ᠮᠣᠩᠭᠣᠯ ᠰᠣᠶᠣᠯ ᠢ᠋ᠶ᠋ᠠᠨ ᠬᠠᠢᠷᠠᠯᠠᠬᠤ ᠳ᠋ᠤ᠌- ᠭ· ᠴᠢᠩᠪᠠᠭᠠᠲᠤᠷ-Монгол соёлоо хайрлахад-Г·Чинбаатар ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠰᠣᠶᠣᠯ ᠢ᠋ᠶ᠋ᠠᠨ ᠬᠠᠢᠷᠠᠯᠠᠬᠤ ᠳ᠋ᠤ᠌- ᠭ· ᠴᠢᠩᠪᠠᠭᠠᠲᠤᠷ-Монгол соёлоо хайрлахад-Г·Чинбаатар

ᠮᠣᠩᠭᠣᠯ ᠰᠣᠶᠣᠯ ᠢ᠋ᠶ᠋ᠠᠨ ᠬᠠᠢᠷᠠᠯᠠᠬᠤ ᠳ᠋ᠤ᠌- ᠭ· ᠴᠢᠩᠪᠠᠭᠠᠲᠤᠷ-Монгол соёлоо хайрлахад-Г·Чинбаатар

2024-07-04

576

           ᠭ· ᠴᠢᠩᠪᠠᠭᠠᠲᠤᠷ 

      ᠠᠯᠢ ᠴᠤ᠌ ᠦᠨᠳᠦᠰᠦᠲᠡᠨ ᠦ᠌ ᠬᠥᠮᠦᠨ ᠥᠪᠡᠷ ᠦ᠋ᠨ ᠰᠣᠶᠣᠯ ᠲᠡᠦᠬᠡᠨ ᠳ᠋ᠡᠭᠡᠨ ᠬᠠᠢᠷᠠᠲᠠᠢ᠃ ᠰᠣᠶᠣᠯ ᠳ᠋ᠠᠭᠠᠨ ᠬᠠᠢᠷ᠎ᠠ ᠦᠭᠡᠢ ᠦᠨᠳᠦᠰᠦᠲᠡᠨ ᠪᠣᠯ ᠢᠷᠡᠭᠡᠳᠦᠢ ᠶ᠋ᠢᠨ ᠡᠷᠡᠮᠡᠯᠵᠡᠯ ᠦᠭᠡᠢ ᠦᠨᠳᠦᠰᠦᠲᠡᠨ ᠭᠡᠳᠡᠭ ᠢ᠋ ᠮᠡᠳᠡᠳᠡᠭ ᠪᠣᠯᠬᠣᠷ ᠢ᠋ᠶ᠋ᠠᠨ ᠲᠡᠷᠡ! ᠪᠢᠳᠡ ᠴᠤ᠌ ᠥᠪᠡᠷ ᠦ᠋ᠨ ᠮᠣᠩᠭᠣᠯ ᠰᠣᠶᠣᠯ ᠳ᠋ᠠᠭᠠᠨ ᠬᠠᠢᠷᠠᠲᠠᠢ᠃ ᠠᠮᠢᠳᠤ ᠶᠠᠪᠤᠭ᠎ᠠ ᠶ᠋ᠢᠨ ᠮᠠᠨᠢ ᠬᠠᠮᠤᠭ ᠤ᠋ᠨ ᠶᠡᠬᠡ ᠤᠳᠬ᠎ᠠ ᠠᠭᠤᠯᠭ᠎ᠠ ᠪᠣᠯ ᠰᠣᠶᠣᠯ ᠢ᠋ᠶ᠋ᠠᠨ ᠬᠠᠢᠷᠠᠯᠠᠬᠤ᠂ ᠰᠣᠶᠣᠯ ᠤ᠋ᠨ ᠲᠤᠯᠭ᠎ᠠ ᠳ᠋ᠠᠭᠠᠨ ᠭᠠᠯ ᠨᠡᠮᠡᠬᠦ ᠶᠠᠪᠤᠳᠠᠯ ᠭᠡᠵᠦ ᠣᠢᠯᠠᠭᠠᠬᠤ ᠳ᠋ᠤ᠌ ᠢᠯᠡᠭᠦᠳᠡᠬᠦ ᠦᠭᠡᠢ᠃ ᠭᠡᠪᠡᠴᠦ《ᠰᠣᠶᠣᠯ》 ᠭᠡᠳ ᠶᠠᠷᠢᠬᠤ ᠳ᠋ᠤ᠌ ᠰᠣᠶᠣᠯ ᠭᠡᠳᠡᠭ ᠴᠢᠨᠢ ᠴᠣᠬᠣᠮ ᠶᠠᠭᠤ ᠪᠢᠯᠡ? ᠶᠠᠭᠤ ᠶ᠋ᠢ ᠨᠢ ᠶᠠᠭᠠᠬᠢᠵᠤ ᠬᠠᠢᠷᠠᠯᠠᠬᠤ ᠪᠢᠯᠡ? ᠶᠠᠭᠠᠬᠢᠵᠤ ᠬᠠᠢᠷᠠᠯᠠᠪᠠᠯ ᠬᠠᠢᠷᠠᠯᠠᠭᠰᠠᠨ ᠳ᠋ᠤ᠌ ᠲᠣᠭᠠᠴᠠᠭᠳᠠᠬᠤ ᠪᠢᠯᠡ? ᠭᠡᠳᠡᠭ ᠰᠢᠨᠠᠯᠭᠠᠯ ᠲᠠᠢ ᠠᠰᠠᠭᠤᠳᠠᠯ ᠲᠤᠯᠭᠠᠷᠠᠨ᠎ᠠ᠃《ᠰᠣᠶᠣᠯ》 ᠭᠡᠳᠡᠭ ᠤᠬᠠᠭᠳᠠᠬᠤᠨ ᠦᠨᠡᠬᠡᠷ ᠦ᠋ᠨ ᠬᠡᠢᠰᠪᠦᠷᠢ ᠤᠬᠠᠭᠳᠠᠬᠤᠨ ᠪᠣᠯᠬᠣᠷ ᠢ᠋ᠶ᠋ᠠᠨ ᠡᠢᠮᠦ ᠪᠤᠳᠤᠯᠢᠭᠤᠯᠤᠭᠰᠠᠨ ᠠᠰᠠᠭᠤᠳᠠᠯ ᠢ᠋ ᠠᠪᠴᠢᠷᠠᠵᠤ ᠪᠣᠢ ᠶᠤᠮ᠃ ᠲᠡᠭᠡᠭᠡᠳ ᠯᠡ《ᠮᠣᠩᠭᠣᠯ ᠰᠣᠶᠣᠯ ᠳ᠋ᠠᠭᠠᠨ ᠬᠠᠢᠷᠠᠲᠠᠢ ᠬᠥᠮᠦᠨ》 ᠭᠡᠳᠡᠭ ᠨᠢ ᠰᠣᠶᠣᠯ ᠤ᠋ᠨ ᠪᠠᠢᠭᠤᠯᠭ᠎ᠠ ᠳ᠋ᠤ᠌ ᠠᠵᠢᠯᠯᠠᠳᠠᠭ᠂ ᠨᠣᠮ ᠪᠢᠴᠢᠭ ᠬᠡᠪᠯᠡᠭᠦᠯᠦᠭᠰᠡᠨ᠂ ᠡᠷᠳᠡᠮᠲᠡᠨ ᠪᠢᠰᠢ ᠪᠣᠯ ᠵᠣᠬᠢᠶᠠᠯᠴᠢ᠂ ᠫᠷᠣᠹᠧᠰᠰᠣᠷ ᠪᠢᠰᠢ ᠪᠣᠯ ᠳ᠋ᠣᠺᠲ᠋ᠣᠷ ᠯᠠ ᠬᠥᠮᠦᠨ ᠪᠠᠢᠵᠤ ᠲᠠᠭᠠᠷᠠᠨ᠎ᠠ ᠭᠡᠰᠡᠨ ᠪᠣᠯᠬᠢ ᠣᠢᠯᠠᠭᠠᠯᠲᠠ ᠭᠠᠵᠠᠷ ᠠᠪᠴᠤ᠂ ᠲᠡᠳᠡ ᠯᠠ ᠰᠣᠶᠣᠯ ᠢ᠋ᠶ᠋ᠠᠨ ᠬᠠᠢᠷᠠᠯᠠᠵᠤ ᠴᠢᠳᠠᠳᠠᠭ᠂ ᠲᠡᠳᠡ ᠯᠠ ᠰᠣᠶᠣᠯ ᠳ᠋ᠠᠭᠠᠨ ᠭᠠᠪᠢᠶ᠎ᠠ ᠵᠢᠳᠬᠦᠯ ᠲᠡᠢ  ᠬᠥᠮᠦᠰ ᠶᠦᠮ ᠰᠢᠭ᠋ ᠡᠨᠳᠡᠭᠦᠷᠡᠭᠳᠡᠳᠡᠭ ᠪᠣᠯᠤᠭᠰᠠᠨ ᠶᠤᠮ᠃ ᠭᠡᠪᠡᠴᠦ ᠬᠥᠮᠦᠨ ᠪᠣᠯᠭᠠᠨ ᠫᠷᠣᠹᠧᠰᠰᠣᠷ ᠳ᠋ᠣᠺᠲ᠋ᠣᠷ ᠨᠢ ᠪᠢᠰᠢ ᠪᠣᠯᠬᠣᠷ ᠬᠠᠢᠷᠠᠲᠠᠢ ᠰᠣᠶᠣᠯ ᠤ᠋ᠨ ᠢ᠋ᠶ᠋ᠠᠨ ᠲᠥᠯᠥᠭᠡ ᠬᠠᠢᠷ᠎ᠠ ᠪᠠᠨ ᠵᠣᠷᠢᠭᠤᠯᠵᠤ ᠴᠢᠳᠠᠬᠤ ᠦᠭᠡᠢ ᠪᠠᠶ᠋ᠢᠭ᠎ᠠ ᠶᠤᠮ ᠰᠢᠬ  ᠰᠢᠨᠠᠯᠳᠠᠭ᠃ ᠦᠨᠡᠨ ᠳ᠋ᠡᠭᠡᠨ ᠲᠡᠢᠮᠦ ᠪᠢᠰᠢ ᠯᠡ ᠳᠡ᠃ ᠪᠢᠳᠡ ᠴᠤ ᠠᠳᠠᠯᠢᠬᠠᠨ ᠴᠢᠩ ᠬᠠᠢᠷ᠎ᠠ ᠪᠠᠨ ᠵᠣᠷᠢᠭᠤᠯᠵᠤ᠂ ᠦᠨᠡᠨᠴᠢ ᠵᠢᠳᠬᠦᠯ ᠢ᠋ᠶ᠋ᠡᠨ ᠨᠡᠮᠡᠷᠢᠯᠡᠬᠦ ᠪᠣᠯᠤᠮᠵᠢ ᠵᠥᠩᠳᠡᠭᠡᠨ ᠪᠣᠢ᠃ ᠥᠴᠦᠬᠡᠨ ᠶᠠᠭᠤᠮᠠᠨ ᠠ᠋ᠴᠠ ᠡᠬᠢᠯᠡᠭᠡᠳ ᠠᠩᠬᠠᠷᠴᠤ ᠵᠢᠷᠤᠮᠯᠠᠬᠤ ᠳ᠋ᠤ᠌ ᠯᠠ ᠰᠣᠶᠣᠯ ᠳ᠋ᠠᠭᠠᠨ ᠢᠪᠢᠯᠦᠭᠰᠡᠨ ᠬᠠᠢᠷ᠎ᠠ ᠮᠠᠨᠢ ᠪᠡᠶᠡᠯᠡᠯ ᠢ᠋ᠶ᠋ᠡᠨ ᠣᠯᠵᠤ ᠴᠢᠳᠠᠨ᠎ᠠ᠃ ᠡᠭᠦᠨ ᠢ᠋ ᠤᠬᠠᠭᠠᠷᠠᠭᠰᠠᠨ ᠴᠠᠭ ᠲᠤ᠌ ᠦᠨᠳᠦᠰᠦᠲᠡᠨ ᠦ᠌ ᠢᠷᠭᠡᠨ ᠪᠣᠯᠭᠠᠨ ᠡᠬᠡ ᠰᠣᠶᠣᠯ  ᠳ᠋ᠠᠭᠠᠨ ᠬᠠᠷᠢᠭᠤᠴᠠᠯᠭ᠎ᠠ  ᠪᠠᠨ ᠭᠦᠢᠴᠡᠳᠬᠡᠵᠦ᠂ ᠣᠪᠣᠭᠠᠨ ᠳ᠋ᠤᠨᠢ ᠴᠢᠯᠠᠭᠤ ᠨᠡᠮᠡᠵᠦ᠂ ᠲᠤᠯᠭ᠎ᠠ ᠳ᠋ᠤᠨᠢ ᠭᠠᠯ ᠦᠷᠲᠡᠵᠤ ᠴᠢᠳᠠᠨ᠎ᠠ᠃
      ᠮᠣᠩᠭᠣᠯ ᠨᠣᠮ ᠰᠡᠳᠬᠦᠯ ᠶ᠋ᠢᠡᠨ ᠪᠠᠶ᠋ᠢᠩᠭᠤ ᠤᠩᠰᠢᠵᠤ ᠪᠠᠶ᠋ᠢᠶ᠎ᠠ᠃ ᠬᠡᠦᠬᠡᠳ ᠶ᠋ᠢᠡᠨ ᠮᠣᠩᠭᠣᠯ ᠴᠡᠴᠡᠷᠯᠢᠭ᠂ ᠮᠣᠩᠭᠣᠯ ᠰᠤᠷᠭᠠᠭᠤᠯᠢ ᠳ᠋ᠤᠨᠢ ᠰᠤᠷᠤᠯᠴᠠᠭᠤᠯᠤᠶ᠎ᠠ᠃ ᠬᠡᠦᠬᠡᠳ ᠲᠡᠭᠡᠨ ᠮᠣᠩᠭᠣᠯ ᠲᠡᠦᠬᠡ ᠰᠣᠶᠣᠯ ᠦ᠋ᠨ ᠲᠤᠬᠠᠢ ᠪᠠᠶ᠋ᠢᠩᠭᠤ ᠶᠠᠷᠢᠵᠤ ᠰᠣᠨᠣᠰᠬᠠᠵᠤ᠂ ᠬᠡᠦᠬᠡᠳ ᠲᠡᠢ ᠪᠡᠨ ᠮᠣᠩᠭᠣᠯ ᠶ᠋ᠢᠠᠷ ᠶ᠋ᠢᠠᠨ ᠬᠡᠯᠡᠯᠴᠡᠵᠦ ᠪᠠᠶ᠋ᠢᠶ᠎ᠠ᠃ ᠳᠡᠭᠡᠳᠦ ᠡᠴᠡ ᠤᠯᠠᠮᠵᠢᠯᠠᠭᠰᠠᠨ ᠵᠠᠩ ᠣᠶ᠋ᠢᠯᠠ ᠪᠠᠨ ᠵᠢᠷᠤᠮᠯᠠᠵᠤ ᠪᠠᠶ᠋ᠢᠶ᠎ᠠ᠃ ᠠᠵᠢᠯ ᠠᠮᠢᠳᠤᠷᠠᠯ ᠳ᠋ᠠᠭᠠᠨ ᠮᠣᠩᠭᠣᠯ ᠬᠡᠯᠡ ᠪᠢᠴᠢᠭ ᠶ᠋ᠢᠡᠨ ᠬᠦᠨᠳᠦᠳᠬᠡᠨ ᠬᠡᠷᠡᠭᠯᠡᠵᠦ ᠪᠠᠶ᠋ᠢᠶ᠎ᠠ᠃ ᠬᠣᠭᠣᠷᠣᠨᠳᠣ ᠪᠠᠨ ᠮᠣᠩᠭᠣᠯ ᠶ᠋ᠢᠠᠷ ᠶ᠋ᠢᠠᠨ ᠰᠠᠨᠠᠭ᠎ᠠ ᠪᠣᠳᠣᠯ ᠶ᠋ᠢᠠᠨ ᠰᠣᠯᠢᠯᠴᠠᠵᠤ ᠪᠠᠶ᠋ᠢᠶ᠎ᠠ᠃ ᠮᠣᠩᠭᠣᠯ ᠣᠪᠣᠭ ᠶ᠋ᠢᠠᠨ ᠰᠡᠷᠭᠦᠭᠡᠵᠦ ᠬᠡᠷᠡᠭᠯᠡᠶ᠎ᠡ᠃ ᠬᠡᠦᠬᠡᠳ ᠲᠡᠭᠡᠨ ᠰᠠᠶ᠋ᠢᠬᠠᠨ ᠮᠣᠩᠭᠣᠯ ᠨᠡᠷ᠎ᠡ ᠥᠭᠭᠦᠶ᠎ᠡ᠃ ᠮᠣᠩᠭᠣᠯ ᠠᠶ᠋ᠢᠯ ᠭᠡᠷ ᠦ᠋ᠨ ᠡᠷᠬᠢᠮ ᠰᠠᠶ᠋ᠢᠬᠠᠨ ᠤᠯᠠᠮᠵᠢᠯᠠᠯ ᠶ᠋ᠢᠠᠨ ᠬᠠᠳᠠᠭᠠᠯᠠᠵᠤ ᠶᠠᠪᠤᠶ᠎ᠠ᠃ ᠪᠣᠯᠤᠮᠵᠢ ᠶ᠋ᠢᠨ ᠪᠠᠶ᠋ᠢᠳᠠᠯ ᠳᠤ ᠡᠵᠡᠨ ᠴᠢᠩᠭᠢᠰ ᠦ᠋ᠨ ᠨᠠᠢ᠍ᠮᠠᠨ ᠴᠠᠭᠠᠨ ᠭᠡᠷ( ᠴᠢᠩᠭᠢᠰ ᠦ᠋ᠨ ᠣᠩᠭᠣᠨ)  ᠲᠤ ᠪᠠᠷᠠᠳᠠᠨ ᠮᠥᠷᠭᠥᠵᠦ᠂ ᠢᠷᠥᠭᠡᠯ ᠠᠪᠴᠤ ᠪᠠᠶ᠋ᠢᠶ᠎ᠠ᠃ ᠭᠠᠯ ᠶ᠋ᠢᠠᠨ ᠳᠠᠬᠢᠵᠤ᠂ ᠪᠢᠲᠡᠭᠦᠯᠡᠵᠦ ᠰᠢᠨᠡᠯᠡᠬᠦ ᠶᠣᠰᠣ ᠵᠠᠩᠰᠢᠯ ᠶ᠋ᠢᠠᠨ ᠪᠠᠷᠢᠮᠲᠠᠯᠠᠶ᠎ᠠ᠃ ᠡᠪᠦᠭᠡᠳ ᠦ᠋ᠨ ᠦᠭᠡ ᠶ᠋ᠢ ᠢᠯᠡᠭᠦᠬᠡᠨ ᠰᠣᠨᠣᠰᠤᠶ᠎ᠠ᠃ ᠮᠣᠩᠭᠣᠯ ᠬᠥᠮᠦᠨ ‍ᠦ ᠡᠵᠡᠩᠨᠡᠵᠦ ᠪᠤᠢ ᠳᠡᠯᠭᠡᠭᠦᠷ ᠬᠤᠳᠠᠯᠳᠤᠭ᠎ᠠ ᠠ᠋ᠴᠠ ᠡᠳ᠋ ᠪᠠᠷᠠᠭ᠎ᠠ ᠠᠪᠴᠤ ᠪᠠᠶ᠋ᠢᠶ᠎ᠠ᠃ ᠮᠣᠩᠭᠣᠯ ᠬᠥᠮᠦᠨ ᠲᠡᠢ ᠪᠡᠨ ᠠᠶ᠋ᠢᠯ ᠭᠡᠷ ᠪᠣᠯᠤᠯᠴᠠᠶ᠎ᠠ᠃ ᠪᠣᠯᠤᠮᠵᠢ ᠶ᠋ᠢᠨ ᠳᠣᠲᠣᠷ᠎ᠠ ᠬᠣᠶᠠᠷ ᠭᠤᠷᠪᠠᠨ ᠬᠡᠦᠬᠡᠳ ᠠᠪᠤᠶ᠎ᠠ᠃ ᠬᠥᠳᠡᠭᠡ ᠣᠷᠣᠨ ᠨᠤᠲᠤᠭ ᠶ᠋ᠢᠠᠷ ᠶ᠋ᠢᠠᠨ ᠪᠠᠶ᠋ᠢᠩᠭᠤ ᠶᠠᠪᠤᠵᠤ ᠪᠠᠶ᠋ᠢᠶ᠎ᠠ᠃ ᠭᠠᠴᠢᠬᠳᠠᠵᠤ ᠲᠦᠪᠡᠭᠳᠡᠭᠰᠡᠨ ᠨᠢᠭᠡᠨ ᠶ᠋ᠢᠡᠨ ᠬᠠᠷᠠᠭᠠᠯᠵᠠᠵᠤ ᠳᠡᠮᠵᠢᠵᠦ ᠶᠠᠪᠤᠶ᠎ᠠ᠃ ᠮᠣᠩᠭᠣᠯ ᠢᠳᠡᠭᠡᠨ ᠤᠮᠳᠠᠭᠠᠨ᠂ ᠬᠤᠪᠴᠠᠰᠤ ᠬᠤᠨᠠᠷ ᠶ᠋ᠢᠠᠨ ᠡᠲ᠌ᠯᠡᠶ᠎ᠡ᠃ ᠮᠣᠩᠭᠣᠯ ᠠᠶ᠋ᠢᠯ ᠭᠡᠷ ᠦ᠋ᠨ ᠰᠤᠷᠭᠠᠯ ᠶ᠋ᠢᠠᠷ ᠬᠡᠦᠬᠡᠳ ᠳᠡᠭᠦᠦ ᠨᠠᠷ ᠶ᠋ᠢᠠᠨ ᠬᠥᠮᠦᠵᠢᠭᠦᠯᠦᠶ᠎ᠡ᠃ ᠠᠷᠢᠬᠢ ᠲᠠᠮᠠᠬᠢᠨ ᠠ᠋ᠴᠠ ᠬᠣᠯᠠᠳᠠᠵᠤ ᠴᠡᠪᠡᠷ ᠰᠠᠶ᠋ᠢᠬᠠᠨ ᠶᠠᠪᠤᠶ᠎ᠠ᠁ ᠢᠩᠭᠢᠵᠦ ᠶᠠᠪᠤᠬᠤ ᠳᠤ ᠯᠡ ᠪᠢᠳᠡ ᠮᠣᠩᠭᠣᠯ ᠰᠣᠶᠣᠯ ᠶ᠋ᠢᠠᠨ ᠬᠠᠶ᠋ᠢᠷᠠᠯᠠᠬᠤ᠂ ᠮᠣᠩᠭᠣᠯ ᠰᠣᠶᠣᠯ ᠳ᠋ᠠᠭᠠᠨ ᠬᠠᠷᠢᠭᠤᠴᠠᠯᠭ᠎ᠠ ᠲᠠᠢ ᠠᠵᠢᠯ ᠶ᠋ᠢᠠᠨ ᠬᠢᠴᠢᠬᠡᠵᠦ ᠴᠢᠳᠠᠨ᠎ᠠ ᠰᠢᠦ ᠳ᠋ᠠ! ᠡᠭᠦᠨ ᠰᠢᠭ᠌ ᠡᠭᠡᠯ ᠪᠣᠷᠣᠭᠵᠢᠭᠤᠨ ᠠᠲᠠᠯ᠎ᠠ ᠪᠠᠨ ᠡᠨᠡ ᠴᠠᠭ ᠦᠶ᠎ᠡ ᠳ᠋ᠦ ᠬᠠᠮᠤᠭ ᠦ᠋ᠨ ᠴᠢᠬᠤᠯᠠ ᠲᠠᠢ ᠪᠠᠶ᠋ᠢᠭ᠎ᠠ《ᠰᠣᠶᠣᠯ ᠳ᠋ᠠᠭᠠᠨ ᠢᠪᠢᠯᠭᠡᠭᠰᠡᠨ ᠬᠠᠶ᠋ᠢᠷ᠎ᠠ》 ᠪᠠᠢᠨ᠎ᠠ ᠭᠡᠵᠦ ᠪᠠᠷᠳᠠᠮ ᠬᠡᠯᠡᠬᠦ ᠳ᠋ᠦ ᠪᠤᠷᠤᠭᠤᠳᠬᠤ ᠦᠭᠡᠢ᠃
      ᠮᠠᠰᠢ ᠶᠠᠯᠢᠮ ᠦᠭᠡᠢ ᠰᠢᠭ᠌ ᠮᠥᠷᠲᠡᠯ᠎ᠡ ᠪᠡᠨ ᠮᠠᠰᠢ ᠪᠣᠳᠠᠲᠤ ᠠᠴᠢ ᠬᠣᠯᠪᠣᠭᠳᠠᠯ ᠲᠠᠢ ᠡᠳᠡᠭᠡᠷ ᠠᠵᠢᠯ ᠊ᠢ ᠪᠢᠳᠡᠨ ‍ᠦ ᠬᠡᠨ ᠨᠢ ᠴᠦ᠍ ᠭᠡᠰᠡᠨ ᠭᠦᠢᠴᠡᠳᠬᠡᠵᠦ ᠴᠢᠳᠠᠨ᠎ᠠ᠃ ᠬᠠᠷᠢᠨ ᠫᠷᠣᠹᠧᠰᠰᠣᠷ ᠳ᠋ᠣᠺᠲ᠋ᠣᠷ ᠦ᠋ᠳ ᠮᠠᠨᠢ ᠵᠠᠷᠢᠮ ᠳ᠋ᠠᠭᠠᠨ ᠡᠶ᠋ᠢᠮᠦᠷᠬᠦᠦ ᠵᠦᠢᠯ ᠊ᠢ ᠳᠠᠩᠴᠤ ᠤᠮᠳᠤᠭᠠᠶ᠋ᠢᠯᠠᠭᠰᠠᠨ ᠠ᠋ᠴᠠ ᠪᠣᠯᠤᠭᠠᠳ ᠥᠪᠡᠷ ᠦ᠋ᠨ ᠪᠦᠬᠦᠯᠢ ᠨᠠᠰᠤᠨ ‍ᠤ ᠬᠥᠳᠡᠯᠮᠦᠷᠢ ᠵᠢᠳᠬᠦᠯ ᠦ᠋ᠨ ᠶ᠋ᠢᠡᠨ ᠤᠳᠬ᠎ᠠ ᠠᠭᠤᠯᠭ᠎ᠠ ᠶ᠋ᠢ ᠠᠯᠳᠠᠭᠳᠠᠭᠤᠯᠵᠤ ᠪᠠᠶ᠋ᠢᠭ᠎ᠠ ᠵᠢᠱ᠌ᠢᠶ᠎ᠡ ᠴᠤ᠌ ᠵᠥᠩᠳᠡᠭᠡᠨ᠃ ᠬᠠᠶ᠋ᠢᠷ᠎ᠠ ᠭᠡᠳᠡᠭ ᠊ᠢ ᠪᠢᠳᠡ ᠠᠭᠤᠤ ᠲᠣᠮᠣ ᠶᠠᠭᠤᠮ᠎ᠠ ᠮᠡᠲᠦ ᠪᠡᠷ ᠬᠡᠶ᠋ᠢᠰᠪᠦᠷᠢᠯᠡᠨ ᠰᠡᠳᠬᠢᠵᠦ᠂ ᠲᠡᠭᠦᠨ ᠡᠴᠡ ᠪᠡᠨ ᠪᠣᠯᠤᠭᠠᠳ ᠶᠠᠭᠤ ᠶ᠋ᠢ ᠶᠠᠭᠠᠬᠢᠵᠤ ᠬᠠᠶ᠋ᠢᠷᠠᠯᠠᠬᠤ ᠪᠠᠨ ᠣᠯᠬᠤ ᠦᠭᠡᠢ ᠪᠤᠳᠤᠯᠢᠳᠠᠭ ᠵᠢᠱ᠌ᠢᠶ᠎ᠡ ᠠᠮᠢᠳᠤᠷᠠᠯ ᠳᠤᠮᠳᠠ ᠴᠤ᠌ ᠪᠠᠶ᠋ᠢᠳᠠᠭ ᠰᠢᠦ ᠳ᠋ᠠ᠃ ᠭᠡᠪᠡᠴᠦ ᠬᠠᠶ᠋ᠢᠷ᠎ᠠ ᠮᠠᠨᠢ ᠡᠭᠡᠯ ᠪᠣᠷᠣᠭᠵᠢᠭᠤᠨ ᠪᠠᠶ᠋ᠢᠳᠠᠯ ᠳᠤ ᠴᠤ᠌ ᠥᠪᠡᠷ ᠦ᠋ᠨ ᠠᠭᠤᠤ ᠶᠡᠬᠡ ᠥᠭᠭᠦᠭᠡᠵᠢ ᠪᠡᠨ ᠥᠭᠭᠦᠭᠰᠡᠭᠡᠷ ᠪᠠᠶ᠋ᠢᠭ᠎ᠠ ᠶᠤᠮ ᠭᠡᠳᠡᠭ ᠊ᠢ ᠪᠢᠳᠡ ᠤᠮᠳᠤᠭᠠᠶ᠋ᠢᠯᠠᠬᠤ ᠭᠡᠳ ᠪᠠᠶ᠋ᠢᠳᠠᠭ᠃ ᠵᠠᠷᠢᠮ ᠲᠣᠬᠢᠶᠠᠯᠳᠤᠯ ᠳᠤ ᠪᠢᠳᠡ ᠪᠡᠶ᠎ᠡ ᠪᠡᠨ ᠬᠠᠶ᠋ᠢᠷᠠᠯᠠᠬᠤ ᠨᠢ ᠪᠠᠰᠠ ᠮᠣᠩᠭᠣᠯ ᠰᠣᠶᠣᠯ ᠶ᠋ᠢᠠᠨ ᠬᠠᠶ᠋ᠢᠷᠠᠯᠠᠭᠰᠠᠨ ᠶᠠᠪᠤᠳᠠᠯ ᠮᠥᠨ᠃ ᠶᠠᠭᠠᠬᠢᠭᠠᠳ ᠭᠡᠬᠦ ᠪᠡᠷ  ᠪᠢᠳᠡ ᠪᠡᠶ᠎ᠡ ᠪᠡᠨ ᠬᠠᠶ᠋ᠢᠷᠠᠯᠠᠵᠤ ᠪᠠᠶ᠋ᠢᠬᠤ ᠨᠢ ᠮᠣᠩᠭᠣᠯ ᠬᠥᠮᠦᠨ ‍ᠦ ᠨᠢᠭᠡᠨ ᠭᠡᠰᠢᠭᠦᠨ ᠊ᠢ ᠬᠠᠶ᠋ᠢᠷᠠᠯᠠᠵᠤ ᠪᠠᠶ᠋ᠢᠭ᠎ᠠ ᠶᠠᠪᠤᠳᠠᠯ ᠶᠤᠮ᠃ ᠭᠡᠷ ᠪᠦᠯᠢ ᠪᠡᠨ ᠬᠠᠶ᠋ᠢᠷᠠᠯᠠᠬᠤ ᠨᠢ  ᠮᠣᠩᠭᠣᠯ ᠠᠶ᠋ᠢᠯ ᠭᠡᠷ ᠦ᠋ᠨ  ᠨᠢᠭᠡ ᠶ᠋ᠢ ᠬᠠᠶ᠋ᠢᠷᠠᠯᠠᠵᠤ ᠪᠠᠶ᠋ᠢᠭ᠎ᠠ ᠶᠠᠪᠤᠳᠠᠯ ᠶᠤᠮ᠃  ᠦᠷ᠎ᠡ ᠬᠡᠦᠬᠡᠳ ᠶ᠋ᠢᠡᠨ ᠬᠠᠶ᠋ᠢᠷᠠᠯᠠᠵᠤ ᠪᠠᠶ᠋ᠢᠭ᠎ᠠ ᠨᠢ ᠮᠣᠩᠭᠣᠯ ᠬᠥᠮᠦᠨ ‍ᠦ ᠬᠣᠶ᠋ᠢᠴᠢ ᠦᠶ᠎ᠡ ᠶ᠋ᠢᠨ ᠨᠢᠭᠡᠨ ᠊ᠢ ᠬᠠᠶ᠋ᠢᠷᠠᠯᠠᠵᠤ ᠪᠠᠶ᠋ᠢᠭ᠎ᠠ ᠶᠠᠪᠤᠳᠠᠯ ᠳᠠᠷᠤᠢ ᠮᠥᠨ᠃ ᠮᠣᠩᠭᠣᠯ ᠰᠣᠶᠣᠯ ᠶ᠋ᠢᠠᠨ ᠬᠠᠶ᠋ᠢᠷᠠᠯᠠᠬᠤ ᠳᠤ ᠥᠪᠡᠷ ᠦ᠋ᠨ ᠪᠡᠶ᠎ᠡ ᠡᠴᠡ ᠪᠡᠨ ᠡᠬᠢᠯᠡᠭᠳᠤᠨ!《ᠪᠡᠶ᠎ᠡ ᠪᠡᠨ ᠵᠠᠰᠠ᠂ ᠭᠡᠷ ᠶ᠋ᠢᠡᠨ ᠵᠠᠰᠠ᠂ ᠲᠡᠭᠡᠭᠡᠳ ᠤᠯᠤᠰ ᠶ᠋ᠢᠠᠨ ᠵᠠᠰᠠ》 ᠬᠡᠮᠡᠭᠰᠡᠨ ᠡᠵᠡᠨ ᠪᠣᠭᠳᠠ ᠶ᠋ᠢᠨ ᠮᠢᠨᠢ ᠰᠤᠷᠭᠠᠯ ᠪᠤᠢ ᠶ᠋ᠢ ᠰᠠᠨᠠᠭᠳᠤᠨ!

    ᠦᠰᠦᠭ ᠠᠮᠢᠯᠠᠭᠤᠯᠤᠭᠴᠢ᠄ ᠪᠠᠶᠠᠨᠴᠡᠴᠡᠭ ᠂ ᠨᠡᠭᠦᠳᠡᠯ 
    ᠬᠢᠨᠠᠭᠴᠢ ᠪᠠᠭᠰᠢ᠄ ᠰᠡᠬᠡᠭᠡᠷᠡᠯ᠂ ᠣᠣᠡᠬᠠᠡᠰᠤ᠎ᠡ