ᠶᠡᠷᠡᠨ ᠨᠠᠰᠤ ᠶᠢ ᠳᠠᠪᠠᠭᠰᠠᠨ ᠲᠩᠷᠢ ᠡᠵᠢ ᠶᠠᠭᠤ ᠶᠠᠷᠢᠪᠠ Ерөн насыг давсан тэнгэр ээж юу ярив
ᠲᠩᠷᠢ ᠡᠵᠢ ᠶᠢᠨ ᠰᠤᠷᠪᠤᠯᠵᠢᠯᠠᠭ᠎ᠠ ᠳ᠋ᠤ᠌ ᠶᠠᠷᠢᠭᠰᠠᠨ ᠶᠠᠷᠢᠶ᠎ᠠ
ᠡᠷᠴᠢᠨ ᠪᠠᠭᠰᠢ ᠶ᠋ᠢᠨ ᠨᠠᠢᠳᠠᠯᠭ᠎ᠠ ᠪᠠᠷ
ᠢᠷᠠᠭᠤ ᠰᠤᠷᠪᠤᠯᠵᠢᠯᠠᠪᠠ᠃
ᠠᠷᠪᠠ ᠶᠢᠰᠦᠳᠦᠭᠡᠷ ᠴᠤᠭᠯᠠᠷᠠᠯ
ᠨᠢᠭᠡ ᠵᠢᠯ ᠦ᠋ᠨ ᠣᠢ ᠪᠠᠨ ᠪᠠᠶᠠᠷᠯᠠᠨ
ᠲᠡᠮᠳᠡᠭᠯᠡᠬᠦ ᠰᠦᠯᠵᠢᠶᠡᠨ
ᠠᠨᠳᠠ ᠨᠥᠬᠥᠳ ᠦ᠋ᠨ ᠦᠳᠡᠰᠢᠯᠡᠭᠡ
ᠲᠠ ᠪᠦᠬᠦᠨ ᠦ᠌ ᠠᠮᠤᠷ ᠠᠮᠤᠭᠤᠯᠠᠩ ᠢ᠋
ᠠᠢᠯᠠᠳᠬᠠᠨ ᠵᠣᠯᠭᠠᠵᠤ ᠪᠠᠢᠨ᠎ᠠ᠃
ᠲᠠ ᠪᠦᠬᠦᠨ ᠲᠡᠢ ᠪᠡᠨ ᠬᠠᠮᠲᠤ ᠡᠨᠡ
ᠣᠷᠣᠢ ᠶ᠋ᠢᠨ ᠦᠳᠡᠰᠢᠯᠡᠭᠡ ᠳ᠋ᠦ᠍
ᠣᠷᠣᠯᠴᠠᠨ ᠲᠠ ᠪᠦᠬᠦᠨ ᠦ᠌ ᠰᠠᠢᠨ
ᠰᠠᠢᠬᠠᠨ ᠲᠣᠭᠯᠠᠯᠲᠠ ᠶ᠋ᠢ ᠰᠣᠨᠢᠷᠬᠠᠨ
ᠦᠵᠡᠵᠦ ᠰᠤᠷᠤᠯᠴᠠᠬᠤ ᠪᠣᠯᠤᠭᠰᠠᠨ ᠳ᠋ᠠᠭᠠᠨ
ᠲᠤᠢᠯ ᠤ᠋ᠨ ᠰᠡᠳᠬᠢᠯ ᠳᠦᠭᠦᠷᠡᠩ ᠪᠠᠶᠠᠷᠲᠠᠢ ᠪᠠᠢᠨ᠎ᠠ᠃
ᠵᠠ᠂ ᠪᠢ ᠳᠥᠷᠪᠡᠨ ᠦᠶ᠎ᠡ ᠪᠡᠷ ᠢ᠋ᠶ᠋ᠡᠨ
ᠦᠭᠡ ᠬᠡᠯᠡ ᠦᠰᠦᠭ ᠪᠢᠴᠢᠭ ᠢ᠋ᠶ᠋ᠡᠨ
ᠴᠠᠬᠢᠮ ᠣᠷᠴᠢᠨ ᠳ᠋ᠤ᠌ ᠪᠢᠴᠢᠵᠦ
ᠬᠡᠷᠡᠭᠯᠡᠬᠦ ᠪᠣᠯᠤᠭᠰᠠᠨ ᠨᠢ ᠬᠡᠯᠡᠯᠭᠡᠨ
ᠦᠭᠡᠢ ᠠᠢ ᠵᠢᠶᠦ᠋ᠨ ᠪᠠᠭᠰᠢ ᠶ᠋ᠢᠨ
ᠭᠠᠪᠢᠶ᠎ᠠ ᠵᠢᠳᠬᠦᠯ ᠡᠴᠡ
ᠪᠣᠯᠤᠭᠰᠠᠨ ᠶᠤᠮ ᠠ᠋!
ᠮᠢᠨᠦ ᠦᠷ᠎ᠡ ᠬᠡᠦᠬᠡᠳ ᠣᠮᠪᠣᠯᠣ ᠳᠣᠮᠪᠤᠯᠤ ᠪᠠᠨ ᠬᠦᠷᠲᠡᠯ᠎ᠡ ᠭᠠᠷ
ᠤᠲᠠᠰᠤᠨ ᠳᠡᠭᠡᠷ᠎ᠡ ᠪᠤᠶᠤ ᠺᠣᠮᠫᠢᠦ᠋ᠲ᠋ᠧᠷ ᠲᠦ᠍ ᠪᠢᠴᠢᠵᠦ ᠬᠡᠷᠡᠭᠯᠡᠬᠦ
ᠪᠣᠯᠤᠭᠰᠠᠨ ᠶᠤᠮ᠃ ᠪᠤᠰᠤᠳ ᠦᠰᠦᠭ ᠪᠢᠴᠢᠭ ᠢ᠋ᠶ᠋ᠡᠨ ᠮᠠᠨ ᠤ᠋ ᠬᠡᠦᠬᠡᠳ ᠪᠤᠶᠤ
ᠣᠮᠪᠣᠯᠣ ᠨᠤᠭᠤᠳ ᠠᠵᠢᠯ ᠤ᠋ᠨ ᠪᠠᠢᠷᠢ ᠳ᠋ᠠᠭᠠᠨ ᠪᠤᠶᠤ ᠰᠤᠷᠭᠠᠭᠤᠯᠢ ᠳ᠋ᠤ᠌ ᠪᠠᠢᠬᠤ ᠳ᠋ᠠᠭᠠᠨ ᠰᠤᠷᠤᠭᠰᠠᠨ ᠶᠤᠮ
ᠭᠠᠭᠴᠠ ᠡᠪᠦᠭᠡ ᠳᠡᠭᠡᠳᠦᠰ ᠡᠴᠡ
ᠦᠯᠡᠳᠡᠭᠡᠵᠦ ᠦᠭᠭᠦᠭᠰᠡᠨ ᠦᠰᠦᠭ
ᠪᠢᠴᠢᠭ ᠢ᠋ᠶ᠋ᠡᠨ ᠭᠠᠷ ᠤᠲᠠᠰᠤ ᠪᠤᠶᠤ
ᠺᠣᠮᠫᠢᠦ᠋ᠲ᠋ᠧᠷ ᠲᠦ᠍ ᠪᠢᠴᠢᠬᠦ ᠨᠢ
ᠮᠢᠨᠦ ᠨᠥᠯᠥᠭᠡ᠂ ᠰᠤᠷᠭᠠᠨ ᠬᠥᠮᠦᠵᠢᠭᠦᠯᠬᠦ ᠡᠴᠡ ᠪᠢᠴᠢᠵᠦ ᠬᠡᠷᠡᠭᠯᠡᠵᠦ ᠪᠠᠢᠨ᠎ᠠ᠃ ᠲᠠᠪᠤᠨ ᠣᠮᠪᠣᠯᠣ ᠵᠥᠪ ᠪᠢᠴᠢᠯᠭᠡ ᠶ᠋ᠢᠨ ᠡᠯ᠎ᠡ
ᠴᠤᠭᠯᠠᠷᠠᠯ ᠳ᠋ᠤ᠌ ᠰᠣᠷᠢᠯᠲᠠ ᠬᠢᠵᠦ ᠪᠠᠢᠭ᠎ᠠ ᠪᠥᠭᠡᠳ ᠭᠤᠷᠪᠠᠨ ᠳᠣᠮᠪᠤᠯᠤ
ᠭᠠᠷᠠᠭ ᠤ᠋ᠨ ᠡᠳᠦᠷ ᠪᠤᠶᠤ ᠬᠠᠭᠠᠰ
ᠭᠠᠷᠠᠭ ᠲᠠᠭᠠᠨ ᠭᠠᠷ ᠤᠲᠠᠰᠤᠨ ᠳᠡᠭᠡᠷ᠎ᠡ ᠪᠡᠨ ᠪᠢᠴᠢᠵᠦ ᠵᠠᠷᠢᠮ ᠳ᠋ᠠᠭᠠᠨ
ᠴᠤᠭᠯᠠᠷᠠᠯ ᠳ᠋ᠤ᠌ ᠰᠣᠷᠢᠯᠲᠠ ᠲᠤᠰᠢᠶᠠᠳᠠᠭ᠃
ᠥᠪᠡᠷ ᠦ᠋ᠨ ᠦᠷ᠎ᠡ ᠳᠥᠷᠪᠡᠨ ᠦᠶ᠎ᠡ ᠡᠴᠡ
ᠭᠠᠳᠠᠨ᠎ᠠ ᠠᠬ᠎ᠠ ᠳᠡᠭᠦᠦ ᠲᠥᠷᠥᠯ ᠰᠠᠳᠤᠨ ᠢ᠋ ᠴᠦ᠍
ᠨᠡᠯᠢᠶᠡᠳ ᠢ᠋ ᠵᠥᠪ ᠪᠢᠴᠢᠯᠭᠡ ᠶ᠋ᠢᠨ
ᠴᠤᠭᠯᠠᠷᠠᠯ ᠳ᠋ᠤ᠌ ᠣᠷᠣᠭᠤᠯᠤᠨ
ᠰᠣᠷᠢᠯᠲᠠ ᠬᠢᠯᠭᠡᠵᠦ ᠪᠠᠢᠬᠤ
ᠴᠥᠭᠡᠨ ᠪᠤᠰᠤ ᠪᠠᠢᠨ᠎ᠠ᠃
ᠥᠪᠡᠷ ᠦ᠋ᠨ ᠬᠡᠦᠬᠡᠳ ᠠᠴᠢᠨᠠᠷ ᠢ᠋ᠶ᠋ᠠᠨ
ᠪᠢ ᠭᠡᠷ ᠲᠡᠭᠡᠨ ᠳᠠᠭᠤᠳᠠᠨ ᠨᠢᠭᠡ ᠬᠡᠰᠡᠭ
ᠵᠢᠭᠠᠵᠤ ᠥᠭᠳᠡᠭ ᠪᠠᠢᠭᠰᠠᠨ ᠶᠤᠮ᠃
ᠪᠢ ᠴᠢᠨᠢ ᠨᠠᠰᠤ ᠠᠬᠢᠭᠰᠠᠨ ᠠ᠋ᠴᠠ ᠪᠢᠰᠢ
ᠰᠡᠷᠭᠦᠨ ᠪᠠᠢᠭᠰᠠᠭᠠᠷ ᠲᠤᠯᠠ
ᠡᠳᠦᠷ ᠪᠦᠷᠢ ᠰᠤᠷᠬᠤ ᠬᠡᠷᠡᠭᠲᠡᠢ᠃
ᠪᠠᠰᠠ ᠴᠢᠷᠮᠠᠢᠬᠤ ᠬᠡᠷᠡᠭᠲᠡᠢ᠃
ᠬᠡᠦᠬᠡᠳ ᠠᠴᠢᠨᠠᠷ ᠢ᠋ᠶ᠋ᠠᠨ ᠳᠠᠭᠠᠭᠤᠯᠵᠤ
ᠬᠡᠯᠡᠵᠦ ᠰᠤᠷᠭᠠᠬᠤ ᠬᠡᠷᠡᠭᠲᠡᠢ᠃
ᠶᠠᠭᠤᠨ ᠳ᠋ᠤ᠌ ᠬᠥᠮᠦᠨ ᠪᠣᠯᠤᠭᠰᠠᠨ ᠪᠢᠯᠡ
ᠢᠳᠡᠬᠦ᠂ ᠤᠨᠲᠠᠬᠤ᠂ ᠨᠠᠭᠠᠳᠬᠤ ᠵᠤᠭᠠᠴᠠᠬᠤ ᠶ᠋ᠢᠨ ᠲᠥᠯᠥᠭᠡ ᠭᠡᠵᠦ ᠤᠤ?
ᠲᠡᠢᠮᠦ ᠪᠢᠰᠢ᠂ ᠠᠮᠢᠳᠤ ᠪᠠᠢᠵᠤ ᠪᠠᠢᠪᠠᠯ
ᠠᠯᠤᠰ ᠤ᠋ᠨ ᠬᠠᠷᠠᠯᠲᠠ᠂ ᠠᠮᠢᠳᠤᠷᠠᠯ ᠤ᠋ᠨ
ᠴᠣᠭ ᠵᠢᠪᠬᠤᠭ᠎ᠠ ᠲᠠᠢ᠂ ᠤᠳᠬ᠎ᠠ ᠠᠭᠤᠯᠭ᠎ᠠ ᠲᠠᠢ
ᠠᠮᠢᠳᠤᠷᠠᠬᠤ ᠨᠢ ᠬᠥᠮᠦᠨ ᠪᠣᠯᠤᠭᠰᠠᠨ ᠤ᠋
ᠪᠠᠬ᠎ᠠ ᠲᠠᠢ ᠶᠤᠮ ᠪᠢᠯᠡ ᠠ᠋!
ᠪᠢ ᠶᠡᠷᠦ ᠡᠴᠡ ᠦᠭᠡ ᠬᠡᠯᠡ ᠦᠰᠦᠭ ᠪᠢᠴᠢᠭ ᠲᠤ ᠪᠠᠨ
ᠬᠠᠢᠷᠠᠲᠠᠢ ᠪᠠᠢᠳᠠᠭ ᠪᠣᠯᠬᠣᠷ
ᠦᠭᠡ ᠶᠠᠷᠢᠶ᠎ᠠ ᠦᠢᠯᠡ ᠠᠵᠢᠯᠯᠠᠭ᠎ᠠ ᠪᠠᠷ ᠢ᠋ᠶ᠋ᠠᠨ
ᠦᠷ᠎ᠡ ᠬᠡᠦᠬᠡᠳ ᠢ᠋ᠶ᠋ᠡᠨ ᠨᠥᠯᠥᠭᠡᠯᠡᠬᠦ ᠶ᠋ᠢ ᠪᠣᠳᠣᠵᠤ
ᠥᠪᠡᠷ ᠦ᠋ᠨ ᠪᠡᠶ᠎ᠡ ᠪᠡᠷ ᠢ᠋ᠶ᠋ᠡᠨ ᠬᠥᠲᠥᠯᠦᠨ
ᠳᠠᠭᠠᠭᠤᠯᠬᠤ ᠶ᠋ᠢ ᠵᠣᠷᠢᠳᠠᠭ ᠪᠢᠯᠡ᠃
ᠵᠥᠪ ᠪᠢᠴᠢᠯᠭᠡ ᠶ᠋ᠢᠨ ᠴᠤᠭᠯᠠᠷᠠᠯ ᠪᠣᠯ
ᠵᠢᠷᠦᠬᠡᠨ ᠦ᠌ ᠮᠢᠨᠢ ᠭᠤᠷᠪᠠᠨ ᠰᠤᠳᠠᠰᠤ ᠶᠤᠮ᠃
ᠡᠨᠡᠬᠦ ᠴᠤᠭᠯᠠᠷᠠᠯ ᠢ᠋ᠶ᠋ᠠᠷ ᠳᠡᠮᠵᠢᠵᠦ ᠦᠢ ᠲᠦᠮᠡᠨ
ᠬᠥᠮᠦᠰ ᠬᠠᠮᠲᠤᠷᠠᠨ ᠪᠦᠯᠬᠦᠮᠳᠡᠵᠦ ᠥᠪ ᠰᠣᠶᠣᠯ ᠢ᠋ᠶ᠋ᠠᠨ ᠬᠥᠭᠵᠢᠭᠦᠯᠦᠨ
ᠮᠠᠨᠳᠤᠭᠤᠯᠬᠤ ᠪᠣᠯᠤᠨ᠎ᠠ᠃ ᠲᠡᠷᠡᠴᠢᠯᠡᠨ
ᠬᠡᠢᠮᠣᠷᠢ ᠰᠦᠯᠵᠢᠶᠡᠨ ᠦ᠌ ᠬᠠᠪᠰᠤᠷᠤᠮᠵᠢ
ᠬᠠᠷᠢᠯᠴᠠᠨ ᠮᠡᠳᠡᠯᠴᠡᠵᠦ ᠮᠡᠳᠡᠭᠡᠳᠦᠢ ᠪᠡᠨ ᠮᠡᠳᠡᠵᠦ᠂
ᠬᠢᠭᠡᠳᠦᠢ ᠪᠡᠨ ᠬᠢᠵᠦ᠂ ᠰᠣᠷᠣᠭᠠᠳᠤᠢ ᠪᠠᠨ
ᠰᠤᠷᠴᠤ ᠳᠠᠢᠴᠢᠯᠠᠵᠤ ᠪᠣᠯᠬᠤ ᠪᠦᠬᠦ ᠬᠦᠴᠦ ᠪᠡᠨ
ᠳᠠᠢᠴᠢᠯᠠᠨ ᠠᠯᠤᠰ ᠢᠷᠡᠭᠡᠳᠦᠢ ᠶ᠋ᠢᠨ
ᠬᠥᠭᠵᠢᠯᠲᠡ ᠳ᠋ᠦ᠍ ᠬᠦᠷᠬᠦ ᠪᠣᠯᠤᠨ᠎ᠠ ᠭᠡᠮᠡᠨ ᠦᠵᠡᠳᠡᠭ ᠶᠦᠮ᠃
ᠥᠪᠡᠷ ᠦ᠋ᠨ ᠭᠡᠷ ᠡᠴᠡ ᠪᠡᠨ ᠡᠬᠢᠯᠡᠵᠦ ᠥᠷᠥᠭᠡᠯ ᠪᠤᠰᠤᠳ ᠲᠤ ᠬᠦᠷᠲᠡᠯ᠎ᠡ
ᠲᠠᠨᠢᠭᠤᠯᠬᠤ ᠶ᠋ᠢ ᠵᠣᠷᠢᠵᠤ ᠬᠢᠵᠦ
ᠡᠬᠢᠯᠡᠭᠰᠡᠨ ᠮᠢᠨᠢ ᠡᠨᠡ ᠪᠢᠯᠡ᠃
ᠪᠢ ᠵᠥᠪ ᠪᠢᠴᠢᠯᠭᠡ ᠶ᠋ᠢᠨ ᠴᠤᠭᠯᠠᠷᠠᠯ ᠳ᠋ᠤ᠌
ᠣᠷᠣᠭᠰᠠᠨ ᠠ᠋ᠴᠠ ᠪᠠᠨ ᠡᠬᠢᠯᠡᠵᠦ ᠨᠢᠭᠡ
ᠡᠳᠦᠷ ᠬᠡᠭᠡᠯ ᠦᠭᠡᠢ᠂ ᠲᠠᠯᠠᠭᠠᠷ ᠥᠩᠭᠡᠷᠡᠭᠡᠯ ᠦᠭᠡᠢ
ᠰᠣᠷᠢᠯᠲᠠ ᠪᠠᠨ ᠬᠢᠵᠦ ᠪᠦᠬᠦᠯᠢ ᠬᠣᠶᠠᠷ ᠵᠢᠯ ᠳ᠋ᠦ᠍
ᠨᠢᠭᠡ ᠡᠳᠦᠷ ᠴᠦ᠍ ᠣᠷᠬᠢᠭᠰᠠᠨ ᠦᠭᠡᠢ ᠪᠡᠶᠡᠯᠡᠭᠦᠯᠵᠦ ᠢᠷᠡᠪᠡ᠃
ᠨᠢᠳᠤᠨᠤᠨ ᠨᠢᠳᠦᠨ ᠳ᠋ᠦ᠍ ᠪᠡᠨ ᠴᠠᠭᠠᠨ ᠬᠠᠷᠠᠭ᠎ᠠ ᠶ᠋ᠢᠨ
ᠵᠠᠰᠠᠯ ᠬᠢᠬᠦ ᠳ᠋ᠦ᠍ ᠨᠢᠭᠡ ᠨᠢᠳᠦ ᠪᠡᠨ
ᠪᠣᠭᠣᠵᠤ ᠨᠥᠭᠦᠭᠡ ᠨᠢᠳᠦ ᠪᠡᠷ ᠢ᠋ᠶ᠋ᠡᠨ
ᠦᠵᠡᠨ ᠰᠣᠷᠢᠯᠲᠠ ᠪᠠᠨ ᠪᠡᠶᠡᠯᠡᠭᠦᠯᠵᠦ ᠪᠠᠢᠪᠠ᠃
ᠡᠨᠡ ᠨᠢ ᠪᠤᠰᠤᠳ ᠲᠤ ᠦᠵᠡᠭᠦᠯᠬᠦ ᠭᠡᠰᠡᠨ ᠪᠢᠰᠢ ᠶᠦᠮ᠂
ᠬᠡᠦᠬᠡᠳ ᠠᠴᠢ ᠨᠠᠷ ᠢ᠋ᠶ᠋ᠠᠨ ᠵᠣᠷᠢᠭ ᠲᠠᠢ
ᠪᠣᠯᠭᠠᠬᠤ ᠶ᠋ᠢᠨ ᠲᠥᠯᠥᠭᠡ ᠶᠦᠮ᠃
ᠭᠡᠷ ᠲᠦ᠍ ᠪᠡᠨ ᠦᠷ᠎ᠡ ᠬᠡᠦᠬᠡᠳ ᠲᠡᠭᠡᠨ
ᠳᠦᠷᠢᠮ ᠪᠣᠯᠬᠤ ᠪᠠᠷ ᠴᠢᠷᠮᠠᠢᠵᠤ ᠪᠠᠢᠭ᠎ᠠ ᠶᠤᠮ᠃
ᠵᠠ᠂ ᠵᠥᠪ ᠪᠢᠴᠢᠯᠭᠡ ᠶ᠋ᠢᠨ ᠴᠤᠭᠯᠠᠷᠠᠯ ᠤ᠋ᠨ
ᠲᠠ ᠪᠦᠬᠦᠨ ᠪᠣᠯᠤᠨ ᠪᠣᠢ ᠪᠦᠬᠦᠢ ᠯᠡ
ᠤᠳᠤᠮ ᠤᠭᠰᠠᠭ᠎ᠠ ᠨᠢᠭᠡᠲᠡᠨ ᠮᠢᠨᠢ ᠠ᠋!
ᠪᠢᠳᠡ ᠪᠣᠯ ᠡᠪᠦᠭᠡ ᠳᠡᠭᠡᠳᠦᠰ ᠡᠴᠡ ᠥᠪᠯᠡᠭᠦᠯᠵᠦ
ᠥᠭᠭᠦᠭᠰᠡᠨ ᠦᠨᠡᠲᠦ ᠡᠷᠳᠡᠨᠢ ᠥᠪ ᠰᠣᠶᠣᠯ
ᠦᠭᠡ ᠬᠡᠯᠡ ᠦᠰᠦᠭ ᠪᠢᠴᠢᠭ ᠢ᠋ᠶ᠋ᠡᠨ ᠥᠨᠢᠳᠡ
ᠮᠥᠩᠬᠡ ᠬᠠᠳᠠᠭᠠᠯᠠᠵᠤ᠂ ᠬᠠᠮᠠᠭᠠᠯᠠᠵᠤ
ᠪᠡᠬᠢᠵᠢᠭᠦᠯᠦᠨ ᠬᠥᠭᠵᠢᠭᠦᠯᠬᠦ
ᠦᠶ᠎ᠡ ᠤᠯᠠᠷᠢᠨ ᠵᠠᠯᠭᠠᠮᠵᠢᠯᠠᠬᠤ ᠠᠷᠢᠭᠤᠨ ᠨᠠᠨᠳᠢᠨ
ᠡᠭᠦᠷᠭᠡ ᠬᠠᠷᠢᠭᠤᠴᠠᠯᠭ᠎ᠠ ᠲᠠᠢ ᠬᠥᠮᠦᠰ ᠰᠢᠦ!
ᠡᠢᠮᠦ ᠡᠴᠡ ᠪᠢᠳᠡ ᠡᠷᠦᠬᠡ ᠭᠡᠷ᠂
ᠦᠶ᠎ᠡ ᠶ᠋ᠢᠨ ᠨᠥᠬᠥᠳ᠂ ᠥᠷᠥᠭᠡᠯ ᠪᠤᠰᠤᠳ ᠲᠠᠢ ᠪᠠᠨ
ᠨᠢᠭᠲᠠᠷᠠᠨ ᠪᠦᠯᠬᠦᠮᠳᠡᠵᠦ ᠬᠠᠮᠵᠢᠯᠴᠠᠨ ᠬᠠᠮᠲᠤ ᠪᠠᠷ ᠢ᠋ᠶ᠋ᠠᠨ
ᠴᠠᠬᠢᠮ ᠣᠷᠴᠢᠨ ᠳ᠋ᠤ᠌ ᠦᠰᠦᠭ ᠪᠢᠴᠢᠭ ᠢ᠋ᠶ᠋ᠡᠨ
ᠪᠠᠲᠤᠵᠢᠭᠤᠯᠤᠨ ᠲᠡᠭᠦᠯᠳᠡᠷᠵᠢᠭᠦᠯᠵᠦ ᠥᠷᠭᠡᠨ ᠬᠡᠪᠴᠢᠶ᠎ᠡ ᠪᠡᠷ
ᠳᠠᠢᠴᠢᠯᠠᠨ ᠵᠥᠪ ᠪᠢᠴᠢᠯᠭᠡ ᠪᠣᠯᠤᠨ ᠬᠡᠢᠮᠣᠷᠢ ᠰᠦᠯᠵᠢᠶ᠎ᠡ ᠪᠡᠨ
ᠤᠬᠠᠭᠤᠯᠤᠨ ᠲᠠᠨᠢᠭᠤᠯᠵᠤ᠂ ᠥᠨᠳᠥᠷ ᠠᠮᠵᠢᠯᠲᠠ ᠳ᠋ᠤ᠌
ᠬᠦᠷᠭᠡᠬᠦ ᠪᠡᠷ ᠴᠢᠷᠮᠠᠢᠨ ᠵᠢᠳᠭᠦᠴᠡᠭᠡᠶᠡ!
ᠪᠢᠳᠡ ᠢᠷᠡᠭᠡᠳᠦᠢ ᠶ᠋ᠢᠨ ᠬᠦᠰᠡᠯᠡᠩ ᠦ᠋ᠨ ᠲᠥᠯᠥᠭᠡ
ᠰᠢᠷᠭᠠᠭᠤ ᠪᠠᠷ ᠴᠢᠷᠮᠠᠢᠨ ᠰᠤᠷᠤᠯᠴᠠᠶ᠎ᠠ!
2024 ᠣᠨ ᠤ᠋ 7 ᠰᠠᠷ᠎ᠠ ᠶ᠋ᠢᠨ12 ᠤ᠋ ᠡᠳᠦᠷ
ᠦᠰᠦᠭ ᠠᠮᠢᠯᠠᠭᠤᠯᠤᠭᠴᠢ᠄ ᠲᠩᠷᠢ ᠡᠵᠢ
ᠦᠰᠦᠭ ᠬᠠᠲᠠᠭᠴᠢ᠄ ᠰᠣᠳᠣ
ᠬᠢᠨᠠᠭᠴᠢ ᠪᠠᠭᠰᠢ᠄ ᠢᠷᠡᠭᠡᠳᠦᠢ
