠢᠷᠠᠭᠰᠠᠨ ᠴᠡᠷᠢᠭ ᠦ᠋ᠳ ᠢ᠋ᠶ᠋ᠡᠨ ᠬᠤᠷᠢᠶᠠᠮᠵᠢᠯᠠᠨ᠂ ᠬᠤᠯᠤᠭᠠᠨ᠎ᠠ ᠮᠡᠲᠦ ᠪᠤᠷᠤᠭᠤᠯᠠᠨ ᠶᠡᠬᠡ ᠣᠯᠣᠭᠠᠢ ᠬᠣᠲᠠ ᠳ᠋ᠤᠷ ᠡᠴᠢᠪᠡ᠃
ᠲᠡᠨᠳᠡᠴᠡ ᠲᠠᠢᠽᠢ ᠴᠠᠭᠠᠲᠠᠢ᠂ ᠹᠦᠮᠨ ᠪᠣᠳᠣ ᠶ᠋ᠢᠨ ᠶᠡᠬᠡ ᠴᠡᠷᠢᠭ᠂ ᠲᠠᠩᠭᠤᠳ ᠤᠯᠤᠰ ᠤ᠋ᠨ ᠯᠢᠦ ᠶᠦᠩ ᠹᠦ ᠶ᠋ᠢᠨ ᠲᠠᠪᠤᠨ ᠲᠦᠮᠡᠨ ᠴᠡᠷᠢᠭ ᠦ᠋ᠨ ᠬᠦᠨᠳᠦ ᠬᠥᠰᠬᠡ᠂ ᠮᠣᠷᠢ ᠵᠡᠪᠰᠡᠭ᠂ ᠬᠤᠶᠠᠭ ᠳᠤᠭᠤᠯᠠᠭ᠎ᠠ᠂ ᠠᠮᠤ ᠡᠪᠡᠰᠦ ᠶ᠋ᠢ ᠪᠦᠷᠢᠨ᠎ᠡ ᠪᠡᠷ ᠣᠯᠵᠤ ᠳ᠋ᠦᠩ ᠵᠢᠶᠦ᠋ᠨ᠂ ᠵᠢᠴᠢ ᠳ᠋ᠦᠩ ᠶᠦᠨ᠂ ᠸᠠᠢᠵᠢᠩ᠂ ᠠᠯᠠᠢᠵᠢᠩ ᠳᠥᠷᠪᠡᠭᠦᠯᠡ ᠪᠡᠷ ᠬᠠᠭᠠᠨ ᠤ᠋ ᠶᠡᠬᠡ ᠵᠢᠭᠰᠠᠭᠠᠯ ᠢ᠋ ᠤᠭᠲᠤᠭᠤᠯᠤᠨ ᠢᠯᠡᠭᠡᠪᠡ᠃
ᠲᠡᠳᠦᠢ ᠯᠢ ᠵᠢᠢ ᠯᠢ ᠬᠣᠷᠣᠭ᠎ᠠ ᠶ᠋ᠢ ᠰᠠᠬᠢᠭᠰᠠᠨ ᠳ᠋ᠦᠩ ᠵᠢᠶᠦ᠋ᠨ᠂ ᠸᠡᠢᠵᠢᠩ ᠬᠣᠶᠠᠭᠤᠯᠠ ᠮᠣᠷᠢᠨ ᠢ᠋ᠶ᠋ᠠᠨ ᠬᠡᠢᠰᠬᠡᠨ ᠲᠠᠯᠪᠢᠵᠤ᠂ ᠲᠠᠩᠭᠤᠳ ᠤᠯᠤᠰ ᠤ᠋ᠨ ᠵᠠᠬ᠎ᠠ ᠳ᠋ᠤᠷ ᠬᠦᠷᠴᠦ᠂ ᠬᠠᠭᠠᠨ ᠤ᠋ ᠵᠢᠭᠰᠠᠭᠠᠯ ᠢ᠋ ᠤᠭᠲᠤᠨ ᠰᠥᠭᠥᠳᠴᠦ᠂ ᠪᠠᠶᠠᠷ ᠤ᠋ᠨ ᠶᠣᠰᠣᠭᠠᠷ ᠮᠥᠷᠭᠥᠵᠦ᠂ ᠶᠡᠬᠡ ᠵᠢᠭᠰᠠᠭᠠᠯ ᠢ᠋ ᠯᠢ ᠵᠢᠢ ᠯᠢ ᠬᠣᠷᠣᠭ᠎ᠠ ᠳ᠋ᠤᠷ ᠪᠠᠭᠤᠯᠭᠠᠬᠤᠶᠠ᠂ ᠯᠢ ᠵᠢᠢ ᠯᠢ ᠬᠣᠷᠣᠭᠠᠨ ᠤ᠋ ᠭᠠᠳᠠᠨ᠎ᠠ ᠵᠢᠷᠯᠤᠭ ᠤ᠋ᠨ ᠵᠢᠩ ᠯᠦᠸᠧ ᠰᠧ ᠴᠧᠩ ᠬᠣᠲᠠ ᠶ᠋ᠢ ᠰᠠᠬᠢᠭᠰᠠᠨ ᠳ᠋ᠦᠩ ᠶᠦᠨ᠂ ᠠᠯᠠᠢᠵᠢᠩ ᠬᠣᠶᠠᠭᠤᠯᠠ᠂ ᠵᠢᠷᠯᠤᠭ ᠬᠣᠲᠠ ᠶ᠋ᠢ ᠣᠷᠬᠢᠨ ᠭᠠᠷᠤᠭᠰᠠᠨ ᠶᠠᠯ᠎ᠠ ᠳ᠋ᠤᠷ ᠭᠠᠷ ᠢ᠋ᠶ᠋ᠠᠨ ᠬᠦᠯᠢᠵᠦ ᠰᠤᠭᠤᠨᠠᠭ ᠵᠡᠭᠦᠵᠦ ᠰᠥᠭᠥᠳᠴᠦ ᠮᠥᠷᠭᠥᠬᠦᠢ ᠳ᠋ᠦ᠍ᠷ ᠬᠠᠭᠠᠨ ᠥᠴᠦᠬᠡᠨ ᠮᠦᠰᠢᠶᠡᠨ ᠬᠦᠯᠢᠶᠡᠰᠦ ᠶ᠋ᠢ ᠲᠠᠢᠯᠤᠭᠤᠯᠤᠨ ᠬᠣᠷᠣᠭ᠎ᠠ ᠳ᠋ᠤᠷ ᠵᠠᠯᠠᠷᠠᠨ ᠪᠠᠭᠤᠵᠤ᠂ ᠳ᠋ᠦᠩ ᠵᠢᠶᠦ᠋ᠨ᠂ ᠸᠠᠢᠵᠢᠩ ᠬᠣᠶᠠᠭᠤᠯᠠ ᠶ᠋ᠢ ᠴᠥᠮ ᠨᠢᠭᠡᠨ ᠵᠡᠷᠭᠡ ᠳᠡᠪᠰᠢᠭᠦᠯᠦᠨ᠂ ᠮᠥᠩᠭᠥ ᠲᠣᠷᠭ᠎ᠠ ᠡᠮᠡᠭᠡᠯ ᠬᠠᠵᠠᠭᠠᠷ ᠱᠠᠩᠨᠠᠨ᠂ ᠲᠥᠰᠢᠶ᠎ᠡ ᠬᠦᠯᠦᠭ ᠶᠡᠬᠡ ᠲᠠᠢᠪᠤᠤ ᠬᠦᠩ ᠴᠢᠯᠠᠭᠤᠨ ᠢ᠋ᠶ᠋ᠠᠷ ᠠᠷᠢᠬᠢ ᠬᠦᠷᠲᠡᠭᠡᠯᠭᠡᠨ᠂ ᠪᠠᠰᠠ ᠬᠤᠷᠢᠮ ᠬᠠᠢᠷᠠᠯᠠᠨ ᠵᠢᠴᠢ ᠳ᠋ᠦᠩ ᠶᠦᠨ᠂ ᠠᠯᠠᠢᠵᠢᠩ ᠬᠣᠶᠠᠭᠤᠯᠠ ᠶ᠋ᠢᠨ ᠰᠤᠭᠤᠨᠠᠭ ᠢ᠋ ᠠᠪᠤᠭᠤᠯᠤᠨ᠂ ᠡᠮᠦᠨ᠎ᠡ ᠪᠡᠨ ᠳᠠᠭᠤᠳᠠᠨ ᠵᠠᠷᠯᠢᠭ ᠪᠣᠯᠤᠷᠤᠨ :
《ᠳᠥᠷᠪᠡᠨ ᠮᠢᠩᠭᠠᠨ ᠦᠯᠦ ᠬᠦᠷᠬᠦ ᠴᠡᠷᠢᠭ ᠢ᠋ᠶ᠋ᠡᠷ ᠲᠠᠪᠤᠨ ᠲᠦᠮᠡᠨ ᠦ᠌ ᠣᠯᠠᠨ ᠴᠡᠷᠢᠭ ᠢ᠋ ᠬᠡᠷᠬᠢᠨ ᠬᠦᠯᠢᠶᠡᠨ ᠲᠤᠯᠵᠤ ᠪᠣᠯᠬᠤ ? ᠬᠡᠷᠡᠭ ᠦ᠋ᠨ ᠵᠣᠬᠢᠰ ᠢ᠋ ᠦᠵᠡᠨ ᠥᠪᠡᠷᠦᠨ ᠴᠡᠷᠢᠭ ᠢ᠋ᠶ᠋ᠡᠨ ᠡᠰᠡ ᠬᠣᠬᠢᠷᠠᠭᠤᠯᠤᠨ᠂ ᠪᠠᠰᠠ ᠲᠡᠭᠦᠨ ᠦ᠌ ᠴᠡᠷᠢᠭ ᠢ᠋ ᠰᠣᠴᠢᠭᠠᠵᠤ ᠬᠣᠢᠨ᠎ᠠ ᠠ᠋ᠴᠠᠭᠠᠨ ᠬᠥᠭᠡᠭᠡᠯᠭᠡᠨ ᠰᠤᠨᠳᠠᠯᠠᠭᠤᠯᠤᠭᠰᠠᠨ ᠦᠭᠡᠢ ᠢᠨᠣ ᠳᠠᠷᠤᠢ ᠲᠠᠨ ᠤ᠋ ᠭᠠᠪᠢᠶ᠎ᠠ ᠪᠣᠯᠠᠢ᠃ ᠨᠡᠩ ᠪᠠᠰᠠ ᠲᠠᠩᠭᠤᠳ ᠤ᠋ᠨ ᠶᠤᠸᠠᠨᠱᠤᠸᠠᠢ ᠶ᠋ᠢ ᠰᠢᠷᠬᠠᠲᠤᠭᠤᠯᠤᠨ ᠪᠠᠷᠢᠵᠤ᠂ ᠲᠠᠪᠤᠨ ᠲᠦᠮᠡᠨ ᠦ᠌ ᠪᠦᠬᠦᠯᠢ ᠬᠦᠨᠳᠦ ᠬᠥᠰᠬᠡ ᠶ᠋ᠢ ᠣᠯᠵᠤ᠂ ᠪᠠᠰᠠ ᠲᠠᠩᠭᠤᠳ ᠤᠯᠤᠰ ᠤ᠋ᠨ ᠤᠷᠢᠳᠠ ᠤᠷᠪᠠᠵᠤ ᠴᠡᠷᠢᠭᠯᠡᠭᠰᠡᠨ ᠶᠣᠰᠣ ᠶ᠋ᠢ ᠪᠢᠳᠡ ᠣᠯᠵᠤ ᠡᠵᠡᠯᠡᠭᠰᠡᠨ ᠳ᠋ᠦ᠍ᠷ ᠢᠨᠦ ᠮᠡᠬᠦᠰ ᠪᠢ ᠮᠠᠰᠢᠳᠠ ᠪᠡᠶᠡᠰᠦᠨ ᠠᠮᠤᠢ᠃ ᠵᠢᠴᠢ ᠪᠠᠰᠠ ᠨᠢᠳᠤᠨᠤᠨ ᠪᠠ ᠡᠨᠡ ᠬᠠᠪᠤᠷ᠂ ᠲᠠᠩᠭᠤᠳ ᠤᠯᠤᠰ ᠤ᠋ᠨ ᠡᠨᠡ ᠤᠳᠠᠭ᠎ᠠ ᠭᠡᠨᠡᠳᠡᠭᠦᠯᠦᠨ ᠴᠡᠷᠢᠭᠯᠡᠬᠦ ᠪᠠᠢᠳᠠᠯ ᠢ᠋ ᠴᠥᠮ ᠲᠠᠨ ᠤ᠋ ᠳᠥᠷᠪᠡᠭᠦᠯᠡ ᠤᠷᠢᠳᠠᠰᠠ ᠦᠨᠡᠨ ᠢᠷᠣᠭᠠᠷ ᠢ᠋ ᠲᠤᠷᠰᠢᠨ ᠣᠯᠵᠤ᠂ ᠤᠯᠤᠰ ᠲᠥᠷᠥ ᠳ᠋ᠦ᠍ᠷ ᠡᠷᠲᠡᠰᠡ ᠮᠡᠳᠡᠭᠦᠯᠦᠨ ᠢᠯᠡᠭᠡᠭᠰᠡᠨ ᠦ᠌ ᠰᠠᠢᠨ ᠢ᠋ᠶ᠋ᠠᠷ ᠮᠠᠨ ᠤ᠋ ᠵᠢᠨᠦᠩ ᠤᠭᠲᠤᠨ ᠪᠡᠯᠡᠳᠬᠡᠵᠦ ᠵᠠᠪᠳᠤᠭᠰᠠᠨ ᠲᠤᠯᠠ ᠡᠰᠡ ᠭᠡᠨᠡᠳᠡᠭᠳᠡᠨ ᠪᠦᠷᠢᠨ᠎ᠡ ᠣᠯᠵᠤ ᠳᠡᠢᠯᠪᠡᠢ 》ᠭᠡᠮᠡᠨ ᠳ᠋ᠦᠩ ᠶᠦᠨ ᠠᠯᠠᠢᠵᠢᠩ ᠬᠣᠶᠠᠭᠤᠯᠠ ᠶ᠋ᠢ ᠶᠠᠯ᠎ᠠ ᠦᠭᠡᠢ ᠪᠣᠯᠭᠠᠨ᠂ ᠤᠭ ᠵᠡᠷᠭᠡ ᠲᠤᠰᠢᠶᠠᠯ ᠳ᠋ᠤᠷ ᠠᠬᠤᠭᠤᠯᠵᠤ᠂ 《ᠥᠩᠭᠡ ᠶ᠋ᠢ ᠦᠵᠡᠨ ᠲᠠᠨᠢᠵᠤ᠂ ᠵᠣᠬᠢᠰ ᠲᠤᠷ ᠵᠣᠬᠢᠴᠠᠭᠤᠯᠤᠨ ᠴᠢᠳᠠᠪᠠ 》 ᠭᠡᠮᠡᠨ ᠰᠠᠢᠰᠢᠶᠠᠵᠤ᠂ ᠪᠠᠰᠠ ᠬᠤᠷᠢᠮ ᠬᠠᠢᠷᠠᠯᠠᠪᠠ᠃
ᠵᠢᠴᠢ ᠡᠳᠦᠷ ᠶᠡᠬᠡ ᠵᠠᠭᠰᠠᠭᠠᠯ ᠬᠥᠳᠡᠯᠵᠦ᠂ ᠵᠢᠷᠯᠤᠭ ᠬᠣᠲᠠ ᠶ᠋ᠢᠨ ᠵᠦᠭ ᠮᠣᠷᠳᠠᠨ ᠡᠴᠢᠬᠦᠶ᠎ᠡ ᠯᠢ ᠵᠢᠢ ᠯᠢ ᠬᠢᠭᠡᠳ ᠵᠢᠷᠯᠤᠭ ᠤ᠋ᠨ ᠨᠢᠭᠡᠨ ᠵᠠᠮ ᠳ᠋ᠤᠷ ᠠᠢᠯ ᠬᠣᠷᠣᠭ᠎ᠠ᠂ ᠬᠣᠲᠠ ᠪᠠᠯᠭᠠᠳ ᠪᠦᠬᠦᠨ ᠦ᠌ ᠵᠠᠭᠤᠨ ᠣᠪᠣᠭᠲᠠᠨ ᠢᠷᠭᠡᠳ ᠡᠭᠦᠳᠡᠨ ᠪᠦᠷᠢ ᠳ᠋ᠦ᠍ᠷ ᠬᠦᠵᠢᠰ ᠦ᠋ᠨ ᠰᠢᠷᠡᠭᠡ ᠵᠢᠭᠰᠠᠭᠠᠨ᠂ ᠵᠠᠮ ᠤ᠋ᠨ ᠬᠣᠶᠠᠷ ᠬᠠᠵᠠᠭᠤ ᠳ᠋ᠤᠷ ᠠᠢᠯ ᠭᠠᠴᠠᠭᠠᠨ ᠤ᠋ ᠲᠠᠷᠢᠶᠠᠯᠠᠩ ᠤ᠋ᠨ ᠠᠷᠠᠳ ᠬᠥᠭᠰᠢᠳ ᠢ᠋ᠶ᠋ᠡᠨ ᠳᠥᠰᠢᠨ᠂ ᠨᠢᠯᠬᠠᠰ ᠢ᠋ᠶ᠋ᠠᠨ ᠲᠡᠪᠡᠷᠢᠵᠦ᠂ ᠰᠠᠭᠤᠯᠠᠭ᠎ᠠ ᠳ᠋ᠤᠷ ᠤᠰᠤ᠂ ᠠᠷᠤ ᠳ᠋ᠠᠭᠠᠨ ᠡᠪᠡᠰᠦ᠂ ᠰᠠᠭᠰᠤ ᠳ᠋ᠤᠷ ᠪᠤᠳᠠᠭ᠎ᠠ᠂ ᠪᠣᠳᠣᠩ ᠳ᠋ᠤᠷ ᠱᠥᠯᠥ᠂ ᠬᠣᠨᠢ ᠬᠥᠲᠥᠯᠦᠨ᠂ ᠳᠠᠷᠠᠰᠤ ᠳᠠᠮᠨᠠᠨ᠂ ᠵᠢᠭᠰᠠᠭᠠᠨ ᠰᠥᠭᠥᠳᠦᠯᠴᠡᠨ᠂ ᠨᠢᠳᠦᠨ ᠳ᠋ᠦ᠍ᠷ ᠨᠢᠯᠪᠤᠰᠤᠨ ᠬᠠᠪᠴᠢᠭᠤᠯᠤᠨ᠂ ᠤᠷᠢᠳᠠ ᠶ᠋ᠢᠨ ᠠᠭᠤᠴᠢᠯᠠᠯ᠂ ᠡᠳᠦᠭᠡᠬᠢ ᠶ᠋ᠢᠨ ᠡᠨᠡᠷᠢᠯ ᠦ᠋ᠨ ᠬᠡᠰᠢᠭ ᠥᠷᠥᠰᠢᠶᠡᠯ ᠳ᠋ᠦ᠍ᠷ ᠰᠢᠲᠦᠯᠴᠡᠨ ᠮᠥᠷᠭᠥᠯᠴᠡᠨ᠂ ᠦᠨᠡᠨ ᠲᠡᠭᠷᠢ ᠶ᠋ᠢᠨ ᠬᠥᠪᠡᠭᠦᠨ ᠴᠢᠩᠭᠢᠰ ᠬᠠᠭᠠᠨ ᠤ᠋ ᠭᠡᠭᠡᠬᠡᠨ ᠨᠢᠭᠤᠷ ᠢ᠋ ᠦᠵᠡᠮᠦᠢ ᠭᠡᠮᠡᠨ ᠡᠬᠡᠨᠡᠷ ᠥᠬᠢᠳ ᠬᠡᠦᠬᠡᠳ ᠨᠢᠯᠬᠠᠰ ᠫᠢᠭ ᠳᠦᠭᠦᠷᠡᠩ ᠳ᠋ᠦ᠍ᠷ ᠲᠠᠢᠽᠦ ᠴᠢᠩᠭᠢᠰ ᠬᠠᠭᠠᠨ ᠶᠡᠬᠡ ᠲᠦᠰᠢᠶ᠎ᠡ ᠬᠦᠯᠦᠭ ᠴᠢᠯᠠᠭᠤᠨ ᠤ᠋ ᠵᠦᠭ ᠵᠠᠷᠯᠢᠭ ᠪᠣᠯᠤᠷᠤᠨ :
《ᠡᠳᠡᠭᠡᠷ ᠡᠰᠡᠷᠭᠦᠴᠡᠯ ᠢ᠋ ᠡᠮ ᠢ᠋ᠶ᠋ᠡᠷ ᠦᠵᠡᠨ᠂ ᠳᠠᠢᠰᠤᠨ ᠢ᠋ ᠲᠠᠲᠠᠭᠠᠯ ᠢ᠋ᠶ᠋ᠠᠷ ᠳᠠᠭᠠᠭᠤᠯᠬᠤ᠂ ᠴᠥᠮ ᠢ᠋ᠶ᠋ᠡᠷ ᠶᠡᠬᠡ ᠵᠢᠨᠦᠩ ᠦ᠋ᠨ ᠵᠢᠯᠣᠭᠣᠳᠣᠯ᠂ ᠲᠦᠰᠢᠶ᠎ᠡ ᠬᠦᠯᠦᠭ ᠦ᠋ᠨ ᠲᠦᠪᠰᠢᠳᠬᠡᠯ ᠪᠣᠯᠠᠢ᠃ ᠡᠳᠡᠭᠡᠷ ᠦ᠋ᠨ ᠥᠴᠦᠬᠡᠨ ᠦᠨᠡᠮᠴᠢ ᠶ᠋ᠢ ᠡᠰᠡ ᠭᠦᠢᠴᠡᠳᠬᠡᠪᠰᠦ ᠮᠢᠨᠦ ᠳᠣᠲᠣᠷ᠎ᠠ ᠦᠯᠦ ᠲᠥᠪᠳᠡᠨᠡᠮ 》ᠬᠡᠮᠡᠭᠰᠡᠨ ᠳ᠋ᠦ᠍ᠷ ᠬᠦᠯᠦᠭ ᠴᠢᠯᠠᠭᠤᠨ ᠵᠠᠷᠯᠢᠭ ᠲᠤᠷ ᠮᠥᠷᠭᠥᠵᠦ᠂ ᠠᠷᠪᠠᠭᠠᠳ ᠭᠠᠵᠠᠷ ᠶᠠᠪᠤᠪᠠᠰᠤ᠂ ᠲᠡᠳᠡᠭᠡᠷ ᠢᠷᠭᠡᠳ ᠦ᠋ᠨ ᠢᠳᠡᠭᠡᠨ ᠤᠮᠳᠠᠭᠠᠨ ᠢ᠋ ᠴᠤᠭᠯᠠᠭᠤᠯᠤᠨ ᠨᠢᠭᠡᠳᠬᠡᠵᠦ᠂ ᠬᠡᠳᠦᠨ ᠵᠠᠭᠤᠨ ᠴᠡᠷᠢᠭ ᠢ᠋ ᠮᠣᠷᠢᠨ ᠠ᠋ᠴᠠ ᠪᠠᠭᠤᠯᠭᠠᠨ᠂ ᠠᠢᠯ ᠤ᠋ᠨ ᠢᠷᠭᠡᠳ ᠦ᠋ᠨ ᠠᠷᠢᠬᠢ ᠳᠡᠷᠡᠰᠦᠨ᠂ ᠢᠳᠡᠭᠡᠨ ᠤᠮᠳᠠᠭᠠᠨ ᠢ᠋ ᠨᠢᠭᠡᠨ ᠪᠦᠯᠦᠭ ᠢᠳᠡᠭᠦᠯᠵᠦ᠂ ᠬᠦᠷᠭᠡᠵᠦ ᠢᠷᠡᠭᠰᠡᠨ ᠢᠷᠭᠡᠳ ᠲᠣᠷ ᠦᠵᠡᠭᠦᠯᠵᠦ ᠳᠠᠷᠤᠢ ᠲᠠᠷᠬᠠᠭᠠᠨ ᠢᠯᠡᠭᠡᠵᠦ ᠬᠣᠯᠠ ᠴᠡᠷᠢᠭ ᠦ᠋ᠨ ᠪᠠᠭᠤᠳᠠᠯ ᠳ᠋ᠤᠷ ᠳᠠᠭᠠᠭᠤᠯᠤᠨ᠂ ᠣᠯᠠᠨ ᠮᠡᠷᠭᠡᠳ ᠢ᠋ ᠶᠠᠳᠠᠭᠠᠬᠤ ᠦᠭᠡᠢ ᠳ᠋ᠦ᠍ᠷ ᠣᠯᠠᠨ ᠵᠠᠭᠤᠨ ᠣᠪᠣᠭᠲᠠᠨ ᠤᠨᠠᠵᠤ ᠪᠣᠰᠲᠠᠯ᠎ᠠ ᠪᠠᠶᠠᠷᠯᠠᠯᠴᠠᠨ ᠵᠠᠮ ᠳᠠᠭᠠᠵᠤ᠂ ᠠᠢᠯ ᠪᠠᠢᠰᠢᠩ ᠳ᠋ᠤᠷ ᠳᠠᠭᠤᠯᠠᠯ ᠭᠠᠷᠴᠤ ᠡᠢᠨ ᠳᠠᠭᠤᠯᠠᠷᠤᠨ᠄
ᠴᠢᠩᠭᠢᠰ ᠴᠢᠩᠭᠢᠰ ᠴᠢ ᠦᠨᠡᠬᠡᠷ ᠲᠡᠭᠷᠢ ᠶ᠋ᠢᠨ ᠬᠥᠪᠡᠭᠦᠨ
ᠴᠢᠮᠠᠶ᠋ᠢ ᠢᠷᠡᠮᠦᠢ ᠭᠡᠮᠡᠨ ᠴᠢᠩ ᠦᠨᠡᠨ ᠢ᠋ᠶ᠋ᠡᠷ ᠬᠠᠷᠠᠯᠤᠭᠠ᠃
ᠴᠢᠩᠭᠢᠰ ᠴᠢᠩᠭᠢᠰ ᠴᠢᠨᠦ ᠲᠡᠷᠡ ᠰᠦᠯᠳᠡ ᠴᠠᠭᠠᠨ ᠲᠤᠭ ᠴᠢᠨᠦ
ᠴᠠᠢᠪᠡᠰ ᠴᠠᠢᠪᠡᠰ ᠴᠠᠬᠢᠯᠠᠮᠠ ᠡᠭᠦᠯᠡᠰ ᠮᠡᠲᠦ ᠰᠠᠢᠬᠠᠨ
ᠴᠢᠩᠭᠢᠰ ᠴᠢᠩᠭᠢᠰ ᠴᠢᠨᠦ ᠴᠡᠷᠢᠭ ᠬᠦᠷᠦᠭᠰᠡᠨ ᠡᠯ᠎ᠡ ᠭᠠᠵᠠᠷ᠎ᠠ
ᠴᠡᠬᠡ ᠴᠠᠭ᠎ᠠ ᠡᠯᠪᠡᠭ ᠪᠣᠯᠵᠤ ᠴᠠᠳᠬᠣᠯᠩ ᠵᠢᠷᠭᠠᠯᠠᠩ ᠪᠣᠯᠤᠮᠤᠢ᠃
ᠴᠢᠩᠭᠢᠰ ᠴᠢᠩᠭᠢᠰ ᠴᠢ ᠦᠨᠡᠬᠡᠷ ᠬᠠᠮᠤᠭ ᠬᠥᠮᠦᠨ ᠦ᠌ ᠬᠠᠭᠠᠨ ᠠᠵᠠᠢ᠃
ᠴᠡᠴᠡᠭᠲᠦ ᠨᠢᠳᠦᠨ ᠢ᠋ᠶ᠋ᠡᠷ ᠴᠢᠬᠡ ᠬᠠᠷᠠᠰᠢ ᠦᠭᠡᠢ ᠡᠵᠡᠨ ᠮᠢᠨᠦ᠃
ᠬᠡᠮᠡᠯᠳᠦᠨ᠂ ᠬᠡᠷᠡᠮ ᠦ᠋ᠨ ᠠᠯᠤᠰ ᠰᠢᠭᠤᠢ ᠶ᠋ᠢᠨ ᠳᠠᠯᠳᠠ ᠠᠷᠤ ᠡᠯᠡᠰᠦᠨ ᠳ᠋ᠦ᠍ ᠤᠷᠲᠤ ᠨᠠᠮᠢᠶᠠᠨᠲᠤ ᠰᠧ᠂ ᠨᠠᠢᠲᠤ ᠰᠧ ᠶ᠋ᠢᠨ ᠠᠶᠠᠯᠭᠤ ᠪᠠᠷ ᠠᠳᠠᠯᠢ ᠳᠠᠭᠤᠨ ᠨᠢᠭᠡᠨ ᠨᠠᠮ ᠢ᠋ᠶ᠋ᠠᠷ ᠬᠣᠭᠣᠯᠠᠢ ᠨᠡᠢᠯᠡᠯᠴᠡᠨ ᠬᠥᠭᠰᠢᠨ ᠵᠠᠯᠠᠭᠤ ᠪᠠᠷ ᠳᠠᠭᠤᠯᠠᠯᠴᠠᠬᠤᠢ ᠶ᠋ᠢ ᠲᠠᠢᠽᠦ ᠴᠢᠩᠭᠢᠰ ᠬᠠᠭᠠᠨ᠂ ᠬᠡᠳᠦ ᠬᠡᠳᠦᠨ ᠠᠢᠯ ᠳ᠋ᠤᠷ ᠲᠣᠳᠣᠷᠬᠠᠢᠯᠠᠨ ᠰᠣᠨᠣᠰᠴᠤ ᠪᠡᠴᠢᠭ ᠤᠳᠬᠠᠰᠲᠤ ᠳ᠋ᠠᠳᠠᠳᠤᠩᠭ᠎ᠠ᠂ ᠰᠠᠢᠬᠠᠨ ᠰᠤᠷᠲᠠᠯᠲᠤ᠂ ᠣᠶᠤᠲᠤ ᠰᠡᠴᠡᠨ᠂ ᠣᠶᠤᠨ ᠭᠤᠸ᠎ᠠ ᠲᠠᠨ ᠤ᠋ ᠵᠦᠭ ᠵᠠᠷᠯᠢᠭ ᠪᠣᠯᠤᠷᠤᠨ᠄
ᠰᠠᠢᠳ ᠲᠠ ᠰᠣᠨᠣᠰ !
ᠡᠨᠡᠷᠢᠯ ᠬᠡᠮᠡᠭᠴᠢ ᠡᠨᠡ ᠪᠡᠶ᠎ᠡ ᠡᠴᠡ ᠬᠣᠯᠠ ᠦᠭᠡᠢ ᠪᠤᠶᠤ
ᠡᠨᠡᠷᠢᠯ ᠢ᠋ ᠬᠡᠷᠡᠭᠯᠡᠪᠡᠰᠦ ᠡᠳᠦᠭᠡ ᠳᠠᠷᠤᠢ ᠡᠨᠳᠡ ᠪᠣᠢ ᠪᠢᠰᠢᠦ ?
ᠬᠡᠮᠡᠪᠡᠢ᠃ ᠪᠢᠴᠢᠭ ᠦ᠋ᠨ ᠰᠠᠢᠳ ᠤ᠋ᠳ ᠪᠢᠰᠢᠷᠡᠨ ᠮᠥᠷᠭᠥᠵᠦ᠂ ᠪᠢᠴᠢᠬᠠᠨ ᠰᠠᠮᠪᠠᠷ᠎ᠠ ᠪᠢᠴᠢᠵᠦ ᠲᠡᠮᠳᠡᠭᠯᠡᠯᠴᠡᠪᠡᠢ᠃
ᠲᠡᠭᠦᠨᠴᠡ ᠡᠨᠡᠷᠢᠯᠲᠦ ᠢᠷᠭᠡᠳ ᠠᠷᠠᠳ ᠤ᠋ᠨ ᠢᠳᠡᠭᠡᠨ ᠦ᠌ ᠳᠡᠭᠡᠵᠢ ᠶ᠋ᠢ ᠢᠳᠡᠭᠦᠯᠵᠦ᠂ ᠵᠠᠮ ᠤ᠋ᠨ ᠭᠣᠳᠣᠰ ᠲᠠᠰᠤᠷᠠᠬᠤ ᠦᠭᠡᠢ᠂ ᠨᠢᠭᠡᠨ ᠡᠳᠦᠷ ᠦ᠋ᠨ ᠵᠠᠮ ᠢ᠋ ᠬᠣᠶᠠᠷ ᠡᠳᠦᠷ ᠶᠠᠪᠤᠭᠰᠠᠭᠠᠷ ᠵᠢᠷᠯᠤᠭ ᠬᠣᠲᠠ ᠶ᠋ᠢᠨ ᠵᠠᠭᠠᠳᠠᠰᠤ ᠣᠷᠣᠮᠠᠭᠴᠠ᠂ ᠬᠣᠲᠠ ᠶ᠋ᠢᠨ ᠳᠣᠲᠣᠷᠠᠬᠢ ᠤᠭ ᠰᠠᠭᠤᠭᠠᠯᠢ ᠶ᠋ᠢᠨ ᠪᠠᠶᠠᠴᠤᠳ ᠠᠷᠠᠳ ᠪᠠ ᠪᠢᠴᠢᠭ ᠲᠠᠷᠢᠶᠠᠯᠠᠩ᠂ ᠤᠷᠠᠴᠤᠳ᠂ ᠬᠤᠳᠠᠯᠳᠤᠭᠠᠴᠢᠨ᠂ ᠴᠡᠷᠢᠭ ᠢᠷᠭᠡᠨ᠂ ᠠᠷᠤ ᠶ᠋ᠢᠨ ᠠᠷᠠᠳ᠂ ᠡᠮᠦᠨᠡᠲᠦ ᠶ᠋ᠢᠨ ᠬᠢᠲᠠᠳ᠂ ᠬᠡᠳᠦᠨ ᠠᠷᠪᠠᠨ ᠲᠦᠮᠡᠨ ᠢ᠋ᠶ᠋ᠡᠷ ᠴᠤᠭᠯᠠᠯᠳᠤᠨ᠂ ᠴᠢᠩᠭᠢᠰ ᠬᠠᠭᠠᠨ ᠤ᠋ ᠬᠠᠭᠠᠨ ᠰᠠᠭᠤᠷᠢᠨ ᠳ᠋ᠠᠭᠠᠨ ᠰᠠᠭᠤᠭᠰᠠᠨ᠂ ᠬᠠᠪᠤᠷᠤᠨ ᠰᠡᠭᠦᠯ ᠰᠠᠷ᠎ᠠ ᠶ᠋ᠢᠨ ᠬᠣᠷᠢᠨ ᠨᠢᠭᠡᠨ ᠦ᠌ ᠬᠠᠰ ᠴᠠᠭᠠᠨ ᠭᠡᠷᠡᠯ ᠰᠠᠴᠤᠷᠠᠭᠰᠠᠨ ᠂ ᠬᠠᠯᠠᠮᠵᠢᠲᠤ ᠥᠷᠯᠥᠭᠡ ᠳ᠋ᠦ᠍ᠷ ᠲᠣᠬᠢᠶᠠᠯᠳᠤᠭᠤᠯᠤᠨ᠂ ᠵᠢᠷᠯᠤᠭ ᠬᠣᠲᠠ ᠶ᠋ᠢᠨ ᠡᠮᠦᠨᠡᠲᠦ ᠬᠠᠭᠠᠯᠭᠠᠨ ᠤ᠋ ᠳᠡᠭᠡᠷᠡᠬᠢ ᠶᠡᠬᠡ ᠠᠰᠠᠷ ᠤ᠋ᠨ ᠳᠡᠭᠡᠷ᠎ᠡ ᠪᠠᠰᠠ ᠲᠩᠷᠢ ᠲᠤᠯᠤᠮ᠎ᠠ ᠥᠨᠳᠥᠷ ᠬᠤᠷᠮᠤᠰᠲᠠ ᠲᠡᠭᠷᠢ ᠶ᠋ᠢᠨ ᠤᠷᠲᠤ ᠬᠠᠷᠰᠢ ᠶ᠋ᠢ ᠬᠥᠬᠡ ᠨᠠᠷᠠᠰᠤ ᠪᠠ ᠬᠤᠯᠤᠰᠤ ᠡᠪᠡᠰᠦᠨ ᠦ᠌ ᠴᠢᠬᠢᠷᠰᠦ ᠬᠢᠭᠡᠳ ᠲᠠᠪᠤᠨ ᠥᠩᠭᠡ ᠶ᠋ᠢᠨ ᠪᠥᠰ᠂ ᠵᠣᠲᠣᠩ ᠲᠣᠷᠭᠠᠮᠰᠤᠭ ᠤ᠋ᠨ ᠵᠦᠢᠯ ᠢ᠋ᠶ᠋ᠡᠷ ᠪᠦᠷᠢᠵᠦ᠂ ᠲᠠᠪᠤᠨ ᠥᠩᠭᠡ ᠶ᠋ᠢᠨ ᠠᠯᠲᠠᠮᠠᠯ ᠡᠭᠦᠯᠡᠰ ᠣᠭᠲᠠᠷᠭᠤᠢ ᠳ᠋ᠤᠷ ᠣᠪᠣᠭᠠᠯᠠᠨ ᠴᠣᠭᠴᠠᠯᠠᠭᠰᠠᠨ ᠮᠡᠲᠦ ᠪᠡᠷ ᠪᠠᠷᠢᠵᠤ᠂ ᠬᠣᠲᠠ ᠶ᠋ᠢᠨ ᠡᠮᠦᠨ᠎ᠡ᠂ ᠵᠠᠭᠤᠨ ᠮᠢᠩᠭᠠᠨ ᠵᠦᠢᠯ ᠦ᠋ᠨ ᠪᠥᠵᠢᠭ ᠮᠠᠭᠰᠢᠯᠭ᠎ᠠ ᠵᠦᠴᠦᠭᠡ ᠬᠥᠭᠵᠢᠮ᠂ ᠵᠦᠢᠯ ᠵᠦᠢᠯ ᠦ᠋ᠨ ᠳᠠᠪᠬᠤᠷ ᠬᠥᠮᠦᠨ ᠳᠠᠮᠨᠠᠭᠰᠠᠨ ᠳᠠᠭᠤᠯᠠᠯ᠂ ᠥᠨᠳᠥᠷ ᠬᠥᠯᠲᠡᠨ᠂ ᠬᠡᠢ ᠣᠩᠭᠣᠴᠠᠲᠤ ᠮᠣᠷᠢᠨ ᠤ᠋ ᠪᠥᠵᠢᠭ᠂ ᠰᠠᠷᠮᠠᠭᠴᠢᠨ ᠤ᠋ ᠬᠠᠷᠠᠢᠯᠭᠠ᠂ ᠲᠡᠭᠡᠰᠦᠨᠡ ᠭᠦᠶᠦᠬᠦ᠂ ᠬᠢᠲᠤᠭ᠎ᠠ ᠳ᠋ᠤᠷ ᠠᠪᠠᠷᠢᠬᠤ᠂ ᠰᠥᠨᠢ ᠶ᠋ᠢᠨ ᠵᠤᠯᠠ᠂ ᠵᠠᠭᠤᠨ ᠲᠦᠮᠡᠨ ᠦ᠌ ᠭᠠᠯ ᠤᠲᠤᠭ᠎ᠠ ᠲᠦᠷᠬᠢᠯᠡᠬᠦ᠂ ᠠᠭᠠᠷ ᠢ᠋ᠶ᠋ᠠᠷ ᠳᠦᠭᠦᠷᠡᠩ ᠲᠠᠪᠤᠨ ᠥᠩᠭᠡ ᠶ᠋ᠢᠨ ᠬᠡᠢᠰᠦᠮᠡᠯ ᠴᠢᠮᠡᠭ᠂ ᠬᠠᠭᠠᠨ ᠤ᠋ ᠮᠣᠷᠢᠯᠠᠬᠤ ᠰᠢᠷ᠎ᠠ ᠰᠢᠷᠣᠢ ᠶ᠋ᠢᠨ ᠵᠠᠮ᠂ ᠠᠷᠪᠠᠨ ᠭᠠᠵᠠᠷ ᠤ᠋ᠨ ᠭᠠᠳᠠᠨ᠎ᠠ ᠠ᠋ᠴᠠ ᠬᠠᠭᠠᠨ ᠢ᠋ ᠵᠠᠭᠤᠨ ᠲᠦᠰᠢᠮᠡᠳ ᠲᠡᠢ ᠵᠠᠯᠠᠨ ᠰᠠᠭᠤᠯᠭᠠᠬᠤ᠂ ᠲᠠᠪᠤᠨ ᠵᠠᠭᠤᠨ ᠬᠥᠮᠦᠨ ᠦ᠌ ᠳᠠᠮᠨᠠᠬᠤ ᠠᠰᠠᠷ ᠤᠶᠠᠭᠰᠠᠨ ᠲᠠᠭᠲᠤ ᠴᠠᠴᠠᠷ ᠢ᠋ ᠮᠥᠨ ᠨᠠᠷᠠᠰᠤ᠂ ᠮᠠᠢᠯᠠᠰᠤ᠂ ᠭᠦᠢᠯᠡᠰᠦᠨ ᠴᠡᠴᠡᠭ᠂ ᠠᠷᠴᠠ᠂ ᠠᠭᠠᠷᠤ ᠪᠠᠷ ᠤᠶᠠᠭᠰᠠᠨ ᠳᠠᠮᠨᠠᠭᠠ ᠪᠠᠷ ᠤᠭᠲᠤᠨ᠂ ᠵᠠᠭᠤᠨ ᠬᠥᠭᠵᠢᠮ ᠮᠢᠩᠭᠠᠨ ᠡᠬᠡᠰᠢᠭ᠂ ᠠᠷᠪᠠᠨ ᠭᠠᠵᠠᠷ ᠵᠠᠯᠭᠠᠯᠳᠤᠨ᠂ ᠲᠡᠮᠳᠡᠭ ᠪᠡᠯᠭᠡᠲᠦ ᠲᠩᠷᠢ ᠶ᠋ᠢᠨ ᠬᠥᠪᠡᠭᠦᠨ ᠴᠢᠩᠭᠢᠰ ᠬᠠᠭᠠᠨ ᠤ᠋ ᠦᠨᠡᠨ ᠴᠢᠷᠠᠢ ᠨᠢᠭᠤᠷ ᠢ᠋ ᠦᠵᠡᠰᠦᠭᠡᠢ ᠭᠡᠮᠡᠨ ᠵᠠᠮ ᠬᠠᠪᠴᠢᠨ ᠰᠥᠭᠥᠳᠦᠭᠰᠡᠨ ᠲᠠᠩᠭᠤᠳ ᠤᠯᠤᠰ ᠤ᠋ᠨ ᠬᠥᠮᠦᠨ ᠠᠮᠢᠲᠠᠨ ᠬᠥᠬᠡ ᠵᠦᠯᠭᠡᠲᠦ ᠭᠠᠵᠠᠷ ᠤ᠋ᠨ ᠬᠥᠷᠥᠰᠥ ᠶ᠋ᠢ ᠪᠦᠷᠬᠦᠵᠦᠬᠦᠢ᠃
ᠲᠡᠳᠦᠢ ᠬᠠᠭᠠᠨ ᠤ᠋ ᠵᠢᠭᠰᠠᠭᠠᠯ ᠢ᠋ ᠬᠠᠷᠢᠶᠠᠲᠤ ᠴᠡᠷᠢᠭ ᠦ᠋ᠨ ᠨᠣᠶᠠᠳ ᠲᠦᠰᠢᠮᠡᠳ ᠳᠠᠷᠠᠭ᠎ᠠ ᠳᠠᠷᠠᠭ᠎ᠠ ᠪᠠᠷ ᠤᠭᠲᠤᠯᠴᠠᠭᠰᠠᠭᠠᠷ ᠬᠣᠲᠠ ᠶ᠋ᠢᠨ ᠭᠠᠳᠠᠨ᠎ᠠ᠂ ᠬᠣᠰᠢᠭᠤᠴᠢ ᠲᠠᠢᠽᠢ ᠴᠠᠭᠠᠲᠠᠢ᠂ ᠹᠦᠮᠨ ᠪᠣᠳᠣ ᠬᠣᠶᠠᠭᠤᠯᠠ᠂ ᠵᠢᠷᠯᠤᠭ ᠤ᠋ᠨ ᠬᠠᠭᠤᠴᠢᠨ ᠵᠡᠷᠭᠡ ᠲᠤᠰᠢᠶᠠᠯᠲᠠᠨ ᠪᠠ ᠲᠦᠰᠢᠮᠡᠯ ᠲᠦᠰᠢᠶ᠎ᠡ ᠨᠠᠷ ᠢ᠋ ᠠᠪᠴᠤ᠂ ᠫᠤᠤ ᠲᠠᠯᠪᠢᠨ᠂ ᠬᠡᠩᠭᠡᠷᠭᠡ ᠳᠡᠯᠡᠳᠦᠨ ᠰᠥᠭᠥᠳᠴᠦ ᠤᠭᠲᠤᠨ᠂ ᠬᠠᠭᠠᠨ ᠡᠵᠡᠨ ᠬᠠᠮᠤᠭ ᠬᠠᠷᠠᠴᠤᠰ ᠢᠷᠭᠡᠳ ᠦ᠋ᠨ ᠬᠠᠯᠠᠭᠤᠨ ᠰᠦᠰᠦᠭ ᠢ᠋ ᠬᠦᠯᠢᠶᠡᠨ᠂ ᠲᠡᠳᠡᠨ ᠦ᠌ ᠪᠡᠯᠡᠳᠬᠡᠨ ᠴᠣᠭᠴᠠᠯᠠᠭᠰᠠᠨ᠂ ᠲᠡᠭᠷᠢ ᠶ᠋ᠢᠨ ᠮᠠᠨᠳᠠᠯ ᠲᠠᠭᠲᠤ ᠳ᠋ᠤᠷ ᠡᠮᠦᠨᠡᠰᠢ ᠬᠠᠨᠳᠤᠨ ᠬᠠᠭᠠᠨ ᠤ᠋ ᠠᠯᠲᠠᠨ ᠯᠤᠤ ᠶ᠋ᠢᠨ ᠰᠢᠷᠡᠭᠡᠨ᠎ᠡ ᠵᠠᠯᠠᠷᠠᠨ ᠰᠠᠭᠤᠵᠤ᠂ ᠵᠠᠭᠤᠨ ᠲᠦᠰᠢᠮᠡᠳ ᠮᠥᠷᠭᠥᠵᠦ ᠪᠠᠷᠠᠭᠰᠠᠨ ᠬᠣᠢᠨ᠎ᠠ᠂ ᠲᠠᠩᠭᠤᠳ ᠤᠯᠤᠰ ᠤ᠋ᠨ ᠵᠠᠭᠤᠨ ᠣᠪᠣᠭᠲᠠᠨ ᠬᠠᠮᠤᠭ ᠠᠮᠢᠲᠠᠨ ᠢ᠋ ᠬᠠᠭᠠᠨ ᠤ᠋ ᠨᠢᠭᠤᠷ ᠦᠵᠡᠭᠳᠡᠬᠦ ᠲᠠᠯ᠎ᠠ ᠳ᠋ᠤᠷ ᠰᠥᠭᠥᠳᠬᠡᠵᠦ᠂ ᠮᠥᠨ ᠬᠦ᠌ ᠬᠡᠩᠭᠡᠷᠭᠡ᠂ ᠫᠤᠤ᠂ ᠶᠡᠬᠡ ᠳᠠᠯᠪᠠᠭ᠎ᠠ ᠬᠢᠭᠢᠷᠢ ᠪᠡᠷ ᠳᠣᠬᠢᠶ᠎ᠠ ᠪᠣᠯᠭᠠᠨ᠂ ᠭᠤᠷᠪᠠᠨ ᠵᠡᠷᠭᠡ ᠰᠥᠭᠥᠳᠬᠡᠨ᠂ ᠶᠢᠰᠦᠨ ᠵᠡᠷᠭᠡ ᠮᠥᠷᠭᠥᠭᠦᠯᠦᠨ ᠬᠠᠭᠠᠨ ᠡᠵᠡᠨ ᠦ᠌ ᠠᠯᠲᠠᠨ ᠯᠤᠤ ᠶ᠋ᠢᠨ ᠰᠢᠬᠦᠷ ᠥᠨᠳᠥᠷ ᠮᠠᠨᠳᠠᠯ ᠤ᠋ᠨ ᠡᠮᠦᠨ᠎ᠡ ᠬᠥᠪᠡᠭᠡ ᠳ᠋ᠦ᠍ᠷ ᠳᠠᠪᠰᠢᠨ᠂ ᠬᠠᠮᠤᠭ ᠠᠮᠢᠲᠠᠨ ᠤ᠋ ᠳᠡᠭᠡᠷ᠎ᠡ ᠡᠴᠡ ᠳᠣᠷᠣᠭᠰᠢ ᠥᠩᠭᠡᠢᠨ ᠨᠢᠭᠤᠷ ᠴᠢᠷᠠᠢ ᠶ᠋ᠢ ᠢᠯᠡᠷᠬᠡᠶ᠎ᠡ ᠦᠵᠡᠭᠦᠯᠦᠨ᠂ ᠥᠨᠳᠥᠷ ᠳᠠᠭᠤᠨ ᠢ᠋ᠶ᠋ᠠᠷ ᠵᠠᠷᠯᠢᠭ ᠪᠣᠯᠤᠨ ᠰᠤᠷᠭᠠᠨ ᠵᠠᠬᠢᠷᠤᠨ᠄
ᠬᠥᠬᠡ ᠮᠣᠩᠭᠣᠯ ᠤ᠋ᠨ ᠡᠵᠡᠨ ᠴᠢᠩᠭᠢᠰ ᠴᠣᠯᠠᠲᠤ ᠨᠠᠳᠤᠷ
ᠬᠥᠮᠦᠨ ᠡᠴᠡ ᠭᠠᠢᠬᠠᠯᠲᠠᠢ ᠵᠦᠢᠯ ᠣᠭᠲᠣᠬᠠᠨ ᠴᠤ᠌ ᠦᠭᠡᠢ᠃
ᠬᠥᠭᠡᠷᠦᠬᠦᠢ ᠲᠠ ᠪᠦᠭᠦᠳᠡᠭᠡᠷ ᠴᠥᠮ ᠰᠠᠢᠨ ᠢᠷᠭᠡᠳ
ᠬᠦᠨᠳᠦ ᠴᠢᠬᠡᠴᠢ ᠬᠦᠮᠦᠵᠢᠯᠲᠡᠢ ᠶᠠᠪᠤᠳᠠᠯ ᠢ᠋ᠶ᠋ᠠᠷ ᠶᠠᠪᠤᠵᠠᠭ᠎ᠠ᠃
ᠬᠥᠷᠪᠡᠬᠦ ᠤᠷᠪᠠᠬᠤ ᠲᠠᠨ ᠳ᠋ᠤᠷ ᠶᠠᠭᠤᠨ ᠤ᠋ ᠬᠠᠷᠢᠶ᠎ᠠ
ᠬᠥᠳᠡᠯᠬᠦ ᠬᠥᠭᠡᠭᠡᠬᠦ ᠬᠥᠮᠦᠨ ᠯᠦ᠍ᠭᠡ ᠬᠡᠯᠡᠯᠴᠡᠬᠦ ᠪᠣᠢ ᠶᠠ᠃
ᠬᠥᠭᠰᠢᠨ ᠨᠢᠯᠬ᠎ᠠ ᠪᠠᠨ ᠬᠡᠪ ᠢ᠋ᠶ᠋ᠡᠷ ᠢ᠋ᠶ᠋ᠡᠨ ᠲᠡᠵᠢᠭᠡᠯᠴᠡᠵᠦ
ᠬᠥᠪᠡᠭᠦᠳ ᠠᠴᠢᠨᠠᠷ ᠢ᠋ᠶ᠋ᠠᠨ ᠬᠥᠮᠦᠨ ᠦ᠌ ᠶᠠᠪᠤᠳᠠᠯ ᠢ᠋ᠶ᠋ᠠᠷ ᠰᠤᠷᠭᠠᠭᠲᠤᠨ᠃
ᠬᠡᠮᠡᠪᠡ᠃ ᠵᠢᠷᠯᠤᠭ ᠬᠣᠲᠠ ᠶ᠋ᠢᠨ ᠵᠠᠭᠤᠨ ᠲᠦᠮᠡᠨ ᠡᠷ᠎ᠡ ᠡᠮ᠎ᠡ ᠬᠥᠭᠰᠢᠳ ᠵᠠᠯᠠᠭᠤᠰ ᠡᠨᠡ ᠬᠡᠳᠦᠬᠡᠨ ᠵᠠᠷᠯᠢᠭ ᠦᠭᠡᠰ ᠲᠣᠷ ᠳᠣᠲᠣᠷ᠎ᠠ ᠲᠤᠭᠲᠣᠯᠴᠠᠨ᠂ ᠬᠠᠪᠠᠷ ᠪᠤᠷᠬᠢᠷᠠᠯᠴᠠᠨ᠂ ᠨᠢᠳᠦᠨ ᠳ᠋ᠦ᠍ᠷ ᠨᠢᠯᠪᠤᠰᠤᠨ ᠬᠤᠷᠠᠲᠠᠯᠠ ᠪᠢᠰᠢᠷᠡᠨ ᠰᠢᠲᠦᠯᠴᠡᠵᠦ᠂ 《ᠲᠦᠮᠡᠨ ᠨᠠᠰᠤᠲᠤ᠂ ᠲᠦᠮᠡᠨ ᠨᠠᠰᠤᠲᠤ᠂ ᠲᠦᠭ ᠲᠦᠮᠡᠨ ᠨᠠᠰᠤᠲᠤ !》ᠭᠡᠮᠡᠨ ᠳᠠᠭᠤᠳᠠᠯᠴᠠᠨ ᠮᠥᠷᠭᠥᠬᠦ ᠳᠠᠭᠤᠨ ᠳ᠋ᠤᠷ ᠬᠣᠲᠠ ᠪᠠᠯᠭᠠᠰᠤᠨ ᠬᠣᠩᠭᠣᠷᠢᠰᠤᠨ ᠳᠣᠯᠭᠢᠰᠴᠤ᠂ ᠠᠰᠠᠷ ᠲᠠᠭᠲᠤ ᠠᠩᠭᠠᠷᠢᠰᠤᠨ ᠳᠣᠭᠳᠤᠯᠴᠠᠮᠣᠢ᠃
ᠲᠡᠳᠦᠢ ᠰᠠᠶᠢ ᠬᠥᠭᠵᠢᠮ ᠡᠭᠦᠰᠬᠡᠨ ᠬᠠᠭᠠᠨ ᠡᠵᠡᠨ ᠬᠠᠰ ᠬᠠᠭᠠᠯᠭᠠᠲᠤ ᠭᠦᠨ ᠣᠷᠲᠣᠨ᠎ᠠ ᠵᠠᠯᠠᠷᠠᠵᠤ ᠪᠠᠭᠤᠨ᠂ ᠭᠤᠷᠪᠠᠨ ᠡᠳᠦᠷ ᠴᠡᠷᠢᠭ ᠢ᠋ ᠠᠮᠠᠷᠠᠭᠤᠯᠤᠨ᠂ ᠵᠢᠷᠯᠤᠭ ᠬᠣᠲᠠ ᠶ᠋ᠢᠨ ᠵᠠᠭᠤᠨ ᠣᠪᠣᠭᠲᠠᠨ ᠤ᠋ ᠶᠡᠬᠡ ᠪᠠᠶᠠᠰᠬᠤᠯᠠᠩ ᠤ᠋ᠨ ᠬᠤᠷᠢᠮ ᠢ᠋ ᠬᠤᠷᠢᠮᠯᠠᠨ᠂ ᠶᠡᠬᠡ ᠰᠠᠩ ᠬᠥᠮᠥᠷᠭᠡ ᠶ᠋ᠢ ᠨᠡᠭᠡᠭᠡᠯᠭᠡᠨ᠂ ᠠᠮᠤ᠂ ᠵᠣᠭᠣᠰ ᠤ᠋ᠨ ᠬᠦᠨᠳᠦ ᠱᠠᠩ ᠲᠠᠯᠪᠢᠭᠤᠯᠵᠤ᠂ ᠭᠤᠷᠪᠠᠨ ᠡᠳᠦᠷ ᠭᠤᠷᠪᠠᠨ ᠰᠥᠨᠢ ᠶ᠋ᠢᠨ ᠮᠢᠩᠭᠠᠨ ᠨᠠᠭᠠᠳᠤᠮ ᠲᠦᠮᠡᠨ ᠬᠥᠭᠵᠢᠮ ᠢ᠋ ᠠᠢᠯᠠᠳᠤᠨ ᠦᠵᠡᠵᠦ ᠲᠡᠭᠦᠰᠬᠡᠭᠡᠳ᠂ ᠰᠠᠶᠢ ᠸᠡᠢᠵᠢᠩ᠂ ᠠᠯᠠᠢᠵᠢᠩ ᠤ᠋ᠨ ᠪᠠᠷᠢᠭᠰᠠᠨ ᠲᠠᠩᠭᠤᠳ ᠤᠯᠤᠰ ᠤ᠋ᠨ ᠶᠡᠬᠡ ᠶᠤᠸᠠᠨᠱᠤᠸᠠᠢ ᠯᠢᠦ ᠶᠦᠩ ᠹᠦ᠂ ᠵᠢᠴᠢ ᠳ᠋ᠦᠩ ᠶᠦᠨ ᠦ᠌ ᠠᠮᠢᠳᠤ ᠪᠠᠷᠢᠭᠰᠠᠨ ᠯᠢᠦ ᠬᠤᠸᠠ ᠪᠦᠸᠧ᠂ ᠪᠠᠰᠠ ᠹᠦᠮᠨ ᠪᠣᠳᠣ ᠶ᠋ᠢᠨ ᠴᠠᠪᠴᠢᠵᠤ ᠠᠯᠠᠭᠰᠠᠨ ᠯᠢᠦ ᠬᠤᠸᠠ ᠲᠢᠶᠠᠨ ᠤ᠋ ᠲᠣᠯᠣᠭᠠᠢ ᠲᠠᠢ ᠠᠴᠢᠷᠠᠵᠤ᠂ ᠲᠠᠢᠽᠦ ᠴᠢᠩᠭᠢᠰ ᠬᠠᠭᠠᠨ ᠳ᠋ᠤᠷ ᠡᠷᠭᠦᠨ ᠪᠠᠷᠢᠭᠰᠠᠨ ᠳ᠋ᠤᠷ ᠲᠠᠢᠽᠦ ᠲᠡᠷᠡ ᠯᠢᠦ ᠶᠦᠩ ᠹᠦ ᠶ᠋ᠢ ᠶ᠋ᠢ ᠦᠵᠡᠪᠡᠰᠦ ᠬᠥᠮᠦᠨ ᠢᠨᠦ ᠮᠠᠰᠢ ᠲᠥᠪ ᠶᠡᠬᠡᠮᠰᠦᠭ᠂ ᠨᠢᠳᠦ ᠳᠦᠭᠦᠷᠡᠩ ᠭᠠᠯ᠂ ᠴᠢᠷᠠᠢ ᠳᠦᠭᠦᠷᠡᠭ ᠭᠡᠷᠡᠯ᠂ ᠥᠭᠦᠯᠡᠬᠦ ᠥᠴᠢᠬᠦ ᠨᠠᠮ ᠠᠭᠤᠳᠠᠮ᠂ ᠳᠠᠭᠤᠨ ᠤ᠋ ᠥᠩᠭᠡ ᠵᠦᠩ ᠴᠣᠬᠢᠬᠤ ᠠᠳᠠᠯᠢ᠂ ᠰᠢᠷᠬ᠎ᠠ ᠠᠨᠤ ᠬᠤᠶᠠᠭ ᠤ᠋ᠨ ᠰᠠᠢᠨ ᠢ᠋ᠶ᠋ᠠᠷ ᠭᠦᠨ᠎ᠡ ᠣᠷᠣᠭᠰᠠᠨ ᠦᠭᠡᠢ᠃ ᠲᠠᠢᠽᠢ ᠴᠠᠭᠠᠲᠠᠢ ᠴᠤ᠌ ᠮᠥᠨ ᠯᠢᠦ ᠶᠦᠩ ᠹᠦ ᠶ᠋ᠢᠨ ᠬᠥᠮᠦᠨ ᠢ᠋ ᠬᠠᠢᠷᠠᠯᠠᠵᠤ᠂ ᠬᠦᠨᠳᠦᠯᠡᠨ ᠬᠠᠳᠠᠭᠠᠯᠠᠵᠤ᠂ ᠥᠪᠡᠷᠦᠨ ᠭᠠᠷ ᠢ᠋ᠶ᠋ᠠᠷ ᠢ᠋ᠶ᠋ᠠᠨ ᠰᠠᠢᠨ ᠡᠮ ᠢ᠋ ᠲᠦᠷᠬᠢᠵᠦ᠂ ᠰᠠᠢᠨ ᠡᠮ ᠤᠤᠭᠤᠯᠭᠠᠭᠰᠠᠨ ᠳ᠋ᠤᠷ ᠭᠠᠩ ᠲᠡᠮᠦᠷ ᠦ᠋ᠨ ᠰᠡᠳᠬᠢᠯᠲᠦ ᠭᠠᠭᠴᠠ ᠡᠷ᠎ᠡ ᠪᠣᠯᠪᠠᠴᠤ ᠭᠠᠴᠢᠭᠳᠠᠯ ᠵᠣᠪᠠᠯᠠᠩ ᠤ᠋ᠨ ᠳᠣᠲᠣᠷ᠎ᠠ ᠭᠠᠢᠬᠠᠮᠰᠢᠭᠲᠤ ᠬᠠᠭᠠᠨ ᠤ᠋ ᠬᠥᠪᠡᠭᠦᠨ ᠭᠠᠷ ᠢ᠋ᠶ᠋ᠠᠷ ᠡᠮ ᠲᠣᠮ ᠢ᠋ ᠪᠠᠷᠢᠵᠤ ᠰᠤᠪᠢᠯᠠᠬᠤᠶᠠ ᠭᠠᠢᠬᠠᠨ ᠪᠢᠰᠢᠷᠡᠭᠡᠳ ᠥᠭᠦᠯᠡᠷᠦᠨ᠄
《ᠲᠡᠢᠮᠦ ᠬᠠᠭᠠᠨ᠎ᠠ ᠪᠠᠢᠪᠠᠰᠤ ᠪᠠᠰᠠᠴᠤ ᠲᠡᠢᠮᠦ ᠰᠠᠢᠳ ᠠᠮᠤᠢ᠃ ᠲᠡᠢᠮᠦ ᠡᠴᠢᠭᠡ ᠠᠪᠠᠰᠤ ᠲᠡᠢᠮᠦ ᠲᠠᠢᠽᠢ ᠠᠮᠤᠢ᠃ ᠭᠠᠨᠢ ᠡᠷ᠎ᠡ ᠶ᠋ᠢᠨ ᠭᠠᠭᠴᠠ ᠠᠮᠢ ᠶ᠋ᠢ ᠲᠠᠨ ᠳ᠋ᠤᠷ ᠥᠭᠬᠦ ᠠᠵᠤᠭᠤ !》ᠭᠡᠮᠡᠨ ᠬᠠᠭᠠᠨ ᠳ᠋ᠤᠷ ᠪᠠᠷᠠᠭᠠᠳᠠᠵᠤ᠂ ᠪᠠᠷᠠᠭᠤᠨᠰᠢ ᠬᠠᠨᠳᠤᠨ ᠰᠥᠭᠥᠳᠴᠦ ᠥᠭᠦᠯᠡᠷᠦᠨ᠄
《ᠯᠢᠦ ᠶᠦᠩ ᠹᠦ ᠦᠬᠦᠪᠡᠰᠦ ᠵᠣᠬᠢᠬᠤ ᠲᠠᠪᠤᠨ ᠵᠦᠢᠯ : ᠲᠠᠩᠭᠤᠳ ᠤᠯᠤᠰ ᠤ᠋ᠨ ᠬᠦᠨᠳᠦ ᠲᠤᠰᠢᠶᠠᠯ ᠢ᠋ ᠬᠦᠯᠢᠶᠡᠵᠦ ᠴᠡᠷᠢᠭ ᠳᠠᠷᠤᠭᠳᠠᠭᠰᠠᠨ ᠳ᠋ᠤᠷ ᠠᠯᠠᠪᠠᠰᠤ ᠵᠣᠬᠢᠬᠤ ᠨᠢᠭᠡ᠃ ᠰᠡᠷᠡᠮᠵᠢ ᠦᠭᠡᠢ ᠪᠡᠷ ᠬᠠᠭᠠᠯᠭ᠎ᠠ ᠨᠡᠭᠡᠭᠡᠯᠭᠡᠨ ᠪᠡᠶ᠎ᠡ ᠴᠠᠪᠴᠢᠭᠳᠠᠭᠰᠠᠨ ᠦᠬᠦᠪᠡᠰᠦ ᠵᠣᠬᠢᠬᠤ ᠬᠣᠶᠠᠷ᠃ ᠲᠠᠢᠽᠢ ᠴᠢᠶᠠᠨ ᠰᠦᠢ ᠶᠧ ᠳ᠋ᠦ᠍ᠷ ᠰᠥᠭᠥᠳᠬᠦ ᠦᠭᠡᠢ ᠠᠯᠠᠪᠠᠰᠤ ᠵᠣᠬᠢᠬᠤ ᠭᠤᠷᠪᠠ᠃ ᠬᠠᠭᠠᠨ ᠴᠢᠮᠠᠳᠤᠷ ᠪᠠᠷᠠᠭᠠᠯᠠᠭᠠᠳ ᠪᠠᠷᠠᠭᠤᠨᠰᠢ ᠬᠠᠨᠳᠤᠨ ᠰᠥᠭᠥᠳᠦᠭᠰᠡᠨ ᠠᠯᠠᠪᠠᠰᠤ ᠵᠣᠬᠢᠬᠤ ᠳᠥᠷᠪᠡ᠃ ᠡᠳᠦᠭᠡ ᠣᠯᠣᠭᠠᠢ ᠬᠣᠲᠠ ᠳ᠋ᠤᠷ ᠰᠢ ᠪᠧᠢ ᠰᠧ ᠠᠷᠪᠠᠨ ᠲᠦᠮᠡᠨ ᠴᠡᠷᠢᠭ ᠢ᠋ᠶ᠋ᠡᠷ ᠰᠦᠪᠡ ᠠᠮᠠᠨ ᠢ᠋ ᠰᠠᠬᠢᠵᠤ ᠰᠠᠭᠤᠮᠤᠢ᠃ ᠨᠠᠮᠠᠶ᠋ᠢ ᠠᠪᠠᠴᠢᠵᠤ᠂ ᠲᠡᠷᠡ ᠬᠣᠲᠠ ᠶ᠋ᠢᠨ ᠳᠣᠣᠷ᠎ᠠ ᠠᠯᠠᠪᠠᠰᠤ ᠵᠣᠬᠢᠬᠤ ᠡᠨᠡ ᠲᠠᠪᠤ》 ᠬᠡᠮᠡᠭᠰᠡᠨ ᠳ᠋ᠦ᠍ᠷ ᠴᠢᠩᠭᠢᠰ ᠬᠠᠭᠠᠨ ᠮᠦᠰᠢᠶᠡᠵᠦ ᠵᠠᠷᠯᠢᠭ ᠪᠣᠯᠤᠷᠤᠨ᠄
《ᠡᠨᠡ ᠯᠢᠦ ᠶᠦᠩ ᠹᠦ ᠢᠨᠦ ᠮᠠᠰᠢ ᠪᠣᠯᠤᠮᠠᠷ ᠬᠥᠮᠦᠨ ᠪᠠᠢᠨᠠᠮ》ᠬᠡᠮᠡᠬᠦᠢ ᠳ᠋ᠦ᠍ᠷ ᠲᠠᠢᠽᠢ ᠴᠠᠭᠠᠲᠠᠢ ᠤᠷᠤᠭᠰᠢ ᠳᠠᠪᠰᠢᠨ ᠰᠥᠭᠥᠳᠴᠦ᠂ ᠬᠠᠭᠠᠨ ᠳ᠋ᠤᠷ ᠮᠥᠷᠭᠥᠵᠦ᠄
《ᠯᠢᠦ ᠶᠦᠩ ᠹᠦ ᠶ᠋ᠢᠨ ᠨᠢᠭᠡᠨ ᠠᠢᠮᠠᠭ ᠢ᠋ ᠴᠥᠮ ᠰᠠᠢᠳ ᠬᠥᠪᠡᠭᠦᠨ ᠳ᠋ᠦ᠍ᠷ ᠬᠠᠢᠷᠠᠯᠠᠨ ᠥᠭᠴᠦ ᠬᠡᠷᠡᠭᠯᠡᠭᠦᠯᠦᠮᠦ!》 ᠬᠡᠮᠡᠭᠰᠡᠨ ᠳ᠋ᠦ᠍ᠷ ᠬᠠᠭᠠᠨ ᠪᠡᠶᠡᠰᠦᠨ ᠵᠥᠪᠰᠢᠶᠡᠷᠡᠵᠦ ᠱᠠᠩᠨᠠᠨ ᠰᠣᠶᠣᠷᠬᠠᠪᠠ᠃
ᠲᠡᠭᠦᠨᠴᠡ ᠲᠠᠢᠽᠢ ᠴᠠᠭᠠᠲᠠᠢ᠂ ᠯᠢᠦ ᠶᠦᠩ ᠹᠦ ᠶ᠋ᠢ ᠠᠪᠤᠨ ᠭᠠᠷᠴᠤ ᠢᠷᠡᠭᠡᠳ᠂ ᠹᠦᠮᠨ ᠪᠣᠳᠣ ᠯᠤᠭ᠎ᠠ ᠯᠢᠦ ᠶᠦᠩ ᠹᠦ ᠶ᠋ᠢ ᠳᠡᠭᠡᠷ᠎ᠡ ᠰᠠᠭᠤᠯᠭᠠᠨ ᠶᠡᠬᠡᠳᠡ ᠬᠦᠨᠳᠦᠯᠡᠵᠦ ᠬᠤᠷᠢᠮ ᠪᠠᠷᠢᠨ ᠪᠡᠯᠡᠭ ᠬᠦᠨᠡᠰᠦ ᠥᠭᠴᠦ᠂ ᠦᠬᠦᠭᠰᠡᠨ ᠯᠢᠦ ᠬᠤᠸᠠ ᠲᠢᠶᠠᠨ ᠤ᠋ ᠲᠣᠯᠣᠭᠠᠢ ᠪᠡᠶ᠎ᠡ ᠶ᠋ᠢ ᠣᠶᠣᠭᠤᠯᠤᠨ ᠠᠪᠰᠠᠯᠠᠭᠤᠯᠤᠨ ᠠᠮᠢᠳᠤ ᠪᠠᠷᠢᠭᠳᠠᠭᠰᠠᠨ ᠯᠢᠦ ᠬᠤᠸᠠ ᠪᠦᠸᠧ ᠶ᠋ᠢ ᠬᠦᠨᠳᠦᠳᠡ ᠱᠠᠩᠨᠠᠨ᠂ ᠡᠯ᠎ᠡ ᠴᠡᠷᠢᠭ ᠪᠦᠬᠦᠨ ᠢ᠋ ᠪᠦᠷᠢᠨ᠎ᠡ ᠪᠡᠷ ᠲᠤᠰᠢᠶᠠᠨ ᠥᠭᠴᠦ᠂ ᠵᠢᠷᠯᠤᠭ ᠤ᠋ᠨ ᠬᠠᠭ᠎ᠠ ᠶ᠋ᠢ ᠤᠭᠲᠤᠭᠰᠠᠨ ᠶᠡᠬᠡ ᠰᠡᠦᠬᠡ ᠳ᠋ᠦ᠍ᠷ ᠰᠠᠭᠤᠯᠭᠠᠨ ᠮᠣᠷᠳᠠᠭᠤᠯᠤᠨ ᠢᠯᠡᠭᠡᠭᠰᠡᠨ ᠳ᠋ᠦ᠍ᠷ ᠯᠢᠦ ᠶᠦᠩ ᠹᠦ᠂ ᠳᠣᠲᠣᠷ᠎ᠠ ᠪᠠᠨ ᠭᠠᠢᠬᠠᠨ ᠠᠷᠭᠠᠳᠠᠯ ᠦᠭᠡᠢ ᠣᠯᠠᠨ ᠴᠡᠷᠢᠭ ᠦ᠋ᠳ ᠦ᠋ᠨ ᠪᠠᠶᠠᠷᠯᠠᠯᠴᠠᠨ ᠬᠥᠭᠵᠢᠯᠳᠦᠬᠦᠢ ᠳ᠋ᠦ᠍ᠷ ᠠᠶ᠎ᠠ ᠶ᠋ᠢ ᠳ᠋ᠡᠭᠡᠨ ᠬᠣᠶᠠᠷ ᠬᠣᠨᠣᠭ ᠶᠠᠪᠤᠵᠤ᠂ ᠣᠯᠣᠭᠠᠢ ᠬᠣᠲᠠ ᠳ᠋ᠤᠷ ᠬᠦᠷᠪᠡᠰᠦ᠂ ᠣᠯᠣᠭᠠᠢ ᠬᠣᠲᠠ ᠶ᠋ᠢᠨ ᠬᠣᠶᠠᠷ ᠬᠠᠭᠠᠯᠭ᠎ᠠ ᠶ᠋ᠢ ᠴᠥᠮ ᠶᠠᠭ ᠳᠠᠷᠤᠭᠠᠳ᠂ ᠶᠡᠬᠡ ᠵᠡᠭᠦᠨ ᠡᠲᠡᠭᠡᠳ ᠦ᠋ᠨ ᠱᠠᠩ ᠵᠠᠩᠵᠤᠨ ᠰᠢ ᠪᠧᠢ ᠰᠧ᠂ ᠬᠣᠲᠠ ᠶ᠋ᠢᠨ ᠠᠰᠠᠷ ᠲᠤᠷ ᠠᠪᠠᠷᠢᠨ᠂ ᠯᠢᠦ ᠶᠦᠩ ᠹᠦ ᠶ᠋ᠢ ᠵᠢᠭᠠᠵᠤ ᠴᠢᠷᠠᠢ ᠬᠤᠪᠢᠯᠤᠨ ᠥᠭᠦᠯᠡᠷᠦᠨ᠄
《ᠨᠢᠭᠡᠨᠲᠡ ᠦᠬᠦᠭᠰᠡᠨ ᠯᠢᠦ ᠶᠤᠸᠠᠨᠱᠤᠸᠠᠢ᠂ ᠶᠠᠭᠠᠬᠢᠨ ᠠᠮᠢᠳᠤᠷᠠᠨ ᠡᠳᠡᠭᠡᠵᠦ ᠡᠭᠡᠵᠦ ᠢᠷᠡᠪᠡ?》ᠯᠢᠦ ᠶᠦᠩ ᠹᠦ ᠥᠴᠢᠷᠦᠨ᠄
《ᠮᠣᠩᠭᠣᠯ ᠤᠯᠤᠰ ᠤ᠋ᠨ ᠬᠣᠲᠠ ᠶ᠋ᠢ ᠲᠣᠭᠲᠠᠭᠠᠬᠤᠢ ᠳ᠋ᠤᠷ ᠠᠯᠳᠠᠷᠰᠢᠭᠤᠯᠤᠨ ᠵᠠᠷᠯᠠᠭᠰᠠᠨ ᠬᠡᠷᠡᠭ ᠪᠣᠯᠠᠢ᠃》ᠰᠢ ᠪᠧᠢ ᠰᠧ ᠠᠰᠠᠭᠤᠷᠤᠨ:
《ᠮᠣᠩᠭᠣᠯ᠂ ᠶᠤᠸᠠᠨᠱᠤᠸᠠᠢ ᠴᠢᠮᠠᠶ᠋ᠢ ᠨᠢᠭᠡᠨᠲᠡ ᠪᠠᠷᠢᠭᠰᠠᠨ ᠪᠥᠭᠡᠲᠡᠯ᠎ᠡ ᠣᠭᠲᠣ ᠭᠠᠪᠢᠶ᠎ᠠ ᠦᠭᠡᠢ ᠪᠡᠷ ᠵᠥᠪ ᠵᠦᠭᠡᠷ ᠪᠦᠭᠦᠳᠡᠭᠡᠷ ᠢ᠋ ᠶᠠᠭᠤᠨᠳᠤ ᠲᠠᠯᠪᠢᠵᠤ ᠢᠯᠡᠭᠡᠪᠡ?》 ᠯᠢᠦ ᠶᠦᠩ ᠹᠦ ᠥᠴᠢᠷᠦᠨ :
《ᠲᠡᠷᠡ ᠵᠥᠪ ᠵᠦᠭᠡᠷ ᠲᠠᠯᠪᠢᠵᠤ ᠢᠯᠡᠭᠡᠬᠦᠢ ᠳ᠋ᠦ᠍ᠷ ᠪᠢ ᠢᠷᠡᠬᠦ ᠦᠭᠡᠢ ᠲᠡᠳᠡᠨ ᠳ᠋ᠦ᠍ᠷ ᠳᠠᠭᠠᠮᠤᠢ ᠤᠤ ?》ᠰᠢ ᠪᠧᠢ ᠰᠧ ᠥᠭᠦᠯᠡᠷᠦᠨ᠄
《ᠴᠢᠨᠦ ᠡᠨᠡ ᠳᠠᠷᠤᠢ ᠲᠡᠳᠡᠨ ᠳ᠋ᠦ᠍ᠷ ᠳᠠᠭᠠᠭᠠᠳ᠂ ᠮᠢᠨᠦ ᠬᠣᠲᠠ ᠶ᠋ᠢ ᠠᠷᠭᠠᠳᠠᠶ᠎ᠠ ᠢᠷᠡᠭᠰᠡᠨ ᠪᠣᠯᠠᠢ》ᠬᠡᠮᠡᠬᠦᠢ ᠳ᠋ᠦ᠍ᠷ ᠯᠢᠦ ᠶᠦᠩ ᠹᠦ ᠦᠭᠡ ᠮᠣᠬᠤᠭᠤᠭᠳᠠᠭᠠᠳ᠄
《ᠲᠡᠢᠮᠦ ᠪᠥᠭᠡᠰᠦ ᠮᠢᠨᠦ ᠡᠳᠡᠭᠡᠷ ᠴᠡᠷᠢᠭ ᠦ᠋ᠳ ᠲᠣᠷ ᠠᠮᠤ ᠬᠦᠨᠡᠰᠦ ᠦᠭᠪᠡᠰᠦ ᠵᠣᠬᠢᠨᠠᠮ ᠪᠢᠰᠢᠦ ? ᠡᠳᠡᠭᠡᠷ ᠴᠡᠷᠢᠭ ᠢ᠋ ᠪᠢ ᠶᠠᠭᠤᠨ ᠢ᠋ᠶ᠋ᠠᠷ ᠲᠡᠵᠢᠭᠡᠮᠦᠢ !》 ᠰᠢ ᠪᠧᠢ ᠰᠧ ᠥᠭᠦᠯᠡᠷᠦᠨ᠄
《ᠴᠢ ᠬᠡᠨ ᠢ᠋ ᠳᠠᠭᠠᠭᠰᠠᠨ ᠪᠥᠭᠡᠰᠦ ᠬᠡᠨ ᠦ᠌ ᠬᠦᠨᠡᠰᠦ ᠪᠡᠷ ᠠᠮᠢᠳᠤᠷᠠᠮᠤᠢ ᠶᠠ !》ᠬᠡᠮᠡᠭᠰᠡᠨ ᠳ᠋ᠦ᠍ᠷ ᠯᠢᠦ ᠶᠦᠩ ᠹᠦ ᠠᠷᠭ᠎ᠠ ᠦᠭᠡᠢ ᠣᠯᠠᠨ ᠴᠢᠷᠢᠭ ᠢ᠋ ᠠᠢᠯ ᠳ᠋ᠤᠷ ᠲᠠᠷᠬᠠᠭᠠᠨ ᠪᠤᠳᠠᠭ᠎ᠠ ᠡᠷᠢᠭᠦᠯᠦᠨ ᠢᠳᠡᠭᠦᠯᠵᠦ᠂ ᠭᠠᠳᠠᠨ᠎ᠠ ᠠᠢᠯ ᠳ᠋ᠤᠷ ᠳᠠᠷᠬᠠᠨ ᠪᠠᠭᠤᠳᠠᠯᠯᠠᠵᠤ ᠨᠢᠭᠡᠨ ᠰᠥᠨᠢ ᠬᠣᠨᠣᠵᠤ᠂ ᠣᠯᠠᠨ ᠴᠡᠷᠢᠭ ᠦ᠋ᠳ ᠶᠡᠬᠡᠯ᠎ᠡ ᠭᠠᠰᠠᠯᠠᠯᠳᠣᠬᠣᠢ ᠳ᠋ᠤᠷ ᠯᠢᠦ ᠶᠦᠩ ᠹᠦ ᠶ᠋ᠢᠨ ᠤᠷᠢᠳᠠ ᠪᠤᠷᠤᠭᠤᠯᠠᠵᠤ ᠢᠷᠡᠭᠰᠡᠨ ᠬᠣᠶᠠᠷ ᠦᠶᠡᠯᠢᠳ ᠬᠥᠪᠡᠭᠦᠳ ᠯᠢᠦ ᠬᠤᠸᠠ ᠱᠧᠦ᠂ ᠯᠢᠦ ᠬᠤᠸᠠ ᠯᠦ᠍ ᠬᠣᠶᠠᠭᠤᠯᠠ ᠰᠥᠨᠢ ᠬᠣᠲᠠ ᠶ᠋ᠢ ᠳᠠᠪᠠᠵᠤ᠂ ᠯᠢᠦ ᠶᠦᠩ ᠹᠦ ᠳ᠋ᠦ᠍ᠷ ᠵᠣᠯᠭᠠᠵᠤ᠂ ᠰᠢ ᠪᠧᠢ ᠰᠧ ᠶ᠋ᠢᠨ ᠶᠣᠰᠣ ᠦᠭᠡᠢ ᠳ᠋ᠦ᠍ᠷ ᠠᠭᠤᠷᠯᠠᠨ ᠪᠠᠢᠯᠳᠤᠰᠤᠭᠠᠢ ᠬᠡᠮᠡᠬᠦᠢ ᠳ᠋ᠦ᠍ᠷ ᠯᠢᠦ ᠶᠦᠩ ᠹᠦ ᠥᠴᠢᠷᠦᠨ᠄
《ᠪᠢ ᠴᠡᠷᠢᠭ ᠳᠠᠷᠤᠭᠳᠠᠭᠠᠳ ᠶᠠᠭᠠᠬᠢᠨ ᠥᠪᠡᠷᠦᠨ ᠤᠯᠤᠰ ᠯᠤᠭ᠎ᠠ ᠪᠠᠨ ᠲᠡᠢᠨ ᠳᠡᠭᠳᠡᠭᠡᠮᠦᠢ? ᠪᠢ ᠬᠡᠷᠪᠡ ᠵᠢᠷᠯᠤᠭ ᠬᠣᠲᠠ ᠶ᠋ᠢ ᠡᠢᠨ ᠬᠦ᠌ ᠬᠠᠳᠠᠭᠠᠯᠠᠭᠰᠠᠨ ᠪᠥᠭᠡᠰᠦ ᠡᠨᠡ ᠡᠳᠦᠷ ᠦ᠋ᠨ ᠪᠠᠢᠳᠠᠯ ᠳ᠋ᠤᠷ ᠬᠥᠷᠥᠮᠦᠢ ᠤᠤ?》 ᠭᠡᠮᠡᠨ ᠬᠠᠷᠠᠬᠠᠨ ᠬᠦᠯᠢᠴᠡᠨ ᠲᠡᠰᠪᠦᠷᠢᠯᠡᠨ ᠪᠠᠰᠠ ᠭᠤᠷᠪᠠᠨ ᠡᠳᠦᠷ ᠪᠣᠯᠵᠤ᠂ ᠣᠯᠠᠨ ᠴᠡᠷᠢᠭ ᠦ᠋ᠳ ᠵᠠᠷᠢᠮ ᠠᠨᠤ ᠴᠠᠳᠴᠤ᠂ ᠵᠠᠷᠢᠮ ᠠᠨᠤ ᠥᠯᠥᠰᠴᠦ᠂ ᠭᠠᠵᠠᠷ ᠨᠤᠲᠤᠭ ᠲᠠᠭᠠᠨ ᠮᠥᠨ ᠡᠭᠡᠵᠦ ᠴᠢᠳᠠᠬᠤ ᠦᠭᠡᠢ ᠳ᠋ᠡᠭᠡᠨ ᠶᠡᠬᠡᠳᠡ ᠬᠣᠷᠣᠰᠤᠯᠴᠠᠨ ᠳᠠᠯᠳᠠ ᠭᠠᠵᠠᠷ᠎ᠠ ᠬᠣᠲᠠ ᠶ᠋ᠢ ᠳᠠᠪᠠᠵᠤ ᠣᠷᠣᠬᠤ ᠠᠷᠭ᠎ᠠ ᠶ᠋ᠢ ᠵᠥᠪᠳᠡᠨ᠂ ᠬᠣᠲᠠ ᠶ᠋ᠢᠨ ᠳᠣᠲᠣᠷ᠎ᠠ ᠤᠷᠤᠭ ᠰᠠᠳᠤᠨ᠂ ᠲᠥᠷᠥᠯ ᠲᠥᠷᠥᠭᠰᠡᠨ ᠪᠠᠢᠬᠤ ᠬᠡᠳᠦᠨ ᠠᠷᠪᠠᠨ ᠴᠡᠷᠢᠭ ᠦ᠋ᠨ ᠠᠷᠠᠳ ᠤᠷᠲᠤ ᠬᠤᠳᠳᠤᠭ ᠤ᠋ᠨ ᠳᠡᠭᠡᠰᠦ ᠪᠠ ᠤᠷᠲᠤ ᠡᠩᠲᠦ ᠪᠥᠰ ᠲᠣᠷᠭᠠᠮᠰᠤᠭ ᠢ᠋ ᠵᠠᠯᠭᠠᠵᠤ ᠳᠡᠭᠡᠳᠦ ᠦᠵᠦᠭᠦᠷ ᠢ᠋ ᠬᠣᠲᠠ ᠶ᠋ᠢᠨ ᠳᠡᠭᠡᠷ᠎ᠡ ᠬᠠᠢᠰᠠᠩ ᠳ᠋ᠤᠷ ᠤᠶᠠᠭᠤᠯᠵᠤ᠂ ᠲᠡᠭᠦᠨ ᠢ᠋ ᠲᠠᠲᠠᠯᠴᠠᠨ ᠬᠣᠲᠠ ᠳ᠋ᠤᠷ ᠠᠪᠠᠷᠢᠨ ᠭᠠᠷᠴᠤ᠂ ᠥᠭᠡᠳᠡ ᠤᠷᠤᠭᠤ ᠭᠠᠷᠴᠤ ᠪᠠᠭᠤᠵᠤ ᠶᠠᠪᠤᠯᠴᠠᠬᠤᠶᠠ᠂ ᠭᠤᠷᠪᠠᠳᠤᠭᠠᠷ ᠰᠥᠨᠢ ᠲᠠᠪᠤᠨ ᠵᠢᠩ ᠦ᠋ᠨ ᠦᠶ᠎ᠡ ᠳ᠋ᠦ᠍ᠷ ᠣᠯᠣᠭᠠᠢ ᠬᠣᠲᠠ ᠶ᠋ᠢᠨ ᠬᠣᠶᠠᠷ ᠬᠠᠭᠠᠯᠭ᠎ᠠ ᠳ᠋ᠤᠷ ᠮᠣᠩᠭᠣᠯ ᠤ᠋ᠨ ᠴᠡᠷᠢᠭ ᠭᠠᠯ ᠲᠠᠯᠪᠢᠨ᠂ ᠫᠤᠤ ᠳᠠᠭᠤᠷᠢᠰᠬᠠᠨ᠂ ᠶᠡᠬᠡᠯ᠎ᠡ ᠪᠠᠢᠯᠳᠤᠬᠤᠢ ᠳ᠋ᠤᠷ ᠬᠣᠲᠠ ᠶ᠋ᠢᠨ ᠪᠤᠰᠤ ᠴᠡᠷᠢᠭ ᠦ᠋ᠳ ᠢ᠋ ᠲᠡᠭᠰᠢᠯᠡᠨ ᠢᠷᠡᠭᠦᠯᠵᠦ᠂ ᠬᠣᠶᠠᠷ ᠬᠠᠭᠠᠯᠭᠠᠨ ᠤ᠋ ᠠᠰᠠᠷ ᠳᠡᠭᠡᠷ᠎ᠡ ᠰᠠᠬᠢᠭᠤᠯᠬᠤᠢ ᠳ᠋ᠤᠷ ᠡᠨᠡ ᠵᠠᠪᠰᠠᠷ᠎ᠠ ᠯᠢᠦ ᠶᠦᠩ ᠹᠦ ᠶ᠋ᠢᠨ ᠬᠣᠲᠠ ᠳᠠᠪᠠᠵᠤ ᠡᠴᠢᠵᠦ ᠢᠷᠡᠭᠰᠡᠨ ᠴᠡᠷᠢᠭ ᠦ᠋ᠨ ᠠᠷᠠᠳ᠂ ᠮᠣᠩᠭᠣᠯ ᠤ᠋ᠨ ᠲᠠᠢᠽᠢ ᠴᠢᠨ ᠸᠠᠩ ᠳ᠋ᠤᠷ ᠨᠢᠭᠤᠨ ᠵᠣᠯᠭᠠᠵᠤ᠂ ᠠᠷᠪᠠᠨ ᠪᠠᠭ᠎ᠠ ᠵᠠᠩᠵᠤᠨ ᠪᠠᠭᠠᠲᠤᠷ ᠤ᠋ᠳ ᠬᠤᠷᠴᠠ ᠲᠠᠪᠤᠨ ᠵᠠᠭᠤᠨ ᠴᠡᠷᠢᠭ ᠲᠡᠢ ᠠᠪᠴᠤ ᠬᠥᠮᠦᠨ ᠪᠦᠷᠢ ᠬᠣᠶᠠᠷ ᠭᠤᠷᠪᠠᠨ ᠬᠡᠰᠡᠭ ᠪᠦᠬᠦᠯᠢ ᠪᠥᠰ ᠲᠣᠷᠭᠠᠮᠰᠤᠭ ᠢ᠋ ᠠᠪᠤᠭᠤᠯᠵᠤ᠂ ᠲᠠᠢᠽᠢ ᠪᠡᠶ᠎ᠡ ᠪᠡᠷ ᠲᠡᠷᠢᠭᠦᠯᠡᠨ ᠬᠣᠲᠠ ᠳ᠋ᠤᠷ ᠭᠠᠷᠤᠮᠠᠭᠴᠠ᠂ ᠳᠣᠣᠷ᠎ᠠ ᠪᠠᠢᠬᠤ ᠴᠡᠷᠢᠭ ᠦ᠋ᠨ ᠠᠷᠠᠳ ᠪᠥᠰ ᠪᠥᠰ ᠢ᠋ᠶ᠋ᠡᠨ ᠴᠣᠬᠢᠯᠴᠠᠨ ᠳᠡᠭᠡᠷ᠎ᠡ ᠦᠵᠦᠭᠦᠷ ᠢ᠋ ᠬᠠᠢᠰᠠᠩ ᠳ᠋ᠤᠷ ᠲᠣᠷᠭᠣᠭᠠᠵᠤ ᠬᠣᠶᠠᠷ ᠦᠵᠦᠭᠦᠷ ᠢ᠋ ᠳᠣᠷᠣᠭᠰᠢ ᠤᠨᠵᠢᠭᠤᠯᠤᠮᠠᠭᠴᠠ ᠡᠳᠡᠭᠡᠷ ᠣᠯᠠᠨ ᠮᠣᠩᠭᠣᠯ ᠤ᠋ᠨ ᠴᠡᠷᠢᠭ ᠦ᠋ᠳ ᠪᠥᠰ ᠳᠡᠭᠡᠰᠦ ᠥᠭᠡᠳᠡ ᠨᠢᠭᠡᠬᠡᠨ ᠳᠣᠣᠷ᠎ᠠ ᠵᠠᠭᠤᠨ ᠢᠯᠡᠭᠦᠦ ᠰᠠᠢᠨ ᠡᠷᠡᠰ ᠠᠪᠠᠷᠢᠨ ᠭᠠᠷᠴᠤ ᠳᠠᠷᠤᠢ ᠣᠯᠠᠨ ᠳᠡᠭᠡᠰᠦ ᠤᠶᠠᠯᠴᠠᠨ᠂ ᠤᠳᠠᠭᠰᠠᠨ ᠦᠭᠡᠢ ᠬᠡᠳᠦᠨ ᠵᠠᠭᠤᠨ ᠬᠥᠮᠦᠨ ᠠᠪᠠᠷᠢᠯᠴᠠᠵᠤ᠂ ᠨᠢᠭᠡᠨᠲᠡ ᠬᠠᠰᠬᠢᠷᠤᠯᠳᠤᠨ᠂ ᠬᠣᠲᠠ ᠶ᠋ᠢᠨ ᠳᠡᠭᠡᠷ᠎ᠡ ᠭᠦᠶᠦᠯᠳᠦᠨ᠂ ᠲᠠᠢᠽᠢ ᠪᠡᠶ᠎ᠡ ᠪᠡᠷ ᠲᠡᠷᠢᠭᠦᠯᠡᠨ ᠡᠮᠦᠨ᠎ᠡ ᠬᠠᠭᠠᠯᠭ᠎ᠠ ᠶ᠋ᠢ ᠪᠠᠢᠯᠳᠤᠨ ᠴᠠᠪᠴᠢᠨ ᠣᠷᠣᠵᠤ᠂ ᠬᠠᠭᠠᠯᠭᠠᠨ ᠠᠰᠠᠷ ᠳᠡᠭᠡᠷ᠎ᠡ ᠬᠣᠶᠠᠷ ᠳᠠᠪᠬᠤᠷ ᠵᠢᠭᠰᠠᠭᠠᠭᠰᠠᠨ ᠴᠡᠷᠢᠭ ᠢ᠋ ᠠᠷᠤ ᠠ᠋ᠴᠠ ᠴᠠᠪᠴᠢᠯᠠᠨ ᠣᠷᠣᠵᠤ ᠲᠡᠳᠡᠭᠡᠷ ᠴᠡᠷᠢᠭ ᠦ᠋ᠳ ᠢ᠋ ᠠᠪᠴᠤ ᠬᠣᠲᠠ ᠤᠷᠤᠭᠤ ᠱᠠᠭᠠᠢᠯᠴᠠᠨ᠂ ᠬᠥᠮᠦᠨ ᠦ᠌ ᠲᠣᠯᠣᠭᠠᠢ᠂ ᠬᠣᠲᠠ ᠤᠷᠤᠭᠤ ᠥᠮᠭᠦᠷᠢᠯᠳᠦᠨ᠂ ᠡᠮᠦᠨ᠎ᠡ ᠬᠠᠭᠠᠯᠭ᠎ᠠ ᠶ᠋ᠢ ᠪᠤᠯᠢᠶᠠᠨ ᠠᠪᠴᠤ᠂ ᠶᠡᠬᠡ ᠲᠡᠮᠦᠷ ᠳᠠᠪᠬᠤᠷ ᠳᠠᠷᠤᠭᠤᠯ ᠤ᠋ᠨ ᠵᠠ ᠶ᠋ᠢ ᠳᠡᠭᠡᠭᠰᠢ ᠲᠡᠳᠡᠨ ᠬᠠᠭᠠᠯᠭ᠎ᠠ ᠶ᠋ᠢ ᠴᠡᠯᠳᠡᠢᠲᠡᠯᠡ ᠨᠡᠭᠡᠭᠡᠵᠦ᠂ ᠹᠦᠮᠨ ᠪᠣᠳᠣ ᠶ᠋ᠢᠨ ᠶᠡᠬᠡ ᠴᠡᠷᠢᠭ ᠢ᠋ ᠲᠠᠯᠪᠢᠨ ᠣᠷᠣᠭᠤᠯᠵᠤ ᠰᠢᠭᠤᠳ ᠪᠠᠷᠠᠭᠤᠨ ᠬᠠᠭᠠᠯᠭ᠎ᠠ ᠶ᠋ᠢ ᠪᠠᠢᠯᠳᠤᠨ ᠢᠷᠡᠬᠦᠶ᠎ᠡ᠂ ᠬᠠᠭᠠᠯᠭ᠎ᠠ ᠬᠠᠳᠠᠭᠠᠯᠠᠭᠰᠠᠨ ᠴᠡᠷᠢᠭ ᠦ᠋ᠳ ᠮᠣᠩᠭᠣᠯ ᠴᠡᠷᠢᠭ ᠨᠢᠭᠡᠨᠲᠡ ᠬᠣᠲᠠ ᠳ᠋ᠤᠷ ᠣᠷᠣᠭᠰᠠᠨ ᠢ᠋ ᠦᠵᠡᠭᠡᠳ᠂ ᠡᠨᠡ ᠬᠠᠭᠠᠯᠭ᠎ᠠ ᠶ᠋ᠢ ᠰᠠᠬᠢᠪᠠᠴᠤ ᠲᠤᠰᠠ ᠦᠭᠡᠢ ᠶ᠋ᠢ ᠮᠡᠳᠡᠭᠡᠳ ᠴᠥᠮ ᠣᠷᠭᠢᠯᠴᠠᠨ᠂ ᠬᠣᠲᠠ ᠶ᠋ᠢᠨ ᠳᠡᠭᠡᠭᠦᠷ ᠭᠦᠶᠦᠯᠳᠦᠨ᠂ ᠬᠣᠲᠠ ᠶ᠋ᠢᠨ ᠭᠠᠳᠠᠨ᠎ᠠ ᠰᠢᠪᠲᠤᠷᠠᠯᠴᠠᠨ ᠪᠠᠭᠤᠯᠴᠠᠵᠤ ᠪᠤᠷᠤᠭᠤᠯᠠᠬᠤᠶ᠎ᠠ᠂ ᠰᠢ ᠪᠧᠢ ᠰᠧ ᠬᠣᠲᠠ ᠶ᠋ᠢᠨ ᠳᠡᠭᠡᠷ᠎ᠡ ᠴᠠᠭᠳᠠᠷ᠎ᠠ ᠭᠠᠷᠤᠭᠰᠠᠨ᠎ᠠ ᠲᠣᠬᠢᠶᠠᠯᠳᠤᠭᠠᠳ᠂ ᠲᠡᠳᠡᠭᠡᠷ ᠴᠡᠷᠢᠭ ᠦ᠋ᠳ ᠯᠦ᠍ᠭᠡ ᠰᠢᠪᠲᠤᠷᠠᠯᠴᠠᠨ ᠪᠠᠭᠤᠵᠤ ᠬᠣᠲᠠ ᠪᠠᠨ ᠣᠷᠬᠢᠨ ᠪᠤᠷᠤᠭᠤᠯᠠᠨ ᠡᠴᠢᠪᠡᠢ᠃
ᠲᠡᠳᠦᠢ ᠮᠥᠨ ᠬᠦ᠌ ᠵᠢᠷᠯᠤᠭ ᠬᠣᠲᠠ ᠶ᠋ᠢ ᠲᠣᠭᠲᠠᠭᠠᠭᠰᠠᠨ ᠶᠣᠰᠣᠭᠠᠷ᠂ ᠰᠤᠯᠠ ᠪᠡᠶ᠎ᠡ ᠪᠡᠷ ᠳᠤᠲᠠᠭᠠᠨ ᠭᠠᠷᠤᠭᠴᠢ ᠴᠡᠷᠢᠭ ᠢᠷᠭᠡᠨ ᠢ᠋ ᠵᠣᠷᠢᠭ ᠢ᠋ᠶ᠋ᠠᠷ ᠲᠠᠯᠪᠢᠨ ᠭᠠᠷᠭᠠᠵᠤ᠂ ᠨᠠᠷᠠᠨ ᠪᠠᠭ᠎ᠠ ᠦᠳᠡ ᠪᠣᠯᠲᠠᠯ᠎ᠠ᠂ ᠬᠣᠲᠠ ᠶ᠋ᠢᠨ ᠳᠣᠲᠣᠭᠠᠳᠤ ᠭᠠᠳᠠᠭᠠᠳᠤ ᠶ᠋ᠢ ᠴᠥᠮ ᠠᠮᠤᠭᠤᠯᠤᠨ ᠲᠣᠭᠲᠠᠭᠠᠪᠠ᠃ ᠡᠨᠡ ᠤᠳᠠᠭ᠎ᠠ ᠳ᠋ᠤᠷ ᠯᠢᠦ ᠶᠦᠩ ᠹᠦ ᠶ᠋ᠢᠨ ᠨᠢᠭᠡᠨ ᠠᠢᠮᠠᠭ ᠤ᠋ᠨ ᠵᠠᠩᠵᠤᠨ ᠴᠡᠷᠢᠭ ᠦ᠋ᠳ ᠣᠭᠲᠣ ᠶᠠᠪᠤᠭᠰᠠᠨ ᠦᠭᠡᠢ ᠴᠥᠮ ᠦᠯᠡᠳᠡᠵᠦ᠂ ᠢᠯᠪᠢᠨ ᠳᠠᠭᠠᠭᠤᠯᠬᠤ ᠴᠠᠭᠠᠨ ᠲᠤᠭ ᠤ᠋ᠨ ᠳᠣᠣᠷ᠎ᠠ ᠬᠤᠷᠠᠯᠳᠤᠵᠤ᠂ ᠤᠷᠢᠳᠠ ᠶ᠋ᠢᠨ ᠤᠷᠭᠤᠭᠰᠠᠨ ᠬᠣᠶᠠᠷ ᠲᠦᠮᠡᠨ ᠢᠯᠡᠭᠦᠦ ᠲᠡᠢ ᠴᠥᠮ ᠨᠡᠢᠯᠡᠵᠦ᠂ ᠲᠠᠪᠤᠨ ᠲᠦᠮᠡᠨ ᠴᠡᠷᠢᠭ ᠪᠦᠷᠢᠨ᠎ᠡ ᠪᠡᠷ ᠮᠥᠷᠭᠥᠵᠦ ᠳᠠᠭᠠᠭᠰᠠᠨ ᠳ᠋ᠤᠷ᠂ ᠮᠣᠩᠭᠣᠯ ᠤ᠋ᠨ ᠹᠦᠮᠨ ᠪᠣᠳᠣ ᠲᠡᠷᠢᠭᠦᠯᠡᠨ ᠪᠤᠰᠤ ᠵᠠᠩᠵᠤᠨ ᠴᠡᠷᠢᠭ ᠦ᠋ᠳ ᠰᠠᠶᠢ ᠲᠠᠢᠽᠢ ᠴᠢᠨ ᠸᠠᠩ ᠴᠠᠭᠠᠲᠠᠢ ᠶ᠋ᠢᠨ ᠤᠷᠢᠳᠠ ᠥᠪᠡᠷᠦᠨ ᠪᠠᠲᠤ ᠪᠠᠨ ᠦᠵᠡᠭᠦᠯᠦᠨ᠂ ᠯᠢᠦ ᠶᠦᠩ ᠹᠦ ᠲᠡᠷᠢᠭᠦᠯᠡᠨ ᠪᠠᠷᠢᠭᠳᠠᠭᠰᠠᠨ ᠪᠠ ᠳᠠᠷᠤᠭᠳᠠᠭᠰᠠᠨ ᠵᠠᠩᠵᠤᠨ ᠴᠡᠷᠢᠭ ᠦ᠋ᠳ ᠲᠡᠢ ᠨᠡᠢᠲᠡ ᠪᠡᠷ ᠲᠠᠯᠪᠢᠨ ᠡᠭᠡᠭᠦᠯᠦᠭᠡᠳ᠂ ᠡᠳᠦᠭᠡ ᠦᠯᠡᠭᠰᠡᠨ ᠬᠣᠶᠠᠷ ᠵᠠᠩᠵᠤᠨ ᠪᠠ ᠬᠣᠶᠠᠷ ᠲᠦᠮᠡ ᠢᠯᠡᠭᠦᠦ ᠴᠡᠷᠢᠭ — ᠤᠷᠢᠳ ᠬᠣᠵᠢᠳ ᠲᠠᠪᠤᠨ ᠲᠦᠮᠡᠨ ᠦ᠌ ᠨᠡᠢᠲᠡ ᠶ᠋ᠢ ᠢᠲᠡᠭᠡᠮᠵᠢᠯᠡᠭᠦᠯᠦᠨ ᠳᠠᠭᠠᠭᠤᠯᠵᠤ ᠠᠪᠤᠭᠰᠠᠨ ᠢ᠋ ᠭᠠᠢᠬᠠᠯᠳᠤᠨ ᠬᠡᠯᠡᠯᠴᠡᠪᠡᠢ᠃ ᠲᠡᠭᠦᠨᠴᠡ ᠲᠠᠢᠽᠢ ᠴᠠᠭᠠᠲᠠᠢ᠂ ᠳᠠᠷᠤᠢ ᠯᠢᠦ ᠶᠦᠩ ᠹᠦ᠂ ᠯᠢᠦ ᠬᠤᠸᠠ ᠪᠦᠸᠧ᠂ ᠯᠢᠦ ᠬᠤᠸᠠ ᠱᠧᠦ᠂ ᠯᠢᠦ ᠬᠤᠸᠠ ᠯᠦ᠍ ᠳᠥᠷᠪᠡᠭᠦᠯᠡ ᠪᠡᠷ ᠬᠠᠭᠠᠨ ᠢ ᠲᠡᠷᠢᠭᠦᠨ ᠤᠭᠲᠤᠯᠭ᠎ᠠ ᠳ᠋ᠤᠷ ᠣᠭᠲᠣᠭᠣᠯᠤᠨ᠂ ᠳᠡᠳ᠋ ᠤᠭᠲᠤᠯᠭᠠᠨ᠎ᠠ ᠣᠯᠣᠭᠠᠢ ᠬᠣᠲᠠ ᠶ᠋ᠢᠨ ᠦᠯᠡᠳᠡᠵᠦ ᠬᠣᠴᠣᠷᠤᠭᠰᠠᠨ ᠲᠦᠰᠢᠮᠡᠯ ᠲᠥᠰᠢᠶ᠎ᠡ᠂ ᠵᠡᠷᠭᠡ ᠲᠤᠰᠢᠶᠠᠯᠲᠠᠨ ᠢ᠋ ᠸᠡᠢᠵᠢᠩ ᠠᠯᠠᠢᠵᠢᠩ ᠬᠣᠶᠠᠷ ᠵᠠᠩᠵᠤᠨ ᠠᠪᠴᠤ ᠤᠭᠲᠤᠪᠠ᠃ ᠬᠣᠲᠠ ᠶ᠋ᠢᠨ ᠬᠠᠭᠠᠯᠭᠠᠨ᠎ᠠ ᠹᠦᠮᠨ ᠪᠣᠳᠣ᠂ ᠲᠠᠢᠽᠢ ᠴᠠᠭᠠᠲᠠᠢ ᠣᠯᠠᠨ ᠵᠠᠩᠵᠤᠨ ᠴᠡᠷᠢᠭ ᠢ᠋ ᠠᠪᠴᠤ ᠰᠥᠭᠥᠳᠴᠦ ᠤᠭᠲᠤᠪᠠ᠃ ᠬᠠᠭᠠᠨ ᠤ᠋ ᠴᠢᠷᠠᠢ ᠳ᠋ᠤᠷ ᠪᠠᠶᠠᠷ ᠤ᠋ᠨ ᠪᠠᠢᠳᠠᠯ ᠢᠯᠡᠷᠡᠵᠦ᠂ ᠫᠤᠤ ᠳᠠᠭᠤᠷᠢᠰᠤᠨ ᠬᠠᠭᠠᠨ ᠤ᠋ ᠶᠡᠬᠡ ᠵᠢᠭᠰᠠᠭᠠᠯ ᠣᠯᠣᠭᠠᠢ ᠬᠣᠲᠠ ᠳ᠋ᠤᠷ ᠵᠠᠯᠠᠷᠠᠨ ᠣᠷᠣᠭᠠᠳ᠂ ᠶᠡᠬᠡ ᠤᠷᠲᠤ ᠬᠠᠷᠰᠢ ᠳ᠋ᠤᠷ ᠵᠠᠯᠠᠷᠠᠨ ᠪᠠᠭᠤᠵᠤ᠂ ᠶᠡᠬᠡ ᠬᠤᠷᠢᠮ ᠬᠤᠷᠢᠮᠯᠠᠨ᠂ ᠣᠯᠠᠨ ᠵᠠᠩᠵᠤᠨ ᠪᠠᠭᠠᠲᠤᠳ ᠤ᠋ᠨ ᠭᠠᠪᠢᠶ᠎ᠠ ᠵᠢᠳᠬᠦᠯᠭᠡ ᠶ᠋ᠢᠨ ᠤᠷᠢᠳᠤ ᠬᠣᠢᠲᠤ ᠶ᠋ᠢ ᠢᠯᠭᠠᠨ ᠰᠠᠯᠭᠠᠨ ᠱᠠᠩᠨᠠᠨ ᠡᠷᠭᠦᠮᠵᠢᠯᠡᠭᠰᠡᠭᠡᠷ᠂ ᠲᠠᠢᠽᠢ ᠴᠠᠭᠠᠲᠠᠢ ᠶ᠋ᠢᠨ ᠯᠢᠦ ᠶᠦᠩ ᠹᠦ ᠶ᠋ᠢᠨ ᠨᠢᠭᠡᠨ ᠠᠢᠮᠠᠭ ᠢ᠋ ᠪᠦᠷᠢᠨ᠎ᠡ ᠲᠠᠯᠪᠢᠨ ᠡᠭᠡᠭᠦᠯᠦᠨ ᠢᠯᠡᠭᠡᠵᠦ᠂ ᠡᠳᠦᠭᠡ ᠤᠷᠢᠳᠠ ᠶ᠋ᠢᠨ ᠤᠷᠭᠤᠭᠰᠠᠨ ᠲᠠᠢ ᠴᠥᠮ ᠢᠲᠡᠭᠡᠮᠵᠢᠯᠡᠭᠦᠯᠦᠨ ᠳᠠᠭᠠᠭᠤᠯᠤᠭᠰᠠᠨ ᠳ᠋ᠤᠷ ᠬᠦᠷᠴᠦ ᠮᠦᠰᠢᠶᠡᠮᠰᠦᠭᠯᠡᠨ ᠰᠠᠢᠰᠢᠶᠠᠵᠤ ᠵᠠᠷᠯᠢᠭ ᠪᠣᠯᠤᠷᠤᠨ᠄
《ᠰᠡᠭᠦᠵᠢᠨ ᠦ᠌ ᠢᠳᠡ ᠨᠢᠭᠡᠨ ᠪᠡᠶ᠎ᠡ ᠪᠡᠨ ᠬᠠᠮᠠᠭᠠᠯᠠᠮᠤᠢ᠃ ᠰᠡᠳᠬᠢᠯ ᠦ᠋ᠨ ᠢᠳᠡ ᠵᠠᠭᠤᠨ ᠲᠦᠮᠡᠨ ᠢ᠋ ᠳᠠᠭᠠᠭᠤᠯᠤᠮᠤᠢ᠃ ᠰᠡᠴᠡᠨ ᠪᠥᠭᠡᠳ ᠪᠠᠭᠠᠲᠤᠷ ᠪᠣᠯᠪᠠᠰᠤ ᠵᠠᠩᠵᠤᠨ᠂ ᠰᠡᠷᠡᠮᠵᠢᠲᠡᠢ ᠠᠲᠠᠯ᠎ᠠ ᠬᠦᠴᠦᠲᠡᠢ ᠪᠣᠯᠪᠠᠰᠤ ᠵᠢᠨᠦᠩ》ᠬᠡᠮᠡᠵᠦ᠂ ᠪᠠᠰᠠ ᠣᠯᠣᠭᠠᠢ ᠬᠣᠲᠠᠨ᠎ᠠ ᠳᠡᠭᠡᠰᠦ ᠪᠥᠰ ᠢ᠋ ᠲᠠᠲᠠᠵᠤ ᠠᠪᠠᠷᠢᠬᠤᠶ᠎ᠠ ᠲᠠᠢᠽᠢ ᠴᠠᠭᠠᠲᠠᠢ ᠤᠷᠢᠳᠠ ᠠᠪᠠᠷᠢᠨ ᠭᠠᠷᠤᠭᠰᠠᠨ ᠢ᠋ ᠠᠢᠯᠠᠳᠬᠠᠭᠰᠠᠨ ᠳ᠋ᠤᠷ ᠬᠦᠷᠴᠦ ᠯᠤᠤ ᠶ᠋ᠢᠨ ᠴᠢᠷᠠᠢ ᠲᠥᠪ ᠪᠣᠯᠵᠤ ᠲᠠᠢᠽᠢ ᠶ᠋ᠢ ᠰᠤᠷᠭᠠᠨ ᠤᠬᠠᠭᠤᠯᠵᠤ ᠵᠠᠷᠯᠢᠭ ᠪᠣᠯᠤᠨ ᠥᠭᠦᠯᠡᠷᠦᠨ:
ᠡᠷᠡᠯᠬᠡᠭ ᠵᠠᠩᠵᠤᠨ ᠪᠡᠶ᠎ᠡ ᠤᠷᠤᠭᠰᠢᠯᠠᠬᠤ ᠵᠥᠪ ᠬᠡᠮᠡᠪᠡᠴᠦ
ᠡᠷᠬᠡᠪᠰᠢ ᠳᠡᠢᠯᠬᠦ ᠶ᠋ᠢ ᠮᠠᠭᠠᠳ ᠮᠡᠳᠡᠵᠦ ᠰᠠᠶᠢ ᠣᠷᠣᠮᠤᠢ᠃
ᠡᠷᠬᠡ ᠡᠵᠡᠯᠡᠭᠴᠢ ᠶᠡᠬᠡ ᠵᠢᠨᠦᠩ ᠪᠣᠯᠤᠭᠴᠢᠳ ᠪᠥᠭᠡᠰᠦ
ᠡᠢᠮᠦ ᠶᠠᠪᠤᠳᠠᠯ ᠢ᠋ ᠡᠭᠦᠷᠢᠳᠡ ᠴᠡᠭᠡᠷᠯᠡᠬᠦ ᠬᠡᠷᠡᠭᠲᠡᠢ ᠪᠤᠶᠤ᠃
ᠡᠷᠡᠰ ᠲᠠᠰᠤᠷᠬᠠᠢ ᠡᠲᠡᠭᠡᠳ ᠰᠣᠨᠢᠨ ᠬᠡᠷᠡᠭ ᠦ᠋ᠳ ᠢ᠋
ᠡᠭᠡᠨᠡᠭᠲᠡ ᠨᠢᠭᠡᠬᠡᠨ ᠡᠴᠡ ᠳᠠᠬᠢᠵᠤ ᠪᠢᠲᠡᠭᠡᠢ ᠳᠠᠪᠰᠢᠭᠳᠠᠬᠤᠢ᠃
ᠡᠵᠡᠨ ᠬᠥᠮᠦᠨ ᠡᠩᠭᠡᠷ ᠨᠡᠢᠲᠡ ᠶ᠋ᠢ ᠤᠷᠤᠭᠰᠢᠯᠠᠭᠤᠯᠤᠮᠤᠢ
ᠡᠨᠡ ᠮᠡᠲᠦ ᠲᠦᠭᠰᠢᠯᠲᠡᠢ ᠬᠤᠷᠴᠠ ᠶ᠋ᠢ ᠬᠤᠷᠢᠶᠠᠭᠳᠠᠬᠤᠢ᠃
ᠬᠡᠮᠡᠪᠡ᠃ ᠴᠠᠭᠠᠲᠠᠢ ᠲᠠᠢᠽᠢ᠂ ᠴᠠᠭ ᠳᠣᠲᠣᠷ᠎ᠠ ᠡᠨᠳᠡᠭᠰᠡᠨ ᠢ᠋ᠶ᠋ᠡᠨ ᠰᠡᠩᠬᠡᠷᠡᠨ ᠮᠡᠳᠡᠵᠦ᠂ ᠵᠠᠷᠯᠢᠭ ᠦᠭᠡᠰ ᠢ᠋ ᠬᠢᠴᠢᠶᠡᠨ ᠪᠢᠴᠢᠭᠦᠯᠵᠦ ᠪᠡᠶ᠎ᠡ ᠳ᠋ᠦ᠍ᠷ ᠬᠠᠳᠠᠭᠠᠯᠠᠨ ᠵᠡᠭᠦᠪᠡ᠃ ᠡᠨᠡ ᠨᠢᠭᠡᠨ ᠬᠡᠷᠡᠭ ᠢ᠋ 《ᠬᠥᠬᠡ ᠰᠤᠳᠤᠷ 》 ᠲᠤᠷ ᠰᠠᠭᠠᠩ ᠰᠡᠴᠡᠨ ᠦ᠌ ᠲᠡᠮᠳᠡᠭᠯᠡᠭᠰᠡᠨ ᠬᠣᠶᠠᠷ ᠪᠠᠳᠠᠭ ᠤ᠋ᠨ ᠦᠭᠡᠰ ᠢᠨᠦ᠄
ᠣᠮᠣᠭᠲᠤ ᠲᠠᠢᠽᠢ ᠴᠠᠭᠠᠲᠠᠢ ᠣᠨᠴᠣᠭᠣᠢᠯᠠᠨ ᠳᠠᠪᠠᠵᠤ
ᠣᠯᠣᠭᠠᠢ ᠬᠣᠲᠠ ᠶ᠋ᠢ ᠣᠩᠬᠣᠯᠭᠠᠨ ᠪᠠᠢᠯᠳᠤᠵᠤ ᠣᠯᠪᠠ᠃
ᠲᠡᠭᠦᠨᠴᠡ ᠲᠠᠢᠽᠢ ᠴᠠᠭᠠᠲᠠᠢ ᠳᠠᠷᠤᠢ ᠯᠢᠦ ᠶᠦᠩ ᠹᠦ᠂ ᠯᠢᠦ ᠬᠤᠸᠠ ᠱᠧᠦ᠂ ᠯᠢᠦ ᠬᠤᠸᠠ ᠪᠦᠸᠧ᠂ ᠯᠢᠦ ᠬᠤᠸᠠ ᠯᠦ᠍ ᠪᠡᠷ ᠣᠯᠣᠭᠠᠢ ᠪᠣᠭᠣᠮᠲᠠ ᠶ᠋ᠢᠨ ᠳᠣᠲᠣᠭᠠᠳᠤ ᠭᠠᠳᠠᠭᠠᠳᠤ ᠶ᠋ᠢ ᠲᠣᠭᠲᠠᠭᠠᠯᠭᠠᠨ᠂ ᠳᠣᠲᠣᠷ᠎ᠠ ᠭᠠᠳᠠᠨ᠎ᠠ ᠶ᠋ᠢ ᠪᠠᠭᠴᠠᠯᠠᠨ ᠬᠤᠷᠢᠶᠠᠵᠤ᠂ ᠳᠠᠬᠢᠨ ᠳᠣᠲᠣᠭᠰᠢ ᠶᠠᠯ᠎ᠠ ᠠᠰᠠᠭᠤᠨ ᠪᠠᠢᠯᠳᠤᠬᠤ ᠶ᠋ᠢ ᠵᠥᠪᠳᠡᠬᠦᠶ᠎ᠡ ᠭᠡᠨᠡᠳᠲᠡ ᠳᠡᠭᠡᠳᠦ ᠲᠠᠢᠹᠦ᠋ ᠲᠦᠰᠢᠮᠡᠯ ᠥᠳᠥ ᠵᠠᠩᠵᠤᠨ ᠲᠠᠩᠭᠤᠳ ᠤᠯᠤᠰ ᠤ᠋ᠨ ᠵᠡᠭᠦᠨ ᠡᠲᠡᠭᠡᠳ ᠦ᠋ᠨ ᠴᠧᠩᠰᠢᠶᠠᠩ ᠢ᠋ ᠳᠠᠭᠠᠭᠤᠯᠤᠨ᠂ ᠭᠤᠷᠪᠠᠨ ᠵᠠᠭᠤᠨ ᠮᠣᠷᠢᠲᠠᠨ ᠢ᠋ ᠠᠪᠴᠤ᠂ ᠶᠠᠯ᠎ᠠ ᠬᠦᠯᠢᠶᠡᠬᠦ ᠮᠢᠩᠭᠠᠨ ᠲᠡᠷᠭᠡ ᠭᠠᠵᠠᠷ ᠣᠷᠣᠨ ᠤ᠋ ᠡᠳ᠋ ᠠᠭᠤᠷᠠᠰᠤᠨ᠂ ᠮᠥᠩᠭᠥ ᠲᠣᠷᠭ᠎ᠠ ᠶ᠋ᠢ ᠠᠪᠴᠤ ᠬᠦᠷᠴᠦ ᠢᠷᠡᠭᠡᠳ᠂ ᠤᠷᠢᠳᠠ ᠲᠠᠢᠽᠢ ᠴᠢᠨ ᠸᠠᠩ ᠴᠠᠭᠠᠲᠠᠢ ᠶ᠋ᠢᠨ ᠬᠦᠷᠢᠶ᠎ᠡ ᠳ᠋ᠦ᠍ᠷ ᠢᠷᠡᠵᠦ ᠮᠥᠷᠭᠥᠨ ᠵᠣᠯᠭᠠᠵᠤ᠂ ᠲᠠᠢᠽᠢ᠂ ᠥᠳᠥ ᠡᠴᠡ ᠲᠠᠩᠭᠤᠳ ᠤᠯᠤᠰ ᠶᠠᠭᠠᠬᠢᠨ ᠡᠢᠮᠦ ᠬᠤᠪᠢᠰᠤᠯ ᠭᠠᠷᠴᠤ ᠲᠠᠩᠭᠠᠷᠢᠭ ᠠ᠋ᠴᠠᠭᠠᠨ ᠤᠷᠪᠠᠵᠤ ᠨᠢᠳᠤᠨᠤᠨ ᠵᠢᠯ ᠦ᠋ᠨ ᠬᠠᠭᠠᠰ ᠠᠯᠪᠠᠨ ᠢ᠋ ᠳᠤᠲᠠᠭᠤᠯᠵᠤ᠂ ᠡᠨᠡ ᠵᠢᠯ ᠭᠡᠨᠡᠳᠡᠭᠦᠯᠦᠨ ᠴᠡᠷᠢᠭ ᠢ᠋ ᠪᠠᠢᠭᠤᠯᠪᠠ ? ᠭᠡᠮᠡᠨ ᠠᠰᠠᠭᠤᠪᠠᠰᠤ᠂ ᠥᠳᠥ ᠲᠠᠢᠹᠦ᠋᠂ ᠤᠭ ᠡᠬᠢ ᠡᠴᠡ ᠲᠣᠪᠴᠢᠶᠠᠯᠠᠨ ᠮᠡᠳᠡᠭᠦᠯᠪᠡ᠃ ᠡᠭᠦᠨ ᠦ᠌ ᠤᠭ ᠤᠴᠢᠷ ᠠᠨᠤ᠂ ᠲᠠᠩᠭᠤᠳ ᠤᠯᠤᠰ ᠶᠡᠬᠡ ᠪᠠᠷᠠᠭᠤᠨ ᠬᠣᠢᠲᠤ ᠬᠠᠲᠤᠨ ᠮᠥᠷᠡᠨ ᠦ᠌ ᠡᠬᠢ ᠶ᠋ᠢᠨ ᠰᠢᠩ ᠰᠠ ᠳᠠᠯᠠᠢ ᠶ᠋ᠢᠨ ᠶᠡᠬᠡ ᠨᠠᠭᠤᠷ ᠢ᠋ ᠬᠢᠲᠠᠳ ᠢ᠋ᠶ᠋ᠠᠷ 《ᠰᠢᠩ ᠰᠦ᠍ ᠬᠠᠢ 》ᠬᠡᠮᠡᠮᠦᠢ᠃ ᠡᠨᠡ ᠭᠠᠵᠠᠷ ᠤ᠋ᠨ ᠲᠠᠪᠤᠨ ᠥᠩᠭᠡ ᠶ᠋ᠢᠨ ᠡᠮ ᠳ᠋ᠦ᠍ᠷ ᠬᠡᠷᠡᠭᠯᠡᠬᠦ ᠲᠠᠪᠤᠨ ᠥᠩᠭᠡ ᠶ᠋ᠢᠨ ᠳᠠᠪᠤᠰᠤ᠂ ᠳᠡᠯᠡᠬᠡᠢ ᠳ᠋ᠠᠬᠢᠨ ᠤ᠋ ᠳᠣᠲᠣᠭᠠᠳᠤ ᠭᠠᠳᠠᠭᠠᠳᠤ᠂ ᠳᠠᠯᠠᠢ ᠶ᠋ᠢᠨ ᠬᠣᠢᠭ ᠤ᠋ᠨ ᠣᠯᠠᠨ ᠤᠯᠤᠰ ᠲᠤᠷ ᠬᠡᠳᠦ ᠬᠡᠳᠦᠨ ᠲᠦᠮᠡᠨ ᠭᠠᠵᠠᠷ ᠤ᠋ᠨ ᠭᠠᠳᠠᠨ᠎ᠠ ᠭᠠᠷᠬᠤ ᠲᠤᠯᠠ᠂ ᠲᠠᠩᠭᠤᠳ ᠤᠯᠤᠰ ᠤ᠋ᠨ ᠲᠠᠢᠽᠦ ᠯᠢ ᠶᠤᠸᠠᠨ ᠬᠤ᠌ ᠂ ᠬᠠᠭᠠᠨ ᠰᠠᠭᠤᠬᠤᠢ ᠶ᠋ᠢᠨ ᠤᠷᠢᠳᠠ ᠠ᠋ᠴᠠ ᠡᠨᠡ ᠰᠢᠩ ᠰᠦ᠍ ᠬᠠᠢ ᠳᠠᠯᠠᠢ ᠶ᠋ᠢᠨ ᠵᠠᠭᠤᠨ ᠲᠦᠮᠡᠨ ᠯᠠᠩ ᠤ᠋ᠨ ᠳᠠᠪᠤᠰᠤᠨ ᠤ᠋ ᠠᠰᠢᠭ ᠢ᠋ ᠤᠢᠭᠤᠷ ᠤᠯᠤᠰ ᠠ᠋ᠴᠠ ᠪᠠᠢᠯᠳᠤᠨ ᠠᠪᠴᠤ ᠂ ᠲᠡᠷᠡ ᠠᠰᠢᠭ ᠢ᠋ᠶ᠋ᠠᠷ ᠲᠠᠩᠭᠤᠳ ᠤᠯᠤᠰ ᠢ᠋ ᠬᠥᠭᠵᠢᠭᠦᠯᠦᠭᠰᠡᠨ ᠪᠥᠯᠥᠭᠡ᠃ ᠡᠳᠦᠭᠡ ᠯᠢ ᠽᠦᠨ ᠢᠦ ᠶ᠋ᠢᠨ ᠥᠭᠡᠨᠴᠡ ᠪᠠᠭᠤᠷᠠᠢ ᠳ᠋ᠤᠷ ᠤᠢᠭᠤᠷ ᠤᠯᠤᠰ ᠳᠠᠬᠢᠵᠤ ᠪᠤᠯᠢᠶᠠᠨ ᠳᠡᠭᠡᠷᠡᠮᠳᠡᠬᠦᠢ ᠳ᠋ᠦ᠍ᠷ ᠯᠢ ᠠᠨ ᠴᠢᠦᠸᠠᠨ ᠬᠠᠭᠠᠨ ᠰᠠᠭᠤᠵᠤ᠂ ᠮᠣᠩᠭᠣᠯ ᠢ᠋ ᠳᠠᠢᠴᠢᠯᠠᠨ ᠡᠭᠡᠭᠦᠯᠦᠮᠡᠭᠴᠡ᠂ ᠬᠥᠪᠡᠭᠦᠨ ᠪᠠ ᠥᠬᠢᠨ ᠢ᠋ᠶ᠋ᠡᠷ ᠶᠡᠬᠡ ᠴᠡᠷᠢᠭ ᠠᠪᠤᠭᠤᠯᠤᠨ ᠢᠯᠡᠭᠡᠵᠦ᠂ ᠪᠦᠬᠦᠯᠢ ᠭᠠᠵᠠᠷ ᠣᠷᠣᠨ ᠢ᠋ᠶ᠋ᠠᠨ ᠡᠭᠡᠭᠦᠯᠦᠨ ᠠᠪᠴᠤ᠂ ᠵᠠᠭᠤᠨ ᠲᠦᠮᠡᠨ ᠦ᠌ ᠶᠡᠬᠡ ᠠᠰᠢᠭ ᠢ᠋ ᠣᠯᠵᠤ᠂ ᠤᠯᠤᠰ ᠲᠤᠷ ᠲᠤᠰᠠᠯᠠᠨ᠂ ᠶᠡᠬᠡ ᠡᠳ᠋ ᠢ᠋ ᠵᠠᠩᠵᠤᠨ ᠴᠡᠷᠢᠭ ᠢ᠋ᠶ᠋ᠡᠷ ᠳᠠᠮ ᠳᠠᠮ ᠵᠢᠰᠢᠶᠠᠯᠠᠨ ᠬᠦᠷᠭᠡᠭᠦᠯᠵᠦ ᠳᠠᠪ ᠠᠪᠤᠨ ᠴᠡᠷᠢᠭ ᠡᠭᠡᠪᠡᠰᠦ ᠪᠣᠯᠬᠤ ᠦᠭᠡᠢ᠃ ᠲᠡᠷᠡ ᠭᠠᠵᠠᠷ ᠤ᠋ᠨ ᠬᠠᠭᠤᠴᠢᠨ ᠬᠣᠷᠣᠭ᠎ᠠ ᠪᠠᠭᠤᠳᠠᠯ ᠳ᠋ᠤᠷ ᠪᠠᠭᠤᠳᠠᠯᠯᠠᠨ ᠰᠠᠭᠤᠬᠤ ᠡᠨᠡ ᠵᠠᠪᠰᠠᠷ᠎ᠠ᠂ ᠬᠠᠭᠤᠴᠢᠨ ᠨᠠᠢ᠍ᠮᠠᠨ ᠤ᠋ ᠴᠢᠦᠢ ᠴᠦ ᠯᠢᠦᠢ ᠢᠦᠢ ᠬᠠᠭᠠᠨ᠂ ᠰᠠᠷᠲᠢᠭᠴᠢᠨ ᠤ᠋ ᠠᠮᠪᠠᠬᠠᠢ ᠬᠠᠭᠠᠨ ᠳ᠋ᠤᠷ ᠥᠬᠢᠨ ᠢ᠋ᠶ᠋ᠡᠨ ᠥᠭᠴᠦ᠂ ᠤᠷᠤᠭ ᠪᠠᠷᠢᠨ ᠢᠨᠠᠭᠯᠠᠭᠠᠳ ᠠᠮᠪᠠᠬᠠᠢ ᠬᠠᠭᠠᠨ ᠣᠯᠠᠨ ᠵᠦᠢᠯ ᠦ᠋ᠨ ᠵᠡᠷᠯᠢᠭ ᠤᠯᠤᠰ ᠤ᠋ᠳ ᠢ᠋ ᠡᠯᠰᠡᠨ᠂ ᠪᠠᠰᠠ ᠸᠡᠢᠯᠠᠨ ᠠᠢᠮᠠᠭ ᠢ᠋ ᠳᠠᠪᠴᠢᠯᠠᠨ ᠶᠡᠬᠡ ᠣᠯᠵᠠ ᠣᠯᠵᠤ᠂ ᠮᠥᠨ ᠬᠦ᠌ ᠬᠤᠯᠤᠭᠠᠷ ᠲᠣᠳᠣ ᠳ᠋ᠤᠷ ᠰᠢᠵᠢᠷ ᠠᠯᠲᠠᠨ ᠤ᠋ ᠴᠢᠬᠢ ᠵᠡᠭᠦᠯᠭᠡᠨ᠂ ᠠᠮᠪᠠᠬᠠᠢ ᠬᠠᠭᠠᠨ ᠤ᠋ ᠡᠯᠴᠢ ᠪᠣᠯᠭᠠᠨ᠂ ᠸᠠᠢᠯᠠᠨ ᠠᠢᠮᠠᠭ ᠤ᠋ᠨ ᠣᠯᠵᠠ ᠶ᠋ᠢ ᠪᠦᠷᠢᠨ᠎ᠡ ᠥᠭᠴᠦ ᠢᠯᠡᠭᠡᠬᠦᠶ᠎ᠡ ᠲᠣᠳᠣ ᠲᠠᠩᠭᠤᠳ ᠤᠯᠤᠰ ᠤ᠋ᠨ ᠶᠡᠬᠡ ᠰᠠᠢᠳ ᠰᠢ ᠪᠧᠢ ᠰᠧ ᠶ᠋ᠢᠨ ᠳᠣᠣᠷ᠎ᠠ ᠰᠢᠷᠭᠤᠨ ᠣᠷᠣᠵᠤ᠂ ᠬᠦᠨᠳᠦ ᠡᠳ᠋ ᠠᠭᠤᠷᠠᠰᠤᠨ ᠤ᠋ ᠬᠠᠬᠤᠤᠯᠢ ᠥᠭᠴᠦ᠂ ᠪᠠᠰᠠ ᠠᠮᠪᠠᠬᠠᠢ ᠬᠠᠭᠠᠨ ᠠᠷᠪᠠᠨ ᠠᠢᠮᠠᠭ ᠤ᠋ᠨ ᠴᠡᠷᠢᠭ ᠢ᠋ ᠠᠪᠤᠨ ᠳᠠᠭᠠᠪᠠ᠃ ᠴᠢᠦᠢ ᠴᠦ ᠯᠢᠦᠢ ᠢᠦᠢ ᠬᠠᠭᠠᠨ ᠢᠯᠳᠠᠰᠢ ᠮᠥᠷᠡᠨ ᠦ᠌ ᠵᠠᠭᠤᠨ ᠲᠦᠮᠡᠨ ᠬᠣᠲᠣᠩ ᠪᠠᠪᠤ ᠶ᠋ᠢᠨ ᠴᠡᠷᠢᠭ ᠢ᠋ ᠠᠪᠴᠤ ᠳᠠᠭᠠᠪᠠ᠃ ᠴᠢᠦᠢ ᠴᠦ ᠯᠢᠦᠢ᠂ ᠲᠡᠳᠡᠨ ᠳ᠋ᠦ᠍ᠷ ᠥᠭᠬᠦ ᠠᠯᠪᠠᠨ ᠤ᠋ ᠡᠳ᠋ ᠢ᠋ᠶ᠋ᠡᠷ ᠥᠪᠡᠷᠦᠨ ᠲᠠᠪᠢᠨ ᠲᠦᠮᠡᠨ ᠦ᠌ ᠴᠡᠷᠢᠭ ᠢ᠋ᠶ᠋ᠡᠨ ᠲᠡᠵᠢᠭᠡᠵᠦ ᠮᠣᠩᠭᠣᠯ ᠯᠤᠭ᠎ᠠ ᠲᠤᠯᠬᠤ ᠠᠨᠤ ᠲᠦᠮᠡᠨ ᠠᠷᠭ᠎ᠠ ᠶ᠋ᠢᠨ ᠳᠡᠭᠡᠳᠦ ᠠᠷᠭ᠎ᠠ ᠬᠡᠮᠡᠭᠰᠡᠨ ᠳ᠋ᠦ᠍ᠷ ᠰᠢ ᠪᠧᠢ ᠰᠧ᠂ ᠨᠢᠭᠡᠨ ᠳ᠋ᠦ᠍ᠷ ᠮᠣᠩᠭᠣᠯ ᠢ᠋ ᠪᠠᠰᠤᠮᠵᠢᠯᠠᠨ ᠬᠢᠯᠢᠩᠯᠡᠬᠦᠢ ᠶ᠋ᠢᠨ ᠳᠡᠭᠡᠷ᠎ᠡ᠂ ᠡᠳᠦᠭᠡ ᠶᠡᠬᠡ ᠡᠳ᠋ ᠣᠯᠵᠤ᠂ ᠪᠠᠰᠠ ᠬᠣᠶᠠᠷ ᠬᠠᠭᠠᠨ ᠬᠡᠳᠦᠢᠴᠢᠨᠡᠭᠡᠨ ᠠᠢᠮᠠᠭ ᠤ᠋ᠳ ᠢ᠋ ᠠᠪᠤᠨ ᠳᠠᠭᠠᠮᠤᠢ᠂ ᠭᠤᠷᠪᠠᠨ ᠳ᠋ᠤᠷ ᠥᠪᠡᠷᠦᠨ ᠤᠯᠤᠰ ᠤ᠋ᠨ ᠴᠡᠷᠢᠭ ᠢᠷᠭᠡᠨ ᠢ᠋ ᠲᠡᠵᠢᠭᠡᠮᠦᠢ ᠬᠡᠮᠡᠬᠦᠢ ᠳ᠋ᠦ᠍ᠷ ᠰᠡᠳᠬᠢᠯ ᠳ᠋ᠦ᠍ᠷ ᠶᠡᠬᠡᠯ᠎ᠡ ᠨᠡᠢᠴᠡᠵᠦ᠂ ᠡᠭᠦᠨᠦ ᠳᠣᠲᠣᠷ᠎ᠠ ᠪᠠᠰᠠ ᠴᠢᠦᠢ ᠴᠦ ᠯᠢᠦᠢ ᠢᠦᠢ ᠬᠠᠭᠠᠨ ᠳ᠋ᠤᠷ ᠪᠠᠰᠠ ᠨᠢᠭᠡᠨ ᠠᠷᠪᠠᠨ ᠵᠢᠷᠭᠤᠭᠠᠨ ᠨᠠᠰᠤᠲᠠᠢ ᠭᠤᠸᠠᠩ ᠵᠣ᠌ ᠨᠡᠷᠡᠲᠦ ᠰᠤᠪᠤᠳ ᠭᠦᠩᠵᠦ ᠪᠣᠢ᠃ ᠭᠤᠸ᠎ᠠ ᠦᠵᠡᠰᠬᠦᠯᠡᠩ ᠳᠡᠭᠦᠨᠦ ᠬᠣᠶᠠᠷ ᠡᠭᠡᠴᠢ ᠡᠴᠡ ᠪᠠᠰᠠ ᠬᠡᠲᠦᠷᠬᠡᠢ ᠰᠠᠢᠬᠠᠨ᠂ ᠬᠡᠷᠪᠡᠷ ᠲᠠᠩᠭᠤᠳ ᠤᠯᠤᠰ ᠴᠡᠷᠢᠭ ᠪᠠᠢᠭᠤᠯᠤᠨ᠂ ᠮᠣᠩᠭᠣᠯ ᠤᠯᠤᠰ ᠯᠤᠭ᠎ᠠ ᠳᠡᠢᠯᠬᠦ ᠳᠡᠢᠯᠦᠭᠳᠡᠬᠦ ᠶ᠋ᠢ ᠢᠯᠭᠠᠷᠠᠭᠰᠠᠨ ᠴᠠᠭᠳᠠ᠂ ᠡᠨᠡ ᠭᠤᠸᠠᠩ ᠵᠣ᠌ ᠭᠦᠩᠵᠦ ᠶ᠋ᠢ ᠬᠦᠷᠭᠡᠵᠦ ᠢᠷᠡᠨ ᠤᠷᠤᠭ ᠪᠠᠷᠢᠨ ᠳᠠᠭᠠᠮᠤᠢ ᠭᠡᠮᠡᠨ ᠰᠢ ᠪᠧᠢ ᠰᠧ᠂ ᠮᠠᠩᠨᠤᠭ ᠲᠤᠷ ᠴᠡᠴᠡᠭ ᠣᠷᠭᠣᠲᠠᠯᠠ ᠬᠡᠯᠡᠭᠰᠡᠨ ᠳ᠋ᠦ᠍ᠷ ᠯᠢ ᠠᠨ ᠴᠢᠦᠸᠡᠨ ᠤᠭ ᠠ᠋ᠴᠠ ᠮᠣᠩᠭᠣᠯ ᠠ᠋ᠴᠠ ᠮᠠᠰᠢ ᠠᠶᠤᠵᠤ ᠬᠣᠷᠣᠰᠬᠤᠢ ᠶ᠋ᠢᠨ ᠳᠡᠭᠡᠷ᠎ᠡ᠂ ᠡᠳᠦᠭᠡ ᠪᠠᠰᠠ ᠬᠡᠳᠦᠨ ᠬᠣᠲᠠ ᠶ᠋ᠢᠨ ᠠᠯᠪᠠ ᠶ᠋ᠢ ᠡᠷᠭᠦᠨ ᠳᠠᠷᠤᠯᠠᠭᠳᠠᠬᠤᠢ ᠳ᠋ᠤᠷ ᠠᠭᠤᠷᠯᠠᠨ ᠳᠡᠰ ᠶᠠᠳᠠᠬᠤᠢ ᠳ᠋ᠤᠷ ᠡᠳᠦᠭᠡ ᠡᠳᠡᠭᠡᠷ ᠡᠳᠡᠭᠡᠷ ᠣᠮᠣᠭ ᠲᠥᠷᠥᠭᠦᠯᠬᠦ ᠦᠭᠡᠰ ᠲᠣᠷ ᠰᠡᠳᠬᠢᠯ ᠬᠥᠳᠡᠯᠵᠦ ᠨᠡᠩ ᠪᠠᠰᠠ ᠪᠠᠷᠠᠭᠤᠨ ᠬᠣᠢᠲᠤ ᠰᠢᠩ ᠰᠠ ᠳᠠᠯᠠᠢ ᠶ᠋ᠢᠨ ᠶᠡᠬᠡ ᠠᠰᠢᠭ ᠳᠠᠷᠠᠭ᠎ᠠ ᠳᠠᠷᠠᠭ᠎ᠠ ᠪᠠᠷ ᠬᠦᠷᠴᠦ ᠢᠷᠡᠭᠰᠡᠨ᠎ᠡ ᠣᠮᠣᠭ ᠤ᠋ᠨ ᠳᠡᠭᠡᠷ᠎ᠡ ᠣᠮᠣᠭ ᠨᠡᠮᠡᠵᠦ ᠪᠠᠰᠠ ᠠᠷᠤ ᠶ᠋ᠢᠨ ᠠᠷᠪᠠᠨ ᠢᠯᠡᠭᠦᠦ ᠠᠢᠮᠠᠭ ᠤ᠋ᠳ ᠳᠠᠭᠠᠵᠤ᠂ ᠠᠰᠤᠷᠤ ᠰᠠᠢᠬᠠᠨ ᠰᠤᠪᠤᠳ ᠨᠡᠷᠡᠲᠦ ᠠᠷᠪᠠᠨ ᠵᠢᠷᠭᠤᠭᠠᠨ ᠨᠠᠰᠤᠨ ᠤ᠋ ᠪᠢᠴᠢᠬᠠᠨ ᠭᠦᠩᠵᠦ ᠶ᠋ᠢᠨ ᠥᠩᠭᠡ ᠳ᠋ᠦ᠍ᠷ ᠪᠠᠬᠠᠷᠬᠠᠨ᠂ ᠳᠠᠷᠤᠢ ᠰᠢ ᠪᠧᠢ ᠰᠧ ᠶ᠋ᠢ ᠵᠡᠭᠦᠨ ᠢ᠋ ᠠᠮᠤᠭᠤᠯᠬᠤ ᠵᠢᠶᠧ ᠳᠦ ᠱᠢ ᠪᠣᠯᠭᠠᠨ᠂ ᠠᠷᠪᠠᠨ ᠲᠠᠪᠤᠨ ᠲᠦᠮᠡᠨ ᠴᠡᠷᠢᠭ ᠦ᠋ᠨ ᠳᠠᠩᠰᠠ ᠪᠠ ᠲᠠᠮᠠᠭ᠎ᠠ ᠴᠠᠴᠤᠭ᠂ ᠲᠡᠮᠳᠡᠭ ᠵᠡᠪᠡ ᠳᠠᠯᠪᠠᠭ᠎ᠠ ᠶ᠋ᠢ ᠲᠤᠰᠢᠶᠠᠨ ᠥᠭᠴᠦ᠂ ᠮᠣᠩᠭᠣᠯ ᠢ᠋ ᠳᠠᠢᠯᠠᠭᠤᠯᠬᠤᠢ ᠳ᠋ᠤᠷ ᠵᠡᠭᠦᠨ ᠡᠲᠡᠭᠡᠳ ᠦ᠋ᠨ ᠶᠡᠬᠡ ᠴᠧᠩᠰᠢᠶᠠᠩ ᠯᠢᠦ ᠪᠦᠸᠧ ᠯᠢᠨ᠂ ᠣᠯᠠᠨ ᠢ᠋ ᠠᠪᠴᠤ ᠶᠡᠬᠡᠯ᠎ᠡ ᠬᠣᠷᠢᠭᠯᠠᠭᠰᠠᠨ ᠳ᠋ᠤᠷ ᠰᠢ ᠪᠧᠢ ᠰᠧ᠂ ᠴᠡᠷᠢᠭ ᠦ᠋ᠨ ᠴᠠᠭᠠᠵᠠ ᠶ᠋ᠢᠨ ᠮᠠᠯᠵᠢᠶ᠎ᠠ ᠪᠢᠴᠢᠭ ᠪᠠᠢᠭᠤᠯᠵᠤ᠂ ᠥᠪᠡᠷᠦᠨ ᠬᠠᠭᠠᠯᠭᠠᠨ ᠤ᠋ ᠵᠣᠴᠢᠨ᠂ ᠠᠯᠲᠠᠨ ᠤᠯᠤᠰ ᠤ᠋ᠨ ᠯᠢᠦ ᠶᠦᠩ ᠹᠦ ᠶ᠋ᠢ ᠡᠷᠭᠦᠨ ᠪᠠᠲᠤᠯᠠᠵᠤ ᠶᠤᠸᠠᠨᠱᠤᠸᠠᠢ ᠪᠣᠯᠭᠠᠨ ᠠᠷᠪᠠᠨ ᠲᠠᠪᠤᠨ ᠲᠦᠮᠡᠨ ᠴᠡᠷᠢᠭ ᠢ᠋ ᠠᠪᠤᠨ ᠭᠠᠷᠴᠤ ᠢᠷᠡᠭᠡᠳ᠂ ᠣᠯᠣᠭᠠᠢ ᠬᠣᠲᠠ ᠶ᠋ᠢᠨ ᠶᠡᠬᠡ ᠪᠣᠭᠣᠮᠲᠠ ᠳ᠋ᠤᠷ ᠪᠠᠭᠤᠳᠠᠯᠯᠠᠵᠤ᠂ ᠡᠮᠦᠨ᠎ᠡ ᠴᠡᠷᠢᠭ ᠠᠷᠠᠢ ᠲᠠᠩᠭᠤᠳ ᠤᠯᠤᠰ ᠤ᠋ᠨ ᠵᠡᠭᠦᠨ ᠵᠠᠬ᠎ᠠ ᠬᠦᠷᠴᠦ᠂ ᠵᠢᠷᠯᠤᠭ ᠬᠣᠲᠠ ᠳ᠋ᠤᠷ ᠶᠤᠸᠠᠨᠱᠤᠸᠠᠢ ᠯᠢᠦ ᠶᠦᠩ ᠹᠦ ᠪᠠᠷᠢᠭᠳᠠᠨ ᠳᠠᠭᠠᠵᠤ᠂ ᠳᠠᠷᠠᠭ᠎ᠠ ᠪᠠᠷ ᠣᠯᠣᠭᠠᠢ ᠬᠣᠲᠠ ᠠᠪᠲᠠᠵᠤ᠂ ᠵᠡᠭᠦᠨ ᠢ᠋ ᠲᠦᠪᠰᠢᠳᠬᠡᠬᠦ ᠶᠡᠬᠡ ᠵᠢᠶᠧ ᠳᠦ ᠱᠢ᠂ ᠰᠢ ᠪᠧᠢ ᠰᠧ ᠠᠷᠪᠠᠨ ᠲᠦᠮᠡᠨ ᠴᠡᠷᠢᠭ ᠢ᠋ᠶ᠋ᠡᠨ ᠪᠠᠢᠯᠳᠤᠯ ᠦᠭᠡᠢ ᠪᠡᠷ ᠬᠣᠲᠠ ᠪᠠᠨ ᠪᠤᠯᠢᠶᠠᠭᠳᠠᠨ ᠰᠠᠮᠠᠭᠤᠷᠠᠭᠤᠯᠵᠤ᠂ ᠠᠷᠪᠠᠨ ᠲᠦᠮᠡᠨ ᠦ᠌ ᠬᠦᠨᠳᠦ ᠠᠮᠤ ᠬᠦᠨᠡᠰᠦ ᠶ᠋ᠢ ᠴᠥᠮ ᠮᠣᠩᠭᠣᠯ ᠳ᠋ᠤᠷ ᠪᠦᠬᠦᠯᠢ ᠪᠡᠷ ᠡᠷᠭᠦᠨ᠂ ᠣᠯᠣᠭᠠᠢ ᠬᠣᠲᠠ ᠲᠠᠢ ᠪᠠᠷ ᠡᠷᠭᠦᠯ ᠪᠠᠷᠢᠯᠭ᠎ᠠ ᠪᠣᠯᠭᠠᠨ ᠪᠠᠷᠢᠭᠠᠳ᠂ ᠥᠪᠡᠷᠦᠨ ᠪᠡᠶ᠎ᠡ ᠬᠣᠲᠠ ᠤᠷᠤᠭᠤ ᠦᠮᠭᠦᠷᠢᠨ ᠪᠠᠭᠤᠵᠤ ᠳᠤᠲᠠᠭᠠᠨ ᠡᠭᠡᠵᠦ ᠢᠷᠡᠭᠡᠳ᠂ ᠴᠡᠷᠢᠭ ᠦ᠋ᠨ ᠴᠠᠭᠠᠵᠠᠨ ᠤ᠋ ᠶᠠᠯ᠎ᠠ ᠪᠠᠨ ᠬᠦᠯᠢᠶᠡᠵᠦ ᠤᠬᠢᠯᠠᠨ ᠮᠥᠷᠭᠥᠬᠦᠶ᠎ᠡ᠂ ᠬᠠᠵᠠᠭᠤ ᠠ᠋ᠴᠠ ᠶᠡᠬᠡ ᠰᠠᠢᠳ ᠯᠢᠦ ᠪᠦᠸᠧ ᠯᠢᠨ ᠮᠥᠨ ᠤᠯᠤᠰ ᠲᠥᠷᠥ ᠶ᠋ᠢᠨ ᠲᠤᠯᠠ ᠪᠠᠰᠠ ᠤᠬᠢᠯᠠᠨ ᠰᠥᠭᠥᠳᠴᠦ :
《ᠮᠣᠩᠭᠣᠯ ᠯᠤᠭ᠎ᠠ ᠡᠪᠰᠡᠪᠡᠰᠦ ᠡᠭᠡᠯᠢ ᠢᠪᠡᠭᠡᠯ ᠪᠣᠢ᠂ ᠮᠣᠩᠭᠣᠯ ᠯᠤᠭ᠎ᠠ ᠡᠰᠡᠷᠭᠦᠯᠡᠪᠡᠰᠦ ᠡᠪᠳᠡᠷᠡᠯ ᠬᠣᠬᠢᠷᠠᠯ ᠦᠯᠡᠮᠵᠢ ᠶ᠋ᠢ ᠰᠠᠢᠳ ᠪᠢ ᠰᠢᠲᠢᠰᠳᠦ ᠬᠥᠮᠦᠨ ᠢ᠋ᠶ᠋ᠡᠷ ᠦᠵᠡᠭᠦᠯᠵᠦ ᠥᠩᠭᠡᠷᠡᠭᠰᠡᠨ ᠭᠠᠵᠠᠷ ᠪᠣᠢ᠃ ᠡᠨᠡ ᠤᠯᠤᠰ ᠲᠥᠷᠥ ᠳ᠋ᠦ᠍ᠷ ᠲᠥᠷᠥᠵᠦ᠂ ᠡᠨᠡ ᠤᠯᠤᠰ ᠲᠥᠷᠥ ᠳ᠋ᠦ᠍ᠷ ᠠᠮᠢᠳᠤᠷᠠᠨ᠂ ᠡᠨᠡ ᠤᠯᠤᠰ ᠲᠥᠷᠥ ᠳ᠋ᠦ᠍ᠷ ᠦᠬᠦᠬᠦ ᠰᠠᠢᠳ ᠠᠨᠤ ᠪᠥᠭᠡᠳ ᠥᠪᠡᠷᠦᠨ ᠤᠯᠤᠰ ᠲᠥᠷᠥ ᠶ᠋ᠢᠨ ᠲᠤᠯᠠ ᠦᠯᠦ ᠪᠣᠳᠣᠬᠤ ᠶᠣᠰᠣ ᠪᠣᠢ ᠤᠤ?》 ᠭᠡᠮᠡᠨ ᠬᠠᠷᠠᠬᠠᠨ ᠦᠢᠮᠡᠯᠳᠦᠬᠦᠶ᠎ᠡ᠂ ᠪᠠᠷᠠᠭᠤᠨ ᠰᠢᠩ ᠰᠠ ᠳᠠᠯᠠᠢ ᠠ᠋ᠴᠠ ᠲᠠᠢᠽᠢ ᠯᠢ ᠼᠦᠨ ᠰᠢᠦᠢ ᠲᠠᠪᠤᠨ ᠮᠢᠩᠭᠠᠨ ᠴᠡᠷᠢᠭ ᠠᠪᠴᠤ ᠲᠠᠪᠢᠨ ᠲᠦᠮᠡᠨ ᠯᠠᠩ ᠤ᠋ᠨ ᠡᠳ᠋ ᠠᠭᠤᠷᠠᠰᠤᠨ ᠢ᠋ ᠬᠦᠷᠭᠡᠵᠦ ᠢᠷᠡᠭᠡᠳ᠂ ᠲᠡᠨᠳᠡᠬᠢ ᠲᠩᠷᠢ ᠠᠭᠤᠯᠠᠨ ᠤ᠋ ᠴᠢᠦ ᠰᠢᠶᠠᠨ ᠭᠦᠸᠧ᠂ ᠪᠡᠶ᠎ᠡ ᠪᠡᠷ ᠴᠡᠷᠢᠭ ᠦ᠋ᠨ ᠪᠠᠯᠭᠠᠳ ᠲᠤᠷ ᠵᠠᠯᠠᠷᠠᠨ ᠢᠷᠡᠵᠦ:
《ᠲᠠᠨ ᠤ᠋ ᠲᠠᠩᠭᠤᠳ ᠤᠯᠤᠰ ᠲᠤᠷ ᠥᠪᠡᠷ ᠢ᠋ᠶ᠋ᠡᠨ ᠡᠳᠦᠭᠡᠭᠰᠡᠨ ᠶᠡᠬᠡ ᠴᠡᠷᠢᠭ ᠲᠡᠢᠨ ᠦ᠌ ᠵᠣᠪᠠᠯᠠᠩ ᠳᠡᠭᠳᠡᠵᠦ ᠭᠠᠮᠰᠢᠭ ᠦᠷᠭᠦᠯᠵᠢᠯᠡᠨ ᠡᠬᠢᠯᠡᠪᠡ᠂ ᠦᠳᠲᠡᠷ ᠲᠦᠷᠭᠡᠨ᠎ᠡ ᠳᠣᠪᠲᠣᠯᠤᠨ ᠤᠯᠤᠰ ᠲᠤᠷ ᠡᠭᠡᠵᠦ᠂ ᠶᠠᠮᠪᠠᠷ ᠤᠯᠤᠰ ᠯᠤᠭ᠎ᠠ ᠲᠡᠢᠨ ᠳᠡᠭᠳᠡᠭᠰᠡᠨ ᠪᠣᠯᠪᠠᠰᠤ ᠲᠦᠷᠭᠡᠨ᠎ᠡ ᠵᠣᠭᠰᠣᠵᠤ᠂ ᠶᠠᠯ᠎ᠠ ᠬᠦᠯᠢᠶᠡᠨ ᠡᠶᠡᠳᠡᠲᠦᠭᠡᠢ᠂ ᠪᠤᠰᠤ ᠪᠣᠯᠪᠠᠰᠤ ᠤᠯᠤᠰ ᠮᠥᠬᠥᠵᠦ ᠲᠥᠷᠥ ᠡᠪᠳᠡᠷᠡᠬᠦ ᠶᠡᠬᠡ ᠵᠣᠪᠠᠯᠠᠩ ᠪᠣᠯᠤᠮᠤᠢ 》 ᠬᠡᠮᠡᠭᠰᠡᠨ ᠳ᠋ᠦ᠍ᠷ ᠵᠢᠨ ᠭᠦᠩᠵᠦ᠂ ᠡᠨᠡ ᠯᠠᠪ ᠮᠣᠩᠭᠣᠯ ᠳ᠋ᠤᠷ ᠠᠯᠪᠠ ᠳᠤᠲᠠᠭᠤᠯᠤᠭᠰᠠᠨ ᠤ᠋ ᠣᠴᠢᠷ᠎ᠠ ᠲᠡᠢᠨ ᠳᠡᠭᠳᠡᠭᠰᠡᠨ ᠢ᠋ ᠪᠠᠷᠤᠭᠯᠠᠵᠤ ᠮᠡᠳᠡᠭᠡᠳ ᠳᠠᠷᠤᠢ ᠥᠳᠥ ᠶ᠋ᠢ ᠳᠠᠭᠠᠭᠤᠯᠤᠨ ᠢᠯᠡᠭᠡᠵᠦ ᠥᠭᠡᠳᠡ ᠤᠷᠤᠭᠤ ᠬᠠᠷᠠᠭᠠᠯᠵᠠᠭᠲᠤᠨ ᠬᠡᠮᠡᠵᠦ᠂ ᠰᠣᠳᠣ ᠶ᠋ᠢ ᠦᠯᠡᠳᠡᠭᠡᠪᠡ᠃
ᠲᠡᠳᠦᠢ ᠲᠠᠩᠭᠤᠳ ᠤᠯᠤᠰ ᠤ᠋ᠨ ᠲᠥᠷᠥ ᠳ᠋ᠦ᠍ᠷ ᠬᠠᠷᠠᠬᠠᠨ ᠲᠣᠭᠣᠭ᠎ᠠ ᠪᠤᠴᠠᠯᠬᠤ ᠮᠡᠲᠦ ᠠᠶᠤᠯᠳᠤᠨ ᠠᠢᠮᠠᠯᠳᠤᠬᠤᠶᠠ ᠲᠣᠬᠢᠶᠠᠯᠳᠤᠭᠰᠠᠨ ᠢ᠋ᠶ᠋ᠠᠷ ᠲᠠᠩᠭᠤᠳ ᠤ᠋ᠨ ᠡᠵᠡᠨ ᠯᠢ ᠠᠨ ᠴᠢᠦᠸᠠᠨ᠂ ᠤᠭ ᠠ᠋ᠴᠠ ᠮᠥᠨ ᠲᠥᠯᠭᠡ ᠪᠡᠯᠭᠡ ᠶ᠋ᠢ ᠡᠷᠬᠢᠯᠡᠳᠡᠭ ᠡᠭᠡᠯ ᠬᠥᠮᠦᠨ ᠲᠤᠯᠠ᠂ ᠳᠠᠷᠤᠢ ᠯᠢᠦ ᠪᠦᠸᠧ ᠯᠢᠨ ᠢ᠋ ᠭᠤᠶᠤᠵᠤ ᠡᠯᠴᠢ ᠪᠣᠯᠭᠠᠨ ᠥᠳᠥ ᠶ᠋ᠢ ᠦᠨᠡᠬᠡᠷ ᠡᠨᠡᠷᠢᠲᠡᠯᠡ ᠭᠤᠶᠤᠴᠢᠯᠠᠨ᠂ ᠬᠣᠢᠲᠤ ᠶ᠋ᠢᠨ ᠣᠯᠵᠠ᠂ ᠪᠠᠷᠠᠭᠤᠨ ᠤ᠋ ᠠᠰᠢᠭ ᠲᠠᠢ ᠨᠡᠢᠯᠡᠭᠦᠯᠦᠨ᠂ ᠠᠷᠤ ᠭᠠᠵᠠᠷ ᠤ᠋ᠨ ᠠᠭᠠᠯᠵᠢᠨ ᠬᠠᠰᠠᠭ ᠢ᠋ᠶ᠋ᠠᠷ ᠮᠢᠩᠭᠠᠨ ᠲᠡᠷᠭᠡ ᠪᠡᠯᠡᠭ ᠲᠡᠭᠡᠭᠡᠵᠦ᠂ ᠶᠠᠯ᠎ᠠ ᠬᠦᠯᠢᠶᠡᠷ᠎ᠡ ᠢᠷᠡᠭᠰᠡᠨ ᠠᠵᠤᠭᠤ᠃ ᠲᠡᠢᠨ ᠬᠦ᠌ ᠳᠤᠲᠠᠭᠤᠯᠤᠭᠰᠠᠨ ᠠᠯᠪᠠᠨ ᠢ᠋ ᠲᠣᠭ᠎ᠠ ᠶᠣᠰᠣᠭᠠᠷ ᠪᠦᠷᠢᠳᠬᠡᠨ ᠲᠥᠯᠥᠵᠦ᠂ ᠡᠨᠡ ᠵᠢᠯ ᠦ᠋ᠨ ᠠᠯᠪᠠ ᠲᠠᠢ ᠭᠦᠢᠴᠡᠳᠬᠡᠨ ᠪᠠᠷᠢᠭᠰᠠᠨ ᠳ᠋ᠤᠷ ᠬᠡᠷᠡᠭ ᠦ᠋ᠨ ᠥᠩᠭᠡ ᠪᠣᠯᠤᠮᠠᠷ ᠲᠤᠯᠠ ᠲᠠᠢᠽᠢ ᠴᠠᠭᠠᠲᠠᠢ ᠳᠣᠲᠣᠷ᠎ᠠ ᠪᠠᠨ ᠰᠡᠮᠡᠬᠡᠷ ᠪᠠᠶᠠᠷᠯᠠᠨ ᠳᠠᠷᠤᠢ ᠤᠳᠤᠷᠢᠳᠤᠨ ᠲᠥᠷᠥ ᠳ᠋ᠦ᠍ᠷ ᠭᠠᠷᠴᠤ ᠥᠳᠥ ᠶ᠋ᠢ ᠪᠠᠷᠠᠭᠠᠳᠠᠭᠤᠯᠤᠨ ᠮᠥᠷᠭᠥᠭᠦᠯᠵᠦ᠂ ᠲᠠᠩᠭᠤᠳ ᠤᠯᠤᠰ ᠤ᠋ᠨ ᠨᠢᠳᠤᠨᠤᠨ ᠤ᠋ ᠳᠤᠲᠠᠭᠤ ᠠᠯᠪᠠ ᠪᠠ ᠡᠨᠡ ᠵᠢᠯ ᠦ᠋ᠨ ᠪᠦᠬᠦᠯᠢ ᠠᠯᠪᠠ ᠬᠢᠭᠡᠳ ᠶᠠᠯ᠎ᠠ ᠬᠦᠯᠢᠶᠡᠨ ᠪᠤᠷᠤᠭᠤ ᠪᠠᠨ ᠵᠣᠯᠢᠬᠤ ᠵᠣᠯᠢᠶ᠎ᠠ ᠲᠣᠷᠭᠠᠭᠤᠯᠢ ᠶ᠋ᠢᠨ ᠡᠳ᠋ ᠲᠠᠸᠠᠷ᠂ ᠠᠴᠤᠭ ᠠᠭᠤᠷᠠᠰᠤᠨ ᠮᠢᠩᠭᠠᠨ ᠲᠡᠷᠭᠡ ᠲᠡᠭᠡᠭᠡᠵᠦ᠂ ᠲᠡᠳᠡᠨ ᠦ᠌ ᠶᠡᠬᠡ ᠰᠠᠢᠳ ᠯᠢᠦ ᠪᠦᠸᠧ ᠯᠢᠨ᠂ ᠳᠤᠷᠠᠲᠠᠶ᠎ᠠ ᠡᠵᠡᠨ ᠦ᠌ ᠪᠡᠨ ᠲᠥᠯᠥᠭᠡ ᠦᠬᠦᠬᠦ ᠶ᠋ᠢ ᠬᠦᠯᠢᠶᠡᠨ ᠠᠪᠤᠷᠠ ᠢᠷᠡᠭᠰᠡᠨ ᠤᠴᠢᠷ ᠢ᠋ ᠲᠠᠢᠽᠦ ᠴᠢᠩᠭᠢᠰ ᠬᠠᠭᠠᠨ ᠳ᠋ᠤᠷ ᠨᠠᠷᠢᠪᠴᠢᠯᠠᠨ ᠠᠢᠯᠠᠳᠬᠠᠭᠰᠠᠨ ᠳ᠋ᠤᠷ ᠬᠠᠭᠠᠨ ᠤ᠋ ᠭᠡᠭᠡᠨ ᠪᠠᠬᠠᠨ ᠮᠦᠰᠢᠶᠡᠵᠦ ᠵᠠᠷᠯᠢᠭ ᠪᠣᠯᠤᠷᠤᠨ:
ᠥᠴᠦᠬᠡᠨ ᠬᠥᠮᠦᠨ ᠦ᠌ ᠦᠭᠡᠰ ᠦᠨᠡᠮᠴᠢ ᠦᠭᠡᠢ
ᠦᠭᠡᠨᠴᠡ ᠬᠥᠮᠦᠨ ᠦ᠌ ᠦᠢᠯᠡᠰ ᠲᠣᠭᠲᠠᠭᠤᠷᠢ ᠦᠭᠡᠢ᠃
ᠥᠨᠥ ᠲᠠᠩᠭᠠᠷᠢᠭᠯᠠᠭᠠᠳ ᠥᠩᠭᠡᠷᠡᠮᠡᠭᠴᠡ ᠪᠠᠰᠠ ᠤᠷᠪᠠᠮᠤᠢ
ᠦᠨᠡᠨ ᠬᠤᠳᠠᠯ ᠠᠯᠢ ᠴᠤ᠌ ᠪᠣᠯᠪᠠ᠂ ᠥᠷᠥᠰᠢᠶᠡᠨ ᠳᠠᠭᠠᠭᠤᠯᠬᠤ ᠵᠦᠢ᠃
ᠬᠡᠮᠡᠭᠰᠡᠨ ᠳ᠋ᠦ᠍ᠷ ᠵᠢᠴᠢ ᠡᠳᠦᠷ ᠲᠠᠩᠭᠤᠳ ᠤᠯᠤᠰ ᠤ᠋ᠨ ᠡᠯᠴᠢ ᠪᠡᠶ᠎ᠡ ᠳ᠋ᠦ᠍ᠷ ᠶᠠᠯᠠᠲᠤ ᠬᠤᠪᠴᠠᠳ ᠬᠦᠵᠦᠭᠦᠨ ᠳ᠋ᠦ᠍ᠷ ᠲᠡᠮᠦᠷ ᠰᠤᠭᠤᠨᠠᠭ ᠵᠡᠭᠦᠵᠦ᠂ ᠶᠠᠯ᠎ᠠ ᠬᠦᠯᠢᠶᠡᠬᠦ ᠪᠣᠳᠣᠷᠣᠣᠯ ᠪᠢᠴᠢᠭ ᠢ᠋ ᠲᠡᠷᠢᠭᠦᠨ ᠦ᠌ ᠳᠡᠭᠡᠷ᠎ᠡ ᠪᠡᠨ ᠪᠠᠷᠢᠵᠤ ᠶᠡᠨᠳᠡᠷ ᠦ᠋ᠨ ᠳᠣᠣᠷ᠎ᠠ ᠰᠥᠭᠥᠳᠴᠦ᠂ ᠶᠠᠯ᠎ᠠ ᠬᠦᠯᠢᠶᠡᠬᠦᠶ᠎ᠡ ᠬᠠᠭᠠᠨ ᠵᠠᠷᠯᠢᠭ ᠪᠣᠯᠤᠷᠤᠨ᠄
《ᠲᠠᠩᠭᠤᠳ ᠬᠡᠮᠡᠭᠴᠢ ᠲᠦᠪᠡ ᠢᠵᠠᠭᠤᠷᠲᠠᠨ ᠪᠥᠭᠡᠲᠡᠯ᠎ᠡ᠂ ᠬᠢᠲᠠᠳ ᠮᠡᠲᠦ ᠢᠲᠡᠭᠡᠯ ᠦᠭᠡᠢ ᠪᠡᠷ ᠶᠠᠪᠤᠬᠤ ᠠᠵᠠᠢ? ᠰᠢᠳᠠᠷ ᠳᠡᠷᠭᠡᠳᠡ ᠢᠨᠦ ᠰᠠᠢᠨ ᠰᠠᠢᠳ ᠪᠠᠢᠪᠠᠰᠤ᠂ ᠰᠢᠳᠤᠷᠭᠤ ᠰᠢᠯᠤᠭᠤᠨ ᠢ᠋ᠶ᠋ᠠᠷ ᠤᠯᠤᠰ ᠢᠷᠭᠡᠨ ᠢ᠋ᠶ᠋ᠡᠨ ᠠᠮᠤᠭᠤᠯᠬᠤ ᠪᠣᠯᠠᠢ 》ᠭᠡᠮᠡᠨ ᠶᠠᠯ᠎ᠠ ᠶ᠋ᠢ ᠬᠡᠯᠲᠦᠷᠢᠭᠦᠯᠦᠨ᠂ ᠬᠤᠷᠢᠮ ᠬᠦᠷᠲᠡᠭᠡᠨ ᠱᠠᠩ ᠥᠭᠴᠦ᠂ ᠳᠡᠭᠦᠨᠦ ᠨᠡᠢᠰᠯᠡᠯ ᠦ᠋ᠨ ᠵᠦᠭ ᠪᠠᠢᠯᠳᠤᠬᠤ ᠶ᠋ᠢ ᠪᠠᠢᠵᠤ᠂ ᠶᠡᠬᠡ ᠵᠢᠭᠰᠠᠭᠠᠯ ᠡᠮᠦᠨ᠎ᠡ ᠵᠦᠭ ᠢᠦᠢ ᠵᠧᠦ ᠬᠢᠭᠡᠳ ᠰᠢ ᠵᠢᠩ ᠵᠧᠦ ᠶ᠋ᠢ ᠪᠠᠢᠴᠠᠭᠠᠷᠠ ᠣᠷᠣᠵᠤ᠂ ᠣᠯᠣᠭᠠᠢ ᠬᠣᠲᠠ ᠶ᠋ᠢ ᠳᠠᠷᠤᠢ ᠯᠢᠦ ᠶᠦᠩ ᠹᠦ ᠪᠡᠷ ᠳᠠᠷᠤᠭᠤᠯᠤᠨ ᠰᠠᠬᠢᠭᠤᠯᠵᠤ᠂ ᠬᠠᠭᠠᠨ ᠤ᠋ ᠶᠡᠬᠡ ᠵᠠᠭᠰᠠᠭᠠᠯ᠂ ᠢᠦᠢ ᠵᠧᠦ ᠬᠢᠭᠡᠳ ᠰᠢ ᠵᠢᠩ ᠵᠧᠦ ᠬᠣᠶᠠᠷ ᠹᠦ ᠳ᠋ᠦ᠍ᠷ ᠬᠦᠷᠴᠦ ᠢᠦᠢ ᠵᠧᠦ ᠳ᠋ᠦ᠍ᠷ ᠳᠠᠷᠤᠨ ᠰᠠᠭᠤᠵᠤ ᠮᠣᠩᠭᠣᠯ ᠤ᠋ᠨ ᠵᠠᠩᠵᠤᠨ ᠯᠢᠦ ᠫᠦ᠂ ᠰᠢ ᠵᠢᠩ ᠵᠧᠦ ᠶ᠋ᠢ ᠳᠠᠷᠤᠨ ᠰᠠᠭᠤᠬᠤ ᠯᠢᠦ ᠵᠦᠩ ᠯᠦ᠍᠂ ᠵᠢᠴᠢ ᠬᠣᠢᠨ᠎ᠠ ᠠ᠋ᠴᠠ ᠬᠠᠮᠠᠭᠠᠯᠠᠷ᠎ᠠ ᠢᠷᠡᠭᠰᠡᠨ ᠬᠣᠶᠠᠷ ᠪᠠᠭ᠎ᠠ ᠵᠠᠩᠵᠤᠨ ᠬᠦᠳᠡᠷ ᠪᠦᠰᠡ᠂ ᠬᠦᠷᠡᠯ ᠪᠦᠰᠡ ᠲᠠᠨ ᠶᠡᠬᠡᠯ᠎ᠡ ᠪᠠᠶᠠᠷᠯᠠᠯᠴᠠᠨ ᠬᠠᠭᠠᠨ ᠤ᠋ ᠵᠢᠭᠰᠠᠭᠠᠯ ᠢ᠋ ᠤᠭᠲᠤᠨ ᠮᠥᠷᠭᠥᠵᠦ᠂ ᠶᠡᠬᠡ ᠶᠠᠮᠤᠨ᠎ᠠ ᠬᠠᠨ ᠥᠷᠭᠥᠭᠡ ᠶ᠋ᠢ ᠪᠠᠷᠢᠵᠤ ᠵᠤᠨ ᠤ᠋ ᠳᠤᠮᠳᠠᠳᠤ ᠰᠠᠷ᠎ᠠ ᠪᠣᠯᠲᠠᠯ᠎ᠠ ᠵᠠᠯᠠᠷᠠᠨ ᠰᠠᠭᠤᠬᠤᠶ᠎ᠠ ᠰᠥᠩ ᠤᠯᠤᠰ ᠤ᠋ᠨ ᠰᠣᠯᠢᠭᠤᠷᠠᠯ᠂ ᠠᠯᠲᠠᠨ ᠤᠯᠤᠰ ᠤ᠋ᠨ ᠵᠢᠭᠤᠷᠭᠠᠨ ᠢ᠋ ᠡᠳᠦᠷ ᠡᠳᠦᠷ ᠢᠷᠡᠵᠦ ᠠᠢᠯᠠᠳᠬᠠᠮᠤᠢ᠃ ᠰᠥᠩ᠂ ᠠᠯᠲᠠᠨ ᠬᠣᠶᠠᠷ ᠤ᠋ᠨ ᠬᠤᠳᠬᠤᠯᠠᠯ ᠢ᠋ ᠬᠣᠢᠲᠤ ᠪᠦᠯᠦᠭ ᠲᠣᠷ ᠬᠤᠷᠢᠶᠠᠩᠭᠤᠢᠯᠠᠨ ᠲᠣᠭᠠᠴᠢᠬᠤ ᠶ᠋ᠢ ᠰᠣᠨᠣᠰᠤᠭᠳᠠᠬᠤᠢ᠃
ᠪᠠᠭᠠᠲᠤᠷ ᠪᠣᠳᠣᠯᠭ᠎ᠠ ᠶ᠋ᠢ ᠬᠠᠮᠲᠤ ᠬᠡᠷᠡᠭᠯᠡᠭᠰᠡᠨ ᠪᠣᠳᠣ ᠹᠦᠮᠨ ᠢ᠋ ᠭᠠᠢᠬᠠᠵᠤ ᠪᠣᠯᠤᠯᠲᠠᠢ
ᠪᠠᠲᠤ ᠢᠲᠡᠭᠡᠮᠵᠢ ᠶ᠋ᠢ ᠬᠠᠷᠠᠲᠠᠯ᠎ᠠ ᠦᠵᠡᠭᠦᠯᠦᠭᠰᠡᠨ ᠴᠠᠭᠠᠲᠠᠢ ᠶ᠋ᠢ ᠲᠠᠢᠽᠢ ᠴᠤ᠌ ᠭᠠᠪᠰᠢᠭᠠᠢ ᠪᠣᠯᠤᠯᠲᠠᠢ᠃
ᠪᠠᠷᠢᠭᠳᠠᠵᠤ ᠰᠢᠲᠦᠭᠰᠡᠨ ᠢ᠋ ᠬᠠᠢᠷᠠᠯᠠᠵᠤ ᠪᠣᠯᠤᠯᠲᠠᠢ ᠯᠢᠦ ᠶᠦᠩ ᠪᠦ ᠬᠠᠷᠢᠨᠴᠤ ᠮᠠᠰᠢ ᠵᠦᠢᠲᠡᠢᠬᠡᠨ᠃
ᠪᠠᠯᠠᠮᠠᠳ ᠳᠡᠭᠡᠷᠡᠩᠭᠦᠢ ᠪᠡᠷ ᠬᠠᠷᠠᠭᠠᠯᠵᠠᠯᠠᠯ ᠦᠭᠡᠢ ᠰᠢ ᠪᠧᠢ ᠰᠧ ᠬᠠᠷᠠᠩᠭᠤᠢ ᠮᠤᠩᠬᠠᠭ ᠢᠨᠢᠶᠡᠯᠲᠡᠢ᠃
