ᠬᠠᠭᠠᠨ ᠪᠠᠳᠢᠷᠴᠢᠨ ᠬᠣᠶᠠᠷ-ᠮᠣᠩᠭᠣᠯ ᠠᠷᠠᠳ ᠤ᠋ᠨ ᠦᠯᠢᠭᠡᠷ Хаан бадарчин хоёр-Монгол ардын үлгэр
ᠬᠠᠭᠠᠨ ᠪᠠᠳᠢᠷᠴᠢᠨ ᠬᠣᠶᠠᠷ-ᠮᠣᠩᠭᠣᠯ ᠠᠷᠠᠳ ᠤ᠋ᠨ ᠦᠯᠢᠭᠡᠷ
ᠡᠷᠲᠡ ᠤᠷᠢᠳᠤ ᠶ᠋ᠢᠨ ᠴᠠᠭ ᠲᠤ᠌ ᠨᠢᠭᠡᠨ ᠬᠠᠭᠠᠨ ᠪᠠᠢᠵᠤ ᠭᠡᠨ᠎ᠡ᠃ ᠲᠡᠷᠡ ᠬᠠᠭᠠᠨ ᠰᠠᠭᠤᠭ᠎ᠠ ᠬᠥᠮᠦᠨ ᠢ᠋ ᠪᠣᠰᠲᠠᠯ᠎ᠠ᠂ ᠤᠨᠲᠠᠭ᠎ᠠ ᠬᠥᠮᠦᠨ ᠢ᠋ ᠰᠡᠷᠡᠲᠡᠯ᠎ᠡ ᠬᠤᠳᠠᠯ ᠬᠡᠯᠡᠭᠰᠡᠨ ᠬᠥᠮᠦᠨ ᠳ᠋ᠦ᠍ ᠪᠢ ᠬᠠᠭᠠᠨ ᠰᠢᠷᠡᠭᠡ ᠪᠡᠨ ᠥᠭᠭᠦᠨ᠎ᠡ ᠭᠡᠵᠦ ᠵᠠᠷ ᠲᠠᠷᠬᠠᠭᠠᠵᠠᠢ᠃ ᠭᠡᠲᠡᠯ᠎ᠡ ᠬᠠᠭᠠᠨ ᠤ᠋ ᠳ᠋ᠤ᠌ ᠨᠢᠭᠡᠨ ᠦᠢᠯᠡᠴᠢᠨ ᠬᠦᠷᠴᠦ ᠢᠷᠡᠭᠡᠳ᠄ 《ᠬᠠᠭᠠᠨᠲᠠᠨ ᠮᠢᠨᠢ᠂ ᠪᠣᠯᠭᠣᠭᠠᠵᠤ ᠬᠠᠢᠷᠠᠯᠠ᠂ ᠤᠷᠵᠢᠳᠤᠷ ᠤ᠋ᠨ ᠰᠢᠷᠦᠭᠦᠨ ᠪᠣᠷᠣᠭᠠᠨ ᠢ᠋ᠶ᠋ᠠᠷ ᠪᠢ ᠲᠩᠷᠢ ᠶ᠋ᠢᠨ ᠬᠠᠶᠠᠭ᠎ᠠ ᠬᠠᠭᠠᠷᠠᠭᠰᠠᠨ ᠪᠠᠢᠭᠰᠠᠨ ᠢ᠋ ᠪᠥᠭᠡᠰᠦᠨ ᠦ᠌ ᠰᠢᠷᠮᠦᠰᠦ ᠪᠡᠷ ᠣᠶᠣᠭᠠᠳ ᠲᠣᠭᠲᠠᠭᠠᠴᠢᠬᠠᠯᠠ ᠰᠢᠦ ᠳᠡ! 》 ᠭᠡᠵᠦ ᠬᠡᠯᠡᠬᠦ ᠳ᠋ᠦ᠍ ᠨᠢ ᠬᠠᠭᠠᠨ᠄ 《ᠫᠠᠢ᠂ ᠦᠢᠯᠡᠴᠢᠨ ᠮᠢᠨᠢ ᠴᠢ ᠶᠡᠬᠡ ᠮᠠᠭᠤ ᠣᠶᠣᠭᠰᠠᠨ ᠪᠠᠢᠨ᠎ᠠ᠂ ᠥᠨᠥ ᠥᠷᠯᠥᠭᠡ ᠳᠠᠬᠢᠭᠠᠳ ᠪᠣᠷᠣᠭ᠎ᠠ ᠣᠷᠣᠭᠰᠠᠨ ᠰᠢᠦ ᠳᠡ! 》 ᠭᠡᠬᠦ ᠳ᠋ᠦ᠍ ᠦᠢᠯᠡᠴᠢᠨ ᠦᠭᠡ ᠳᠠᠭᠤ ᠦᠭᠡᠢ ᠪᠣᠯᠤᠭᠠᠳ ᠭᠠᠷᠴᠤ ᠶᠠᠪᠤᠵᠠᠢ᠃ ᠦᠢᠯᠡᠴᠢᠨ ᠲᠡᠢ ᠵᠥᠷᠢᠭᠡᠳ ᠨᠢᠭᠡ ᠠᠳᠤᠭᠤᠴᠢᠨ ᠬᠠᠭᠠᠨ ᠤ᠋ ᠳ᠋ᠤ᠌ ᠣᠷᠣᠵᠤ ᠢᠷᠡᠭᠡᠳ᠄ 《ᠵᠠ ᠬᠠᠭᠠᠨᠲᠠᠨ ᠮᠢᠨᠢ᠂ ᠲᠠᠯᠢᠢᠭᠠᠴᠢ ᠠᠪᠤ ᠳ᠋ᠤ᠌ ᠮᠢᠨᠢ ᠲᠩᠷᠢ ᠶ᠋ᠢᠨ ᠣᠳᠣ ᠶ᠋ᠢ ᠰᠤᠭᠤ ᠰᠤᠭᠤ ᠲᠠᠲᠠᠳᠠᠭ ᠰᠤᠷ ᠲᠠᠢ ᠰᠢᠯᠪᠢᠭᠦᠷ ᠪᠠᠢᠭᠰᠠᠨ ᠶᠤᠮ ᠰᠢᠦ ᠳᠡ 》 ᠭᠡᠵᠦ ᠬᠡᠯᠡᠬᠦ ᠳ᠋ᠦ᠍ ᠬᠠᠭᠠᠨ᠄ 《ᠬᠡᠢ᠂ ᠠᠳᠤᠭᠤᠴᠢᠨ ᠠ᠋! ᠦᠭᠡᠢ᠂ ᠲᠡᠷᠡ ᠰᠢᠯᠪᠢᠭᠦᠷ ᠴᠢᠨᠢ ᠶᠠᠭᠤ ᠴᠤ᠌ ᠪᠢᠰᠢ᠂ ᠮᠢᠨᠦ ᠲᠠᠯᠢᠢᠭᠠᠴᠢ ᠠᠪᠤ ᠳ᠋ᠤ᠌ ᠪᠦᠷ ᠨᠢᠭᠡ ᠭᠠᠩᠰᠠ ᠪᠠᠢᠭᠰᠠᠨ ᠶᠤᠮ᠂ ᠲᠡᠷᠡ ᠭᠠᠩᠰᠠ ᠪᠠᠷ ᠲᠠᠮᠠᠬᠢ ᠨᠡᠷᠡᠬᠦ ᠳ᠋ᠦ᠍ ᠤᠲᠤᠭ᠎ᠠ ᠨᠢ ᠲᠩᠷᠢ ᠶ᠋ᠢᠨ ᠬᠠᠮᠤᠭ ᠣᠳᠣᠳ ᠢ᠋ ᠣᠭᠣᠰᠣᠷᠯᠠᠭᠠᠳ ᠢᠷᠡᠳᠡᠭ ᠪᠠᠢᠭᠰᠠᠨ ᠶᠤᠮ ᠰᠢᠦ ᠳᠡ! 》 ᠭᠡᠬᠦ ᠳ᠋ᠦ᠍ ᠠᠳᠤᠭᠤᠴᠢᠨ ᠡᠷ᠎ᠡ ᠮᠥᠨ ᠯᠡ ᠦᠭᠡ ᠮᠤᠬᠤᠷᠳᠠᠭᠠᠳ ᠭᠠᠷᠴᠤ ᠣᠳᠴᠠᠢ᠃ ᠠᠳᠤᠭᠤᠴᠢᠨ ᠲᠠᠢ ᠵᠥᠷᠢᠭᠡᠳ ᠭᠠᠷ ᠲᠤ᠌ ᠪᠠᠨ ᠬᠤᠪᠢᠩ ᠪᠠᠷᠢᠭᠰᠠᠨ ᠨᠢᠭᠡ ᠪᠠᠳᠢᠷᠴᠢᠨ ᠣᠷᠣᠵᠤ ᠢᠷᠡᠯ᠎ᠡ᠃
ᠬᠠᠭᠠᠨ ᠪᠠᠳᠢᠷᠴᠢᠨ ᠢ᠋ ᠬᠠᠷᠠᠭᠠᠳ᠄ 《ᠵᠠ ᠪᠠᠳᠢᠷᠴᠢᠨ ᠴᠢ ᠶᠠᠭᠤ ᠬᠢᠵᠦ ᠶᠠᠪᠤᠨ᠎ᠠ?》 ᠭᠡᠰᠡᠨ ᠳ᠋ᠦ᠍ ᠄ 《ᠡᠩ᠂ ᠬᠠᠭᠠᠨᠲᠠᠨ ᠠ᠋! ᠦᠭᠡᠢ᠂ ᠲᠠ ᠨᠠᠮ᠎ᠠ ᠶ᠋ᠢ ᠨᠢᠭᠡ ᠯᠡ ᠲᠠᠨᠢᠬᠤ ᠦᠭᠡᠢ ᠪᠠᠢᠨ᠎ᠠ ᠳᠠ᠂ ᠶᠠᠭᠠᠬᠢᠪᠠ? ᠳᠡᠭᠡᠷ᠎ᠡ ᠲᠠ ᠨᠠᠳᠠ ᠡᠴᠡ ᠨᠢᠭᠡ ᠬᠤᠪᠢᠩ ᠠᠯᠲᠠ ᠵᠢᠭᠡᠯᠡᠵᠦ ᠠᠪᠤᠭᠰᠠᠨ ᠰᠢᠦ ᠳᠡ! ᠦᠭᠡᠢ᠂ ᠲᠡᠭᠡᠭᠡᠳ ᠯᠡ ᠠᠯᠲᠠ ᠪᠠᠨ ᠠᠪᠬᠤ ᠪᠠᠷ ᠢᠷᠡᠯ᠎ᠡ 》 ᠭᠡᠬᠦ ᠳ᠋ᠦ᠍ ᠬᠠᠭᠠᠨ ᠤᠴᠢᠷ ᠦᠭᠡᠢ ᠶᠡᠬᠡ ᠰᠠᠨᠳᠤᠷᠴᠤ ᠄ 《ᠦᠭᠡᠢ᠂ ᠪᠢ ᠴᠢᠮ᠎ᠠ ᠡᠴᠡ ᠬᠡᠵᠢᠶ᠎ᠡ ᠠᠯᠲᠠ ᠵᠢᠭᠡᠯᠡᠭᠰᠡᠨ ᠶᠤᠮ᠂ ᠪᠢᠲᠡᠭᠡᠢ ᠬᠤᠳᠠᠯ ᠶᠠᠷᠢᠭᠠᠳ ᠪᠠᠢ ᠴᠢ 》 ᠭᠡᠬᠦ ᠳ᠋ᠦ᠍ ᠡᠨᠡ ᠥᠨᠳᠥᠷ ᠳᠠᠭᠤᠨ ᠢ᠋ᠶ᠋ᠠᠷ ᠤᠨᠲᠠᠵᠤ ᠪᠠᠢᠭᠰᠠᠨ ᠬᠠᠲᠤᠨ ᠰᠡᠷᠡᠵᠦ ᠢᠷᠡᠭᠡᠳ᠄ 《ᠦᠭᠡᠢ ᠶᠡᠷᠦ᠂ ᠣᠴᠢᠵᠤ ᠣᠴᠢᠵᠤ ᠬᠠᠭᠠᠨᠲᠠᠨ ᠳ᠋ᠤ᠌ ᠪᠠᠨ ᠬᠤᠳᠠᠯ ᠬᠡᠯᠡᠵᠦ᠂ ᠬᠠᠭᠠᠨ ᠠ᠋ᠴᠠ ᠪᠠᠨ ᠠᠯᠲᠠ ᠨᠡᠬᠡᠨ᠎ᠡ ᠭᠡᠨ᠎ᠡ᠂ ᠴᠢ ᠶᠠᠭᠠᠬᠢᠭᠰᠠᠨ ᠵᠠᠳᠠᠷᠠᠭᠰᠠᠨ ᠲᠠᠷᠢᠬᠢ ᠪᠣᠢ ᠵᠠᠨᠴᠢ᠂ ᠵᠣᠳᠣ ᠡᠭᠦᠨ ᠢ᠋ 》 ᠭᠡᠵᠦ ᠬᠠᠰᠬᠢᠷᠬᠤ ᠳ᠋ᠤ᠌᠂ ᠪᠠᠳᠢᠷᠴᠢᠨ ᠄ 《ᠵᠠ᠂ ᠪᠢ ᠬᠤᠳᠠᠯ ᠬᠡᠯᠡᠭᠰᠡᠨ ᠪᠣᠯ ᠣᠳᠣ ᠬᠠᠭᠠᠨᠲᠠᠨ ᠲᠠ ᠨᠠᠳᠠ ᠳ᠋ᠤ᠌ ᠬᠠᠭᠠᠨ ᠰᠢᠷᠡᠭᠡ ᠪᠡᠨ ᠥᠭ! 》 ᠭᠡᠬᠦ ᠳ᠋ᠦ᠍ ᠬᠠᠭᠠᠨ ᠭᠡᠨᠡᠳᠲᠡᠬᠡᠨ ᠰᠠᠶᠢ ᠤᠬᠠᠭᠠᠨ ᠣᠷᠣᠵᠤ᠄ 《ᠠ᠂ ᠰᠠᠨᠠᠯ᠎ᠠ᠂ ᠰᠠᠨᠠᠯ᠎ᠠ᠂ ᠲᠡᠢᠮᠦ᠂ ᠲᠡᠢᠮᠦ ᠪᠢ ᠴᠢᠮ᠎ᠠ ᠡᠴᠡ ᠨᠢᠭᠡ ᠬᠤᠪᠢᠩ ᠠᠯᠲᠠ ᠵᠢᠭᠡᠯᠡᠵᠦ ᠠᠪᠤᠭᠰᠠᠨ ᠶᠤᠮ ᠰᠢᠦ ᠳᠡ᠂ ᠣᠳᠣᠬᠠᠨ ᠲᠡᠭᠦᠨ ᠢ ᠪᠡᠨ ᠥᠭᠭᠦᠶ᠎ᠡ! 》 ᠭᠡᠵᠦ ᠬᠡᠯᠡᠬᠦ ᠳ᠋ᠦ᠍ ᠪᠠᠳᠢᠷᠴᠢᠨ᠄ 《ᠵᠠ᠂ ᠬᠠᠭᠠᠨᠲᠠᠨ ᠲᠠ ᠮᠢᠨᠦ ᠨᠢᠭᠡ ᠬᠤᠪᠢᠩ ᠠᠯᠲᠠ ᠶ᠋ᠢ ᠯᠡ ᠥᠭᠴᠢᠬᠡᠪᠡᠯ ᠪᠣᠯᠬᠤ ᠨᠢ ᠲᠡᠷᠡ 》 ᠭᠡᠵᠦ ᠬᠡᠯᠡᠵᠡᠢ᠃
ᠢᠩᠭᠢᠭᠡᠳ ᠪᠠᠳᠢᠷᠴᠢᠨ ᠰᠠᠭᠤᠭ᠎ᠠ ᠬᠥᠮᠦᠨ ᠢ᠋ ᠪᠣᠰᠲᠠᠯ᠎ᠠ᠂ ᠤᠨᠲᠠᠭ᠎ᠠ ᠬᠥᠮᠦᠨ ᠢ᠋ ᠰᠡᠷᠡᠲᠡᠯ᠎ᠡ ᠬᠤᠳᠠᠯ ᠬᠡᠯᠡᠵᠦ ᠴᠢᠳᠠᠭᠰᠠᠨ ᠪᠣᠯᠬᠣᠷ ᠠᠷᠭ᠎ᠠ ᠪᠤᠶᠤ ᠬᠠᠭᠠᠨ ᠲᠡᠭᠦᠨ ᠳ᠋ᠦ᠍ ᠬᠠᠭᠠᠨ ᠰᠢᠷᠡᠭᠡ ᠪᠡᠨ ᠥᠭᠭᠦᠭᠡ ᠦᠭᠡᠢ ᠨᠢᠭᠡ ᠬᠤᠪᠢᠩ ᠠᠯᠲᠠ ᠶ᠋ᠢ ᠨᠢ ᠥᠭᠭᠦᠭᠡᠳ ᠪᠠᠳᠢᠷᠴᠢᠨ ᠪᠣᠯᠴᠢᠮ ᠦᠭᠡᠢ ᠬᠠᠭᠠᠨ ᠢ᠋ ᠨᠢᠭᠡ ᠰᠠᠢᠨ ᠬᠠᠰᠢᠷᠠᠭᠠᠭᠰᠠᠨ ᠭᠡᠳᠡᠭ᠃
ᠠᠮᠢᠯᠠᠭᠤᠯᠤᠭᠴᠢ᠄ ᠬᠠᠰᠴᠢᠮᠡᠭ
ᠬᠢᠨᠠᠭᠴᠢ᠄ ᠳ ᠪᠥᠬᠡᠴᠢᠯᠠᠭᠤ᠂ ᠱᠤᠳᠤᠷᠭᠤ᠂ ᠪᠠᠶᠠᠷᠴᠡᠴᠡᠭ
