ᠲᠦᠦᠷᠢᠮ᠎ᠡ ᠦᠭᠡᠢ ᠬᠣᠷᠸ᠎ᠠ - ᠭ· ᠴᠢᠩᠪᠠᠭᠠᠲᠤᠷ-Түүрамгүй хорвоо-Г·Чинбаатар ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠦᠦᠷᠢᠮ᠎ᠡ ᠦᠭᠡᠢ ᠬᠣᠷᠸ᠎ᠠ - ᠭ· ᠴᠢᠩᠪᠠᠭᠠᠲᠤᠷ-Түүрамгүй хорвоо-Г·Чинбаатар

ᠲᠦᠦᠷᠢᠮ᠎ᠡ ᠦᠭᠡᠢ ᠬᠣᠷᠸ᠎ᠠ - ᠭ· ᠴᠢᠩᠪᠠᠭᠠᠲᠤᠷ-Түүрамгүй хорвоо-Г·Чинбаатар

2024-07-02

617

ᠲᠦᠦᠷᠢᠮ᠎ᠡ ᠦᠭᠡᠢ ᠬᠣᠷᠸ᠎ᠠ①
      ᠭ· ᠴᠢᠩᠪᠠᠭᠠᠲᠤᠷ 
      ᠳᠦᠦᠷᠢᠮ᠎ᠡ ᠭᠡᠳᠡᠭ ᠰᠠᠢᠨ ᠴᠤ ᠬᠡᠦᠬᠡᠨ᠂ ᠰᠠᠢᠬᠠᠨ ᠴᠤ ᠬᠡᠦᠬᠡᠨ ᠦ᠌ ᠲᠤᠬᠠᠢ ᠳᠠᠭᠤᠤ ᠬᠡᠵᠢᠶ᠎ᠡ ᠡᠴᠡ ᠴᠦ᠍ ᠶᠦᠮ ᠪᠣᠢ ᠮᠣᠩᠭᠣᠯᠴᠤᠳ ᠤ᠋ᠨ ᠳᠤᠮᠳᠠ ᠳᠠᠭᠤᠯᠠᠭᠳᠠᠭᠰᠠᠭᠠᠷ ᠥᠨᠥ ᠳ᠋ᠦ᠍ ᠬᠦᠷᠴᠡᠢ᠃ ᠮᠣᠩᠭᠣᠯᠴᠤᠳ ᠰᠠᠢᠬᠠᠨ ᠬᠡᠦᠬᠡᠨ᠂ ᠭᠣᠶᠣ ᠬᠡᠦᠬᠡᠨ ᠡᠴᠡ ᠢᠯᠡᠭᠦᠦ ᠲᠡᠢ ᠪᠡᠷ ᠰᠠᠢᠨ ᠬᠡᠦᠬᠡᠨ᠂ ᠤᠬᠠᠭᠠᠨ ᠲᠠᠢ ᠬᠡᠦᠬᠡᠨ ᠭᠡᠵᠦ ᠶᠠᠷᠢᠳᠠᠭ ᠨᠢ ᠠᠭᠠᠯᠢ ᠵᠠᠩ᠂ ᠠᠵᠢᠯ ᠶᠠᠪᠤᠳᠠᠯ᠂ ᠤᠬᠠᠭᠠᠨ ᠰᠡᠭᠡᠭᠡ ᠶ᠋ᠢ ᠨᠢ ᠥᠩᠭᠡ ᠵᠢᠰᠦᠨ ᠡᠴᠡ ᠨᠢ ᠴᠢᠬᠤᠯᠠ ᠳ᠋ᠤ᠌ ᠦᠵᠡᠳᠡᠭ ᠦ᠋ᠨ ᠬᠢ ᠶᠦᠮ᠃ ᠲᠡᠢᠮᠦ ᠴᠦ᠍ ᠤᠴᠢᠷ ᠠ᠋ᠴᠠ《ᠵᠢᠰᠦᠨ ᠦ᠌ ᠰᠠᠢᠬᠠᠨ ᠠ᠋ᠴᠠ᠂ ᠵᠢᠷᠦᠬᠡᠨ ᠦ᠌ ᠰᠠᠢᠬᠠᠨ》 ᠭᠡᠰᠡᠨ ᠵᠦᠢᠲᠡᠢ ᠦᠭᠡ ᠭᠠᠷᠤᠭᠰᠠᠨ ᠠᠵᠢ!
      ᠦᠨᠡᠬᠡᠷ ᠴᠦ᠍ ᠳᠦᠦᠷᠢᠮ᠎ᠡ ᠰᠢᠭ ᠬᠡᠦᠬᠡᠨ ᠣᠳᠣ ᠪᠠᠢᠭ᠎ᠠ ᠪᠣᠯ ᠤᠤ? ᠬᠣᠷᠸ᠎ᠠ ᠶ᠋ᠢᠨ ᠪᠦᠬᠦ ᠡᠷᠡᠴᠦᠦᠯ ᠰᠠᠢᠬᠠᠨ ᠥᠩᠭᠡᠨ ᠳ᠋ᠦ᠍ ᠳᠤᠷᠠᠲᠠᠢ ᠨᠢ ᠦᠨᠡᠨ᠃ ᠭᠡᠲᠡᠯ᠎ᠡ ᠨᠠᠰᠤᠨ ᠤ᠋ ᠬᠠᠨᠢ ᠶ᠋ᠢᠨ ᠵᠠᠶᠠᠭ᠎ᠠ ᠬᠣᠯᠪᠣᠬᠤ ᠭᠡᠳᠡᠭ ᠳᠤᠷ᠎ᠠ ᠰᠢᠷ᠎ᠠ ᠪᠠᠷ ᠪᠣᠯᠬᠤ ᠤᠴᠢᠷ ᠪᠢᠰᠢ ᠪᠣᠯᠬᠣᠷ ᠳᠤᠯᠠᠢᠭᠰᠠᠨ ᠰᠠᠢᠬᠠᠨ ᠴᠢᠷᠠᠢ ᠲᠠᠢ ᠪᠠᠢᠯ᠎ᠠ ᠭᠡᠳ ᠳᠤᠨᠳᠠᠭᠤᠷᠬᠠᠨ ᠤᠬᠠᠭᠠᠨ ᠲᠠᠢ᠂ ᠲᠠᠪᠲᠤᠷ ᠦᠭᠡᠢ ᠠᠭᠠᠰᠢ ᠲᠠᠢ᠂ ᠠᠵᠢᠯ ᠦᠭᠡᠢ ᠫᠠᠳ᠂ ᠠᠭᠠᠯᠢ ᠦᠭᠡᠢ ᠶᠠᠭ ᠬᠡᠦᠬᠡᠨ ᠢ᠋ ᠭᠣᠯᠣᠬᠤ ᠦᠭᠡᠢ ᠭᠡᠵᠦ ᠦᠭᠡᠢ ᠰᠢᠦ ᠳᠡ! ᠴᠠᠭ ᠤ᠋ᠨ ᠥᠩᠭᠡ ᠶ᠋ᠢ ᠳᠠᠭᠠᠭᠰᠠᠨ ᠦᠨ᠎ᠡ ᠪᠡᠨ᠎ᠡ ᠲᠡᠢ ᠬᠤᠪᠴᠠᠰᠤ ᠵᠠᠰᠠᠯ ᠲᠠᠢ᠂ ᠭᠠᠵᠠᠷ ᠤ᠋ᠨ ᠵᠠᠢ ᠠ᠋ᠴᠠ ᠦᠨᠦᠷᠲᠦᠮ᠎ᠡ ᠰᠦᠷᠴᠢᠭ ᠬᠠᠩᠬᠤᠯᠤᠭᠤᠯᠤᠭᠰᠠᠨ ᠳᠠᠭᠢᠨᠢ ᠰᠢᠭ᠋ ᠭᠣᠶᠣᠬᠠᠨ ᠬᠡᠦᠬᠡᠨᠴᠦᠳ ᠳᠡᠷᠭᠡᠳᠡᠭᠦᠷ ᠳᠠᠩᠬᠢᠯᠵᠠᠵᠤ ᠥᠩᠭᠡᠷᠡᠬᠦ ᠳ᠋ᠦ᠍ ᠡᠷᠡᠴᠦᠦᠯ ᠪᠦᠷ ᠡᠷᠭᠢᠵᠦ ᠬᠠᠷᠠᠴᠢᠬᠠᠭᠠᠳ᠂《ᠥ ᠦᠭᠡᠢ ᠬᠥᠭᠡᠷᠦᠬᠦᠨ ᠲᠥᠷᠥᠭᠰᠡᠨ ᠪᠦᠰᠡᠭᠦᠢ᠁》 ᠭᠡᠵᠦ ᠨᠢᠳᠦ ᠪᠡᠨ ᠤᠨᠠᠭᠠᠴᠢᠬᠠᠮ᠎ᠠ ᠪᠣᠯᠳᠠᠭ᠃ ᠳᠦᠦᠷᠢᠮ᠎ᠡ ᠴᠤ ᠶᠤᠮ ᠤᠤ? ᠭᠡᠬᠦ ᠡᠴᠡ ᠰᠡᠳᠬᠢᠯ ᠬᠥᠪᠬᠢᠵᠦ ᠠᠪᠤᠨ᠎ᠠ᠃
      ᠠᠯᠤᠰ ᠬᠣᠯᠠ ᠶ᠋ᠢᠨ ᠭᠠᠵᠠᠷ ᠲᠤ
      ᠠᠮᠠᠷᠠᠭ ᠬᠡᠦᠬᠡᠨ ᠪᠠᠢᠳᠠᠭ
      ᠠᠯᠳᠠᠷ ᠨᠡᠷ᠎ᠡ ᠨᠢ ᠳᠦᠣᠷᠢᠮ᠎ᠡ
      ᠠᠢ ᠳᠦᠣᠷᠢᠮ᠎ᠡ ᠰᠠᠢᠬᠠᠨ ᠳᠦᠣᠷᠢᠮ᠎ᠡ ᠭᠡᠵᠦ ᠮᠣᠩᠭᠣᠯ ᠵᠠᠯᠠᠭᠤᠴᠤᠳ ᠲᠠᠢᠸᠠᠨ ᠤ᠋ ᠢᠨᠠᠭ ᠤ᠋ᠨ ᠳᠠᠭᠤᠤ ᠶ᠋ᠢ ᠮᠣᠩᠭᠣᠯᠴᠢᠯᠠᠨ ᠳᠠᠭᠤᠯᠠᠵᠠᠭᠠᠨ᠎ᠠ᠃
ᠭᠡᠪᠡᠴᠦ ᠡᠨᠡ ᠬᠣᠷᠸ᠎ᠠ ᠴᠢᠨᠢ ᠳᠦᠣᠷᠢᠮ᠎ᠡ ᠦᠭᠡᠢ ᠬᠣᠷᠸ᠎ᠠ ᠭᠡᠳᠡᠭ ᠢ᠋ ᠡᠷᠡᠴᠦᠦᠯ ᠶᠡᠬᠡ ᠬᠣᠵᠢᠭᠤ ᠤᠬᠠᠭᠠᠷᠠᠳᠠᠭ᠃《ᠠᠮᠵᠢᠯᠲᠠ ᠣᠯᠤᠭᠰᠠᠨ ᠡᠷᠡᠭᠲᠡᠢ ᠳ᠋ᠦ᠍ ᠤᠬᠠᠭᠠᠯᠢᠭ ᠪᠣᠯᠤᠭᠰᠠᠨ ᠪᠦᠰᠡᠭᠦᠢ ᠲᠦᠰᠢᠭ ᠪᠣᠯᠳᠠᠭ》ᠭᠡᠵᠦ ᠰᠣᠬᠣᠷ ᠢ᠋ᠶ᠋ᠠᠷ ᠢᠲᠡᠭᠡᠳᠡᠭ ᠨᠢ ᠪᠤᠷᠤᠭᠤ᠃ ᠵᠣᠷᠢᠭ ᠲᠡᠮᠡᠦᠯᠦᠭᠰᠡᠨ ᠵᠦᠢᠯ ᠳ᠋ᠡᠭᠡᠨ ᠰᠢᠭᠤᠳᠴᠤ ᠰᠢᠭᠢᠳᠷᠡᠬᠦ ᠳ᠋ᠦ᠍《ᠴᠢ ᠯᠡ ᠬᠢᠬᠦ ᠦᠭᠡᠢ ᠪᠣᠯ ᠠᠵᠢᠯ ᠪᠦᠷ ᠪᠦᠲᠦᠬᠦ ᠪᠡᠨ ᠪᠠᠢᠴᠢᠬᠠᠨ᠎ᠠ ᠤᠤ? ᠫᠥᠬᠥ ᠭᠡᠵᠦ ᠬᠡᠯᠡ! ᠥᠭᠡᠷ᠎ᠡ ᠬᠥᠮᠦᠨ ᠰᠡᠯᠡᠭᠦᠦ ᠰᠠᠭᠤᠭᠠᠳ ᠴᠤ ᠴᠢᠨᠦ ᠣᠯᠳᠠᠭ ᠢ᠋ ᠣᠯᠵᠤ ᠯᠠ ᠪᠠᠢᠨ᠎ᠠ᠁》 ᠭᠡᠵᠦ ᠶᠠᠩᠰᠢᠵᠤ ᠡᠬᠢᠯᠡᠳᠡᠭ᠃ ᠴᠠᠭᠠᠰᠢᠯᠠᠪᠠᠯ ᠠᠭᠤᠷᠯᠠᠬᠤ ᠶ᠋ᠢᠨ ᠢᠳᠡᠨ ᠳ᠋ᠡᠭᠡᠨ ᠬᠣᠭᠣᠯᠠ ᠴᠠᠢ ᠴᠦ᠍ ᠦᠭᠡᠢ᠂ ᠬᠣᠶᠠᠷ ᠭᠤᠷᠪᠠᠨ ᠡᠳᠦᠷ ᠢ᠋ᠶ᠋ᠡᠷ ᠬᠦᠢᠲᠡᠨ ᠴᠢᠷᠠᠢᠯᠠᠨ᠎ᠠ᠃ ᠡᠨᠡ ᠪᠦᠬᠦᠨ ᠢ᠋ ᠨᠢ ᠲᠡᠰᠴᠦ᠂ ᠳᠤᠭᠤᠢ ᠳᠣᠮᠪᠣᠢᠵᠤ᠂ ᠰᠠᠨᠠᠭᠰᠠᠨ ᠵᠣᠷᠢᠭᠰᠠᠨ ᠢ᠋ᠶ᠋ᠠᠨ ᠬᠢᠵᠦ ᠶᠠᠪᠤᠬᠤ ᠡᠷ᠎ᠡ ᠬᠥᠮᠦᠨ ᠦ᠌ ᠰᠡᠳᠬᠢᠯ ᠬᠡᠴᠢᠨᠡᠨ ᠴᠦ᠍ ᠠᠯᠭᠠᠰᠠᠭᠤ᠂ ᠳᠠᠩ ᠲᠤᠩ ᠲᠠᠢ ᠪᠠᠢᠳᠠᠭ ᠢ᠋ ᠲᠡᠳᠡ ᠮᠡᠳᠡᠳᠡᠭ ᠦᠭᠡᠢ᠂ ᠮᠡᠳᠡᠭᠰᠡᠨ ᠴᠦ᠍ ᠡᠢᠨ ᠬᠦ᠌ ᠵᠠᠯᠬᠠᠭᠠᠭᠰᠠᠨ ᠳ᠋ᠠᠭᠠᠨ ᠨᠢᠷᠤᠭᠤ ᠭᠡᠳᠡᠭᠡᠷ ᠶᠠᠪᠤᠨ᠎ᠠ᠃ ᠪᠣᠯᠵᠣᠭᠠᠨ ᠠ᠋ᠴᠠ ᠪᠠᠨ ᠪᠠᠭ᠎ᠠ ᠯᠠ ᠬᠣᠵᠢᠭᠳᠠᠬᠤ ᠳ᠋ᠤ᠌《ᠣᠷᠣᠢᠲᠠᠴᠢᠬᠠᠯ᠎ᠠ᠂ ᠬᠦᠯᠢᠶᠡᠯᠭᠡᠴᠢᠬᠡᠯ᠎ᠡ》ᠭᠡᠳ ᠦᠭᠡᠯᠡᠨ᠎ᠡ᠃ ᠱᠣᠭ ᠭᠠᠷᠭᠠᠵᠤ ᠠᠷᠭᠠᠳᠠᠬᠤ ᠳ᠋ᠤ᠌ ᠪᠦᠷ ᠠᠯᠲᠠᠨ ᠪᠥᠮᠪᠥᠭᠡ ᠪᠥᠮᠪᠥᠷᠢᠭᠦᠯᠵᠦ《ᠪᠠᠰᠠ ᠨᠠᠭᠠᠳᠤᠮ ᠬᠢᠬᠦ ᠰᠡᠳᠬᠢᠯ ᠲᠡᠢ᠁》 ᠭᠡᠵᠦ ᠭᠣᠮᠣᠳᠠᠯ ᠮᠡᠳᠡᠭᠦᠯᠦᠨ᠎ᠡ᠃ ᠪᠤᠰᠤᠳ ᠠᠪᠠᠭᠠᠢ ᠬᠡᠦᠬᠡᠨᠴᠦᠳ ᠦ᠋ᠨ ᠲᠤᠬᠠᠢ ᠵᠦᠭᠡᠷ ᠨᠢᠭᠡ ᠮᠠᠭᠲᠠᠵᠤ ᠶᠠᠷᠢᠬᠤ ᠳ᠋ᠤ᠌ ᠯᠠ ᠪᠢᠲᠡᠭᠦᠦ ᠤᠴᠠᠭᠠᠷᠯᠠᠵᠤ ᠴᠢᠷᠠᠢ ᠨᠢ ᠴᠡᠨᠳᠡᠢᠭᠡᠳ ᠢᠷᠡᠨ᠎ᠡ᠃ ᠬᠡᠨ ᠳ᠋ᠦ᠍ ᠭᠡᠰᠡᠨ ᠵᠣᠷᠢᠭᠤᠯᠤᠯᠲᠠ ᠦᠭᠡᠢ ᠢᠨᠠᠭ ᠤ᠋ᠨ ᠵᠣᠬᠢᠶᠠᠯ ᠪᠢᠴᠢᠴᠢᠬᠡᠪᠡᠯ 《ᠬᠡᠨ ᠳ᠋ᠦ᠍ ᠪᠢᠴᠢᠪᠡ? ᠨᠠᠳᠠ ᠶᠠᠭᠠᠬᠢᠭᠠᠳ ᠪᠢᠴᠢᠳᠡᠭ ᠦᠭᠡᠢ ᠶᠦᠮ ᠪᠣᠢ?》ᠭᠡᠵᠦ ᠬᠡᠯᠡ ᠠᠮᠠ ᠰᠤᠭᠤᠯᠴᠢᠬᠠᠮ᠎ᠠ ᠰᠢᠷᠭᠠᠭᠠᠵᠤ ᠭᠠᠷᠤᠨ᠎ᠠ᠃ ᠲᠠᠨᠢᠯ ᠪᠦᠰᠡᠭᠦᠢᠴᠦᠳ ᠲᠡᠭᠡᠨ ᠵᠠᠬᠢᠳᠠᠯ ᠪᠢᠴᠢᠬᠦ᠂ ᠤᠲᠠᠰᠤ ᠪᠠᠷ ᠶᠠᠷᠢᠬᠤ ᠳ᠋ᠤ᠌ ᠬᠢᠳᠡᠯ ᠢ᠋ᠶ᠋ᠡᠨ ᠮᠠᠷᠲᠠᠭᠠᠳ ᠴᠢᠩᠨᠠᠬᠤ᠂ ᠦᠭᠡᠢ ᠪᠣᠯ ᠦᠵᠡᠬᠦ ᠶᠦᠮ ᠭᠡᠳ ᠰᠦᠢᠳ ᠪᠣᠯᠤᠨ᠎ᠠ᠃ ᠪᠦᠰᠡᠭᠦᠢ ᠬᠥᠮᠦᠨ ᠴᠡᠪᠡᠷ ᠢᠴᠢᠮᠡᠲᠡᠭᠡᠢ᠂ ᠨᠠᠮᠤᠭᠤ ᠳᠠᠷᠤᠤ ᠭᠡᠳᠡᠭ ᠨᠢ ᠴᠦ᠍ ᠬᠤᠳᠠᠯ ᠪᠠᠢᠵᠤ᠂ ᠠᠯᠪᠠᠨ ᠭᠡᠷ᠂ ᠨᠡᠢᠲᠡ ᠶ᠋ᠢᠨ ᠲᠠᠯᠠᠪᠠᠢ ᠳ᠋ᠤ᠌ ᠬᠣᠪ ᠵᠢᠪ ᠭᠡᠳᠡᠭ ᠢ᠋ ᠴᠢᠨᠢ ᠳᠡᠯ ᠲᠡᠢ ᠰᠡᠭᠦᠯ ᠲᠡᠢ ᠨᠢ ᠶᠠᠷᠢᠵᠤ᠂ ᠳᠠᠭᠤ ᠨᠢ ᠥᠨᠳᠥᠷᠵᠢᠨ ᠮᠥᠷᠥ ᠳᠠᠯᠤ ᠪᠠᠨ ᠠᠯᠠᠭᠠᠳᠠᠯᠴᠠᠠ ᠬᠥᠭᠡᠷᠴᠦ ᠭᠠᠷᠤᠨ᠎ᠠ᠃《ᠡᠷᠡᠭᠲᠡᠢ ᠡᠮᠡᠭᠲᠡᠢ ᠡᠷᠬᠡ ᠲᠡᠭᠰᠢ》ᠭᠡᠳᠡᠭ ᠢ᠋ᠶ᠋ᠡᠷ ᠲᠦᠷᠢᠭᠡ ᠪᠠᠷᠢᠵᠤ ᠠᠷᠢᠬᠢ ᠤᠤᠭᠤᠨ᠎ᠠ᠂ ᠰᠣᠭᠲᠣᠨ᠎ᠠ᠂ ᠲᠠᠮᠠᠬᠢ ᠲᠠᠲᠠᠨ᠎ᠠ᠂ 
      ᠱᠠᠯᠢᠭ ᠮᠠᠷᠵᠠᠩ ᠦᠭᠡ ᠴᠤ ᠠᠢᠯᠠᠳᠤᠨ᠎ᠠ᠃ ᠶᠠᠭᠤᠲᠠᠢ ᠴᠤ ᠰᠠᠢᠬᠠᠨ ᠡᠷᠬᠡ ᠴᠢᠯᠥᠭᠡ ᠭᠡᠭᠴᠢ ᠨᠢ ᠪᠣᠢ᠂ ᠪᠦᠰᠡᠭᠦᠢᠴᠦᠳ ᠮᠢᠨᠢ! ᠡᠢᠮᠦ ᠯᠡ ᠪᠣᠯᠬᠣᠷ ᠨᠥᠬᠥᠷ ᠨᠢ ᠤᠢᠳᠴᠤ ᠬᠠᠢᠷ᠎ᠠ ᠨᠢ ᠬᠥᠷᠥᠬᠦ ᠪᠡᠷ《ᠮᠠᠭᠤ ᠰᠠᠢᠨ ᠡᠷᠡᠴᠦᠦᠯ ᠳ᠋ᠦ᠍ ᠣᠯᠢᠭᠲᠠᠢ ᠶᠠᠭᠤᠮ᠎ᠠ ᠦᠭᠡᠢ᠁》ᠭᠡᠮᠡᠨ ᠢᠷᠪᠠᠢᠢᠯᠴᠠᠨ᠎ᠠ᠃ ᠥᠪᠡᠷ ᠲᠦ᠍ ᠨᠢ ᠴᠢᠩ ᠰᠡᠳᠬᠢᠯ ᠡᠴᠡ ᠪᠡᠨ ᠳᠤᠷᠠᠯᠠᠵᠤ ᠲᠡᠮᠡᠦᠯᠦᠭᠰᠡᠨ ᠡᠷ᠎ᠡ ᠬᠥᠮᠦᠨ ᠢ᠋ ᠦᠬᠡᠨᠴᠡ ᠠᠮᠢᠲᠠᠨ》ᠭᠡᠵᠦ ᠳᠡᠭᠡᠭᠦᠷ ᠬᠠᠷᠠᠨ ᠰᠢᠷᠪᠢ ᠲᠠᠲᠠᠳᠠᠭ ᠬᠢᠷᠢ ᠨᠢ ᠪᠦᠲᠦᠯ ᠦᠭᠡᠢ ᠰᠠᠪᠰᠠᠭᠠᠨᠠᠭᠰᠠᠨ ᠨᠢᠭᠡ ᠶ᠋ᠢ ᠨᠢ ᠪᠣᠯ ᠳᠤᠷᠠᠲᠠᠢ ᠳᠠᠭᠠᠭᠠᠳ ᠳᠡᠷᠪᠡᠨ᠎ᠡ᠃ ᠦᠶᠡᠷᠬᠡᠵᠦ ᠪᠠᠢᠬᠤ ᠳ᠋ᠠᠭᠠᠨ《ᠬᠠᠢᠷᠠᠲᠠᠢ᠂ ᠳᠤᠷᠠᠲᠠᠢ》ᠭᠡᠵᠦ ᠡᠷᠡᠦ ᠪᠡᠨ ᠰᠠᠯᠲᠠᠯ᠎ᠠ ᠪᠠᠨ ᠠᠮᠠᠯᠠᠵᠤ ᠶᠠᠪᠤᠭᠰᠠᠨ ᠪᠠᠢᠲᠠᠯ᠎ᠠ ᠪᠠᠨ ᠬᠤᠷᠢᠮ ᠬᠢᠬᠦ ᠦᠶ᠎ᠡ ᠳ᠋ᠡᠭᠡᠨ ᠠᠯᠲᠠᠨ ᠵᠠᠰᠠᠯ᠂ ᠠᠰᠠᠷ ᠪᠠᠢᠰᠢᠩ ᠭᠡᠵᠦ ᠬᠠᠳᠠᠮ ᠤ᠋ᠨ ᠢ᠋ᠶ᠋ᠠᠨ ᠲᠣᠯᠣᠭᠠᠢ ᠶ᠋ᠢ ᠡᠪᠡᠳᠬᠡᠬᠦ ᠦᠭᠡᠢ ᠪᠣᠯ ᠵᠠᠷᠢᠮ ᠳ᠋ᠠᠭᠠᠨ ᠬᠠᠳᠠᠮ ᠠᠪᠤ ᠡᠵᠢ ᠳ᠋ᠡᠭᠡᠨ ᠨᠢᠳᠦ ᠦᠵᠦᠭᠦᠷᠯᠡᠵᠦ ᠡᠷ᠎ᠡ ᠨᠥᠬᠥᠷ ᠦ᠋ᠨ ᠢ᠋ᠶ᠋ᠡᠨ ᠵᠢᠷᠦᠬᠡᠨ ᠳ᠋ᠦ᠍ ᠰᠢᠷ᠎ᠠ ᠤᠰᠤ ᠳᠤᠰᠤᠭᠠᠨ᠎ᠠ᠃ ᠬᠠᠶᠠ ᠨᠢᠭᠡ ᠦ ᠳᠤᠲᠠᠭᠳᠠᠯ ᠢ᠋ ᠨᠢ ᠰᠠᠨᠠᠭᠤᠯᠤᠭᠠᠳ ᠠᠪᠬᠤ ᠳ᠋ᠤ᠌᠂ ᠲᠡᠭᠡᠪᠡᠯ ᠴᠢ ᠲᠡᠢᠮᠦ ᠬᠥᠮᠦᠨ ᠲᠡᠢ ᠪᠡᠨ ᠠᠮᠢᠳᠤᠷᠠᠨ᠎ᠠ ᠪᠢᠵᠡ! ᠶᠠᠭᠤ ᠭᠡᠵᠦ ᠨᠠᠮᠠᠶ᠋ᠢ ᠨᠣᠬᠠᠢ ᠰᠢᠭ᠋ ᠰᠡᠭᠦᠯᠳᠡᠭᠡᠳ ᠪᠠᠢᠭᠰᠠᠨ ᠪᠣᠢ?》 ᠭᠡᠵᠦ ᠠᠭᠰᠤᠷᠤᠨ᠎ᠠ᠃ ᠪᠤᠬᠢᠨᠢᠳᠤᠵᠤ ᠪᠤᠳᠤᠯᠢᠵᠤ ᠰᠠᠭᠤᠬᠤ ᠳ᠋ᠤ᠌ ᠪᠤᠢ  ᠊ᠶ᠎ᠠ  ᠭᠡᠮᠡᠨ ᠭᠣᠷᠢᠳᠠᠬᠤ ᠳ᠋ᠤ᠌ ᠬᠠᠷᠢᠨ《ᠤᠷᠤᠭᠤ ᠴᠢᠷᠠᠢᠯᠠᠭᠠᠳ ᠥᠭᠡᠳᠡ ᠦᠭᠡᠢ ᠭᠡᠳᠡᠭ ᠨᠢ᠂ ᠡᠷ᠎ᠡ ᠬᠥᠮᠦᠨ ᠦ᠌ ᠰᠢᠨᠵᠢ ᠦᠭᠡᠢ᠁》ᠭᠡᠵᠦ ᠡᠭᠡᠭᠡ ᠡᠷ᠎ᠡ ᠬᠥᠮᠦᠨ ᠭᠡᠳᠡᠭ ᠨᠢ ᠵᠣᠪᠠᠵᠤ ᠰᠢᠨᠠᠯᠬᠤ ᠶ᠋ᠢ ᠮᠡᠳᠡᠳᠡᠭ ᠦᠭᠡᠢ ᠴᠢᠯᠠᠭᠤᠨ ᠵᠢᠷᠦᠬᠡ᠂ ᠬᠠᠳᠠᠨ ᠪᠡᠶ᠎ᠡ ᠲᠡᠢ ᠰᠢᠭ ᠰᠠᠨᠠᠨ᠎ᠠ᠃ ᠲᠥᠷᠥᠭᠰᠡᠨ ᠡᠳᠦᠷ᠂ ᠬᠠᠢᠷ᠎ᠠ ᠶ᠋ᠢᠨ ᠪᠠᠶᠠᠷ᠂ ᠬᠤᠷᠢᠮ ᠤ᠋ᠨ ᠳᠤᠷᠠᠰᠬᠠᠯ ᠢ᠋ᠶ᠋ᠠᠨ ᠮᠠᠷᠲᠠᠪᠠᠯ ᠪᠥᠭᠡᠮ ᠭᠣᠮᠣᠳᠠᠯ ᠪᠣᠯᠵᠤ ᠨᠠᠮᠠᠶ᠋ᠢ ᠬᠡᠷᠡᠭ ᠡᠴᠡ ᠭᠠᠷᠭᠠᠯ᠎ᠠ ᠭᠡᠵᠦ ᠲᠣᠨᠢᠷᠬᠠᠨ᠎ᠠ᠃ ᠤᠷᠮ᠎ᠠ ᠦᠭᠡᠢ ᠪᠠᠢᠬᠤ ᠳ᠋ᠤ᠌ ᠨᠢ ᠬᠠᠯᠠᠮᠵᠢᠯᠠᠵᠤ ᠠᠰᠠᠭᠤᠪᠠᠯ《ᠶᠠᠭᠠᠬᠢᠭ᠎ᠠ ᠴᠤ ᠦᠭᠡᠢ᠂ ᠴᠢᠮᠠᠲᠤ ᠳᠠᠯᠵᠢ ᠦᠭᠡᠢ》ᠭᠡᠵᠦ ᠬᠥᠬᠡ ᠴᠢᠷᠠᠢᠯᠠᠨ᠎ᠠ᠃ ᠲᠠᠨᠢᠯ ᠠᠬ᠎ᠠ ᠳᠡᠭᠦᠦ ᠲᠡᠢ ᠪᠡᠨ ᠠᠭᠤᠯᠵᠠᠵᠤ ᠪᠠᠭ᠎ᠠ ᠣᠷᠣᠢᠲᠠᠬᠤ ᠳ᠋ᠤ᠌᠂《ᠴᠢ ᠪᠠᠰᠠ ᠭᠡᠷ ᠲᠡᠭᠡᠨ ᠢᠷᠡᠬᠦ ᠶᠦᠮ ᠤᠤ? ᠨᠠᠢᠷᠯᠠᠭᠠᠳ ᠶᠠᠪᠤᠨ᠎ᠠ ᠪᠢᠵᠡ!》ᠭᠡᠵᠦ ᠶᠠᠷᠳᠠᠭᠯᠠᠨ᠎ᠠ᠃ ᠡᠨᠡ ᠪᠦᠬᠦ ᠤᠴᠢᠷ ᠨᠠᠴᠢᠷ ᠨᠢ ᠣᠯᠳᠠᠬᠤ ᠦᠭᠡᠢ ᠤᠴᠠᠭᠠᠷ ᠤᠨᠲᠤᠭᠤ᠂ ᠦᠭᠡᠯᠡᠯ ᠶᠠᠩᠰᠢᠶ᠎ᠠ ᠶ᠋ᠢ ᠨᠢ ᠲᠡᠰᠴᠦ ᠡᠷ᠎ᠡ ᠬᠥᠮᠦᠨ ᠵᠦᠳᠡᠷᠡᠨ᠎ᠡ᠃ ᠠᠵᠢᠯ ᠦᠢᠯᠡᠰ᠂ ᠬᠦᠰᠡᠯ ᠵᠣᠷᠢᠯ᠂ ᠨᠠᠢᠵᠠ ᠨᠥᠬᠥᠳ᠁ ᠬᠣᠢᠰᠢ ᠲᠠᠯᠪᠢᠭᠳᠠᠨ᠎ᠠ᠃ ᠳᠦᠣᠷᠢᠮ᠎ᠡ ᠡᠢᠮᠦ ᠭᠡᠵᠢ ᠤᠤ? ᠯᠠᠪ ᠡᠢᠮᠦ ᠪᠢᠰᠢ᠂ ᠬᠥᠮᠦᠨ ᠦ᠌ ᠰᠠᠢᠬᠠᠨ ᠬᠠᠨᠢ ᠪᠠᠢᠬᠤ ᠶᠣᠰᠣᠲᠠᠢ! ᠡᠷᠡᠴᠦᠦᠯ ᠢᠩᠭᠢᠵᠦ ᠲᠥᠰᠦᠭᠡᠯᠡᠬᠦ ᠲᠣᠰᠤᠮ ᠢ᠋ᠶ᠋ᠠᠨ ᠳᠦᠣᠷᠢᠮ᠎ᠡ ᠶ᠋ᠢ ᠦᠭᠡᠢᠯᠡᠨ᠎ᠡ᠄
       ᠠᠯᠤᠰ ᠬᠣᠯᠠ ᠶ᠋ᠢᠨ ᠭᠠᠵᠠᠷ ᠲᠤ
       ᠠᠮᠠᠷᠠᠭ ᠬᠡᠦᠬᠡᠨ ᠪᠠᠢᠳᠠᠭ
       ᠠᠯᠳᠠᠷ ᠨᠡᠷ᠎ᠡ ᠨᠢ ᠳᠦᠦᠷᠢᠮ᠎ᠡ
       ᠠᠢ ᠳᠦᠦᠷᠢᠮ᠎ᠡ ᠰᠠᠢᠬᠠᠨ ᠳᠦᠦᠷᠢᠮ᠎ᠡ᠁
      ᠮᠣᠩᠭᠣᠯ ᠡᠮᠡᠭᠲᠡᠢᠴᠦᠳ ᠦ᠋ᠨ ᠠᠵᠢᠯᠴᠢ ᠬᠥᠳᠡᠯᠮᠦᠷᠢᠴᠢ᠂ ᠠᠷᠪᠢᠴᠢ ᠭᠠᠮᠴᠢ᠂ ᠨᠣᠮᠣᠬᠠᠨ ᠳᠥᠯᠭᠡᠨ᠂ ᠠᠭᠤᠵᠢᠭᠤ ᠪᠠᠭᠲᠠᠭᠠᠮᠵᠢ᠂ ᠤᠬᠠᠭᠠᠨ ᠰᠠᠮᠪᠠᠭ᠎ᠠ᠂ ᠤᠷᠠᠨ ᠴᠡᠴᠡᠨ᠂ ᠦᠨᠡᠨᠴᠢ ᠴᠢᠬᠡᠴᠢ ᠶ᠋ᠢ ᠭᠠᠢᠬᠠᠨ ᠪᠢᠴᠢᠭᠰᠡᠨ ᠲᠡᠮᠳᠡᠭᠯᠡᠯ ᠣᠯᠠᠨ ᠪᠣᠢ᠃ ᠠᠯᠤᠨ ᠭᠤᠸ᠎ᠠ ᠡᠵᠢ᠂ ᠥᠭᠡᠯᠦᠨ ᠡᠵᠢ᠂ ᠮᠠᠨᠳᠤᠬᠠᠢ ᠭᠡᠵᠦ ᠲᠡᠦᠬᠡᠨ ᠳᠡᠭᠡᠷᠡᠬᠢ ᠰᠤᠤᠲᠤ ᠡᠬᠡᠴᠦᠦᠯ ᠢ᠋ ᠳᠤᠷᠠᠳᠬᠤ ᠦᠭᠡᠢ ᠴᠦ᠍ ᠭᠡᠰᠡᠨ ᠠᠢᠯ ᠭᠡᠷ ᠢ᠋ᠶ᠋ᠡᠨ ᠥᠭᠡᠳᠡ ᠨᠢ ᠲᠠᠲᠠᠵᠤ᠂ ᠬᠡᠦᠬᠡᠳ ᠠᠴᠢᠷ ᠢ᠋ᠶ᠋ᠠᠨ ᠤᠬᠠᠭᠠᠯᠢᠭ ᠥᠰᠬᠡᠵᠦ᠂ ᠬᠠᠨᠢ ᠨᠥᠬᠥᠷ ᠲᠡᠭᠡᠨ ᠬᠠᠢᠷ᠎ᠠ ᠶ᠋ᠢᠨ ᠳᠤᠯᠠᠭᠠᠨ ᠲᠦᠰᠢᠭ ᠪᠣᠯᠵᠤ᠂ ᠠᠬᠠᠮᠠᠳ ᠨᠠᠰᠤᠲᠠᠳ ᠢ᠋ᠶ᠋ᠠᠨ ᠬᠦᠨᠳᠦᠯᠡᠨ ᠠᠰᠠᠷᠠᠵᠤ ᠶᠠᠪᠤᠳᠠᠭ ᠢ᠋ ᠪᠢᠳᠡᠨ ᠦ᠌ ᠡᠵᠢ ᠶ᠋ᠢᠨ ᠦᠶ᠎ᠡ ᠶ᠋ᠢᠨ ᠪᠦᠰᠡᠭᠦᠢᠴᠦᠦᠯ ᠴᠦ᠍ ᠬᠠᠷᠠᠭᠤᠯᠵᠤ ᠪᠠᠢᠭ᠎ᠠ ᠪᠢᠰᠢ ᠤᠤ? ᠭᠡᠪᠡᠴᠦ ᠡᠨᠡ ᠪᠦᠬᠦ ᠤᠯᠠᠮᠵᠢᠯᠠᠯ ᠢ᠋ ᠥᠨᠥ ᠶ᠋ᠢᠨ ᠮᠣᠩᠭᠣᠯ ᠪᠦᠰᠡᠭᠦᠢᠴᠦᠳ ᠦ᠋ᠨ ᠪᠡᠶ᠎ᠡ ᠡᠴᠡ ᠣᠯᠵᠤ ᠬᠠᠷᠠᠵᠤ ᠴᠢᠳᠠᠨ᠎ᠠ ᠤᠤ? ᠪᠢᠳᠡᠨ ᠦ᠌ ᠰᠡᠳᠬᠢᠯ ᠳ᠋ᠡᠬᠢ ᠳᠦᠦᠷᠢᠮ᠎᠎ᠡ ᠰᠢᠭ᠌ ᠬᠡᠦᠬᠡᠨ ᠬᠠᠮᠢᠭ᠎ᠠ ᠪᠠᠢᠨ᠎ᠠ? ᠡᠵᠢ ᠨᠢ ᠡᠷᠲᠡ ᠪᠣᠰᠴᠢᠬᠠᠭᠠᠳ ᠬᠣᠨᠢ ᠮᠠᠯ᠂ ᠴᠠᠢ ᠴᠦᠢ ᠭᠡᠵᠦ ᠶᠠᠭᠠᠷᠠᠵᠤ ᠪᠠᠢᠬᠤ ᠳ᠋ᠤ᠌《ᠳᠠᠭᠢᠨᠢᠰ》 ᠮᠠᠨᠢ ᠬᠠᠯᠠᠭᠤᠨ ᠬᠥᠨᠵᠢᠯᠡ ᠳ᠋ᠡᠭᠡᠨ ᠬᠤᠷᠬᠢᠷᠠᠵᠤ ᠪᠠᠢᠳᠠᠭ᠃ ᠰᠢᠩᠭᠡᠭ ᠲᠡᠢ ᠭᠡᠳ ᠬᠣᠨᠢ ᠮᠠᠯ ᠤ᠋ᠨ ᠬᠠᠰᠢᠶ᠎ᠠ ᠰᠠᠷᠠᠪᠴᠢ ᠠ᠋ᠴᠠ ᠵᠢᠭᠤᠲᠠᠬᠤ ᠨᠢ ᠬᠣᠯᠠ ᠦᠭᠡᠢ ᠴᠠᠷᠪᠠᠨ᠎ᠠ᠂ ᠮᠠᠭᠤᠬᠠᠢ ᠭᠡᠳ ᠮᠣᠩᠭᠣᠯ ᠵᠠᠰᠠᠯ ᠢ᠋ᠶ᠋ᠠᠨ ᠭᠣᠯᠣᠨ᠎ᠠ᠃ ᠲᠡᠭᠡᠭᠰᠡᠨ ᠬᠢᠷᠢ ᠨᠢ ᠮᠠᠷᠢᠶ᠎ᠠ ᠰᠢᠭᠤᠷᠠᠭᠤᠯᠬᠤ᠂ ᠭᠡᠳᠡᠰᠦ ᠪᠡᠨ ᠨᠠᠷᠢᠰᠬᠠᠬᠤ᠂ ᠥᠭᠡᠵᠡᠭ ᠢ᠋ᠶ᠋ᠡᠨ ᠪᠠᠭᠠᠰᠬᠠᠬᠤ᠂ ᠴᠡᠭᠡᠵᠢ ᠪᠡᠨ ᠭᠦᠳᠦᠢᠯᠭᠡᠬᠦ᠂ ᠴᠢᠷᠠᠢ ᠪᠠᠨ ᠴᠠᠭᠠᠷᠠᠭᠤᠯᠬᠤ᠂ ᠠᠲᠤᠷᠢᠶ᠎ᠠ ᠪᠠᠨ ᠲᠡᠨᠢᠢᠯᠭᠡᠬᠦ᠂ ᠲᠣᠯᠢᠨ ᠤ᠋ ᠡᠮᠦᠨ᠎ᠡ ᠬᠠᠭᠠᠰ ᠡᠳᠦᠷ ᠨᠠᠮᠪᠠᠭᠠᠯᠠᠨ ᠵᠣᠭᠰᠣᠬᠤ᠂ ᠡᠳᠦᠷ ᠠᠯᠭᠠᠰᠠᠯ ᠦᠭᠡᠢ ᠪᠥᠵᠢᠭ ᠲᠠᠨᠼ ᠲᠤ᠌ ᠭᠦᠶᠦᠬᠦ᠁ ᠭᠡᠬᠦᠴᠢᠯᠡᠨ ᠪᠣᠷᠪᠢ ᠪᠣᠬᠢᠰᠬᠢᠯ ᠦᠭᠡᠢ ᠴᠠᠭᠠᠷᠠᠵᠤ ᠪᠠᠢᠳᠠᠭ ᠢ᠋ ᠶᠠᠭᠠᠬᠢᠶ᠎ᠠ ᠭᠡᠬᠦ ᠪᠣᠢ! ᠡᠨᠡ ᠨᠢ ᠲᠡᠭᠡᠭᠡᠳ ᠪᠠᠰᠠ ᠨᠥᠬᠥᠷ ᠦ᠋ᠨ ᠢ᠋ᠶ᠋ᠡᠨ ᠲᠥᠯᠥᠭᠡ ᠶᠦᠮ ᠭᠡᠨ᠎ᠡ᠃ ᠠᠢ ᠳᠠ᠂ ᠲᠠ ᠨᠠᠷ ᠮᠢᠨᠢ ᠪᠡᠶ᠎ᠡ ᠪᠡᠨ ᠵᠠᠰᠠᠬᠤ ᠪᠠᠷ᠂ ᠤᠬᠠᠭᠠᠨ ᠢ᠋ᠶ᠋ᠠᠨ ᠵᠠᠰᠠᠭᠠᠴᠢ ᠳᠠ! ᠭᠡᠷ ᠲᠤᠨᠢ ᠠᠢᠯᠴᠢᠨ ᠭᠡᠢᠴᠢᠨ ᠢᠷᠡᠬᠦ ᠳ᠋ᠦ᠍ ᠰᠠᠢᠨ ᠤᠤ᠂ ᠮᠡᠨᠳᠦ ᠤᠤ ᠴᠦ᠍ ᠦᠭᠡᠢ ᠳᠡᠯᠢᠭᠦᠨ ᠴᠢᠷᠠᠢ ᠲᠠᠢ ᠵᠦᠯᠴᠡᠢᠨ᠎ᠡ᠃ ᠠᠬᠠᠮᠠᠳ ᠨᠠᠰᠤᠲᠠᠢ ᠬᠥᠮᠦᠨ ᠢ᠋ ᠴᠦ᠍《ᠴᠢ》 ᠭᠡᠴᠢᠬᠡᠭᠰᠡᠨ ᠂ ᠡᠰᠡᠬᠦᠯ᠎ᠡ ᠣᠷᠣᠨ ᠳᠡᠭᠡᠷ᠎ᠡ ᠪᠡᠨ ᠠᠯᠴᠠᠢᠭᠠᠳ ᠬᠡᠪᠲᠡᠴᠢᠬᠡᠭᠰᠡᠨ ᠴᠣᠬᠣᠮ ᠴᠤ᠌《ᠪᠢ ᠭᠡᠷ ᠲᠡᠭᠡᠨ ᠪᠠᠢᠨ᠎ᠠ》 ᠰᠢᠦᠬᠡᠨ ᠲᠠᠲᠠᠪ ᠴᠤ ᠦᠭᠡᠢ ᠪᠠᠢᠬᠤ ᠶᠤᠮ!  
      ᠠᠷᠠᠳ ᠤᠨ ᠦᠭᠡᠨ ᠳ᠋ᠦ᠍《ᠡᠬᠡᠨᠡᠷ ᠦ᠋ᠨ ᠮᠠᠭᠤ ᠪᠠᠷ ᠳᠣᠷᠣᠢᠲᠠᠵᠤ᠂ ᠡᠮᠴᠢ ᠶ᠋ᠢᠨ ᠮᠠᠭᠤ ᠪᠠᠷ ᠦᠬᠦᠨ᠎ᠡ》 ᠭᠡᠳᠡᠭ᠃ ᠦᠨᠡᠬᠡᠷ ᠴᠦ᠍ ᠭᠡᠷ ᠲᠡᠷᠭᠡ ᠪᠡᠨ ᠴᠡᠪᠡᠷᠯᠡᠬᠦ ᠦᠭᠡᠢ᠂ ᠬᠡᠦᠬᠡᠳ ᠰᠢᠤᠬᠠᠳ ᠢ᠋ᠶ᠋ᠠᠨ ᠳᠣᠳᠣᠮᠳᠠᠬᠤ ᠦᠭᠡᠢ᠂ ᠬᠠᠭᠵᠠᠷᠬᠠᠢ ᠤᠳᠠᠷᠬᠠᠢ ᠪᠠᠨ ᠣᠶᠣᠵᠤ ᠲᠣᠪᠬᠢᠬᠤ ᠦᠭᠡᠢ᠂ ᠨᠣᠮ ᠪᠢᠴᠢᠭ ᠴᠦ᠍ ᠤᠩᠰᠢᠬᠤ ᠦᠭᠡᠢ ᠮᠥᠷᠳᠡᠯ᠎ᠡ ᠪᠡᠨ ᠭᠤᠶᠤᠵᠤ ᠭᠣᠣᠳᠠᠬᠤ ᠳ᠋ᠤ᠌ ᠠᠯᠢᠪᠠ ᠪᠠᠨ ᠵᠣᠷᠢᠭᠤᠯᠤᠭᠰᠠᠨ ᠪᠦᠰᠡᠭᠦᠢᠴᠦᠳ ᠲᠦ᠍ ᠶᠠᠮᠠᠷ ᠬᠥᠮᠦᠨ ᠡᠭᠡᠯᠢ ᠲᠡᠢ ᠪᠠᠢᠵᠤ ᠴᠢᠳᠠᠳᠠᠭ ᠶᠤᠮ ᠪᠣᠢ? ᠳᠤᠯᠠᠢᠲᠠᠯ᠎ᠠ ᠵᠠᠰᠠᠴᠢᠬᠠᠭᠠᠳ ᠭᠢᠯᠠᠢᠲᠠᠯ᠎ᠠ ᠡᠮᠦᠰᠴᠢᠬᠡᠭᠡᠳ ᠶᠠᠪᠤᠵᠤ ᠪᠣᠢ ᠪᠦᠰᠡᠭᠦᠢᠴᠦᠳ ᠢ᠋ ᠶᠠᠷᠢᠶᠠᠨ ᠦᠭᠡᠢ ᠡᠷᠡᠴᠦᠦᠯ ᠢᠯᠡᠭᠦᠦ ᠬᠡᠳᠦ ᠬᠠᠷᠠᠳᠠᠭ᠃ ᠬᠠᠷᠢᠨ ᠢᠩᠭᠢᠬᠦ ᠳ᠋ᠦ᠍ᠨᠢ《ᠬᠥᠮᠦᠨ ᠨᠠᠮᠠᠶ᠋ᠢ ᠪᠠᠬᠠᠷᠬᠠᠵᠤ ᠪᠠᠢᠨ᠎ᠠ》 ᠭᠡᠵᠦ ᠪᠢᠲᠡᠭᠡᠢ ᠯᠡ ᠪᠠᠶᠠᠷᠯᠠᠭᠠᠷᠠᠢ! ᠡᠷᠡᠴᠦᠦᠯ ᠶᠠᠩᠬᠠᠨ ᠢ᠋ ᠴᠤ ᠲᠡᠭᠡᠵᠦ ᠬᠠᠷᠠᠳᠠᠭ ᠰᠢᠦ ᠳᠡ᠃ ᠬᠠᠷᠢᠨ ᠴᠢᠩ ᠰᠡᠳᠬᠢᠯ ᠦ᠋ᠨ ᠪᠠᠬᠠᠷᠬᠠᠯ᠂ ᠦᠨᠡᠨᠴᠢ ᠲᠡᠮᠡᠦᠯᠦᠯ ᠪᠢᠰᠢ ᠶᠦᠮ᠃《ᠰᠠᠢᠬᠠᠨ ᠲᠥᠷᠥᠭᠰᠡᠨ ᠢ᠋ ᠨᠢ ᠢᠯᠡᠭᠦᠦ ᠬᠡᠳᠦ ᠬᠠᠷᠠᠳᠠᠭ ᠪᠣᠯᠪᠠᠴᠤ ᠬᠡᠲᠦᠷᠬᠡᠢ ᠮᠠᠭᠤᠬᠠᠢ ᠶ᠋ᠢ ᠨᠢ ᠨᠡᠩ ᠢᠯᠡᠭᠦᠦ ᠬᠠᠷᠠᠳᠠᠭ》 ᠭᠡᠰᠡᠨ ᠦᠭᠡ ᠪᠠᠢᠳᠠᠭ ᠢ᠋ ᠰᠠᠨᠠᠭᠠᠷᠠᠢ!
      ᠪᠦᠰᠡᠭᠦᠢᠴᠦᠳ ᠭᠡᠷ ᠲᠡᠭᠡᠨ ᠪᠠᠢᠬᠤ ᠳ᠋ᠠᠭᠠᠨ ᠵᠠᠰᠠᠵᠤ ᠭᠣᠣᠳᠠᠬᠤ ᠦᠭᠡᠢ᠂ ᠦᠰᠦ ᠭᠡᠵᠢᠭᠡ ᠪᠡᠨ ᠳᠣᠳᠣᠮᠳᠠᠬᠤ ᠦᠭᠡᠢ᠂ ᠬᠤᠪᠴᠠᠰᠤ ᠬᠤᠨᠠᠷ ᠢ᠋ᠶ᠋ᠠᠨ ᠶᠠᠩᠵᠤᠯᠠᠬᠤ ᠦᠭᠡᠢ ᠬᠢᠷᠢ ᠨᠢ ᠡᠭᠦᠳᠡ ᠭᠠᠷᠬᠤ ᠪᠣᠯᠤᠭᠰᠠᠭᠠᠷ ᠯᠠ ᠪᠣᠳᠣᠵᠤ ᠵᠢᠷᠤᠵᠤ ᠡᠬᠢᠯᠡᠳᠡᠭ ᠨᠢ ᠥᠭᠡᠷ᠎ᠡ ᠡᠷᠡᠴᠦᠦᠯ ᠳ᠋ᠦ᠍ ᠬᠠᠷᠠᠭᠤᠯᠬᠤ ᠯᠠ ᠵᠣᠷᠢᠭᠤᠯᠤᠯᠲᠠ ᠲᠠᠢ ᠶᠤᠮ᠃ ᠲᠡᠭᠡᠵᠦ ᠬᠡᠳᠦᠨ ᠰᠠᠢᠬᠠᠨ ᠮᠠᠭᠲᠠᠭᠠᠯ ᠰᠣᠨᠣᠰᠴᠢᠬᠠᠪᠠᠯ ᠰᠢᠬᠢᠷ ᠡᠮᠬᠦᠭᠰᠡᠨ ᠬᠡᠦᠬᠡᠳ ᠰᠢᠭ ᠪᠠᠶᠠᠷᠯᠠᠴᠢᠬᠠᠳᠠᠭ ᠨᠢ ᠬᠥᠭᠡᠷᠦᠬᠦᠢ ᠮᠥᠷᠲᠡᠭᠡᠨ ᠲᠡᠨᠡᠭ ᠦ᠋ᠨ ᠬᠢ᠃ ᠦᠨᠡᠬᠡᠷ ᠨᠥᠬᠥᠷ ᠲᠡᠭᠡᠨ ᠬᠠᠢᠷᠠᠲᠠᠢ᠂ ᠨᠥᠬᠥᠷ ᠢ᠋ᠶ᠋ᠡᠨ ᠪᠠᠶᠠᠷᠯᠠᠭᠤᠯᠵᠤ᠂ ᠬᠠᠢᠷ᠎ᠠ ᠶ᠋ᠢ ᠨᠢ ᠠᠰᠠᠭᠠᠵᠤ ᠶᠠᠪᠤᠶ᠎ᠠ ᠭᠡᠪᠡᠯ ᠭᠡᠷ ᠲᠡᠭᠡᠨ ᠪᠠᠢᠬᠤ ᠳ᠋ᠠᠭᠠᠨ ᠴᠤ᠌ ᠴᠡᠮᠴᠡᠭᠡᠷ ᠪᠠᠢᠵᠤ ᠰᠤᠷᠤᠭᠠᠴᠢ! ᠬᠠᠷᠢᠨ ᠡᠨᠡ ᠪᠦᠬᠦᠨ ᠢ᠋ ᠣᠮᠲᠣᠭᠠᠢᠯᠠᠳᠠᠭ ᠠ᠋ᠴᠠ ᠴᠢᠨᠢ ᠪᠣᠯᠤᠭᠠᠳ ᠨᠥᠬᠥᠷ ᠦ᠋ᠨ ᠲᠠᠨᠢ ᠬᠠᠢᠷ᠎ᠠ ᠨᠢ ᠬᠥᠷᠥᠳᠡᠭ᠂ ᠳᠤᠷ᠎ᠠ ᠨᠢ ᠬᠠᠷᠢᠳᠠᠭ᠂ ᠥᠷᠥᠭᠡᠯ ᠦ᠋ᠨ ᠪᠦᠰᠡᠭᠦᠢ ᠰᠠᠢᠬᠠᠨ ᠬᠠᠷᠠᠭᠳᠠᠬᠤ ᠪᠣᠯᠳᠠᠭ᠃
      ᠴᠡᠪᠡᠷ ᠴᠢᠬᠢᠮᠠᠢ᠂ ᠨᠠᠮᠬᠠᠨ ᠳᠥᠯᠭᠡᠨ᠂ ᠪᠣᠯᠪᠠᠰᠤᠨ ᠤᠬᠠᠭᠠᠯᠢᠭ ᠪᠦᠰᠡᠭᠦᠢ ᠶ᠋ᠢᠨ ᠲᠤᠬᠠᠢ ᠬᠥᠮᠦᠰ ᠮᠠᠭᠤᠬᠠᠢ ᠪᠠᠷ ᠪᠣᠳᠣᠬᠤ ᠪᠠᠨ ᠬᠦᠷᠲᠡᠯ᠎ᠡ ᠬᠢᠴᠢᠶᠡᠳᠡᠭ ᠠᠲᠠᠯ᠎ᠠ ᠪᠠᠨ ᠠᠶᠤᠵᠤ ᠢᠴᠢᠬᠦ ᠪᠡᠨ ᠠᠷᠤ ᠳ᠋ᠠᠭᠠᠨ ᠬᠠᠶᠠᠴᠢᠬᠠᠭᠰᠠᠨ ᠪᠦᠳᠦᠭᠦᠯᠢᠭ ᠪᠦᠰᠡᠭᠦᠢᠴᠦᠳ ᠢ᠋ ᠪᠣᠯ《ᠵᠠ ᠨᠠᠭᠠᠳᠤᠬᠢ ᠴᠢᠨᠢ ᠪᠣᠯ ᠬᠣᠭ ᠤ᠋ᠨ ᠶᠠᠭᠤᠮ᠎ᠠ ᠪᠠᠢᠬᠤ ᠨᠢ!》 ᠭᠡᠵᠦ ᠴᠠᠭᠠᠰᠢᠯᠠᠭᠤᠯᠵᠤ ᠪᠣᠳᠣᠳᠠᠭ ᠰᠢᠦ ᠳᠡ᠃ ᠵᠢᠷᠤᠮᠠᠯ ᠬᠥᠮᠦᠨ ᠰᠢᠭ ᠭᠣᠣᠳᠠᠴᠢᠬᠠᠭᠰᠠᠨ᠂ ᠡᠩᠭᠡᠷ ᠡᠪᠴᠢᠭᠦᠦ᠂ ᠭᠤᠶ᠎ᠠ ᠬᠠᠰᠠ ᠪᠠᠨ ᠵᠠᠳᠠᠭᠠᠢ ᠭᠠᠢᠬᠠᠭᠤᠯᠤᠭᠰᠠᠨ ᠮᠠᠷᠵᠠᠩ ᠪᠦᠳᠦᠭᠦᠯᠢᠭ ᠪᠦᠰᠡᠭᠦᠢᠴᠦᠳ ᠡᠷᠡᠴᠦᠦᠯ ᠦ᠋ᠨ ᠶᠣᠰᠣ ᠪᠤᠰᠤᠴᠢᠯᠠᠯ ᠳ᠋ᠤ᠌ ᠥᠷᠲᠥᠭᠡᠳ《ᠯᠤᠢᠪᠠᠷᠴᠢᠨ》 ᠭᠡᠵᠦ ᠬᠠᠷᠢᠶᠠᠬᠤ ᠳ᠋ᠠᠭᠠᠨ ᠳᠠᠩᠴᠤ ᠵᠠᠳᠠᠭᠠᠢ ᠬᠠᠷᠠᠭᠳᠠᠭᠰᠠᠨ ᠥᠪᠡᠷ ᠢ᠋ ᠪᠡᠨ ᠤᠷᠢᠳ ᠢ᠋ᠶ᠋ᠠᠷ ᠥᠭᠡᠯᠡᠭᠡᠴᠢ ᠭᠡᠵᠦ ᠬᠡᠯᠡᠮᠡᠷ ᠪᠠᠢᠨ᠎ᠠ᠃
      ᠶᠠᠭᠤᠲᠠᠢ ᠴᠤ ᠭᠡᠰᠡᠨ ᠲᠩᠷᠢ ᠶ᠋ᠢᠨ ᠳᠣᠣᠷ᠎ᠠ ᠳᠦᠦᠷᠢᠮ᠎ᠡ ᠰᠢᠭ᠌ ᠰᠠᠢᠨ ᠬᠡᠦᠬᠡᠨ᠂ ᠰᠠᠢᠬᠠᠨ ᠴᠤ ᠬᠡᠦᠬᠡᠨ ᠠᠯᠠᠭ᠎ᠠ ᠯᠠ ᠶᠤᠮ ᠳᠠ᠂ ᠠᠯᠢ ᠡᠰᠡᠬᠦᠯ᠎ᠡ ᠵᠥᠪᠬᠡᠨ ᠳᠠᠭᠤᠤ ᠳ᠋ᠤ᠌ ᠯᠠ ᠠᠮᠢᠯᠠᠭᠰᠠᠨ ᠳᠦᠷᠢ ᠤᠤ? ᠶᠡᠷᠦ ᠡᠴᠡ ᠪᠠᠢᠬᠤ ᠦᠭᠡᠢ ᠪᠣᠯᠬᠣᠷ ᠨᠢ ᠪᠠᠢᠭᠠᠰᠠᠢ ᠭᠡᠵᠦ ᠵᠣᠬᠢᠶᠠᠭᠰᠠᠨ ᠳᠠᠭᠤᠤ ᠪᠣᠯᠪᠠ ᠤᠤ? ᠪᠦᠦ ᠮᠡᠳᠡ!
       ᠠᠯᠤᠰ ᠬᠣᠯᠠ ᠶ᠋ᠢᠨ ᠭᠠᠵᠠᠷ ᠲᠤ
       ᠠᠮᠠᠷᠠᠭ ᠬᠡᠦᠬᠡᠨ ᠪᠠᠢᠳᠠᠭ
       ᠠᠯᠳᠠᠷ ᠨᠡᠷ᠎ᠡ ᠨᠢ ᠳᠦᠦᠷᠢᠮ᠎ᠡ
       ᠠᠢ ᠳᠦᠦᠷᠢᠮ᠎ᠡ ᠰᠠᠢᠬᠠᠨ ᠳᠦᠦᠷᠢᠮ᠎ᠡ᠁
      [ ᠰᠦᠯᠵᠢᠶᠡᠨ ᠳ᠋ᠦ᠍ ᠨᠡᠢᠲᠡᠯᠡᠬᠦ ᠳ᠋ᠡᠭᠡᠨ ᠪᠢᠴᠢᠭᠰᠡᠨ ᠵᠣᠬᠢᠶᠠᠭᠴᠢ ᠶ᠋ᠢᠨ ᠥᠪᠡᠷ ᠦ᠋ᠨ ᠬᠢᠨᠢ ᠴᠣᠬᠣᠯᠠᠪᠤᠷᠢ] ᠲᠤᠰ ᠵᠣᠬᠢᠶᠠᠯ《ᠤᠷᠤᠭ ᠭᠡᠷ ᠪᠦᠯᠢ ᠨᠡᠢᠭᠡᠮ》 ᠰᠡᠳᠬᠦᠯ ᠦ᠋ᠨ 2001 ᠣᠨ ᠤ᠋ 2 ᠳ᠋ᠤᠭᠠᠷ ᠬᠤᠭᠤᠴᠠᠭᠠᠨ ᠳ᠋ᠤ᠌ ᠨᠡᠢᠲᠡᠯᠡᠭᠳᠡᠭᠰᠡᠨ ᠦ᠌ ᠳᠠᠷᠠᠭ᠎ᠠ ᠵᠠᠷᠢᠮ ᠤᠩᠰᠢᠭᠴᠢ ᠰᠢᠭᠦᠮᠵᠢᠯᠡᠭᠰᠡᠨ ᠪᠣᠯᠪᠠᠴᠤ ᠪᠢ ᠬᠠᠷᠢᠭᠤ ᠥᠭᠭᠦᠭᠡ ᠦᠭᠡᠢ᠃ ᠬᠠᠷᠢᠨ ᠤᠩᠰᠢᠵᠤ ᠪᠣᠯᠭᠣᠭᠠᠭᠰᠠᠨ ᠳ᠋ᠤᠨᠢ ᠪᠠᠶᠠᠷᠯᠠᠵᠤ᠂ ᠶᠠᠮᠠᠷ ᠴᠤ ᠭᠡᠰᠡᠨ《ᠬᠠᠷᠢᠭᠤ ᠲᠤᠰᠬᠠᠯ》 ᠲᠠᠢ ᠪᠠᠢᠬᠤ ᠳ᠋ᠤᠨᠢ ᠤᠭ ᠵᠣᠬᠢᠶᠠᠯ ᠢ᠋ᠶ᠋ᠠᠨ ᠬᠡᠷᠡᠭ ᠲᠦ᠍ ᠬᠦᠷᠴᠡᠢ ᠭᠡᠵᠦ ᠪᠣᠳᠣᠭᠰᠠᠨ ᠶᠤᠮ᠃ ᠳᠦᠦᠷᠢᠮ᠎ᠡ ᠰᠢᠭ᠌ ᠪᠠᠢᠶ᠎ᠠ ᠭᠡᠳᠡᠭ ᠨᠢ ᠮᠣᠩᠭᠣᠯ ᠪᠦᠰᠡᠭᠦᠢᠴᠦᠳ ᠦ᠋ᠨ ᠨᠡᠢᠲᠡ ᠶ᠋ᠢᠨ ᠬᠦᠰᠡᠯᠡᠩ ᠲᠡᠳᠦᠢ ᠦᠭᠡᠢ᠂ ᠳᠦᠦᠷᠢᠮ᠎ᠡ ᠰᠢᠭ᠌ ᠪᠠᠢᠭᠠᠰᠠᠢ ᠭᠡᠳᠡᠭ ᠨᠢ ᠴᠦ᠍ ᠮᠣᠩᠭᠣᠯ ᠡᠷᠡᠴᠦᠦᠯ ᠦ᠋ᠨ ᠬᠠᠮᠲᠤ ᠶ᠋ᠢᠨ ᠮᠥᠷᠥᠭᠡᠳᠦᠯ ᠶᠦᠮ᠃ ᠶᠠᠭ ᠯᠠ ᠪᠦᠰᠡᠭᠦᠢᠴᠦᠳ ᠡᠷᠡᠴᠦᠦᠯ ᠢ᠋ ᠴᠠᠬᠢᠭᠤᠷ ᠲᠡᠮᠦᠷ ᠰᠢᠭ᠌ ᠪᠠᠢᠭᠠᠰᠠᠢ ᠭᠡᠵᠦ ᠬᠦᠰᠡᠳᠡᠭ ᠰᠢᠭ᠌ ᠡᠷᠡᠴᠦᠳ ᠪᠠᠰᠠ ᠪᠦᠰᠡᠭᠦᠢᠴᠦᠳ ᠢ ᠳᠦᠦᠷᠢᠮ᠎ᠡ ᠰᠢᠭ᠌ ᠪᠠᠢᠭᠠᠰᠠᠢ ᠭᠡᠵᠦ ᠪᠢᠲᠡᠭᠦᠦ ᠮᠥᠷᠥᠭᠡᠳᠳᠡᠭ᠃ ᠭᠡᠪᠡᠴᠦ ᠰᠠᠨᠠᠭ᠎ᠠ ᠵᠠᠶᠠᠭ᠎ᠠ ᠨᠡᠢᠯᠡᠬᠦ ᠦᠭᠡᠢ ᠬᠣᠷᠸ᠎ᠠ ᠳ᠋ᠤ᠌ ᠮᠥᠷᠥᠭᠡᠳᠦᠯ ᠲᠠᠩᠳᠠ ᠵᠡᠭᠦᠳᠦ ᠪᠣᠯᠤᠭᠠᠳ ᠪᠠᠢᠳᠠᠭ ᠨᠢ ᠯᠡ ᠭᠣᠮᠣᠳᠠᠮᠠᠷ᠁ ᠬᠠᠷᠢᠨ ᠮᠣᠩᠭᠣᠯ ᠬᠥᠮᠦᠨ ᠦ᠌ ᠢᠷᠡᠭᠡᠳᠦᠢ ᠳᠦᠦᠷᠢᠮ᠎ᠡ ᠪᠣᠯᠬᠤ ᠰᠠᠨ ᠭᠡᠵᠦ ᠴᠢᠷᠮᠠᠢᠳᠠᠭ ᠪᠦᠰᠡᠭᠦᠢᠴᠦᠳ ᠪᠣᠯᠤᠨ ᠴᠠᠬᠢᠭᠤᠷ ᠲᠡᠮᠦᠷ ᠪᠣᠯᠬᠤ ᠰᠠᠨ ᠭᠡᠵᠦ ᠮᠥᠷᠥᠭᠡᠳᠳᠡᠭ ᠡᠷᠡᠴᠦᠦᠯ ᠦ᠋ᠨ ᠮᠥᠷᠦᠨ ᠳᠡᠭᠡᠷ᠎ᠡ ᠪᠣᠢ ᠶᠤᠮ᠃ ᠮᠥᠷᠥᠭᠡᠳᠦᠯ ᠮᠢᠨᠢ ᠪᠡᠶᠡᠯᠡᠬᠦ ᠪᠠᠢᠬ᠎ᠠ ᠭᠡᠳᠡᠭ ᠲᠦ᠍ ᠬᠡᠵᠢᠶ᠎ᠡ ᠴᠦ᠍ ᠡᠷᠡᠭᠡᠯᠵᠡᠬᠦ ᠦᠭᠡᠢ᠁

—————
① ᠡᠨᠡ ᠵᠣᠬᠢᠶᠠᠯ《ᠤᠷᠤᠭ ᠭᠡᠷ ᠪᠦᠯᠢ ᠨᠡᠢᠭᠡᠮ》 ᠰᠡᠳᠬᠦᠯ ᠦ᠋ᠨ2001 ᠣᠨ ᠤ᠋2 ᠳ᠋ᠤᠭᠠᠷ ᠬᠤᠭᠤᠴᠠᠭ᠎ᠠ ᠳ᠋ᠤ᠌ ᠨᠡᠢᠲᠡᠯᠡᠭᠳᠡᠭᠰᠡᠨ ᠪᠠᠢᠵᠠᠢ

    ᠦᠰᠦᠭ ᠠᠮᠢᠯᠠᠭᠤᠯᠤᠭᠴᠢ᠄ ᠭᠡᠷᠡᠯ᠂ ᠨᠡᠭᠦᠳᠡᠯ᠂ ᠪᠠᠶᠠᠨᠴᠡᠴᠡᠭ᠂ ᠰᠤᠳᠤᠯᠲᠤ᠂ ᠡᠷᠳᠡᠨᠢᠭᠣᠤ᠎ᠠ
    ᠬᠢᠨᠠᠭᠴᠢ ᠪᠠᠭᠰᠢ᠄ ᠰᠡᠬᠡᠭᠡᠷᠡᠯ᠂ ᠣᠳᠬᠠᠨᠰᠣ᠎ᠠ