ᠭᠡᠷᠬᠡᠢ ᠮᠢᠨᠢ᠂ ᠭᠡᠢᠭᠦᠯᠦᠮ᠎ᠡ ᠮᠢᠨᠢ – ᠶᠣᠨᠳᠣᠨ ᠤ ᠪᠢᠯᠢᠭ᠌ - ᠪᠠᠭᠠᠲᠤᠷ Гэргий минь, гийгүүлэм минь – Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠡᠷᠬᠡᠢ ᠮᠢᠨᠢ᠂ ᠭᠡᠢᠭᠦᠯᠦᠮ᠎ᠡ ᠮᠢᠨᠢ – ᠶᠣᠨᠳᠣᠨ ᠤ ᠪᠢᠯᠢᠭ᠌ - ᠪᠠᠭᠠᠲᠤᠷ Гэргий минь, гийгүүлэм минь – Ёндоны Билиг - Баатар

ᠭᠡᠷᠬᠡᠢ ᠮᠢᠨᠢ᠂ ᠭᠡᠢᠭᠦᠯᠦᠮ᠎ᠡ ᠮᠢᠨᠢ – ᠶᠣᠨᠳᠣᠨ ᠤ ᠪᠢᠯᠢᠭ᠌ - ᠪᠠᠭᠠᠲᠤᠷ Гэргий минь, гийгүүлэм минь – Ёндоны Билиг - Баатар

2024-07-03

328

ᠭᠡᠷᠬᠡᠢ ᠮᠢᠨᠢ᠂ ᠭᠡᠢᠭᠦᠯᠦᠮ᠎ᠡ ᠮᠢᠨᠢ


 ᠴᠡᠴᠡᠭ ᠪᠦᠬᠦᠨ ᠢ᠋ ᠰᠢᠭᠤᠳ ᠬᠥᠲᠥᠯᠦᠭᠡᠳ 
 ᠴᠡᠪᠡᠷ ᠪᠦᠬᠦᠨ ᠢ᠋ ᠤᠮᠳᠠᠯᠠᠨ ᠭᠡᠢᠭᠦᠯᠦᠭᠡᠳ 
 ᠴᠢ ᠮᠢᠨᠢ ᠬᠣᠷᠸ᠎ᠠ ᠳ᠋ᠤ᠌ ᠲᠥᠷᠥᠭᠰᠡᠨ ᠶᠦᠮ 
 ᠴᠢᠮ᠎ᠠ ᠠ᠋ᠴᠠ ᠡᠮᠦᠨ᠎ᠡ ᠰᠠᠢᠬᠠᠨ ᠬᠡᠦᠬᠡᠨ 
 ᠴᠢᠷᠮᠡᠨ ᠶᠢᠷᠲᠢᠨᠴᠦ ᠳ᠋ᠦ᠍ ᠪᠠᠢᠭ᠎ᠠ ᠦᠭᠡᠢ 
 ᠴᠢᠮ᠎ᠠ ᠶ᠋ᠢ ᠪᠦᠰᠡᠭᠦᠢ ᠪᠤᠷᠬᠠᠨ ᠭᠡᠳᠡᠭ ᠠ᠋ 
 ᠬᠣᠩᠭᠣᠷ ᠴᠢ ᠮᠢᠨᠢ ᠢᠩᠭᠡᠨ ᠦ᠌ ᠨᠢᠯᠪᠤᠰᠤ 
 ᠬᠤᠷᠠᠵᠤ ᠪᠥᠭᠡᠮᠨᠡᠷᠡᠭᠰᠡᠨ ᠨᠢᠯᠪᠤᠰᠤᠨ ᠤ᠋ ᠡᠬᠢ᠃ 
 ᠬᠤᠮᠬᠢ ᠪᠣᠯᠬᠤ ᠪᠠᠨ ᠮᠡᠳᠡᠳᠡᠭ ᠦᠭᠡᠢ ᠬᠥᠮᠦᠰ 
 ᠬᠤᠷᠮᠤᠰᠲᠠ ᠲᠡᠭᠷᠢ ᠥᠪᠡᠷ ᠢ᠋ᠶ᠋ᠡᠨ ᠡᠮ᠎ᠡ 
 ᠬᠤᠪᠢᠰᠬᠠᠯ ᠲᠡᠭᠦᠨ ᠳ᠋ᠦ᠍ ᠱᠠᠯ ᠬᠡᠷᠡᠭ ᠦᠭᠡᠢ᠃ 
 ᠣᠨᠣᠯ ᠪᠤᠶᠤ ᠦᠵᠡᠯ ᠰᠠᠨᠠᠭᠠᠨ ᠤ᠋ ᠶᠢᠷᠲᠢᠨᠴᠦ 
 ᠣᠭᠲᠠᠷᠭᠤᠢ ᠳ᠋ᠤ᠌ ᠶᠡᠷᠦ ᠣᠷᠣᠰᠢᠬᠤ ᠦᠭᠡᠢ 
 ᠦᠵᠡᠭᠳᠡᠯ ᠪᠤᠶᠤ ᠦᠵᠡᠯ ᠢ᠋ᠶ᠋ᠡᠷ ᠠᠮᠢᠳᠤᠷᠠᠭᠰᠠᠳ 
 ᠥᠪᠡᠷ ᠢ᠋ᠶ᠋ᠡᠨ ᠦᠬᠦᠬᠦ ᠪᠡᠨ ᠮᠡᠳᠡᠳᠡᠭ ᠪᠢᠰᠢ 
 ᠵᠦᠭᠡᠷ ᠯᠡ ᠱᠠᠯ ᠴᠣᠯ ᠢ᠋ᠶ᠋ᠠᠷ ᠯᠠ ᠠᠮᠢᠳᠤᠷᠠ 
 ᠵᠦᠴᠦᠭᠡ ᠲᠣᠭᠯᠠᠭᠠᠳ ᠯᠠ ᠵᠥᠪ ᠰᠡᠳᠬᠢ 
 ᠠᠷᠠᠳ ᠲᠦᠮᠡᠨ ᠴᠢᠨᠢ ᠬᠡᠢᠰᠪᠦᠷᠢ ᠲᠣᠮᠢᠶ᠎ᠠ 
 ᠠᠷᠭ᠎ᠠ ᠶᠠᠳᠠᠬᠤ ᠪᠠᠷ ᠪᠦᠭᠦᠳᠡ ᠤᠷᠪᠠᠭᠴᠢ  
 ᠠᠷᠠᠳ ᠲᠦᠮᠡᠨ ᠭᠡᠳᠡᠭ ᠪᠠᠲᠤ ᠶᠣᠰᠣ ᠪᠢᠰᠢ 
 ᠠᠷᠠᠳ ᠲᠦᠮᠡᠨ ᠭᠡᠳᠡᠭ ᠪᠣᠳᠠᠭᠠᠯᠢ ᠴᠤ᠌ ᠪᠢᠰᠢ 
 ᠠᠷᠭᠠᠯ ᠤ᠋ᠨ ᠭᠠᠯ ᠦᠨᠦᠷᠲᠡᠢ ᠭᠡᠷᠭᠡᠢ ᠮᠢᠨᠢ 
 ᠭᠡᠷᠡᠯ ᠢ᠋ ᠯᠡ ᠬᠥᠬᠥᠳᠡᠭ ᠵᠥᠭᠡᠯᠡᠨ ᠢᠷᠭᠤᠢ 
 ᠠᠮᠢᠳᠤᠷᠠᠯ ᠢ᠋ ᠭᠦᠨ ᠤᠬᠠᠭᠠᠨ ᠠᠷᠭᠠᠳᠠᠳᠠᠭ 
 ᠭᠦᠨ ᠤᠬᠠᠭᠠᠨ ᠢ᠋ ᠲᠠ ᠮᠢᠨᠢ ᠭᠡᠢᠭᠦᠯᠳᠡᠭ 
 ᠬᠣᠨᠢ ᠲᠣᠢᠭᠯᠠᠭᠠᠳ ᠯᠠ ᠠᠮᠢᠳᠤᠷᠠᠶ᠎ᠠ ᠳᠠ 
 ᠬᠣᠶᠠᠭᠤᠯᠠᠬᠠᠨ ᠢ᠋ᠶ᠋ᠠᠨ᠂ ᠭᠡᠢᠭᠦᠯᠦᠮ᠎ᠡ ᠮᠢᠨᠢ 
 ᠨᠡᠢᠭᠡᠮ ᠭᠡᠳᠡᠭ ᠬᠡᠢᠷᠬᠡᠦ ᠳᠥᠭᠥᠮ ᠲᠣᠭᠯᠠᠭᠠᠮ 
 ᠨᠢᠰᠬᠦ ᠡᠴᠡ ᠪᠡᠨ ᠡᠮᠦᠨ᠎ᠡ ᠪᠢ ᠡᠰᠡᠷᠭᠦᠴᠡᠯ 
 ᠨᠢᠰᠬᠦ ᠨᠢ ᠶᠠᠮᠠᠷᠴᠤ ᠬᠠᠷᠭᠤᠢ ᠵᠠᠮ ᠦᠭᠡᠢ ᠴᠤ᠌ 
 ᠨᠢᠰᠴᠦ ᠯᠡ ᠴᠢᠳᠠᠪᠠᠯ ᠪᠦᠬᠦ ᠶᠠᠭᠤᠮ᠎ᠠ ᠬᠢᠯᠪᠠᠷ 
 ᠠᠭᠠᠷ ᠰᠠᠯᠬᠢ ᠬᠠᠮᠤᠭ ᠤ᠋ᠨ ᠡᠷᠬᠡ ᠴᠢᠯᠥᠭᠡᠲᠡᠢ 
 ᠠᠷᠠᠳ ᠲᠦᠮᠡᠨ ᠲᠡᠷᠡ ᠠᠭᠠᠷ ᠰᠠᠯᠬᠢ ᠪᠢᠰᠢ 
 ᠡᠭᠦᠯᠡ ᠬᠤᠷᠠᠪᠠᠯ ᠪᠣᠷᠣᠭᠠᠨ ᠣᠷᠣᠬᠤ ᠵᠥᠪ 
 ᠡᠭᠦᠯᠡ ᠦᠯᠦ ᠬᠤᠷᠠᠪᠠᠰᠤ ᠨᠠᠷᠠ ᠯᠠ ᠵᠥᠪ 
 ᠡᠭᠦᠯᠡ ᠨᠠᠷᠠ ᠭᠡᠳᠡᠭ ᠲᠠ ᠪᠢᠳᠡ ᠬᠣᠶᠠᠷ 
 ᠡᠭᠦᠳᠡ ᠬᠣᠢᠮᠣᠷ ᠤ᠋ᠨ ᠵᠠᠢ ᠴᠤ᠌ ᠲᠠ ᠪᠢᠳᠡ 
 ᠲᠤᠯᠭᠠᠨ ᠤ᠋ ᠳᠡᠷᠭᠡᠳᠡ ᠭᠡᠷᠭᠡᠢ ᠮᠢᠨᠢ ᠲᠠ ᠪᠣᠯ 
 ᠲᠣᠭᠣᠭᠠᠨ ᠠ᠋ᠴᠠ ᠰᠠᠮᠤᠷᠠᠭᠰᠠᠨ ᠴᠠᠭᠠᠨ ᠰᠦᠨ 
 ᠰᠦᠨ ᠦ᠌ ᠬᠠᠵᠠᠭᠤᠳᠠ ᠮᠠᠭᠤ ᠪᠢᠯᠢᠭ ᠴᠢᠨᠢ ᠪᠢ 
 ᠰᠦᠨᠡᠰᠦ ᠪᠡᠨ ᠠᠷᠢᠭᠤᠰᠬᠠᠭᠰᠠᠨ ᠭᠥᠯᠥᠭᠡ᠃ 
 ᠭᠡᠷᠭᠡᠢ ᠮᠢᠨᠢ᠂ ᠭᠡᠢᠭᠦᠯᠦᠮ᠎ᠡ ᠬᠠᠨᠢ ᠮᠢᠨᠢ 
 ᠭᠡᠷ ᠭᠣᠯᠣᠮᠲᠠ ᠶ᠋ᠢᠨ ᠮᠢᠨᠢ ᠬᠡᠰᠢᠭ ᠴᠢᠮᠡᠭ 
 ᠭᠡᠭᠡ ᠤᠷᠢᠭᠰᠠᠨ ᠭᠡᠭᠡᠪᠴᠢ ᠴᠣᠩᠬᠣ ᠮᠢᠨᠢ 
 ᠭᠡᠨᠡᠲᠡᠢ ᠰᠠᠢᠬᠠᠨ ᠬᠠᠢᠷᠠᠲᠠᠢ ᠠᠭᠠᠷ ᠮᠢᠨᠢ ᠠ᠋ 

            2024᠂3᠂24᠃ ᠦᠳᠡ ᠬᠣᠢᠨ᠎ᠠ᠃ 
 
              ᠬᠥᠬᠡᠬᠣᠲᠠᠨ᠎ᠠ ᠪᠦᠲᠦᠭᠡᠪᠡᠢ᠃