ᠰᠠᠢᠬᠠᠨ ᠴᠢᠩᠭᠢᠰ ᠬᠠᠭᠠᠨ– ᠶᠣᠨᠳᠣᠨ ᠤ ᠪᠢᠯᠢᠭ᠌ - ᠪᠠᠭᠠᠲᠤᠷ Сайхан Чингис хаан – Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠢᠬᠠᠨ ᠴᠢᠩᠭᠢᠰ ᠬᠠᠭᠠᠨ– ᠶᠣᠨᠳᠣᠨ ᠤ ᠪᠢᠯᠢᠭ᠌ - ᠪᠠᠭᠠᠲᠤᠷ Сайхан Чингис хаан – Ёндоны Билиг - Баатар

ᠰᠠᠢᠬᠠᠨ ᠴᠢᠩᠭᠢᠰ ᠬᠠᠭᠠᠨ– ᠶᠣᠨᠳᠣᠨ ᠤ ᠪᠢᠯᠢᠭ᠌ - ᠪᠠᠭᠠᠲᠤᠷ Сайхан Чингис хаан – Ёндоны Билиг - Баатар

2024-07-01

661

ᠰᠠᠢᠬᠠᠨ ᠴᠢᠩᠭᠢᠰ ᠬᠠᠭᠠᠨ


 ᠮᠠᠨ ᠤ᠋ ᠮᠣᠩᠭᠣᠯ ᠤ᠋ᠨ ᠴᠢᠩᠭᠢᠰ ᠬᠠᠭᠠᠨ ᠮᠢᠨᠦ 
 ᠮᠠᠨᠠᠨᠲᠤ ᠣᠷᠴᠢᠯᠠᠩ ᠤ᠋ᠨ ᠭᠠᠯ ᠬᠠᠭᠠᠨ ᠮᠢᠨᠦ 
 ᠬᠥᠮᠦᠨ ᠲᠥᠷᠥᠯᠬᠢᠲᠡᠨ ᠦ᠌ ᠭᠠᠢᠬᠠᠮᠰᠢᠭᠲᠤ ᠬᠠᠭᠠᠨ 
 ᠬᠦᠴᠦ ᠲᠡᠭᠷᠢᠯᠢᠭ ᠨᠠᠷᠮᠠᠢ ᠥᠷᠯᠥᠭ ᠬᠠᠭᠠᠨ 
 ᠵᠥᠪ ᠰᠢᠲᠦᠪᠡᠯ ᠢᠪᠡᠭᠡᠳᠡᠭ ᠯᠡ ᠬᠠᠭᠠᠨ 
 ᠲᠥᠪ ᠳᠠᠬᠢᠪᠠᠯ ᠭᠡᠢᠭᠦᠯᠳᠡᠭ ᠯᠡ ᠬᠠᠭᠠᠨ 
 ᠪᠤᠷᠤᠭᠤ ᠳ᠋ᠦᠩᠨᠡᠪᠯ ᠪᠤᠲᠠ ᠨᠢᠷᠭᠡᠳᠡᠭ ᠬᠠᠭᠠᠨ 
 ᠬᠣᠢᠮᠣᠷ ᠵᠠᠪᠢᠯᠠᠪᠠᠯ ᠬᠣᠷᠸ᠎ᠠ ᠳᠡᠯᠡᠳᠡᠭ ᠬᠠᠭᠠᠨ 
 ᠬᠣᠣᠰ ᠦᠭᠡᠢ ᠰᠠᠢᠬᠠᠨ ᠵᠢᠰᠦᠲᠡᠢ ᠬᠠᠭᠠᠨ 
 ᠬᠣᠯᠠ ᠶ᠋ᠢᠨ ᠰᠠᠨᠰᠠᠷ ᠲᠤ᠌ ᠨᠤᠲᠤᠭ ᠲᠠᠢ ᠬᠠᠭᠠᠨ 

          2024᠂3᠂24᠃ ᠦᠳᠡᠰᠢ ᠃  

             ᠬᠥᠬᠡᠬᠣᠲᠠᠨ᠎ᠠ ᠪᠢᠰᠢᠷᠡᠨ
              ᠢᠭᠳᠦᠯᠡᠵᠦ ᠪᠦᠲᠦᠭᠡᠪᠡᠢ᠃