ᠪᠢ ᠥᠪᠥᠷ ᠮᠣᠩᠭᠣᠯ ᠥᠬᠢᠨ -ᠨᠠ᠊᠂ ᠰᠧᠮᠵᠢᠳБи өвөр монгол охин-На,Семжит ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢ ᠥᠪᠥᠷ ᠮᠣᠩᠭᠣᠯ ᠥᠬᠢᠨ -ᠨᠠ᠊᠂ ᠰᠧᠮᠵᠢᠳБи өвөр монгол охин-На,Семжит

ᠪᠢ ᠥᠪᠥᠷ ᠮᠣᠩᠭᠣᠯ ᠥᠬᠢᠨ -ᠨᠠ᠊᠂ ᠰᠧᠮᠵᠢᠳБи өвөр монгол охин-На,Семжит

2024-07-01

747

ᠪᠢ ᠥᠪᠥᠷ ᠮᠣᠩᠭᠣᠯ ᠥᠬᠢᠨ

       ᠨᠠ᠊᠂ ᠰᠧᠮᠵᠢᠳ  

 ᠶᠠᠭᠠᠬᠢᠭᠠᠳ ᠴᠤ᠌ ᠶᠤᠮ ᠂ ᠪᠤᠷᠤᠭᠤ ᠣᠷᠣᠵᠤ ᠴᠠᠰᠤ ᠪᠤᠷᠭᠠᠬᠤ ᠳ᠋ᠤ᠌  
            ᠥᠪᠡᠷ ᠢ᠋ ᠪᠡᠨ ᠲᠣᠳᠣᠬᠠᠨ ᠬᠠᠷᠠᠨᠠᠮ  
ᠶᠠᠮᠠᠷᠬᠠᠨ ᠬᠣᠯᠠ ᠠ᠋ᠴᠠ ᠢᠷᠡᠭᠡ ᠶᠦᠮ ᠂ ᠪᠣᠷᠣ ᠮᠣᠷᠢ ᠪᠠᠨ  
            ᠤᠰᠤᠨ ᠬᠤᠯᠤᠭᠠᠨ᠎ᠠ ᠪᠣᠯᠭᠠᠴᠢᠬᠠᠰᠠᠨ  
ᠪᠢ ᠬᠡᠨ ᠴᠦ᠍ ᠶᠦᠮ ᠪᠣᠢ  

ᠬᠡᠵᠢᠶ᠎ᠡ ᠬᠣᠯᠠ ᠶ᠋ᠢᠨ ᠠᠭᠢᠨ ᠰᠡᠷᠭᠦᠯᠲᠡ ᠡᠷᠲᠡ ᠴᠠᠭ ᠤ᠋ᠨ ᠣᠮᠣᠭᠯᠠᠩ ᠢ᠋ᠶ᠋ᠠᠷ ᠵᠡᠭᠦᠳᠦᠯᠡᠵᠦ  
ᠬᠡᠭᠡᠷ᠎ᠡ ᠶ᠋ᠢᠨ ᠰᠠᠯᠬᠢ ᠶ᠋ᠢ ᠦᠵᠡᠰᠬᠦᠯᠡᠩᠲᠦ ᠥᠯᠮᠡᠢ ᠶ᠋ᠢᠨ ᠢ᠋ᠶ᠋ᠡᠨ ᠳᠡᠷᠭᠡᠳᠡ ᠰᠣᠭᠲᠣᠭᠠᠨ ᠤᠨᠠᠭᠠᠵᠤ
ᠪᠢ ᠬᠡᠨ ᠴᠦ᠍ ᠶᠦᠮ ᠪᠣᠢ ᠂ ᠡᠷᠲᠡᠨ ᠦ᠌ ᠳᠠᠭᠢᠨᠢ ᠤᠤ

ᠡᠪᠡᠰᠦ ᠨᠣᠭᠣᠭ᠎ᠠ ᠬᠠᠴᠠᠷ ᠢ᠋ᠶ᠋ᠠᠨ ᠰᠢᠷᠪᠢᠭᠦᠯᠬᠦ ᠰᠠᠯᠬᠢ ᠦᠭᠡᠢ ᠳ᠋ᠦ᠍ ᠶᠠᠭᠠᠬᠢᠨ ᠳᠤᠷ᠎ᠠ ᠪᠠᠷ ᠭᠠᠩᠬᠤᠬᠤ
ᠥᠨᠥᠬᠡᠨ ᠲᠠᠯᠪᠢᠭᠰᠠᠨ ᠬᠥᠯᠥᠰᠥ ᠲᠡᠢ ᠮᠣᠷᠢ ᠬᠡᠷᠬᠢᠨ ᠴᠢᠯᠥᠭᠡ ᠲᠡᠢ ᠬᠥᠯᠪᠡᠭᠡᠬᠦ ᠶ᠋ᠢ ᠠᠵᠢᠵᠤ
ᠪᠢ ᠬᠡᠨ ᠴᠦ᠍ ᠶᠦᠮ ᠪᠣᠢ ᠂ ᠴᠢᠯᠥᠭᠡᠲᠦ ᠨᠢᠭᠡᠨ ᠦᠦ
ᠡᠮᠡᠭᠡᠯ ᠬᠠᠵᠠᠭᠠᠷ ᠢ᠋ ᠡᠬᠢᠯᠡᠨ ᠬᠡᠨ ᠴᠦ᠍ ᠵᠠᠢᠳᠠᠨ ᠲᠥᠬᠥᠭᠡᠷᠴᠦ ᠶᠠᠭᠤᠨ ᠤ᠋ ᠴᠤ᠌ ᠲᠥᠯᠥᠭᠡ ᠶᠦᠮ
ᠡᠷᠬᠡ ᠴᠢᠯᠥᠭᠡᠨ ᠦ᠌ ᠲᠥᠯᠥᠭᠡ ᠪᠦᠭᠦᠳᠡ ᠵᠢᠷᠭᠢᠨ ᠪᠠᠢᠬᠤ ᠶᠤᠮ ᠂ ᠰᠢᠪᠠᠭᠤ ᠪᠣᠯᠬᠤ ᠭᠡᠰᠡᠨ ᠶᠦᠮ ᠦᠦ
ᠪᠢ ᠬᠡᠨ ᠴᠦ᠍ ᠶᠦᠮ ᠪᠣᠢ ᠂ ᠴᠢᠳᠥᠷᠲᠦ ᠨᠢᠭᠡᠨ ᠦᠦ

ᠠᠯᠠᠭᠠᠨ ᠤ᠋ ᠴᠢᠨᠡᠭᠡᠨ ᠴᠦ᠍ ᠪᠣᠯᠪᠠ ᠦᠩᠭᠡᠭᠳᠡᠭᠡ ᠦᠭᠡᠢ ᠵᠦᠯᠭᠡ ᠣᠯᠵᠤ
         ᠠᠳᠤᠭᠤ ᠰᠢᠭ᠋ ᠬᠥᠯᠪᠡᠭᠡᠶ᠎ᠡ ᠭᠡᠲᠡᠯ᠎ᠡ
ᠠᠯᠲᠠᠯᠢᠭ ᠳᠡᠪᠡᠯ ᠱ᠌ᠢᠷᠦ ᠰᠤᠪᠤᠳ ᠪᠠᠶᠠᠨ ᠳ᠋ᠤ᠌ ᠡᠯᠭᠦᠭᠡ ᠲᠡᠢ ᠂
         ᠰᠠᠷᠠᠨ ᠤ᠋ ᠪᠦᠳᠡᠭᠢᠬᠡᠨ ᠭᠡᠷᠡᠯ ᠳ᠋ᠦ᠍ ᠳᠠᠩᠴᠤ ᠭᠣᠶᠣᠮᠰᠣᠭ
ᠪᠢ ᠬᠡᠨ ᠴᠦ᠍ ᠶᠦᠮ ᠪᠣᠢ ᠂ ᠡᠷᠬᠢᠮ ᠬᠠᠲᠤᠨ ᠤᠤ
ᠬᠠᠭᠠᠨ ᠡᠵᠡᠨ ᠬᠠᠨ ᠬᠦᠦ ᠶ᠋ᠢᠨ ᠳᠣᠮᠣᠭ
ᠬᠡᠷᠡᠮ ᠦ᠋ᠨ ᠲᠡᠮᠦᠷ ᠬᠠᠳᠠᠭᠠᠰᠤᠨ ᠳ᠋ᠤ᠌ ᠡᠯᠭᠦᠭᠰᠡᠨ ᠵᠢᠷᠤᠭ ᠲᠥᠷᠬᠦ ᠨᠢ
ᠬᠠᠷ᠎ᠠ ᠠᠷᠢᠬᠢ ᠬᠠᠮᠤᠭ ᠶᠠᠭᠤᠮᠠᠨ ᠤ᠋ ᠲᠡᠮᠳᠡᠭ ᠂ ᠤᠤᠭᠤᠵᠤ ᠡᠳ᠋ᠯᠡᠵᠦ ᠦᠵᠡᠬᠦ ᠳ᠋ᠦ᠍
         ᠨᠢᠭᠡ ᠯᠡ ᠰᠣᠨᠢᠨ
ᠪᠢ ᠬᠡᠨ ᠴᠦ᠍ ᠶᠦᠮ ᠪᠣᠢ ᠂ ᠡᠶᠡᠯᠳᠦᠨ ᠳᠠᠭᠠᠭᠴᠢ ᠤᠤ

ᠡᠯᠦᠨᠴᠡᠭ ᠦ᠋ᠨ ᠨᠡᠷ᠎ᠡ ᠶ᠋ᠢ ᠪᠣᠯᠣᠷ ᠵᠦᠩᠵᠡᠨ ᠳ᠋ᠦ᠍ ᠰᠥᠩᠨᠡᠨ ᠢᠷᠠᠭᠤ ᠡᠬᠡᠰᠢᠭ ᠲᠡᠢ ᠬᠠᠮᠲᠤ ᠰᠢᠮᠡᠵᠦ
ᠡᠭᠡᠯ ᠨᠠᠮᠤᠭᠤᠬᠠᠨ ᠦᠳᠡᠰᠢ ᠰᠠᠷᠠ ᠪᠥᠬᠥᠲᠡᠯ᠎ᠡ ᠬᠠᠨᠴᠤᠢ ᠳᠣᠲᠣᠷ᠎ᠠ ᠬᠤᠷᠤᠭᠤ ᠪᠠᠷ ᠶᠠᠷᠢᠯᠴᠠᠵᠤ
ᠪᠢ ᠬᠡᠨ ᠴᠦ᠍ ᠶᠦᠮ ᠪᠣᠢ ᠂ ᠤᠷᠪᠠᠨ ᠪᠠᠭᠤᠭ᠋ᠠᠴᠢ ᠤᠤ
ᠲᠡᠮᠳᠡᠭ ᠮᠡᠲᠦ ᠬᠠᠷᠢ ᠦᠭᠡᠰ ᠢ᠋ ᠬᠥᠰᠢᠭᠦᠨ ᠬᠡᠯᠡᠨ ᠳᠡᠭᠡᠭᠦᠷ ᠢ᠋ᠶ᠋ᠡᠨ ᠤᠷᠤᠰᠬᠠᠨ
        ᠬᠥᠭᠵᠢᠮ ᠰᠢᠭ᠌ ᠰᠣᠨᠣᠰᠴᠤ
ᠲᠡᠨᠢᠭᠡᠷ ᠠᠭᠠᠳ ᠰᠦᠷᠯᠢᠭ ᠪᠠᠢᠭᠠᠯᠢ ᠣᠷᠴᠢᠨ ᠢ᠋ ᠱᠤᠭᠤᠮᠳᠠᠨ ᠬᠢᠯᠢᠯᠡᠵᠦ
        ᠴᠠᠭᠠᠰᠤ ᠰᠢᠭ᠋ ᠦᠩᠭᠡᠬᠦ ᠶ᠋ᠢ ᠪᠣᠳᠣᠵᠤ
ᠪᠢ ᠬᠡᠨ ᠴᠦ᠍ ᠶᠦᠮ ᠪᠣᠢ ᠂ ᠪᠣᠭᠣᠯ ᠨᠣᠶᠠᠯᠠᠭᠴᠢ ᠤᠤ
ᠪᠢᠰᠢ ᠠ᠋ ᠂ ᠲᠡᠷᠡ ᠴᠢᠨᠢ ᠮᠢᠨᠦ ᠵᠥᠷᠢᠴᠡᠯᠳᠦ ᠠᠮᠢᠳᠤᠷᠠᠯ
ᠲᠣᠭᠣᠭᠠᠨ ᠳᠣᠲᠣᠷ᠎ᠠ ᠬᠤᠳᠬᠤᠵᠤ ᠣᠷᠬᠢᠭᠰᠠᠨ ᠪᠠᠳᠠᠩ

ᠪᠢ ᠂ ᠰᠡᠳᠬᠢᠯ ᠦ᠋ᠨ ᠢ᠋ᠶ᠋ᠡᠨ ᠵᠦᠯᠭᠡᠨ ᠳᠡᠭᠡᠭᠦᠷ ᠭᠤᠲᠤᠯ ᠲᠠᠢ ᠬᠥᠮᠦᠰ ᠢ᠋ ᠲᠡᠨᠦᠭᠦᠯᠵᠦ
            ᠥᠪᠡᠷ ᠢ᠋ᠶ᠋ᠡᠨ ᠲᠥᠭᠡᠷᠢᠴᠢᠬᠡᠭᠰᠡᠨ
ᠪᠢ ᠥᠪᠥᠷ ᠮᠣᠩᠭᠣᠯ ᠥᠬᠢᠨ
ᠬᠠᠮᠢᠭ᠎ᠠ ᠠ᠋ᠴᠠ ᠴᠤ᠌ ᠶᠤᠮ ᠂ ᠲᠠᠭ ᠮᠠᠷᠲᠠᠵᠤ ᠣᠷᠬᠢᠭᠰᠠᠨ
        ᠰᠠᠨᠠᠭᠠᠨ ᠳ᠋ᠤ᠌ ᠦᠯᠦ ᠣᠷᠣᠬᠤ ᠲᠡᠷᠡ ᠬᠢᠵᠠᠭᠠᠷ ᠠ᠋ᠴᠠ
ᠬᠠᠷᠠᠩᠭᠤᠢ ᠶ᠋ᠢ ᠴᠥᠮᠥᠯᠦᠨ ᠢᠷᠡᠭᠰᠡᠨ ᠭᠠᠯᠲᠤ ᠰᠤᠮᠤᠨ ᠤ᠋ ᠰᠢᠳᠢᠲᠦ ᠦᠵᠦᠭᠦᠷ
ᠪᠢ ᠥᠪᠥᠷ ᠮᠣᠩᠭᠣᠯ ᠥᠬᠢᠨ
ᠪᠢ ᠠᠰᠠᠨ ᠢᠷᠡᠵᠦ ᠪᠣᠢ ᠴᠠᠭ
ᠪᠢ ᠥᠪᠥᠷ ᠮᠣᠩᠭᠣᠯ ᠥᠬᠢᠨ

     ᠦᠰᠦᠭ ᠠᠮᠢᠯᠠᠭᠤᠯᠤᠭᠴᠢ᠄ ᠭᠡᠷᠡᠯ 
     ᠬᠢᠨᠠᠭᠴᠢ᠄ ᠨᠤᠮᠤᠴᠢᠨ ᠪᠢᠯᠢᠭ