ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠨᠢᠭᠡᠳᠦᠭᠡᠷ ᠪᠦᠯᠦᠭ᠂ᠠᠩᠬᠠᠨ ᠤ ᠠᠶᠠᠯᠠᠯ (ᠳᠣᠯᠣᠭ᠎ᠠ) Сэрүүхэн тал нутаг – <свис> Вальтер Босгард ( Walter Bosshard)- Нэгдүгээр бүлэг・Анхны аялал (7) ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠨᠢᠭᠡᠳᠦᠭᠡᠷ ᠪᠦᠯᠦᠭ᠂ᠠᠩᠬᠠᠨ ᠤ ᠠᠶᠠᠯᠠᠯ (ᠳᠣᠯᠣᠭ᠎ᠠ) Сэрүүхэн тал нутаг – <свис> Вальтер Босгард ( Walter Bosshard)- Нэгдүгээр бүлэг・Анхны аялал (7)

ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠨᠢᠭᠡᠳᠦᠭᠡᠷ ᠪᠦᠯᠦᠭ᠂ᠠᠩᠬᠠᠨ ᠤ ᠠᠶᠠᠯᠠᠯ (ᠳᠣᠯᠣᠭ᠎ᠠ) Сэрүүхэн тал нутаг – <свис> Вальтер Босгард ( Walter Bosshard)- Нэгдүгээр бүлэг・Анхны аялал (7)

ᠠᠩᠭᠢᠯᠠᠯ:ᠲᠤᠭᠤᠵᠢ ᠷᠣᠮᠠᠨ
2024-07-03

484

ᠳᠣᠯᠣᠭ᠎ᠠ ᠂ ᠲᠠᠯ᠎ᠠ ᠨᠤᠲᠤᠭ ᠲᠠᠬᠢ ᠰᠥᠨᠢ ᠶ᠋ᠢᠨ ᠦᠢᠮᠡᠭᠡᠨ


       ᠪᠣᠢᠳᠠ ᠬᠣᠯᠠ ᠵᠠᠮ ᠢ᠋ ᠳᠤᠭᠤᠯᠤᠭᠠᠳ ᠳᠠᠸᠠ ᠬᠦᠩ ᠦ᠋ᠨ ᠭᠡᠷ ᠲᠦ᠍ ᠣᠢᠷᠠᠲᠤᠨ ᠬᠦᠷᠦᠯ᠎ᠡ᠃ ᠲᠡᠭᠦᠨ ᠦ᠌ ᠡᠪᠦᠭᠡ ᠳᠡᠭᠡᠳᠦᠰ ᠢ᠋ ᠠᠷᠪᠠᠨ ᠨᠢᠭᠡᠳᠦᠭᠡᠷ ᠵᠠᠭᠤᠨ ᠬᠦᠷᠲᠡᠯ᠎ᠡ ᠨᠡᠬᠡᠮᠵᠢᠯᠡᠵᠦ ᠳᠡᠢᠯᠬᠦ ᠪᠥᠭᠡᠳ ᠳᠡᠯᠡᠬᠡᠢ ᠶ᠋ᠢ ᠴᠡᠴᠡᠷᠡᠭᠡᠵᠦ ᠪᠠᠢᠭᠰᠠᠨ ᠶᠢᠰᠦᠭᠡᠢ ᠪᠠᠭᠠᠲᠤᠷ᠂ ᠴᠢᠩᠭᠢᠰ ᠬᠠᠭᠠᠨ᠂ ᠲᠤᠯᠤᠢ᠂ ᠬᠤᠪᠢᠯᠠᠢ ᠶ᠋ᠢᠨ ᠭᠡᠷ ᠪᠦᠯᠢ ᠳ᠋ᠦ᠍ ᠬᠠᠷᠢᠶᠠᠯᠠᠭᠳᠠᠳᠠᠭ᠃ ᠲᠡᠦᠬᠡ ᠶ᠋ᠢᠨ ᠬᠦᠷᠳᠦ ᠤᠷᠤᠭᠰᠢᠯᠠᠬᠤ ᠪᠠᠷ ᠢ᠋ᠶ᠋ᠠᠨ ᠤᠷᠤᠭᠰᠢᠯᠠᠵᠤ᠂ ᠣᠳᠣ ᠬᠦᠷᠬᠦ ᠳ᠋ᠦ᠍ ᠳᠠᠸᠠ ᠬᠦᠩ ᠡᠷᠬᠡᠪᠰᠢ ᠵᠡᠪᠰᠡᠭ ᠲᠡᠢ ᠳᠡᠭᠡᠷᠡᠮ ᠡᠴᠡ ᠤᠷᠢᠳ ᠵᠠᠪᠳᠤᠨ ᠥᠪᠡᠷ ᠦ᠋ᠨ ᠬᠥᠷᠥᠩᠭᠡ ᠬᠣᠭᠰᠢᠯ ᠢ᠋ᠶ᠋ᠠᠨ ᠠᠶᠤᠯ ᠦᠭᠡᠢ ᠭᠠᠵᠠᠷ ᠲᠤ᠌ ᠵᠠᠢᠯᠠᠭᠤᠯᠬᠤ ᠬᠡᠷᠡᠭᠲᠡᠢ ᠪᠣᠯᠵᠠᠢ᠃ ᠲᠡᠷᠡ ᠠᠯᠲᠠ ᠮᠥᠩᠭᠥ᠂ ᠡᠳ᠋ ᠡᠷᠳᠡᠨᠢᠰ ᠢ᠋ᠶ᠋ᠡᠨ ᠠᠶᠤᠯ ᠦᠭᠡᠢ ᠭᠠᠵᠠᠷ ᠲᠤ᠌ ᠠᠪᠠᠴᠢᠨ ᠪᠤᠯᠠᠵᠤ᠂ ᠬᠠᠷᠢᠶᠠᠲᠤ ᠮᠣᠩᠭᠣᠯᠴᠤᠳ ᠢ᠋ᠶ᠋ᠠᠨ ᠠᠭᠤᠯᠠ ᠨᠢᠷᠤᠭᠤ ᠶ᠋ᠢ ᠳᠠᠭᠠᠭᠤᠯᠤᠨ ᠬᠠᠮᠠᠭᠠᠯᠠᠯᠲᠠ ᠬᠢᠯᠭᠡᠭᠰᠡᠨ ᠪᠠᠢᠯ᠎ᠠ᠃ ᠮᠠᠰᠢᠨ ᠮᠠᠨᠢ ᠭᠡᠷ ᠦ᠋ᠨ ᠡᠮᠦᠨ᠎ᠡ ᠭᠡᠭᠡ ᠲᠠᠰᠤᠷᠠᠬᠤ ᠶ᠋ᠢᠨ ᠦᠶ᠎ᠡ ᠪᠡᠷ ᠭᠦᠷᠦᠨ ᠵᠣᠭᠰᠣᠯ᠎ᠠ᠃ ᠡᠮᠡᠭᠲᠡᠢᠴᠦᠳ ᠬᠣᠨᠢ ᠪᠠᠨ ᠶᠠᠭᠠᠷᠠᠤ ᠴᠠᠭᠠᠰᠢ ᠲᠠᠭᠤᠬᠤ ᠪᠥᠭᠡᠳ ᠡᠬᠡ ᠡᠴᠡ ᠪᠡᠨ ᠰᠠᠯᠤᠭᠰᠠᠨ ᠬᠤᠷᠠᠭᠠᠳ ᠢ᠋ ᠲᠡᠪᠡᠷᠢᠨ ᠠᠪᠴᠤ᠂ ᠳᠠᠬᠢᠨ ᠡᠬᠡ ᠳ᠋ᠦ᠍ᠨᠢ ᠣᠯᠭᠣᠨ ᠲᠠᠯᠪᠢᠵᠤ ᠪᠠᠢᠪᠠ᠃ ᠴᠠᠴᠠᠷ ᠤ᠋ᠨ ᠡᠮᠦᠨ᠎ᠡ ᠬᠣᠶᠠᠷ ᠯᠠᠮᠠ ᠲᠣᠯᠣᠭᠠᠢ ᠪᠠᠨ ᠰᠠᠵᠢᠯᠠᠨ ᠨᠣᠮ ᠤᠩᠰᠢᠵᠤ ᠨᠢᠭᠡ ᠪᠠᠭ᠎ᠠ ᠪᠠᠨᠳᠢ ᠳᠤᠩᠰᠢᠯᠭ᠎ᠠ ᠶ᠋ᠢᠨ ᠮᠣᠳᠣ ᠪᠠᠷᠢᠨ ᠬᠥᠭ ᠲᠠᠭᠠᠷᠠᠭᠤᠯᠵᠤ ᠪᠠᠢᠪᠠ᠃ ᠪᠠᠨᠳᠢ ᠨᠢᠳᠦᠨ ᠦ᠌ ᠪᠤᠯᠤᠩ ᠢ᠋ᠶ᠋ᠠᠷ ᠢ᠋ᠶ᠋ᠠᠨ ᠬᠠᠷᠢ ᠶ᠋ᠢᠨ ᠮᠠᠰᠢᠨ ᠢ᠋ ᠶᠡᠬᠡ ᠤᠳᠠᠭᠠᠨ ᠭᠠᠢᠬᠠᠨ ᠱᠣᠬᠣᠭᠣᠷᠬᠠᠵᠤ ᠪᠠᠢᠬᠤ ᠳ᠋ᠤ᠌ ᠪᠠᠭᠰᠢ ᠨᠢ ᠬᠠᠵᠠᠭᠤ ᠠ᠋ᠴᠠ ᠨᠢ ᠶᠣᠪᠣᠷᠴᠤ ᠠᠵᠢᠯ ᠢ᠋ ᠨᠢ ᠰᠠᠨᠠᠭᠤᠯᠬᠤ ᠳ᠋ᠤ᠌ ᠬᠠᠷᠠᠬᠤ ᠪᠠᠨ ᠵᠣᠭᠰᠣᠭᠰᠠᠨ ᠪᠢᠯᠡ᠃ 

       ᠪᠢᠳᠡ ᠬᠦᠨᠳᠦ ᠢᠰᠡᠭᠡᠢ ᠡᠭᠦᠳᠡ ᠶ᠋ᠢ ᠰᠡᠬᠦᠨ ᠪᠥᠬᠥᠢᠭᠰᠡᠭᠡᠷ ᠭᠡᠷ ᠲᠦ᠍ ᠣᠷᠣᠪᠠ᠃ ᠵᠢᠷᠠᠭᠠᠳ ᠨᠠᠰᠤᠨ ᠤ᠋ ᠬᠥᠷᠥᠰᠥᠯᠢᠭ ᠬᠦᠷᠡᠩ ᠴᠢᠷᠠᠢ ᠲᠠᠢ ᠳᠠᠸᠠ ᠬᠦᠩ ( ᠵᠢᠷᠤᠭ 37 ) ᠬᠠᠭᠤᠴᠢᠨ ᠬᠡᠪᠢᠰ ᠳᠡᠭᠡᠷ᠎ᠡ ᠰᠠᠭᠤᠵᠤ ᠪᠠᠢᠯ᠎ᠠ᠃ ᠴᠠᠭᠠᠨ ᠰᠠᠬᠠᠯ᠂ ᠨᠡᠩ ᠴᠦ᠍ ᠡᠷᠡᠦ ᠳᠡᠭᠡᠷᠡᠬᠢ ᠰᠣᠶᠣᠭ᠎ᠠ ᠰᠠᠬᠠᠯ ᠨᠢ ᠲᠡᠭᠦᠨ ᠦ᠌ ᠶᠡᠷᠦ ᠪᠤᠰᠤ ᠶ᠋ᠢᠨ ᠴᠢᠷᠠᠢ ᠲᠠᠢ ᠨᠢ ᠨᠡᠢᠯᠡᠭᠡᠳ ᠠᠶᠤᠮᠰᠢᠭᠲᠠᠢ ᠲᠥᠷᠥᠭᠳᠡᠯ ᠥᠭᠬᠦ ᠮᠡᠲᠦ ᠪᠠᠢᠪᠠ᠃ ᠠᠷᠠᠰᠤ ᠪᠠᠷ ᠬᠥᠪᠡᠭᠡᠯᠡᠭᠰᠡᠨ ᠣᠷᠣᠢᠪᠴᠢ ᠨᠢ ᠮᠠᠩᠨᠠᠢ ᠶ᠋ᠢ ᠨᠢ ᠳᠠᠷᠤᠵᠠᠢ᠃ ᠳᠡᠭᠡᠷᠡᠬᠢ ᠤᠯᠠᠭᠠᠨ ᠱ᠌ᠢᠷᠦ ᠨᠢ ᠲᠡᠭᠦᠨ ᠦ᠌ ᠵᠡᠷᠭᠡ ᠳᠡᠰ ᠢ᠋ ᠬᠠᠷᠠᠭᠤᠯᠬᠤ ᠠᠵᠢ᠃ ᠳᠠᠸᠠ ᠬᠦᠩ ᠢ᠋ ᠠᠢᠯ ᠬᠣᠲᠠ ᠪᠠᠨ ᠬᠠᠮᠠᠭᠠᠯᠠᠬᠤ ᠪᠠᠷ ᠳᠣᠣᠷᠠᠬᠢ ᠬᠥᠮᠦᠰ ᠲᠡᠢ ᠪᠡᠨ ᠶᠠᠷᠢᠯᠴᠠᠵᠤ ᠪᠠᠢᠬᠤ ᠳ᠋ᠤ᠌ ᠲᠡᠭᠦᠨ ᠦ᠌ ᠲᠤᠰᠠᠯᠠᠭᠴᠢ ᠠᠬᠠᠯᠠᠬᠤ ᠲᠦᠰᠢᠮᠡᠯ ᠨᠢ ᠪᠢᠳᠡᠨ ᠦ᠌ ᠡᠮᠦᠨ᠎ᠡ ᠰᠠᠭᠤᠵᠤ ᠪᠠᠢᠯ᠎ᠠ᠃ ᠤᠷᠢᠳ ᠢ᠋ᠶ᠋ᠠᠷ ᠰᠤᠮᠤᠯᠠᠳᠠᠭ ᠬᠠᠭᠤᠴᠢᠨ ᠴᠠᠭ ᠤ᠋ᠨ ᠫᠤᠤ ᠲᠠᠢ ᠭᠤᠷᠪᠠ ᠳᠥᠷᠪᠡᠨ ᠡᠷ᠎ᠡ ᠳᠠᠸᠠ ᠬᠦᠩ ᠢ ᠲᠣᠭᠣᠷᠢᠨ ᠵᠣᠭᠰᠣᠵᠤ ᠪᠠᠢᠪᠠ᠃ ᠶᠡᠬᠡ ᠤᠳᠠᠭᠠᠨ ᠪᠣᠳᠣᠯᠬᠢᠯᠠᠭᠰᠠᠨ ᠤ᠋ ᠡᠴᠦᠰ ᠲᠦ᠍ ᠲᠡᠳᠡᠨ ᠦ᠌ ᠳᠣᠲᠣᠷᠠᠬᠢ ᠨᠢᠭᠡ ᠡᠷ᠎ᠡ ᠨᠢ ᠳᠣᠣᠷ᠎ᠠ ᠳᠠᠭᠤᠨ ᠢ᠋ᠶ᠋ᠠᠷ ᠶᠠᠭᠠᠷᠠᠵᠤ ᠰᠠᠨᠳᠤᠷᠤᠯ ᠦᠭᠡᠢ ᠶᠠᠭᠤᠮ᠎ᠠ ᠶᠠᠷᠢᠬᠤ ᠳ᠋ᠤ᠌ ᠪᠤᠰᠤᠳ ᠨᠢ ᠵᠥᠪᠰᠢᠶᠡᠷᠡᠨ ᠲᠣᠯᠣᠭᠠᠢ ᠪᠠᠨ ᠳᠣᠬᠢᠵᠠᠭᠠᠵᠤ ᠪᠠᠢᠪᠠ᠃ ᠪᠢᠳᠡ ᠪᠡᠯᠡᠳᠦᠭᠰᠡᠨ ᠬᠡᠪᠢᠰ ᠳᠡᠭᠡᠷ᠎ᠡ ᠨᠢ ᠮᠣᠩᠭᠣᠯᠴᠤᠳ ᠤ᠋ᠨ ᠬᠠᠮᠤᠭ ᠤ᠋ᠨ ᠳᠤᠷᠠᠲᠠᠢ ᠤᠮᠳᠠᠭ᠎ᠠ ᠪᠣᠯᠬᠤ ᠴᠠᠢ ᠶ᠋ᠢ ᠨᠢ ᠤᠤᠭᠤᠵᠤ ᠰᠠᠭᠤᠪᠠ᠃ ᠡᠨᠡ ᠴᠠᠢ ᠠᠢᠯ ᠪᠣᠯᠭᠠᠨ ᠤ᠋ ᠲᠤᠯᠭᠠᠨ ᠳᠡᠭᠡᠷ᠎ᠡ ᠲᠠᠯᠪᠢᠭᠠᠰᠤᠲᠠᠢ ᠪᠠᠢᠳᠠᠭ ᠪᠥᠭᠡᠳ ᠬᠡᠨ ᠬᠡᠷᠪᠡ ᠠᠩᠬ᠎ᠠ ᠤᠳᠠᠭ᠎ᠠ ᠡᠨᠡ ᠬᠡᠪ ᠦ᠋ᠨ ᠴᠠᠢ᠂ ᠰᠢᠷ᠎ᠠ ᠲᠣᠰᠣ᠂ ᠠᠭᠠᠷᠤᠤᠯ᠂ ᠳᠠᠪᠤᠰᠤ ᠲᠠᠢ ᠬᠦᠷᠡᠩ ᠬᠠᠷ᠎ᠠ ᠥᠩᠭᠡ ᠶ᠋ᠢᠨ ᠬᠣᠯᠢᠮᠠᠭ ᠤᠮᠳᠠᠭ᠎ᠠ ᠶ᠋ᠢ ᠤᠤᠭᠤᠬᠤ ᠳ᠋ᠤ᠌ ᠬᠦᠷᠪᠡᠯ ᠮᠠᠩᠨᠠᠢ ᠳᠡᠭᠡᠷ᠎ᠡ ᠨᠢ ᠬᠦᠢᠲᠡᠨ ᠬᠥᠯᠥᠰᠥ ᠭᠠᠷᠳᠠᠭ ᠪᠢᠯᠡ᠃ ᠬᠡᠷᠪᠡ ᠡᠨᠡ ᠤᠮᠳᠠᠭ᠎ᠠ ᠳ᠋ᠤᠨᠢ ᠳᠠᠰᠬᠤ ᠳ᠋ᠤ᠌ ᠬᠦᠷᠪᠡᠯ ᠴᠣᠭ ᠵᠣᠯᠢ ᠶ᠋ᠢ ᠰᠡᠷᠭᠦᠭᠡᠨ᠂ ᠥᠯ ᠬᠣᠭᠣᠯᠠ ᠴᠤ᠌ ᠪᠣᠯᠳᠠᠭ ᠶᠤᠮ᠃ ᠨᠢᠭᠡ ᠵᠠᠷᠤᠴᠠ ᠥᠬᠢᠨ ᠰᠢᠷᠭᠤᠭᠤᠯ ᠨᠡᠭᠡᠭᠡᠵᠦ᠂ ᠵᠢᠵᠢᠭᠬᠡᠨ ᠬᠠᠢᠷᠴᠠᠭ ᠲᠠᠢ ᠲᠣᠭᠣᠰᠣ ᠳᠠᠷᠤᠭᠰᠠᠨ ᠪᠤᠶᠤ ᠣᠯᠠᠨ ᠤᠳᠠᠭ᠎ᠠ ᠪᠠᠷᠢᠭᠠᠳ ᠲᠠᠯᠪᠢᠭᠰᠠᠨ ᠮᠡᠲᠦ ᠬᠠᠷᠠᠭᠳᠠᠬᠤ ᠰᠢᠬᠢᠷ ᠠᠪᠴᠢᠷᠠᠵᠤ ᠲᠠᠯᠪᠢᠯ᠎ᠠ᠃ ᠬᠡᠨ ᠴᠦ᠍ ᠡᠨᠡ ᠰᠢᠬᠢᠷ ᠲᠦ᠍ ᠭᠠᠷ ᠬᠦᠷᠦᠭᠰᠡᠨ ᠦᠭᠡᠢ᠂ ᠪᠣᠳᠣᠬᠤ ᠳ᠋ᠤ᠌ ᠲᠡᠷᠡ ᠨᠢ ᠵᠥᠪᠬᠡᠨ ᠦᠵᠡᠮᠦᠷᠢ ᠳ᠋ᠦ᠍ ᠦᠷᠦᠭᠰᠡᠨ ᠪᠥᠭᠡᠳ ᠵᠣᠴᠢᠳ ᠶᠠᠪᠤᠭᠰᠠᠨ ᠤ᠋ ᠳᠠᠷᠠᠭ᠎ᠠ ᠳᠠᠬᠢᠨ ᠬᠤᠷᠢᠶᠠᠵᠤ ᠲᠠᠯᠪᠢᠳᠠᠭ ᠪᠣᠯᠤᠯᠲᠠᠢ᠃ 
       ᠲᠤᠯᠭᠠᠨ ᠤ᠋ ᠭᠠᠯ ᠤᠲᠤᠭᠠᠨ ᠳ᠋ᠤ᠌ ᠪᠣᠷᠣᠯᠠᠭᠰᠠᠨ ᠭᠡᠷ ᠢ᠋ ᠭᠡᠷᠡᠯᠲᠦᠭᠦᠯᠵᠦ᠂ ᠬᠠᠨ᠎ᠠ ᠪᠠᠨ ᠳᠠᠭᠠᠭᠤᠯᠤᠨ ᠲᠠᠯᠪᠢᠭᠰᠠᠨ ᠠᠪᠳᠠᠷ᠎ᠠ ᠱᠦᠭᠦᠢ ᠳᠡᠭᠡᠷ᠎ᠡ ᠨᠢ ᠠᠩ ᠠᠩᠨᠠᠯ᠂ ᠮᠣᠷᠢ ᠳᠠᠪᠬᠢᠭᠤᠯᠤᠭᠰᠠᠨ᠂ ᠨᠤᠮᠤ ᠰᠤᠮᠤ ᠬᠠᠷᠪᠤᠵᠤ ᠪᠠᠢᠬᠤ ᠵᠢᠷᠤᠭ ᠢ᠋ ᠣᠯᠠᠨ ᠥᠩᠭᠡ ᠪᠡᠷ ᠵᠢᠷᠤᠭᠯᠠᠭᠰᠠᠨ ᠪᠠᠢᠪᠠ᠃ ᠡᠳᠡᠭᠡᠷ ᠠᠪᠳᠠᠷ᠎ᠠ ᠬᠣᠷᠭᠣ ᠬᠡᠴᠢᠨᠡᠭᠡᠨ ᠣᠯᠠᠨ ᠤᠳᠠᠭ᠎ᠠ ᠲᠡᠮᠡᠭᠡᠨ ᠳᠡᠭᠡᠷ᠎ᠡ ᠠᠴᠢᠭᠳᠠᠨ᠂ ᠲᠠᠯ᠎ᠠ ᠨᠤᠲᠤᠭ ᠢ᠋ ᠲᠤᠭᠤᠯᠤᠨ ᠨᠡᠭᠦᠭᠰᠡᠨ ᠢ᠋ ᠬᠡᠨ ᠮᠡᠳᠡᠨ᠎ᠡ ᠪᠢᠯᠡ ! ᠬᠥᠮᠦᠰ ᠵᠥᠪᠬᠡᠨ ᠲᠡᠭᠦᠨ ᠦ᠌ ᠣᠨ ᠤᠳᠠᠭᠰᠠᠨ ᠵᠢᠴᠢ ᠪᠠᠶᠠᠨ ᠠᠢᠯ ᠠ᠋ᠴᠠ ᠢᠷᠡᠯᠲᠡᠢ ᠭᠡᠳᠡᠭ ᠢ᠋ ᠣᠯᠵᠤ ᠬᠠᠷᠠᠨ᠎ᠠ᠃ ᠳᠠᠸᠠ ᠬᠦᠩ ᠦ᠋ᠨ ᠪᠠᠷᠠᠭᠤᠨ ᠭᠠᠷ ᠲᠠᠯ᠎ᠠ ᠳ᠋ᠤ᠌ ᠨᠢᠭᠡ ᠬᠦᠷᠡᠯ ᠬᠣᠷᠯᠣ ᠪᠠᠢᠵᠤ᠂ ᠪᠠᠰᠠ ᠨᠢᠭᠡ ᠮᠥᠩᠭᠥ ᠪᠡᠷ ᠬᠢᠭᠰᠡᠨ ᠬᠣᠷᠯᠣ ᠶ᠋ᠢ ᠨᠢ ᠪᠢᠷ ᠪᠡᠬᠡ ᠲᠡᠢ ᠬᠠᠮᠲᠤ ᠵᠢᠵᠢᠭᠬᠡᠨ ᠰᠢᠷᠡᠭᠡᠨ ᠳᠡᠭᠡᠷ᠎ᠡ ᠦᠵᠡᠮᠵᠢ ᠪᠣᠯᠭᠠᠨ ᠲᠠᠯᠪᠢᠵᠠᠢ᠃ ᠭᠡᠷ ᠦ᠋ᠨ ᠳᠤᠮᠳᠠᠬᠢ ᠲᠤᠯᠭᠠᠨ ᠠ᠋ᠴᠠ ᠲᠠᠭᠠᠲᠠᠢᠬᠠᠨ ᠢᠯᠴᠢ ᠪᠠᠳᠠᠷᠠᠵᠤ᠂ ᠴᠣᠷ ᠤ᠋ᠨ ᠭᠠᠭᠴᠠ ᠣᠳᠣᠬᠢᠴᠢᠯᠠᠭᠰᠠᠨ ᠡᠳ᠋ — ᠲᠡᠮᠦᠷ ᠬᠣᠭᠣᠯᠠᠢ᠂ ᠠᠷᠭᠠᠯ ᠤ᠋ᠨ ᠳᠦᠷᠡᠯᠵᠡᠭᠰᠡᠨ ᠭᠠᠯ ᠤ᠋ᠨ ᠤᠲᠤᠭ᠎ᠠ ᠶ᠋ᠢ ᠲᠣᠭᠣᠨᠣ ᠪᠠᠷ ᠭᠠᠳᠠᠭᠰᠢ ᠪᠠᠨ ᠭᠠᠷᠭᠠᠵᠤ ᠪᠠᠢᠯ᠎ᠠ᠃ ᠡᠭᠦᠳᠡᠨ ᠦ᠌ ᠪᠠᠷᠠᠭᠤᠨ ᠲᠠᠯ᠎ᠠ ᠳ᠋ᠤ᠌ ᠰᠠᠢᠬᠠᠨ ᠶᠠᠩᠵᠤ ᠲᠠᠢ ᠭᠠᠤᠯᠢᠨ ᠳᠡᠪᠦᠷ᠎ᠡ ᠨᠦ᠍ᠭᠦᠳ ᠭᠢᠯᠲᠠᠭᠠᠨᠠᠭᠤᠯᠤᠨ ᠵᠡᠷᠭᠡᠴᠡᠭᠦᠯᠵᠦ ᠲᠠᠯᠪᠢᠭᠠᠳ᠂ ᠮᠥᠩᠭᠥ ᠪᠡᠷ ᠡᠮᠵᠢᠶᠡᠷᠢᠯᠡᠨ ᠴᠢᠮᠡᠭᠰᠡᠨ ᠬᠤᠰᠤ ᠮᠣᠳᠣᠨ ᠤ᠋ ᠠᠶᠠᠭ᠎ᠠ ᠲᠠᠪᠠᠭ ᠢ᠋ ᠬᠠᠵᠠᠭᠤ ᠳ᠋ᠤᠨᠢ ᠥᠷᠥᠵᠡᠢ᠃ ᠦᠶ᠎ᠡ ᠤᠯᠠᠷᠢᠨ ᠬᠡᠷᠡᠭᠯᠡᠭᠰᠡᠭᠡᠷ ᠢᠷᠡᠭᠰᠡᠨ ᠮᠡᠲᠦ ᠬᠠᠷᠠᠭᠳᠠᠬᠤ ᠲᠣᠭᠣᠭᠠᠨ ᠭᠡᠷ ᠦ᠋ᠨ ᠡᠳ᠋ᠯᠡᠯ ᠬᠡᠷᠡᠭᠰᠡᠯ ᠦ᠋ᠳ ᠨᠢ ᠮᠣᠩᠭᠣᠯ ᠭᠠᠷ ᠦᠢᠯᠡᠳᠪᠦᠷᠢᠴᠢᠳ ᠦ᠋ᠨ ᠤᠷ᠎ᠠ ᠴᠢᠳᠠᠪᠤᠷᠢ ᠶ᠋ᠢ ᠭᠦᠢᠴᠡᠳ ᠬᠠᠷᠠᠭᠤᠯᠵᠠᠢ᠃ ᠲᠡᠭᠦᠨ ᠦ᠌ ᠠᠷᠤ ᠳ᠋ᠠᠬᠢ ᠳᠥᠷᠪᠡᠯᠵᠢᠨ ᠬᠠᠢᠷᠴᠠᠭ ᠲᠤ᠌ ᠨᠢᠯᠬ᠎ᠠ ᠬᠤᠷᠠᠭ᠎ᠠ ᠨᠤᠭᠤᠳ ᠪᠠᠢᠵᠤ᠂ ᠰᠥᠨᠢ ᠶ᠋ᠢᠨ ᠠᠶᠠᠯᠠᠯ ᠢ᠋ ᠳᠠᠭᠠᠭᠠᠬᠤ ᠦᠭᠡᠢ ᠲᠤᠯᠠ ᠪᠦᠰᠡᠭᠦᠢᠴᠦᠳ ᠤᠨᠤᠭᠠᠨ ᠳᠡᠭᠡᠷ᠎ᠡ ᠪᠡᠨ ᠠᠪᠴᠤ ᠶᠠᠪᠤᠬᠤ ᠪᠠᠷ ᠪᠡᠯᠡᠳᠴᠡᠢ᠃ ᠳᠠᠸᠠ ᠬᠦᠩ ᠬᠠᠮᠤᠭ ᠤ᠋ᠨ ᠰᠡᠭᠦᠯᠴᠢ ᠶ᠋ᠢᠨ ᠬᠥᠮᠦᠨ ᠢ᠋ᠶ᠋ᠡᠨ ᠶᠠᠪᠤᠭᠤᠯᠵᠤ ᠳᠠᠭᠤᠰᠤᠭᠠᠳ᠂ ᠪᠢᠳᠡᠨ ᠳ᠋ᠦ᠍ ᠳᠡᠭᠡᠷᠡᠮᠴᠢᠳ ᠦ᠋ᠨ ᠤᠷᠤᠭᠰᠢᠯᠠᠵᠤ ᠪᠠᠢᠭ᠎ᠠ ᠪᠠᠢᠳᠠᠯ ᠤ᠋ᠨ ᠲᠤᠬᠠᠢ ᠶᠠᠷᠢᠪᠠ᠃ ᠳᠡᠭᠡᠷᠡᠮᠴᠢᠳ ᠡᠳᠦᠷ ᠡᠴᠡ ᠡᠳᠦᠷ ᠲᠡᠳᠡᠨ ᠦ᠌ ᠬᠢ ᠤᠷᠤᠭᠤ ᠣᠢᠷᠠᠳᠴᠤ ᠪᠠᠢᠭ᠎ᠠ ᠪᠥᠭᠡᠳ ᠵᠡᠷᠭᠡᠯᠡᠳᠡᠭᠡ ᠣᠷᠣᠰᠢᠬᠤ ᠳᠥᠷᠪᠡᠳ ᠬᠤᠰᠢᠭᠤᠨ ᠤ᠋ ᠨᠢᠭᠡ ᠲᠠᠢᠵᠢ ᠶ᠋ᠢᠨ ᠬᠢ ᠶ᠋ᠢ ᠪᠦᠰᠡᠯᠡᠨ ᠠᠪᠴᠤ᠂ ᠣᠳᠣ ᠠᠳᠠ ᠠ᠋ᠴᠠ ᠳᠥᠴᠢᠨ ᠭᠠᠵᠠᠷ ᠬᠦᠷᠬᠦ ᠦᠭᠡᠢ ᠵᠠᠢ ᠲᠠᠢ ᠪᠠᠢᠭ᠎ᠠ᠃ ᠬᠡᠷᠪᠡ ᠰᠥᠨᠢᠳ ᠸᠠᠩ ᠤ᠋ᠨ ᠳᠡᠮᠵᠢᠯᠭᠡ ᠶ᠋ᠢ ᠣᠯᠬᠤ ᠦᠭᠡᠢ ᠪᠣᠯ ᠡᠨᠡ ᠠᠢᠯ ᠤ᠋ᠳ ᠴᠤ᠌ ᠳᠡᠭᠡᠷᠡᠮᠴᠢᠳ ᠦ᠋ᠨ ᠭᠠᠷ ᠲᠤ᠌ ᠳᠦᠭᠦᠷᠦᠯ᠎ᠡ ᠭᠡᠰᠡᠨ ᠦᠭᠡ ᠭᠡᠵᠦ ᠬᠡᠯᠡᠪᠡ᠃ 
       ᠨᠢᠭᠡ ᠪᠦᠰᠡᠭᠦᠢ ᠣᠷᠣᠵᠤ ᠢᠷᠡᠭᠡᠳ ᠲᠤᠯᠭᠠᠨ ᠤ᠋ ᠭᠠᠯ ᠢ᠋ᠶ᠋ᠠᠨ ᠰᠢᠯᠡᠭᠡᠨ ᠬᠥᠭᠵᠢᠭᠡᠪᠡ᠃ ᠲᠡᠭᠦᠨ ᠦ᠌ ᠲᠣᠯᠣᠭᠠᠢ ᠶ᠋ᠢᠨ ᠵᠠᠰᠠᠯ ᠨᠢ ᠭᠡᠵᠦ ᠴᠣᠯ ᠠᠯᠲᠠ ᠪᠠᠢᠭᠰᠠᠨ ᠪᠥᠭᠡᠳ ᠳᠣᠷᠣᠭᠰᠢ ᠬᠦᠵᠦᠭᠦᠦ ᠤᠷᠤᠭᠤ ᠨᠢ ᠤᠨᠵᠢᠢᠵᠤ ᠪᠠᠢᠭ᠎ᠠ ᠱ᠌ᠢᠷᠦ ᠶ᠋ᠢᠨ ᠬᠡᠯᠬᠢᠶ᠎ᠡ ᠳ᠋ᠦ᠍ᠨᠢ ᠲᠥᠭᠥᠷᠢᠭ ᠮᠠᠨᠤᠬᠤ ᠪᠤᠶᠤ ᠬᠠᠪᠲᠠᠭᠠᠢ ᠣᠭ᠌ᠶᠤ ᠠᠳᠠ ᠲᠡᠨᠳᠡ ᠦᠭᠡᠢ ᠬᠠᠷᠠᠭᠳᠠᠨ᠎ᠠ᠃ ( ᠵᠢᠷᠤᠭ 38 ) ᠳᠠᠸᠠ ᠬᠦᠩ ᠦ᠋ᠨ ᠶᠡᠬᠡ ᠬᠠᠲᠤᠨ ᠪᠣᠭᠣᠨᠢᠬᠠᠨ ᠬᠦᠳᠡᠷ ᠴᠢᠬᠢᠷᠡᠭ ᠪᠡᠶ᠎ᠡ ᠲᠡᠢ᠂ ᠥᠷᠭᠡᠪᠲᠦᠷ ᠤᠯᠠᠭᠠᠨ ᠬᠦᠷᠡᠩ ᠴᠢᠷᠠᠢ ᠲᠠᠢ ᠬᠥᠮᠦᠨ ᠪᠠᠢᠪᠠ᠃      

       ᠪᠢᠳᠡ ᠠᠶᠠᠭᠠᠨ ᠳ᠋ᠠᠬᠢ ᠴᠠᠢ ᠪᠠᠨ ᠬᠥᠨᠲᠥᠷᠴᠦ᠂ ᠰᠥᠨᠢᠳ ᠬᠣᠰᠢᠭᠤ ᠤᠷᠤᠭᠤ ᠪᠤᠴᠠᠬᠤ ᠪᠠᠷ ᠬᠥᠳᠡᠯᠦᠯ᠎ᠡ᠃ ᠳᠠᠸᠠ ᠬᠦᠩ ᠪᠢᠳᠡᠨ ᠳ᠋ᠦ᠍ ᠬᠡᠳᠦᠨ ᠮᠥᠷ ᠪᠢᠴᠢᠭ ᠪᠢᠴᠢᠭᠡᠳ ᠳᠡᠮᠴᠦᠭᠳᠦᠩᠷᠦᠪ ᠨᠣᠶᠠᠨ ᠳ᠋ᠤ᠌ ᠳᠠᠮᠵᠢᠭᠤᠯᠬᠤ ᠶ᠋ᠢ ᠬᠦᠰᠡᠪᠡ᠃ ᠪᠢᠳᠡᠨ ᠢ᠋ ᠮᠠᠰᠢᠨ ᠳ᠋ᠠᠭᠠᠨ ᠰᠠᠭᠤᠨ ᠭᠡᠷᠡᠯ ᠢ᠋ᠶ᠋ᠡᠨ ᠠᠰᠠᠭᠠᠬᠤ ᠳ᠋ᠤ᠌ ᠳᠠᠸᠠ ᠬᠦᠩ ᠦ᠋ᠨ ᠭᠡᠷ ᠮᠠᠯ ᠵᠢᠴᠢ ᠬᠦᠨᠳᠦᠲᠦ ᠬᠠᠲᠤᠨ ᠨᠢ ᠰᠥᠨᠢ ᠶ᠋ᠢᠨ ᠬᠠᠷᠠᠩᠭᠤᠢ ᠳ᠋ᠤ᠌ ᠵᠠᠯᠭᠢᠭᠳᠠᠪᠠ᠃ 
       ᠨᠣᠬᠠᠳ ᠨᠢᠭᠡᠨ ᠵᠡᠷᠭᠡ ᠬᠤᠴᠠᠯᠳᠤᠨ᠂ ᠮᠠᠰᠢᠨ ᠤ᠋ ᠠᠷᠤ ᠠ᠋ᠴᠠ ᠬᠡᠰᠡᠭ ᠳᠠᠭᠠᠭᠰᠠᠨ ᠢ᠋ᠶ᠋ᠠᠨ ᠪᠣᠯᠢᠵᠤ᠂ ᠪᠢᠳᠡ ᠪᠠᠰᠠ ᠯᠠ ᠲᠠᠯ᠎ᠠ ᠨᠤᠲᠤᠭ ᠤ᠋ᠨ ᠨᠠᠮᠵᠢᠭᠤᠬᠠᠨ ᠣᠷᠴᠢᠨ ᠳ᠋ᠠᠭᠠᠨ ᠣᠷᠣᠵᠤ ᠢᠷᠡᠯ᠎ᠡ᠃ ᠡᠢᠮᠦᠷᠬᠦᠦ ᠬᠠᠮᠢᠭᠠᠰᠢ ᠪᠠᠨ ᠬᠠᠷᠠᠬᠤ ᠳ᠋ᠤ᠌ ᠴᠤ᠌ ᠠᠳᠠᠯᠢᠬᠠᠨ ᠲᠠᠯ᠎ᠠ ᠨᠤᠲᠤᠭ ᠲᠤ᠌ ᠰᠥᠨᠢ ᠪᠡᠷ ᠠᠶᠠᠯᠠᠬᠤ ᠳ᠋ᠤ᠌ ᠰᠠᠢᠨ ᠵᠠᠮᠴᠢ ᠪᠠᠢᠬᠤ ᠦᠭᠡᠢ ᠪᠣᠯ ᠵᠦᠭ ᠴᠢᠭ ᠢ᠋ᠶ᠋ᠡᠨ ᠢᠯᠭᠠᠨ᠎ᠠ ᠭᠡᠵᠦ ᠦᠨᠡᠬᠡᠷ ᠬᠡᠴᠡᠭᠦᠦ ᠳᠡ᠃ 
       ᠡᠯᠡᠰᠦᠨ ᠴᠦᠯ ᠤᠤ᠂ ᠡᠰᠡᠬᠦᠯ᠎ᠡ ᠳᠤᠮᠳᠠᠳᠤ ᠠᠽᠢᠶ᠎ᠠ ᠶ᠋ᠢᠨ ᠥᠨᠳᠥᠷᠯᠢᠭ ᠴᠦ᠍ ᠪᠠᠢᠵᠤ ᠮᠡᠳᠡᠨ᠎ᠡ᠃ ᠡᠭᠦᠨ ᠦ᠌ ᠳᠣᠲᠣᠷ᠎ᠠ ᠨᠢᠭᠡ ᠰᠠᠢᠬᠠᠨ ᠨᠣᠭᠣᠭᠠᠨ ᠪᠦᠷᠢᠳᠦ ᠪᠠᠢᠵᠤ᠂ ᠮᠣᠳᠣ ᠣᠷᠢᠶᠠᠩᠭᠤ᠂ ᠪᠤᠲᠠᠯᠢᠭ ᠤᠷᠭᠤᠮᠠᠯ ᠤᠷᠭᠤᠭᠰᠠᠨ ᠬᠠᠯᠠᠭᠤᠨ ᠪᠥᠰᠡᠨ ᠦ᠌ ᠣᠢ ᠪᠢᠳᠡᠨ ᠦ᠌ ᠡᠮᠦᠨ᠎ᠡ ᠳᠠᠢᠰᠤᠩᠨᠠᠭᠰᠠᠨ ᠮᠡᠲᠦ ᠢᠯᠡᠷᠡᠪᠡ᠃ ᠭᠡᠨᠡᠳᠲᠡ ᠪᠦᠬᠦ ᠶᠠᠭᠤᠮ᠎ᠠ ᠮᠠᠨᠠᠨ ᠮᠡᠲᠦ ᠰᠠᠷᠨᠢᠨ ᠠᠷᠢᠯᠤᠭᠠᠳ ᠂ ᠪᠢᠳᠡᠨ ᠦ᠌ ᠮᠠᠰᠢᠨ ᠴᠤ᠌ ᠡᠭᠦᠯᠡ ᠮᠠᠨᠠᠨ ᠤ᠋ ᠳᠤᠮᠳᠠᠭᠤᠷ ᠨᠢᠰᠦᠨ ᠳᠠᠪᠬᠢᠭᠰᠠᠭᠠᠷ ᠣᠨᠳᠣᠣ ᠭᠠᠷᠠᠭ ᠲᠠᠢ ᠬᠠᠷᠭᠤᠬᠤ ᠪᠣᠯᠤᠯ᠎ᠠ ᠁ 
       ᠮᠣᠲ᠋ᠣᠷ ᠤ᠋ᠨ ᠬᠦᠩᠭᠢᠨᠡᠭᠰᠡᠨ ᠳᠠᠭᠤᠨ ᠵᠢᠴᠢ ᠮᠠᠰᠢᠨ ᠤ᠋ ᠰᠠᠵᠢᠯᠠᠭᠠᠨ ᠳ᠋ᠤ᠌ ᠪᠦᠪᠡᠢᠯᠡᠭᠳᠡᠨ ᠪᠢ ᠬᠠᠷᠢᠨ ᠵᠡᠭᠦᠷᠮᠡᠭᠯᠡᠭᠰᠡᠨ ᠠᠵᠢ᠃ ᠨᠠᠳᠠᠳᠤ ᠶᠡᠬᠡ ᠤᠳᠠᠭᠠᠨ ᠪᠣᠯᠤᠭᠰᠠᠨ ᠮᠡᠲᠦ ᠰᠠᠨᠠᠭᠳᠠᠵᠤ ᠪᠠᠢᠭ᠎ᠠ ᠡᠨᠡᠬᠡᠨ ᠳᠤᠭᠭᠢᠭᠰᠠᠨ ᠨᠣᠢᠷ ᠠ᠋ᠴᠠ ᠪᠠᠨ ᠰᠡᠷᠡᠬᠦ ᠳ᠋ᠦ᠍ ᠬᠠᠷᠠᠭᠠᠨ ᠳ᠋ᠤ᠌ ᠮᠢᠨᠢ ᠳᠦᠭᠦᠷᠡᠩ ᠮᠣᠷᠢᠲᠠᠳ ᠤ᠋ᠨ ᠡᠩᠨᠡᠭᠡ ᠬᠥᠳᠡᠭᠡ ᠲᠠᠯ᠎ᠠ ᠳ᠋ᠤ᠌ ᠳᠠᠭᠤ ᠴᠢᠮᠡᠭᠡ ᠦᠭᠡᠢ ᠠᠶᠠᠯᠠᠬᠤ ᠨᠢ ᠰᠦᠮᠡᠯᠵᠡᠨ ᠬᠠᠷᠠᠭᠳᠠᠪᠠ᠃ ᠲᠠᠯ᠎ᠠ ᠨᠤᠲᠤᠭ ᠤ᠋ᠨ ᠲᠡᠭᠰᠢ ᠪᠤᠰᠤ ᠪᠠᠢᠭ᠎ᠠ ᠭᠠᠳᠠᠷᠭᠤ ᠨᠢ ᠰᠠᠷᠠᠨ ᠤ᠋ ᠭᠡᠷᠡᠯ ᠳ᠋ᠦ᠍ ᠢᠩᠭᠢᠵᠦ ᠬᠠᠷᠠᠭᠳᠠᠵᠤ ᠪᠠᠢᠨ᠎ᠠ ᠤᠤ ? ᠦᠭᠡᠢ ᠶᠡᠷᠦ ᠨᠢ ᠵᠡᠭᠦᠳᠦ ᠵᠡᠷᠭᠡᠯᠭᠡᠨ ᠤᠤ? ᠡᠰᠡᠬᠦᠯ᠎ᠡ ᠮᠡᠳᠡᠷᠡᠮᠵᠢ ᠳ᠋ᠦ᠍ ᠪᠤᠷᠤᠭᠤ ᠣᠢᠯᠠᠭᠠᠯᠲᠠ ᠭᠠᠷᠤᠭᠠᠳ ᠪᠠᠢᠨ᠎ᠠ ᠤᠤ?
       — ᠮᠣᠩᠭᠣᠯ ᠴᠡᠷᠢᠭ ᠦ᠋ᠨ ᠰᠦᠨᠡᠰᠦ ᠨᠦ᠍ᠭᠦᠳ ᠪᠤᠴᠠᠵᠤ ᠶᠠᠪᠤᠭ᠎ᠠ ᠪᠠᠢᠨ᠎ᠠ᠂ ᠴᠢ ᠠᠯᠭᠤᠷ ᠶᠠᠪᠤᠭᠤᠯᠬᠤ ᠬᠡᠷᠡᠭᠲᠡᠢ ᠭᠡᠵᠦ ᠪᠢᠳᠡᠨ ᠦ᠌ ᠵᠠᠮᠴᠢ ᠷᠠᠰᠢ ᠵᠢᠯᠣᠭᠣᠴᠢ ᠳ᠋ᠤ᠌ ᠶᠠᠷᠢᠭᠠᠳ ᠵᠠᠯᠭᠠᠵᠤ᠂ ᠬᠥᠮᠦᠨ ᠦ᠌ ᠨᠤᠲᠤᠭ ᠲᠤ᠌ ᠲᠡᠢᠨ ᠬᠢᠵᠦ ᠶᠠᠪᠤᠭᠠᠳ ᠨᠦᠭᠴᠢᠭᠰᠡᠳ ᠦ᠋ᠨ ᠰᠦᠨᠡᠰᠦ ᠨᠤᠲᠤᠭ ᠤᠷᠤᠭᠤ ᠪᠠᠨ ᠪᠤᠴᠠᠬᠤ ᠬᠠᠮᠤᠭ ᠤ᠋ᠨ ᠰᠡᠭᠦᠯᠴᠢ ᠶ᠋ᠢᠨ ᠠᠶᠠᠯᠠᠯ ᠢ᠋ ᠨᠢ ᠬᠠᠷᠰᠢᠯᠠᠵᠤ ᠪᠣᠯᠳᠠᠭ ᠦᠭᠡᠢ ᠶᠦᠮ ᠭᠡᠵᠦ ᠰᠢᠪᠡᠨᠡᠨ ᠬᠡᠯᠡᠯ᠎ᠡ᠃ 
       ᠰᠥᠨᠢ ᠶ᠋ᠢᠨ ᠭᠦᠨ ᠳ᠋ᠦ᠍ ᠪᠢᠳᠡ ᠴᠠᠭᠠᠨ ᠬᠦᠷᠢᠶᠡᠨ ᠦ᠌ ᠰᠦᠮ᠎ᠡ ᠳ᠋ᠦ᠍ ᠢᠷᠡᠯ᠎ᠡ᠃ ᠬᠡᠲᠦᠷᠬᠡᠢ ᠶᠠᠳᠠᠷᠠᠭᠰᠠᠨ ᠠ᠋ᠴᠠ ᠪᠣᠯᠵᠤ ᠨᠣᠢᠷ ᠬᠤᠯᠵᠢᠵᠠᠢ᠃ ᠴᠣᠩᠬᠣ ᠪᠠᠷ ᠲᠠᠯ᠎ᠠ ᠶ᠋ᠢ ᠬᠠᠷᠠᠭᠰᠠᠭᠠᠷ ᠰᠠᠶᠢ ᠶ᠋ᠢᠨ ᠵᠡᠭᠦᠳᠦ ᠪᠣᠯᠤᠨ ᠨᠤᠲᠤᠭ ᠪᠤᠴᠠᠵᠤ ᠶᠠᠪᠤᠭ᠎ᠠ ᠳᠠᠢᠴᠢᠳ ᠤ᠋ᠨ ᠰᠦᠨᠡᠰᠦᠨ ᠦ᠌ ᠲᠤᠬᠠᠢ ᠪᠣᠳᠣᠪᠠ᠃ ᠬᠠᠴᠢᠨ ᠰᠦᠷᠡᠬᠡᠢ ᠲᠣᠭᠲᠠᠪᠤᠷᠢ ᠠᠯᠳᠠᠬᠤ ᠪᠠᠷ ᠨᠢ ᠬᠣᠨᠣᠭᠯᠠᠵᠤ ᠪᠠᠢᠭ᠎ᠠ ᠪᠠᠢᠷᠢ ᠶ᠋ᠢᠨ ᠡᠮᠦᠨᠡᠬᠢ ᠲᠠᠢᠰᠠᠨ ᠳᠡᠭᠡᠷ᠎ᠡ ᠣᠴᠢᠵᠤ ᠵᠣᠭᠰᠣᠮᠠᠷ ᠰᠠᠨᠠᠭᠳᠠᠪᠠ ᠃ ᠪᠢ ᠰᠥᠨᠢ ᠶ᠋ᠢᠨ ᠰᠡᠯᠡᠭᠦᠬᠡᠨ ᠳ᠋ᠦ᠍ ᠭᠠᠳᠠᠭᠰᠢ ᠭᠠᠷᠤᠯ᠎ᠠ᠃ ᠴᠢᠬᠢ ᠲᠠᠯᠪᠢᠨ ᠴᠢᠩᠨᠠᠭᠰᠠᠨ ᠴᠤ᠌ ᠶᠠᠭᠤ ᠴᠤ᠌ ᠰᠣᠨᠣᠰᠳᠠᠬᠤ ᠦᠭᠡᠢ᠃ ᠬᠢᠵᠠᠭᠠᠷ ᠦᠭᠡᠢ ᠣᠭᠲᠠᠷᠭᠤᠢ ᠳ᠋ᠠᠬᠢ ᠣᠳᠣᠳ ᠯᠠ ᠥᠪᠡᠷ ᠦ᠋ᠨ ᠵᠢᠮ᠎ᠡ ᠪᠡᠷ ᠢ᠋ᠶ᠋ᠡᠨ ᠴᠢᠮᠡᠭᠡ ᠦᠭᠡᠢ ᠢᠷᠪᠢᠭᠢᠨᠡᠭᠰᠡᠭᠡᠷ ᠪᠠᠢᠯ᠎ᠠ᠃ ᠪᠢ ᠣᠢᠷ᠎ᠠ ᠣᠷᠴᠢᠮ ᠤ᠋ᠨ ᠳᠣᠪᠣᠴᠠᠭ ᠳᠡᠭᠡᠷ᠎ᠡ ᠭᠠᠷᠤᠶ᠎ᠠ ᠭᠡᠮᠡᠨ ᠪᠣᠳᠣᠭᠠᠳ ᠠᠯᠬᠤᠲᠠᠯ᠎ᠠ ᠷᠠᠰᠢ ᠠᠷᠠᠰᠤᠨ ᠲᠡᠷᠯᠢᠭ ᠢ᠋ᠶ᠋ᠡᠨ ᠨᠥᠮᠥᠷᠦᠭᠡᠳ ᠬᠣᠢᠨ᠎ᠠ ᠠ᠋ᠴᠠ ᠬᠦᠷᠴᠦ ᠢᠷᠡᠪᠡ᠃ 
       — ᠬᠠᠮᠢᠭ᠎ᠠ ᠣᠴᠢᠨ᠎ᠠ ᠭᠡᠵᠦ ᠪᠠᠢᠨ᠎ᠠ? ᠭᠡᠵᠦ ᠲᠡᠷᠡ ᠠᠰᠠᠭᠤᠪᠠ᠃ 
       — ᠲᠣᠭᠣᠷᠢᠬᠤ ᠪᠠᠷ ! ᠰᠥᠨᠢ ᠶ᠋ᠢᠨ ᠮᠣᠷᠢᠲᠤ ᠠᠩᠭᠢ ᠶ᠋ᠢ ᠪᠠᠰᠠ ᠨᠢᠭᠡ ᠬᠠᠷᠠᠶ᠎ᠠ ᠭᠡᠮᠡᠨ ᠰᠠᠨᠠᠵᠤ ᠪᠠᠢᠨ᠎ᠠ᠃ 
       — ᠢᠩᠭᠢᠬᠦ ᠨᠢ ᠭᠠᠢ ᠵᠣᠪᠠᠯᠠᠩ ᠠᠪᠴᠢᠷᠠᠳᠠᠭ᠃ ᠨᠦᠭᠴᠢᠭᠰᠡᠳ ᠦ᠋ᠨ ᠰᠦᠨᠡᠰᠦ ᠪᠤᠴᠠᠵᠤ ᠬᠠᠷᠢᠬᠤ ᠶ᠋ᠢ ᠬᠥᠮᠦᠨ ᠵᠣᠷᠢᠯᠭ᠎ᠠ ᠲᠠᠢ ᠬᠠᠷᠰᠢᠯᠠᠵᠤ ᠪᠣᠯᠳᠠᠭ ᠦᠭᠡᠢ ᠶᠦᠮ᠃ ᠪᠢᠳᠡᠨ ᠦ᠌ ᠥᠨᠥᠳᠥᠷ ᠦ᠋ᠨ ᠬᠠᠷᠠᠭᠰᠠᠨ ᠨᠢ ᠶᠡᠬᠡ ᠣᠯᠠᠨ ᠤᠳᠬ᠎ᠠ ᠠᠭᠤᠯᠭ᠎ᠠ ᠲᠠᠢ ᠶᠤᠮ ᠭᠡᠵᠦ ᠰᠢᠪᠡᠨᠡᠨ ᠬᠡᠯᠡᠪᠡ᠃ 
       — ᠵᠠᠯᠭᠠᠭᠠᠳ ᠶᠠᠷᠢᠭᠠᠴᠢ! ᠭᠡᠬᠦ ᠪᠡᠷ ᠷᠠᠰᠢ ᠨᠡᠯᠢᠶᠡᠳ ᠤᠳᠠᠭᠠᠨ ᠳᠠᠭᠤ ᠦᠭᠡᠢ ᠪᠣᠯᠤᠭᠰᠠᠨ ᠢ᠋ᠶ᠋ᠠᠨ : 
       — ᠴᠢ ᠣᠨᠳᠣᠣ ᠶᠢᠷᠲᠢᠨᠴᠦ ᠡᠴᠡ ᠢᠷᠡᠭᠰᠡᠨ ᠪᠣᠯᠬᠣᠷ ᠮᠢᠨᠦ ᠶᠠᠷᠢᠶ᠎ᠠ ᠶ᠋ᠢ ᠱᠣᠭᠯᠠᠨ ᠢᠨᠢᠶᠡᠵᠦ ᠮᠡᠳᠡᠨ᠎ᠡ᠃ ᠭᠡᠬᠦ ᠳ᠋ᠦ᠍ ᠪᠢᠳᠡᠨ ᠦ᠌ ᠬᠠᠭᠤᠴᠢᠨ ᠶᠠᠷᠢᠶ᠎ᠠ᠂ ᠤᠯᠠᠮᠵᠢᠯᠠᠯ ᠪᠣᠯ ᠪᠦᠷ ᠦᠨᠡᠨ! ᠵᠥᠩᠨᠡᠨ ᠶᠠᠷᠢᠭᠰᠠᠨ ᠪᠦᠭᠦᠳᠡ ᠨᠢ ᠪᠡᠶᠡᠯᠡᠭᠳᠡᠳᠡᠭ ᠶᠦᠮ ᠰᠢᠦ ᠭᠡᠪᠡ᠃ 
       — ᠵᠥᠩᠨᠡᠯ ᠶᠠᠷᠢᠶᠠᠨ ᠳ᠋ᠤ᠌ ᠶᠠᠭᠤ ᠭᠡᠵᠦ ᠶᠠᠷᠢᠪᠠ?  ᠭᠡᠵᠦ ᠤᠬᠤᠴᠢᠯᠠᠨ ᠠᠰᠠᠭᠤᠬᠤ ᠳ᠋ᠤ᠌ ᠮᠠᠨᠢ ᠲᠡᠷᠡ ᠬᠠᠭᠤᠴᠢᠨ ᠰᠦᠮ᠎ᠡ ᠶ᠋ᠢᠨ ᠡᠭᠦᠳᠡ ᠵᠦᠭ ᠠᠯᠬᠤᠬᠤ ᠳ᠋ᠠᠭᠠᠨ᠄ 
       — ᠡᠭᠦᠨ ᠦ᠌ ᠲᠤᠬᠠᠢ ᠪᠢ ᠬᠠᠷᠢᠨ ᠬᠥᠳᠡᠭᠡ ᠭᠠᠳᠠᠭ᠎ᠠ ᠶᠠᠷᠢᠬᠤ ᠦᠭᠡᠢ ᠰᠢᠦ ᠭᠡᠯ᠎ᠡ᠃ ᠲᠡᠷᠡ ᠪᠠᠢᠰᠢᠩ ᠤ᠋ᠨ ᠡᠮᠦᠨᠡᠬᠢ ᠪᠣᠭᠣᠨᠢᠬᠠᠨ ᠰᠠᠨᠳᠠᠯᠢ ᠳᠡᠭᠡᠷ᠎ᠡ ᠰᠠᠭᠤᠭᠰᠠᠨ ᠢ᠋ᠶ᠋ᠠᠨ ᠮᠠᠯᠠᠭᠠᠢ ᠪᠠᠨ ᠲᠡᠭᠰᠢᠯᠡᠨ ᠵᠠᠰᠠᠵᠤ ᠠᠷᠠᠰᠤᠨ ᠳᠡᠪᠡᠯ ᠢ᠋ᠶ᠋ᠡᠨ ᠵᠠᠰᠠᠨ ᠨᠥᠮᠥᠷᠦᠭᠡᠳ: 
       — ᠲᠠᠯ᠎ᠠ ᠨᠤᠲᠤᠭ ᠢ᠋ ᠪᠤᠰᠤᠳ ᠦᠨᠳᠦᠰᠦᠲᠡᠨ ᠳᠠᠭᠠᠷᠢᠨ ᠳᠣᠪᠲᠣᠯᠬᠤ ᠪᠤᠶᠤ ᠮᠠᠨ ᠤ᠋ ᠤᠭᠰᠠᠭᠠᠲᠠᠨ ᠭᠠᠷᠬᠤ ᠵᠠᠮ ᠦᠭᠡᠢ ᠭᠠᠴᠢᠭᠳᠠᠯ ᠳ᠋ᠤ᠌ ᠲᠤᠯᠭᠠᠷᠠᠬᠤ ᠦᠶᠡᠰ ᠦᠯᠦ ᠦᠵᠡᠭᠳᠡᠬᠦ ᠴᠡᠷᠢᠭ ᠠᠩᠭᠢ ᠢᠷᠡᠵᠦ ᠲᠤᠰᠠᠯᠠᠳᠠᠭ᠃ ᠰᠠᠷᠠᠨ ᠤ᠋ ᠭᠡᠷᠡᠯ ᠳᠣᠣᠷ᠎ᠠ ᠲᠡᠳᠡᠨ ᠦ᠌ ᠳᠣᠪᠲᠣᠯᠵᠤ ᠪᠠᠢᠬᠤ ᠨᠢ ᠬᠠᠷᠠᠭᠳᠠᠳᠠᠭ᠃ ᠬᠡᠨ ᠬᠡᠷᠪᠡ ᠲᠡᠳᠡᠨ ᠲᠡᠢ ᠡᠰᠡᠷᠭᠦᠴᠡᠯᠳᠦᠬᠦ ᠪᠤᠶᠤ ᠮᠣᠷᠢᠳ ᠢ᠋ ᠨᠢ ᠦᠷᠭᠦᠭᠡᠨ ᠬᠥᠭᠡᠭᠡᠪᠡᠯ ᠮᠠᠷᠭᠠᠰᠢ ᠥᠷᠯᠥᠭᠡ ᠨᠢ ᠲᠠᠯ᠎ᠠ ᠳᠡᠭᠡᠷ᠎ᠡ ᠦᠬᠦᠭᠰᠡᠨ ᠪᠠᠢᠳᠠᠭ ᠪᠥᠭᠡᠳ ᠪᠠᠶᠠᠨ ᠳᠡᠭᠡᠷ᠎ᠡ ᠨᠢ ᠲᠣᠭᠠᠯᠠᠰᠢ ᠦᠭᠡᠢ ᠲᠤᠭᠤᠷᠠᠢ ᠶ᠋ᠢᠨ ᠰᠣᠷᠪᠢ ᠪᠠᠢᠳᠠᠭ᠃ ᠬᠥᠮᠦᠰ ᠶᠠᠭᠠᠬᠢᠭᠠᠳ ᠡᠢᠮᠦ ᠰᠥᠨᠢ ᠪᠡᠷ ᠬᠥᠳᠡᠭᠡ ᠲᠠᠯ᠎ᠠ ᠤᠷᠤᠭᠤ ᠭᠠᠷᠳᠠᠭ ᠦᠭᠡᠢ ᠶ᠋ᠢ ᠣᠳᠣ ᠴᠢ ᠮᠡᠳᠡᠭᠰᠡᠨ ᠪᠢᠵᠡ! ᠶᠡᠬᠡ ᠬᠡᠷᠡᠭ ᠭᠠᠷᠬᠤ ᠭᠡᠵᠦ ᠪᠠᠢᠨ᠎ᠠ ᠭᠡᠯ᠎ᠡ᠃ 
       ᠪᠠᠢᠷᠢ ᠳ᠋ᠠᠭᠠᠨ ᠣᠷᠣᠭᠰᠠᠨ ᠤ᠋ ᠰᠡᠭᠦᠯᠡᠷ ᠲᠡᠷᠡ ᠡᠭᠦᠳᠡᠨ ᠳᠡᠭᠡᠷ᠎ᠡ ᠬᠦᠷᠴᠦ ᠡᠷᠢᠭᠡ ᠪᠡᠨ ᠲᠠᠯᠪᠢᠭᠠᠳ᠂ ᠬᠠᠭᠠᠯᠭᠠᠨ ᠤ᠋ ᠲᠦᠯᠬᠢᠭᠦᠷ ᠢ᠋ ᠡᠷᠭᠢᠭᠦᠯᠦᠨ ᠣᠨᠢᠰᠤᠯᠠᠭᠠᠳ᠂ ᠲᠦᠯᠬᠢᠭᠦᠷ ᠢ᠋ ᠨᠢ ᠠᠪᠴᠤ ᠬᠠᠷᠮᠠᠯᠠᠯ᠎ᠠ᠃
       — ᠣᠳᠣ ᠤᠨᠲᠠᠬᠤ ᠴᠠᠭ ᠪᠣᠯᠵᠠᠢ ! ᠤᠳᠠᠯ ᠦᠭᠡᠢ ᠯᠠᠷᠰᠤᠨ ᠬᠦᠩ ᠴᠦ᠍ ᠪᠣᠰᠬᠤ ᠪᠣᠯᠤᠨ᠎ᠠ ᠳᠠ ᠭᠡᠵᠦ ᠷᠠᠰᠢ ᠬᠡᠯᠡᠯ᠎ᠡ᠃ 
       — ᠶᠡᠬᠡ ᠬᠡᠷᠡᠭ ᠭᠠᠷᠬᠤ ᠨᠢ ᠠ᠋ ᠭᠡᠵᠦ ᠮᠠᠷᠭᠠᠰᠢ ᠥᠷᠯᠥᠭᠡ ᠨᠢ ᠪᠢ ᠯᠠᠷᠰᠤᠨ ᠬᠦᠩ ᠳ᠋ᠦ᠍ ᠶᠠᠷᠢᠯ᠎ᠠ᠃ 
       — ᠡᠭᠦᠨ ᠦ᠌ ᠲᠤᠬᠠᠢ ᠮᠣᠩᠭᠣᠯᠴᠤᠳ ᠶᠡᠬᠡ ᠤᠳᠠᠭᠠᠨ ᠶᠠᠷᠢᠭᠰᠠᠨ ᠶᠤᠮ ! ᠭᠡᠬᠦ ᠳ᠋ᠦ᠍ ᠬᠡᠷᠪᠡ ᠲᠡᠳᠡ ᠬᠣᠭᠣᠷᠣᠨᠳᠣ ᠪᠠᠨ ᠨᠢᠭᠡᠳᠬᠦ ᠦᠭᠡᠢ ᠶᠦᠮ ᠪᠣᠯ ᠣᠯᠠᠨ ᠲᠠᠯ᠎ᠠ ᠠ᠋ᠴᠠ ᠢᠷᠡᠵᠦ ᠪᠠᠢᠭ᠎ᠠ ᠠᠶᠤᠯ ᠲᠦᠭᠰᠢᠭᠦᠷᠢ ᠶ᠋ᠢ ᠬᠣᠷᠢᠭᠯᠠᠨ ᠵᠣᠭᠰᠣᠭᠠᠬᠤ ᠳ᠋ᠤ᠌ ᠬᠡᠴᠡᠭᠦᠦ ᠯᠡ ᠪᠠᠢᠨ᠎ᠠ ᠭᠡᠵᠦ ᠯᠠᠷᠰᠤᠨ ᠬᠢᠨᠠᠮᠠᠭᠠᠢ ᠶᠠᠷᠢᠪᠠ᠃ 
       ᠪᠢᠳᠡ ᠮᠣᠷᠳᠠᠬᠤ ᠳ᠋ᠤ᠌ ᠪᠡᠯᠡᠬᠡᠨ ᠪᠣᠯᠤᠭᠰᠠᠨ ᠡᠭᠦᠳᠡᠨ ᠡᠮᠦᠨᠡᠬᠢ ᠮᠠᠰᠢᠨ ᠵᠦᠭ ᠢ᠋ᠶ᠋ᠡᠨ ᠠᠯᠬᠤᠯᠠᠪᠠ᠃ ᠮᠠᠰᠢᠨ ᠳ᠋ᠠᠬᠢ ᠠᠴᠢᠶ᠎ᠠ ᠨᠢ ᠲᠣᠭᠣᠰᠣᠨ ᠳ᠋ᠤ᠌ ᠳᠠᠷᠤᠭᠳᠠᠵᠤ᠂ ᠱ‍ᠢᠯᠦᠹ ᠬᠣᠶᠠᠷ ᠰᠠᠪᠠ ᠲᠠᠢ ᠴᠢᠯᠠᠭᠤᠨ ᠲᠣᠰᠣ ᠶ᠋ᠢ ᠭᠢᠰᠬᠢᠭᠦᠷ ᠬᠠᠪᠲᠠᠰᠤᠨ ᠳᠡᠭᠡᠷ᠎ᠡ ᠬᠦᠯᠢᠵᠦ ᠪᠠᠢᠪᠠ᠃ ᠷᠠᠰᠢ ᠵᠢᠴᠢ ᠪᠤᠰᠤᠳ ᠮᠣᠩᠭᠣᠯᠴᠤᠳ ᠭᠢᠯᠲᠠᠭᠠᠨᠠᠭᠰᠠᠨ ᠮᠠᠰᠢᠨ ᠢ᠋ ᠬᠦᠷᠢᠶᠡᠯᠡᠨ ᠢᠢᠨᠢᠶᠡᠮᠰᠦᠭᠯᠡᠨ ᠵᠣᠭᠰᠣᠵᠤ᠂ ᠪᠢᠳᠡᠨ ᠦ᠌ ᠡᠮᠦᠨᠡᠰᠢ ᠪᠡᠨ ᠲᠡᠮᠡᠭᠡᠨ ᠵᠢᠩ ᠦ᠋ᠨ ᠵᠠᠮ ᠢ᠋ ᠡᠯᠭᠦᠨ ᠠᠪᠬᠤ ᠠᠶᠠᠯᠠᠯ ᠳ᠋ᠤ᠌ ᠭᠠᠷᠲᠠᠯ᠎ᠠ ᠲᠡᠨᠳᠡ ᠪᠡᠨ ᠪᠠᠢᠵᠤ ᠯᠠ ᠪᠠᠢᠪᠠ᠃ 
       ᠪᠣᠳᠣᠯ ᠳ᠋ᠤ᠌ ᠮᠢᠨᠢ ᠬᠦᠷᠴᠦ ᠥᠩᠭᠡᠷᠡᠭᠰᠡᠨ ᠭᠡᠷ ᠦ᠋ᠳ ᠵᠢᠴᠢ ᠬᠥᠮᠦᠰ ᠡᠷᠭᠢᠯᠳᠦᠭᠰᠡᠭᠡᠷ ᠪᠠᠢᠯ᠎ᠠ᠃ ᠮᠠᠷᠺᠣ ᠫᠣᠯᠣ ᠶ᠋ᠢᠨ ᠲᠡᠷᠡ ᠦᠶ᠎ᠡ ᠳ᠋ᠦ᠍ ᠪᠢᠴᠢᠭᠯᠡᠵᠦ ᠦᠯᠡᠳᠡᠭᠡᠭᠰᠡᠨ ᠪᠦᠬᠦᠨ ᠢ᠋ ᠣᠳᠣ ᠳ᠋ᠤ᠌ ᠬᠦᠷᠲᠡᠯ᠎ᠡ ᠮᠣᠩᠭᠣᠯᠴᠤᠳ ᠬᠡᠳᠦᠨ ᠵᠠᠭᠤᠨ ᠵᠢᠯ ᠦ᠋ᠨ ᠲᠤᠷᠰᠢ ᠬᠠᠳᠠᠭᠠᠯᠠᠭᠰᠠᠭᠠᠷ ᠢᠷᠡᠵᠡᠢ᠃ ᠬᠠᠷᠠᠭ᠎ᠠ ᠪᠤᠯᠢᠶᠠᠮ᠎ᠠ ᠦᠵᠡᠰᠬᠦᠯᠡᠩ ᠰᠠᠢᠬᠠᠨ ᠦᠵᠡᠮᠵᠢ ( ᠵᠢᠷᠤᠭ 41 ᠪᠠ 42 ) ᠂ ᠲᠠᠯ᠎ᠠ ᠨᠤᠲᠤᠭ ᠤ᠋ᠨ ᠷᠣᠮᠠᠨᠲ᠋ᠢᠭ ᠠᠮᠢᠳᠤᠷᠠᠯ ᠵᠢᠴᠢ ᠲᠡᠷᠡ ᠰᠠᠢᠬᠠᠨ ᠨᠠᠮᠵᠢᠭᠤᠨ ᠰᠡᠯᠡᠭᠦᠨ ᠪᠠᠢᠳᠠᠯ ᠭᠡᠬᠦ ᠮᠡᠲᠦ᠃ ᠪᠢᠳᠡ ᠴᠦ᠍ ᠤᠤᠯ ᠳ᠋ᠠᠭᠠᠨ ᠲᠡᠢᠮᠦ ᠰᠠᠢᠬᠠᠨ ᠨᠠᠮᠵᠢᠭᠤᠨ ᠪᠠᠢᠵᠤ ᠯᠠ ᠪᠠᠢᠭᠰᠠᠨ᠂ ᠭᠡᠬᠦ ᠳ᠋ᠦ᠍ ᠣᠳᠣᠬᠢᠴᠢᠯᠠᠭᠰᠠᠨ ᠮᠡᠷᠭᠡᠵᠢᠯ᠂ ᠮᠠᠰᠢᠨ ᠲᠡᠷᠭᠡ᠂ ᠷᠠᠳᠢᠣ᠋ ᠪᠠ ᠬᠠᠷᠴᠢᠭᠢᠨᠠᠭᠰᠠᠨ ᠲᠡᠮᠦᠷ ᠵᠠᠮ ᠤ᠋ᠳ ᠯᠠ ᠪᠢᠳᠡᠨ ᠡᠴᠡ ᠲᠡᠭᠦᠨ ᠢ᠋ ᠪᠤᠯᠢᠶᠠᠭᠰᠠᠨ᠃ ᠮᠥᠨ ᠲᠡᠷᠡ ᠲᠠᠯ᠎ᠠ ᠨᠤᠲᠤᠭ ᠲᠤ᠌ ᠠᠮᠢᠳᠤᠷᠠᠵᠤ ᠪᠠᠢᠭ᠎ᠠ ᠬᠥᠮᠦᠰ ! ᠬᠡᠷᠪᠡ ᠥᠭᠡᠷ᠎ᠡ ᠬᠥᠮᠦᠰ ᠲᠡᠳᠡᠨ ᠦ᠌ ᠬᠦᠰᠡᠯ ᠱᠠᠭᠠᠷᠳᠠᠯᠭ᠎ᠠ ᠨᠢ ᠬᠡᠳᠦᠢ ᠴᠢᠬᠤᠯᠠ ᠪᠢᠰᠢ ᠭᠡᠳᠡᠭ ᠢ᠋ ᠮᠡᠳᠡᠬᠦ ᠦᠭᠡᠢ ᠪᠣᠯ ᠲᠡᠳᠡᠨ ᠦ᠌ ᠬᠦᠰᠡᠯ ᠱᠠᠭᠠᠷᠳᠠᠯᠬ᠎ᠠ ᠦᠭᠡᠢ ᠠᠮᠢᠳᠤᠷᠠᠯ ᠳ᠋ᠤᠨᠢ ᠠᠲᠠᠭᠠᠷᠬᠠᠮᠠᠷ ᠠᠵᠢ᠃ ᠡᠨᠡ ᠬᠦ᠌ ᠣᠬᠣᠷᠬᠠᠨ ᠠᠶᠠᠯᠠᠯ ᠨᠢ ᠨᠠᠳᠠ ᠳ᠋ᠤ᠌ ᠶᠠᠭ ᠯᠠ ᠬᠠᠭᠤᠴᠢᠨ ᠲᠡᠦᠬᠡ ᠶ᠋ᠢᠨ ᠨᠣᠮ ᠳ᠋ᠤ᠌ ᠣᠷᠣᠵᠤ ᠤᠨᠲᠠᠭᠰᠠᠨ ᠰᠢᠭ᠋᠂ ᠡᠨᠡ ᠪᠦᠬᠦᠨ ᠮᠢᠨᠢ ᠪᠦᠷ ᠯᠡ ᠵᠡᠭᠦᠳᠦ ᠪᠠᠢᠭᠰᠠᠨ ᠮᠡᠲᠦ ᠰᠠᠨᠠᠭᠳᠠᠵᠢ ᠪᠢᠯᠡ ( ᠵᠢᠷᠤᠭ 43 ᠪᠠ 44 ) ᠃ 
       ᠪᠣᠳᠣᠯ ᠠ᠋ᠴᠠ ᠪᠠᠨ ᠠᠯᠭᠤᠷ ᠰᠠᠯᠬᠤ ᠦᠶ᠎ᠡ ᠳ᠋ᠦ᠍ ᠪᠢᠳᠡ ᠠᠮᠠᠷᠠᠵᠤ ᠪᠠᠢᠭ᠎ᠠ ᠲᠡᠮᠡᠭᠡᠨ ᠵᠢᠩ ᠳᠡᠭᠡᠷ᠎ᠡ ᠬᠦᠷᠴᠢᠬᠡᠭᠡᠳ ᠪᠠᠢᠯ᠎ᠠ᠃ ᠲᠡᠳᠡ《WOSTWAG》 ᠤᠨ ᠪᠠᠷᠠᠭ᠎ᠠ ᠶ᠋ᠢ ᠠᠷᠤ ᠮᠣᠩᠭᠣᠯ ᠠ᠋ᠴᠠ ᠠᠪᠴᠢᠷᠠᠵᠤ ᠪᠠᠢᠭ᠎ᠠ ᠨᠢ ᠡᠨᠡ ᠠᠵᠢ ᠃ ᠵᠢᠵᠢᠭᠬᠡᠨ ᠮᠠᠢᠬᠠᠨ ᠤ᠋ ᠡᠮᠦᠨ᠎ᠡ ᠬᠥᠮᠦᠰ ᠲᠣᠮᠣᠬᠠᠨ ᠭᠠᠯ ᠢ᠋ ᠲᠣᠭᠣᠷᠢᠨ ᠰᠠᠭᠤᠵᠠᠭᠠᠵᠤ ᠪᠠᠢᠪᠠ᠃ ᠮᠣᠩᠭᠣᠯ ᠮᠠᠶᠢᠭ ᠤ᠋ᠨ ᠬᠣᠭᠣᠯᠠᠨ ᠤ᠋ ᠦᠨᠦᠷ ᠨᠢ ᠬᠥᠬᠡ ᠤᠲᠤᠭ᠎ᠠ ᠲᠠᠢ ᠨᠢ ᠬᠣᠯᠢᠯᠳᠤᠨ ᠦᠨᠦᠷᠲᠦᠬᠦ ᠠᠵᠢ᠃ ᠬᠤᠴᠠᠨ ᠬᠣᠷᠭᠣᠭᠣᠬᠤ ᠵᠢᠩ ᠦ᠋ᠨ ᠨᠣᠬᠠᠳ ᠪᠢᠳᠡᠨ ᠢ᠋ ᠤᠭᠲᠤᠨ ᠢᠷᠡᠬᠦ ᠳ᠋ᠦ᠍ ᠢᠷᠵᠠᠢᠭᠰᠠᠨ ᠰᠢᠳᠦ ᠨᠢ ᠬᠦᠷᠲᠡᠯ᠎ᠡ ᠬᠠᠷᠠᠭᠳᠠᠵᠤ ᠪᠠᠢᠪᠠ᠃       

         ᠵᠢᠷᠤᠭ 41   ᠵᠣᠨ ᠤ ᠪᠡᠯᠴᠢᠭᠡᠷ ᠲᠦ ᠪᠠᠢᠭ᠎ᠠ ᠲᠡᠮᠡᠭᠡᠳ

       ᠪᠠᠷᠠᠭᠠᠨ ᠤ᠋ ᠪᠣᠭᠣᠳᠠᠯ ᠬᠠᠢᠷᠴᠠᠭ ᠤ᠋ᠳ ᠢ᠋ ᠠᠳᠠ ᠲᠡᠨᠳᠡ ᠣᠪᠣᠭᠠᠯᠠᠨ ᠲᠠᠯᠪᠢᠵᠠᠢ᠃ ᠲᠣᠮᠣ ᠪᠣᠭᠣᠳᠠᠯ ᠤ᠋ᠳ ᠠ᠋ᠴᠠ ᠨᠢ ᠨᠣᠣᠰᠣᠨ ᠤ᠋ ᠦᠨᠦᠷ ᠭᠠᠷᠴᠤ᠂ ᠲᠣᠮᠣ ᠬᠠᠢᠷᠴᠠᠭ ᠤ᠋ᠳ ᠠ᠋ᠴᠠ ᠨᠢ ᠬᠦᠳᠡᠷᠢ ᠶ᠋ᠢᠨ ᠵᠢᠭᠠᠷ ᠤ᠋ᠨ ᠦᠨᠦᠷ ᠠᠩᠬᠢᠯᠵᠤ ᠪᠠᠢᠪᠠ᠃ ᠠᠷᠠᠰᠤ ᠨᠣᠣᠰᠣ᠂ ᠬᠥᠮᠦᠨ ᠠᠮᠢᠲᠠᠨ ᠵᠢᠴᠢ ᠲᠠᠯ᠎ᠠ ᠨᠤᠲᠤᠭ ᠲᠠᠢ ᠪᠠᠨ ᠨᠡᠢᠯᠡᠭᠡᠳ ᠳᠤᠮᠳᠠᠳᠤ ᠠᠽᠢᠶ᠎ᠠ ᠶ᠋ᠢᠨ ᠬᠠᠮᠠᠷ ᠴᠣᠷᠭᠢᠮ᠎ᠠ ᠦᠨᠦᠷ ᠭᠠᠷᠬᠤ ᠠᠵᠢ᠃ ᠥᠩᠭᠡ ᠢᠯᠭᠠᠷᠠᠭᠰᠠᠨ ᠬᠤᠪᠴᠠᠰᠤ ᠲᠠᠢ ᠮᠣᠩᠭᠣᠯᠴᠤᠳ ᠪᠥᠰᠡᠨ ᠳ᠋ᠡᠭᠡᠨ ᠮᠥᠩᠭᠥᠨ ᠬᠤᠢ ᠲᠠᠢ ᠬᠢᠲᠤᠭ᠎ᠠ ᠤᠨᠵᠢᠭᠤᠯᠤᠨ᠂ ᠲᠡᠮᠡᠭᠡᠳ ᠵᠢᠴᠢ ᠠᠴᠢᠶᠠᠳ ᠤ᠋ᠨ ᠳᠤᠮᠳᠠ ᠨᠠᠭᠠᠰᠢ ᠴᠠᠭᠠᠰᠢ ᠠᠯᠬᠤᠯᠠᠨ᠎ᠠ᠃ ᠬᠡᠪᠢᠵᠦ ᠪᠠᠢᠭ᠎ᠠ ᠲᠡᠮᠡᠭᠡᠳ ᠢ᠋ᠶ᠋ᠡᠨ ᠲᠡᠳᠡ ᠵᠡᠷᠭᠡᠴᠡᠭᠦᠯᠦᠨ ᠬᠡᠪᠲᠡᠭᠦᠯᠵᠡᠢ (ᠵᠢᠷᠤᠭ 40) ᠃ 
       ᠪᠠᠰᠠ ᠬᠡᠳᠦᠢ ᠤᠳᠠᠭᠠᠨ ᠡᠨᠡ ᠬᠦ᠌ ᠪᠢᠳᠠᠭᠤ ᠲᠣᠮᠣ ᠠᠮᠢᠲᠠᠨ ᠬᠥᠮᠦᠰ ᠲᠦ᠍ ᠦᠢᠯᠡᠴᠢᠯᠡᠳᠡᠭ ᠪᠣᠯ (ᠵᠢᠷᠤᠭ 39) ? ᠲᠡᠳᠡᠨ ᠳ᠋ᠦ᠍ ᠦᠨᠡᠨ ᠳ᠋ᠡᠭᠡᠨ ᠳᠡᠮᠡᠢ ᠤᠳᠠᠭᠠᠨ ᠴᠠᠭ ᠭᠡᠵᠦ ᠠᠯᠠᠭ᠎ᠠ ᠪᠥᠭᠡᠳ ᠡᠴᠦᠰ ᠦ᠋ᠨ ᠡᠴᠦᠰ ᠲᠦ᠍ ᠠᠴᠢᠶᠠᠨ ᠤ᠋ ᠮᠠᠰᠢᠨ ᠢ᠋ᠶ᠋ᠠᠷ ᠣᠷᠣᠯᠠᠭᠳᠠᠬᠤ ᠪᠣᠯᠤᠨ᠎ᠠ ᠃ ᠵᠠᠮ ᠤ᠋ᠨ ᠬᠠᠵᠠᠭᠤ ᠳ᠋ᠠᠬᠢ ᠲᠡᠮᠡᠭᠡᠳ ᠦ᠋ᠨ ᠪᠡᠯᠴᠢᠭᠡᠷ ᠦ᠋ᠨ ᠣᠷᠣᠨ ᠳ᠋ᠤ᠌ ᠣᠳᠣᠬᠠᠨ ᠪᠠᠰᠠ ᠬᠠᠶᠠ ᠬᠠᠷᠠᠭᠳᠠᠵᠤ ᠪᠠᠢᠭ᠎ᠠ ᠴᠢᠯᠠᠭᠤᠨ ᠲᠣᠰᠣ ᠨᠡᠮᠡᠬᠦ ᠥᠷᠲᠡᠭᠡ ᠮᠡᠲᠦ ᠶ᠋ᠢᠨ ᠰᠢᠨ᠎ᠡ ᠠᠶᠠᠨ ᠵᠥᠭᠡᠭᠡᠪᠦᠷᠢ ᠶ᠋ᠢᠨ ᠪᠠᠭᠠᠵᠢ ᠳ᠋ᠤ᠌ ᠦᠢᠯᠡᠴᠢᠯᠡᠬᠦ ᠵᠦᠢᠯ ᠦ᠋ᠳ ᠢᠯᠡᠷᠡᠬᠦ ᠪᠣᠯᠤᠨ᠎ᠠ᠃ 
       ᠵᠤᠨ ᠮᠠᠷᠺᠦᠸᠨ᠋ᠲ ᠨᠠᠮᠠᠶ᠋ᠢ ᠶᠣᠪᠣᠷᠴᠤ ᠪᠣᠳᠣᠯᠭᠠᠰᠢᠷᠠᠯ ᠠ᠋ᠴᠠ ᠮᠢᠨᠢ ᠰᠠᠯᠭᠠᠬᠤ ᠦᠶ᠎ᠡ ᠳ᠋ᠦ᠍ ᠪᠢᠳᠡᠨ ᠦ᠌ ᠡᠮᠦᠨ᠎ᠡ ᠨᠢᠭᠡᠨᠲᠡ ᠵᠠᠩᠪᠧᠢ ᠰᠢᠶᠠᠨ ᠤ᠋ ᠬᠣᠲᠠ ᠶ᠋ᠢᠨ ᠬᠡᠷᠡᠮ ᠬᠠᠷᠠᠭᠳᠠᠵᠤ ᠪᠠᠢᠪᠠ᠃ 
       — ᠪᠢᠳᠡ ᠠᠳᠠ ᠪᠠᠭ᠎ᠠ ᠠᠮᠠᠷᠠᠯᠲᠠ ᠬᠢᠵᠦ ᠪᠣᠯᠤᠨ᠎ᠠ ᠭᠡᠵᠦ ᠵᠢᠯᠣᠭᠣᠴᠢ ᠱ‍ᠢᠯᠤᠹ ᠶᠠᠷᠢᠬᠤ ᠳ᠋ᠤ᠌ ᠪᠢᠳᠡ ᠵᠥᠪᠰᠢᠶᠡᠷᠡᠵᠦ᠂ ᠮᠠᠰᠢᠨ ᠮᠠᠨᠢ ᠲᠡᠮᠡᠭᠡᠨ ᠵᠢᠩ ᠦ᠋ᠨ ᠨᠢᠭᠡ ᠲᠣᠮᠣ ᠬᠦᠷᠢᠶᠡᠨ ᠳ᠋ᠦ᠍ ᠬᠦᠷᠴᠦ ᠵᠣᠭᠰᠣᠪᠠ᠃ ᠪᠢᠳᠡᠨ ᠢ᠋ ᠮᠠᠰᠢᠨ ᠠ᠋ᠴᠠ ᠪᠠᠭᠤᠵᠤ ᠠᠮᠵᠢᠬᠤ ᠠ᠋ᠴᠠ ᠤᠷᠢᠳ ᠪᠢᠴᠢᠭ ᠪᠠᠷᠢᠮᠲᠠ ᠵᠢᠴᠢ ᠠᠴᠢᠶ᠎ᠠ ᠶ᠋ᠢ ᠰᠢᠯᠭᠠᠬᠤ ᠪᠠᠷ ᠢᠷᠡᠭᠰᠡᠨ ᠴᠡᠷᠢᠭ ᠪᠠ ᠠᠯᠪᠠᠲᠠᠳ ᠢᠷᠡᠵᠦ ᠲᠣᠭᠣᠷᠢᠨ ᠵᠣᠭᠰᠣᠪᠠ᠃ ᠢᠷᠡᠭᠰᠡᠨ ᠬᠥᠮᠦᠰ ᠢ᠋ ᠬᠠᠷᠠᠬᠤ ᠳ᠋ᠤ᠌ ᠲᠡᠢᠮᠦ ᠠᠶᠤᠯ ᠲᠠᠢ ᠰᠠᠨᠠᠭᠳᠠᠬᠤ ᠦᠭᠡᠢ᠃ ᠪᠢ ᠨᠢᠭᠡ ᠠᠳᠬᠤ ᠨᠡᠷ᠎ᠡ ᠶ᠋ᠢᠨ ᠬᠠᠭᠤᠳᠠᠰᠤ ᠪᠠᠨ ᠭᠠᠷᠭᠠᠨ ᠲᠠᠷᠬᠠᠭᠠᠨ ᠥᠭᠬᠦ ᠳ᠋ᠦ᠍ ᠲᠡᠳᠡ ᠳᠣᠣᠷ᠎ᠠ ᠪᠠᠨ ᠪᠠᠶᠠᠷᠯᠠᠨ ᠢᠨᠢᠶᠡᠵᠡᠭᠡᠪᠡ᠃  
       — ᠪᠠᠰᠠ ᠴᠤ᠌ ᠨᠢᠭᠡ ᠬᠠᠴᠢᠨ ᠤᠯᠤᠰ ᠰᠢᠦ !  ᠡᠢᠮᠦ ᠠᠮᠠᠷᠬᠠᠨ ᠰᠢᠢᠳᠪᠦᠷᠢᠯᠡᠭᠡᠳ ᠶᠠᠪᠤᠭᠤᠯᠴᠢᠬᠠᠳᠠᠭ ᠴᠡᠷᠢᠭ ᠭᠡᠵᠦ ᠮᠣᠩᠭᠣᠯ ᠢ᠋ ᠡᠵᠡᠯᠡᠨ ᠠᠪᠤᠶ᠎ᠠ ᠭᠡᠵᠦ ᠶᠠᠭ ᠪᠣᠳᠣᠬᠤ ᠦᠭᠡᠢ ᠪᠠᠢᠬ᠎ᠠ ᠳᠠ ᠭᠡᠵᠦ ᠬᠠᠮᠲᠤ ᠠᠶᠠᠯᠠᠭᠴᠢ ᠶ᠋ᠢᠨ ᠨᠢᠭᠡ ᠮᠠᠨᠢ ᠶᠠᠷᠢᠬᠤ ᠳ᠋ᠤ᠌ ᠰᠢᠯᠤᠹ ᠡᠯᠭᠦᠨ ᠠᠪᠴᠤ : 
       — ᠡᠳᠡ ᠲᠡᠢᠮᠦ ᠶᠠᠭᠤᠮ᠎ᠠ ᠪᠣᠳᠣᠬᠤ ᠬᠥᠮᠦᠰ ᠪᠢᠰᠢ ᠠ᠋᠃ ᠬᠢᠳᠡᠯ ᠦᠭᠡᠢᠳᠡᠬᠦ ᠳ᠋ᠡᠭᠡᠨ ᠬᠠᠶᠠ ᠨᠢᠭᠡ 《ᠲᠣᠭᠯᠠᠭᠠᠮ 》ᠣᠯᠵᠤ᠂ ᠵᠤᠭ᠎ᠠ ᠴᠡᠩᠭᠡᠯ ᠢ᠋ᠶ᠋ᠡᠨ ᠬᠠᠩᠭᠠᠵᠤ ᠪᠠᠢᠭ᠎ᠠ ᠲᠡᠳᠦᠢ᠃ ᠵᠠᠷᠢᠮ ᠳ᠋ᠠᠭᠠᠨ ᠡᠨᠡ 《ᠲᠣᠭᠯᠠᠭᠠᠮ 》ᠨᠢ ᠲᠡᠳᠡᠨ ᠳ᠋ᠦ᠍ ᠶᠠᠷᠰᠢᠭᠲᠠᠢ ᠭᠡᠵᠦ ᠰᠠᠨᠠᠭᠳᠠᠭᠰᠠᠨ ᠬᠥᠮᠦᠨ ᠪᠤᠶᠤ ᠠᠳᠤᠭᠤᠰᠤ ᠴᠤ᠌ ᠪᠠᠢᠵᠤ ᠪᠣᠯᠳᠠᠭ᠃ ᠵᠠᠷᠢᠮ ᠤᠨᠤᠬ᠎ᠠ ᠶ᠋ᠢ ᠪᠠᠷᠢᠵᠤ ᠤᠨᠤᠭᠠᠳ ᠮᠣᠩᠭᠣᠯ ᠠᠳᠤᠭᠤᠨ ᠤ᠋《ᠠᠩ 》 ᠳ᠋ᠤ᠌ ᠴᠤ᠌ ᠭᠠᠷᠳᠠᠭ᠃ ᠶᠠᠭ ᠦᠨᠡᠨᠳᠡᠭᠡᠨ ᠡᠳᠡᠭᠡᠷ ᠴᠡᠷᠢᠭ ᠴᠢᠨᠢ ᠶᠠᠭ ᠯᠠ ᠶᠠᠭᠤᠮ᠎ᠠ ᠪᠦᠬᠦᠨ ᠢ᠋ ᠰᠣᠨᠢᠭᠤᠴᠢᠯᠠᠭᠰᠠᠨ ᠬᠡᠦᠬᠡᠳ ᠭᠡᠵᠦ ᠮᠡᠳᠡ ! ᠭᠡᠯ᠎ᠡ᠃ 
       ᠭᠡᠬᠦ ᠳ᠋ᠦ᠍ ᠪᠠᠰᠠ ᠨᠢᠭᠡ ᠪᠠᠭ᠎ᠠ ᠤᠴᠢᠷ ᠲᠠᠭᠠᠷᠠᠯᠳᠤᠭᠰᠠᠨ ᠶᠤᠮ᠃ ᠡᠭᠦᠨ ᠢ᠋ ᠪᠢᠳᠡᠨ ᠦ᠌ ᠵᠢᠯᠣᠭᠣᠴᠢ ᠳ᠋ᠤ᠌ ᠲᠠᠯᠠᠷᠬᠠᠬᠤ ᠶᠣᠰᠣᠲᠠᠢ᠃ ᠪᠢᠳᠡᠨ ᠢ᠋ ᠬᠥᠳᠡᠯᠦᠭᠡᠳ ᠬᠣᠲᠠ ᠶ᠋ᠢᠨ ᠡᠮᠦᠨ᠎ᠡ ᠡᠭᠦᠳᠡ ᠪᠡᠷ ᠭᠠᠷᠬᠤ ᠦᠶ᠎ᠡ ᠳ᠋ᠦ᠍ ᠰᠠᠬᠢᠭᠴᠢ ᠪᠢᠳᠡᠨ ᠢ᠋ ᠵᠣᠭᠰᠣᠭᠠᠭᠰᠠᠨ ᠪᠥᠭᠡᠳ ᠪᠢᠴᠢᠭ ᠪᠠᠷᠢᠮᠲᠠ ᠦᠵᠡᠨ᠎ᠡ ᠭᠡᠬᠦᠯᠡᠷ ᠨᠢ ᠪᠢ ᠨᠡᠷ᠎ᠡ ᠶ᠋ᠢᠨ ᠬᠠᠭᠤᠳᠠᠰᠤ ᠪᠠᠨ ᠭᠠᠷᠳᠠᠭᠤᠯᠪᠠ᠃ ᠲᠡᠷᠡ ᠴᠡᠷᠢᠭ ᠢ᠋ ᠵᠢᠵᠢᠭᠦᠷ ᠦ᠋ᠨ ᠪᠠᠢᠰᠢᠩ ᠤᠷᠤᠭᠤ ᠠᠯᠬᠤᠵᠤ ᠪᠠᠢᠬᠤ ᠬᠣᠭᠣᠷᠣᠨᠳᠣ᠂ ᠳᠠᠬᠢᠨ ᠵᠣᠭᠰᠣᠭᠠᠭᠰᠠᠨ ᠳ᠋ᠤ᠌ ᠳᠤᠷ᠎ᠠ ᠦᠭᠡᠢᠴᠡᠵᠦ ᠪᠠᠢᠭᠰᠠᠨ ᠪᠢ ᠵᠢᠯᠣᠭᠣᠴᠢ ᠤᠷᠤᠭᠤ 《ᠲᠣᠰᠣ ᠪᠠᠨ ᠨᠡᠮᠡ ! 》ᠭᠡᠵᠦ ᠬᠡᠯᠡᠪᠡ᠃ ᠮᠠᠰᠢᠨ ᠳᠣᠣᠷ᠎ᠠ ᠪᠠᠨ ᠬᠠᠭᠠᠯᠭ᠎ᠠ ᠪᠠᠷ ᠰᠤᠮᠤᠳᠠᠨ ᠭᠠᠷᠴᠤ ᠥᠷᠭᠡᠨ ᠵᠠᠮ ᠳ᠋ᠤ᠌ ᠣᠷᠣᠪᠠ ᠃ ᠠᠷᠤ ᠶ᠋ᠢᠨ ᠰᠢᠯ ᠢ᠋ᠶ᠋ᠡᠷ ᠠᠵᠢᠭᠯᠠᠬᠤ ᠳ᠋ᠤ᠌ ᠠᠷᠪᠠᠭᠠᠳ ᠴᠡᠷᠢᠭ ᠫᠤᠤ ᠪᠠᠨ ᠡᠷᠭᠦᠭᠡᠳ ᠪᠢᠳᠡᠨ ᠦ᠌ ᠤᠷᠤᠭᠤ ᠣᠨᠢᠯᠠᠵᠤ ᠪᠠᠢᠪᠠ᠃  
       — ᠲᠡᠳᠡ ᠫᠤᠤᠳᠠᠯ᠎ᠠ ᠰᠢᠦ! ᠭᠡᠵᠦ ᠮᠠᠷᠺᠦᠸᠨ᠋ᠲ ᠬᠠᠰᠬᠢᠷᠤᠭᠠᠳ ᠲᠦᠰᠢᠯᠭᠡ ᠡᠴᠡ ᠪᠡᠨ ᠳᠣᠷᠣᠭᠰᠢ ᠪᠥᠬᠥᠢᠨ ᠬᠡᠪᠲᠡᠪᠡ᠃ ᠶᠠᠭ ᠡᠨᠡ ᠦᠶ᠎ᠡ ᠳ᠋ᠦ᠍ ᠵᠢᠯᠣᠭᠣᠴᠢ ᠮᠠᠨᠢ ᠵᠠᠮ ᠤ᠋ᠨ ᠭᠣᠣᠯ ᠠ᠋ᠴᠠ ᠭᠠᠷᠴᠤ :《ᠵᠤᠨ ᠤ᠋ ᠵᠠᠮ 》ᠬᠡᠮᠡᠭᠳᠡᠭᠰᠡᠨ ᠬᠠᠮᠤᠭ ᠤ᠋ᠨ ᠬᠠᠵᠠᠭᠤ ᠶ᠋ᠢᠨ ᠵᠠᠮ ᠢ᠋ᠶ᠋ᠠᠷ ᠲᠣᠰᠣ ᠪᠠᠨ ᠭᠦᠢᠴᠡᠳ ᠥᠭᠭᠦᠨ ᠳᠠᠪᠬᠢᠭᠤᠯᠬᠤ ᠳ᠋ᠤ᠌ ᠪᠢᠳᠡᠨ ᠦ᠌ ᠠᠷᠤ ᠳ᠋ᠤ᠌ ᠰᠢᠷᠣᠢ ᠲᠣᠭᠣᠰᠣ ᠭᠦᠢᠴᠡᠳ ᠳᠡᠭᠳᠡᠨ ᠪᠣᠰᠪᠠ᠃ ᠠᠷᠪᠠᠭᠠᠳ ᠮᠢᠨᠦ᠋ᠲ ᠦ᠋ᠨ ᠳᠠᠷᠠᠭ᠎ᠠ ᠵᠢᠯᠣᠭᠣᠴᠢ ᠮᠠᠨᠢ ᠮᠠᠰᠢᠨ ᠢ᠋ᠶ᠋ᠠᠨ ᠵᠣᠭᠰᠣᠭᠠᠭᠠᠳ᠂ ᠡᠷᠭᠢᠨ ᠲᠣᠭᠣᠷᠢᠨ ᠢ᠋ ᠠᠵᠢᠭᠯᠠᠭᠰᠠᠨ ᠢ᠋ᠶ᠋ᠠᠨ : 
       — ᠵᠥᠪᠬᠡᠨ ᠠᠶᠤᠯᠭᠠᠭᠰᠠᠨ ᠲᠡᠳᠦᠢ᠃ ᠬᠢᠲᠠᠳ ᠴᠡᠷᠢᠭ ᠦ᠋ᠳ ᠢ᠋ ᠲᠡᠭᠡᠵᠦ ᠶᠡᠬᠡ ᠦᠨᠡᠮᠰᠢᠭᠰᠡᠨ ᠦ᠌ ᠬᠡᠷᠡᠭ ᠠᠯᠠᠭ᠎ᠠ᠃ ᠲᠡᠳᠡ ᠨᠠᠷ ᠤ᠋ᠨ ᠬᠠᠭᠤᠴᠢᠨ ᠫᠤᠤ ᠪᠡᠷ ᠴᠦ᠍ ᠶᠠᠭᠤᠮ᠎ᠠ ᠣᠨᠣᠭᠠᠳᠠᠭ ᠦᠭᠡᠢ ᠪᠣᠯᠤᠯᠲᠠᠢ ᠭᠡᠮᠡᠨ ᠢᠨᠢᠶᠡᠨ ᠬᠡᠯᠡᠪᠡ᠃ 
       ᠮᠠᠷᠺᠦᠸᠨ᠋ᠲ ᠣᠳᠣ ᠳ᠋ᠤ᠌ ᠬᠦᠷᠲᠡᠯ᠎ᠡ ᠰᠡᠳᠬᠢᠯ ᠨᠢ ᠲᠠᠢᠪᠤᠰᠢᠷᠠᠭ᠎ᠠ ᠦᠭᠡᠢ ᠪᠠᠢᠵᠤ᠂ ᠦᠳᠡᠰᠢ ᠶ᠋ᠢᠨ ᠪᠦᠷᠦᠢ ᠪᠡᠷ ᠴᠢᠭᠤᠯᠤᠯᠲᠤ ᠬᠠᠭᠠᠯᠭ᠎ᠠ ᠬᠦᠷᠦᠭᠡᠳ ᠰᠠᠶᠢ ᠵᠦᠭᠡᠷ ᠪᠣᠯᠵᠤ᠂ ᠲᠡᠷᠡ ᠬᠦ᠌ ᠠᠶᠤᠮᠰᠢᠭᠲᠠᠢ ᠬᠥᠩᠭᠡᠨ ᠬᠠᠭᠤᠮᠠᠭᠠᠢ ᠠᠵᠢᠯᠯᠠᠭ᠎ᠠ ᠪᠣᠯᠤᠨ ᠫᠤᠤ ᠰᠤᠮᠤ ᠶ᠋ᠢᠨ ᠠᠶᠤᠯ ᠤ᠋ᠨ ᠲᠤᠬᠠᠢ ᠶᠠᠷᠢᠵᠤ ᠭᠠᠷᠪᠠ᠃ ᠪᠢᠳᠡᠨ ᠢ᠋ ᠬᠠᠭᠠᠯᠭ᠎ᠠ ᠺᠠᠯᠦᠹ ᠲᠦ᠍ ᠨᠡᠯᠢᠶᠡᠳ ᠸᠤᠳᠡᠺ ᠪᠠ ᠡᠯᠪᠡᠭ ᠰᠠᠢᠬᠠᠨ ᠬᠣᠭᠣᠯᠠ ᠵᠣᠭᠣᠭᠯᠠᠭᠰᠠᠨ ᠤ᠋ ᠳᠠᠷᠠᠭ᠎ᠠ ᠮᠠᠷᠺᠦᠸᠨ᠋ᠲ ᠦ᠋ᠨ ᠳᠠᠭᠤᠨ ᠤ᠋ ᠥᠩᠭᠡ ᠨᠢ ᠢᠯᠡᠷᠬᠡᠢ ᠰᠠᠢᠵᠢᠷᠠᠵᠤ ᠮᠡᠳᠡᠭᠳᠡᠪᠡ᠃ 
       — ᠶᠣᠰᠣ ᠲᠠᠢ ᠭᠣᠶᠣ ᠠᠶᠠᠯᠠᠯ ! ᠬᠣᠶᠠᠳᠠᠬᠢ ᠤᠳᠠᠭ᠎ᠠ ᠳᠠᠬᠢᠨ ᠠᠶᠠᠯᠠᠶ᠎ᠠ ᠭᠡᠵᠦ ᠰᠠᠨᠠᠬᠤ ᠦᠭᠡᠢ ᠠᠶᠠᠯᠠᠯ ᠪᠠᠢᠨ᠎ᠠ ᠭᠡᠵᠦ ᠮᠠᠷᠺᠦᠸᠨ᠋ᠲ ᠶᠠᠷᠢᠪᠠ᠃  
       — ᠲᠡᠭᠡᠪᠡᠯ ᠲᠠ? ᠭᠡᠳ ᠫᠦᠷᠫᠢᠰᠰ ᠨᠠᠳᠠ ᠤᠷᠤᠭᠤ ᠬᠠᠨᠳᠤᠪᠠ᠃  
       — ᠨᠠᠮᠠᠶ᠋ᠢ ᠲᠠ ᠳᠡᠮᠡᠢ ᠤᠳᠠᠯ ᠦᠭᠡᠢ ᠮᠣᠩᠭᠣᠯ ᠤ᠋ᠨ ᠲᠠᠯ᠎ᠠ ᠨᠤᠲᠤᠭ ᠳᠡᠭᠡᠷ᠎ᠡ ᠡᠴᠡ ᠣᠯᠵᠤ ᠬᠠᠷᠠᠬᠤ ᠪᠣᠯᠤᠨ᠎ᠠ ᠭᠡᠵᠦ ᠪᠢ ᠬᠠᠷᠢᠭᠤᠯᠪᠠ᠃  
       — ᠮᠠᠰᠢᠨ ᠮᠢᠨᠢ ᠶᠠᠮᠠᠷ ᠴᠠᠭ ᠲᠤ᠌ ᠴᠤ᠌ ᠪᠣᠯᠤᠭ᠂ ᠲᠠᠨ ᠳ᠋ᠤ᠌ ᠪᠡᠯᠡᠬᠡᠨ ᠪᠠᠢᠵᠤ ᠴᠢᠳᠠᠨ᠎ᠠ ᠭᠡᠵᠦ ᠲᠡᠷᠡ ᠶᠠᠷᠢᠭᠠᠳ ᠮᠢᠨᠦ ᠳᠠᠷᠠᠭᠠᠴᠢ ᠶ᠋ᠢᠨ ᠮᠣᠩᠭᠣᠯ ᠤ᠋ᠨ ᠠᠶᠠᠯᠠᠯ ᠤ᠋ᠨ ᠲᠥᠯᠥᠭᠡ ᠬᠤᠨᠳᠠᠭ᠎ᠠ ᠡᠷᠭᠦᠪᠡ᠃