ᠠᠯᠢᠶ᠎ᠠ ᠴᠠᠭᠠᠨ ᠢᠰᠢᠭᠡ-ᠰᠣᠶᠣᠯᠰᠠᠢᠬᠠᠨАлиа цагаан ишиг-Соёлсайхан ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠢᠶ᠎ᠠ ᠴᠠᠭᠠᠨ ᠢᠰᠢᠭᠡ-ᠰᠣᠶᠣᠯᠰᠠᠢᠬᠠᠨАлиа цагаан ишиг-Соёлсайхан

ᠠᠯᠢᠶ᠎ᠠ ᠴᠠᠭᠠᠨ ᠢᠰᠢᠭᠡ-ᠰᠣᠶᠣᠯᠰᠠᠢᠬᠠᠨАлиа цагаан ишиг-Соёлсайхан

2024-07-04

1275

ᠠᠯᠢᠶ᠎ᠠ ᠴᠠᠭᠠᠨ ᠢᠰᠢᠭᠡ

       ᠰᠢᠯᠦᠭ᠄ ᠮᠠᠭᠠᠳ᠂ ᠣ᠂ ᠰᠸᠳᠡᠩ    
       ᠠᠶᠠᠯᠭᠤ᠄ ᠰᠠᠷᠡᠨᠬᠦᠦ    
       ᠳᠠᠭᠤᠴᠢᠨ᠄ ᠰᠣᠶᠣᠯᠰᠠᠢᠬᠠᠨ    

ᠠᠭᠢ ᠮᠠᠩᠭᠢᠷ ᠤ᠋ᠨ ᠪᠡᠯᠴᠢᠭᠡᠷ ᠲᠡᠢ    
ᠠᠯᠢᠶ᠎ᠠ ᠴᠠᠭᠠᠨ ᠢᠰᠢᠭᠡ ᠮᠢᠨᠢ    
ᠠᠮᠠᠷᠠᠭ ᠡᠵᠢ ᠶ᠋ᠢᠨ ᠢ᠋ᠶ᠋ᠡᠨ ᠳᠡᠷᠭᠡᠳᠡᠭᠦᠷ    
ᠠᠯᠢᠶᠠᠯᠠᠨ ᠨᠠᠭᠠᠳᠤᠨ ᠲᠣᠭᠯᠠᠨ᠎ᠠ ᠳᠠ    
       ᠠ ᠠ ᠠ    

ᠮᠢᠨᠦ ᠬᠥᠭᠡᠷᠦᠬᠦᠨ ᠢᠰᠢᠭᠡ ᠮᠢᠨᠢ    
ᠮᠢᠩᠭ᠎ᠠ ᠲᠦᠮᠡ ᠪᠡᠷ ᠢ᠋ᠶ᠋ᠡᠨ ᠦᠰᠦᠭᠡᠷᠡᠢ    
ᠬᠦᠮᠡᠯᠢ  ᠳᠠᠭᠠᠨ᠎ᠠ ᠶ᠋ᠢᠨ ᠪᠡᠯᠴᠢᠭᠡᠷ ᠲᠡᠢ    
ᠬᠥᠭᠡᠷᠦᠬᠦᠢ ᠡᠵᠢ ᠶ᠋ᠢᠨ ᠢ᠋ᠶ᠋ᠡᠨ ᠳᠡᠷᠭᠡᠳᠡᠭᠦᠷ    
ᠬᠥᠭᠰᠡᠨ ᠨᠠᠭᠠᠳᠤᠨ ᠲᠣᠭᠯᠠᠨ᠎ᠠ ᠳᠠ
        ᠠ ᠠ ᠠ

ᠮᠢᠨᠦ ᠬᠥᠭᠡᠷᠦᠬᠦᠨ ᠢᠰᠢᠭᠡ ᠮᠢᠨᠢ
ᠮᠢᠩᠭ᠎ᠠ ᠲᠦᠮᠡ ᠪᠡᠷ ᠢ᠋ᠶ᠋ᠡᠨ ᠥᠰᠦᠭᠡᠷᠡᠢ
ᠮᠠᠢᠯᠠᠨ ᠮᠠᠢᠯᠠᠨ ᠭᠦᠶᠦᠯᠳᠦᠭᠰᠡᠨ
ᠮᠢᠨᠳᠠᠰᠤ ᠴᠠᠭᠠᠨ ᠢᠰᠢᠭᠡ ᠮᠢᠨᠢ
ᠮᠠᠩᠨᠤᠭ ᠨᠣᠭᠣᠭᠠᠨ ᠨᠤᠲᠤᠭ ᠲᠤ ᠮᠢᠨᠢ
ᠮᠢᠩᠭ᠎ᠠ ᠲᠦᠮᠡ ᠪᠡᠷ ᠢ᠋ᠶ᠋ᠡᠨ ᠦᠰᠦᠭᠡᠷᠡᠢ
       ᠠ ᠠ ᠠ

ᠮᠢᠨᠦ ᠬᠥᠭᠡᠷᠦᠬᠦᠨ ᠢᠰᠢᠭᠡ ᠮᠢᠨᠢ
ᠮᠢᠩᠭ᠎ᠠ ᠲᠦᠮᠡ ᠪᠡᠷ ᠢ᠋ᠶ᠋ᠡᠨ ᠦᠰᠦᠭᠡᠷᠡᠢ
ᠮᠢᠨᠦ ᠬᠥᠭᠡᠷᠦᠬᠦᠨ ᠢᠰᠢᠭᠡ ᠮᠢᠨᠢ
ᠮᠢᠩᠭ᠎ᠠ ᠲᠦᠮᠡ ᠪᠡᠷ ᠢ᠋ᠶ᠋ᠡᠨ ᠥᠰᠦᠭᠡᠷᠡᠢ

       ᠦᠰᠦᠭ ᠬᠠᠲᠠᠭᠴᠢ᠄ ᠮᠢᠳᠤᠭᠮ᠎ᠠ
       ᠠᠮᠢᠯᠠᠭᠤᠯᠤᠭᠰᠠᠨ ᠨᠢ᠄ ᠳᠡᠯᠭᠡᠷᠴᠡᠴᠡᠭ
       ᠬᠢᠨᠠᠭᠴᠢ᠄ ᠮᠥᠴᠢᠷ