ᠪᠠᠬᠠᠷᠬᠠᠬᠤ ᠡᠪᠡᠳᠴᠢᠲᠡᠳ- ᠭ· ᠴᠢᠩᠪᠠᠭᠠᠲᠤᠷБахархах өвчтөд-Г·Чинбаатар
ᠭ· ᠴᠢᠩᠪᠠᠭᠠᠳᠤᠷ
ᠪᠢᠳᠡᠨ ᠳ᠋ᠦ᠍ ᠪᠠᠬᠠᠷᠬᠠᠬᠤ ᠲᠤᠩ ᠱᠦᠭᠯᠡᠵᠡᠢ᠃《ᠬᠥᠮᠦᠨ ᠦ᠌ ᠲᠣᠯᠣᠭᠠᠢ ᠳᠡᠭᠡᠷᠡᠬᠢ ᠪᠥᠭᠡᠰᠦ ᠶ᠋ᠢ ᠣᠯᠵᠤ ᠦᠵᠡᠭᠡᠳ ᠥᠪᠡᠷ ᠦ᠋ᠨ ᠪᠡᠶ᠎ᠡ ᠳᠡᠭᠡᠷᠡᠬᠢ ᠲᠡᠮᠡᠭᠡ ᠶ᠋ᠢ ᠣᠯᠵᠤ ᠬᠠᠷᠠᠬᠤ ᠦᠭᠡᠢ》 ᠪᠡᠶ᠎ᠡ ᠪᠡᠨ ᠪᠢ ᠬᠡᠮᠡᠭᠰᠡᠨ ᠤᠩᠭᠢᠷᠠᠭ᠎ᠠ ᠬᠥᠪᠰᠥᠷ᠂ ᠣᠪᠰᠣᠭ᠎ᠠ ᠮᠠᠭᠤᠲᠠᠢ ᠠᠪᠤᠷᠢ ᠪᠠᠷ ᠪᠢᠳᠡᠨ ᠦ᠌ ᠰᠡᠳᠬᠢᠯ ᠬᠦᠴᠦ ᠠᠪᠤᠨ ᠴᠡᠨᠡᠭᠯᠡᠭᠳᠡᠵᠡᠢ᠃ ᠬᠠᠷᠢ ᠭᠠᠳᠠᠭᠠᠳᠤ ᠶ᠋ᠢᠨ ᠶᠠᠭᠤ ᠪᠦᠬᠦᠨ ᠲᠡᠷᠢᠭᠦᠨ ᠦ᠌ ᠬᠢ᠂ ᠲᠡᠳᠡᠨ ᠦ᠌ ᠣᠨᠣᠯ ᠲᠣᠮᠢᠶᠠᠯᠠᠯ᠂ ᠠᠮᠢᠳᠤᠷᠠᠯ ᠤ᠋ᠨ ᠠᠭᠠᠯᠢ ᠵᠠᠩ ᠳ᠋ᠤ᠌ ᠨᠡᠢᠴᠡᠬᠦ ᠦᠭᠡᠢ ᠯᠡ ᠪᠣᠯ ᠥᠪᠡᠷ ᠢ᠋ ᠪᠡᠨ ᠶᠠᠳᠠᠷ ᠳᠣᠷᠣᠢ᠂ ᠬᠣᠴᠣᠷᠤᠩᠭᠤᠢ ᠪᠣᠯᠬᠢ ᠭᠡᠮᠡᠨ ᠭᠣᠯᠣᠵᠤ᠂ ᠪᠤᠰᠤᠳ ᠢ᠋ ᠪᠤᠷᠬᠠᠨᠴᠢᠯᠠᠨ ᠰᠢᠲᠦᠬᠦ ᠠᠷᠴᠠᠭ᠎ᠠ ᠦᠭᠡᠢ ᠰᠤᠷᠲᠠᠯ ᠪᠢᠳᠡᠨ ᠦ᠌ ᠪᠣᠳᠣᠯ ᠳ᠋ᠤ᠌ ᠠᠳᠠᠯᠠᠵᠠᠢ᠃ ᠮᠣᠩᠭᠣᠯᠴᠤᠳ ᠬᠣᠭᠣᠷᠣᠨᠳᠣ ᠪᠠᠨ ᠬᠡᠷᠢᠶ᠎ᠡ ᠵᠠᠷᠠᠭ᠎ᠠ ᠰᠢᠭ᠋᠂ 《ᠰᠡᠭᠦᠯ ᠡᠴᠡ ᠪᠡᠨ ᠨᠠᠳᠬᠤᠵᠤ᠂ ᠰᠡᠭᠦᠳᠡᠷ ᠡᠴᠡ ᠪᠡᠨ ᠦᠷᠭᠦᠬᠦ》 ᠰᠢᠭ ᠪᠡᠶ᠎ᠡ ᠪᠡᠶ᠎ᠡ ᠡᠴᠡ ᠪᠡᠨ ᠳᠠᠢᠵᠢᠨ ᠳᠡᠷᠪᠡᠳᠡᠭ ᠦ᠋ᠨ ᠤᠴᠢᠷ ᠡᠨᠡ! ᠡᠨᠡ ᠯᠡ ᠣᠨᠢ ᠶ᠋ᠢ ᠮᠠᠨᠢ ᠬᠥᠮᠦᠨ ᠣᠯᠵᠤ ᠠᠳᠬᠤᠴᠢᠬᠠᠭᠠᠳ ᠶᠠᠰᠤ ᠬᠠᠶᠠᠵᠤ ᠪᠠᠢᠭᠰᠠᠨ ᠲᠡᠦᠬᠡ ᠪᠣᠢ ᠶᠤᠮ ᠰᠢᠦ᠃
ᠭᠠᠳᠠᠭᠠᠳᠤ ᠬᠡᠯᠡ ᠲᠥᠰᠦᠭᠡᠯᠡᠳᠡᠭ ᠨᠢ ᠤᠳᠬ᠎ᠠ ᠵᠣᠬᠢᠶᠠᠯ ᠣᠷᠣᠯᠳᠣᠳᠠᠭ ᠢ᠋ᠶ᠋ᠠᠨ᠄
ᠭᠠᠭᠴᠠᠬᠠᠨ ᠮᠠᠭᠤ ᠬᠡᠯᠡ ᠪᠡᠷ ᠵᠣᠬᠢᠶᠠᠯ ᠪᠢᠴᠢᠭᠡᠳ ᠲᠥᠬᠥᠷ ᠭᠠᠷᠬᠤ ᠶᠠᠭᠤᠮ᠎ᠠ ᠮᠥᠨ ᠤᠤ? ᠬᠡᠷᠡᠭ ᠦᠭᠡᠢ ᠶᠠᠭᠤᠮ᠎ᠠ ᠣᠷᠣᠯᠳᠣᠬᠤ ᠶᠤᠮ᠃ ᠬᠡᠯᠡ ᠮᠡᠳᠡᠬᠦ ᠦᠭᠡᠢ ᠪᠡᠷ ᠶᠠᠭᠠᠬᠢᠵᠤ ᠰᠣᠶᠣᠯᠵᠢᠬᠤ ᠪᠣᠢ᠁ ᠭᠡᠴᠢᠬᠡᠭᠰᠡᠨ ᠲᠣᠯᠣᠭᠠᠢ ᠰᠡᠵᠢᠨᠡ ᠃ ᠭᠡᠲᠡᠯ᠎ᠡ ᠲᠡᠷᠡ ᠭᠤᠸᠠᠢ ᠥᠪᠡᠷ ᠢ᠋ᠶ᠋ᠡᠨ ᠤᠷᠠᠨ ᠵᠣᠬᠢᠶᠠᠯ ᠣᠷᠣᠯᠳᠣᠬᠤ ᠶ᠋ᠢ ᠪᠦᠦ ᠬᠡᠯᠡ ᠤᠩᠰᠢᠳᠠᠭ ᠴᠤ ᠦᠭᠡᠢ᠂ ᠬᠡᠯᠡᠨ ᠦ᠌ ᠰᠤᠳᠤᠯᠭᠠᠨ ᠬᠢᠭᠡᠳ ᠬᠡᠨ ᠡᠴᠡ ᠴᠦ᠍ ᠶᠠᠭᠠᠷᠠᠤ᠃
— ᠮᠣᠩᠭᠣᠯ ᠬᠡᠯᠡ ᠨᠢ ᠬᠢᠲᠠᠳ ᠬᠡᠯᠡ ᠡᠴᠡ ᠪᠡᠨ ᠮᠠᠭᠤ᠂ ᠭᠠᠳᠠᠭᠠᠳᠤ ᠬᠡᠯᠡ ᠨᠢ ᠬᠢᠲᠠᠳ ᠬᠡᠯᠡᠨ ᠡᠴᠡ ᠨᠢ ᠠᠨᠠᠢ ᠲᠡᠭᠦᠨ ᠰᠢᠭ ᠬᠡᠯᠡᠨ ᠦ᠌ ᠡᠷᠳᠡᠮᠲᠡᠳ ᠶᠠᠮᠠᠷ ᠬᠡᠷᠡᠭ ᠪᠠᠢᠬᠤ ᠪᠣᠢ! ᠤᠷᠠᠨ ᠵᠣᠬᠢᠶᠠᠯ ᠦᠭᠡᠢ ᠪᠡᠷ ᠨᠢᠭᠡ ᠦᠨᠳᠦᠰᠦᠲᠡᠨ ᠦ᠌ ᠰᠣᠶᠣᠯ ᠢ᠋ ᠶᠠᠭᠠᠬᠢᠵᠤ ᠬᠥᠭᠵᠢᠭᠦᠯᠬᠦ ᠪᠣᠢ? ᠭᠡᠳᠡᠭ ᠨᠢ ᠰᠠᠶᠢᠬᠢ ᠤᠷᠠᠨ ᠵᠣᠬᠢᠶᠠᠯᠴᠢᠳ ᠤ᠋ᠨ ᠬᠢᠨᠢ ᠲᠣᠭᠣᠮᠰᠠᠷ ᠦᠭᠡᠢ ᠦᠭᠡ᠃
ᠠᠷᠠᠳ ᠤ᠋ᠨ ᠳᠠᠭᠤᠴᠢᠳ ᠨᠢ ᠥᠪᠡᠷ ᠢ᠋ ᠪᠡᠨ ᠦᠨᠳᠦᠰᠦᠲᠡᠨ ᠦ᠌ ᠳᠠᠭᠤᠤ ᠤᠷᠠᠯᠢᠭ ᠢ᠋ ᠤᠯᠠᠮᠵᠢᠯᠠᠨ ᠬᠥᠭᠵᠢᠭᠦᠯᠵᠦ ᠪᠣᠢ ᠭᠡᠳᠡᠭ ᠢ᠋ᠶ᠋ᠡᠷ ᠪᠡᠶ᠎ᠡ ᠪᠡᠨ ᠮᠠᠯᠠᠭᠠᠢᠯᠠᠵᠤ ᠷᠤᠺ ᠳᠠᠭᠤᠤ᠂ ᠤᠷᠤᠰᠬᠠᠯ ᠳᠠᠭᠤᠤ ᠶ᠋ᠢ ᠪᠥᠭᠡᠯᠵᠢᠰᠦ ᠨᠢ ᠬᠦᠷᠦᠮᠡᠷ ᠵᠢᠭᠰᠢᠳᠡᠭ᠃ ᠳᠠᠭᠤᠯᠠᠳᠠᠭ ᠬᠥᠮᠦᠰ ᠨᠢ ᠳᠠᠭᠤᠴᠢᠨ ᠶᠤᠮ ᠤᠤ ᠳᠠ ᠭᠡᠰᠡᠨ ᠰᠢᠭ ᠬᠠᠷᠠᠳᠠᠭ᠃ ᠷᠣᠺ ᠰᠣᠨᠢᠷᠬᠠᠳᠠᠭ᠂ ᠳᠡᠯᠭᠡᠷᠡᠮᠡᠯ ᠳᠠᠭᠤᠤ ᠶ᠋ᠢ ᠳᠠᠭᠠᠯᠠᠳᠠᠭ ᠤ᠋ᠳ ᠨᠢ ᠠᠷᠠᠳ ᠤ᠋ᠨ ᠳᠠᠭᠤᠤ ᠭᠡᠪᠡᠯ ᠬᠠᠶᠠᠭᠳᠠᠮᠠᠯ ᠬᠠᠭᠤᠴᠢᠨ ᠯᠣᠪᠰᠢ᠂ ᠴᠠᠭ ᠤ᠋ᠨ ᠥᠩᠭᠡ ᠰᠣᠶᠣᠯ ᠤ᠋ᠨ ᠬᠥᠭᠵᠢᠯᠲᠡ ᠶ᠋ᠢ ᠳᠠᠭᠠᠵᠤ ᠠᠮᠵᠢᠬᠤ ᠦᠭᠡᠢ ᠠ᠋ ᠬᠦ ᠭᠡᠴᠢᠬᠡᠭᠰᠡᠨ ᠣᠢᠰᠢᠶᠠᠮᠵᠢ ᠦᠭᠡᠢ ᠴᠢᠷᠠᠢ ᠭᠠᠷᠳᠠᠭ᠃ ᠨᠠᠮ ᠵᠠᠰᠠᠭ ᠤ᠋ᠨ ᠠᠵᠢᠯ ᠲᠠᠢ ᠨᠢ ᠨᠣᠮ ᠬᠡᠪᠯᠡᠯ ᠦ᠋ᠨ ᠤᠯᠤᠰ ᠢ᠋ᠶ᠋ᠠᠨ ᠲᠣᠭᠣᠬᠤ ᠦᠭᠡᠢ᠂ ᠮᠡᠳᠡᠯᠭᠡ ᠲᠡᠢ ᠨᠢ ᠮᠠᠢᠮᠠᠢ ᠬᠢᠳᠡᠭ ᠢ᠋ᠶ᠋ᠡᠨ ᠲᠣᠭᠣᠬᠤ ᠦᠭᠡᠢ᠂ ᠮᠠᠢᠮᠠᠢ ᠬᠢᠳᠡᠭ ᠨᠢ ᠪᠢᠷ ᠪᠠᠷᠢᠳᠠᠭ ᠢ᠋ᠶ᠋ᠠᠨ ᠲᠣᠭᠣᠬᠤ ᠦᠭᠡᠢ᠂ ᠭᠠᠳᠠᠭᠠᠳᠤ ᠳ᠋ᠤ᠌ ᠭᠠᠷᠤᠭᠰᠠᠨ ᠨᠢ ᠨᠤᠲᠤᠭ ᠤ᠋ᠨ ᠬᠢᠨᠢ ᠪᠡᠨ ᠲᠣᠭᠣᠬᠤ ᠦᠭᠡᠢ᠃ ᠥᠪᠡᠷ ᠢ᠋ ᠪᠡᠨ ᠪᠠᠬᠠᠷᠬᠠᠬᠤ ᠡᠪᠳᠴᠢᠲᠡᠳ ᠮᠠᠨᠢ ᠪᠡᠶ᠎ᠡ ᠪᠡᠶ᠎ᠡ ᠲᠣᠭᠣᠬᠤ ᠦᠭᠡᠢ᠃
ᠠᠵᠢᠯ ᠳ᠋ᠤ᠌ ᠭᠠᠷᠤᠭᠰᠠᠨ ᠤ᠋ ᠳᠠᠷᠠᠭᠠᠬᠠᠨ ᠯᠠ ᠶᠤᠮᠰᠠᠨ ᠳᠠ᠃ ᠨᠡᠪᠲᠡᠷᠡᠭᠦᠯᠭᠡ ᠪᠡᠷ ᠳᠠᠮᠵᠢᠨ ᠰᠣᠨᠣᠰᠤᠭᠴᠢᠳ ᠲᠠᠢ ᠮᠢᠨᠢ ᠴᠠᠭᠠᠨ ᠰᠠᠷ᠎ᠠ ᠶ᠋ᠢᠨ ᠮᠡᠨᠳᠦ ᠮᠡᠳᠡᠯᠴᠡᠬᠦ ᠭᠡᠰᠡᠨ《ᠵᠣᠴᠢᠳ》 ᠮᠠᠨᠢ ᠮᠢᠨᠦ ᠳᠥᠬᠥᠮᠬᠡᠨ ᠲᠠᠨᠢᠯᠴᠠᠭᠤᠯᠭ᠎ᠠ ᠳ᠋ᠤ᠌ ᠲᠠᠪᠠ ᠦᠭᠡᠢᠳᠡᠭᠰᠡᠨ ᠪᠣᠯᠤᠯᠲᠠᠢ᠄
— ᠦᠭᠡᠢ ᠴᠢ ᠶᠡᠷᠦ ᠨᠢ ᠮᠢᠨᠦ ᠬᠦᠷᠲᠡᠭᠰᠡᠨ ᠱᠠᠩᠨᠠᠯ ᠬᠡᠳᠦ᠂ ᠲᠥᠷᠥ ᠶ᠋ᠢᠨ ᠱᠠᠩᠨᠠᠯ᠂ ᠣᠷᠣᠨ ᠤ᠋ ᠱᠠᠩᠨᠠᠯ᠁ ᠭᠡᠬᠦᠴᠢᠯᠡᠨ ᠶᠠᠷᠢᠪᠠᠯ ᠪᠣᠯᠬᠤ ᠦᠭᠡᠢ ᠦᠦ? ᠭᠡᠳᠡᠭ ᠪᠠᠢᠨ᠎ᠠ᠃ ᠲᠡᠭᠡᠬᠦ ᠳ᠋ᠦ᠍ ᠡᠨᠡ ᠭᠤᠸᠠᠢ ᠴᠤ᠌ ᠥᠪᠡᠷ ᠢ᠋ ᠪᠡᠨ ᠪᠠᠬᠠᠷᠬᠠᠬᠤ ᠡᠪᠡᠳᠴᠢᠲᠡᠨ ᠪᠣᠯᠵᠠᠢ ᠳᠠ ᠂ᠬᠥᠭᠡᠷᠦᠬᠦᠢ ᠭᠡᠵᠦ ᠪᠢ ᠰᠠᠨᠠᠭᠰᠠᠨ᠃
ᠬᠡᠨ ᠨᠢᠭᠡ ᠨᠢ ᠥᠭᠡᠳᠡ ᠲᠡᠢ᠂ ᠥᠩᠭᠡ ᠲᠡᠢ ᠭᠢᠯᠠᠷᠠᠭᠤᠯᠵᠤ ᠪᠠᠢᠪᠠᠯ《ᠲᠡᠭᠦᠨ ᠢ᠋ ᠴᠢᠨᠢ ᠪᠢ ᠯᠡ ᠢᠩᠭᠢ ᠴᠢᠩᠭᠢ ᠭᠡᠰᠡᠨ ᠦ᠌ ᠰᠠᠢᠨ ᠢ᠋ᠶ᠋ᠠᠷ ᠯᠠ ᠪᠢᠵᠡ ᠳᠡ᠂ ᠦᠭᠡᠢ ᠪᠣᠯ ᠤᠤ᠁》 ᠭᠡᠳᠡᠭ᠃ ᠡᠰᠡᠬᠦᠯ᠎ᠡ《ᠦ ᠶᠠᠭᠠᠬᠢᠬᠤ ᠪᠣᠢ᠂ ᠬᠡᠨ ᠴᠦ᠍ ᠭᠡᠳ ᠬᠢᠳᠡᠭ ᠯᠡ ᠠᠵᠢᠯ᠂ ᠪᠢᠳᠡᠨᠦᠰ ᠬᠢᠭᠰᠡᠨ ᠴᠦ᠍ ᠴᠢᠳᠠᠨ᠎ᠠ ᠳᠠ 》 ᠭᠡᠵᠡᠭᠡᠳᠡᠭ᠃
ᠪᠢᠳᠡ ᠴᠢᠨᠢ ᠢᠩᠭᠢᠵᠦ ᠯᠡ ᠬᠠᠨᠢ ᠪᠠᠨ ᠠᠲᠠᠯᠠᠵᠤ᠂ ᠨᠥᠬᠥᠷ ᠢ᠋ᠶ᠋ᠡᠨ ᠴᠠᠢᠪᠠᠢᠵᠤ᠂ ᠡᠭᠦᠨ ᠢ᠋ ᠬᠢᠪᠡᠯ ᠲᠡᠭᠦᠨ ᠢ᠋ ᠲᠣᠭᠣᠬᠤ ᠦᠭᠡᠢ᠂ ᠶᠣᠰᠣᠲᠠᠢ ᠯᠠ ᠥᠪᠡᠷ ᠢ᠋ ᠪᠠᠨ ᠪᠠᠬᠠᠷᠠᠬᠤ ᠲᠤᠩ ᠱᠦᠭᠯᠡᠵᠦ ᠭᠦᠢᠴᠡᠵᠡᠢ᠃ ᠨᠠᠢ᠍ᠮᠠᠨ ᠵᠠᠭᠤᠨ ᠤ᠋ ᠡᠮᠦᠨᠡᠬᠢ ᠮᠣᠩᠭᠣᠯᠴᠤᠳ ᠤ᠋ᠨ ᠠᠯᠳᠠᠷ ᠨᠡᠷ᠎ᠡ ᠪᠢᠳᠡᠨ ᠳ᠋ᠦ᠍ ᠠᠰᠤᠷᠤ ᠲᠣᠮᠣ ᠮᠠᠯᠠᠭᠠᠢ ᠡᠮᠦᠰᠬᠡᠵᠦ᠂ ᠡᠨᠡ ᠮᠠᠯᠠᠭᠠᠢ ᠶ᠋ᠢᠨ ᠳᠣᠣᠷ᠎ᠠ ᠪᠢᠳᠡ ᠰᠡᠷᠡᠭᠦᠨ ᠢ᠋ᠶ᠋ᠡᠷ ᠢ᠋ᠶ᠋ᠡᠨ ᠵᠡᠭᠦᠳᠦᠯᠡᠵᠦ ᠶᠠᠪᠤᠳᠠᠭ ᠪᠣᠯᠤᠯ᠎ᠠ᠃ ᠳᠡᠯᠡᠬᠡᠢ ᠳ᠋ᠠᠬᠢᠨ ᠢ᠋ᠶ᠋ᠠᠷ ᠢ᠋ᠶ᠋ᠠᠨ ᠪᠢᠳᠡᠨ ᠳ᠋ᠦ᠍ ᠡᠨᠡ ᠮᠠᠯᠠᠭᠠᠢ ᠶ᠋ᠢ ᠳᠤᠷᠠᠲᠠᠢ ᠡᠮᠦᠰᠬᠡᠵᠦ᠂ ᠮᠠᠯᠠᠭᠠᠢ ᠶ᠋ᠢᠨ ᠲᠠᠯᠪᠢᠭᠤᠷ᠂ ᠮᠢᠬᠠᠨ ᠲᠤᠯᠤᠮ ᠪᠣᠯᠤᠭᠰᠠᠨ ᠪᠢᠳᠡᠨ ᠦ᠌ ᠣᠪᠵᠢᠩ ᠮᠠᠭᠤᠬᠠᠢ ᠠᠭᠠᠰᠢᠯᠠᠬᠤ ᠶ᠋ᠢ ᠰᠠᠮᠵᠠ ᠬᠠᠷᠠᠭᠰᠠᠨ ᠰᠢᠭ᠋ ᠱᠣᠬᠣᠭᠣᠷᠬᠠᠨ ᠬᠥᠬᠥᠷᠡᠯᠳᠦᠵᠦ ᠪᠠᠢᠨ᠎ᠠ᠃
ᠬᠥᠮᠦᠨ ᠦ᠌ ᠭᠠᠳᠠᠭᠠᠳᠤ ᠤᠯᠤᠰ ᠢ᠋ ᠦᠵᠡ᠁ ᠭᠡᠵᠦ ᠦᠭᠡ ᠡᠬᠢᠯᠡᠭᠦᠯᠳᠡᠭ ᠨᠢ ᠪᠤᠰᠤᠳ ᠢ᠋ ᠪᠠᠬᠠᠷᠬᠠᠳᠠᠭ ᠮᠠᠨ ᠤ᠋ ᠬᠢᠳ᠃ ᠬᠠᠰᠢ ᠯᠠ ᠭᠠᠳᠠᠭᠠᠳᠤ ᠶ᠋ᠢᠨ ᠬᠢᠨ ᠠ᠋᠃ ᠬᠥᠮᠦᠨ ᠦ᠌ ᠲᠡᠷᠡ ᠰᠣᠶᠣᠯ᠂ ᠬᠥᠮᠦᠨ ᠦ᠌ ᠲᠡᠷᠡ ᠲᠧᠭᠨᠢᠭ᠂ ᠬᠥᠮᠦᠨ ᠦ᠌ ᠲᠡᠷᠡ ᠪᠡᠶ᠎ᠡ ᠪᠢᠯᠳᠠᠷ᠂ ᠬᠥᠮᠦᠨ ᠦ᠌ ᠲᠡᠷᠡ ᠠᠮᠢᠳᠤᠷᠠᠯ᠂ ᠬᠥᠮᠦᠨ ᠦ᠌ ᠲᠡᠷᠡ ᠡᠷᠬᠡ ᠳᠤᠷ᠎ᠠ᠂ ᠬᠥᠮᠦᠨ ᠦ᠌ ᠲᠡᠷᠡ᠁ ᠪᠠᠬᠠᠷᠬᠠᠭᠠᠳ ᠪᠠᠷᠠᠰᠢ ᠦᠭᠡᠢ᠃ ᠮᠠᠨᠤᠰ ᠲᠤ ᠶᠠᠭᠤ ᠪᠠᠢᠬᠤ ᠪᠣᠢ? ᠮᠠᠢᠵᠢᠭᠢ ᠮᠣᠩᠭᠣᠯ ᠭᠡᠷ ᠪᠢᠰᠢ ᠪᠣᠯ ᠶᠠᠶ᠋ᠢᠵᠢᠬᠢ ᠰᠢᠪᠠᠷ ᠪᠠᠢᠰᠢᠩ᠂ ᠮᠣᠷᠢ ᠯᠠ ᠪᠢᠰᠢ ᠪᠣᠯ ᠮᠠᠭᠤ ᠪᠠᠯᠪᠠᠳᠠᠭ ᠮᠣᠲ᠋ᠣᠷ᠂ ᠬᠣᠨᠢᠨ ᠤ᠋ ᠪᠥᠭᠰᠡ ᠳᠠᠭᠠᠭᠠᠳ ᠪᠠᠭ᠎ᠠ ᠯᠠ ᠶᠠᠭᠤᠮ᠎ᠠ ᠪᠣᠯ ᠠᠪᠤ ᠵᠠᠩᠨᠠᠨ᠎ᠠ ᠡᠵᠢ ᠦᠭᠡᠯᠡᠨ᠎ᠡ᠁ ᠠᠢ! ᠭᠡᠵᠡᠭᠡᠨ᠎ᠡ᠃ ᠭᠠᠳᠠᠭᠠᠳᠤ ᠬᠡᠯᠡ ᠲᠡᠢ ᠨᠢ ᠠᠩᠭ᠌ᠯᠢ ᠬᠡᠯᠡ ᠴᠢᠨᠢ ᠳᠡᠯᠡᠬᠡᠢ ᠶ᠋ᠢᠨ ᠬᠡᠯᠡ᠃ ᠡᠭᠦᠨ ᠢ᠋ ᠰᠤᠷᠬᠤ ᠦᠭᠡᠢ ᠪᠣᠯ ᠰᠣᠬᠣᠷ ᠭᠡᠰᠡᠨ ᠦᠭᠡ ᠭᠡᠨ᠎ᠡ᠃ ᠤᠳᠬ᠎ᠠ ᠵᠣᠬᠢᠶᠠᠯ ᠣᠷᠣᠯᠳᠣᠳᠠᠭ ᠭᠠᠳᠠᠭᠠᠳᠤ ᠶ᠋ᠢᠨ ᠣᠨᠣᠯ᠂ ᠭᠠᠳᠠᠭᠠᠳᠤ ᠶ᠋ᠢᠨ ᠰᠢᠯᠦᠭ ᠵᠣᠬᠢᠶᠠᠯ ᠭᠡᠳ ᠰᠢᠯᠦᠰᠦᠨ ᠳ᠋ᠡᠭᠡᠨ ᠬᠠᠬᠠᠨ᠎ᠠ᠃ ᠳᠠᠷᠠᠭ᠎ᠠ ᠨᠢ ᠭᠠᠳᠠᠭᠠᠳᠤ ᠶ᠋ᠢᠨ ᠮᠠᠰᠢᠨ ᠡᠳ᠋ᠯᠡᠨ᠎ᠡ᠃ ᠬᠦᠦᠴᠦᠦᠯ ᠨᠢ ᠭᠠᠳᠠᠭᠠᠳᠤ ᠬᠡᠦᠬᠡᠨ ᠭᠡᠨ᠎ᠡ᠃ ᠬᠡᠦᠬᠡᠨᠴᠦᠦᠯ ᠭᠠᠳᠠᠭᠠᠳᠤ ᠵᠠᠯᠠᠭᠤ ᠭᠡᠨ᠎ᠡ᠃ ᠬᠤᠪᠴᠠᠰᠤ ᠠᠪᠤᠪᠠᠴᠤ ᠭᠠᠳᠠᠭᠠᠳᠤ ᠮᠠᠶᠢᠭ ᠤ᠋ᠨ ᠬᠢ ᠨᠢ ᠭᠡᠵᠦ ᠰᠢᠯᠢᠨᠡ᠁ ᠶᠠᠭᠤ ᠪᠣᠯᠭᠠᠨ ᠳ᠋ᠤ᠌ ᠭᠠᠳᠠᠭᠠᠳᠤ ᠶ᠋ᠢᠨ ᠬᠢ ᠢᠩᠭᠢᠵᠦ ᠪᠠᠢᠨ᠎ᠠ᠂ ᠲᠡᠭᠡᠵᠦ ᠪᠠᠢᠨ᠎ᠠ ᠭᠡᠵᠦ ᠳᠠᠭᠤᠷᠢᠶᠠᠯ ᠪᠣᠯᠭᠠᠨ᠎ᠠ᠃ ᠠᠷᠠᠳ ᠤ᠋ᠨ ᠮᠠᠨᠢ ᠰᠡᠴᠡᠨ ᠦᠭᠡᠨ ᠳ᠋ᠦ᠍《ᠬᠥᠮᠦᠨ ᠦ᠌ ᠲᠣᠰᠣᠨ ᠠ᠋ᠴᠠ ᠥᠪᠡᠷ ᠦ᠋ᠨ ᠬᠤᠰᠤᠮ ᠠᠮᠲᠠᠲᠠᠢ》 ᠭᠡᠳᠡᠭ᠃ ᠣᠳᠣ ᠴᠤ ᠪᠣᠯ《ᠥᠪᠡᠷ ᠦ᠋ᠨ ᠲᠣᠰᠣᠨ ᠠ᠋ᠴᠠ ᠬᠥᠮᠦᠨ ᠦ᠌ ᠬᠤᠰᠤᠮ ᠠᠮᠲᠠᠲᠠᠢ》 ᠭᠡᠳᠡᠭ ᠨᠢ ᠪᠣᠯᠴᠢᠬᠠᠭᠰᠠᠨ ᠴᠢᠷᠠᠢ!
ᠪᠢᠳᠡ ᠥᠪᠡᠷ ᠢ᠋ ᠪᠡᠨ ᠬᠡᠨ ᠡᠴᠡ ᠴᠦ᠍ ᠢᠯᠡᠭᠦᠦ ᠪᠠᠬᠠᠷᠬᠠᠨ᠎ᠠ᠂《ᠬᠥᠮᠦᠨ》 ᠢ᠋ ᠪᠡᠶ᠎ᠡ ᠡᠴᠡ ᠪᠡᠨ ᠢᠯᠡᠭᠦᠦ ᠪᠠᠬᠠᠷᠬᠠᠨ᠎ᠠ᠃ ᠭᠠᠭᠴᠠ ᠯᠠ ᠥᠪᠡᠷ ᠬᠣᠭᠣᠷᠣᠨᠳᠣ ᠪᠠᠨ ᠬᠡᠨ ᠢ᠋ᠶ᠋ᠡᠨ ᠴᠦ᠍᠂ ᠶᠠᠭᠤ ᠪᠠᠨ ᠴᠤ ᠪᠠᠬᠠᠷᠬᠠᠬᠤ ᠦᠭᠡᠢ ᠶᠦᠮ ᠳᠡ᠃ ᠮᠣᠩᠭᠣᠯᠴᠤᠳ ᠬᠣᠭᠣᠷᠣ ᠬᠣᠭᠣᠷᠣᠨᠳᠣ ᠪᠠᠨ ᠣᠭᠲᠣ ᠪᠠᠬᠠᠷᠬᠠᠬᠤ ᠶᠠᠭᠤᠮ᠎ᠠ ᠦᠭᠡᠢ ᠪᠣᠯᠴᠢᠬᠠᠭᠰᠠᠨ ᠤᠤ? ᠡᠰᠡᠬᠦᠯ᠎ᠡ ᠪᠢᠳᠡ ᠪᠡᠶ᠎ᠡ ᠪᠡᠨ ᠪᠠᠬᠠᠷᠬᠠᠭᠠᠳ ᠪᠤᠰᠤᠳ ᠢ᠋ ᠪᠠᠬᠠᠷᠬᠠᠬᠤ ᠵᠠᠪ ᠦᠭᠡᠢ ᠪᠠᠢᠨ᠎ᠠ ᠤᠤ? ᠶᠠᠰᠤ ᠪᠤᠯᠢᠶᠠᠯᠴᠠᠬᠤ ᠨᠣᠬᠠᠢ ᠰᠢᠭ᠋ ᠪᠡᠶ᠎ᠡ ᠪᠡᠶ᠎ᠡ ᠪᠡᠨ ᠭᠢᠯᠠᠢᠬᠤ ᠶᠤᠮ᠃
ᠶᠠᠭᠤᠲᠠᠢ ᠴᠤ ᠭᠡᠰᠡᠨ ᠪᠢᠳᠡᠨ ᠳ᠋ᠦ᠍ ᠪᠠᠬᠠᠷᠬᠠᠬᠤ ᠲᠤᠩ ᠲᠣᠰᠴᠤ ᠳᠠ᠃ ᠲᠩᠷᠢ ᠮᠢᠨᠢ!
————————
① ( ᠡᠨᠡ ᠵᠣᠬᠢᠶᠠᠯ《ᠤᠷᠤᠭ ᠭᠡᠷ ᠪᠦᠯᠢ ᠨᠡᠢᠭᠡᠮ》 ᠰᠡᠳᠬᠦᠯ ᠦ᠋ᠨ2000 ᠣᠨ ᠤ᠋6 ᠳ᠋ᠤᠭᠠᠷ ᠬᠤᠭᠤᠴᠠᠭ᠎ᠠ ᠳ᠋ᠤ᠌ ᠨᠡᠢᠲᠡᠯᠡᠭᠳᠡᠭᠰᠡᠨ ᠪᠠᠢᠵᠠᠢ᠃
ᠦᠰᠦᠭ ᠠᠮᠢᠯᠠᠭᠤᠯᠤᠭᠴᠢ ᠄ᠢᠳᠰᠢᠩᠬᠣᠷᠯᠣ᠂ ᠨᠠᠷᠠᠨᠲᠤᠶᠠᠭ᠎ᠠ᠂ ᠭᠡᠷᠡᠯ ᠂
ᠬᠢᠨᠠᠭᠴᠢ ᠪᠠᠭᠰᠢ᠄ ᠣᠳᠬᠠᠨᠰᠣ᠎ᠠ
