ᠰᠣᠶᠣᠯ ᠢ᠋ᠶ᠋ᠠᠨ ᠭᠠᠢᠬᠠᠭᠴᠢᠳ- ᠭ· ᠴᠢᠩᠪᠠᠭᠠᠲᠤᠷ-Соёлоо гайхагчид-Г·Чинбаатар
ᠰᠣᠶᠣᠯ ᠢ᠋ᠶ᠋ᠠᠨ ᠭᠠᠢᠬᠠᠭᠴᠢᠳ①
ᠭ· ᠴᠢᠩᠪᠠᠭᠠᠲᠤᠷ
《ᠰᠣᠶᠣᠯ ᠢ᠋ ᠭᠠᠢᠬᠠᠭᠰᠠᠨ ᠨᠢ 》 ᠭᠡᠰᠡᠨ ᠳ· ᠨᠠᠴᠤᠭᠳᠣᠷᠵᠢ ᠶ᠋ᠢᠨ ᠵᠣᠬᠢᠶᠠᠯ ᠳ᠋ᠠᠬᠢ ᠲᠡᠷᠭᠡᠴᠢ ᠯᠤᠪᠰᠠᠩ ᠰᠢᠭ᠋ ᠪᠢᠳᠡᠨᠦᠰ ᠥᠨᠥᠳᠥᠷ ᠥᠷᠥᠭᠡᠯ ᠦ᠋ᠨ ᠰᠣᠶᠣᠯ ᠢ᠋ ᠪᠢᠰᠢ᠂ ᠥᠪᠡᠷ ᠦ᠋ᠨ ᠰᠣᠶᠣᠯ ᠢ᠋ᠶ᠋ᠠᠨ ᠬᠥᠨᠳᠡᠯᠡᠨ ᠦ᠌ ᠬᠥᠮᠦᠨ ᠰᠢᠭ ᠭᠠᠢᠬᠠᠵᠠᠭᠠᠵᠤ ᠪᠠᠢᠨ᠎ᠠ᠃ ᠶᠠᠭᠠᠬᠢᠭᠠᠳ ᠭᠡᠨ᠎ᠡ ᠠ᠋? ᠬᠠᠮᠤᠭ ᠤ᠋ᠨ ᠬᠠᠢᠷᠠᠲᠠᠢ ᠶᠠᠭᠤᠮ᠎ᠠ ᠪᠠᠨ ᠠᠯᠳᠠᠭᠰᠠᠨ ᠤ᠋ ᠬᠣᠢᠨᠠᠬᠢ ᠬᠠᠷᠠᠮᠰᠠᠯᠲᠠᠢ ᠵᠦᠴᠦᠭᠡ ᠶ᠋ᠢ ᠪᠢᠳᠡᠨᠦᠰ ᠲᠣᠭᠯᠠᠵᠤ ᠶᠠᠪᠤᠭ᠎ᠠ ᠰᠢᠦ ᠳᠡ! ᠥᠩᠭᠡᠷᠡᠭᠰᠡᠨ ᠳ᠋ᠦ᠍ ᠣᠭᠲᠣ ᠬᠡᠷᠡᠭ ᠦᠭᠡᠢ ᠳ᠋ᠦ᠍ ᠲᠣᠭᠠᠴᠠᠵᠤ᠂ ᠳᠡᠯᠡᠬᠡᠢ ᠶ᠋ᠢᠨ ᠪᠣᠯᠪᠠᠰᠤᠨ᠂ ᠴᠠᠭ ᠡᠷᠢᠨ ᠦ᠌ ᠬᠥᠭᠵᠢᠯᠲᠡ ᠡᠴᠡ ᠬᠣᠴᠣᠷᠤᠨ ᠭᠡᠭᠡᠭᠳᠡᠭᠰᠡᠨ ᠦ᠌ ᠰᠢᠯᠲᠠᠭᠠᠨ ᠥᠭᠡᠷ᠎ᠡ ᠦᠭᠡᠢ ᠰᠠᠨᠠᠨ᠂ ᠠᠯᠢ ᠪᠠᠯᠠᠷ ᠭᠠᠯᠪᠠ ᠶ᠋ᠢᠨ ᠴᠤ ᠶᠤᠮ ᠪᠣᠢ? ᠭᠡᠮᠡᠷ ᠭᠣᠯᠣᠬᠤ ᠶ᠋ᠢᠨ ᠲᠦᠭᠦᠰ ᠪᠣᠯᠵᠤ ᠡᠭᠡᠭᠡ ᠯᠡ ᠡᠨᠡ ᠪᠦᠬᠦᠨ ᠪᠢᠳᠡᠨ ᠦ᠌ ᠬᠥᠯ ᠬᠣᠷᠮᠣᠢ ᠳ᠋ᠤ᠌ ᠴᠢᠷᠦᠯᠲᠡᠨ ᠣᠷᠢᠶᠠᠴᠠᠯᠳᠤᠵᠤ ᠯᠠᠢ ᠯᠠᠨᠴᠢᠭ ᠪᠣᠯᠵᠤ ᠪᠠᠢᠭ᠎ᠠ ᠰᠢᠤᠬᠠᠨ ᠠᠳᠠᠯᠠᠵᠠᠭᠠᠬᠤ ᠶ᠋ᠢᠨ ᠤᠯᠠᠮ ᠠ᠋ᠴᠠ ᠥᠪ ᠪᠣᠯᠤᠭᠰᠠᠨ ᠰᠣᠶᠣᠯ ᠢ᠋ᠶ᠋ᠠᠨ《ᠰᠢᠨᠡᠴᠢᠯᠡᠵᠦ》 ᠭᠠᠷᠤᠭᠰᠠᠨ ᠪᠢᠰᠢ ᠤᠤ? ᠬᠠᠷᠢᠨ ᠣᠳᠣ ᠴᠥᠪ ᠦ᠋ᠨ ᠴᠠᠭ ᠤ᠋ᠨ ᠬᠠᠲᠠᠭᠤ ᠤᠨᠤᠭ᠎ᠠ ᠲᠤᠯᠬᠤ ᠳ᠋ᠤ᠌ ᠯᠠ ᠰᠠᠶᠢ ᠰᠠᠶᠢᠬᠢ ᠶᠠᠭᠤᠮ᠎ᠠ ᠨᠢ ᠡᠷᠢᠭᠳᠡᠵᠦ《ᠮᠢᠨᠦ ᠬᠠᠢᠷᠠᠲᠠᠢ ᠮᠣᠩᠭᠣᠯ ᠰᠣᠶᠣᠯ》 ᠭᠡᠮᠡᠨ ᠳᠡᠮᠡᠢ ᠯᠡ ᠨᠢᠭᠡ ᠲᠤᠤᠨᠢᠨ ᠭᠡᠢᠨᠡᠬᠦ ᠮᠠᠨᠢ ᠶᠠᠭᠠᠬᠢᠭᠠᠳ ᠪᠣᠢ᠃ ᠬᠣᠭ ᠯᠠᠢ ᠮᠡᠲᠦ ᠭᠠᠳᠠᠭᠤᠷᠬᠠᠨ ᠲᠡᠭᠡᠭᠡᠷᠡᠰᠢᠶᠡᠵᠦ ᠪᠠᠢᠭᠰᠠᠨ ᠰᠣᠶᠣᠯ ᠮᠠᠨᠢ ᠶᠠᠭᠤᠲᠠᠢ ᠨᠠᠨᠳᠢᠨ᠂ ᠶᠠᠮᠠᠷ ᠶᠡᠬᠡ ᠤᠬᠠᠭ᠎ᠠ ᠰᠡᠭᠡᠭᠡ᠂ ᠬᠥᠷᠥᠩᠭᠡ ᠨᠥᠭᠡᠴᠡ ᠲᠡᠢ ᠳᠠᠯᠳᠠ ᠲᠠᠮᠢᠷ ᠢ᠋ ᠰᠡᠯᠪᠢᠵᠦ ᠪᠠᠢᠯ᠎ᠠ ᠭᠡᠳᠡᠭ ᠢ᠋ ᠭᠡᠨᠡᠳᠲᠡ ᠰᠡᠷᠡᠬᠦ ᠳ᠋ᠦ᠍᠂ ᠡᠨᠡ ᠪᠦᠬᠦᠨ ᠮᠠᠨᠢ ᠪᠢᠳᠡᠨ ᠳ᠋ᠦ᠍ ᠴᠣ᠋ ᠰᠢᠨ᠎ᠡ ᠵᠦᠢᠯ ᠰᠢᠭ ᠰᠠᠨᠠᠭᠳᠠᠨ᠂ ᠣᠢ ᠲᠣᠢᠨ ᠠ᠋ᠴᠠ ᠮᠠᠨᠢ ᠤᠬᠢᠶᠠᠭᠳᠠᠨ ᠪᠠᠯᠠᠷᠠᠭᠰᠠᠨ ᠪᠦᠬᠦᠨ ᠭᠡᠨᠡᠳᠲᠡ ᠶ᠋ᠢᠨ ᠶᠠᠭᠤ ᠨᠢᠭᠡᠨ ᠵᠦᠢᠯ ᠳ᠋ᠦ᠍ ᠳᠣᠬᠢᠬᠳᠠᠨ ᠭᠠᠷᠴᠤ ᠢᠷᠡᠭᠰᠡᠨ ᠰᠢᠭ᠂ ᠠᠯᠳᠠᠭᠳᠠᠨ ᠭᠡᠭᠡᠭᠳᠡᠭᠡᠳ ᠣᠨ ᠤᠳᠠᠭᠰᠠᠨ ᠡᠳ᠋ ᠬᠠᠮᠢᠭ᠎ᠠ ᠨᠢᠭᠡ ᠭᠠᠵᠠᠷ ᠠ᠋ᠴᠠ ᠰᠠᠨᠠᠮᠰᠠᠷ ᠦᠭᠡᠢ ᠣᠯᠳᠠᠭᠰᠠᠨ ᠰᠢᠭ᠋ ᠰᠠᠨᠠᠭᠳᠠᠭᠤᠯᠬᠤ ᠠᠵᠢ᠃ ᠢᠩᠭᠢᠬᠦ ᠳ᠋ᠦ᠍ ᠯᠡ ᠪᠢᠳᠡᠨᠦᠰ ᠮᠠᠯ ᠭᠠᠢᠬᠠᠵᠤ ᠴᠡᠯ ᠬᠥᠬᠡᠷᠡᠬᠦ ᠨᠢ ᠪᠤᠷᠤᠭᠤ ᠦᠭᠡᠢ ᠳᠡ᠃ ᠦᠭᠡᠢ ᠶᠡᠷᠦ ᠨᠢ ᠡᠢᠮᠦ ᠭᠠᠢᠬᠠᠮᠰᠢᠭᠲᠤ ᠵᠦᠢᠯᠡᠰ ᠢ᠋ ᠠᠷᠠᠳ ᠣᠯᠠᠨ ᠮᠠᠨᠢ ᠪᠦᠲᠦᠭᠡᠵᠦ ᠪᠣᠰᠬᠠᠭᠠᠳ ᠢᠷᠡᠭᠰᠡᠨ ᠭᠡᠵᠢ ᠤᠤ? ᠳᠡᠭᠡᠳᠦᠰ ᠮᠠᠨᠢ ᠡᠢᠮᠦ ᠶᠡᠬᠡ ᠤᠬᠠᠭ᠎ᠠ ᠰᠡᠭᠡᠭᠡ ᠲᠡᠢ ᠠᠭᠤᠤ ᠬᠥᠮᠦᠰ ᠪᠠᠢᠭᠰᠠᠨ ᠤᠤ ᠳᠠ ᠭᠡᠵᠦ ᠰᠡᠵᠢᠭᠯᠡᠬᠦ ᠶ᠋ᠢᠨ ᠨᠠᠭᠠᠨᠠᠬᠠᠨ ᠳ᠋ᠤ᠌ ᠱᠠᠭᠰᠢᠷᠠᠭᠠ ᠪᠤᠰᠤ ᠤᠤ?
ᠰᠣᠶᠣᠯ ᠢ᠋ᠶ᠋ᠠᠨ ᠭᠠᠢᠬᠠᠭᠴᠢᠳ ᠤ᠋ᠨ ᠬᠣᠰᠢᠭᠤᠴᠢ ᠨᠢ ᠥᠨᠳᠥᠷ ᠰᠣᠶᠣᠯ ᠲᠠᠢ ᠭᠡᠭᠳᠡᠵᠦ ᠶᠠᠪᠤᠭ᠎ᠠ ᠬᠣᠲᠠ ᠶ᠋ᠢᠨ ᠮᠣᠩᠭᠣᠯᠴᠤᠳ ᠪᠤᠶᠤ ᠰᠤᠷᠭᠠᠭᠤᠯᠢ ᠶ᠋ᠢᠨ ᠮᠥᠷ ᠬᠥᠭᠡᠭᠡᠵᠦ ᠠᠯᠪᠠᠨ ᠪᠤᠳᠠᠭ᠎ᠠ ᠢᠳᠡᠭᠡᠳ ᠪᠠᠢᠭ᠎ᠠ ᠰᠡᠬᠡᠭᠡᠲᠡᠨ ᠶᠦᠮ᠃15 ᠵᠢᠯ ᠬᠢᠴᠢᠶᠡᠯ ᠦ᠋ᠨ ᠨᠣᠮ ᠤᠩᠰᠢᠵᠤ ᠠᠯᠪᠠᠨ ᠪᠠᠢᠭᠤᠯᠭ᠎ᠠ ᠶ᠋ᠢᠨ ᠪᠤᠳᠠᠭ᠎ᠠ ᠶ᠋ᠢ3 ᠵᠢᠯ ᠬᠣᠷᠣᠭᠠᠵᠤ ᠶᠠᠪᠤᠭᠰᠠᠨ ᠨᠠᠳᠠ ᠪᠠᠷ ᠠᠪᠴᠤ ᠬᠡᠯᠡᠭᠰᠡᠨ ᠴᠦ᠍ ᠰᠣᠶᠣᠯ ᠢ᠋ᠶ᠋ᠠᠨ ᠭᠠᠢᠬᠠᠭᠴᠢ᠂ ᠴᠣᠬᠣᠮ ᠴᠤ᠌ ᠦᠬᠦᠲᠡᠯ᠎ᠡ ᠪᠡᠨ ᠭᠠᠢᠬᠠᠭᠴᠢ ᠪᠠᠢᠭ᠎ᠠ ᠶᠤᠮ᠃ ᠬᠥᠳᠡᠭᠡ ᠶ᠋ᠢᠨ ᠴᠡᠩᠬᠡᠷ ᠲᠩᠷᠢ᠂ ᠠᠭᠤᠵᠢᠮ ᠣᠷᠴᠢᠨ᠂ ᠨᠠᠷᠠ ᠰᠠᠯᠬᠢᠨ ᠠ᠋ᠴᠠ ᠬᠣᠯᠠᠳᠤᠨ ᠬᠣᠲᠠ ᠪᠠᠷᠠᠳᠠᠬᠤ ᠲᠣᠰᠤᠮ ᠢ᠋ᠶ᠋ᠠᠨ᠄《ᠠ ᠳᠠ! ᠬᠥᠮᠦᠨ ᠦ᠌ ᠰᠣᠶᠣᠯ ᠪᠣᠯᠪᠠᠰᠤᠨ ᠶᠠᠭᠠᠬᠢᠵᠤ ᠪᠠᠢᠨ᠎ᠠ? ᠰᠠᠨᠰᠠᠷ ᠲᠤ ᠬᠠᠷᠠᠭ᠎ᠠ ᠰᠤᠩᠭᠠᠵᠤ ᠪᠠᠢᠨ᠎ᠠ᠃ ᠮᠠᠨ ᠤ᠋ ᠬᠢᠳ ᠴᠢᠨᠢ ᠱᠠᠯ ᠪᠠᠯᠠᠷ ᠢ᠋ᠶ᠋ᠠᠷ ᠢ᠋ᠶ᠋ᠠᠨ᠂ ᠪᠦᠳᠦᠭᠦᠯᠢᠭ ᠬᠣᠴᠣᠷᠤᠩᠭᠤᠢ ᠪᠠᠢᠭ᠎ᠠ ᠰᠢᠦ ᠳᠡ!》ᠭᠡᠰᠡᠨ ᠪᠣᠳᠣᠯ ᠮᠠᠨᠢ ᠳᠠᠪᠠᠷᠠᠵᠤ᠂ ᠠᠯᠢ ᠴᠤ ᠦᠨᠳᠦᠰᠦᠲᠡᠨ ᠶᠠᠰᠤᠲᠠᠨ ᠠ᠋ᠴᠠ ᠬᠣᠴᠣᠷᠬᠤ ᠪᠠᠷ ᠦᠭᠡᠢ ᠰᠣᠶᠣᠯ ᠪᠣᠯᠪᠠᠰᠤᠨ ᠢ᠋ ᠪᠦᠲᠦᠭᠡᠵᠦ ᠶᠠᠪᠤᠵᠠᠢ ᠭᠡᠳᠡᠭ ᠲᠡᠦᠬᠡ ᠪᠡᠨ ᠳᠤᠷᠠᠰᠴᠤ ᠤᠩᠰᠢᠬᠤ᠂ ᠬᠡᠵᠢᠶ᠎ᠡ ᠶᠠᠭᠠᠬᠢᠭᠠᠳ ᠬᠥᠭᠵᠢᠯ ᠤᠳᠠᠭᠠᠰᠢᠷᠠᠭᠰᠠᠨ ᠭᠡᠳᠡᠭ ᠦ᠋ᠨ ᠲᠤᠬᠠᠢ ᠵᠡᠭᠦᠳᠦᠯᠡᠵᠦ ᠴᠤ ᠦᠵᠡᠭᠡ ᠦᠭᠡᠢ᠂ ᠬᠠᠷᠢᠨ ᠪᠠᠯᠠᠷ ᠬᠣᠴᠣᠷᠤᠭᠳᠠᠩᠭᠤᠢ ᠭᠡᠭᠳᠡᠭᠰᠡᠨ ᠵᠦᠢᠯ ᠢ᠋ᠶ᠋ᠡᠨ ᠬᠠᠶᠠᠬᠤ ᠯᠠ ᠭᠡᠵᠦ ᠲᠣᠢᠯᠠᠵᠤ ᠶᠠᠪᠤᠵᠤ ᠳᠠ! ᠠᠯᠪᠠᠨ ᠰᠢᠷᠡᠭᠡ ᠡᠯᠢᠭᠡᠳᠡᠭᠰᠡᠨ ᠬᠡᠳᠦᠨ ᠵᠢᠯ ᠳ᠋ᠦ᠍ ᠴᠦ᠍ ᠭᠡᠰᠡᠨ ᠶᠠᠭᠠᠬᠢᠪᠠᠯ ᠶᠡᠬᠡ ᠵᠣᠭᠣᠰ ᠲᠠᠢ ᠪᠣᠯᠬᠤ᠂ ᠶᠠᠭᠠᠬᠢᠵᠤ ᠰᠠᠢᠬᠠᠨ ᠦᠭᠡ ᠪᠡᠷ ᠠᠮᠢᠲᠠᠨ ᠤ᠋ ᠴᠢᠬᠢ ᠶ᠋ᠢ ᠤᠰᠤᠯᠠᠵᠤ ᠪᠠᠢᠬᠤ ᠪᠢᠯᠡ?《ᠠᠵᠢᠯ ᠪᠣᠯ ᠠᠯᠪᠠᠨ ᠤ᠋᠂ ᠠᠮᠢ ᠪᠣᠯ ᠬᠣᠪᠢᠨ ᠤ᠋》ᠭᠡᠳᠡᠭᠴᠢᠯᠡᠨ ᠶᠠᠭᠠᠬᠢᠪᠠᠯ ᠪᠡᠶ᠎ᠡ ᠳ᠋ᠦ᠍ ᠠᠮᠠᠷ᠂ ᠠᠯᠪᠠ ᠬᠠᠰᠢᠵᠤ ᠠᠮᠠ ᠪᠥᠭᠯᠡᠳᠡᠭ ᠪᠢᠯᠡ? ᠶᠠᠭᠠᠬᠢᠪᠠᠯ ᠨᠡᠷ᠎ᠡ ᠲᠥᠷᠥ ᠲᠡᠢ ᠪᠣᠯᠬᠤ ᠪᠢᠯᠡ? ᠭᠡᠵᠦ ᠠᠮᠢ ᠪᠠᠨ ᠪᠣᠳᠣᠵᠤ ᠳᠣᠪᠣ ᠪᠠᠨ ᠪᠣᠷᠣᠯᠠᠭᠤᠯᠵᠤ ᠶᠠᠪᠤᠭᠰᠠᠨ ᠠ᠋ᠴᠠ ᠪᠢᠰᠢ ᠶᠠᠭᠤᠨ ᠤ᠋ ᠰᠣᠶᠣᠯ ᠮᠣᠶᠤᠯ ᠭᠡᠵᠦ ᠬᠠᠢᠬᠤᠷᠤᠭᠠ ᠴᠤ ᠦᠭᠡᠢ ᠳᠠᠪᠬᠢᠭᠰᠠᠨ ᠶᠤᠮ᠃ ᠶᠡᠷᠦ ᠨᠢ ᠣᠷᠴᠢᠨ ᠤᠯᠠᠷᠢᠬᠤ ᠴᠠᠭ ᠤᠯᠠᠷᠢᠯ ᠬᠥᠮᠦᠨ ᠢ᠋ ᠶᠡᠬᠡ ᠥᠭᠡᠷᠡᠴᠢᠯᠡᠳᠡᠭ ᠶᠦᠮ ᠪᠠᠢᠵᠤ ᠰᠣᠶᠣᠯ ᠲᠡᠦᠬᠡ᠂ ᠤᠳᠬ᠎ᠠ ᠤᠷᠠᠯᠢᠭ ᠭᠡᠵᠦ ᠬᠡᠢᠷᠬᠡᠵᠦ ᠪᠠᠢᠭᠰᠠᠨ ᠰᠤᠷᠭᠠᠭᠤᠯᠢ ᠶ᠋ᠢᠨ ᠠᠮᠢᠳᠤᠷᠠᠯ ᠢ᠋ᠶ᠋ᠠᠨ ᠨᠡᠢᠭᠡᠮ ᠳᠡᠭᠡᠷ᠎ᠡ ᠭᠠᠷᠤᠭᠰᠠᠨ ᠬᠣᠢᠨ᠎ᠠ ᠡᠷᠭᠢᠵᠦ ᠰᠠᠨᠠᠴᠢᠬᠠᠭᠠᠳ ᠶᠠᠮᠠᠷ ᠲᠡᠨᠡᠭ᠂ ᠭᠡᠨᠡᠨ ᠨᠢᠯᠬᠠᠰᠠᠭ ᠬᠥᠪᠰᠥᠷᠳᠡᠵᠦ ᠶᠠᠪᠤᠵᠤ ᠪᠣᠢ ᠭᠡᠵᠦ ᠪᠣᠳᠣᠳᠠᠭ ᠪᠣᠯᠤᠯ᠎ᠠ᠃ ᠢᠩᠭᠢᠵᠦ《ᠤᠬᠠᠭᠠᠵᠢᠬᠤ》 ᠲᠣᠰᠤᠮ ᠢ᠋ᠶ᠋ᠠᠨ ᠯᠠ ᠲᠦᠭᠦᠬᠡᠢ ᠨᠣᠢᠲᠠᠨ ᠪᠣᠯᠵᠤ ᠪᠠᠢᠭᠰᠠᠨ ᠢ᠋ᠶ᠋ᠠᠨ ᠭᠡᠨᠡᠳᠲᠡ ᠯᠡ ᠰᠡᠷᠡᠬᠦ ᠶ᠋ᠢᠨ ᠰᠠᠴᠠᠭᠤ ᠥᠪᠡᠷ ᠦ᠋ᠨ ᠮᠢᠨᠢ ᠳᠡᠷᠭᠡᠳᠡ ᠡᠴᠡ᠂ ᠣᠢ ᠲᠣᠢᠨ ᠠ᠋ᠴᠠ ᠮᠢᠨᠢ᠂ ᠠᠮᠢᠳᠤᠷᠠᠯ ᠤ᠋ᠨ ᠵᠠᠩ ᠵᠢᠷᠤᠮ᠂ ᠦᠭᠡ ᠶᠠᠷᠢᠶ᠎ᠠ ᠪᠦᠬᠦᠨ ᠡᠴᠡ ᠮᠢᠨᠢ ᠠᠷᠢᠯᠤᠨ ᠵᠠᠮᠬᠠᠷᠠᠭᠰᠠᠨ ᠪᠦᠬᠦᠨ ᠮᠠᠰᠢ ᠡᠷᠢᠭᠳᠡᠬᠦ ᠪᠣᠯᠵᠠᠢ᠃
ᠤᠤᠯ ᠨᠢ ᠰᠠᠭᠤᠷᠢᠰᠢᠯ ᠠᠮᠢᠳᠤᠷᠠᠯ ᠲᠠᠢ ᠪᠠᠢᠭᠰᠠᠨ ᠮᠣᠩᠭᠣᠯᠴᠤᠳ ᠶᠠᠭᠠᠬᠢᠭᠠᠳ ᠣᠲᠣᠷ ᠬᠠᠢᠳᠠᠭ ᠬᠥᠭᠡᠭᠡᠭᠰᠡᠨ ᠨᠡᠭᠦᠳᠡᠯ ᠰᠠᠭᠤᠳᠠᠯ ᠤ᠋ᠨ ᠠᠮᠢᠳᠤᠷᠠᠯ ᠡᠷᠬᠢᠯᠡᠬᠦ ᠪᠣᠯᠤᠭᠰᠠᠨ ᠪᠣᠢ ᠭᠡᠬᠦ ᠳ᠋ᠦ᠍ ᠣᠷᠣᠩᠨᠠᠨ ᠣᠷᠣᠰᠢᠵᠤ ᠠᠮᠢᠨ ᠲᠡᠵᠢᠭᠡᠯ ᠠᠪᠴᠤ ᠪᠠᠢᠭ᠎ᠠ ᠪᠠᠢᠭᠠᠯᠢ ᠠᠬᠤᠢ ᠪᠠᠨ ᠬᠠᠢᠷᠠᠯᠠᠨ ᠬᠢᠮᠠᠭᠠᠳᠠᠬᠤ ᠶ᠋ᠢᠨ ᠬᠣᠯᠠᠴᠢ ᠤᠬᠠᠭᠠᠨ ᠲᠡᠷᠡ ᠦᠶ᠎ᠡ ᠶ᠋ᠢᠨ ᠮᠣᠩᠭᠣᠯᠴᠤᠳ ᠲᠤ ᠲᠥᠷᠥᠯ᠎ᠡ ᠭᠡᠳᠡᠭ ᠢ᠋ ᠬᠠᠷᠠᠭᠤᠯᠵᠤ ᠪᠠᠢᠭ᠎ᠠ ᠶᠤᠮ(《ᠮᠣᠩᠭᠣᠯ ᠤ᠋ᠨ ᠰᠤᠳᠤᠯᠤᠯ》ᠰᠡᠳᠬᠦᠯ ᠦ᠋ᠨ2000 ᠣᠨ ᠤ᠋ 3 ᠳ᠋ᠤᠭᠠᠷ ᠰᠠᠷ᠎ᠠ ᠳ᠋ᠤ᠌ ᠨᠡᠢᠲᠡᠯᠡᠭᠳᠡᠭᠰᠡᠨ ᠡᠷᠳᠡᠨᠢᠪᠦ᠋ᠬᠡ ᠶ᠋ᠢᠨ《ᠨᠡᠭᠦᠳᠡᠯ ᠰᠣᠶᠣᠯ ᠤ᠋ᠨ ᠵᠠᠷᠢᠮ ᠥᠪᠡᠷᠮᠢᠴᠡ ᠣᠨᠴᠠᠯᠢᠭ ᠤ᠋ᠨ ᠲᠤᠬᠠᠢ ᠲᠣᠪᠴᠢ ᠥᠭᠦᠯᠡᠬᠦ ᠨᠢ》 ᠭᠡᠰᠡᠨ ᠥᠭᠦᠯᠡᠯ ᠡᠴᠡ ᠤᠩᠰᠢᠨ᠎ᠠ ᠤᠤ?)᠃ ᠬᠡᠳᠦᠨ ᠵᠠᠭᠤ᠂ ᠬᠡᠳᠦᠨ ᠮᠢᠩᠭᠠᠨ ᠮᠠᠯ ᠢ᠋ ᠡᠨᠳᠡᠯ ᠦᠭᠡᠢ ᠵᠢᠰᠦᠯᠡᠨ ᠲᠠᠨᠢᠬᠤ ᠭᠢᠷᠠᠬᠠᠢ ᠬᠠᠷᠠᠴᠠ᠂ ᠮᠠᠯ ᠢ᠋ ᠳᠠᠭᠤᠤ ᠬᠤᠭᠤᠷ ᠢ᠋ᠶ᠋ᠠᠷ ᠤᠶᠠᠷᠠᠭᠠᠨ ᠢᠪᠢᠯᠭᠡᠬᠦ ᠳ᠋ᠦ᠍ ᠵᠣᠷᠢᠭᠤᠯᠤᠯᠲᠠ ᠲᠠᠢ ᠲᠣᠢᠭ ᠤ᠋ᠨ ᠳᠠᠭᠤᠤ᠂ ᠬᠥᠭᠡᠮᠡᠢ᠂ ᠮᠣᠷᠢᠨ ᠬᠤᠭᠤᠷ ᠤ᠋ᠨ ᠢᠷᠠᠭᠤ ᠡᠭᠡᠰᠢᠭᠯᠡᠩ᠂ ᠥᠯᠥᠭᠡᠢ ᠪᠣᠯᠤᠭᠰᠠᠨ ᠭᠠᠵᠠᠷ ᠤᠰᠤ ᠪᠠᠨ ᠮᠥᠩᠬᠡ ᠴᠡᠯᠡᠭᠡᠷ ᠪᠠᠢᠯᠭᠠᠬᠤ ᠶ᠋ᠢᠨ ᠲᠤᠯᠠᠳᠠ ᠡᠭᠦᠰᠦᠭᠰᠡᠨ ᠣᠪᠣᠭ᠎ᠠ ᠬᠠᠢᠷᠬᠠᠨ᠂ ᠮᠣᠳᠣ ᠱᠠᠩᠰᠢ ᠪᠠᠨ ᠳᠠᠬᠢᠨ ᠰᠢᠲᠦᠬᠦ᠂ ᠵᠢᠴᠢ ᠡᠭᠦᠨ ᠯᠦ᠍ᠭᠡ ᠬᠣᠯᠪᠣᠭᠳᠠᠭᠰᠠᠨ ᠮᠠᠰᠢ ᠠᠷᠪᠢᠨ ᠴᠡᠭᠡᠷ ᠬᠣᠷᠢᠭ᠂ ᠠᠮᠢᠲᠠᠨ ᠪᠠᠢᠭᠠᠯᠢ ᠶ᠋ᠢᠨ ᠰᠥᠷᠴᠦ ᠪᠣᠯᠣᠰᠢ ᠦᠭᠡᠢ ᠬᠠᠲᠠᠭᠤ ᠵᠢᠮ᠎ᠡ ᠡᠴᠡ ᠲᠥᠯᠵᠢᠭᠰᠡᠨ ᠲᠩᠷᠢ ᠶ᠋ᠢ ᠲᠦᠰᠢᠵᠦ ᠮᠠᠯ ᠮᠠᠯᠯᠠᠬᠤ ᠨᠠᠷᠢᠨ ᠰᠢᠷᠢᠨ ᠤᠬᠠᠭᠠᠨ᠂ ᠮᠠᠯ ᠢ᠋ ᠵᠠᠯᠬᠠᠭᠠᠨ ᠰᠢᠢᠳᠬᠡᠬᠦ᠂ ᠪᠠᠶᠠᠰᠬᠠᠨ ᠵᠣᠷᠢᠭᠵᠢᠭᠤᠯᠬᠤ᠂ ᠠᠮᠤᠭᠤᠯᠠᠩ ᠦᠬᠦᠭᠦᠯᠬᠦ ᠶᠣᠰᠣᠨ᠂ ᠬᠡᠦᠬᠡᠳ ᠠᠴᠢᠷ ᠢ᠋ᠶ᠋ᠠᠨ ᠰᠤᠷᠭᠠᠨ ᠬᠥᠮᠦᠵᠢᠭᠦᠯᠬᠦ《ᠬᠠᠯᠠ ᠨᠢ ᠭᠠᠳᠠᠨ᠎ᠠ ᠪᠠᠨ᠂ ᠬᠠᠢᠷ᠎ᠠ ᠨᠢ ᠳᠣᠲᠣᠷ᠎ᠠ ᠪᠠᠨ 》ᠰᠤᠷᠭᠠᠯ᠂ ᠬᠡᠳᠦᠨ ᠵᠠᠭᠤ ᠪᠠᠷ ᠶᠠᠷᠢᠬᠤ ᠮᠠᠯ ᠤ᠋ᠨ ᠥᠩᠭᠡ ᠵᠢᠰᠦᠮ ᠢᠮ ᠲᠠᠮᠠᠭ᠎ᠠ ᠶ᠋ᠢᠨ ᠵᠦᠢᠯ᠂ ᠲᠩᠷᠢ ᠠᠭᠠᠷ ᠤ᠋ᠨ ᠬᠤᠪᠢᠷᠠᠯᠲᠠ ᠶ᠋ᠢ ᠣᠷᠴᠢᠨ ᠪᠠᠢᠭᠠᠯᠢ᠂ ᠠᠮᠢᠲᠠᠨ ᠭᠣᠣᠯᠳᠠᠨ ᠤ᠋ ᠬᠥᠳᠡᠯᠦᠯ ᠬᠤᠪᠢᠷᠠᠯ ᠠ᠋ᠴᠠ ᠠᠵᠢᠨ ᠮᠡᠳᠡᠷᠡᠬᠦ ᠰᠡᠭᠡᠭᠡ᠂ ᠴᠠᠭ ᠲᠣᠭᠠᠯᠠᠯ ᠤ᠋ᠨ ᠣᠨᠣᠪᠴᠢᠲᠠᠢ ᠪᠣᠳᠣᠯᠭ᠎ᠠ᠂ ᠪᠠᠭᠠᠲᠤᠷ ᠴᠢᠭᠴᠢ ᠦᠨᠡᠨ ᠳᠠᠷᠤᠤ ᠶ᠋ᠢ ᠳᠡᠭᠡᠳᠦᠯᠡᠨ ᠦᠵᠡᠬᠦ ᠠᠷᠠᠨᠰᠢᠨ᠂ ᠳᠡᠯᠡᠬᠡᠢ ᠳ᠋ᠠᠬᠢᠨ ᠤ᠋ ᠠᠵᠤ ᠠᠬᠤᠢ᠂ ᠠᠷᠠᠯᠵᠢᠶ᠎ᠠ ᠬᠤᠳᠠᠯᠳᠤᠭ᠎ᠠ᠂ ᠴᠡᠷᠢᠭ ᠲᠡᠢᠨ᠂ ᠭᠦᠨ ᠤᠬᠠᠭᠠᠨ᠂ ᠰᠣᠶᠣᠯ ᠲᠡᠦᠬᠡ ᠶ᠋ᠢᠨ ᠬᠦᠷᠢᠶᠡᠨ ᠳ᠋ᠦ᠍ ᠨᠡᠮᠡᠷᠢᠯᠡᠭᠰᠡᠨ ᠴᠢᠮᠠᠯᠠᠰᠢ ᠦᠭᠡᠢ ᠠᠭᠤᠤ ᠵᠢᠳᠬᠦᠯ᠂ ᠬᠦᠨᠳᠦᠯᠡᠯ ᠮᠡᠨᠳᠦᠯᠡᠯ ᠂ ᠲᠣᠮ ᠵᠠᠰᠠᠯ᠂ ᠤᠷ᠎ᠠ ᠳᠠᠷᠬ᠎ᠠ᠂ ᠦᠢᠯᠡ ᠣᠶᠣᠳᠠᠯ᠂ ᠮᠠᠯ ᠤ᠋ᠨ ᠭᠠᠷᠤᠯᠲᠠ ᠶ᠋ᠢ ᠪᠣᠷᠣᠯᠠᠭᠤᠯᠤᠨ ᠪᠣᠯᠪᠠᠰᠤᠷᠠᠭᠤᠯᠬᠤ ᠠᠷᠭ᠎ᠠ᠁ ᠭᠡᠬᠦᠴᠢᠯᠡᠨ ᠭᠠᠢᠬᠠᠮᠰᠢᠭᠲᠤ ᠵᠦᠢᠯᠡᠰ ᠢ᠋ ᠪᠦᠷ ᠮᠣᠩᠭᠣᠯᠴᠤᠳ ᠪᠦᠲᠦᠭᠡᠯᠴᠡᠭ᠌ᠰᠡᠨ ᠶᠦᠮ ᠰᠢᠦ ᠳᠡ! ᠨᠡᠭᠦᠳᠡᠯ ᠮᠠᠯᠵᠢᠯ ᠤ᠋ᠨ ᠠᠮᠢᠳᠤᠷᠠᠯ ᠲᠠᠢ ᠦᠨᠳᠦᠰᠦᠲᠡᠨ ᠶᠠᠰᠤᠲᠠᠨ ᠨᠢᠭᠡᠬᠡᠨ ᠪᠢᠰᠢ ᠪᠠᠢᠲᠠᠯ᠎ᠠ ᠡᠨᠡ ᠪᠦᠬᠦᠨ ᠶᠠᠭᠠᠬᠢᠭᠠᠳ ᠮᠣᠩᠭᠣᠯᠴᠤᠳ ᠠ᠋ᠴᠠ ᠯᠠ ᠡᠭᠦᠰᠳᠡᠭ ᠪᠣᠢ? ᠲᠩᠷᠢ ᠭᠠᠵᠠᠷ ᠬᠣᠶᠠᠷ ᠢ᠋ ᠨᠢᠭᠡᠨ ᠴᠣᠭᠴᠠ ᠪᠣᠯᠭᠠᠨ ᠰᠡᠳᠬᠢᠬᠦ ᠲᠩᠷᠢ ᠤᠬᠠᠭ᠎ᠠ᠂ ᠶᠠᠭᠤᠮ᠎ᠠ ᠶᠠᠭᠤᠮᠠᠨ ᠤ᠋ ᠬᠣᠯᠠ ᠶ᠋ᠢ ᠪᠣᠳᠣᠳᠠᠭ ᠠᠯᠤᠰ ᠤ᠋ᠨ ᠬᠠᠷᠠᠴᠠ ᠲᠠᠢ᠂ ᠬᠥᠮᠦᠨ ᠪᠠᠢᠭᠠᠯᠢ ᠬᠣᠶᠠᠷ ᠤ᠋ᠨ ᠮᠥᠩᠬᠡ ᠲᠦᠰᠢᠯᠴᠡᠭᠡ ᠶ᠋ᠢ ᠤᠬᠠᠭᠰᠠᠨ ᠳ᠋ᠠᠭᠠᠨ ᠭᠡᠵᠦ ᠬᠡᠯᠡᠬᠦ ᠳ᠋ᠦ᠍ ᠣᠭᠲᠣ ᠪᠤᠷᠤᠭᠤ ᠦᠭᠡᠢ ᠪᠢᠵᠡ? ᠪᠣᠰᠤᠭ᠎ᠠ ᠦᠰᠦᠭ ᠢ᠋ ᠪᠦᠲᠦᠭᠡᠵᠦ᠂ ᠳᠡᠯᠡᠬᠡᠢ ᠶ᠋ᠢᠨ ᠬᠠᠭᠠᠰ ᠢ᠋ ᠳᠠᠢᠯᠠᠵᠤ ᠶᠠᠪᠤᠭᠰᠠᠨ ᠳᠤᠭᠤᠢ ᠤᠬᠠᠭᠠᠨ ᠠ᠋ᠴᠠ ᠥᠨᠥᠳᠥᠷ ᠦ᠋ᠨ ᠪᠢᠳᠡᠨ ᠳ᠋ᠦ᠍ ᠥᠪᠯᠡᠵᠦ ᠦᠯᠡᠳᠡᠵᠦ ᠪᠠᠢᠭ᠎ᠠ ᠵᠦᠢᠯ ᠬᠡᠳᠦᠢ ᠪᠠᠢᠳᠠᠭ ᠪᠣᠯ? ᠬᠥᠮᠦᠨ ᠲᠥᠷᠥᠯᠬᠢᠲᠡᠨ ᠦ᠌ ᠲᠡᠦᠬᠡᠨ ᠳ᠋ᠦ᠍ ᠮᠢᠩᠭᠠᠨ ᠣᠨ ᠤ᠋ ᠴᠤᠤᠲᠤ ᠬᠥᠮᠦᠨ ᠴᠢᠩᠭᠢᠰ ᠬᠠᠭᠠᠨ ᠢ᠋ ᠲᠥᠷᠥᠭᠦᠯᠵᠦ ᠥᠰᠬᠡᠭᠰᠡᠨ ᠡᠨᠡ ᠭᠠᠵᠠᠷ ᠰᠢᠷᠣᠢ ᠳᠡᠭᠡᠷ᠎ᠡ ᠬᠣᠷᠢᠳᠤᠭᠠᠷ ᠵᠠᠭᠤᠨ ᠤ᠋ ᠪᠢᠳᠡᠨᠦᠰ ᠬᠥᠮᠦᠨ ᠳ᠋ᠦ᠍ ᠭᠠᠢᠬᠠᠭᠳᠠᠬᠤ ᠵᠦᠢᠯ ᠶᠠᠭᠤ ᠪᠦᠲᠦᠭᠡᠯ᠎ᠡ ᠭᠡᠵᠦ ᠥᠨᠥᠳᠥᠷ ᠪᠠᠶᠠᠷᠬᠠᠵᠤ ᠪᠠᠷᠠᠳᠠᠵᠤ ᠰᠠᠭᠤᠬᠤ ᠪᠢᠯᠡ?
ᠬᠦᠢᠲᠡᠨ ᠵᠡᠪᠰᠡᠭ ᠢ᠋ᠶ᠋ᠡᠷ ᠬᠠᠷᠠᠭᠤᠯᠳᠠᠨ ᠳᠠᠢᠳᠤᠵᠤ᠂ ᠮᠣᠷᠢᠨ ᠤ᠋ ᠴᠣᠮᠪᠣᠩ ᠲᠤᠭᠤᠷᠠᠢ ᠪᠠᠷ ᠳᠡᠯᠡᠬᠡᠢ ᠲᠠᠮᠠᠭᠠᠯᠠᠵᠤ ᠶᠠᠪᠤᠭᠰᠠᠨ ᠮᠣᠩᠭᠣᠯᠴᠤᠳ ᠤ᠋ᠨ ᠴᠡᠷᠢᠭ ᠲᠡᠢᠨ ᠦ᠌ ᠪᠣᠳᠣᠯᠭ᠎ᠠ ᠮᠡᠷᠭᠡᠰᠢᠯ ᠰᠡᠭᠦᠯ ᠦ᠋ᠨ ᠦᠶ᠎ᠡ ᠶ᠋ᠢᠨ ᠳᠡᠯᠡᠬᠡᠢ ᠳ᠋ᠠᠬᠢᠨ ᠤ᠋ ᠴᠡᠷᠢᠭ ᠲᠡᠢᠨ ᠢ᠋ ᠨᠥᠯᠥᠭᠡᠯᠡᠵᠦ ᠪᠠᠢᠭᠰᠠᠨ ᠵᠢᠱ᠌ᠢᠶ᠎ᠡ ᠮᠤᠩ ᠦᠭᠡᠢ ᠪᠥᠭᠡᠳ ᠴᠥᠮ᠎ᠡ ᠶ᠋ᠢᠨ ᠵᠡᠪᠰᠡᠭ ᠢ᠋ᠶ᠋ᠡᠷ ᠴᠡᠨᠡᠭᠯᠡᠭᠰᠡᠨ ᠥᠨᠥᠳᠥᠷ ᠲᠦ᠍ ᠬᠦᠷᠲᠡᠯ᠎ᠡ ᠴᠢᠩᠭᠢᠰ ᠬᠠᠭᠠᠨ ᠤ᠋ ᠴᠡᠷᠢᠭ ᠬᠡᠷᠡᠭᠯᠡᠬᠦ ᠠᠷᠭ᠎ᠠ ᠶ᠋ᠢ ᠡᠵᠡᠮᠰᠢᠴᠢᠬᠡᠪᠡᠯ᠁ ᠭᠡᠵᠦ ᠴᠡᠷᠢᠭ ᠦ᠋ᠨ ᠤᠬᠠᠭᠠᠲᠠᠨ ᠡᠷᠡᠬᠡᠢ ᠭᠣᠵᠣᠢᠯᠭᠠᠵᠤ ᠪᠠᠢᠳᠠᠭ ᠰᠢᠦ ᠳᠡ᠃ ᠦᠨᠡᠨ ᠢ᠋ᠶ᠋ᠡᠨ ᠬᠡᠯᠡᠳᠡᠭ᠂ ᠡᠵᠡᠨ ᠳ᠋ᠡᠭᠡᠨ ᠰᠢᠳᠤᠷᠭᠤ ᠬᠥᠮᠦᠨ ᠢ᠋ ᠳᠠᠢᠰᠤᠨ ᠪᠣᠯᠤᠭᠰᠠᠨ ᠴᠤ᠌ ᠨᠥᠬᠥᠷᠯᠡᠵᠦ᠂ ᠵᠢᠷᠤᠮ ᠦᠭᠡᠢ᠂ ᠡᠯᠪᠡᠷᠢᠯ ᠦᠭᠡᠢ ᠬᠥᠮᠦᠨ ᠢ᠋ ᠪᠠᠭᠤᠵᠤ ᠦᠭᠭᠦᠭᠰᠡᠨ ᠴᠦ᠍ ᠠᠭᠤᠴᠢᠯᠠᠳᠠᠭ ᠦᠭᠡᠢ ᠡᠷᠲᠡᠨ ᠦ᠌ ᠮᠣᠩᠭᠣᠯᠴᠤᠳ ᠴᠥᠭᠡᠨ ᠴᠡᠷᠢᠭ ᠢ᠋ᠶ᠋ᠡᠷ ᠣᠯᠠᠨ ᠢ᠋ ᠢᠯᠠᠵᠤ ᠶᠠᠪᠤᠭᠰᠠᠨ ᠭᠢᠯᠠᠯᠵᠠᠮ᠎ᠠ ᠵᠢᠱ᠌ᠢᠶ᠎ᠡ ᠠᠯᠢ ᠣᠯᠠᠨ ᠢ᠋ ᠦᠯᠡᠳᠡᠭᠡᠵᠡᠢ᠃ ᠳᠡᠯᠡᠬᠡᠢ ᠶ᠋ᠢᠨ ᠲᠡᠦᠬᠡᠨ ᠳᠡᠭᠡᠷ᠎ᠡ ᠮᠣᠰᠺᠸᠠ ᠬᠣᠲᠠ ᠶ᠋ᠢ ᠡᠵᠡᠯᠡᠭᠰᠡᠨ ᠵᠢᠱ᠌ᠢᠶ᠎ᠡ ᠬᠣᠶᠠᠷᠬᠠᠨ ᠪᠠᠢᠳᠠᠭ ᠨᠢ ᠮᠣᠩᠭᠣᠯ ᠬᠥᠮᠦᠨ ᠦ᠌ ᠬᠢ᠃ ᠥᠨᠳᠥᠷ ᠦᠰᠦ ᠲᠡᠢ ᠳᠠᠪᠵᠠ ᠮᠣᠷᠢ ᠲᠠᠢ ᠮᠣᠩᠭᠣᠯᠴᠤᠳ ᠵᠢᠭᠠᠨ ᠤᠨᠤᠭᠰᠠᠨ ᠠᠶᠤᠮᠰᠢᠭᠲᠠᠢ ᠬᠦᠴᠦᠷᠬᠡᠭ ᠳᠠᠢᠰᠤᠨ᠂ ᠢᠯᠠᠭᠳᠠᠰᠢ ᠦᠭᠡᠢ ᠬᠡᠮᠡᠭᠳᠡᠭᠰᠡᠨ ᠵᠠᠭᠠᠯᠮᠠᠢᠲᠤ ᠮᠣᠷᠢᠲᠤ ᠴᠡᠷᠢᠭ ᠢ᠋ ᠪᠤᠲᠠ ᠴᠣᠬᠢᠵᠤ ᠪᠠᠢᠭᠰᠠᠨ ᠢ᠋ ᠲᠡᠦᠬᠡ ᠪᠢᠳᠡᠨ ᠳ᠋ᠦ᠍ ᠬᠡᠯᠡᠵᠦ ᠪᠠᠢᠨ᠎ᠠ᠃19 ᠳ᠋ᠤᠭᠡᠷ ᠵᠠᠭᠤᠨ ᠤ᠋ ᠦᠶ᠎ᠡ ᠶ᠋ᠢᠨ ᠢᠸᠡᠨᠢᠨ ᠵᠠᠩᠵᠤᠨ《ᠲᠡᠮᠦᠵᠢᠨ ᠲᠡᠮᠦᠷ ᠦ᠋ᠨ ᠴᠡᠷᠢᠭ ᠬᠡᠷᠡᠭᠯᠡᠬᠦ ᠠᠷᠭ᠎ᠠ》 ᠭᠡᠬᠦ ᠨᠣᠮ ᠳ᠋ᠠᠭᠠᠨ《ᠮᠣᠩᠭᠣᠯ ᠲᠠᠲ᠋ᠠᠷᠲᠤ ᠭᠠᠯᠲᠤ ᠵᠡᠪᠰᠡᠭ ᠪᠦᠦ ᠥᠭᠲᠦᠭᠡᠢ》 ᠭᠡᠮᠡᠨ ᠡᠮᠢᠶᠡᠨ ᠰᠠᠨᠠᠭᠤᠯᠵᠤ᠂ ᠠᠽᠢᠶ᠎ᠠ ᠶ᠋ᠢᠨ ᠨᠡᠭᠦᠳᠡᠯᠴᠢᠨ ᠵᠡᠷᠯᠢᠭ ᠠᠢᠮᠠᠭ ᠤ᠋ᠳ ᠬᠡᠷᠪᠡ ᠰᠢᠨ᠎ᠡ ᠮᠠᠶᠢᠭ ᠤ᠋ᠨ ᠫᠤᠤ ᠵᠡᠪᠰᠡᠭ ᠠᠳᠬᠤᠪᠠᠯ ᠲᠡᠳᠡᠨ ᠢ᠋ ᠳᠠᠷᠤᠩᠭᠤᠢᠯᠠᠬᠤ ᠳ᠋ᠤ᠌ ᠪᠡᠷᠬᠡ ᠭᠡᠮᠡᠨ ᠵᠠᠬᠢᠵᠤ ᠪᠠᠢᠭᠰᠠᠨ ᠨᠢ ᠮᠣᠩᠭᠣᠯᠴᠤᠳ ᠤ᠋ᠨ ᠪᠠᠭᠠᠲᠤᠷ ᠵᠣᠷᠢᠭᠲᠠᠢ ᠳ᠋ᠤᠨᠢ ᠪᠢᠰᠢ᠂ ᠬᠠᠷᠢᠨ ᠲᠦᠮᠡᠨ ᠡᠴᠡ ᠣᠷᠣᠢᠯᠠᠭᠰᠠᠨ ᠳᠠᠢᠨᠴᠢ ᠠᠪᠢᠶᠠᠰ ᠣᠢ ᠤᠬᠠᠭᠠᠨ ᠠ᠋ᠴᠠ ᠨᠢ ᠬᠢᠷᠳ᠋ᠬᠢᠭᠰᠡᠨ ᠤᠴᠢᠷ ᠠᠵᠢ᠃
20 ᠳ᠋ᠤᠭᠠᠷ ᠵᠠᠭᠤᠨ ᠤ᠋ ᠰᠡᠭᠦᠯᠴᠢ ᠶ᠋ᠢᠨ ᠵᠢᠯ ᠦ᠋ᠳ ᠦ᠋ᠨ ᠨᠢᠭᠡᠨ ᠳ᠋ᠦ᠍ ᠧᠦ᠋ᠷᠣᠫᠠ ᠳ᠋ᠤ᠌ ᠶᠠᠪᠤᠭᠳᠠᠭᠰᠠᠨ ᠳᠡᠯᠡᠬᠡᠢ ᠶ᠋ᠢᠨ ᠨᠠᠢᠷᠠᠯ ᠳᠠᠭᠤᠤ ᠶ᠋ᠢᠨ ᠡᠳᠦᠷᠯᠢᠭ ᠲᠦ᠍ ᠮᠣᠩᠭᠣᠯ ᠤᠯᠤᠰ ᠤ᠋ᠨ ᠳᠠᠭᠤᠴᠢᠳ《ᠠᠯᠲᠠᠢ ᠶ᠋ᠢᠨ ᠮᠠᠭᠲᠠᠭᠠᠯ》 ᠢ᠋ ᠳᠠᠭᠤᠯᠠᠭᠰᠠᠨ ᠶᠤᠮ ᠪᠠᠢᠨ᠎ᠠ ᠯᠠ ᠳᠠ᠃ ᠨᠠᠢᠷᠠᠯ ᠳᠠᠭᠤᠤ ᠶ᠋ᠢᠨ ᠨᠠᠮ ᠳᠣᠣᠭᠤᠷ ᠳᠡᠪᠢᠰᠬᠡᠷᠯᠡᠨ ᠳᠠᠭᠤᠯᠠᠭᠰᠠᠨ ᠳᠠᠭᠤᠤ ᠶ᠋ᠢᠨ ᠳᠤᠮᠳᠠ ᠭᠡᠨᠡᠳᠲᠡ ᠯᠡ ᠬᠥᠭᠡᠮᠡᠢ ᠡᠭᠡᠰᠢᠭᠯᠡᠬᠦ ᠪᠡᠷ᠂ ᠠᠯᠲᠠᠢ ᠶ᠋ᠢᠨ ᠴᠠᠰᠤᠲᠤ ᠥᠨᠳᠥᠷ ᠰᠠᠷᠢᠳᠠᠭ᠂ ᠤᠰᠤᠨ ᠤ᠋ ᠪᠣᠯᠤᠷᠬᠠᠨ ᠮᠡᠯᠮᠡᠯᠵᠡᠭᠡ᠂ ᠲᠩᠷᠢ ᠶ᠋ᠢᠨ ᠲᠠᠩᠨᠠᠢ ᠪᠠᠷᠢᠨ ᠬᠠᠯᠢᠬᠤ ᠬᠦᠷᠡᠩ ᠪᠦᠷᠭᠦᠳ᠁ ᠨᠢᠳᠦᠨ ᠳ᠋ᠦ᠍ ᠲᠣᠰᠴᠤ ᠂ᠰᠡᠳᠬᠢᠯ ᠳ᠋ᠦ᠍ ᠤᠷᠭᠤᠬᠤ ᠰᠢᠭ᠋ ᠪᠣᠯᠬᠤ ᠳ᠋ᠤ᠌ ᠡᠢᠮᠦ ᠵᠦᠢᠯ ᠪᠠᠢᠳᠠᠭ ᠢ᠋ ᠤᠤᠯ ᠠ᠋ᠴᠠ ᠮᠡᠳᠡᠬᠦ ᠦᠭᠡᠢ ᠭᠠᠳᠠᠭᠠᠳᠤ ᠶ᠋ᠢᠨ ᠮᠡᠷᠭᠡᠵᠢᠯᠲᠡᠨ ᠨᠠᠷ ᠶᠠᠮᠠᠷ ᠬᠥᠭᠵᠢᠮ ᠦ᠋ᠨ ᠵᠡᠪᠰᠡᠭ ᠬᠡᠷᠡᠭᠯᠡᠭᠰᠡᠨ ᠪᠣᠢ ᠭᠡᠵᠦ ᠭᠠᠢᠬᠠᠨ ᠯᠠᠪᠯᠠᠵᠤ ᠱᠠᠭᠰᠢᠷᠠᠯᠠ ᠭᠡᠳᠡᠭ ᠳᠤᠷᠠᠳᠬᠠᠯ ᠵᠣᠬᠢᠶᠠᠯ ᠢ᠋ ᠪᠢ ᠤᠩᠰᠢᠵᠤ ᠪᠠᠢᠭᠰᠠᠨ᠃ ᠣᠩᠭᠣᠨ ᠪᠠᠢᠭᠠᠯᠢ ᠶ᠋ᠢᠨ ᠥᠪᠡᠷ ᠡᠴᠡ ᠨᠢ ᠡᠰᠡᠨᠢᠵᠦ ᠲᠥᠯᠵᠢᠭᠰᠡᠨ ᠬᠥᠭᠡᠮᠡᠢ ᠬᠡᠮᠡᠬᠦ ᠭᠠᠢᠬᠠᠮᠰᠢᠭᠲᠤ ᠡᠭᠡᠰᠢᠭᠯᠡᠩ ᠠᠯᠲᠠᠢ ᠶ᠋ᠢᠨ ᠰᠡᠷᠢᠭᠦᠨ ᠠᠮᠢᠰᠬᠤᠭ᠎ᠠ ᠶ᠋ᠢ ᠵᠠᠯᠭᠢᠵᠤ᠂ ᠪᠤᠭᠤᠷᠤᠯ ᠣᠷᠭᠢᠯ ᠢ᠋ ᠨᠢ ᠪᠠᠷᠠᠳᠠᠨ ᠠᠮᠢᠳᠤᠷᠠᠭᠰᠠᠨ ᠨᠡᠭᠦᠳᠡᠯᠴᠢ ᠬᠥᠮᠦᠰ ᠡᠴᠡ ᠯᠡ ᠳᠣᠷᠣᠨ᠎ᠠ ᠭᠡᠳᠡᠭ ᠢ᠋ ᠲᠡᠳᠡ ᠶᠠᠭᠤᠨ ᠤ᠋ ᠮᠡᠳᠡᠬᠦ ᠪᠣᠢ᠃ ᠪᠢᠳᠡ ᠴᠦ᠍ ᠥᠨᠥᠳᠥᠷ ᠮᠡᠳᠡᠬᠦ ᠦᠭᠡᠢ᠃ ᠰᠦᠯᠳᠡ ᠬᠥᠭᠵᠢᠮ᠂ ᠬᠤᠪᠢᠰ᠂ ᠮᠣᠷᠢᠨ ᠬᠤᠭᠤᠷ᠂ ᠤᠷᠲᠤ ᠶ᠋ᠢᠨ ᠳᠠᠭᠤᠤ᠁ ᠵᠡᠷᠭᠡ ᠳᠠᠭᠤᠤ ᠬᠤᠭᠤᠷ ᠤ᠋ᠨ ᠮᠢᠨᠢ ᠣᠬᠢ ᠪᠣᠯᠤᠭᠰᠠᠨ ᠵᠦᠢᠯ ᠬᠢᠮᠤᠷᠠᠯ ᠲᠠᠢ ᠪᠠᠢᠭ᠎ᠠ ᠴᠠᠭ ᠲᠤ᠌ ᠪᠢᠳᠡᠨᠦᠰ ᠴᠢᠨᠢ ᠬᠥᠮᠦᠨ ᠦ᠌ ᠬᠣᠢᠨ᠎ᠠ ᠠ᠋ᠴᠠ ᠰᠣᠬᠣᠷ ᠢ᠋ᠶ᠋ᠠᠷ ᠲᠠᠭᠠᠨ᠂ ᠤᠷᠲᠤ ᠭᠡᠵᠢᠭᠡ᠂ ᠬᠠᠴᠢᠨ ᠵᠠᠰᠠᠯ ᠢ᠋ᠶ᠋ᠠᠷ ᠢ᠋ᠶ᠋ᠠᠨ ᠪᠠᠷᠳᠠᠮᠨᠠᠵᠤ ᠶᠠᠪᠤᠭ᠎ᠠ ᠪᠢᠰᠢ ᠦᠦ?《ᠬᠣᠷᠸ᠎ᠠ ᠶ᠋ᠢᠨ ᠬᠠᠷ᠎ᠠ ᠴᠠᠭᠠᠨ ᠥᠩᠭᠡ ᠶ᠋ᠢ ᠬᠣᠶᠠᠷᠬᠠᠨ ᠤᠲᠠᠰᠤᠨ ᠳᠡᠭᠡᠷ᠎ᠡ ᠪᠠᠭᠲᠠᠭᠠᠳᠠᠭ ᠬᠣᠣᠰ ᠦᠭᠡᠢ ᠨᠢᠭᠡᠨ ᠦᠨᠳᠦᠰᠦᠲᠡᠨ ᠠᠽᠢᠶ᠎ᠠ ᠶ᠋ᠢᠨ ᠴᠡᠭᠡᠵᠢᠨ ᠳ᠋ᠦ᠍ ᠪᠠᠢᠳᠠᠭ》᠃ ᠡᠨᠡ ᠯᠡ ᠬᠣᠶᠠᠷᠬᠠᠨ ᠤᠲᠠᠰᠤ ᠪᠢᠳᠡᠨ ᠢ᠋ ᠳᠠᠶᠠᠩ ᠤ᠋ᠨ ᠨᠢᠳᠦᠨ᠎ᠡ ᠮᠣᠩᠭᠣᠯ ᠭᠡᠮᠡᠨ ᠲᠠᠨᠢᠭᠤᠯᠵᠤ᠂ ᠳᠡᠯᠡᠬᠡᠢ ᠶ᠋ᠢᠨ ᠤᠷᠠᠯᠢᠭ ᠲᠠᠢ ᠮᠥᠷᠥ ᠰᠠᠴᠠᠭᠤᠯᠬᠤ ᠰᠢᠳᠢ ᠲᠡᠢ ᠡᠴᠡ ᠪᠢᠰᠢ ᠬᠥᠩᠭᠡᠨ ᠬᠡᠢᠷᠬᠡᠯ᠂ ᠬᠥᠮᠦᠨ ᠳᠠᠭᠤᠷᠢᠶᠠᠭᠰᠠᠨ ᠠᠪᠢᠶᠠᠰ ᠮᠠᠨᠢ ᠮᠠᠨ ᠢ᠋ ᠬᠠᠮᠢᠭ᠎ᠠ ᠬᠦᠷᠭᠡᠬᠦ ᠪᠣᠢ?
ᠪᠠᠢᠭᠠᠯᠢ ᠣᠷᠴᠢᠨ ᠡᠯᠡᠰᠦᠷᠬᠡᠭᠵᠢᠨ ᠰᠡᠮᠡᠷᠡᠵᠦ ᠬᠠᠮᠤᠭ ᠠᠮᠢᠲᠠᠳ《ᠬᠠᠮᠠᠭᠠᠯᠠᠶ᠎ᠠ᠂ ᠪᠦᠲᠦᠭᠡᠨ ᠪᠠᠢᠭᠤᠯᠤᠶ᠎ᠠ》 ᠭᠡᠵᠦ ᠳᠦᠷᠬᠢᠷᠡᠯᠳᠦᠬᠦ ᠶ᠋ᠢ ᠪᠢᠳᠡ ᠥᠨᠥᠳᠥᠷ ᠬᠠᠷᠠᠴᠢᠬᠠᠭᠠᠳ ᠬᠥᠬᠡ ᠢᠨᠢᠶᠡᠳᠦ ᠮᠢᠨᠢ ᠬᠦᠷᠴᠦ ᠪᠠᠢᠬᠤ ᠶᠣᠰᠣᠲᠠᠢ ᠪᠢᠰᠢ ᠦᠦ? ᠪᠠᠢᠭᠠᠯᠢ ᠶ᠋ᠢᠨ ᠤᠨᠠᠭᠠᠨ ᠲᠥᠷᠬᠦ ᠶ᠋ᠢ ᠬᠠᠳᠠᠭᠠᠯᠠᠬᠤ᠂ ᠳᠠᠷᠬᠠᠨ ᠴᠠᠭᠠᠵᠠᠲᠤ ᠣᠷᠣᠨ ᠪᠠᠢᠭᠤᠯᠬᠤ᠂ ᠠᠩ ᠠᠷᠢᠶᠠᠲᠠᠨ ᠢ᠋ ᠬᠡᠮᠵᠢᠶ᠎ᠡ ᠬᠢᠷᠢ ᠲᠡᠢ ᠠᠩᠨᠠᠵᠤ ᠪᠠᠢᠭᠠᠯᠢ ᠶ᠋ᠢ ᠢᠳᠡᠰᠢᠨ ᠲᠣᠭᠲᠠᠯᠴᠠᠭ᠎ᠠ ᠶ᠋ᠢ ᠪᠠᠲᠤᠯᠠᠬᠤ ᠤᠬᠠᠮᠰᠠᠷ《ᠵᠡᠷᠯᠢᠭ》 ᠬᠡᠮᠡᠭᠳᠡᠭᠰᠡᠨ ᠮᠣᠩᠭᠣᠯᠴᠤᠳ ᠲᠤ᠌ ᠪᠠᠢᠭᠰᠠᠨ ᠯᠠ ᠰᠢᠦ ᠳᠡ᠃ ᠳᠡᠭᠡᠳᠦᠰ ᠦ᠋ᠨ ᠢ᠋ᠶ᠋ᠡᠨ ᠲᠩᠷᠢ ᠤᠬᠠᠭᠠᠨ ᠢ᠋ ᠪᠢᠳᠡ ᠬᠣᠷᠢᠬᠠᠨ ᠵᠢᠯ ᠦ᠋ᠨ ᠳᠣᠲᠣᠷ᠎ᠠ ᠭᠤᠷᠪᠠᠨ ᠶᠡᠬᠡ ᠲᠠᠯ᠎ᠠ ᠨᠤᠲᠤᠭ ᠢ᠋ᠶ᠋ᠠᠨ ᠠᠯᠳᠠᠴᠢᠬᠠᠭᠠᠳ ᠰᠠᠶᠢ ᠰᠡᠷᠡᠵᠦ ᠪᠠᠢᠨ᠎ᠠ ᠭᠡᠳᠡᠭ ᠳᠠᠩᠴᠤ ᠳᠠ᠃
ᠪᠣᠷᠣᠭᠠᠨ ᠴᠠᠰᠤ ᠰᠠᠯᠬᠢ ᠤᠰᠤ ᠭᠠᠵᠠᠷ ᠬᠥᠳᠡᠯᠦᠯᠲᠡ ᠳ᠋ᠦ᠍ ᠠᠯᠵᠠᠳᠠᠭ ᠦᠭᠡᠢ ᠢᠰᠡᠭᠡᠢ ᠴᠠᠭᠠᠨ ᠰᠠᠭᠤᠴᠠ ᠪᠠᠨ ᠮᠣᠩᠭᠣᠯᠴᠤᠳ ᠮᠣᠩᠭᠣᠯ ᠭᠡᠷ ᠭᠡᠳᠡᠭ᠃ ᠲᠡᠮᠦᠷ ᠬᠠᠳᠠᠭᠠᠰᠤ ᠪᠠᠷ ᠲᠣᠷᠭᠣᠪᠠᠯ ᠵᠢᠪᠡᠷᠡᠵᠦ ᠲᠠᠰᠤᠷᠠᠳᠠᠭ ᠲᠡᠳᠦᠢ ᠦᠭᠡᠢ ᠤᠶᠠᠨ ᠬᠠᠳᠠᠨ ᠴᠢᠨᠠᠷ ᠴᠤ ᠥᠬᠡᠢ ᠪᠣᠯᠴᠢᠬᠠᠳᠠᠭ ᠮᠣᠩᠭᠣᠯ ᠭᠡᠷ ᠦ᠋ᠨ ᠢ᠋ᠶ᠋ᠡᠨ ᠬᠠᠨ᠎ᠠ ᠶ᠋ᠢ ᠮᠣᠩᠭᠣᠯᠴᠤᠳ ᠰᠤᠷ ᠢ᠋ᠶ᠋ᠠᠷ ᠦᠳᠡᠳᠡᠭ᠃ ᠠᠪᠳᠠᠷ᠎ᠠ ᠬᠣᠷᠭᠣ ᠬᠢᠬᠦ ᠳ᠋ᠡᠭᠡᠨ ᠴᠦ᠍ ᠮᠣᠳᠣᠨ ᠬᠠᠳᠠᠭᠠᠰᠤ ᠬᠠᠳᠠᠳᠠᠭ᠃ ᠶᠡᠷᠦ ᠨᠢ ᠮᠣᠩᠭᠣᠯᠴᠤᠳ ᠡᠳ᠋ᠯᠡᠯ ᠬᠡᠷᠡᠭᠰᠡᠯ ᠬᠢᠬᠦ ᠳ᠋ᠡᠭᠡᠨ ᠲᠦᠷ ᠴᠠᠭ ᠤ᠋ᠨ ᠪᠥᠬᠡᠯᠢᠭ ᠶᠠᠰᠤᠯᠢᠭ ᠢ᠋ ᠪᠢᠰᠢ᠂ ᠬᠠᠷᠢᠨ ᠤᠳᠠᠭᠠᠨ ᠬᠡᠷᠡᠭᠯᠡᠭᠡ᠂ ᠳᠠᠭᠠᠭᠠᠮᠠᠭᠠᠢ ᠪᠥᠬᠡᠯᠢᠭ ᠪᠠᠢᠯᠭᠠᠬᠤ ᠶᠢ ᠡᠷᠬᠢᠮᠨᠡᠳᠡᠭ᠃ ᠥᠨᠥᠳᠥᠷ ᠦ᠋ᠨ ᠪᠢᠳᠡ ᠲᠡᠮᠦᠷ ᠮᠣᠳᠣᠨ ᠠ᠋ᠴᠠ ᠬᠠᠲᠠᠭᠤ ᠪᠣᠯᠬᠣᠷ ᠪᠥᠬᠡᠯᠢᠭ ᠭᠡᠵᠦ ᠣᠢᠯᠠᠭᠠᠬᠤ ᠳᠠᠩᠴᠤ ᠥᠩᠭᠡᠪᠴᠢ ᠭᠦᠢᠬᠡᠨ ᠲᠠᠨᠢᠯᠲᠠ ᠲᠠᠢ ᠪᠠᠢᠭ᠎ᠠ ᠠᠵᠢ᠃ ᠴᠢᠩᠭᠢᠰ ᠬᠠᠭᠠᠨ ᠲᠩᠷᠢ ᠳ᠋ᠦ᠍ ᠬᠠᠯᠢᠬᠤ ᠳ᠋ᠠᠭᠠᠨ《ᠨᠠᠮᠠᠶ᠋ᠢ ᠲᠡᠮᠦᠷ ᠳᠡᠷᠡ ᠳᠡᠷᠡᠯᠡᠭᠦᠯᠦᠭᠲᠦᠨ》 ᠭᠡᠰᠡᠨ ᠵᠠᠷᠯᠢᠭ ᠢ᠋ ᠨᠢ ᠦᠲᠡᠭᠡᠷᠴᠦ ᠱᠠᠭᠠᠵᠠᠩ ᠳᠡᠷᠡ ᠳᠡᠷᠡᠯᠡᠭᠦᠯᠦᠭᠰᠡᠨ ᠢ᠋ᠶ᠋ᠡᠷ ᠢᠯᠵᠢᠷᠡᠵᠦ ᠵᠢᠪᠡᠷᠡᠬᠦ ᠦᠭᠡᠢ ᠱᠠᠭᠠᠵᠠᠩ ᠳᠡᠷᠡ ᠶ᠋ᠢᠨ ᠤᠷᠰᠢᠭ ᠢ᠋ᠶ᠋ᠠᠷ ᠴᠢᠩᠭᠢᠰ ᠬᠠᠭᠠᠨ ᠤ᠋ ᠶᠢᠷᠲᠢᠨᠴᠦ ᠳ᠋ᠦ᠍ ᠡᠭᠡᠬᠦ ᠴᠠᠭ ᠬᠣᠢᠰᠢᠯᠠᠵᠠᠢ ᠭᠡᠵᠦ ᠳᠣᠮᠣᠭᠯᠠᠳᠠᠭ᠃ ᠳᠡᠭᠡᠳᠦᠰ ᠦ᠋ᠨ ᠮᠠᠨᠢ ᠤᠬᠠᠭᠠᠨ ᠬᠣᠢᠴᠢᠰ ᠠ᠋ᠴᠠ ᠪᠠᠨ ᠮᠡᠷᠭᠡᠨ ᠪᠠᠢᠵᠠᠢ ᠭᠡᠳᠡᠭ ᠦ᠋ᠨ ᠨᠢᠭᠡᠨ ᠭᠡᠷᠡᠴᠢ ᠡᠨᠡ!
ᠥᠬᠢᠳ ᠪᠡᠷᠢᠶᠡᠳ ᠮᠠᠨᠢ ᠣᠶᠣᠳᠠᠯ ᠦᠢᠯᠡ᠂ ᠰᠦ ᠰᠠᠭᠠᠯᠢ ᠠ᠋ᠴᠠ ᠬᠣᠯᠠᠳᠤᠨ ᠡᠷᠡᠴᠦᠳ ᠪᠢᠳᠡ ᠮᠣᠷᠢ ᠪᠥᠬᠡ ᠰᠤᠷ ᠭᠤᠷᠪᠠ ᠠ᠋ᠴᠠ ᠪᠠᠨ ᠵᠠᠢᠳᠠᠵᠠᠢ᠃ ᠦᠵᠦᠮᠦᠴᠢᠨ ᠦ᠌ ᠣᠶᠣᠳᠠᠯᠴᠢᠨ ᠪᠦᠰᠡᠭᠦᠢ ᠨᠠᠷᠠᠨᠲᠤᠶᠠᠭ᠎ᠠ ᠶ᠋ᠢᠨ ᠣᠶᠣᠭᠰᠠᠨ ᠨᠢᠭᠡ ᠲᠡᠷᠯᠢᠭ ᠢ᠋ ᠹᠷᠠᠨᠼᠢ ᠶ᠋ᠢᠨ ᠬᠢᠨ20 ᠲᠦᠮᠡᠨ ᠲᠥᠭᠥᠷᠢᠭ ᠢ᠋ᠶ᠋ᠡᠷ ᠠᠪᠤᠶ᠎ᠠ ᠭᠡᠵᠦ ᠭᠤᠶᠤᠯ᠎ᠠ ᠭᠡᠰᠡᠨ ᠨᠢ ᠮᠣᠩᠭᠣᠯ ᠦᠢᠯᠡ ᠣᠶᠣᠳᠠᠯ ᠤ᠋ᠨ ᠶᠠᠮᠠᠷ ᠭᠠᠢᠬᠠᠮᠰᠢᠭᠲᠠᠢ ᠶ᠋ᠢ ᠬᠠᠷᠠᠭᠤᠯᠵᠤ ᠪᠣᠢ ᠶᠤᠮ᠃ ᠵᠡᠭᠦᠦ ᠣᠷᠢᠶᠠᠬᠤ᠂ ᠬᠠᠳᠬᠤᠬᠤ᠂ ᠲᠠᠮᠤᠬᠤ᠂ ᠡᠭᠡᠷᠡᠬᠦ᠂ ᠰᠢᠳᠡᠬᠦ᠂ ᠰᠢᠭᠯᠠᠬᠤ᠂ ᠦᠳᠡᠬᠦ᠂ ᠬᠠᠪᠠᠬᠤ᠂ ᠰᠢᠷᠢᠬᠦ᠂ ᠬᠦᠪᠦᠷᠢᠳᠬᠦ᠂ ᠲᠣᠪᠬᠢᠬᠤ᠂ ᠡᠮᠵᠢᠶᠡᠷᠢᠯᠡᠬᠦ᠂ ᠲᠣᠪᠴᠢ ᠰᠢᠯᠪᠢ ᠵᠠᠩᠭᠢᠳᠬᠤ᠁ ᠭᠡᠬᠦᠴᠢᠯᠡᠨ ᠵᠡᠭᠦᠦ ᠤᠲᠠᠰᠤ ᠲᠠᠢ ᠬᠣᠯᠪᠣᠭᠳᠠᠬᠤ ᠮᠡᠷᠭᠡᠵᠢᠯ ᠢ᠋ ᠬᠡᠴᠢᠨᠡᠨ ᠮᠥᠩᠭᠥ ᠥᠭᠭᠦᠯ᠎ᠡ ᠴᠦ᠍ ᠭᠡᠰᠡᠨ ᠪᠦᠷᠢᠨ ᠰᠤᠷᠬᠤ ᠠ᠋ᠴᠠ ᠪᠢᠳᠡ ᠬᠣᠯᠠᠳᠴᠠᠢ᠃
ᠬᠥᠮᠦᠨ ᠮᠠᠯ ᠤ᠋ᠨ ᠡᠪᠡᠳᠴᠢᠨ ᠬᠢᠵᠢᠭ ᠢ᠋ ᠡᠮᠴᠢᠯᠡᠬᠦ᠂ ᠶᠠᠰᠤ ᠪᠠᠷᠢᠬᠤ᠂ ᠲᠠᠷᠢᠬᠢ ᠬᠣᠳᠣᠭᠣᠳᠣ ᠪᠥᠭᠡᠷ᠎ᠡ ᠤᠨᠠᠵᠤ ᠲᠤᠷᠭᠢᠭᠰᠠᠨ ᠢ᠋ ᠳᠣᠮᠨᠣᠬᠤ᠂ ᠠᠭᠤᠰᠬᠢᠨ ᠰᠦᠷᠢᠶ᠎ᠡ᠂ ᠨᠠᠷᠢ ᠵᠡᠷᠭᠡ ᠶ᠋ᠢ ᠬᠡᠳᠦᠬᠡᠨ ᠲᠤᠩ ᠡᠮ ᠢ᠋ᠶ᠋ᠡᠷ ᠡᠳᠡᠭᠡᠭᠡᠬᠦ᠂ ᠰᠢᠯᠦᠬᠡᠢ ᠵᠡᠷᠭᠡ ᠮᠠᠯ ᠤ᠋ᠨ ᠬᠢᠵᠢᠭ ᠢ᠋ ᠵᠠᠰᠠᠬᠤ ᠵᠡᠷᠭᠡ ᠪᠡᠷ ᠮᠣᠩᠭᠣᠯᠴᠤᠳ ᠡᠮ ᠡᠮᠨᠡᠯᠭᠡ ᠶ᠋ᠢᠨ ᠠᠭᠤᠤ ᠲᠤᠷᠰᠢᠯᠭ᠎ᠠ ᠶ᠋ᠢ ᠨᠡᠭᠦᠳᠡᠯ ᠠᠮᠢᠳᠤᠷᠠᠯ ᠤ᠋ᠨ ᠳᠤᠮᠳᠠ ᠬᠤᠷᠠᠮᠳᠤᠭᠤᠯᠵᠠᠢ᠃ ᠳᠡᠭᠡᠷ᠎ᠡ ᠦᠶ᠎ᠡ ᠳ᠋ᠦ᠍ ᠮᠢᠨᠦ ᠨᠢᠭᠡ ᠨᠠᠭᠠᠴᠤ ᠦᠶ᠎ᠡ ᠲᠡᠢ ᠯᠠᠮᠠ ᠪᠠᠢᠵᠤ᠂ ᠴᠠᠬᠠᠷ ᠨᠤᠲᠤᠭ ᠲᠤ ᠴᠤᠤᠲᠠᠢ ᠡᠮᠴᠢ ᠪᠠᠢᠯ᠎ᠠ ᠭᠡᠵᠦ ᠠᠬᠠᠮᠠᠳ ᠤ᠋ᠳ ᠮᠠᠨᠢ ᠬᠠᠭᠤᠴᠢᠯᠠᠳᠠᠭ᠃ ᠠᠭᠤᠰᠬᠢᠨ ᠰᠦᠷᠢᠶ᠎ᠡ ᠣᠯᠵᠤ ᠠᠷᠠᠢ ᠯᠠ ᠠᠮᠢ ᠲᠠᠢ ᠪᠠᠢᠭᠰᠠᠨ ᠪᠦᠰᠡᠭᠦᠢ ᠶ᠋ᠢ ᠬᠡᠳᠦᠬᠡᠨ ᠲᠤᠩ ᠡᠮ ᠢ᠋ᠶ᠋ᠡᠷ ᠡᠳᠡᠭᠡᠭᠡᠭᠰᠡᠨ ᠭᠡᠳᠡᠭ ᠰᠠᠨ᠃《ᠠᠢ ᠳᠠ᠂ ᠰᠦᠷᠡᠬᠡᠢ ᠯᠡ ᠬᠥᠮᠦᠨ ᠪᠠᠢᠭᠰᠠᠨ ᠶᠤᠮ᠃ ᠬᠡᠳᠦᠨ ᠲᠤᠩ ᠡᠮ ᠤᠤᠭᠤᠭᠰᠠᠨ ᠬᠣᠢᠨ᠎ᠠ ᠨᠥᠵᠢ ᠪᠡᠷ ᠪᠥᠭᠡᠯᠵᠢᠭᠡᠳ ᠯᠡ ᠡᠳᠡᠭᠡᠷᠡᠭᠰᠡᠨ ᠶᠦᠮ᠃ ᠣᠳᠣ ᠲᠡᠢᠮᠦ ᠡᠮᠴᠢ ᠬᠠᠮᠢᠭ᠎ᠠ ᠪᠠᠢᠬᠤ ᠪᠣᠢ?》 ᠭᠡᠵᠦ ᠬᠣᠵᠢᠮ ᠨᠢ ᠨᠠᠰᠤᠨ ᠥᠲᠡᠯ᠎ᠡ ᠪᠣᠯᠤᠭᠰᠠᠨ ᠲᠡᠷᠡ ᠨᠠᠰᠤᠲᠠᠨ ᠠᠪᠤ ᠳ᠋ᠤ᠌ ᠮᠢᠨᠢ ᠳᠤᠷᠠᠰᠤᠨ ᠳᠤᠷᠠᠰᠤᠨ ᠶᠠᠷᠢᠵᠤ ᠪᠠᠢᠯ᠎ᠠ ᠭᠡᠳᠡᠭ᠃20 ᠳ᠋ᠤᠭᠠᠷ ᠵᠠᠭᠤᠨ ᠤ᠋ ᠳᠤᠮᠳᠠᠴᠢ ᠰᠡᠭᠦᠯᠴᠢ ᠶ᠋ᠢᠨ ᠦᠶ᠎ᠡ ᠪᠡᠷ ᠶᠡᠬᠡ ᠵᠣᠣ ᠠᠢᠮᠠᠭ ᠤ᠋ᠨ ᠦᠦᠰᠢᠨ ᠬᠤᠰᠢᠭᠤᠨ ᠳ᠋ᠤ᠌ ᠨᠢᠭᠡ ᠯᠠᠮᠠ ᠡᠮᠴᠢ ᠪᠠᠢᠯ᠎ᠠ ᠭᠡᠳᠡᠭ ᠪᠥᠭᠡᠳ ᠶᠡᠬᠡ ᠡᠷᠭᠦᠴᠨ ᠪᠠᠷᠢᠴᠠ ᠠᠪᠳᠠᠭ ᠬᠥᠮᠦᠨ ᠪᠠᠢᠵᠤ ᠯᠠ ᠳᠠ᠃ ᠨᠠᠷᠢ ᠲᠣᠰᠴᠤ ᠡᠳᠦᠷ ᠢ᠋ᠶ᠋ᠡᠨ ᠬᠦᠯᠢᠶᠡᠭᠰᠡᠨ ᠨᠢᠭᠡ ᠡᠪᠡᠳᠴᠢᠲᠡᠨ ᠬᠠᠮᠤᠭ ᠤ᠋ᠨ ᠬᠠᠢᠷᠠᠲᠠᠢ ᠬᠠᠷ᠎ᠠ ᠮᠣᠷᠢ ᠪᠠᠨ ᠠᠮᠠᠯᠠᠵᠤ ᠡᠮ ᠵᠠᠯᠠᠭᠰᠠᠨ ᠶᠤᠮ ᠪᠠᠢᠨ᠎ᠠ᠃ ᠥᠭᠭᠦᠭᠰᠡᠨ ᠭᠤᠷᠪᠠᠨ ᠦᠷᠢᠯ ᠢ᠋ ᠨᠢ ᠡᠬᠢᠯᠡᠵᠦ ᠤᠤᠭᠤᠭᠠᠳ ᠢᠷᠡᠬᠦ ᠪᠡᠷ ᠡᠪᠡᠳᠴᠢᠨ ᠨᠢ ᠬᠥᠩᠭᠡᠷᠡᠭᠰᠡᠨ ᠪᠠᠢᠬᠤ ᠪᠠᠷ ᠰᠠᠶᠢᠬᠢ ᠮᠣᠷᠢ ᠪᠠᠨ ᠴᠤ ᠥᠭᠭᠦᠭᠰᠡᠨ ᠦᠭᠡᠢ ᠠᠵᠢ᠃ ᠨᠢᠭᠡ ᠡᠳᠦᠷ ᠡᠮᠴᠢ ᠮᠠᠮᠠ ᠭᠡᠷ ᠲᠦ᠋ᠨᠢ ᠢᠷᠡᠭᠡᠳ《ᠵᠠ᠂ ᠴᠢᠨᠦ ᠡᠪᠡᠳᠴᠢᠨ ᠭᠠᠢᠭᠤᠢ ᠪᠣᠯᠬᠤ ᠨᠢ᠃ ᠡᠨᠡ ᠡᠮ ᠢ᠋ ᠪᠠᠰᠠ ᠤᠤᠭᠤᠴᠢᠬᠠᠭᠠᠷᠠᠢ》 ᠭᠡᠳ ᠪᠣᠭᠣᠯᠲᠠ ᠡᠮ ᠥᠭᠴᠡᠢ᠃ ᠬᠠᠷᠢᠨ ᠤᠤᠭᠤᠭᠰᠠᠨ ᠬᠣᠢᠨ᠎ᠠ ᠰᠠᠶᠢᠬᠢ ᠦᠷᠢᠯ ᠡᠮ ᠢ᠋ᠶ᠋ᠡᠨ ᠪᠥᠭᠡᠯᠵᠢᠭᠡᠳ ᠭᠠᠷᠭᠠᠴᠢᠬᠠᠭᠰᠠᠨ ᠪᠠᠢᠵᠠᠢ᠃ ᠡᠮᠴᠢ ᠮᠠᠮᠠ《ᠴᠢᠨᠦ ᠬᠠᠷ᠎ᠠ ᠮᠣᠷᠢ ᠬᠠᠢᠷᠠᠲᠠᠢ ᠭᠡᠬᠦ ᠳ᠋ᠦ᠍ ᠮᠢᠨᠦ ᠬᠠᠷ᠎ᠠ ᠦᠷᠢᠯ ᠴᠦ᠍ ᠬᠠᠢᠷᠠᠲᠠᠢ》 ᠭᠡᠳ ᠶᠠᠪᠤᠭᠠᠳ ᠥᠭᠴᠢᠬᠡᠵᠡᠢ᠃ ᠡᠮᠴᠢ ᠮᠠᠮᠠ ᠶ᠋ᠢᠨ ᠥᠭᠭᠦᠭᠰᠡᠨ ᠦᠷᠢᠯ ᠬᠥᠮᠦᠨ ᠦ᠌ ᠭᠡᠳᠡᠰᠦᠨ ᠳ᠋ᠦ᠍ ᠬᠡᠳᠦᠨ ᠡᠳᠦᠷ ᠪᠣᠯᠵᠤ ᠰᠠᠶᠢ ᠰᠢᠩᠭᠡᠳᠡᠭ ᠪᠥᠭᠡᠳ ᠭᠤᠷᠪᠠᠨ ᠦᠷᠢᠯ ᠢ᠋ ᠪᠦᠬᠦᠨ ᠢ᠋ ᠰᠢᠩᠭᠡᠭᠡᠬᠦ ᠦᠭᠡᠢ ᠪᠣᠯ ᠡᠮᠴᠢᠯᠡᠭᠡ ᠶ᠋ᠢᠨ ᠶᠠᠪᠤᠴᠠ ᠭᠦᠢᠴᠡᠳᠡᠭ ᠦᠭᠡᠢ ᠪᠠᠢᠵᠤ᠂ ᠰᠠᠶᠢᠬᠢ ᠬᠥᠮᠦᠨ ᠴᠦ᠍ ᠪᠣᠰᠤᠯᠭ᠎ᠠ ᠦᠭᠡᠢ ᠪᠣᠯᠤᠯ᠎ᠠ ᠭᠡᠳᠡᠭ᠃ ᠳᠣᠮᠣᠭ ᠴᠤ ᠭᠡᠮᠡᠷ ᠡᠨᠡ ᠶᠠᠷᠢᠶ᠎ᠠ ᠶ᠋ᠢ ᠪᠢ ᠡᠮᠴᠢ ᠮᠠᠮᠠ ᠶ᠋ᠢᠨ ᠰᠠᠳᠤᠨ ᠠ᠋ᠴᠠ ᠨᠢ ᠰᠣᠨᠣᠰᠤᠭᠰᠠᠨ ᠰᠠᠨ᠃
ᠡᠢᠮᠦ ᠯᠡ ᠪᠠᠢᠬᠤ ᠳ᠋ᠤ᠌ ᠪᠢᠳᠡ ᠴᠢᠨᠢ ᠮᠠᠯᠴᠢᠨ ᠲᠦᠮᠡᠨ ᠢ᠋ᠶ᠋ᠡᠨ ᠰᠣᠶᠣᠯ ᠦᠭᠡᠢ ᠭᠡᠵᠦ ᠬᠡᠯᠡᠳᠡᠭ ᠰᠢᠦ ᠳᠡ᠃ ᠪᠢᠳᠡᠨ ᠦ᠌ ᠮᠡᠳᠡᠳᠡᠭ ᠰᠣᠶᠣᠯ ᠮᠠᠨᠢ ᠶᠠᠭᠤ ᠪᠣᠢ? ᠬᠢᠲᠠᠳ ᠮᠣᠩᠭᠣᠯ ᠢ᠋ᠶ᠋ᠠᠷ ᠶᠠᠷᠢᠵᠤ ᠪᠢᠴᠢᠵᠦ ᠴᠢᠳᠠᠬᠤ᠂ ᠨᠠᠭᠠᠳᠴᠤ ᠨᠠᠷᠭᠢᠵᠤ ᠴᠢᠳᠠᠬᠤ ᠠ᠋ᠴᠠ ᠣᠨᠳᠣᠣ ᠶᠠᠭᠤ ᠪᠠᠨ ᠴᠢᠳᠠᠳᠠᠭ᠂ ᠶᠠᠭᠤ ᠪᠠᠨ ᠮᠡᠳᠡᠳᠡᠭ ᠬᠥᠮᠦᠰ ᠪᠢᠯᠡ᠃ ᠬᠥᠮᠦᠨ ᠢ᠋ ᠬᠦᠨᠳᠦᠯᠡᠬᠦ᠂ ᠮᠡᠨᠳᠦᠯᠡᠬᠦ᠂ ᠦᠶ᠎ᠡ ᠳᠠᠭᠤᠳᠠᠯᠭ᠎ᠠ ᠶ᠋ᠢᠨ ᠢᠯᠭᠠᠯ ᠠ᠋ᠴᠠ ᠥᠭᠰᠥᠭᠦᠯᠦᠭᠡᠳ ᠦᠨᠡᠨᠴᠢ ᠳᠠᠷᠤᠤ᠂ ᠪᠠᠭᠠᠲᠤᠷ ᠰᠢᠯᠤᠭᠤᠨ᠂ ᠴᠢᠭᠴᠢ ᠴᠠᠭᠠᠪᠤᠷ᠂ ᠠᠵᠢᠯᠰᠠᠭ ᠬᠢᠴᠢᠶᠡᠩᠭᠦᠢ᠂ ᠪᠣᠷᠣ ᠪᠣᠷᠣᠭᠵᠢᠭᠤᠨ᠁ ᠵᠡᠷᠭᠡ ᠰᠢᠯᠢᠳᠡᠭ ᠠᠷᠠᠨᠰᠢᠨ ᠢ᠋ᠶ᠋ᠠᠨ ᠠᠯᠳᠠᠵᠤ᠂ ᠬᠡᠯᠡ ᠰᠡᠳᠬᠢᠬᠦᠢ ᠮᠠᠨᠢ ᠴᠤ ᠵᠡᠮᠳᠡᠭᠷᠡᠵᠦ᠂ ᠴᠠᠭᠠᠰᠢᠯᠠᠪᠠᠯ ᠮᠣᠩᠭᠣᠯ ᠢ᠋ᠶ᠋ᠠᠨ ᠮᠠᠷᠲᠠᠵᠤ ᠪᠠᠢᠬᠤ ᠪᠠᠨ ᠬᠥᠭᠵᠢᠯᠲᠡ ᠪᠡᠷ ᠣᠢᠯᠠᠭᠠᠳᠠᠭ ᠪᠠᠯᠠᠢ ᠰᠢᠦ ᠳᠡ! ᠥᠨᠥᠳᠥᠷ ᠦ᠋ᠨ ᠪᠢᠳᠡᠨ ᠦ᠌ ᠬᠤᠪᠢ ᠳ᠋ᠤ᠌ ᠶᠠᠭᠠᠬᠢᠪᠠᠯ ᠰᠠᠢᠬᠠᠨ ᠡᠬᠡᠨᠡᠷ ᠲᠡᠢ ᠪᠣᠯᠬᠤ᠂ ᠪᠠᠶᠠᠨ ᠬᠦᠷᠭᠡᠨ ᠲᠡᠢ ᠰᠠᠭᠤᠬᠤ᠂ ᠳᠠᠷᠤᠭ᠎ᠠ ᠳᠠᠪᠰᠢᠬᠤ᠂ ᠮᠥᠩᠭᠥ ᠲᠡᠢ ᠪᠣᠯᠬᠤ᠂ ᠪᠡᠶ᠎ᠡ ᠠᠮᠠᠷ ᠠᠮᠢᠳᠤᠷᠠᠬᠤ᠂ ᠬᠣᠲᠠ ᠣᠷᠣᠬᠤ᠂ ᠰᠠᠢᠬᠠᠨ ᠦᠭᠡ ᠤᠷᠠᠨ ᠮᠠᠭᠲᠠᠭᠠᠯ ᠰᠣᠨᠣᠰᠴᠤ ᠪᠠᠢᠬᠤ᠁ ᠵᠡᠷᠭᠡ ᠯᠡ ᠠᠮᠢᠳᠤᠷᠠᠯ ᠤ᠋ᠨ ᠮᠠᠨᠢ ᠪᠦᠬᠦ ᠤᠳᠬ᠎ᠠ ᠠᠭᠤᠯᠭ᠎ᠠ ᠪᠣᠯᠬᠤ ᠠ᠋ᠴᠠ ᠶᠠᠭᠤᠨ ᠤ᠋ ᠰᠣᠶᠣᠯ ᠮᠣᠶᠣᠯ ᠭᠡᠵᠦ ᠬᠠᠢᠬᠤᠷᠬᠤ ᠶ᠋ᠢᠨ ᠰᠡᠭᠡᠭᠡ ᠴᠦ᠍ ᠦᠭᠡᠢ ᠪᠠᠢᠭ᠎ᠠ ᠳᠠ! ᠪᠤᠷᠤᠭᠤ ᠮᠠᠢᠮᠠᠢ ᠬᠢᠵᠦ ᠦᠬᠦᠲᠡᠯ᠎ᠡ ᠠᠯᠳᠠᠭᠰᠠᠨ ᠤ᠋ ᠪᠠᠨ ᠠᠷᠤ ᠠ᠋ᠴᠠ ᠠᠮᠠ ᠪᠠᠨ ᠪᠠᠷᠢᠨ ᠭᠠᠰᠠᠯᠵᠤ ᠰᠠᠭᠤᠭ᠎ᠠ ᠬᠥᠮᠦᠨ ᠪᠣᠯ ᠪᠢᠳᠡ ᠶᠦᠮ᠃
ᠬᠥᠳᠡᠭᠡ ᠭᠡᠷ ᠲᠦ᠍ ᠮᠢᠨᠢ ᠭᠤᠷᠪᠠ ᠳᠥᠷᠪᠡᠨ ᠦᠶ᠎ᠡ ᠳᠠᠮᠵᠢᠭᠰᠠᠨ ᠬᠣᠶᠠᠷ ᠬᠦᠷᠡᠩ ᠰᠠᠨᠳᠠᠯᠢ ᠪᠠᠢᠳᠠᠭ᠃ ᠬᠠᠭᠠᠯᠭ᠎ᠠ ᠵᠠᠰᠠᠬᠤ ᠪᠠᠷ ᠢᠷᠡᠭᠰᠡᠨ ᠮᠣᠳᠣᠴᠢᠨ ᠡᠨᠡ ᠬᠣᠶᠠᠷ ᠰᠠᠨᠳᠠᠯᠢ ᠶ᠋ᠢ ᠦᠵᠡᠭᠡᠳ ᠭᠠᠢᠬᠠᠨ ᠱᠠᠭᠰᠢᠷᠠᠵᠤ ᠪᠠᠢᠭᠰᠠᠨ ᠢ᠋ ᠪᠢ ᠶᠠᠭ ᠮᠠᠷᠲᠠᠳᠠᠭ ᠦᠭᠡᠢ᠃ ᠨᠢᠳᠦᠨ ᠳ᠋ᠦ᠍ ᠮᠢᠨᠢ ᠳᠠᠰᠤᠯ ᠪᠣᠯᠤᠭᠰᠠᠨ ᠬᠠᠭᠤᠴᠢᠪᠲᠤᠷ ᠰᠠᠨᠳᠠᠯᠢ ᠶ᠋ᠢ ᠲᠡᠷᠡ ᠮᠣᠳᠣᠴᠢᠨ ᠰᠠᠵᠢᠯᠠᠭᠤᠯᠵᠤ᠂ ᠲᠣᠩᠭᠣᠢᠯᠭᠠᠵᠤ᠂ ᠰᠠᠭᠤᠵᠤ ᠦᠵᠡᠭᠰᠡᠨ ᠢ᠋ᠶ᠋ᠡᠨ ᠬᠢᠴᠡ ᠤᠷᠠᠯᠠᠯ᠂ ᠶᠠᠰᠤᠯᠢᠭ ᠪᠥᠬᠡ ᠶ᠋ᠢ ᠨᠢ ᠲᠣᠯᠣᠭᠠᠢ ᠰᠡᠭᠰᠦᠷᠦᠨ ᠪᠠᠬᠠᠷᠬᠠᠵᠤ ᠪᠠᠢᠭᠰᠠᠨ ᠰᠠᠨ᠃
ᠥᠨᠥᠳᠥᠷ ᠪᠢᠳᠡ ᠡᠨᠡ ᠮᠣᠳᠣᠴᠢᠨ ᠰᠢᠭ᠋ ᠥᠪᠡᠷ ᠦ᠋ᠨ ᠶᠠᠭᠤᠮ᠎ᠠ ᠪᠠᠨ ᠥᠪᠡᠷ ᠢ᠋ᠶ᠋ᠡᠨ ᠭᠠᠢᠬᠠᠵᠠᠭᠠᠵᠤ ᠪᠠᠢᠨ᠎ᠠ᠃ ᠥᠪᠡᠷ ᠦ᠋ᠨ ᠦᠨᠳᠦᠰᠦᠲᠡᠨ ᠦ᠌ ᠪᠡᠨ ᠰᠣᠶᠣᠯ ᠤ᠋ᠨ ᠵᠦᠢᠯᠡᠰ ᠢ᠋ ᠵᠥᠪᠬᠡᠨ ᠨᠣᠮ ᠳᠡᠪᠲᠡᠷ ᠡᠴᠡ᠂ ᠥᠷᠥᠭᠡᠯ ᠦ᠋ᠨ ᠠᠮᠠᠨ ᠠ᠋ᠴᠠ ᠮᠡᠳᠡᠯᠭᠡ ᠶ᠋ᠢᠨ ᠬᠤᠪᠢ ᠪᠠᠷ ᠭᠠᠢᠬᠠᠨ ᠰᠢᠩᠭᠡᠭᠡᠵᠦ ᠰᠠᠭᠤᠨ᠎ᠠ ᠭᠡᠳᠡᠭ ᠶᠠᠭᠤᠲᠠᠢ ᠣᠢ ᠭᠠᠰᠢᠭᠤ ᠲᠠᠢ ᠤᠴᠢᠷ ᠪᠣᠢ?《ᠠᠭᠤᠤ ᠶᠡᠬᠡ ᠬᠥᠮᠦᠨ ᠢ᠋ ᠠᠮᠢᠳᠤ ᠳ᠋ᠤᠨᠢ ᠲᠠᠨᠢᠬᠤ ᠦᠭᠡᠢ》 ᠭᠡᠳᠡᠭᠴᠢᠯᠡᠨ ᠠᠭᠤᠤ ᠭᠠᠢᠬᠠᠮᠰᠢᠭᠲᠠᠢ ᠵᠦᠢᠯ ᠢ᠋ᠶ᠋ᠡᠨ ᠠᠯᠳᠠᠭᠰᠠᠨ ᠤ᠋ ᠪᠠᠨ ᠬᠣᠢᠨ᠎ᠠ ᠯᠠ ᠭᠠᠢᠬᠠᠵᠤ ᠰᠠᠭᠤᠭ᠎ᠠ ᠠᠷᠭᠠᠴᠠᠭ᠎ᠠ ᠦᠭᠡᠢ ᠥᠴᠦᠬᠡᠨ ᠤᠯᠤᠰ ᠤ᠋ᠳ ᠭᠡᠳᠡᠭ ᠴᠢᠨᠢ ᠥᠨᠥᠳᠥᠷ ᠦ᠋ᠨ ᠪᠢᠳᠡ ᠪᠠᠢᠨ᠎ᠠ᠃ ᠲᠡᠷᠡ ᠲᠣᠰᠤᠮ ᠢ᠋ᠶ᠋ᠠᠨ ᠰᠡᠭᠡᠭᠡᠲᠡᠳ!
—————
① ᠡᠨᠡ ᠵᠣᠬᠢᠶᠠᠯ《ᠤᠷᠤᠭ ᠭᠡᠷ ᠪᠦᠯᠢ ᠨᠡᠢᠭᠡᠮ》 ᠰᠡᠳᠬᠦᠯ ᠦ᠋ᠨ 2001 ᠣᠨ ᠤ᠋4 ᠳ᠋ᠦ᠍ᠭᠡᠷ ᠬᠤᠭᠤᠴᠠᠭ᠎ᠠ ᠳ᠋ᠤ᠌ ᠨᠡᠢᠲᠡᠯᠡᠭᠳᠡᠭᠰᠡᠨ ᠪᠠᠢᠵᠠᠢ᠃
ᠦᠰᠦᠭ ᠠᠮᠢᠯᠠᠭᠤᠯᠤᠭᠴᠢ᠄ ᠢᠳᠰᠢᠩᠬᠣᠷᠯᠣ᠂ ᠨᠡᠭᠦᠳᠡᠯ᠂ ᠭᠡᠷᠡᠯ᠂ ᠨᠠᠷᠠᠨᠲᠤᠶᠠᠭ᠎ᠠ᠂ ᠰᠤᠳᠤᠯᠲᠤ ᠂
ᠬᠢᠨᠠᠭᠴᠢ ᠪᠠᠭᠰᠢ᠄ ᠭᠠᠷᠮ᠎ᠠ᠂ ᠰᠡᠬᠡᠭᠡᠷᠡᠯ᠂ ᠣᠳᠬᠠᠨᠰᠣ᠎ᠠ
