ᠨᠠᠢᠷ ᠨᠠᠭᠠᠳᠤᠮ ᠢᠶᠡᠨ ᠪᠠᠭᠠᠰᠬᠠᠶ᠎ᠠ-ᠵᠠᠭ ᠦᠨ ᠬᠤᠤᠵᠤᠯНайр наадмаа багасгая-Загийн Хуужл
ᠵᠠᠭ ᠦᠨ ᠬᠤᠤᠵᠤᠯ
ᠡᠯᠢᠭᠡ ᠨᠢᠭᠡᠲᠡᠢ ᠮᠣᠩᠭᠣᠯᠴᠤᠳ ᠮᠠᠨᠢ ᠡ᠄
ᠣᠷᠴᠢᠮ ᠦ᠋ᠨ ᠵᠢᠯ ᠦ᠋ᠳ ᠲᠤ ᠠᠯᠠᠱᠠ ᠠᠶ᠋ᠢᠮᠠᠭ ᠦ᠋ᠨ ᠡᠵᠡᠨ᠎ᠡ ᠬᠣᠰᠢᠭᠤ᠂ ᠪᠠᠷᠠᠭᠤᠨ ᠵᠡᠭᠦᠨ ᠬᠣᠰᠢᠭᠤ᠂ ᠪᠠᠶᠠᠨᠨᠠᠭᠤᠷ ᠦ᠋ᠨ ᠤᠷᠠᠳ ᠦ᠋ᠨ ᠬᠣᠶ᠋ᠢᠲᠤ᠂ ᠤᠷᠠᠳ ᠦ᠋ᠨ ᠳᠤᠮᠳᠠᠳᠤ ᠬᠣᠰᠢᠭᠤ᠂ ᠪᠤᠭᠤᠲᠤ ᠬᠣᠲᠠ ᠶ᠋ᠢᠨ ᠳᠠᠷᠬᠠᠨ ᠮᠤᠤᠮᠢᠩᠭᠠᠨ ᠬᠣᠰᠢᠭᠤ᠂ ᠤᠯᠠᠭᠠᠨᠴᠠᠪ ᠠᠶ᠋ᠢᠮᠠᠭ ᠦ᠋ᠨ ᠳᠥᠷᠪᠡᠳ ᠬᠣᠰᠢᠭᠤ᠂ ᠰᠢᠯᠢ ᠭᠣᠣᠯ ᠠᠶ᠋ᠢᠮᠠᠭ ᠦ᠋ᠨ ᠰᠥᠨᠢᠳ ᠪᠠᠷᠠᠭᠤᠨ ᠬᠣᠰᠢᠭᠤ᠂ ᠰᠥᠨᠢᠳ ᠵᠡᠭᠦᠨ ᠬᠣᠰᠢᠭᠤ᠂ ᠡᠷᠢᠶᠡᠨ ᠬᠣᠲᠠ᠂ ᠠᠪᠠᠭ᠎ᠠ ᠬᠤᠰᠢᠭᠤᠨ ᠤ ᠶᠡᠬᠡᠩᠬᠢ ᠰᠤᠮᠤ ᠵᠡᠷᠭᠡ ᠭᠠᠵᠠᠷ ᠣᠷᠣᠨ ᠶ᠋ᠢᠠᠷ ᠭᠤᠷᠪᠠ ᠠ᠋ᠴᠠ ᠲᠠᠪᠤᠨ ᠵᠢᠯ ᠦ᠋ᠨ ᠣᠨᠴᠠ ᠶᠡᠬᠡ ᠭᠠᠩ ᠬᠠᠭᠰᠠᠷᠠᠭᠠᠨ ᠪᠣᠯᠵᠤ᠂ ᠲᠤᠬᠠᠢ ᠶ᠋ᠢᠨ ᠭᠠᠵᠠᠷ ᠦ᠋ᠨ ᠮᠠᠯᠴᠢᠳ ᠬᠦᠨᠳᠦ ᠬᠡᠴᠡᠭᠦᠦ ᠪᠠᠶ᠋ᠢᠳᠠᠯ ᠳᠤ ᠲᠤᠯᠭᠠᠷᠠᠯ᠎ᠠ᠃ ᠡᠭᠦᠨ ᠦ ᠳᠠᠭᠠᠤ᠂ ᠴᠠᠭ ᠲᠥᠷᠥ᠂ ᠵᠠᠬ᠎ᠠ ᠵᠡᠭᠡᠯᠢ ᠶ᠋ᠢᠨ ᠵᠦᠢᠯ ᠵᠦᠢᠯ ᠦ᠋ᠨ ᠰᠢᠯᠲᠠᠭᠠᠨ ᠠ᠋ᠴᠠ ᠪᠣᠯᠵᠤ᠂ ᠮᠠᠯ ᠦ᠋ᠨ ᠦᠨ᠎ᠡ ᠪᠠᠭᠤᠷᠠᠵᠤ᠂ ᠡᠪᠡᠰᠦ ᠲᠡᠵᠢᠭᠡᠯ ᠦ᠋ᠨ ᠦᠨ᠎ᠡ ᠥᠰᠦᠭᠰᠡᠨ ᠪᠣᠯᠬᠣᠷ ᠵᠥᠪᠬᠡᠨ ᠪᠠᠩᠬᠢ ᠶ᠋ᠢᠨ ᠵᠢᠭᠡᠯᠡᠯᠭᠡ ᠳᠤ ᠲᠦᠰᠢᠭᠯᠡᠨ ᠠᠮᠢᠳᠤᠷᠠᠯ ᠶ᠋ᠢᠠᠨ ᠠᠷᠭᠠᠴᠠᠭᠠᠵᠤ ᠪᠠᠶ᠋ᠢᠭ᠎ᠠ ᠶ᠋ᠢ ᠪᠦᠭᠦᠳᠡ ᠬᠡᠨ ᠡᠴᠡ ᠴᠤ᠌ ᠢᠯᠡᠭᠦᠦ ᠮᠡᠳᠡᠵᠦ ᠪᠠᠶ᠋ᠢᠭ᠎ᠠ ᠪᠠᠶ᠋ᠢᠯᠭᠦᠢ!
ᠡᠨᠡ ᠬᠦᠨᠳᠦ ᠬᠡᠴᠡᠭᠦᠦ ᠴᠠᠭ ᠲᠤ ᠲᠠ ᠪᠢᠳᠡᠨ ᠊ᠢ ᠥᠷᠥ ᠡᠪᠡᠳᠴᠦ᠂ ᠭᠠᠴᠢᠭ ᠵᠣᠪᠠᠯᠠᠩ ᠠ᠋ᠴᠠ ᠰᠠᠯᠭᠠᠬᠤ ᠬᠥᠮᠦᠨ ᠪᠠᠶ᠋ᠢᠨ᠎ᠠ ᠤᠤ? ᠵᠥᠪᠬᠡᠨ ᠪᠢᠳᠡ ᠥᠪᠡᠷᠰᠡᠳ ᠶ᠋ᠢᠡᠨ ᠥᠪᠡᠷᠲᠡᠭᠡᠨ ᠭᠠᠷᠬᠤ ᠵᠠᠮ ᠬᠠᠶ᠋ᠢᠬᠤ ᠴᠢᠬᠤᠯᠠᠲᠠᠢ! ᠡᠶ᠋ᠢᠮᠦ ᠡᠴᠡ ᠪᠢᠳᠡ ᠬᠦᠨᠳᠦ ᠴᠠᠭ ᠦ᠋ᠨ ᠡᠮᠦᠨ᠎ᠡ ᠲᠡᠰᠪᠦᠷᠢ ᠲᠡᠪᠴᠢᠶᠡᠷᠢ᠂ ᠣᠶᠤᠨ ᠤᠬᠠᠭᠠᠨ᠂ ᠪᠦᠯᠬᠦᠮᠳᠡᠯ ᠨᠢᠬᠲᠠᠷᠠᠯ ᠳᠤ ᠲᠦᠰᠢᠭᠯᠡᠨ᠂ ᠤᠬᠠᠭᠠᠯᠢᠭ᠂ ᠣᠶᠤᠨᠯᠢᠭ᠂ ᠰᠡᠷᠡᠮᠵᠢᠲᠡᠢ᠂ ᠬᠡᠮᠨᠡᠯᠲᠡᠢ ᠪᠠᠶ᠋ᠢᠬᠤ ᠪᠣᠯ ᠴᠢᠬᠤᠯᠠ ᠠ᠋ᠴᠠ ᠴᠢᠬᠤᠯᠠ ᠭᠡᠳᠡᠭ ᠊ᠢ ᠤᠬᠠᠭᠠᠷᠠᠬᠤ ᠬᠡᠷᠡᠭᠲᠡᠢ᠃
ᠠᠷᠪᠢᠯᠠᠬᠤ ᠶ᠋ᠢ ᠠᠮᠠᠰᠠᠷ ᠠ᠋ᠴᠠ ᠨᠢ ᠭᠡᠳᠡᠭ ᠠᠷᠠᠳ ᠦ᠋ᠨ ᠴᠡᠴᠡᠨ ᠦᠭᠡ ᠪᠠᠶ᠋ᠢᠳᠠᠭ᠂ ᠪᠢᠳᠡ ᠥᠨᠥᠳᠥᠷ ᠪᠣᠯᠲᠠᠯ᠎ᠠ ᠭᠠᠩ ᠲᠠᠢ ᠴᠤ᠌ ᠲᠡᠷᠡ᠂ ᠥᠩ ᠲᠡᠢ ᠴᠦ᠍ ᠲᠡᠷᠡ᠂ ᠥᠷᠢ ᠲᠡᠢ ᠴᠦ᠍ ᠲᠡᠷᠡ᠂ ᠬᠦᠷᠦᠯᠴᠡᠭᠡ ᠲᠡᠢ ᠴᠦ᠍ ᠲᠡᠷᠡ ᠰᠢᠯᠲᠠᠭ ᠣᠯᠳᠠᠪᠠᠯ ᠨᠠᠢᠷ ᠨᠠᠭᠠᠳᠤᠮ ᠬᠢᠵᠦ ᠯᠡ ᠪᠠᠶ᠋ᠢᠨ᠎ᠠ᠁ ᠴᠣᠬᠣᠮ ᠶᠠᠭᠤᠨ ᠤ ᠲᠥᠯᠥᠭᠡ ᠪᠤᠢ ᠭᠡᠪᠡᠯ《ᠵᠣᠭᠣᠰ》 ᠣᠯᠬᠤ ᠶ᠋ᠢᠨ ᠲᠥᠯᠥᠭᠡ᠁ ᠬᠥᠮᠦᠨ ᠳᠤ ᠥᠭᠭᠦᠭᠰᠡᠨ ᠶ᠋ᠢᠡᠨ ᠡᠷᠭᠢᠭᠦᠯᠵᠦ ᠠᠪᠬᠤ ᠶ᠋ᠢᠨ ᠲᠥᠯᠥᠭᠡ᠁ ᠥᠷᠥᠭᠡᠯ ᠲᠡᠢ ᠠᠳᠠᠯᠢᠳᠬᠠᠬᠤ ᠶ᠋ᠢᠨ ᠲᠥᠯᠥᠭᠡ᠁ ᠨᠤᠲᠤᠭ ᠦ᠋ᠨ ᠶᠣᠰᠣ ᠵᠠᠩᠰᠢᠯ ᠶ᠋ᠢᠠᠨ ᠤᠯᠠᠮᠵᠢᠯᠠᠬᠤ ᠶ᠋ᠢᠨ ᠲᠥᠯᠥᠭᠡ᠁ ᠭᠡᠳ ᠣᠯᠠᠨ ᠣᠯᠠᠨ ᠰᠢᠯᠲᠠᠭ ᠲᠠᠢ᠃ ᠲᠡᠭᠡᠪᠡᠯ ᠵᠣᠴᠢᠨᠰᠠᠭ᠂ ᠨᠡᠷᠡᠯᠬᠡᠦ ᠵᠠᠩ ᠲᠠᠢ ᠮᠣᠩᠭᠣᠯᠴᠤᠳ ᠨᠠᠢᠷ ᠬᠢᠭᠡᠳ ᠶᠡᠬᠡ ᠵᠣᠭᠣᠰ ᠮᠥᠩᠭᠥ ᠣᠯᠤᠭᠰᠠᠨ ᠬᠥᠮᠦᠨ ᠬᠣᠪᠣᠷ ᠪᠠᠶ᠋ᠢᠳᠠᠭ᠁ ᠡᠶ᠋ᠢᠮᠦ ᠡᠴᠡ ᠪᠢᠳᠡ ᠬᠤᠷᠢᠮ᠂ ᠥᠨᠳᠥᠷ ᠨᠠᠰᠤᠲᠠᠨ ᠤ ᠪᠠᠶᠠᠷ ᠠ᠋ᠴᠠ ᠪᠤᠰᠤᠳ ᠶᠠᠩᠵᠤ ᠶᠠᠩᠵᠤ ᠶ᠋ᠢᠨ ᠨᠠᠢᠷ ᠨᠠᠭᠠᠳᠤᠮ ᠊ᠢ ᠤᠬᠠᠮᠰᠠᠷ ᠠ᠋ᠴᠠ ᠪᠠᠨ ᠪᠠᠭᠠᠰᠬᠠᠵᠤ᠂ ᠭᠡᠷ ᠵᠠᠭᠤᠷ᠎ᠠ ᠪᠠᠨ ᠳᠥᠭᠥᠮ ᠠᠪᠰᠠᠷᠬᠠᠨ ᠲᠡᠮᠳᠡᠭᠯᠡᠵᠦ ᠪᠣᠯᠤᠨ᠎ᠠ! ᠤᠳᠬ᠎ᠠ ᠦᠭᠡᠢ ᠣᠯᠠᠨ ᠨᠠᠢᠷ ᠨᠠᠭᠠᠳᠤᠮ ᠬᠢᠬᠦ ᠪᠡᠨ ᠪᠣᠯᠢᠵᠠᠭᠠᠶᠠ! ᠪᠤᠰᠤᠳ ᠲᠤ ᠰᠢᠪᠰᠢᠭ ᠶ᠋ᠢᠡᠨ ᠦᠵᠡᠭᠦᠯᠬᠦ ᠪᠡᠨ ᠪᠠᠶ᠋ᠢᠶ᠎ᠠ᠂ ᠨᠢᠭᠡ ᠨᠢᠭᠡᠨ ᠳ᠋ᠡᠭᠡᠨ ᠪᠠᠭ᠎ᠠ ᠳᠠᠷᠤᠭᠠᠰᠤ ᠥᠭᠭᠦᠶ᠎ᠡ᠂ ᠣᠶ᠋ᠢᠯᠠᠭᠠᠯᠴᠠᠯ ᠪᠣᠯ ᠬᠠᠮᠤᠭ ᠦ᠋ᠨ ᠶᠡᠬᠡ ᠬᠦᠨᠳᠦᠯᠡᠯ ᠭᠡᠳᠡᠭ! ᠴᠠᠭ ᠲᠥᠷᠥ ᠰᠠᠶ᠋ᠢᠬᠠᠨ ᠦᠶ᠎ᠡ ᠳᠤ ᠳᠡᠯᠭᠡᠷ ᠰᠠᠶ᠋ᠢᠬᠠᠨ ᠨᠠᠢᠷ ᠬᠢᠬᠦ ᠳᠤ ᠪᠦᠷ ᠪᠣᠯᠤᠨ᠎ᠠ ᠰᠢᠦ! ᠪᠢᠳᠡ ᠡᠳᠦᠷᠵᠢᠨ ᠨᠠᠢᠷ ᠨᠠᠭᠠᠳᠤᠮ ᠬᠢᠵᠦ᠂ ᠨᠠᠷᠭᠢᠵᠤ ᠴᠡᠩᠭᠡᠵᠦ ᠰᠠᠭᠤᠬᠤ ᠳᠤ ᠴᠠᠭᠠᠨ᠎ᠠ ᠶᠠᠮᠠᠷ ᠶᠠᠭᠤᠮ᠎ᠠ ᠪᠣᠯᠵᠤ ᠪᠠᠶ᠋ᠢᠭ᠎ᠠ ᠶ᠋ᠢ ᠰᠡᠬᠡᠭᠡᠷᠡᠬᠦ ᠴᠠᠭ ᠢᠷᠡᠵᠡᠢ᠁ ᠶᠠᠮᠠᠷ ᠴᠠᠭ ᠦᠶ᠎ᠡ ᠳᠤ ᠶᠠᠭᠠᠬᠢᠵᠤ ᠠᠮᠢᠳᠤᠷᠠᠵᠤ ᠪᠠᠶ᠋ᠢᠭ᠎ᠠ ᠪᠠᠨ ᠰᠠᠶ᠋ᠢᠨ ᠲᠤᠩᠭᠠᠵᠤ ᠪᠣᠳᠣᠬᠤ ᠴᠢᠬᠤᠯᠠ ᠲᠠᠢ ᠪᠠᠶ᠋ᠢᠨ᠎ᠠ᠃ ᠬᠡᠯᠡ ᠰᠣᠶᠣᠯ᠂ ᠨᠤᠲᠤᠭ ᠤᠰᠤ᠁ ᠪᠢᠳᠡᠨ ᠳᠤ ᠣᠳᠣ ᠶᠠᠭᠤ ᠪᠠᠶ᠋ᠢᠨ᠎ᠠ ᠤᠤ? ᠶᠠᠭᠤ ᠶ᠋ᠢ ᠬᠢᠵᠦ᠂ ᠶᠠᠭᠤ ᠶ᠋ᠢ ᠬᠢᠬᠦ ᠵᠣᠬᠢᠰ ᠦᠭᠡᠢ ᠭᠡᠳᠡᠭ ᠶ᠋ᠢᠡᠨ ᠤᠬᠠᠭᠠᠷᠠᠬᠤ ᠬᠡᠷᠡᠭᠲᠡᠢ᠃
ᠠᠷᠪᠢᠯᠠᠵᠤ᠂ ᠭᠠᠮᠨᠠᠵᠤ᠂ ᠤᠬᠠᠭᠠᠷᠠᠵᠤ ᠠᠮᠢᠳᠤᠷᠠᠶ᠎ᠠ!
ᠰᠠᠶ᠋ᠢᠨ ᠴᠠᠭ ᠯᠠᠪ ᠢᠷᠡᠨ᠎ᠡ!
ᠨᠠᠢᠷ ᠨᠠᠭᠠᠳᠤᠮ ᠶ᠋ᠢᠠᠨ ᠪᠠᠭᠠᠰᠬᠠᠵᠤ᠂ ᠨᠠᠭᠠᠨ᠎ᠠ ᠴᠠᠭᠠᠨ᠎ᠠ ᠶ᠋ᠢ ᠰᠠᠶ᠋ᠢᠨ ᠪᠣᠳᠣᠵᠠᠭᠠᠶᠠ!
2024·6·22
ᠦᠰᠦᠭ ᠠᠮᠢᠯᠠᠭᠤᠯᠤᠭᠴᠢ᠄ ᠭᠡᠷᠡᠯ
ᠬᠢᠨᠠᠭᠴᠢ ᠪᠠᠭᠰᠢ᠄ᠨᠤᠮᠤᠴᠢᠨ ᠪᠢᠯᠢᠭ
