《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠵᠢᠷᠠᠨ ᠨᠢᠭᠡᠳᠦᠭᠡᠷ ᠪᠦᠯᠦᠭ> "Хөх судар" он нөхвөр дэвтэр - Инжинаш <Жаран нэгдүгээр бүлэг>
《ᠬᠥᠬᠡ ᠰᠤᠳᠤᠷ》 ᠤᠨ ᠨᠥᠬᠥᠪᠦᠷᠢ ᠲᠡᠪᠲᠡᠷ - ᠵᠢᠷᠠᠨ ᠨᠢᠭᠡᠳᠦᠭᠡᠷ ᠪᠦᠯᠦᠭ
ᠤᠯᠠᠭᠴᠢᠨ ᠲᠠᠤᠯᠠᠢ ᠵᠢᠯ ᠡᠨᠳᠡ ᠡᠴᠡ ᠡᠬᠢᠯᠡᠪᠡ᠂ ᠲᠠᠢᠽᠦ ᠬᠠᠭᠠᠨ ᠳᠥᠴᠢᠨ ᠵᠢᠷᠭᠤᠭᠠᠨ ᠰᠡᠭᠦᠳᠡᠷᠯᠡᠪᠡ᠂ ᠶᠡᠬᠡ ᠶᠤᠸᠠᠨ ᠤᠯᠤᠰ ᠤ᠋ᠨ ᠴᠢᠩᠭᠢᠰ ᠬᠠᠭᠠᠨ ᠤ᠋ ᠬᠣᠶᠠᠳᠤᠭᠠᠷ ᠣᠨ ᠤᠯᠠᠭᠴᠢᠨ ᠲᠠᠤᠯᠠᠢ ᠵᠢᠯ᠂ ᠳᠤᠮᠳᠠᠳᠤ ᠠᠯᠲᠠᠨ ᠤᠯᠤᠰ ᠤ᠋ᠨ ᠵᠠᠩᠽᠦ᠋ᠩ ᠬᠠᠭᠠᠨ ᠤ᠋ ᠳᠠᠢ ᠾᠧ ᠬᠡᠮᠡᠬᠦ ᠶ᠋ᠢᠨ ᠳᠣᠯᠣᠳᠤᠭᠠᠷ ᠣᠨ᠂ ᠡᠮᠦᠨᠡᠲᠦ ᠰᠥᠩ ᠤᠯᠤᠰ ᠤ᠋ᠨ ᠨᠢᠩᠽᠥ᠋ᠩ ᠬᠠᠭᠠᠨ ᠤ᠋ ᠺᠠᠢ ᠰᠢ ᠬᠡᠮᠡᠬᠦ ᠶ᠋ᠢᠨ ᠭᠤᠷᠪᠠᠳᠤᠭᠠᠷ ᠣᠨ᠃
ᠵᠢᠷᠠᠨ ᠨᠢᠭᠡᠳᠦᠭᠡᠷ ᠪᠦᠯᠦᠭ
ᠪᠣᠭᠳᠠ ᠴᠢᠩᠭᠢᠰ ᠨᠡᠷ᠎ᠡ ᠦᠭᠡᠢ ᠴᠡᠷᠢᠭ ᠢ᠋ ᠦᠯᠦ ᠬᠡᠷᠡᠭᠯᠡᠨ ᠠᠯᠲᠠᠨ ᠤᠯᠤᠰ ᠢ᠋ ᠠᠪᠬᠤ ᠦᠭᠡᠢ
ᠪᠤᠷᠤᠩᠬᠤᠢ ᠠᠮᠪᠠᠬᠠᠢ ᠨᠢᠭᠡᠳᠬᠦ ᠥᠬᠡᠢ ᠠᠢᠮᠠᠭ ᠢ᠋ ᠡᠯᠰᠡᠵᠦ ᠠᠯᠤᠰ ᠬᠢᠵᠠᠭᠠᠷ ᠢ᠋ ᠠᠪᠠ ᠳ᠋ᠤᠷ ᠣᠷᠣᠭᠤᠯᠤᠮᠤᠢ
ᠳᠡᠯᠡᠬᠡᠢ ᠳ᠋ᠠᠬᠢᠨ ᠢ᠋ ᠲᠤᠯᠭᠤᠷ ᠪᠠᠢᠭᠤᠯᠬᠤᠢ ᠳ᠋ᠤᠷ ᠳᠡᠭᠡᠳᠦ ᠪᠣᠭᠳᠠ ᠬᠡᠷᠡᠭᠲᠡᠢ
ᠳᠡᠭᠡᠷ᠎ᠡ ᠳᠣᠣᠷ᠎ᠠ ᠶ᠋ᠢ ᠲᠣᠭᠲᠠᠭᠠᠨ ᠵᠠᠰᠠᠭᠯᠠᠬᠤᠢ ᠳ᠋ᠤᠷ ᠳᠡᠯᠭᠡᠷᠡᠭᠦᠯᠬᠦ ᠲᠡᠭᠷᠢ ᠲᠦᠷᠦᠮᠦᠢ᠃
ᠳᠡᠭᠡᠷᠡᠩᠭᠦᠢ ᠲᠦᠷᠢᠮᠡᠬᠡᠢ ᠶ᠋ᠢ ᠲᠣᠰᠴᠤ ᠨᠣᠮᠣᠬᠠᠳᠬᠠᠬᠤᠢ ᠳ᠋ᠤᠷ ᠲᠠᠮᠲᠤ ᠪᠠᠭᠠᠲᠤᠷ ᠣᠷᠣᠮᠤᠢ
ᠳᠡᠰ ᠵᠡᠷᠭᠡ ᠶ᠋ᠢ ᠢᠯᠭᠠᠨ ᠴᠢᠳᠠᠬᠤᠢ ᠳ᠋ᠤᠷ ᠳᠡᠯᠭᠡᠯᠳᠦ ᠡᠵᠡᠨ ᠳᠡᠰᠯᠡᠭᠦᠯᠦᠮᠦᠢ᠃
ᠲᠡᠨᠳᠡᠴᠡ ᠨᠢᠳᠤᠨᠤᠨ ᠵᠢᠯ ᠦ᠋ᠨ ᠳᠣᠣᠷ᠎ᠠ ᠠᠯᠲᠠᠨ ᠤᠯᠤᠰ ᠠᠨᠤ ᠰᠥᠩ ᠤᠯᠤᠰ ᠢ᠋ ᠪᠠᠢᠯᠳᠤᠵᠤ ᠮᠠᠰᠢ ᠶᠡᠬᠡ ᠣᠯᠵᠠ ᠠᠰᠢᠭ ᠡᠳ᠋ ᠠᠭᠤᠷᠠᠰᠤᠨ ᠣᠯᠵᠤ ᠣᠮᠣᠭᠰᠢᠭᠰᠠᠨ ᠪᠠᠢᠳᠠᠯ ᠢ᠋ ᠮᠡᠳᠡᠭᠡᠳ ᠮᠣᠩᠭᠣᠯ ᠢᠷᠭᠡᠨ ᠣᠯᠠᠨ ᠰᠠᠢᠳ ᠨᠠᠷ ᠰᠡᠳᠬᠢᠯ ᠬᠥᠳᠡᠯᠵᠦ᠂ ᠠᠯᠲᠠᠨ ᠤᠯᠤᠰ ᠤ᠋ᠨ ᠠᠷᠤ ᠶ᠋ᠢᠨ ᠬᠣᠢᠨ᠎ᠠ ᠠ᠋ᠴᠠ ᠪᠠᠢᠯᠳᠤᠨ ᠣᠷᠣᠵᠤ᠂ ᠲᠡᠭᠦᠨ ᠦ᠌ ᠣᠯᠤᠭᠰᠠᠨ ᠣᠯᠵᠠ ᠠᠰᠢᠭ ᠢ᠋ ᠠᠨᠤ ᠪᠠᠬᠠᠨ ᠬᠤᠪᠢᠶᠠᠷᠢᠯᠠᠨ ᠣᠯᠰᠤᠭᠠᠢ ᠬᠡᠮᠡᠭᠰᠡᠨ ᠢ᠋ ᠴᠡᠷᠢᠭ ᠦ᠋ᠨ ᠶᠡᠬᠡ ᠵᠢᠨᠦᠩ ᠮᠤᠬᠤᠯᠢ᠂ ᠳᠡᠭᠡᠳᠦ ᠡᠵᠡᠨ ᠦ᠌ ᠦᠯᠦ ᠲᠣᠭᠲᠠᠭᠠᠬᠤ ᠶ᠋ᠢ ᠮᠠᠲᠠᠨᠠᠮ ᠪᠥᠭᠡᠳ ᠶᠠᠭᠤᠨᠳᠤ ᠠᠢᠯᠠᠳᠬᠠᠵᠤ ᠡᠰᠢᠯᠡᠪᠡ ? ᠬᠡᠮᠡᠪᠡᠰᠦ᠂ ᠡᠨᠡ ᠤᠳᠠᠭ᠎ᠠ ᠳ᠋ᠤᠷ ᠳᠡᠭᠡᠷ᠎ᠡ ᠡᠵᠡᠨ ᠦ᠌ ᠦᠯᠦ ᠲᠣᠭᠲᠠᠭᠠᠬᠤ ᠶ᠋ᠢ ᠬᠡᠳᠦᠢᠪᠡᠷ ᠢᠯᠡᠷᠬᠡᠢ ᠮᠡᠳᠡᠪᠡᠴᠦ᠂ ᠣᠯᠠᠨ ᠲᠦᠮᠡᠨ ᠨᠣᠶᠠᠳ ᠶᠡᠬᠡᠰ᠂ ᠰᠠᠢᠳ ᠲᠦᠰᠢᠮᠡᠳ ᠦ᠋ᠨ ᠰᠡᠳᠬᠢᠯ ᠨᠢᠭᠡᠳᠴᠦ᠂ ᠡᠮᠦᠨ᠎ᠡ ᠵᠦᠭ ᠳᠠᠢᠯᠠᠬᠤ ᠶ᠋ᠢ ᠰᠠᠨᠠᠭᠠᠨ ᠳ᠋ᠤᠷ ᠲᠠᠯᠪᠢᠵᠤ ᠪᠠᠢᠬᠤ ᠶ᠋ᠢ ᠦᠵᠡᠭᠡᠳ᠂ ᠳᠣᠲᠣᠷ᠎ᠠ ᠪᠠᠨ ᠲᠡᠭᠷᠢ ᠶ᠋ᠢᠨ ᠵᠦᠭ ᠵᠠᠯᠪᠠᠷᠢᠨ᠂ ᠮᠠᠰᠢᠳᠠ ᠪᠠᠶᠠᠷᠯᠠᠵᠤ:《ᠣᠯᠠᠨ ᠤ᠋ ᠰᠠᠨᠠᠭ᠎ᠠ ᠬᠡᠮᠡᠭᠴᠢ ᠲᠡᠭᠷᠢ ᠶ᠋ᠢᠨ ᠰᠠᠨᠠᠭ᠎ᠠ ᠪᠣᠯᠠᠢ᠃ ᠣᠯᠠᠨ ᠢ᠋ᠶ᠋ᠠᠷ ᠦᠨᠡᠬᠡᠷ ᠴᠥᠮ ᠡᠢᠮᠦ ᠪᠥᠭᠡᠰᠦ ᠡᠨᠡ ᠮᠡᠲᠦ ᠦᠨᠡᠨ ᠲᠩᠷᠢᠯᠢᠭ ᠬᠠᠭᠠᠨ ᠡᠵᠡᠨ ᠢ᠋ ᠪᠠᠷᠢᠵᠤ ᠪᠠᠢᠭᠠᠳ ᠡᠳᠦᠢᠴᠢᠨᠡᠭᠡᠨ ᠪᠦᠬᠦᠨ ᠦ᠌ ᠰᠡᠳᠬᠢᠯ ᠬᠠᠮᠲᠤᠳᠠᠭᠰᠠᠨ ᠳ᠋ᠤᠷ ᠡᠮᠦᠨᠡᠰᠢ ᠵᠦᠭ ᠳᠠᠢᠯᠠᠬᠤ ᠶ᠋ᠢ ᠡᠭᠦᠰᠬᠡᠨ ᠰᠡᠳᠦᠭᠰᠡᠨ ᠳ᠋ᠦ᠍ᠷ ᠶᠠᠮᠪᠠᠷ ᠦᠯᠦ ᠪᠦᠲᠦᠬᠦ ᠭᠠᠵᠠᠷ ᠪᠣᠢ ! 》 ᠭᠡᠮᠡᠨ ᠣᠯᠠᠨ ᠤ᠋ ᠰᠠᠨᠠᠭᠠᠨ ᠳ᠋ᠤᠷ ᠪᠠᠶᠠᠷᠯᠠᠨ ᠠᠢᠯᠠᠳᠬᠠᠵᠤ᠂ ᠣᠯᠠᠨ ᠨᠡᠢᠲᠡ ᠶ᠋ᠢᠨ ᠰᠡᠳᠬᠢᠯ ᠳ᠋ᠦ᠍ᠷ ᠡᠮᠦᠨᠡᠰᠢ ᠵᠦᠭ ᠳᠠᠢᠯᠠᠬᠤ ᠵᠣᠷᠢᠭ ᠰᠠᠨᠠᠭᠠᠨ ᠪᠠᠢᠬᠤ ᠶ᠋ᠢ ᠪᠣᠭᠳᠠ ᠡᠵᠡᠨ ᠳ᠋ᠦ᠍ᠷ ᠡᠷᠳᠡᠰᠡ ᠤᠬᠠᠭᠤᠯᠤᠨ ᠰᠡᠷᠭᠦᠭᠡᠬᠦᠢ ᠶ᠋ᠢᠨ ᠰᠠᠨᠠᠭ᠎ᠠ ᠠᠵᠤᠭᠤ᠃ ᠡᠵᠡᠨ ᠵᠢᠨᠦᠩ ᠬᠣᠶᠠᠭᠤᠯᠠ ᠶ᠋ᠢᠨ ᠳᠣᠲᠣᠷ᠎ᠠ ᠭᠦᠨ᠎ᠡ ᠪᠡᠶᠡᠰᠴᠦ᠂ ᠬᠠᠭᠠᠨ ᠡᠵᠡᠨ᠂ ᠵᠢᠨᠦᠩ ᠢ᠋ᠶ᠋ᠡᠨ ᠬᠠᠷᠠᠵᠤ ᠦᠵᠡᠮᠡᠭᠴᠡ᠂ ᠬᠠᠷᠢᠯᠴᠠᠨ ᠰᠠᠨᠠᠭᠠᠨ ᠢ᠋ᠶ᠋ᠠᠨ ᠮᠡᠳᠡᠯᠴᠡᠭᠡᠳ ᠬᠠᠮᠲᠤᠪᠠᠷ ᠴᠥᠮ ᠳᠡᠭᠡᠭᠰᠢ ᠲᠡᠭᠷᠢ ᠶ᠋ᠢ ᠬᠠᠷᠠᠵᠤ᠂ ᠬᠠᠭᠠᠨ ᠪᠠᠬᠠᠨ ᠮᠦᠰᠢᠶᠡᠮᠰᠦᠭᠯᠡᠭᠰᠡᠨᠡ᠂ ᠰᠠᠢᠳ ᠰᠠᠬᠠᠯ ᠢ᠋ᠶ᠋ᠠᠨ ᠳᠠᠷᠤᠨ ᠮᠥᠨ ᠢᠨᠢᠶᠡᠪᠡ᠃ ᠲᠥᠷᠥ ᠶ᠋ᠢᠨ ᠲᠦᠮᠡᠨ ᠲᠦᠰᠢᠮᠡᠳ᠂ ᠡᠨᠡ ᠠᠢᠯᠠᠳᠬᠠᠯ ᠯᠠᠪ ᠲᠣᠭᠲᠠᠮᠤᠢ ᠶᠠ ᠭᠡᠮᠡᠨ ᠪᠠᠶᠠᠷᠯᠠᠯᠴᠠᠬᠤᠶᠠ ᠬᠠᠵᠠᠭᠤ ᠠ᠋ᠴᠠ ᠬᠠᠪᠤᠲᠤ ᠴᠢᠨ ᠸᠠᠩ ᠲᠡᠷᠢᠭᠦᠯᠡᠨ᠂ ᠨᠠᠭᠠᠴᠤ ᠨᠣᠶᠠᠨ ᠰᠠᠢᠬᠠᠨ ᠰᠤᠷᠲᠠᠯᠲᠤ᠂ ᠵᠠᠮᠪᠠᠯ᠂ ᠠᠯᠲᠠᠨᠱᠠᠭ᠎ᠠ᠂ ᠲᠠᠴᠢᠩᠬᠤᠷᠯᠤᠤ᠂ ᠢᠯᠠᠭᠤᠭᠰᠠᠨ ᠲᠠᠨ ᠤ᠋ ᠵᠡᠷᠭᠡ ᠶ᠋ᠢᠨ ᠨᠣᠶᠠᠳ ᠢᠨᠢᠶᠡᠯᠴᠡᠨ ᠦᠭᠦᠯᠡᠯᠳᠦᠷᠦᠨ:
《ᠡᠨᠡ ᠠᠢᠯᠠᠳᠬᠠᠯ ᠬᠡᠳᠦᠢ ᠳᠡᠭᠡᠳᠦ ᠡᠵᠡᠨ ᠵᠢᠨᠦᠩ ᠬᠣᠶᠠᠭᠤᠯᠠ ᠶ᠋ᠢᠨ ᠰᠡᠳᠬᠢᠯ ᠦ᠋ᠨ ᠲᠥᠪ ᠲᠣᠷ ᠮᠠᠰᠢ ᠨᠡᠢᠴᠡᠪᠡᠴᠦ ᠪᠠᠢᠯᠳᠤᠬᠤ ᠳᠠᠢᠯᠠᠬᠤ ᠬᠡᠷᠡᠭ ᠢ᠋ ᠬᠡᠷᠬᠢᠪᠡᠴᠦ ᠦᠯᠦ ᠲᠣᠭᠲᠠᠮᠤᠢ᠃ ᠡᠵᠡᠨ ᠵᠢᠨᠦᠩ ᠬᠣᠶᠠᠭᠤᠯᠠ ᠶ᠋ᠢᠨ ᠲᠡᠷᠡᠬᠦ ᠪᠠᠶᠠᠰᠬᠤᠯᠠᠩ ᠪᠠᠢᠳᠠᠯ ᠠᠨᠤ ᠣᠯᠠᠨ ᠰᠠᠢᠳ ᠲᠦᠰᠢᠮᠡᠳ᠂ ᠵᠠᠩᠵᠤᠨ ᠪᠠᠭᠠᠲᠤᠳ ᠢ᠋ᠶ᠋ᠠᠨ ᠰᠡᠳᠬᠢᠯ ᠨᠢᠭᠡᠳᠴᠦ᠂ ᠰᠠᠨᠠᠭᠠᠨ ᠬᠠᠮᠲᠤᠳᠬᠠᠭᠰᠠᠨ ᠳ᠋ᠤᠷ ᠠᠨᠤ ᠪᠠᠶᠠᠰᠬᠤ ᠪᠣᠯᠠᠢ!》ᠬᠡᠮᠡᠲᠡᠯ᠎ᠡ᠂ ᠦᠨᠡᠬᠡᠷ 《ᠶᠣᠰᠣᠨ ᠳ᠋ᠤᠷ ᠨᠡᠢᠴᠡᠬᠦ ᠦᠭᠡᠢ ᠨᠡᠷ᠎ᠡ ᠦᠭᠡᠢ ᠴᠡᠷᠢᠭ ᠢ᠋ᠶ᠋ᠡᠷ ᠵᠡᠷᠭᠡᠯᠡᠳᠡᠭᠡ ᠤᠯᠤᠰ ᠢ᠋ ᠲᠠᠢᠯᠠᠬᠤᠢ ᠶ᠋ᠢ ᠮᠡᠬᠦᠰ ᠮᠢᠨᠦ ᠳᠣᠲᠣᠷ᠎ᠠ ᠲᠦᠪᠳᠡᠬᠦ ᠦᠭᠡᠢ 》ᠭᠡᠮᠡᠨ ᠬᠠᠭᠤᠯᠤᠨ ᠪᠠᠭᠤᠯᠭᠠᠵᠤ ᠢᠷᠡᠵᠦᠬᠦᠢ᠃ ᠲᠡᠳᠦᠢ ᠣᠯᠠᠨ ᠢ᠋ᠶ᠋ᠠᠷ ᠥᠪᠡᠷ ᠵᠠᠭᠤᠷ᠎ᠠ ᠪᠠᠨ ᠢᠨᠢᠶᠡᠯᠴᠡᠬᠦᠶᠡ᠂ ᠵᠢᠨᠦᠩ ᠮᠤᠬᠤᠯᠢ ᠰᠣᠨᠣᠰᠴᠤ᠂ ᠪᠠᠶᠠᠷᠯᠠᠨ ᠥᠭᠦᠯᠡᠷᠦᠨ:
《ᠰᠡᠴᠡᠳ ᠨᠣᠶᠠᠳ ᠤ᠋ᠨ ᠰᠡᠷᠭᠦᠯᠡᠩ ᠭᠡᠭᠡᠬᠡᠨ ᠢ᠋ ᠰᠡᠳᠬᠢᠯ ᠡᠴᠡᠭᠡᠨ ᠰᠡᠮᠡᠬᠡᠷ ᠪᠢᠰᠢᠷᠡᠪᠡᠰᠦ ᠵᠣᠬᠢᠮᠤᠢ》ᠬᠡᠮᠡᠪᠡ᠃
ᠲᠡᠭᠦᠨ ᠡᠴᠡ ᠪᠢᠴᠢᠭ ᠦ᠋ᠨ ᠳᠣᠲᠣᠷ᠎ᠠ ᠦᠭᠡ ᠠᠪᠠᠰᠤ ᠪᠢᠳᠠᠭᠤ ᠪᠢᠴᠢᠭᠡᠴᠢ ᠬᠠᠰᠢᠷᠠᠪᠠᠴᠤ ᠪᠢᠯᠬᠠᠮᠠᠯ ᠳᠠᠯᠠᠢ ᠶ᠋ᠢᠨ ᠳᠠᠪᠠᠯᠭᠠᠨ ᠮᠡᠲᠦ ᠡᠪᠬᠡᠭᠦᠷ ᠳᠠᠪᠬᠤᠷ ᠵᠠᠯᠭᠠᠯᠳᠤᠵᠤ᠂ ᠨᠢᠭᠡᠬᠡᠨ ᠡᠳᠦᠷ ᠨᠢᠭᠡᠬᠡᠨ ᠴᠠᠭ ᠤ᠋ᠨ ᠬᠡᠷᠡᠭ ᠤᠴᠢᠷ ᠦᠭᠡ ᠰᠢᠭᠦᠮᠵᠢᠯᠡᠯ ᠢ᠋ ᠬᠡᠳᠦᠢᠴᠢᠨᠡᠭᠡᠨ ᠬᠠᠭᠤᠳᠠᠰᠤ ᠪᠢᠴᠢᠪᠡᠴᠦ ᠪᠠᠷᠠᠰᠢ ᠦᠭᠡᠢ᠃ ᠬᠡᠷᠪᠡᠷ ᠪᠢᠴᠢᠭ ᠦ᠋ᠨ ᠳᠣᠲᠣᠷ᠎ᠠ ᠬᠡᠷᠡᠭ ᠦᠭᠡᠢ ᠪᠣᠯᠪᠠᠰᠤ᠂ ᠬᠡᠳᠦᠢᠴᠢᠨᠡᠭᠡᠨ ᠣᠨ ᠵᠢᠯ ᠰᠠᠷ᠎ᠠ ᠡᠳᠦᠷ ᠪᠣᠯᠪᠠᠴᠤ ᠥᠩᠭᠡᠷᠡᠬᠦᠢ ᠳ᠋ᠦ᠍ᠷ ᠮᠠᠰᠢᠳᠠ ᠲᠦᠷᠭᠡᠨ᠂ ᠮᠠᠰᠢᠳᠠ ᠣᠢᠷ᠎ᠠ ᠶ᠋ᠢᠨ ᠲᠤᠯᠠᠳᠠ᠂ ᠤᠷᠰᠢᠭ ᠶᠠᠷᠰᠢᠭ ᠣᠯᠠᠡᠳᠤ ᠤᠯᠠᠭᠠᠨ ᠪᠠᠷᠰ ᠵᠢᠯ᠂ ᠬᠣᠩᠭᠢᠷᠢᠰᠤᠨ ᠬᠣᠴᠣᠷᠴᠤ᠂ ᠬᠤᠲᠤᠭᠲᠤ ᠤᠯᠠᠭᠴᠢᠨ ᠲᠠᠤᠯᠠᠢ ᠵᠢᠯ ᠬᠤᠪᠢᠯᠤᠨ ᠬᠦᠷᠴᠦ ᠢᠷᠡᠭᠡᠳ᠂ ᠰᠢᠨ᠎ᠡ ᠵᠢᠯ ᠦ᠋ᠨ ᠰᠢᠨ᠎ᠡ ᠶ᠋ᠢᠨ ᠨᠢᠭᠡᠨ ᠦ᠌ ᠴᠠᠭᠠᠯᠠᠬᠤ ᠥᠷᠯᠥᠭᠡ ᠪᠣᠯᠵᠤ᠂ ᠶᠡᠬᠡ ᠬᠥᠬᠡ ᠮᠣᠩᠭᠣᠯ ᠤ᠋ᠨ ᠲᠠᠢᠽᠦ ᠴᠢᠩᠭᠢᠰ ᠬᠠᠭᠠᠨ᠂ ᠲᠡᠭᠷᠢ ᠶ᠋ᠢᠨ ᠪᠣᠱᠣᠭ ᠢ᠋ᠶ᠋ᠠᠷ ᠤᠯᠠᠷᠢᠯ ᠢ᠋ ᠨᠡᠭᠡᠭᠡᠭᠰᠡᠨ ᠪᠣᠭᠳᠠ ᠪᠠᠭᠠᠲᠤᠷ — ᠴᠧᠩ ᠲᠢᠶᠠᠨ ᠴᠢ ᠶᠤᠸᠠᠨ ᠱᠧᠩ ᠡᠤ ᠬᠤᠸᠠᠩᠳᠠᠢ᠂ ᠬᠤᠯᠤᠭᠠᠨ᠎ᠠ ᠴᠠᠭ ᠲᠤᠷ ᠳᠡᠭᠡᠭᠰᠢᠯᠡᠨ᠂ ᠦᠬᠡᠷ ᠴᠠᠭ ᠲᠤᠷ ᠤᠬᠢᠶᠠᠯᠠᠨ ᠰᠢᠨᠡᠴᠢᠯᠡᠨ ᠳᠥᠷᠥᠯᠡᠨ ᠬᠤᠪᠴᠠᠯᠠᠵᠤ᠂ ᠰᠦᠯᠳᠡ ᠲᠩᠷᠢ᠂ ᠡᠬᠡ ᠭᠠᠵᠠᠷ ᠲᠤᠷ ᠶᠣᠰᠣᠯᠠᠨ ᠤᠷᠢᠳᠤᠰ ᠡᠪᠦᠭᠡᠳ ᠢ᠋ ᠳᠠᠬᠢᠵᠤ᠂ ᠡᠬᠡ ᠲᠠᠢᠬᠡᠦ ᠳ᠋ᠦ᠍ᠷ ᠮᠥᠷᠭᠥᠵᠦ᠂ ᠶᠡᠬᠡ ᠲᠥᠷᠥ ᠳ᠋ᠦ᠍ᠷ ᠵᠠᠯᠠᠷᠠᠨ ᠭᠠᠷᠬᠤᠶ᠎ᠠ᠂ ᠥᠨᠳᠥᠷ ᠳᠡᠪᠢᠰᠦᠭᠰᠡᠨ ᠯᠤᠤ ᠶ᠋ᠢᠨ ᠮᠤᠷᠤᠢ ᠵᠠᠮ ᠤ᠋ᠨ ᠬᠣᠶᠠᠷ ᠡᠲᠡᠭᠡᠳ᠂ ᠵᠤᠯᠠ ᠭᠡᠷ᠎ᠡ᠂ ᠭᠠᠯ ᠤ᠋ᠨ ᠪᠠᠭ᠂ ᠲᠣᠰᠣᠲᠤ ᠪᠠᠮᠪᠠᠷ ᠤ᠋ᠨ ᠵᠦᠢᠯ ᠲᠡᠭᠷᠢ ᠣᠭᠲᠠᠷᠭᠤᠢ ᠭᠡᠢᠭᠡᠨ ᠳᠣᠨᠣᠯᠵᠠᠲᠠᠯᠠ ᠰᠢᠲᠠᠭᠠᠵᠤ᠂ ᠵᠠᠮ ᠤ᠋ᠨ ᠬᠣᠶᠠᠷ ᠬᠠᠵᠠᠭᠤᠳᠠ᠂ ᠬᠠᠭᠤᠴᠢᠨ ᠯᠢᠶᠣᠣ ᠤᠯᠤᠰ ᠤ᠋ᠨ ᠶᠢᠰᠦᠨ ᠬᠦᠷᠢᠶ᠎ᠡ ᠲᠠᠪᠤᠨ ᠵᠠᠭᠤᠨ ᠢᠯᠡᠭᠦᠦ ᠬᠥᠮᠦᠨ ᠦ᠌ ᠲᠡᠭᠷᠢ ᠶ᠋ᠢᠨ ᠱᠠᠪᠠᠩ ᠬᠥᠭᠵᠢᠮ ᠬᠥᠭ ᠳᠠᠭᠤᠨ ᠡᠭᠦᠰᠬᠡᠨ ᠭᠥᠭᠯᠡᠵᠦ᠂ ᠨᠠᠢ᠍ᠮᠠᠨ ᠬᠣᠣᠰ ᠤ᠋ᠨ ᠰᠢᠵᠢᠷ ᠠᠯᠲᠠᠨ ᠤ᠋ ᠯᠤᠤ ᠣᠷᠢᠶᠠᠭᠰᠠᠨ ᠣᠭᠣᠰᠣᠷᠲᠤ ᠬᠦᠯᠢᠰ ᠲᠣᠷ ᠯᠤᠤ ᠶ᠋ᠢᠨ ᠵᠠᠭᠠᠷ ᠤ᠋ᠨ ᠠᠷᠪᠠᠨ ᠠᠩᠬᠢᠯᠤᠮᠠᠯ ᠤ᠋ᠨ ᠠᠭᠠᠷᠤ ᠽᠠᠨᠳᠠᠨ᠂ ᠠᠷᠴᠠ ᠬᠥᠬᠥᠯ ᠦ᠋ᠨ ᠲᠠᠯᠬ᠎ᠠ ᠬᠡᠰᠮᠡᠯᠵᠢ ᠶ᠋ᠢ ᠤᠩᠭᠤᠰᠬᠠᠨ᠂ ᠮᠠᠨᠳᠠᠯ ᠳᠦᠭᠦᠷᠡᠩ ᠰᠠᠩᠭᠢᠯᠤᠨ ᠠᠩᠬᠢᠯᠵᠤ᠂ ᠬᠥᠮᠦᠨ ᠦ᠌ ᠬᠠᠪᠠᠷ ᠲᠤᠷ ᠦᠨᠦᠷᠲᠦᠮᠡᠭᠴᠡ ᠭᠣᠣᠯ ᠵᠢᠷᠦᠬᠡ ᠡᠴᠡ ᠠᠢᠡᠵᠢᠷ ᠰᠡᠳᠬᠢᠯ ᠲᠥᠷᠥᠭᠳᠡᠵᠦ᠂ ᠵᠢᠷᠦᠬᠡ ᠲᠦᠭᠰᠢᠨ ᠡᠮᠢᠶᠡᠯᠴᠡᠨ ᠳᠠᠭᠵᠢᠯᠴᠠᠵᠤ᠂ ᠥᠨᠳᠥᠷ ᠮᠠᠨᠳᠠᠯ ᠤ᠋ᠨ ᠳᠡᠭᠡᠷ᠎ᠡ ᠠᠯᠲᠠᠨ ᠬᠥᠭᠥᠷᠭᠡ᠂ ᠠᠷᠠᠰᠤᠨ ᠬᠡᠩᠭᠡᠷᠭᠡ ᠳᠦᠩᠭᠢᠨᠡᠨ ᠬᠥᠩᠭᠢᠷᠡᠰᠴᠦ᠂ ᠶᠡᠬᠡ ᠳᠣᠬᠢᠶ᠎ᠠ ᠴᠢᠮᠡᠭᠡ ᠳᠠᠭᠤᠷᠢᠰᠤᠨ ᠬᠠᠭᠠᠨ ᠤ᠋ ᠬᠦᠯᠦᠭ ᠮᠣᠷᠢ ᠶᠡᠬᠡ ᠬᠠᠨ ᠥᠷᠥᠭᠡᠨᠡ ᠬᠦᠷᠴᠦ ᠮᠣᠷᠢᠨ ᠠ᠋ᠴᠠ ᠪᠠᠭᠤᠮᠠᠭᠴᠠ᠂ ᠦᠢᠮᠡᠭᠡᠨ ᠢ᠋ ᠳᠠᠷᠤᠬᠤ᠂ ᠠᠷᠪᠠᠨ ᠠᠯᠲᠠ ᠶ᠋ᠢᠨ ᠤᠷᠲᠤ ᠭᠤᠷᠪᠠᠨ ᠬᠣᠣᠰ ᠵᠢᠷᠭᠤᠭᠠᠨ ᠶᠡᠬᠡ ᠬᠠᠪᠲᠠᠭᠠᠢ ᠰᠤᠷ ᠲᠠᠰᠢᠭᠤᠷ ᠴᠤᠭᠭᠠᠷ ᠫᠢᠴᠢᠭᠢᠨᠠᠨ ᠳᠠᠭᠤᠷᠢᠰᠴᠤ᠂ ᠰᠥᠭᠥᠳᠬᠡᠬᠦ ᠬᠦᠯᠢᠶᠡᠯᠭᠡᠬᠦ ᠱᠣᠪᠬᠢᠨᠠᠬᠤ ᠲᠡᠮᠳᠡᠭ ᠰᠢᠪᠠᠭ᠎ᠠ ᠲᠠᠪᠤᠨ ᠵᠡᠷᠭᠡ ᠬᠦᠷᠴᠦ ᠢᠷᠡᠭᠡᠳ᠂ ᠪᠠᠷᠰ ᠴᠠᠭ ᠡᠬᠢᠯᠡᠮᠡᠭᠴᠡ᠂ ᠲᠡᠭᠷᠢ ᠶ᠋ᠢᠨ ᠬᠥᠪᠡᠭᠦᠨ ᠬᠠᠭᠠᠨ ᠥᠷᠭᠥᠭᠡ ᠶ᠋ᠢᠨ ᠬᠣᠢᠲᠤ ᠣᠶᠣᠭ ᠢ᠋ᠶ᠋ᠠᠷ ᠵᠠᠯᠠᠷᠠᠨ ᠣᠷᠣᠵᠤ ᠢᠷᠡᠭᠡᠳ ᠳᠤᠮᠳᠠᠳᠤ ᠶ᠋ᠢᠨ ᠶᠢᠰᠦᠨ ᠳᠡᠭᠲᠡᠷ ᠥᠨᠳᠥᠷ ᠬᠤᠸᠠᠩᠳᠢ ᠶ᠋ᠢᠨ ᠰᠠᠭᠤᠷᠢᠨ ᠤ᠋ ᠶᠢᠰᠦᠨ ᠮᠥᠩᠭᠥᠨ ᠦ᠌ ᠯᠤᠤ ᠶ᠋ᠢᠨ ᠬᠥᠯᠲᠦ ᠪᠣᠭᠳᠠ ᠶ᠋ᠢᠨ ᠲᠠᠪᠴᠠᠩ ᠳ᠋ᠤᠷ ᠵᠠᠯᠠᠷᠠᠵᠤ ᠰᠠᠭᠤᠮᠠᠭᠴᠠ᠂ ᠬᠠᠭᠠᠨ ᠥᠷᠭᠥᠭᠡ ᠴᠠᠴᠠᠷ ᠢ᠋ ᠲᠣᠭᠣᠷᠢᠭᠰᠠᠨ ᠮᠠᠩᠨᠤᠭ ᠬᠣᠷᠮᠣᠢ ᠬᠡᠰᠡᠭᠦᠷ ᠢ᠋ ᠬᠠᠮᠲᠤ ᠳᠣᠷᠣᠭᠰᠢ ᠪᠠᠭᠤᠯᠭᠠᠵᠤ᠂ ᠳᠥᠷᠪᠡᠨ ᠡᠲᠡᠭᠡᠳ ᠦ᠋ᠨ ᠬᠥᠨᠳᠡᠯᠡᠨ ᠭᠤᠯᠳᠤ᠂ ᠶᠢᠰᠦ ᠶᠢᠰᠦᠨ ᠨᠠᠶᠠᠨ ᠨᠢᠭᠡᠨ ᠵᠠᠩ ᠤ᠋ᠨ ᠳᠤᠯᠠᠭᠠᠨ ᠢᠰᠡᠭᠡᠢ ᠣᠶᠣᠭ ᠬᠣᠷᠮᠣᠢ ᠲᠤᠭᠤᠷᠭ᠎ᠠ ᠭᠡᠰᠡᠭᠦᠷᠲᠦ ᠶᠡᠬᠡ ᠳᠠᠯᠠᠢ ᠴᠠᠴᠠᠷ ᠲᠠᠭᠲᠤ ᠶ᠋ᠢᠨ ᠳᠣᠲᠣᠷ᠎ᠠ᠂ ᠮᠥᠷ ᠮᠥᠷ ᠢ᠋ᠶ᠋ᠡᠷ ᠳᠣᠲᠣᠭᠰᠢ ᠬᠠᠨᠳᠤᠭᠤᠯᠤᠨ ᠲᠣᠭᠣᠷᠢᠭᠤᠯᠤᠨ ᠵᠢᠭᠰᠠᠭᠠᠭᠰᠠᠨ᠂ ᠶᠢᠰᠦᠨ ᠳᠠᠪᠬᠤᠷ ᠤ᠋ᠨ ᠵᠠᠭᠤᠨ ᠨᠣᠶᠠᠳ ᠮᠢᠩᠭᠠᠨ ᠰᠠᠢᠳ᠂ ᠲᠦᠮᠡᠨ ᠪᠠᠭᠠᠲᠤᠳ ᠤ᠋ᠨ ᠴᠢᠷᠠᠢ ᠴᠥᠮ ᠢᠯᠡᠷᠡᠨ ᠭᠠᠷᠴᠤ ᠢᠷᠡᠭᠡᠳ᠂ ᠰᠢᠷ᠎ᠠ ᠲᠣᠰᠣ ᠴᠠᠭᠠᠨ ᠲᠣᠰᠣᠨ ᠤ᠋ ᠲᠦᠭ ᠲᠦᠮᠡᠨ ᠵᠤᠯᠠ ᠭᠡᠷ᠎ᠡ᠂ ᠪᠠᠭ ᠪᠠᠮᠪᠠᠷ ᠤ᠋ᠨ ᠭᠡᠷᠡᠯ ᠬᠢᠯᠠᠪᠠᠯᠵᠠᠨ ᠡᠳᠦᠷ ᠨᠠᠷᠠᠨ ᠠ᠋ᠴᠠ ᠭᠡᠭᠡᠬᠡᠨ᠂ ᠦᠨᠡᠨ ᠢ᠋ᠶ᠋ᠡᠷ ᠲᠦᠮᠡᠨ ᠨᠢᠳᠦ ᠪᠤᠮᠠᠨ ᠬᠠᠷᠠᠯᠲᠠ ᠭᠠᠭᠴᠠ ᠬᠦ᠌ ᠨᠢᠭᠡᠨ ᠠᠯᠲᠠᠨ ᠭᠠᠳᠠᠰᠤ ᠣᠳᠣᠨ ᠢ᠋ ᠪᠠᠷᠠᠭᠠᠳᠠᠨ ᠰᠢᠷᠳᠡᠮᠦᠢ᠃ ᠪᠣᠭᠳᠠ ᠡᠵᠡᠨ ᠦ᠌ ᠪᠡᠨ ᠪᠣᠳᠠᠲᠠᠶ᠎ᠠ ᠪᠡᠶ᠎ᠡ ᠴᠣᠭᠴᠠ ᠶ᠋ᠢ ᠪᠤᠮᠠᠨ ᠭᠡᠷᠡᠯ ᠦ᠋ᠨ ᠳᠣᠲᠣᠷ᠎ᠠ ᠲᠣᠪ ᠲᠣᠳᠣᠷᠬᠠᠶ᠎ᠠ ᠦᠵᠡᠵᠦ᠂ ᠶᠢᠰᠦᠳᠦᠭᠡᠷ ᠮᠥᠷ ᠦ᠋ᠨ ᠭᠠᠳᠠᠨ᠎ᠠ ᠪᠦᠬᠦᠢ ᠬᠤᠶᠠᠭ ᠤ᠋ᠳ ᠲᠤᠷ ᠪᠣᠯᠪᠠᠴᠤ ᠮᠥᠨ ᠦᠵᠡᠭᠳᠡᠮᠦᠢ᠃ ᠡᠨᠡ ᠢᠨᠣ ᠲᠣᠭᠣᠷᠢᠭ ᠭᠠᠷᠬ᠎ᠠ ᠶ᠋ᠢᠨ ᠶᠣᠰᠣᠭᠠᠷ ᠬᠦᠷᠢᠶᠡᠯᠡᠭᠰᠡᠨ ᠢ᠋ᠶ᠋ᠡᠷ ᠡᠢᠮᠦ ᠣᠢᠷ᠎ᠠ ᠦᠵᠡᠭᠳᠡᠮᠦᠢ᠃ ᠬᠢᠲᠠᠳ ᠬᠠᠳ ᠤ᠋ᠨ ᠳᠠᠢ ᠾᠧ ᠲᠢᠶᠠᠨ ᠬᠠᠷᠰᠢ ᠶ᠋ᠢᠨ ᠶᠡᠨᠳᠡᠷ ᠦ᠋ᠨ ᠳᠡᠭᠡᠷ᠎ᠡ ᠳᠣᠣᠷ᠎ᠠ ᠢᠯᠭᠠᠭᠳᠠᠵᠤ᠂ ᠠᠭᠯᠠᠭ ᠬᠣᠯᠠ ᠠᠯᠤᠰᠯᠠᠨ ᠬᠠᠯᠬᠠᠯᠠᠭᠳᠠᠵᠤ᠂ ᠬᠠᠪ ᠬᠠᠷᠠᠩᠭᠤᠢ ᠵᠦᠭ ᠬᠠᠨᠳᠤᠵᠤ ᠮᠥᠷᠭᠥᠬᠦᠢ ᠯᠦ᠍ᠭᠡ ᠠᠳᠠᠯᠢ ᠦᠭᠡᠢ᠃ ᠡᠨᠡ ᠢᠨᠤ ᠶᠡᠬᠡ ᠣᠶᠣᠭ ᠴᠠᠴᠠᠷ ᠤ᠋ᠨ ᠥᠰᠬᠡᠬᠦ ᠶᠡᠬᠡᠳᠬᠡᠬᠦᠢ ᠶ᠋ᠢᠨ ᠠᠮᠢᠳᠤᠯᠢᠭ ᠤᠷᠠᠨ ᠤ᠋ ᠰᠠᠢᠨ ᠳ᠋ᠤᠷ ᠠᠵᠤᠭᠤ᠂ ᠪᠠᠰᠠᠴᠤ ᠯᠦᠪᠬᠢᠮ᠎ᠡ ᠳᠤᠯᠠᠭᠠᠨ᠃
ᠲᠡᠭᠦᠨᠴᠡ ᠲᠡᠭᠷᠢ ᠶ᠋ᠢᠨ ᠬᠥᠪᠡᠭᠦᠨ ᠥᠨᠳᠥᠷ ᠰᠠᠭᠤᠷᠢᠨ᠎ᠠ ᠢᠯᠡᠷᠡᠨ ᠭᠠᠷᠴᠤ ᠢᠷᠡᠮᠡᠭᠴᠡ ᠵᠠᠭᠤᠨ ᠲᠦᠰᠢᠮᠡᠳ ᠬᠠᠭᠠᠨ ᠤ᠋ ᠳᠣᠬᠢᠶ᠎ᠠ ᠶ᠋ᠢ ᠲᠠᠯᠪᠢᠭᠤᠯᠤᠨ ᠶᠣᠰᠣᠯᠠᠯ ᠤ᠋ᠨ ᠰᠠᠢᠳ ᠳᠣᠬᠢᠶ᠎ᠠ ᠲᠡᠮᠳᠡᠭ ᠴᠢᠮᠡᠭ ᠤᠨᠵᠢᠯᠭ᠎ᠠ ᠬᠢᠭᠢᠷᠢ ᠶ᠋ᠢ ᠭᠤᠷᠪᠠᠨ ᠵᠡᠷᠭᠡ ᠳᠠᠷᠤᠵᠤ᠂ ᠲᠥᠷᠥ ᠶ᠋ᠢᠨ ᠬᠣᠲᠠᠯᠠᠭᠠᠷ ᠭᠤᠷᠪᠠᠨ ᠵᠡᠷᠭᠡ ᠰᠥᠭᠥᠳᠴᠦ ᠂ ᠶᠢᠰᠦᠨ ᠵᠡᠷᠭᠡ ᠮᠥᠷᠭᠥᠵᠦ᠂ ᠶᠡᠬᠡ ᠶᠣᠰᠣᠯᠠᠯ ᠲᠡᠭᠦᠰᠦᠭᠡᠳ ᠬᠥᠭᠵᠢᠮ ᠳ᠋ᠦ᠍ᠷ ᠵᠣᠭᠰᠣᠨ᠂ ᠲᠠᠢᠽᠦ ᠱᠧᠩ ᠡᠤ ᠬᠤᠸᠠᠩᠳᠢ ᠴᠢᠩᠭᠢᠰ ᠬᠠᠭᠠᠨ ᠮᠦᠰᠢᠶᠡᠵᠦ᠂ ᠲᠡᠷᠢᠭᠦᠯᠡᠭᠰᠡᠨ ᠶᠡᠬᠡᠰ ᠥᠲᠡᠭᠦᠰ᠂ ᠸᠠᠩ ᠰᠠᠢᠳ᠂ ᠵᠢᠨᠦᠩ ᠵᠠᠢᠰᠠᠩ ᠨᠠᠷ ᠲᠤᠷ ᠵᠠᠷᠯᠢᠭ ᠪᠣᠯᠤᠷᠤᠨ:
《ᠮᠡᠬᠦᠰ ᠪᠢ ᠦᠵᠡᠪᠡᠰᠦ ᠡᠨᠡ ᠵᠢᠯ ᠦ᠋ᠨ ᠴᠠᠭᠠᠯᠠᠬᠤ ᠥᠷᠯᠥᠭᠡ ᠶ᠋ᠢᠨ ᠲᠡᠭᠷᠢ ᠶ᠋ᠢᠨ ᠬᠥᠪᠡᠭᠦᠨ ᠦ᠌ ᠶᠣᠰᠣᠯᠠᠯ ᠳᠦᠷᠢᠮ ᠬᠡᠪ ᠬᠡᠪᠴᠢᠶᠡᠨ᠂ ᠳᠣᠬᠢᠶ᠎ᠠ ᠲᠡᠮᠳᠡᠭ ᠂ ᠵᠢᠭᠰᠠᠭᠠᠯ ᠪᠠᠢᠷᠢᠯᠠᠯ ᠤ᠋ᠨ ᠪᠠᠢᠳᠠᠯ ᠶᠠᠩᠵᠤ ᠠᠨᠤ ᠰᠢᠭᠤᠳ ᠬᠠᠭᠤᠴᠢᠨ ᠯᠢᠶᠣᠣ᠂ ᠡᠮᠦᠨᠡᠲᠦ ᠰᠥᠩ᠂ ᠳᠤᠮᠳᠠᠳᠤ ᠠᠯᠲᠠᠨ ᠂ ᠪᠠᠷᠠᠭᠤᠨ ᠲᠠᠩᠭᠤᠳ ᠵᠡᠷᠭᠡ ᠶ᠋ᠢᠨ ᠤᠯᠤᠰ ᠤ᠋ᠳ ᠤ᠋ᠨ ᠶᠠᠩᠵᠤᠯᠠᠬᠤ ᠴᠢᠮᠡᠭᠯᠡᠬᠦ᠂ ᠳᠦᠷᠢᠮᠯᠡᠬᠦ ᠳᠦᠷᠰᠦᠯᠡᠬᠦ ᠶ᠋ᠢᠨ ᠬᠠᠤᠯᠢ ᠶᠣᠰᠣᠭᠠᠷ ᠪᠣᠯᠵᠤ᠂ ᠤᠷᠢᠳᠤ ᠵᠢᠯ ᠦ᠋ᠨ ᠡᠴᠡ ᠨᠡᠩ ᠶᠡᠬᠡᠳᠡ ᠨᠡᠮᠡᠭᠳᠡᠵᠦᠬᠦᠢ᠃ ᠡᠨᠡ ᠴᠦ᠍ ᠣᠯᠠᠨ ᠴᠢᠩ ᠰᠠᠢᠳ ᠨᠠᠷ ᠲᠠᠨ ᠤ᠋ ᠴᠢᠩ ᠦᠨᠡᠩᠭᠦ ᠬᠦᠨᠳᠦᠯᠡᠯ ᠬᠢᠴᠢᠶᠡᠩᠬᠦᠢᠯᠡᠯ ᠮᠥᠨ ᠲᠤᠯᠠ ᠮᠡᠬᠦᠰ ᠪᠢ ᠮᠠᠰᠢᠳᠠ ᠪᠡᠶᠡᠰᠦᠨ ᠰᠠᠢᠰᠢᠶᠠᠮᠤᠢ᠃ ᠡᠨᠡ ᠠᠷᠪᠠᠭᠠᠳ ᠵᠢᠯ ᠂ ᠵᠢᠯ ᠪᠦᠷᠢ ᠨᠡᠮᠡᠭᠳᠡᠭᠰᠡᠭᠡᠷ ᠢᠷᠡᠵᠦ ᠂ ᠡᠨᠡ ᠵᠢᠯ ᠦ᠋ᠨ ᠡᠨᠡ ᠵᠢᠭᠰᠠᠭᠠᠯ ᠮᠥᠨ ᠠᠷᠪᠠᠨ ᠬᠤᠪᠢ ᠳ᠋ᠤᠷ ᠬᠦᠷᠴᠦᠬᠦᠢ᠃ ᠵᠠᠭᠠᠨ ᠤ᠋ ᠵᠢᠭᠰᠠᠭᠠᠯ᠂ ᠮᠣᠷᠢᠳ ᠤ᠋ᠨ ᠮᠠᠭᠰᠢᠯᠭ᠎ᠠ᠂ ᠡᠷᠲᠡᠨ ᠦ᠌ ᠬᠠᠳ ᠠ᠋ᠴᠠ ᠳᠣᠣᠷ᠎ᠠ ᠦᠭᠡᠢ᠃ ᠡᠨᠡ ᠪᠠᠢᠷᠢᠯᠠᠯ ᠶᠠᠩᠵᠤᠯᠠᠯ ᠬᠣᠢᠲᠤ ᠵᠢᠯ ᠪᠠᠰᠠ ᠳᠠᠬᠢᠨ ᠨᠡᠮᠡᠬᠦ ᠶ᠋ᠢ ᠲᠠᠭ ᠵᠣᠭᠰᠣᠭ᠎ᠠ᠂ ᠡᠨᠡ ᠵᠢᠯ ᠦ᠋ᠨ ᠡᠳᠡᠭᠡᠷ ᠦᠵᠡᠮᠵᠢ ᠶᠠᠩᠵᠤᠯᠠᠯ ᠠᠨᠤ ᠪᠦᠳᠦᠭᠦᠯᠢᠭ ᠨᠠᠳᠤᠷ ᠬᠡᠷᠡᠭᠯᠡᠵᠦ ᠪᠠᠷᠠᠰᠢ ᠦᠭᠡᠢ᠃ ᠡᠷᠲᠡᠨ ᠦ᠌ ᠦᠯᠦᠭ ᠦᠭᠡᠰ ᠲᠣᠷ < ᠮᠠᠢᠭ ᠢ᠋ ᠰᠤᠷᠬᠤ ᠠ᠋ᠴᠠ ᠮᠠᠯ ᠢ᠋ᠶ᠋ᠠᠨ ᠰᠤᠷᠭ᠎ᠠ᠂ ᠴᠢᠮᠡᠭ ᠢ᠋ ᠰᠤᠷᠬᠤ ᠠ᠋ᠴᠠ ᠴᠡᠷᠢᠭ ᠢ᠋ᠶ᠋ᠡᠨ ᠰᠤᠷᠭ᠎ᠠ > ᠬᠡᠮᠡᠳᠡᠭ ᠪᠢᠰᠢᠦ ? ᠠᠷᠤ ᠡᠯᠡᠰᠦᠨ ᠦ᠌ ᠠᠪᠠ ᠰᠢᠪᠠᠭᠤᠨ ᠤ᠋ ᠤᠯᠤᠰ ᠲᠥᠷᠥ ᠳ᠋ᠦ᠍ ᠠᠷᠠᠰᠤ ᠬᠥᠷᠥᠰᠥ ᠪᠡᠨ ᠡᠮᠦᠰᠴᠦ᠂ ᠠᠴᠢᠯᠠᠯ ᠰᠢᠳᠤᠷᠭᠤ ᠪᠠᠨ ᠬᠢᠴᠢᠶᠡᠪᠡᠰᠦ ᠪᠠᠷᠠᠰᠢ ᠦᠭᠡᠢ ᠴᠡᠩᠭᠡᠯ ᠪᠣᠯᠠᠢ᠃ ᠠᠯᠲᠠ ᠬᠠᠰ᠂ ᠰᠤᠪᠤᠳ ᠡᠷᠳᠡᠨᠢ᠂ ᠲᠣᠷᠭ᠎ᠠ ᠲᠦᠷᠭᠡ᠂ ᠲᠠᠵᠢ ᠮᠠᠩᠨᠤᠭ ᠪᠠ ᠶᠠᠩᠵᠤᠯᠠᠬᠤ ᠴᠢᠮᠡᠭᠯᠡᠬᠦ᠂ ᠳᠦᠷᠢᠮᠯᠡᠬᠦ ᠳᠦᠷᠰᠦᠯᠡᠬᠦ ᠶ᠋ᠢ ᠳᠡᠮᠡᠢ ᠶᠡᠬᠡᠯ᠎ᠡ ᠡᠷᠬᠢᠯᠡᠬᠦ ᠬᠡᠷᠡᠭ ᠦᠭᠡᠢ ᠪᠣᠯᠭ᠎ᠠ᠃ ᠬᠠᠭᠠᠨ ᠬᠥᠮᠦᠨ ᠦ᠌ ᠬᠠᠮᠤᠭ ᠢ᠋ ᠵᠢᠷᠭᠠᠭᠤᠯᠭᠤᠢ ᠳ᠋ᠤᠷ ᠪᠣᠢ ᠶᠠ᠃ ᠬᠣᠭᠣᠰᠣᠨ ᠦᠵᠡᠮᠵᠢ ᠶᠠᠩᠵᠤᠯᠠᠯ ᠳ᠋ᠤᠷ ᠠᠨᠤ ᠦᠭᠡᠢ ᠪᠤᠶᠤ᠃ ᠲᠠᠨ ᠤ᠋ ᠣᠯᠠᠨ ᠴᠢᠩ ᠰᠠᠢᠳ ᠨᠠᠷ ᠰᠠᠢᠬᠠᠨ ᠲᠡᠮᠳᠡᠭᠯᠡᠵᠦ ᠠᠪᠤᠭᠲᠤᠨ᠃ ᠣᠨᠴᠠ ᠦᠨᠡᠮᠴᠢ ᠥᠷᠥᠰᠢᠶᠡᠯ ᠢ᠋ᠶ᠋ᠡᠷ ᠳᠣᠣᠷᠠᠳᠤᠰ ᠤ᠋ᠨ ᠰᠦᠰᠦᠭ ᠢ᠋ ᠲᠥᠷᠥᠭᠦᠯᠵᠦ᠂ ᠦᠨᠡᠩᠭᠦ ᠰᠢᠳᠤᠷᠭᠤ ᠪᠠᠷ ᠳᠡᠭᠡᠳᠦᠰ ᠦ᠋ᠨ ᠰᠡᠳᠬᠢᠯ ᠳ᠋ᠦ᠍ᠷ ᠢᠲᠡᠭᠡᠮᠵᠢᠯᠡᠪᠡᠰᠦ᠂ ᠡᠵᠡᠨ ᠰᠠᠢᠳ ᠥᠨᠢ ᠤᠳᠠᠭᠠᠨ ᠪᠠᠲᠤ ᠢᠲᠡᠭᠡᠮᠵᠢᠲᠡᠢ ᠶᠠᠪᠤᠬᠤ ᠪᠣᠯᠠᠢ᠃ ᠶᠣᠰᠣᠯᠠᠯ ᠶᠠᠩᠵᠤᠯᠠᠯ᠂ ᠬᠠᠭᠠᠨ ᠬᠥᠮᠦᠨ ᠦ᠌ ᠲᠥᠯᠥᠪ ᠲᠢᠭ ᠲᠣᠷ ᠪᠠᠬᠠᠨ ᠪᠠᠢᠵᠤ᠂ ᠢᠯᠭᠠᠮᠵᠢ ᠳᠦᠷᠢᠮ ᠪᠠᠢᠪᠠᠰᠤ ᠳᠠᠷᠤᠢ ᠪᠣᠯᠬᠤ ᠪᠣᠯᠠᠢ᠃ ᠠᠰᠤᠷᠤ ᠬᠡᠲᠦᠷᠬᠡᠶ᠎ᠡ ᠬᠡᠷᠡᠭᠯᠡᠪᠡᠰᠦ᠂ ᠳᠡᠭᠡᠭᠰᠢᠳᠡ ᠬᠠᠳ ᠡᠵᠡᠳ ᠣᠮᠣᠷᠬᠠᠭ ᠪᠠᠷᠳᠠᠮ ᠪᠣᠯᠵᠤ ᠡᠷᠬᠡ ᠳ᠋ᠡᠭᠡᠨ ᠡᠷᠳᠦᠵᠦ᠂ ᠡᠷᠬᠢᠯᠡᠬᠦ ᠲᠥᠷᠥ ᠶ᠋ᠢᠨ ᠬᠡᠷᠡᠭ ᠢ᠋ᠶ᠋ᠡᠨ ᠬᠢᠨᠠᠬᠤ ᠦᠭᠡᠢ ᠡᠷᠬᠡ ᠲᠠᠪᠠ ᠪᠠᠷ ᠪᠣᠯᠬᠤ ᠪᠠ ᠳᠣᠷᠣᠭᠰᠢᠳᠠ ᠪᠣᠯᠪᠠᠰᠤ ᠣᠨᠴᠣᠭᠣᠢᠯᠠᠨ ᠣᠷᠣᠭᠰᠢ ᠴᠢᠷᠮᠠᠢᠨ ᠵᠢᠳᠬᠦᠬᠦ ᠬᠠᠯᠠᠭᠤᠨ ᠰᠡᠳᠬᠢᠯᠲᠦ ᠰᠠᠢᠨ ᠲᠦᠰᠢᠮᠡᠳ ᠶᠣᠰᠣᠯᠠᠯ ᠳᠦᠷᠢᠮ ᠳ᠋ᠦ᠍ᠷ ᠬᠠᠯᠬᠠᠯᠠᠭᠳᠠᠵᠤ᠂ ᠦᠨᠡᠨ ᠲᠤᠰᠠᠲᠤ ᠦᠭᠡᠰ ᠪᠠᠢᠪᠠᠴᠤ ᠬᠡᠯᠡᠵᠦ ᠭᠠᠷᠭᠠᠨ ᠦᠯᠦ ᠴᠢᠳᠠᠬᠤ ᠪᠣᠯᠤᠮᠤᠢ᠃ ᠡᠢᠮᠦ ᠬᠣᠶᠠᠷ ᠵᠦᠢᠯ ᠦ᠋ᠨ ᠭᠡᠮ ᠬᠠᠯᠬᠠᠯᠠᠭᠳᠠᠯ ᠪᠣᠢ ᠪᠣᠯᠠᠢ᠃ ᠬᠡᠳᠦᠢᠪᠡᠷ ᠬᠣᠯᠠ ᠳ᠋ᠠᠬᠢ ᠵᠠᠬ᠎ᠠ ᠬᠢᠵᠠᠭᠠᠷ ᠤ᠋ᠨ ᠭᠠᠳᠠᠭᠠᠳᠤ ᠰᠠᠢᠳ ᠤ᠋ᠨ ᠨᠢᠳᠦ ᠰᠡᠳᠬᠢᠯ ᠢ᠋ ᠰᠦᠷᠲᠡᠭᠡᠨ ᠬᠢᠴᠢᠶᠡᠯᠭᠡᠬᠦ ᠳ᠋ᠦ᠍ᠷ ᠪᠠᠬᠠᠨ ᠬᠡᠷᠡᠭᠲᠡᠢ ᠭᠡᠪᠡᠴᠦ ᠪᠡᠷ ᠭᠠᠳᠠᠭᠠᠳᠤ ᠬᠣᠯᠠ ᠬᠢᠵᠠᠭᠠᠷ ᠤ᠋ᠨ ᠰᠠᠢᠳ ᠲᠦᠰᠢᠮᠡᠳ ᠦ᠋ᠨ ᠳᠣᠲᠣᠷ᠎ᠠ ᠪᠠᠰᠠᠴᠤ ᠭᠠᠳᠠᠭᠠᠳᠤ ᠬᠣᠯᠠ ᠬᠢᠵᠠᠭᠠᠷ ᠤ᠋ᠨ ᠮᠠᠰᠢᠳᠠ ᠴᠢᠬᠤᠯᠠ ᠬᠡᠪᠴᠢᠶᠡᠨᠲᠦ ᠲᠤᠰᠠᠲᠠᠢ ᠬᠡᠷᠡᠭ ᠲᠡᠢ ᠬᠠᠯᠠᠭᠤᠨ ᠰᠡᠳᠬᠢᠯ ᠦ᠋ᠨ ᠰᠠᠢᠨ ᠦᠭᠡᠰ ᠦ᠋ᠨ ᠲᠤᠰᠠ ᠴᠢᠷᠮᠠᠢᠯᠠᠭᠠ ᠶ᠋ᠢᠨ ᠡᠭᠦᠳᠡ ᠰᠡᠳᠦᠯᠬᠡᠷ ᠪᠣᠢ ᠪᠣᠯᠠᠢ᠃ ᠬᠡᠲᠦᠷᠬᠡᠶ᠎ᠡ ᠬᠣᠯᠠᠰᠢᠶᠠᠨ ᠭᠠᠳᠠᠭᠤᠷᠰᠢᠶᠠᠨ ᠦᠵᠡᠵᠦ᠂ ᠤᠷᠤᠭᠰᠢ ᠵᠢᠳᠬᠦᠨ ᠴᠢᠷᠮᠠᠢᠬᠤ ᠬᠠᠯᠠᠭᠤᠨ ᠰᠠᠨᠠᠭᠠᠲᠠᠨ ᠮᠥᠨ ᠣᠯᠠᠨᠲᠠ ᠪᠣᠢ ᠪᠣᠯᠠᠢ᠃ ᠲᠡᠳᠡᠭᠡᠷ ᠦ᠋ᠳ ᠦ᠋ᠨ ᠵᠣᠷᠢᠭ ᠴᠢᠷᠮᠠᠢᠯᠭ᠎ᠠ ᠮᠥᠷ ᠵᠠᠮ ᠢ᠋ ᠮᠥᠨ ᠠᠭᠤᠳᠠᠮ ᠶᠡᠬᠡᠬᠡᠨ ᠦᠯᠡᠳᠡᠭᠡᠵᠦ ᠥᠭᠪᠡᠰᠦ ᠵᠣᠬᠢᠮᠤᠢ᠃ ᠲᠡᠢᠮᠦ ᠶ᠋ᠢᠨ ᠲᠤᠯᠠ ᠡᠨᠡ ᠰᠢᠨᠡᠯᠡᠬᠦᠢ ᠶ᠋ᠢᠨ ᠵᠢᠰᠢᠶᠡᠨ ᠳ᠋ᠦ᠍ᠷ ᠬᠣᠯᠠ ᠠᠭᠯᠠᠭ ᠠ᠋ᠴᠠ ᠵᠣᠪᠠᠨ ᠵᠦᠳᠡᠵᠦ ᠢᠷᠡᠭᠰᠡᠨ ᠤᠯᠤᠰ ᠤ᠋ᠨ ᠡᠵᠡᠳ᠂ ᠠᠢᠮᠠᠭ ᠤ᠋ᠨ ᠡᠵᠡᠳ ᠢ᠋ᠶ᠋ᠡᠷ ᠬᠤᠷᠢᠮ ᠤ᠋ᠨ ᠲᠡᠷᠢᠭᠦᠨ ᠦ᠌ ᠰᠠᠷᠬᠤᠳ ᠢ᠋ ᠪᠠᠷᠢᠭᠤᠯᠵᠤ᠂ ᠬᠣᠯᠠ ᠠ᠋ᠴᠠ ᠬᠦᠰᠡᠵᠦ ᠢᠷᠡᠭᠰᠡᠨ ᠡᠯᠢᠭᠡᠰᠢᠶᠡᠬᠦ ᠰᠡᠳᠬᠢᠯ ᠢ᠋ ᠢᠨᠦ ᠬᠥᠬᠢᠭᠦᠯᠪᠡᠰᠦ ᠵᠣᠬᠢᠮᠤᠢ᠃ ᠮᠡᠬᠦᠰ ᠮᠢᠨᠦ ᠢᠨᠠᠭ ᠣᠢᠷ᠎ᠠ᠂ ᠤᠭᠰᠠᠭ᠎ᠠ ᠲᠥᠷᠥᠯ ᠮᠢᠨᠦ ᠲᠥᠯᠥᠭᠡ ᠬᠥᠩᠭᠡᠮᠰᠦᠭᠯᠡᠨ ᠳᠠᠢᠴᠢᠯᠠᠵᠤ᠂ ᠮᠢᠨᠦ ᠬᠡᠰᠢᠭ ᠢ᠋ ᠲᠡᠳᠡᠭᠡᠷ ᠦ᠋ᠨ ᠰᠡᠳᠬᠢᠯ ᠡᠴᠡᠭᠡᠨ ᠪᠡᠶᠡᠰᠦᠨ ᠪᠢᠰᠢᠷᠡᠵᠦ᠂ ᠰᠦᠰᠦᠭᠯᠡᠭᠦᠯᠦᠭᠲᠦᠨ ! 》ᠬᠡᠮᠡᠭᠰᠡᠨ ᠳ᠋ᠦ᠍ ᠲᠥᠷᠥ ᠶ᠋ᠢᠨ ᠸᠠᠩ ᠰᠠᠢᠳ᠂ ᠵᠠᠢᠰᠠᠩ ᠵᠢᠨᠦᠩ ᠦ᠋ᠨ ᠵᠡᠷᠭᠡ ᠵᠠᠭᠤᠨ ᠨᠣᠶᠠᠳ ᠲᠦᠰᠢᠮᠡᠯ᠂ ᠪᠣᠭᠳᠠ ᠡᠵᠡᠨ ᠦ᠌ ᠪᠣᠱᠣᠭᠲᠤ ᠵᠠᠷᠯᠢᠭ᠂ ᠲᠦᠮᠡᠨ ᠦᠶ᠎ᠡ ᠶ᠋ᠢᠨ ᠭᠡᠭᠡᠬᠡᠨ ᠬᠠᠳ ᠲᠤᠷ ᠰᠤᠷᠭᠠᠯ ᠮᠥᠨ ᠭᠡᠮᠡᠨ ᠲᠦᠮᠡᠨ ᠨᠠᠰᠤᠲᠤ ᠬᠡᠮᠡᠵᠦ ᠮᠥᠷᠭᠥᠭᠡᠳ᠂ ᠵᠡᠭᠦᠨ ᠡᠮᠦᠨᠡᠲᠦ ᠪᠠ ᠴᠢᠬᠡ ᠵᠡᠭᠦᠨ ᠦ᠌ ᠮᠢᠩᠭᠠᠨ ᠭᠠᠵᠠᠷ ᠤ᠋ᠨ ᠭᠠᠳᠠᠨ᠎ᠠ ᠶ᠋ᠢᠨ ᠰᠣᠯᠣᠩᠭᠣᠰ ᠤᠯᠤᠰ᠂ ᠰᠣᠯᠣᠩᠭ᠎ᠠ ᠪᠠ ᠰᠣᠯᠣᠨ᠂ ᠪᠠᠳᠤᠨ᠎ᠠ ᠬᠢᠭᠡᠳ ᠬᠡᠷᠦᠯᠦᠨ ᠦ᠌ ᠠᠮᠠᠨ᠂ ᠬᠢᠷᠢᠨ ᠪᠠ ᠬᠠᠷ᠎ᠠ ᠮᠥᠷᠡᠨ᠂ ᠶᠠᠯᠠᠰᠠ ᠬᠣᠲᠠ᠂ ᠭᠤᠷᠪᠠᠨ ᠣᠪᠣᠭᠲᠠᠨ ᠤ᠋ ᠵᠡᠷᠭᠡ ᠶ᠋ᠢᠨ ᠠᠢᠮᠠᠭ ᠤ᠋ᠨ ᠡᠵᠡᠳ ᠨᠣᠶᠠᠳ ᠢ᠋ ᠵᠡᠭᠦᠨ ᠮᠥᠷᠥ ᠶ᠋ᠢᠨ ᠳᠥᠷᠪᠡᠨ ᠤᠷᠲᠤ᠂ ᠵᠠᠭᠠᠷᠳᠠᠩ ᠤ᠋ᠨ ᠬᠤᠷᠢᠮ ᠤ᠋ᠨ ᠡᠬᠢᠨ᠎ᠡ ᠵᠣᠭᠰᠣᠭᠠᠨ ᠡᠳᠡᠭᠡᠷ ᠦ᠋ᠨ ᠳᠣᠲᠣᠷ᠎ᠠ ᠠ᠋ᠴᠠ ᠪᠠᠳᠤᠨ᠎ᠠ ᠶ᠋ᠢᠨ ᠲᠠᠴᠢᠩᠬᠤᠷᠯᠤᠤ᠂ ᠸᠡᠩᠭᠦᠪ ᠦ᠋ᠨ ᠢᠯᠠᠭᠤᠭᠰᠠᠨ ᠬᠣᠶᠠᠭᠤᠯᠠ ᠪᠠᠷ ᠬᠤᠷᠢᠮ ᠤ᠋ᠨ ᠲᠡᠷᠢᠭᠦᠨ ᠦ᠌ ᠬᠣᠣᠰ ᠬᠤᠨᠳᠠᠭ᠎ᠠ ᠶ᠋ᠢᠨ ᠰᠠᠷᠬᠤᠳ ᠢ᠋ ᠬᠠᠭᠠᠨ ᠳ᠋ᠤᠷ ᠪᠠᠷᠢᠭᠤᠯᠤᠨ᠂ ᠬᠠᠪᠲᠠᠭᠠᠢ ᠮᠣᠳᠣᠨ ᠤ᠋ ᠲᠠᠨᠰᠢᠶᠠᠯᠭᠠ ᠳᠠᠭᠤᠷᠢᠰᠤᠨ ᠬᠣᠢᠰᠢ ᠤᠬᠤᠷᠢᠨ ᠣᠷᠣᠨ ᠳ᠋ᠤᠷ ᠰᠥᠭᠥᠳᠴᠦ ᠳᠠᠷᠠᠭ᠎ᠠ ᠬᠤᠨᠳᠠᠭ᠎ᠠ ᠶ᠋ᠢᠨ ᠪᠠᠷᠢᠯᠭ᠎ᠠ ᠶ᠋ᠢ ᠮᠥᠨ ᠬᠦ ᠬᠣᠯᠠ ᠠᠭᠯᠠᠭ ᠤ᠋ᠨ ᠡᠵᠡᠳ ᠨᠣᠶᠠᠳ ᠢ᠋ᠶ᠋ᠠᠷ ᠲᠡᠭᠡᠯᠡᠭᠦᠯᠦᠨ ᠡᠷᠭᠦᠭᠦᠯᠪᠡ᠃ ᠡᠳᠦᠭᠡᠬᠢ ᠲᠠᠢᠴᠢᠩ ᠤᠯᠤᠰ ᠤ᠋ᠨ ᠬᠠᠭᠠᠨ ᠲᠥᠷᠥ ᠶ᠋ᠢᠨ ᠲᠤᠶᠠᠭ᠎ᠠ ᠭᠡᠷᠡᠯᠲᠦ ᠠᠰᠠᠷ — ᠽᠢ ᠭᠤᠸᠠᠩ ᠭᠧ ᠶ᠋ᠢᠨ ᠭᠠᠳᠠᠭᠠᠳᠤ ᠮᠣᠩᠭᠣᠯ ᠤ᠋ᠨ ᠸᠠᠨ ᠴᠧᠨ ᠶᠠᠨ — ᠲᠦᠮᠡᠨ ᠲᠦᠰᠢᠮᠡᠳ ᠦ᠋ᠨ ᠬᠤᠷᠢᠮ ᠳ᠋ᠤᠷ ᠡᠳᠡᠭᠡᠷ ᠶᠣᠰᠣᠯᠠᠯ ᠢ᠋ ᠪᠠᠭ᠎ᠠ ᠰᠠᠭ᠎ᠠ ᠳᠠᠭᠤᠷᠢᠶᠠᠯᠭᠠᠨ ᠂ ᠨᠢᠭᠡᠨ ᠨᠢᠭᠤᠷᠲᠠᠢᠬᠠᠨ ᠴᠢᠨ ᠸᠠᠩ ᠵᠢᠶᠦ᠋ᠨ ᠸᠠᠩ ᠨᠠᠷ ᠠ᠋ᠴᠠ ᠨᠢᠭᠡᠨ ᠢ᠋ ᠰᠣᠩᠭᠣᠵᠤ᠂ ᠨᠢᠭᠡᠨ ᠬᠤᠨᠳᠠᠭ᠎ᠠ ᠠᠷᠢᠬᠢ ᠪᠠᠷᠢᠭᠤᠯᠵᠤ ᠪᠣᠢ ᠠᠮᠤᠢ᠃
ᠲᠡᠭᠦᠨᠴᠡ ᠰᠢᠨ᠎ᠡ ᠶ᠋ᠢᠨ ᠬᠣᠶᠠᠷ᠎ᠠ ᠤᠯᠤᠰ ᠤ᠋ᠨ ᠲᠦᠰᠢᠮᠡᠳ ᠢ᠋ ᠬᠤᠷᠢᠮᠯᠠᠨ᠂ ᠰᠢᠨ᠎ᠡ ᠶ᠋ᠢᠨ ᠭᠤᠷᠪᠠᠨ᠎ᠠ ᠲᠥᠷᠥ ᠶ᠋ᠢᠨ ᠨᠣᠶᠠᠳ ᠢ᠋ ᠬᠤᠷᠢᠮᠯᠠᠨ᠂ ᠰᠢᠨ᠎ᠡ ᠶ᠋ᠢᠨ ᠳᠦᠷᠪᠡᠨᠡ ᠲᠥᠷᠥᠯ ᠤᠭᠰᠠᠭ᠎ᠠ ᠶ᠋ᠢ ᠬᠤᠷᠢᠮᠯᠠᠨ᠂ ᠰᠢᠨ᠎ᠡ ᠶ᠋ᠢᠨ ᠵᠢᠷᠭᠤᠭᠠᠨ᠎ᠠ ᠭᠡᠷᠦᠨ ᠳᠣᠲᠣᠭᠠᠳᠤ ᠰᠠᠢᠳ ᠲᠦᠰᠢᠮᠡᠳ ᠢ᠋ ᠬᠤᠷᠢᠮᠯᠬᠤᠢ ᠳ᠋ᠤᠷ ᠬᠤᠷᠢᠮ ᠤ᠋ᠨ ᠲᠡᠷᠢᠭᠦᠨ᠎ᠡ ᠬᠠᠭᠤᠴᠢᠨ ᠰᠠᠢᠳ ᠮᠡᠩᠬᠡᠯᠢᠭ᠂ ᠰᠢᠭᠦᠷ᠂ ᠬᠣᠷᠭᠣᠯᠵᠢ᠂ ᠮᠠᠨᠵᠢᠨ ᠳᠥᠷᠪᠡᠭᠦᠯᠡ ᠶ᠋ᠢ ᠲᠡᠷᠢᠭᠦᠯᠡᠭᠦᠯᠦᠨ᠂ ᠳᠡᠳ᠋ ᠲᠣᠷ ᠡᠷᠲᠡᠨ ᠦ᠌ ᠬᠡᠷᠡᠢᠳ ᠠᠢᠮᠠᠭ ᠤ᠋ᠨ ᠲᠠᠪᠤᠨ ᠲᠦᠮᠡᠨ ᠦ᠌ ᠶᠡᠬᠡ ᠴᠡᠷᠢᠭ ᠢ᠋ ᠳᠠᠷᠤᠬᠤᠶᠠ ᠲᠡᠷᠢᠭᠦᠯᠡᠨ ᠣᠷᠣᠵᠤ ᠳᠠᠷᠤᠭᠠᠳ᠂ ᠰᠢᠷᠬ᠎ᠠ ᠣᠯᠵᠤ ᠦᠬᠦᠭᠰᠡᠨ ᠬᠠᠳᠠᠨ ᠵᠢᠷᠤᠮᠲᠤ ᠥᠨᠳᠥᠷ ᠰᠡᠴᠡᠨ ᠦ᠌ ᠭᠤᠷᠪᠠᠨ ᠬᠥᠪᠡᠭᠦᠨ ᠰᠢᠯᠢᠭᠲᠦ ᠪᠠᠷᠰ᠂ ᠪᠣᠯᠢᠬᠲᠤ ᠪᠠᠷᠰ᠂ ᠲᠡᠰᠬᠡᠯ ᠪᠠᠷᠰ ᠨᠢᠭᠡᠨ ᠡᠬᠡ ᠡᠴᠡ ᠨᠢᠭᠡᠨ ᠬᠡᠪᠡᠯᠢ ᠡᠴᠡ ᠬᠠᠮᠲᠤ ᠲᠥᠷᠥᠭᠰᠡᠨ ᠠᠬ᠎ᠠ ᠳᠡᠭᠦᠦ ᠭᠤᠷᠪᠠᠭᠤᠯᠠ ᠶ᠋ᠢ ᠳᠡᠳ᠋ᠯᠡᠭᠦᠯᠦᠨ᠂ ᠲᠠᠢᠽᠦ ᠴᠢᠩᠭᠢᠰ ᠬᠠᠭᠠᠨ᠂ ᠮᠡᠩᠬᠡᠯᠢᠭ ᠡᠴᠡ ᠲᠡᠷᠢᠭᠦᠯᠡᠨ᠂ ᠬᠥᠭᠰᠢᠨ ᠵᠠᠯᠠᠭᠤ ᠳᠣᠯᠣᠭᠤᠯᠠ ᠳ᠋ᠤᠷ ᠴᠥᠮ ᠤᠯᠠᠪᠢᠷ ᠰᠢᠷ᠎ᠠ ᠥᠩᠭᠡᠲᠦ ᠡᠮᠦᠨ᠎ᠡ ᠬᠣᠢᠨ᠎ᠠ ᠲᠥᠭᠥᠷᠢᠭ ᠠᠷᠰᠯᠠᠨ ᠤ᠋ ᠫᠦᠰᠡᠲᠦ ᠣᠯᠪᠣᠭ ᠬᠦᠷᠮ᠎ᠡ᠂ ᠲᠣᠭᠣᠰ ᠤ᠋ᠨ ᠰᠡᠭᠦᠯ ᠬᠠᠲᠠᠭᠰᠠᠨ ᠲᠥᠷᠥ ᠶ᠋ᠢᠨ ᠮᠠᠯᠠᠭ᠎ᠠ ᠳᠡᠪᠡᠯ᠂ ᠬᠠᠰ ᠤ᠋ᠨ ᠪᠦᠰᠡ᠂ ᠮᠠᠩᠨᠤᠭ ᠬᠣᠷᠮᠣᠢ᠂ ᠡᠮᠡᠭᠡᠯ ᠬᠠᠵᠠᠭᠠᠷ᠂ ᠲᠣᠷᠭ᠎ᠠ ᠲᠦᠷᠭᠡ᠂ ᠪᠤᠯᠠᠭ᠎ᠠ ᠬᠠᠪᠲᠠᠭ᠎ᠠ ᠶ᠋ᠢᠨ ᠵᠦᠢᠯ ᠢ᠋ ᠳᠡᠰ ᠳᠠᠷᠠᠭᠠᠯᠠᠨ ᠱᠠᠩᠨᠠᠵᠤ᠂ ᠥᠪᠡᠷᠦᠨ ᠮᠣᠳᠣᠷ ᠢ᠋ᠶ᠋ᠠᠷ ᠮᠡᠩᠬᠡᠯᠢᠭ ᠲᠣᠷ ᠰᠠᠷᠬᠤᠳ ᠬᠦᠷᠲᠡᠭᠡᠨ᠂ ᠪᠤᠰᠤᠳ ᠲᠤᠷ ᠲᠥᠰᠢᠶ᠎ᠡ ᠬᠦᠯᠦᠭ ᠨᠣᠶᠠᠳ ᠢ᠋ᠶ᠋ᠠᠷ ᠰᠠᠷᠬᠤᠳ ᠢ᠋ ᠤᠯᠠᠮᠵᠢᠯᠠᠨ ᠬᠠᠢᠷᠠᠯᠠᠵᠤ᠂ ᠬᠥᠭᠰᠢᠨ ᠰᠢᠬᠦᠷ ᠲᠦᠰᠢᠮᠡᠯ ᠳ᠋ᠦ᠍ᠷ ᠬᠠᠭᠠᠨ ᠮᠣᠳᠣᠷ ᠢ᠋ᠶ᠋ᠠᠷ ᠬᠡᠰᠡᠭᠲᠦ ᠬᠥᠰᠬᠥᠯᠡᠭᠰᠡᠨ ᠮᠢᠬ᠎ᠠ ᠬᠦᠷᠲᠡᠭᠡᠭᠡᠳ ᠡᠢᠨ ᠭᠡᠮᠡᠨ ᠵᠠᠷᠯᠢᠭ ᠪᠣᠯᠤᠷᠤᠨ:
ᠡᠴᠢᠭᠡ ᠬᠠᠭᠠᠨ ᠢ᠋ ᠮᠢᠨᠦ ᠳᠠᠭᠠᠵᠤ ᠴᠢᠩ ᠦᠨᠡᠨ ᠢ᠋ᠶ᠋ᠡᠷ ᠬᠢᠴᠢᠶᠡᠯᠦᠭᠡ
ᠡᠷᠬᠡᠲᠦ ᠬᠤᠸᠠᠩᠬᠡᠦ ᠶ᠋ᠢ ᠪᠠᠭᠤᠯᠭᠠᠬᠤᠶᠠ ᠥᠭᠡᠳᠡ ᠤᠷᠤᠭᠤ ᠭᠦᠶᠦᠯᠦᠭᠡ᠃
ᠡᠷᠲᠡ ᠴᠠᠭᠳᠠ ᠵᠣᠪᠠᠵᠤ ᠵᠦᠳᠡᠬᠦᠶᠡ ᠬᠠᠮᠲᠤ ᠭᠠᠰᠢᠭᠤᠨ ᠢ᠋ ᠠᠮᠰᠠᠯᠤᠭᠠ
ᠡᠳᠦᠭᠡ ᠣᠳᠣ ᠨᠤᠲᠤᠭ ᠭᠣᠯᠣᠮᠲᠠ ᠶ᠋ᠢᠨ ᠡᠷᠬᠢᠯᠡᠭᠰᠡᠨ ᠰᠠᠢᠳ ᠪᠣᠯᠤᠯᠴᠠᠯᠤᠭᠠ᠃
ᠡᠬᠡ ᠲᠠᠢᠬᠡᠦ ᠳ᠋ᠦ᠍ᠷ ᠮᠢᠨᠦ ᠵᠢᠳᠬᠦᠨ ᠵᠢᠭᠰᠠᠭᠠᠯ ᠤ᠋ᠨ ᠲᠡᠷᠢᠭᠦᠨ᠎ᠡ ᠶᠠᠪᠤᠯᠤᠭ᠎ᠠ
ᠡᠳᠦᠭᠡ ᠪᠢ ᠬᠠᠭᠠᠨ ᠰᠠᠭᠤᠲᠠᠯ᠎ᠠ ᠲᠠ ᠬᠣᠶᠠᠭᠤᠯᠠ ᠬᠥᠭᠰᠢᠷᠡᠵᠦᠬᠦᠢ᠃
ᠡᠯ᠎ᠡ ᠠᠯᠪᠠᠲᠤ ᠤᠷᠪᠠᠵᠤ ᠬᠥᠷᠪᠡᠲᠡᠯ᠎ᠡ ᠲᠠ ᠡᠰᠡ ᠭᠤᠢᠪᠢᠯᠵᠠᠪᠠ
ᠡᠭᠦᠷᠢᠳᠡ ᠵᠢᠷᠤᠮᠲᠤ ᠥᠨᠳᠥᠷ ᠰᠡᠴᠡᠨ ᠦ᠌ ᠭᠤᠷᠪᠠᠨ ᠬᠥᠪᠡᠭᠦᠳ ᠲᠡᠢ ᠡᠷᠭᠦᠮᠵᠢᠯᠡᠪᠡ᠃
ᠬᠠᠭᠤᠴᠢᠨ ᠶᠡᠬᠡ 《ᠬᠥᠬᠡ ᠰᠤᠳᠤᠷ 》 ᠲᠤᠷ ᠿᠦᠢᠽᠥ᠋ᠩ ᠲᠣᠯᠢ ᠡᠵᠡᠨ ᠦ᠌ ᠨᠤᠲᠤᠭ ᠤ᠋ᠨ ᠤᠳᠬᠤᠨ ᠭᠣᠯᠣᠮᠲᠠ ᠶ᠋ᠢᠨ ᠳᠥᠷᠪᠡᠨ ᠬᠦᠢ ᠬᠦᠯᠦᠭ᠂ ᠭᠤᠷᠪᠠᠨ ᠭᠠᠪᠰᠢᠭᠠᠢ ᠪᠠᠷᠰ ᠤ᠋ᠨ ᠳᠣᠯᠣᠭᠠᠨ ᠣᠳᠣᠨ ᠤ᠋ ᠡᠭᠦᠷᠢᠳᠡ ᠶ᠋ᠢᠨ ᠵᠠᠩᠵᠤᠨ ᠰᠠᠢᠳ ᠬᠡᠮᠡᠭᠴᠢ ᠡᠨᠡ ᠳᠣᠯᠣᠭᠤᠯᠠ ᠠ᠋ᠴᠠ ᠡᠬᠢᠯᠡᠨ ᠪᠠᠢᠭᠤᠯᠤᠨ ᠲᠣᠭᠲᠠᠵᠤᠬᠤᠢ᠃ ᠡᠨᠡ ᠴᠥᠮ ᠦᠶ᠎ᠡ ᠵᠠᠯᠭᠠᠮᠵᠢᠯᠠᠬᠤ ᠬᠡᠷᠬᠢᠮ ᠰᠠᠭᠤᠷᠢᠨ ᠦᠶ᠎ᠡ ᠤᠯᠠᠷᠢᠨ ᠰᠢᠷ᠎ᠠ ᠣᠯᠪᠣᠭ ᠬᠦᠷᠮᠡᠲᠦ ᠵᠠᠩᠵᠤᠨ ᠪᠣᠯᠵᠤᠬᠤᠢ᠃ ᠶᠠᠭᠤᠨᠳᠤ ᠰᠢᠷ᠎ᠠ ᠣᠯᠪᠣᠭ ᠦᠶ᠎ᠡ ᠵᠠᠯᠭᠠᠮᠵᠢᠯᠠᠪᠠ ? ᠬᠡᠮᠡᠪᠡᠰᠦ : ᠮᠡᠩᠬᠡᠯᠢᠭ ᠲᠣᠷ ᠱᠠᠩᠨᠠᠭᠰᠠᠨ ᠰᠢᠷ᠎ᠠ ᠬᠦᠷᠮ᠎ᠡ ᠪᠥᠭᠡᠰᠦ ᠬᠠᠭᠠᠨ ᠤ᠋ ᠮᠥᠷᠥ ᠶ᠋ᠢᠨ ᠬᠡᠭᠡᠭᠡᠨᠡ ᠨᠥᠮᠥᠷᠴᠦ ᠪᠠᠢᠭᠰᠠᠨ ᠢ᠋ᠶ᠋ᠠᠨ ᠲᠠᠢᠯᠵᠤ ᠱᠠᠩᠨᠠᠭᠰᠠᠨ ᠢ᠋ᠶ᠋ᠠᠷ ᠦᠶ᠎ᠡ ᠤᠯᠠᠷᠢᠨ ᠬᠠᠰᠤᠵᠤ ᠦᠯᠦ ᠪᠣᠯᠬᠤ ᠮᠥᠩᠬᠡ ᠶ᠋ᠢᠨ ᠠᠯᠲᠠᠨ ᠬᠦᠷᠮ᠎ᠡ ᠪᠣᠯᠭᠠᠵᠤ ᠂ ᠶᠡᠬᠡ ᠶᠤᠸᠠᠨ ᠤᠯᠤᠰ ᠤ᠋ᠨ ᠲᠠᠢᠽᠦ ᠴᠢᠩᠭᠢᠰ ᠬᠠᠭᠠᠨ ᠠ᠋ᠴᠠ ᠡᠬᠢᠯᠡᠨ᠂ ᠶᠤᠸᠠᠨ ᠾᠦᠢᠽᠥ᠋ᠩ ᠲᠣᠭᠣᠨ ᠲᠡᠮᠦᠷ ᠱᠦᠨᠳᠢ ᠳ᠋ᠦ᠍ᠷ ᠬᠦᠷᠲᠡᠯ᠎ᠡ ᠨᠠᠢ᠍ᠮᠠᠨ ᠦᠶ᠎ᠡ ᠶ᠋ᠢᠨ ᠳᠣᠲᠣᠷ᠎ᠠ ᠠᠷᠪᠠᠨ ᠳᠥᠷᠪᠡᠨ ᠬᠠᠭᠠᠨ ᠰᠠᠭᠤᠵᠤ᠂ ᠨᠢᠭᠡᠨ ᠵᠠᠭᠤᠨ ᠵᠢᠷᠠᠨ ᠲᠠᠪᠤᠨ ᠵᠢᠯ ᠦ᠋ᠨ ᠳᠣᠲᠣᠷ᠎ᠠ ᠡᠨᠡ ᠣᠳᠬᠣᠨ ᠭᠣᠯᠣᠮᠲᠠ ᠶ᠋ᠢᠨ ᠳᠣᠯᠣᠭᠠᠨ ᠰᠢᠷ᠎ᠠ ᠣᠯᠪᠣᠭ ᠢ᠋ ᠮᠥᠩᠬᠡ ᠶ᠋ᠢᠨ ᠠᠯᠲᠠᠨ ᠬᠦᠷᠮᠡᠲᠦ ᠵᠠᠩᠵᠤᠨ ᠰᠠᠢᠳ ᠤ᠋ᠳ ᠳᠣᠯᠣᠭᠠᠨ ᠬᠠᠴᠠᠷ ᠥᠳᠥᠲᠦ ᠰᠤᠮᠤᠨ ᠢ᠋ ᠭᠣᠯᠣᠮᠲᠠ ᠳ᠋ᠤᠷ ᠡᠷᠭᠦᠨ ᠰᠢᠲᠠᠭᠠᠵᠤ ᠳᠠᠬᠢᠭᠰᠠᠭᠠᠷ ᠢᠷᠡᠵᠦᠬᠦᠢ᠃ ᠡᠳᠦᠭᠡ ᠳᠣᠯᠣᠭᠠᠨ ᠵᠠᠭᠤᠨ ᠢᠯᠡᠭᠦᠦ ᠵᠢᠯ ᠪᠣᠯᠲᠠᠯ᠎ᠠ ᠶᠡᠬᠡᠬᠡᠨ ᠡᠭᠦᠳᠡᠨ ᠦ᠌ ᠪᠣᠷᠵᠢᠭᠢᠳ ᠴᠠᠭᠠᠨ ᠶᠠᠰᠤᠲᠤ ᠸᠠᠩ᠂ ᠲᠠᠢᠵᠢ ᠨᠠᠷ ᠯᠠ ᠰᠠᠷ᠎ᠠ ᠪᠠ ᠳᠥᠷᠪᠡᠨ ᠴᠠᠭ ᠲᠤᠷ ᠭᠠᠯ ᠭᠣᠯᠣᠮᠲᠠ ᠪᠠᠨ ᠳᠠᠬᠢᠵᠤ ᠲᠠᠪᠢᠭᠯᠠᠬᠤᠶᠠ ᠰᠢᠨ᠎ᠡ ᠬᠥᠬᠡ ᠬᠤᠯᠤᠰᠤ ᠡᠪᠡᠰᠦᠨ ᠢ᠋ᠶ᠋ᠡᠷ ᠳᠣᠯᠣᠭᠠᠨ ᠬᠠᠴᠠᠷ ᠥᠳᠥᠲᠦ ᠰᠤᠮᠤ ᠶ᠋ᠢ ᠣᠷᠣᠯᠠᠨ ᠡᠭᠦᠳᠴᠦ᠂ ᠳᠡᠭᠡᠷ᠎ᠡ ᠢᠨᠦ ᠶᠢᠰᠦᠨ ᠥᠩᠭᠡ ᠶ᠋ᠢᠨ ᠭᠬᠢᠪ ᠨᠣᠯᠣᠮ ᠢ᠋ᠶ᠋ᠠᠷ ᠴᠢᠮᠡᠵᠦ ᠭᠠᠯ ᠳ᠋ᠤᠷ ᠢ᠋ᠶ᠋ᠠᠨ ᠡᠷᠭᠦᠬᠦ ᠢᠨᠤ ᠳᠠᠷᠤᠢ ᠲᠡᠷᠡ ᠳᠣᠯᠣᠭᠠᠨ ᠰᠠᠢᠳ ᠤ᠋ᠨ ᠭᠠᠯ ᠤ᠋ᠨ ᠥᠬᠢᠨ ᠲᠡᠭᠷᠢ ᠡᠭᠡᠴᠢ ᠳᠡᠭᠦᠦ ᠳᠣᠯᠣᠭᠤᠯᠠ ᠳ᠋ᠤᠷ ᠡᠷᠭᠦᠬᠦ ᠶ᠋ᠢ ᠣᠷᠣᠯᠠᠭᠤᠯᠬᠤ ᠠᠨᠤ ᠪᠤᠶᠤ᠃ ᠳᠥᠷᠪᠡᠨ ᠶᠡᠬᠡ ᠬᠦᠢ ᠬᠦᠯᠦᠭ᠂ ᠲᠡᠮᠦᠷ ᠮᠣᠳᠣ ᠤᠰᠤᠨ ᠰᠢᠷᠣᠢ ᠶ᠋ᠢᠨ ᠳᠥᠷᠪᠡᠨ ᠥᠩᠭᠡ ᠶ᠋ᠢᠨ ᠶᠡᠬᠡ ᠬᠢᠭᠢᠷᠢ ᠤᠨᠵᠢᠯᠭ᠎ᠠ ᠲᠤᠭ ᠪᠠᠷᠢᠨ ᠳᠥᠷᠪᠡᠨ ᠵᠦᠭ ᠲᠦ᠍ᠷ ᠬᠥᠮᠦᠨ ᠪᠦᠷᠢ ᠳᠣᠯᠣᠭ᠎ᠠ ᠳᠣᠯᠣᠭᠠᠨ ᠳᠥᠴᠢᠨ ᠶᠢᠰᠦᠨ ᠴᠡᠷᠢᠭ ᠬᠤᠶᠠᠭ ᠢ᠋ ᠠᠪᠴᠤ ᠬᠦᠷᠢᠶᠡᠯᠡᠨ ᠵᠣᠭᠰᠣᠵᠤ᠂ ᠪᠤᠶᠠᠨ ᠬᠡᠰᠢᠭ ᠢ᠋ ᠳᠠᠯᠠᠯᠤᠨ ᠬᠤᠷᠢᠶᠠᠵᠤ ᠳᠠᠭᠤᠳᠠᠨ ᠪᠡᠯᠡᠭᠯᠡᠯᠴᠡᠨ ᠵᠢᠴᠢ ᠭᠤᠷᠪᠠᠨ ᠭᠠᠪᠰᠢᠭᠠᠢ ᠪᠠᠷᠰ ᠤ᠋ᠨ ᠵᠠᠩᠵᠤᠨ ᠭᠣᠯᠣᠮᠲᠠ ᠶ᠋ᠢᠨ ᠭᠤᠷᠪᠠᠨ ᠲᠤᠯᠭ᠎ᠠ ᠶ᠋ᠢᠨ ᠬᠥᠯ ᠦ᠋ᠨ ᠭᠠᠳᠠᠨ᠎ᠠ ᠲᠣᠭᠣᠷᠢᠨ ᠰᠥᠭᠥᠳᠴᠦ᠂ ᠬᠣᠨᠢᠨ ᠤ᠋ ᠡᠪᠴᠢᠭᠦᠦ ᠶ᠋ᠢ ᠡᠷᠭᠦᠭᠰᠡᠨ ᠬᠣᠢᠨ᠎ᠠ ᠰᠢᠷ᠎ᠠ ᠲᠣᠰᠣ ᠂ ᠬᠠᠯᠢᠮ ᠥᠭᠡᠬᠦ ᠠᠷᠠᠵᠠ ᠬᠣᠣᠷᠠᠵᠠ ᠶ᠋ᠢ ᠲᠠᠬᠢᠯᠭ᠎ᠠ ᠰᠤᠳᠤᠷ ᠤ᠋ᠨ ᠤᠩᠰᠢᠯᠭ᠎ᠠ ᠯᠤᠭ᠎ᠠ ᠨᠡᠢᠯᠡᠭᠦᠯᠦᠨ ᠡᠷᠭᠦᠮᠦᠢ᠃ ᠡᠳᠦᠭᠡ ᠪᠣᠯᠲᠠᠯ᠎ᠠ ᠲᠡᠳᠡᠭᠡᠷ ᠶᠣᠰᠣᠯᠠᠯ ᠢ᠋ ᠪᠠᠭ᠎ᠠ ᠪᠣᠯᠪᠠᠴᠤ᠂ ᠣᠷᠣᠯᠠᠨ ᠭᠦᠢᠴᠡᠳᠬᠡᠬᠦ ᠲᠠᠢᠵᠢ ᠨᠠᠷ ᠨᠣᠶᠠᠳ ᠤ᠋ᠨ ᠶᠡᠬᠡᠬᠡᠨ ᠭᠡᠷ ᠦ᠋ᠳ ᠲᠣᠷ ᠤᠯᠠᠮᠵᠢᠯᠠᠯ ᠬᠣᠴᠣᠷᠤᠭᠰᠠᠨ ᠠᠨᠤ ᠪᠣᠢ ᠠᠮᠤᠢ᠃ ᠰᠤᠯᠠ ᠦᠭᠡᠰ ᠬᠡᠷᠡᠭ ᠦᠭᠡᠢ᠂ ᠰᠤᠳᠤᠷ ᠤ᠋ᠨ ᠲᠤᠬᠠᠢ ᠲᠣᠪᠴᠢᠶ᠎ᠠ ᠶ᠋ᠢ ᠥᠭᠦᠯᠡᠬᠦ ᠢᠨᠤ᠄
ᠲᠡᠭᠦᠨᠴᠡ ᠴᠠᠭᠠᠨ ᠰᠠᠷ᠎ᠠ ᠶ᠋ᠢᠨ ᠠᠷᠪᠠᠨ ᠵᠢᠷᠭᠤᠭᠠᠨ ᠤ᠋ ᠳᠠᠬᠢᠨ ᠡᠷᠭᠢᠵᠦ ᠡᠬᠢᠯᠡᠬᠦ ᠰᠠᠢᠨ ᠡᠳᠦᠷ᠎ᠡ᠂ ᠤᠯᠤᠰ ᠤ᠋ᠨ ᠬᠣᠲᠠᠯᠠᠭᠠᠷ ᠤ᠋ᠨ ᠨᠡᠢᠲᠡ ᠪᠦᠭᠦᠳᠡᠭᠡᠷ ᠲᠦᠰᠢᠮᠡᠳ ᠢ᠋ ᠨᠢᠭᠡᠨ᠎ᠡ ᠨᠡᠢᠯᠡᠭᠦᠯᠦᠨ᠂ ᠨᠡᠢᠭᠡᠮ ᠰᠠᠢᠳ ᠤ᠋ᠨ ᠬᠤᠷᠢᠮ ᠢ᠋ ᠬᠤᠷᠢᠮᠯᠠᠨ ᠤᠯᠠᠭᠴᠢᠨ ᠲᠠᠤᠯᠠᠢ ᠵᠢᠯ ᠦ᠋ᠨ ᠣᠨ ᠤ᠋ ᠡᠬᠢᠨ ᠦ᠌ ᠪᠡᠯᠡᠭᠯᠡᠯ ᠢ᠋ ᠬᠣᠷᠢᠶᠠᠨ ᠭᠦᠢᠴᠡᠳᠬᠡᠵᠦ᠂ ᠡᠨᠡ ᠣᠨ ᠤ᠋ ᠭᠡᠷ ᠦ᠋ᠨ ᠬᠡᠷᠡᠭ ᠢ᠋ ᠲᠣᠪᠴᠢᠶᠠᠯᠠᠨ ᠲᠣᠭᠠᠴᠢᠭᠰᠠᠨ ᠠᠨᠤ᠄
ᠤᠯᠤᠰ ᠤ᠋ᠨ ᠶᠡᠬᠡ ᠠᠪᠠᠬᠠᠢ ᠰᠡᠴᠡᠨ ᠰᠡᠴᠡᠭᠯᠢᠭ — ᠬᠤᠸᠠ ᠶ᠋ᠢᠨ ᠭᠦᠩᠵᠦ ᠡᠴᠡ ᠨᠢᠭᠡᠨ ᠥᠬᠢᠨ ᠮᠡᠨᠳᠦᠯᠡᠵᠦ ᠠᠢᠯᠠᠳᠬᠠᠭᠰᠠᠨ᠎ᠠ ᠲᠠᠢᠬᠡᠦ ᠶ᠋ᠢᠨ ᠵᠠᠷᠯᠢᠭ ᠢ᠋ᠶ᠋ᠠᠷ ᠨᠡᠷ᠎ᠡ ᠶ᠋ᠢ ᠡᠩᠬᠡ ᠮᠡᠷᠭᠡᠯᠵᠢᠨ ᠭᠡᠮᠡᠨ ᠬᠠᠢᠷᠠᠯᠠᠵᠤ᠂ ᠶᠡᠬᠡ ᠱᠠᠩ ᠬᠤᠷᠢᠮ ᠬᠦᠷᠲᠡᠭᠡᠪᠡ᠃ ᠬᠠᠪᠤᠲᠤ ᠴᠢᠨ ᠸᠠᠩ ᠬᠠᠰᠠᠷ ᠤ᠋ᠨ ᠳᠡᠳ᠋ ᠬᠥᠪᠡᠭᠦᠨ ᠬᠤᠲᠤᠭᠲᠤ ᠳ᠋ᠤᠷ ᠤᠯᠤᠰ ᠤ᠋ᠨ ᠲᠥᠰᠢᠶ᠎ᠡ ᠲᠠᠢᠪᠤᠤ ᠬᠦᠩ ᠴᠡᠷᠢᠭ ᠦ᠋ᠨ ᠶᠡᠬᠡ ᠵᠢᠨᠦᠩ ᠮᠤᠬᠤᠯᠠᠢ ᠶ᠋ᠢᠨ ᠭᠤᠷᠪᠠᠳᠤᠭᠠᠷ ᠥᠬᠢᠨ ᠤᠨᠳᠤᠷᠭ᠎ᠠ ᠭᠡᠷᠡᠯ ᠢ᠋ ᠶᠡᠬᠡ ᠰᠢᠷᠡᠭᠡᠨ ᠦ᠌ ᠬᠠᠲᠤᠨ ᠪᠣᠯᠭᠠᠨ ᠵᠠᠷᠯᠢᠭ ᠢ᠋ᠶ᠋ᠠᠷ ᠡᠷᠭᠦᠮᠵᠢᠯᠡᠪᠡ᠃ ᠪᠠᠰᠠ ᠤᠯᠤᠰ ᠤ᠋ᠨ ᠲᠥᠰᠢᠶ᠎ᠡ ᠬᠦᠩ ᠬᠦᠯᠦᠭ ᠪᠤᠭᠤᠷᠵᠢ ᠶ᠋ᠢᠨ ᠳᠥᠷᠪᠡᠳᠦᠭᠡᠷ ᠥᠬᠢᠨ ᠲᠤᠰᠠᠲᠤ ᠭᠤᠸ᠎ᠠ ᠶ᠋ᠢ ᠬᠠᠭᠠᠨ ᠤ᠋ ᠳᠡᠭᠦᠦ ᠵᠢᠶᠦ᠋ᠨ ᠸᠠᠩ ᠣᠢᠲᠤ ᠸᠴᠢᠷ ᠦ᠋ᠨ ᠶᠡᠬᠡ ᠬᠥᠪᠡᠭᠦᠨ ᠡᠷᠳᠡᠨᠢ ᠰᠠᠷᠠᠨ ᠳ᠋ᠤᠷ ᠵᠢᠭᠠᠪᠠ᠃ ᠪᠠᠰᠠ ᠤᠯᠤᠰ ᠤ᠋ᠨ ᠲᠥᠰᠢᠶ᠎ᠡ ᠬᠦᠩ ᠬᠦᠯᠦᠭ ᠨᠣᠶᠠᠨ ᠴᠢᠯᠠᠭᠤᠨ ᠤ᠋ ᠬᠣᠶᠠᠳᠤᠭᠠᠷ ᠥᠬᠢᠨ ᠬᠠᠰᠯᠢᠭ᠂ ᠭᠤᠷᠪᠠᠳᠤᠭᠠᠷ ᠥᠬᠢᠨ ᠪᠠᠳᠮᠠᠷᠠᠺᠠ ᠬᠣᠶᠠᠷ ᠠᠪᠠᠬᠠᠢ ᠶ᠋ᠢ ᠬᠠᠭᠠᠨ ᠤ᠋ ᠳᠡᠭᠦᠦ ᠵᠢᠶᠦ᠋ᠨ ᠸᠠᠩ ᠤᠷᠠᠨ ᠬᠠᠴᠤᠭ ᠤ᠋ᠨ ᠭᠠᠭᠴᠠ ᠬᠥᠪᠡᠭᠦᠨ ᠮᠣᠩᠭᠣᠯ ᠪᠦᠬᠦ ᠳ᠋ᠦ᠍ᠷ ᠬᠠᠰᠯᠢᠭ ᠢ᠋ ᠵᠢᠭᠠᠵᠤ᠂ ᠡᠷᠳᠡᠨᠢ ᠰᠠᠷᠠᠨ ᠤ᠋ ᠳᠡᠭᠦᠦ ᠮᠣᠩᠭᠣᠯ ᠰᠠᠢᠵᠢᠷᠠ ᠳ᠋ᠤᠷ ᠪᠠᠳᠮᠠᠷᠠᠺᠠ ᠠᠪᠠᠬᠠᠢ ᠶ᠋ᠢ ᠵᠢᠭᠠᠵᠤ ᠲᠣᠭᠲᠠᠭᠠᠪᠠ᠃ ᠡᠳᠡᠭᠡᠷ ᠴᠥᠮ ᠭᠤᠸᠠᠩ ᠰᠢᠶᠠᠨ ᠬᠤᠸᠠᠩᠬᠡᠦ ᠶ᠋ᠢᠨ ᠰᠣᠩᠭᠣᠵᠤ ᠲᠣᠭᠲᠠᠭᠠᠭᠰᠠᠨ ᠪᠡᠷᠢᠶᠡᠳ ᠮᠥᠨ᠂ ᠴᠥᠮ ᠰᠤᠮᠤᠨ ᠤ᠋ ᠪᠡᠯᠡᠭ ᠦ᠋ᠨ ᠮᠠᠯ ᠮᠥᠩᠭᠥ ᠶ᠋ᠢ ᠲᠤᠰᠢᠶᠠᠯᠭᠠᠨ ᠬᠤᠷᠢᠮ ᠬᠤᠷᠢᠮᠯᠠᠨ ᠤᠷᠤᠭ ᠢ᠋ ᠲᠣᠭᠲᠠᠭᠠᠪᠠ᠃ ᠡᠭᠦᠨᠦ ᠳᠣᠣᠷ᠎ᠠ ᠤᠯᠤᠰ ᠤ᠋ᠨ ᠶᠡᠬᠡᠰ ᠨᠣᠶᠠᠳ ᠪᠠ ᠭᠠᠪᠢᠶᠠᠲᠤ ᠰᠠᠢᠳ ᠤ᠋ᠳ ᠤ᠋ᠨ ᠥᠬᠢᠳ ᠬᠥᠪᠡᠭᠦᠳ ᠢ᠋ ᠬᠠᠷᠢᠯᠴᠠᠨ ᠰᠣᠯᠢᠯᠴᠠᠭᠤᠯᠤᠨ᠂ ᠤᠷᠤᠭ ᠢ᠋ ᠬᠤᠸᠠᠩᠬᠡᠦ ᠶ᠋ᠢᠨ ᠵᠠᠷᠯᠢᠭ ᠢ᠋ᠶ᠋ᠠᠷ ᠵᠢᠭᠠᠵᠤ ᠲᠣᠭᠲᠠᠭᠠᠭᠰᠠᠨ ᠬᠣᠷᠢᠨ ᠢᠯᠡᠭᠦᠦ ᠬᠣᠣᠰ ᠢ᠋ ᠨᠡᠷ᠎ᠡ ᠳᠠᠷᠠᠭᠠᠯᠠᠨ ᠨᠠᠷᠢᠪᠴᠢᠯᠠᠨ ᠲᠣᠭᠠᠴᠢᠬᠤ ᠬᠡᠷᠡᠭ ᠦᠭᠡᠢ᠃ ᠲᠤᠬᠠᠢ ᠰᠤᠳᠤᠷ ᠤ᠋ᠨ ᠤᠯᠤᠰ ᠲᠥᠷᠥ ᠶ᠋ᠢᠨ ᠴᠢᠬᠤᠯᠠ ᠬᠡᠷᠡᠭ ᠢ᠋ ᠥᠭᠦᠯᠡᠬᠦ ᠢᠨᠦ:
ᠣᠨ ᠤ᠋ ᠡᠬᠢᠨ ᠦ᠌ ᠪᠡᠯᠡᠭ ᠶᠣᠰᠣᠯᠠᠯ ᠪᠠ ᠤᠷᠤᠭ ᠤᠳᠤᠮ ᠤ᠋ᠨ ᠬᠤᠷᠢᠮ ᠲᠣᠢ ᠶ᠋ᠢᠨ ᠬᠡᠷᠡᠭ ᠰᠡᠯᠡᠭᠦᠷᠡᠵᠦ᠂ ᠤᠯᠤᠰ ᠲᠥᠷᠥ ᠶ᠋ᠢᠨ ᠴᠡᠷᠢᠭ ᠵᠠᠰᠠᠭ ᠤ᠋ᠨ ᠬᠡᠷᠡᠭ ᠦᠢᠯᠡ ᠶ᠋ᠢᠨ ᠡᠩ ᠲᠡᠷᠢᠭᠦᠨ᠎ᠡ — ᠪᠠᠰᠠ ᠬᠦ᠌ ᠪᠠᠷᠠᠭᠤᠨ ᠲᠠᠩᠭᠤᠳ ᠤᠯᠤᠰ ᠤ᠋ᠨ ᠨᠢᠳᠤᠨᠤᠨ ᠵᠢᠯ ᠦ᠋ᠨ ᠠᠮᠠᠯᠳᠠᠭᠰᠠᠨ ᠠᠯᠪᠠᠨ ᠢ᠋ᠶ᠋ᠠᠨ ᠠᠷᠠᠢ ᠬᠠᠭᠠᠰ ᠢ᠋ ᠪᠠᠷᠢᠭᠠᠳ᠂ ᠦᠯᠡᠭᠰᠡᠨ ᠢ᠋ ᠴᠢᠯᠥᠭᠡ ᠭᠤᠶᠤᠭᠰᠠᠨ ᠪᠥᠯᠥᠭᠡ᠃ ᠨᠢᠳᠤᠨᠤᠨ ᠵᠢᠯ ᠦ᠋ᠨ ᠳᠣᠣᠷ᠎ᠠ᠂ ᠲᠠᠩᠭᠤᠳ ᠤ᠋ᠨ ᠢᠦᠢ ᠺᠧᠦ ᠶ᠋ᠢ ᠰᠠᠬᠢᠭᠰᠠᠨ ᠯᠢᠦ ᠪᠦ ᠰᠢ᠂ ᠵᠢᠩ ᠵᠧᠦ ᠶ᠋ᠢ ᠰᠠᠬᠢᠭᠰᠠᠨ ᠯᠢᠦ ᠵᠦᠩ ᠯᠦ᠍᠂ ᠵᠢᠷᠯᠤᠭ ᠬᠣᠲᠠ ᠶ᠋ᠢ ᠰᠠᠬᠢᠭᠰᠠᠨ ᠳ᠋ᠦᠩ ᠶᠦᠨ᠂ ᠯᠢ ᠵᠢᠢ ᠯᠢ ᠶ᠋ᠢ ᠰᠠᠬᠢᠭᠰᠠᠨ ᠳ᠋ᠦᠩ ᠵᠢᠶᠦ᠋ᠨ ᠳᠥᠷᠪᠡᠨ ᠵᠠᠩᠵᠤᠨ ᠤ᠋ ᠮᠡᠳᠡᠭᠦᠯᠵᠦ ᠢᠷᠡᠭᠰᠡᠨ ᠢᠨᠤ᠄
《ᠨᠢᠳᠤᠨᠤᠨ ᠵᠢᠯ ᠮᠠᠨ ᠤ᠋ ᠤᠯᠤᠰ ᠤ᠋ᠨ ᠴᠡᠷᠢᠭ ᠡᠭᠡᠭᠰᠡᠨ ᠳᠠᠷᠤᠢ ᠲᠠᠩᠭᠤᠳ ᠤᠯᠤᠰ ᠤ᠋ᠨ ᠶᠡᠬᠡ ᠪᠠᠷᠠᠭᠤᠨ ᠬᠢᠵᠠᠭᠠᠷ ᠤ᠋ᠨ ᠰᠢᠷ᠎ᠠ ᠮᠥᠷᠡᠨ ᠦ᠌ ᠡᠬᠢᠨ ᠦ᠌ ᠰᠢᠩᠰᠡ ᠳᠠᠯᠠᠢ ᠶ᠋ᠢᠨ ᠵᠠᠬ᠎ᠠ ᠳ᠋ᠤᠷ ᠪᠦᠬᠦᠢ ᠲᠠᠩᠭᠤᠳ ᠤᠯᠤᠰ ᠤ᠋ᠨ ᠲᠠᠪᠤᠨ ᠥᠩᠭᠡ ᠶ᠋ᠢᠨ ᠳᠠᠪᠤᠰᠤ ᠭᠠᠷᠬᠤ ᠶᠡᠬᠡ ᠠᠰᠢᠭᠲᠤ ᠭᠠᠵᠠᠷ ᠤ᠋ᠨ ᠨᠠᠭᠤᠷ ᠲᠤᠨᠤᠮᠠᠯ ᠤ᠋ᠨ ᠠᠨᠤ ᠪᠠᠷᠠᠭᠤᠨ ᠬᠣᠢᠲᠤ ᠤᠢᠭᠤᠷ ᠤᠯᠤᠰ ᠤ᠋ᠨ ᠵᠡᠭᠦᠨ ᠡᠮᠦᠨ᠎ᠡ ᠵᠠᠬ᠎ᠠ ᠶ᠋ᠢᠨ ᠪᠠᠭ᠎ᠠ ᠤᠯᠤᠰ ᠤ᠋ᠳ ᠰᠠᠮᠠᠭᠤᠷᠠᠨ ᠪᠤᠯᠢᠶᠠᠭᠰᠠᠨ ᠳ᠋ᠤᠷ ᠲᠠᠩᠭᠤᠳ ᠤᠯᠤᠰ ᠤ᠋ᠨ ᠲᠠᠢᠽᠢ ᠯᠢ ᠼᠦᠨ ᠰᠢᠦᠢ᠂ ᠵᠢᠴᠢ ᠮᠠᠨ ᠤ᠋ ᠤᠯᠤᠰ ᠤ᠋ᠨ ᠳᠡᠳ᠋ ᠴᠢᠶᠠᠨ ᠰᠦᠢ ᠲᠠᠢᠽᠢ ᠴᠢᠨ ᠸᠠᠩ ᠤ᠋ᠨ ᠭᠤᠶᠤᠭᠰᠠᠨ ᠭᠦᠩᠵᠦ᠂ ᠶᠡᠬᠡ ᠪᠠᠭ᠎ᠠ ᠵᠠᠩᠵᠤᠨ ᠠᠷᠪᠠ᠂ ᠲᠠᠢᠭᠠᠨ ᠯᠤᠤ ᠬᠦᠩ ᠠᠷᠪᠠ᠂ ᠮᠠᠨ ᠤ᠋ ᠤᠯᠤᠰ ᠤ᠋ᠨ ᠱᠠᠩ ᠲᠠᠢᠹᠦ᠋ ᠲᠦᠰᠢᠮᠡᠯ ᠥᠳᠥ᠂ ᠰᠣᠳᠣ᠂ ᠮᠦ᠍ ᠬᠤ᠌᠂ ᠯᠢ ᠼᠦᠨ ᠲᠦᠩ᠂ ᠭᠦᠩᠵᠦ ᠶ᠋ᠢᠨ ᠭᠤᠷᠪᠠᠨ ᠵᠠᠭᠤᠨ ᠡᠬᠡᠨᠡᠷ ᠵᠠᠩᠵᠤᠨ ᠴᠡᠷᠢᠭ ᠢ᠋ ᠬᠠᠮᠠᠭᠠᠯᠠᠨ᠂ ᠨᠡᠢᠲᠡ ᠨᠢᠭᠡᠨ ᠲᠦᠮᠡᠨ ᠲᠠᠪᠤᠨ ᠮᠢᠩᠭᠠᠨ ᠴᠡᠷᠢᠭ ᠠᠪᠴᠤ ᠮᠣᠷᠳᠠᠨ ᠡᠴᠢᠭᠰᠡᠨ ᠳᠠᠷᠤᠢ ᠳᠠᠷᠠᠭ᠎ᠠ ᠪᠠᠷ ᠨᠢᠳᠤᠨᠤᠨ ᠵᠢᠯ ᠮᠠᠨ ᠤ᠋ ᠳᠠᠢᠯᠠᠬᠤ ᠴᠡᠷᠢᠭ ᠲᠦ᠍ᠷ ᠳᠠᠷᠤᠭᠳᠠᠵᠤ ᠤᠷᠭᠤᠭᠰᠠᠨ ᠴᠢᠦᠢ ᠴᠦ ᠯᠢᠦᠢ᠂ ᠲᠣᠳᠣ ᠨᠠᠷ ᠵᠠᠭᠤᠨ ᠵᠦᠢᠯ ᠢ᠋ᠶ᠋ᠡᠷ ᠭᠣᠯᠲᠤᠭᠢᠨᠠᠨ᠂ ᠲᠣᠳᠣ᠂ ᠯᠢ ᠠᠨ ᠴᠢᠦᠸᠠᠨ ᠤ᠋ ᠢᠨᠠᠭ ᠹᠧᠢ ᠶᠠᠨ ᠱᠢ ᠳ᠋ᠦ᠍ᠷ ᠡᠳ᠋ ᠰᠤᠪᠤᠳ ᠤ᠋ᠨ ᠬᠦᠨᠳᠦ ᠬᠠᠬᠤᠤᠯᠢ ᠡᠷᠭᠦᠵᠦ ᠰᠡᠮᠡᠬᠡᠷ ᠰᠦᠯᠪᠡᠭᠡᠯᠡᠨ ᠶᠠᠪᠤᠯᠴᠠᠭᠰᠠᠭᠠᠷ᠂ ᠯᠢ ᠠᠨ ᠴᠢᠦᠸᠠᠨ ᠤ᠋ ᠰᠡᠳᠬᠢᠯ ᠢ᠋ ᠬᠥᠳᠡᠯᠭᠡᠨ ᠮᠤᠩᠬᠠᠷᠠᠭᠤᠯᠤᠨ ᠪᠠᠴᠢᠯᠠᠵᠤ᠂ ᠬᠠᠳᠬᠤᠨ ᠬᠤᠪᠢᠰᠬᠠᠭᠠᠳ᠂ ᠢᠯᠡ ᠳ᠋ᠦ᠍ᠷ ᠠᠯᠲᠠᠨ ᠤᠯᠤᠰ ᠯᠤᠭ᠎ᠠ ᠳᠥᠴᠢᠭᠡᠳ ᠵᠢᠯ ᠨᠠᠢᠷᠯᠠᠨ ᠶᠠᠪᠤᠭᠰᠠᠨ ᠪᠥᠭᠡᠲᠡᠯ᠎ᠡ ᠡᠳᠦᠭᠡ ᠮᠣᠩᠭᠣᠯ ᠤ᠋ᠨ ᠴᠡᠷᠢᠭ ᠮᠠᠨ ᠤ᠋ ᠤᠯᠤᠰ ᠢ᠋ ᠳᠠᠷᠤᠯᠠᠨ ᠳᠠᠪᠴᠢᠯᠠᠬᠤᠶᠠ ᠴᠡᠷᠢᠭ ᠭᠤᠶᠤᠯᠭᠠᠪᠠᠰᠤ ᠨᠢᠭᠡᠨ ᠬᠤᠶᠠᠭ ᠴᠤ᠌ ᠥᠭᠭᠦᠭᠰᠡᠨ ᠦᠭᠡᠢ ᠲᠤᠯᠠ ᠠᠯᠲᠠᠨ ᠤᠯᠤᠰ ᠠ᠋ᠴᠠ ᠨᠢᠭᠡᠨ ᠵᠠᠭᠤᠨ ᠲᠦᠮᠡᠨ ᠬᠤ᠌ ᠠᠮᠤ ᠵᠢᠭᠡᠯᠡᠮᠦᠢ᠂ ᠡᠰᠡ ᠦᠭᠪᠡᠰᠦ ᠳᠠᠷᠤᠢ ᠠᠯᠲᠠᠨ ᠤᠯᠤᠰ ᠤ᠋ᠨ ᠪᠠᠷᠠᠭᠤᠨ ᠵᠠᠬ᠎ᠠ ᠶ᠋ᠢ ᠪᠠᠢᠯᠳᠤᠨ ᠠᠪᠤᠮᠤᠢ ᠭᠡᠮᠡᠨ ᠠᠯᠳᠠᠷᠰᠢᠭᠤᠯᠵᠤ ᠂ ᠳᠥᠷᠪᠡᠨ ᠵᠦᠭ ᠦ᠋ᠨ ᠵᠠᠬ᠎ᠠ ᠬᠢᠵᠠᠭᠠᠷ ᠲᠤᠷ ᠬᠦᠷᠲᠡᠯ᠎ᠡ᠂ ᠨᠡᠢᠲᠡ ᠬᠣᠷᠢᠨ ᠲᠦᠮᠡᠨ ᠴᠡᠷᠢᠭ ᠢ᠋ ᠡᠯᠰᠡᠨ ᠪᠣᠯᠪᠠᠰᠤᠷᠠᠭᠤᠯᠵᠤ ᠪᠣᠢ ᠠᠮᠤᠢ᠃ ᠠᠯᠲᠠᠨ ᠤᠯᠤᠰ ᠯᠤᠭ᠎ᠠ ᠴᠡᠷᠢᠭᠯᠡᠮᠦᠢ ᠬᠡᠮᠡᠭᠴᠢ ᠡᠭᠡᠨᠡᠭᠲᠡ ᠬᠠᠭᠤᠷᠮᠠᠭ ᠰᠢᠯᠲᠠᠭ ᠪᠥᠭᠡᠳ ᠦᠨᠡᠨ ᠢ᠋ ᠬᠡᠯᠡᠪᠡᠰᠦ ᠮᠠᠨ ᠤ᠋ ᠤᠯᠤᠰ ᠲᠤᠷ ᠥᠭᠭᠦᠭᠰᠡᠨ ᠳᠥᠷᠪᠡᠨ ᠶᠡᠬᠡ ᠭᠠᠵᠠᠷ ᠣᠷᠣᠨ ᠬᠣᠲᠠ ᠪᠠᠯᠭᠠᠳ ᠢ᠋ᠶ᠋ᠠᠨ ᠬᠠᠷᠢᠭᠤ ᠪᠤᠯᠢᠶᠠᠨ ᠠᠪᠬᠤ ᠪᠠᠢᠳᠠᠯ ᠲᠥᠯᠥᠪ ᠨᠢᠭᠡᠨᠲᠡ ᠢᠯᠡᠷᠡᠵᠦᠬᠦᠢ᠃ ᠡᠨᠡ ᠢᠨᠦ᠂ ᠶ᠋ᠢᠨ ᠭᠦᠩᠵᠦ ᠬᠡᠷᠲᠡᠭᠡᠨ ᠦᠭᠡᠢ ᠵᠠᠪᠰᠠᠷ᠎ᠠ ᠵᠠᠪᠰᠢᠵᠤ ᠡᠭᠦᠰᠬᠡᠭᠰᠡᠨ ᠬᠡᠷᠡᠭ ᠪᠣᠯᠠᠢ᠃ ᠮᠠᠨ ᠤ᠋ ᠤᠯᠤᠰ ᠲᠤᠷ ᠡᠷᠲᠡᠰᠡ ᠵᠠᠩᠵᠤᠨ ᠴᠡᠷᠢᠭ ᠢ᠋ ᠰᠡᠷᠭᠡᠢᠯᠡᠨ ᠵᠢᠰᠢᠵᠦ ᠪᠡᠯᠡᠳᠬᠡᠪᠡᠰᠦ ᠵᠣᠬᠢᠬᠤ ᠮᠡᠲᠦ 》ᠬᠡᠮᠡᠵᠦᠬᠦᠢ᠃ ᠡᠭᠦᠡᠴᠡ ᠭᠠᠳᠠᠨ᠎ᠠ᠂ ᠯᠢ ᠵᠢᠢ ᠯᠢ ᠶ᠋ᠢᠨ ᠠᠬᠠᠢ ᠨᠣᠶᠠᠨ ᠤ᠋ ᠳᠡᠭᠦᠦ᠂ ᠬᠠᠭᠠᠨ ᠤ᠋ ᠶᠡᠬᠡ ᠴᠧᠩᠰᠢᠶᠠᠩ ᠪᠣᠯᠣᠳ ᠨᠡᠢᠰᠯᠡᠯ ᠳ᠋ᠦ᠍ᠷ ᠢᠨᠤ ᠪᠠᠢᠵᠤ᠂ ᠦᠨᠡᠨ ᠢᠵᠠᠭᠤᠷ ᠢ ᠣᠯᠵᠤ᠂ ᠨᠠᠪᠲᠠᠷᠬᠠᠢ ᠳᠠᠬᠤ ᠶ᠋ᠢᠨ ᠮᠡᠳᠡᠭᠡ ᠪᠡᠷ ᠴᠡᠷᠢᠭ ᠦ᠋ᠨ ᠶᠡᠬᠡ ᠵᠢᠨᠦᠩ ᠳ᠋ᠦ᠍ᠷ ᠪᠠᠷᠢᠭᠰᠠᠨ ᠦᠭᠡᠰ ᠴᠦ᠍ ᠨᠢᠭᠡᠨ ᠠᠳᠠᠯᠢ ᠬᠡᠮᠡᠭᠰᠡᠨ ᠲᠤᠯᠠ᠂ ᠬᠠᠭᠠᠨ ᠲᠠᠩᠭᠤᠳ ᠤᠯᠤᠰ ᠤ᠋ᠨ ᠪᠠᠲᠤ ᠢᠲᠡᠭᠡᠮᠵᠢ ᠦᠭᠡᠢ ᠳ᠋ᠦ᠍ᠷ ᠶᠡᠬᠡᠯ᠎ᠡ ᠬᠢᠯᠢᠩᠯᠡᠨ 《ᠬᠣᠷᠢᠨ ᠡᠳᠦᠷ ᠦ᠋ᠨ ᠳᠣᠲᠣᠷ᠎ᠠ ᠮᠡᠬᠦᠰ ᠪᠢ ᠪᠡᠶ᠎ᠡ ᠪᠡᠷ ᠴᠡᠷᠢᠭ ᠠᠪᠴᠤ ᠳᠠᠢᠯᠠᠬᠤ ᠪᠠᠷ ᠪᠡᠯᠡᠳᠭᠡ 》ᠭᠡᠮᠡᠨ ᠬᠠᠭᠤᠯᠤᠨ ᠪᠠᠭᠤᠯᠭᠠᠪᠠ᠃ ᠳᠥᠷᠪᠡᠨ ᠬᠣᠲᠠ ᠶ᠋ᠢᠨ ᠵᠠᠩᠵᠤᠨ ᠪᠦᠬᠦᠨ᠎ᠡ ᠴᠥᠮ ᠮᠢᠩᠭᠠᠨ ᠴᠡᠷᠢᠭ ᠥᠭᠴᠦ᠂ ᠲᠡᠭᠦᠨᠦ ᠤᠭ ᠴᠡᠷᠢᠭ ᠯᠦ᠍ᠭᠡ ᠪᠡᠶ᠎ᠡ ᠶ᠋ᠢ ᠮᠢᠨᠦ ᠬᠠᠮᠠᠭᠠᠯᠠᠭᠤᠯᠵᠤ 《ᠲᠠᠩᠭᠤᠳ ᠤᠯᠤᠰ ᠲᠠᠩᠭᠠᠷᠢᠭ ᠠ᠋ᠴᠠᠭᠠᠨ ᠤᠷᠪᠠᠭᠰᠠᠨ ᠲᠣᠳᠣᠷᠬᠠᠢ ᠶᠠᠯ᠎ᠠ ᠶ᠋ᠢ ᠣᠯᠤᠮᠠᠭᠴᠠ ᠳᠦᠷᠭᠡᠨ᠎ᠡ ᠳᠣᠪᠲᠣᠯᠭᠠᠨ ᠮᠡᠳᠡᠭᠦᠯ᠃ ᠮᠢᠨᠦ ᠪᠡᠶ᠎ᠡ ᠨᠢᠳᠤᠨᠤᠨ ᠤ᠋ ᠮᠠᠨ ᠳ᠋ᠤᠷ ᠪᠣᠯᠤᠭᠰᠠᠨ ᠳᠥᠷᠪᠡᠨ ᠬᠣᠲᠠ ᠪᠠᠯᠭᠠᠳ ᠢ᠋ ᠨᠢᠳᠦ ᠪᠡᠷ ᠪᠠᠢᠴᠠᠭᠠᠨ ᠦᠵᠡᠬᠦ ᠴᠡᠷᠢᠭ ᠠᠪᠴᠤ᠂ ᠳᠠᠷᠠᠭ᠎ᠠ ᠪᠠᠷ ᠮᠣᠷᠳᠠᠮᠤᠢ 》ᠭᠡᠮᠡᠨ ᠤᠷᠢᠤᠴᠢᠯᠠᠨ ᠳᠥᠷᠪᠡᠨ ᠪᠠᠭ᠎ᠠ ᠵᠠᠩᠵᠤᠨ ᠳ᠋ᠤᠷ ᠳᠥᠷᠪᠡᠨ ᠮᠢᠩᠭᠠᠨ ᠴᠡᠷᠢᠭ ᠥᠭᠴᠦ᠂ ᠭᠠᠳᠠᠨ᠎ᠠ ᠶ᠋ᠢᠨ ᠳᠥᠷᠪᠡᠨ ᠵᠠᠩᠵᠤᠨ ᠨᠠᠷ ᠲᠤᠷ ᠬᠠᠪᠰᠤᠷᠤᠭᠤᠯᠤᠷᠠ ᠮᠣᠷᠳᠠᠭᠤᠯᠵᠤ᠂ ᠮᠣᠩᠭᠣᠯ ᠲᠠᠩᠭᠤᠳ ᠬᠣᠶᠠᠷ ᠤᠯᠤᠰ ᠲᠤᠷ ᠪᠠᠰᠠ ᠬᠦ᠌ ᠴᠡᠷᠢᠭ ᠲᠡᠢᠨ ᠦ᠌ ᠲᠣᠭᠣᠰᠣ ᠲᠣᠷᠤᠮᠤ ᠳᠡᠭᠳᠡᠯᠴᠡᠪᠡᠢ᠃ ᠡᠨᠡ ᠢᠨᠦ ᠨᠢᠭᠡᠬᠡᠨ ᠲᠣᠳᠣ ᠵᠣᠯᠪᠢᠨ ᠤ᠋ ᠡᠭᠦᠰᠦᠯ ᠢ᠋ᠶ᠋ᠡᠷ ᠬᠡᠷᠬᠢᠨ ᠪᠠᠰᠠ ᠡᠢᠮᠦ ᠪᠣᠯᠵᠤ ᠴᠡᠷᠢᠭ ᠵᠠᠯᠭᠠᠯᠳᠤᠨ ᠵᠣᠪᠠᠯᠠᠩ ᠦᠷᠭᠦᠯᠵᠢᠯᠡᠬᠦᠢ ᠳ᠋ᠦ᠍ᠷ ᠬᠦᠷᠪᠡ ? ᠬᠡᠮᠡᠪᠡᠰᠦ᠂ ᠣᠳᠣ ᠪᠠᠰᠠ ᠦᠭᠡ ᠶ᠋ᠢ ᠬᠣᠢᠰᠢ ᠡᠭᠡᠭᠦᠯᠦᠨ᠂ ᠨᠢᠳᠤᠨᠤᠨ ᠬᠠᠪᠤᠷ ᠴᠢᠦᠢ ᠴᠦ ᠯᠢᠦᠢ ᠲᠣᠳᠣ ᠬᠣᠶᠠᠭᠤᠯᠠ ᠦᠬᠦᠯ ᠡᠴᠡ ᠪᠤᠯᠲᠠᠷᠠᠨ ᠭᠠᠷᠴᠤ᠂ ᠢᠯᠳᠠᠰᠢ ᠮᠥᠷᠡᠨ᠎ᠡ ᠤᠷᠭᠤᠨ ᠡᠴᠢᠭᠰᠡᠨ ᠡᠴᠡ ᠡᠬᠢᠯᠡᠵᠦ ᠂ ᠶᠡᠬᠡ ᠤᠴᠢᠷ ᠶᠠᠪᠤᠳᠠᠯ ᠲᠣᠪᠴᠢᠶᠠᠯᠠᠨ ᠲᠣᠭᠠᠴᠢᠵᠤ ᠂ ᠲᠠᠩᠭᠤᠳ ᠤᠯᠤᠰ ᠤ᠋ᠨ ᠡᠵᠡᠨ ᠯᠢ ᠠᠨ ᠴᠢᠤᠸᠠᠨ ᠢ᠋ ᠪᠠᠴᠢᠯᠠᠨ ᠬᠤᠪᠢᠰᠬᠠᠨ ᠴᠢᠳᠠᠭᠰᠠᠨ ᠢ᠋ ᠥᠭᠦᠯᠡᠬᠦ ᠢᠨᠦ: ᠤᠭ ᠠ᠋ᠴᠠ ᠲᠣᠳᠣ ᠶ᠋ᠢᠨ ᠨᠢᠭᠡᠨ ᠠᠢᠮᠠᠭ ᠤ᠋ᠨ ᠮᠠᠢᠯᠵᠢ ᠤᠯᠤᠰ ᠤ᠋ᠨ ᠣᠷᠭᠠᠢ ᠬᠡᠮᠡᠭᠴᠢ ᠨᠡᠷᠡᠲᠦ ᠲᠣᠳᠣ ᠶ᠋ᠢᠨ ᠣᠢᠷ᠎ᠠ ᠲᠥᠷᠥᠯ ᠡᠷᠲᠡ ᠡᠳᠦᠷ ᠢᠯᠳᠡᠰᠢ ᠮᠥᠷᠡᠨ ᠦ᠌ ᠢᠯᠢ ᠬᠣᠲᠠ ᠶ᠋ᠢᠨ ᠡᠵᠡᠨ᠂ ᠪᠠᠪᠤ ᠬᠡᠮᠡᠭᠴᠢ ᠶ᠋ᠢᠨ ᠵᠢᠭᠡ ᠬᠥᠪᠡᠭᠦᠨ ᠪᠤᠯᠬᠤᠢ ᠶ᠋ᠢᠨ ᠲᠤᠯᠠᠳᠠ᠂ ᠥᠪᠡᠷᠦᠨ ᠬᠠᠷᠢᠶᠠᠲᠤ ᠬᠡᠳᠦᠨ ᠠᠢᠮᠠᠭ ᠠᠷᠠᠳ ᠢ᠋ᠶ᠋ᠠᠨ ᠠᠪᠴᠤ᠂ ᠢᠯᠳᠡᠰᠢ ᠮᠥᠷᠡᠨ ᠳ᠋ᠦ᠍ᠷ ᠤᠰᠤᠨ ᠲᠠᠷᠢᠶᠠᠯᠠᠩ ᠲᠠᠷᠢᠶᠠᠯᠠᠨ ᠠᠮᠢᠳᠤᠷᠠᠵᠤ ᠪᠠᠢᠭᠰᠠᠨ ᠲᠤᠯᠠ ᠲᠣᠳᠣ ᠶ᠋ᠢᠨ ᠬᠠᠷᠢᠶᠠᠲᠤ ᠮᠠᠢᠯᠵᠢ ᠠᠢᠮᠠᠭ ᠰᠠᠮᠠᠭᠤᠷᠠᠬᠤᠢ ᠳ᠋ᠤᠷ ᠡᠨᠡ ᠣᠷᠭᠠᠢ ᠶ᠋ᠢᠨ ᠮᠠᠢᠯᠵᠢ ᠠᠢᠮᠠᠭ ᠬᠥᠳᠡᠯᠦᠭᠰᠡᠨ ᠦᠭᠡᠢ ᠪᠥᠯᠥᠭᠡ᠃ ᠬᠣᠢᠨ᠎ᠠ ᠲᠣᠳᠣ ᠬᠠᠭᠤᠴᠢᠨ ᠨᠠᠢ᠍ᠮᠠᠨ ᠤ᠋ ᠪᠤᠯᠤ ᠢᠦᠢ ᠬᠠᠰ ᠬᠠᠭᠠᠨ ᠢ᠋ ᠳᠣᠯᠳᠣᠢᠳᠠᠨ ᠶᠠᠪᠤᠬᠤᠶ᠎ᠠ᠂ ᠲᠣᠳᠣ ᠮᠠᠰᠢ ᠵᠠᠯᠢᠬᠠᠢ ᠵᠢᠰᠤᠷ ᠬᠤᠢᠬᠤᠷ ᠬᠣᠯᠵᠢᠷᠭᠠᠨ ᠬᠥᠮᠦᠨ ᠲᠤᠯᠠ ᠥᠪᠡᠷᠦᠨ ᠪᠡᠶ᠎ᠡ ᠬᠡᠳᠦᠢ ᠨᠠᠢ᠍ᠮᠠᠨ ᠤ᠋ ᠴᠢᠦᠢ ᠴᠦ ᠯᠢᠦᠢ ᠶ᠋ᠢ ᠪᠠᠴᠢᠯᠠᠨ ᠲᠠᠰᠢᠵᠤ ᠨᠠᠭᠠᠯᠳᠤᠨ ᠶᠠᠪᠤᠪᠠᠴᠤ᠂ ᠡᠮ᠎ᠡ ᠦᠷ᠎ᠡ ᠥᠨᠳᠡᠭᠡ ᠵᠤᠯᠵᠠᠭ᠎ᠠ ᠪᠠᠨ ᠲᠠᠪᠤᠨ ᠵᠠᠭᠤᠨ ᠠᠴᠢᠶ᠎ᠠ ᠬᠦᠨᠳᠦ ᠡᠳ᠋ ᠠᠭᠤᠷᠠᠰᠤᠨ ᠠᠯᠲᠠ ᠮᠥᠩᠭᠥ ᠲᠡᠢ ᠪᠡᠷ ᠢᠯᠳᠡᠰᠢ ᠮᠥᠷᠡᠨ ᠦ᠌ ᠤᠷᠭᠠᠢ ᠶ᠋ᠢᠨ ᠮᠠᠢᠯᠵᠢ ᠠᠢᠮᠠᠭ ᠲᠤᠷ ᠢᠯᠡᠭᠡᠵᠦ᠂ ᠣᠷᠭᠠᠢ ᠳ᠋ᠤᠷ ᠮᠥᠨ ᠬᠦᠨᠳᠦ ᠡᠳ᠋ ᠲᠠᠸᠠᠷ ᠲᠠᠢ ᠪᠠᠷᠢᠭᠰᠠᠨ ᠲᠤᠯᠠ ᠤᠷᠭᠠᠢ ᠪᠠᠷ ᠤᠩᠭᠤᠯᠠᠢ ᠪᠠᠨ ᠬᠠᠭᠠᠷᠠᠲᠠᠯ᠎ᠠ ᠪᠠᠶᠠᠷᠯᠠᠨ ᠪᠤᠡᠨᠳᠠᠴᠢᠯᠠᠨ ᠬᠦᠨᠳᠦᠯᠡᠵᠦ᠂ ᠪᠤᠷᠬᠠᠨᠴᠢᠯᠠᠨ ᠳᠠᠬᠢᠭᠠᠳ᠂ ᠲᠥᠷᠥᠭᠰᠡᠨ ᠡᠬᠡ ᠮᠡᠲᠦ ᠡᠷᠭᠦᠨ ᠦᠵᠡᠵᠦ ᠪᠠᠢᠭᠰᠠᠨ ᠲᠤᠯᠠᠳᠠ ᠡᠳᠦᠭᠡ ᠲᠣᠳᠣ ᠵᠣᠯᠪᠢᠨ᠂ ᠴᠢᠦᠢ ᠴᠦ ᠯᠢᠦᠢ ᠶ᠋ᠢ ᠠᠪᠤᠨ ᠳᠠᠷᠤᠢ ᠲᠡᠷᠡ ᠣᠷᠭᠠᠢ ᠶ᠋ᠢᠨ ᠤᠰᠤᠨ ᠲᠠᠷᠢᠶᠠᠯᠠᠩ ᠳ᠋ᠤᠷ ᠡᠴᠢᠵᠦ᠂ ᠴᠢᠦᠢ ᠴᠦ ᠯᠢᠦᠢ ᠶ᠋ᠢᠨ ᠬᠣᠣᠷᠠᠲᠤ ᠰᠢᠷᠬ᠎ᠠ ᠶ᠋ᠢ ᠢᠨᠦ ᠰᠠᠢᠨ ᠡᠮ ᠢ᠋ᠶ᠋ᠡᠷ ᠨᠢᠭᠡᠨ ᠰᠠᠷ᠎ᠠ ᠢᠯᠡᠭᠦᠦ ᠵᠠᠰᠠᠨ ᠡᠮᠨᠡᠵᠦ ᠰᠠᠢᠨ ᠪᠣᠯᠭᠠᠲᠠᠯ᠎ᠠ᠂ ᠳᠠᠷᠠᠭ᠎ᠠ ᠪᠠᠷ ᠳᠠᠷᠤᠢ ᠲᠠᠩᠭᠤᠳ ᠤᠯᠤᠰ ᠤ᠋ᠨ ᠡᠵᠡᠨ ᠯᠢ ᠼᠦᠨ ᠢᠦ ᠶ᠋ᠢᠨ ᠬᠤᠪᠢᠯᠭᠠᠨ ᠵᠢᠰᠦᠲᠦ ᠶ᠋ᠢᠨ᠂ ᠪᠢᠩ ᠬᠣᠶᠠᠷ ᠹᠧᠢ ᠶ᠋ᠢᠨ ᠡᠮᠦᠨ᠎ᠡ ᠡᠴᠡ ᠲᠠᠪᠢᠨ ᠮᠣᠷᠢᠲᠤ ᠴᠡᠷᠢᠭ᠂ ᠪᠠᠰᠠ ᠲᠠᠪᠢᠨ ᠠᠴᠢᠶ᠎ᠠ ᠠᠯᠲᠠᠨ ᠮᠥᠩᠭᠥᠨ ᠡᠳ᠋ ᠲᠠᠸᠠᠷ ᠲᠠᠵᠢ ᠲᠣᠷᠭ᠎ᠠ ᠲᠠᠢ᠂ ᠴᠢᠦᠢ ᠴᠦ ᠯᠢᠦᠢ ᠶ᠋ᠢᠨ ᠮᠣᠩᠭᠣᠯ ᠳ᠋ᠤᠷ ᠪᠠᠷᠢᠭᠳᠠᠭᠰᠠᠨ ᠡᠮ᠎ᠡ ᠦᠷ᠎ᠡ ᠶ᠋ᠢ ᠲᠠᠩᠭᠤᠳ ᠲᠤᠷ ᠬᠦᠷᠭᠡᠭᠦᠯᠦᠭᠰᠡᠨ ᠶᠧ ᠯᠢᠦᠢ ᠱᠢ ᠬᠠᠲᠤᠨ ᠢ᠋ ᠬᠦᠷᠭᠡᠭᠦᠯᠦᠨ ᠢᠷᠡᠭᠰᠡᠨ ᠳ᠋ᠦ᠍ᠷ ᠣᠷᠭᠠᠢ᠂ ᠡᠮᠦᠨᠡᠲᠦ ᠭᠠᠵᠠᠷ ᠤ᠋ᠨ ᠥᠩᠭᠡᠲᠦ ᠲᠣᠷᠭ᠎ᠠ᠂ ᠭᠡᠷᠡᠯᠲᠦ ᠡᠳ᠋ ᠢ᠋ ᠦᠵᠡᠭᠡᠳ᠂ ᠨᠡᠩ ᠢᠯᠠᠩᠭᠤᠶ᠎ᠠ ᠭᠠᠢᠬᠠᠨ ᠪᠠᠬᠠᠷᠬᠠᠵᠤ᠂ ᠺᠠᠨᠳᠠᠷᠢᠰᠤᠨ ᠪᠠᠯᠭᠠᠰᠤᠨ ᠤ᠋ ᠬᠤᠷᠮᠤᠰᠲᠠ ᠲᠡᠭᠷᠢ ᠶ᠋ᠢᠨ ᠬᠠᠲᠤᠨ ᠮᠡᠲᠦ ᠬᠦᠨᠳᠦᠯᠡᠵᠦ ᠳᠠᠢᠴᠢᠯᠠᠨ ᠰᠠᠭᠤᠯᠭᠠᠭᠰᠠᠨ ᠳ᠋ᠤᠷ ᠲᠣᠳᠣ ᠶ᠋ᠢᠨ ᠳᠣᠲᠣᠷ᠎ᠠ ᠠᠮᠤᠷ ᠦᠭᠡᠢ ᠪᠣᠯᠵᠤ᠂ ᠴᠢᠦᠢ ᠴᠦ ᠯᠢᠦᠢ ᠡᠴᠡ ᠰᠠᠶᠢ ᠠᠯᠭᠤᠷ ᠠᠭᠠᠵᠢᠮ ᠢ᠋ᠶ᠋ᠠᠷ ᠠᠰᠠᠭᠤᠷᠤᠨ: 《ᠠᠪᠤᠭᠠᠢ ᠬᠠᠭᠠᠨ ᠴᠢ ᠡᠨᠡ ᠮᠣᠩᠭᠣᠯ ᠤᠯᠤᠰ ᠤ᠋ᠨ ᠡᠵᠡᠨ ᠲᠡᠮᠦᠵᠢᠨ ᠬᠠᠭᠠᠨ ᠬᠠᠲᠤᠳ ᠬᠥᠪᠡᠭᠦᠳ ᠢ᠋ ᠴᠢᠨᠦ ᠲᠠᠩᠭᠤᠳ ᠤᠯᠤᠰ ᠤ᠋ᠨ ᠡᠷᠭᠢᠨ ᠬᠣᠶᠠᠷ ᠭᠦᠩᠵᠦ ᠳ᠋ᠦ᠍ᠷ ᠬᠦᠷᠭᠡᠭᠦᠯᠦᠨ ᠢᠯᠡᠭᠡᠭᠰᠡ ᠡᠨᠡ ᠰᠢᠯᠲᠠᠭᠠᠨ ᠪᠠ ᠰᠠᠨᠠᠭᠠᠨ ᠢ᠋ ᠠᠨᠤ ᠲᠣᠯᠢᠯᠠᠮᠤᠢ ᠤᠤ ? 》 ᠬᠡᠮᠡᠭᠰᠡᠨ ᠳ᠋ᠦ᠍ᠷ ᠴᠢᠦᠢ ᠴᠦ ᠯᠢᠦᠢ ᠵᠢᠬᠡᠭᠦᠨ ᠢ᠋ᠶ᠋ᠡᠷ ᠢᠨᠢᠶᠡᠨ ᠥᠭᠦᠯᠡᠷᠦᠨ :
ᠲᠡᠷᠡ ᠬᠦ᠌ ᠲᠡᠮᠡᠭᠡ ᠠᠳᠤᠭᠤᠯᠠᠭᠰᠠᠨ ᠲᠡᠮᠦᠵᠢᠨ ᠳ᠋ᠦ᠍ᠷ ᠶᠠᠭᠠᠬᠢᠭᠰᠠᠨ ᠲᠡᠳᠦᠢᠴᠢᠨᠡᠭᠡᠨ ᠲᠣᠭᠣᠷᠢᠭᠤᠯ ᠤᠬᠠᠭᠠᠨ ᠪᠠᠢᠬᠤ ᠠᠵᠠᠢ? ᠡᠳᠡᠭᠡᠷ ᠴᠥᠮ ᠡᠯᠳᠡᠪ ᠮᠡᠬᠡᠲᠦ ᠮᠤᠷᠤᠢ ᠠᠷᠭᠠᠲᠤ ᠮᠤᠬᠤᠯᠢ ᠬᠤᠯᠠᠭᠠᠢ ᠶ᠋ᠢᠨ ᠮᠤᠷᠢᠭᠤ ᠲᠣᠭᠣᠷᠢᠭᠤ ᠠᠷᠭ᠎ᠠ ᠶ᠋ᠢ ᠬᠡᠷᠡᠭᠯᠡᠨ ᠨᠢᠭᠡᠨ ᠳ᠋ᠦ᠍ᠷ ᠲᠠᠩᠭᠤᠳ ᠤᠯᠤᠰ ᠢ᠋ ᠪᠢᠰᠢᠷᠡᠭᠦᠯᠦᠨ᠂ ᠬᠣᠶᠠᠷ ᠲᠤᠷ ᠮᠢᠨᠦ ᠰᠡᠳᠬᠢᠯ ᠢ᠋ ᠰᠢᠲᠦᠭᠦᠯᠦᠨ ᠢᠲᠡᠭᠡᠮᠵᠢᠯᠡᠭᠦᠯᠵᠦ᠂ ᠬᠢᠯᠪᠠᠷᠬᠠᠨ ᠢ᠋ᠶ᠋ᠠᠷ ᠮᠡᠬᠡᠯᠡᠨ ᠠᠪᠠᠴᠢᠵᠤ ᠠᠯᠠᠰᠤᠭᠠᠢ ᠬᠡᠮᠡᠬᠦ ᠪᠣᠯᠠᠢ᠃ ᠮᠢᠨᠦ ᠡᠨᠡ ᠬᠡᠷᠡᠭ ᠦᠭᠡᠢ ᠬᠡᠳᠦᠨ ᠠᠷᠪᠠᠨ ᠡᠷ᠎ᠡ ᠡᠮ᠎ᠡ ᠶ᠋ᠢ ᠡᠭᠡᠭᠦᠯᠵᠦ ᠢᠯᠡᠭᠡᠭᠡᠳ᠂ ᠬᠡᠷᠡᠭᠲᠡᠢ ᠬᠡᠪᠴᠢᠶᠡᠨ ᠲᠡᠢ ᠬᠡᠴᠡᠭᠦᠦ ᠡᠰᠡᠷᠭᠦᠴᠡᠯ ᠢ᠋ᠶ᠋ᠡᠨ ᠬᠡᠷᠪᠢᠨ ᠠᠷᠢᠯᠭᠠᠰᠤᠭᠠᠢ ᠬᠡᠮᠡᠬᠦ ᠬᠤᠳᠠᠯ ᠬᠠᠭᠤᠷᠮᠠᠭ ᠥᠷᠥᠰᠢᠶᠡᠯ ᠵᠢᠷᠤᠮ ᠤ᠋ᠨ ᠦᠵᠡᠭᠳᠡᠯ ᠪᠣᠯᠠᠢ᠃ ᠪᠢ ᠶᠠᠮᠪᠠᠷ ᠪᠡᠯᠡᠩᠴᠢ ᠡᠮᠡᠭᠡᠨ ᠪᠤᠰᠤ᠂ ᠶᠠᠭᠤᠨᠠᠢ ᠲᠡᠭᠦᠨᠦ ᠮᠤᠬᠤᠷ ᠠᠷᠭ᠎ᠠ ᠳ᠋ᠤᠷ ᠮᠤᠩᠬᠠᠭᠤᠷᠠᠨ ᠲᠠᠬᠢᠷ ᠠᠷᠭ᠎ᠠ ᠳ᠋ᠤᠷ ᠲᠠᠪᠠᠷᠴᠠᠭᠯᠠᠬᠤ ᠠᠵᠠᠢ ? 》ᠬᠡᠮᠡᠭᠰᠡᠨ ᠳ᠋ᠦ᠍ᠷ ᠲᠣᠳᠣ ᠲᠣᠰᠴᠤ ᠮᠠᠭᠲᠠᠨ ᠲᠣᠩᠭᠣᠢᠵᠤ ᠮᠥᠷᠭᠥᠪᠡᠢ᠃ ᠪᠦᠳᠦᠭᠦᠨ ᠦᠭᠡᠰ ᠲᠣᠷ 《ᠤᠴᠠᠷᠠᠯ ᠪᠤᠰᠤ ᠪᠣᠯᠪᠠᠰᠤ ᠤᠷᠰᠢᠭ ᠦᠯᠦ ᠳᠡᠭᠳᠡᠨ᠂ ᠶᠠᠪᠤᠳᠠᠯ ᠡᠰᠡ ᠨᠢᠭᠡᠳᠪᠡᠰᠦ ᠶᠠᠷᠰᠢᠭ ᠦᠯᠦ ᠡᠭᠦᠰᠦᠮᠦᠢ 》ᠭᠡᠮᠡᠭᠰᠡᠨᠴᠢᠯᠡᠨ ᠡᠨᠡ ᠤᠢᠭᠤᠷ ᠤᠯᠤᠰ ᠤ᠋ᠨ ᠣᠷᠴᠢᠮ ᠤ᠋ᠨ ᠬᠠᠰᠠᠭ ᠠᠭᠤᠯᠠᠨ ᠤ᠋ ᠬᠠᠵᠠᠭᠤ ᠶ᠋ᠢᠨ ᠪᠤᠷᠤᠢᠳ ᠪᠦᠯᠦᠭ ᠦ᠋ᠨ ᠵᠠᠪᠰᠠᠷ᠎ᠠ ᠰᠠᠷᠲᠢᠬ᠍ᠴᠢᠨ ᠬᠡᠮᠡᠬᠦ ᠨᠢᠭᠡᠨ ᠬᠠᠳᠠᠨ ᠳᠣᠭᠰᠢᠨ ᠬᠠᠷᠭᠢᠰ ᠪᠤᠷᠤᠩᠬᠤᠢ ᠤᠯᠤᠰ ᠪᠣᠢ᠃ ᠲᠡᠷᠡ ᠤᠯᠤᠰ ᠤ᠋ᠨ ᠬᠥᠮᠦᠨ ᠬᠠᠳᠠ ᠬᠠᠢᠷᠬᠠᠨᠠ ᠰᠢᠷᠭᠤᠨ ᠣᠷᠣᠰᠢᠵᠤ ᠂ ᠬᠠᠯᠠᠭᠤᠨ ᠴᠢᠰᠤᠲᠤ ᠬᠡᠭᠡᠷ᠎ᠡ ᠶ᠋ᠢᠨ ᠠᠩ ᠬᠦᠷᠦᠭᠡᠳ ᠢ᠋ ᠠᠪᠠᠯᠠᠨ ᠰᠢᠪᠠᠭᠤᠯᠠᠵᠤ ᠠᠮᠢᠳᠤᠷᠠᠮᠤᠢ᠃ ᠠᠷᠪᠠᠨ ᠲᠠᠪᠤᠨ ᠨᠠᠰᠤᠯᠠᠮᠠᠭᠴᠠ ᠠᠪᠠ ᠠᠶᠠᠨ᠎ᠠ ᠭᠠᠷᠬᠤᠢ ᠳ᠋ᠤᠷ ᠠᠯᠠᠵᠤ ᠢᠳᠡᠭᠰᠡᠨ ᠠᠳᠤᠭᠤ ᠮᠠᠯ ᠪᠠ ᠠᠩ ᠭᠥᠷᠦᠭᠡᠰᠦᠨ ᠦ᠌ ᠶᠠᠰᠤ ᠶ᠋ᠢ ᠮᠤᠰᠬᠢᠨ ᠬᠡᠮᠡᠯᠢᠵᠦ᠂ ᠳᠣᠲᠣᠷᠠᠬᠢ ᠴᠢᠮᠥᠭᠡ ᠨᠤᠭᠤᠰᠤᠨ ᠢ᠋ ᠰᠣᠷᠣᠵᠤ ᠢᠳᠡᠨ ᠦᠯᠦ ᠴᠢᠳᠠᠬᠤ ᠶ᠋ᠢ ᠠᠨᠤ ᠠᠪᠠ ᠠᠶᠠᠨ ᠤ᠋ ᠬᠥᠮᠦᠨ ᠦ᠌ ᠲᠣᠭ᠎ᠠ ᠳ᠋ᠤᠷ ᠳᠣᠭᠣᠴᠠᠬᠤ ᠦᠭᠡᠢ᠂ ᠢᠳᠡ ᠬᠦᠴᠦᠨ ᠪᠠᠭᠤᠷᠠᠢ ᠶ᠋ᠢ ᠠᠨᠤ ᠪᠠᠶᠠᠨ ᠶᠠᠳᠠᠭᠤ ᠶᠡᠬᠡᠰ ᠨᠣᠶᠠᠨ ᠢ᠋ ᠢᠯᠭᠠᠬᠤ ᠦᠭᠡᠢ ᠴᠥᠮ ᠭᠡᠷᠦᠨ ᠪᠣᠭᠣᠯ ᠪᠣᠯᠭᠠᠨ ᠳᠣᠣᠷᠠᠲᠤ ᠶᠠᠪᠤᠳᠠᠯ ᠳ᠋ᠤᠷ ᠵᠠᠷᠤᠴᠠᠯᠠᠨ᠂ ᠰᠠᠢᠨ ᠡᠷᠡᠰ ᠦ᠋ᠨ ᠢᠳᠡᠵᠦ ᠦᠯᠡᠭᠰᠡᠨ ᠱᠥᠯᠥ ᠤᠰᠤ᠂ ᠠᠷᠠᠰᠤ ᠰᠢᠷᠪᠥᠰᠥ ᠶ᠋ᠢ ᠢᠳᠡᠵᠦ ᠠᠮᠢᠳᠤᠷᠠᠮᠤᠢ᠃ ᠡᠨᠡ ᠰᠠᠷᠲᠢᠬ᠍ᠴᠢᠨ ᠤ᠋ ᠬᠠᠭᠠᠨ ᠠᠨᠤ ᠨᠡᠷ᠎ᠡ ᠠᠮᠪᠠᠬᠠᠢ᠂ ᠠᠷᠪᠠᠨ ᠳᠦᠷᠪᠡᠭᠡᠨ ᠨᠠᠰᠤᠨ᠎ᠠ ᠠᠪᠠᠯᠠᠵᠤ ᠪᠦᠳᠦᠭᠦᠨ ᠪᠠᠷᠰ ᠢ᠋ ᠨᠡᠪᠲᠡ ᠵᠢᠳᠠᠯᠠᠵᠤ ᠠᠯᠠᠭᠰᠠ ᠶ᠋ᠢᠨ ᠲᠤᠯᠠᠳᠠ ᠤᠯᠤᠰ ᠤ᠋ᠨ ᠬᠣᠲᠠᠯᠠᠭᠠᠷ᠎ᠠ᠂ ᠠᠶᠤᠮᠰᠢᠭᠲᠤ ᠠᠰᠤᠷᠢ ᠠᠮᠪᠠᠬᠠᠢ ᠬᠠᠭᠠᠨ ᠭᠡᠮᠡᠨ ᠠᠯᠳᠠᠷᠰᠢᠵᠤᠬᠤᠢ᠃ ᠵᠤᠨ ᠡᠪᠦᠯ ᠦᠭᠡᠢ ᠡᠷᠬᠡᠪᠰᠢ ᠭᠥᠷᠦᠭᠡᠰᠦᠨ ᠦ᠌ ᠲᠦᠭᠦᠬᠡᠢ ᠡᠯᠢᠭᠡ ᠶ᠋ᠢ ᠡᠮ ᠪᠣᠯᠭᠠᠨ ᠢᠳᠡᠮᠦᠢ᠃ ᠬᠣᠢᠨ᠎ᠠ ᠬᠣᠷᠢᠭᠠᠳ ᠨᠠᠰᠤᠯᠠᠵᠤ ᠪᠦᠳᠦᠭᠦᠨ ᠰᠠᠷᠯᠤᠭ ᠦᠬᠡᠷ ᠢ᠋ ᠰᠢᠭᠦᠷᠡᠨ ᠠᠪᠴᠤ ᠰᠤᠭᠤᠪᠴᠢᠯᠠᠨ ᠡᠷᠭᠢᠭᠦᠯᠵᠦ ᠬᠡᠳᠦᠨ ᠠᠷᠪᠠᠨ ᠠᠯᠬᠤᠮ ᠤ᠋ᠨ ᠬᠣᠯᠠ ᠴᠣᠬᠢᠵᠤ ᠴᠢᠳᠠᠮᠤᠢ᠃ ᠵᠤᠨ ᠤ᠋ ᠬᠠᠯᠠᠭᠤᠨ᠎ᠠ᠂ ᠠᠭᠤᠯᠠᠨ ᠤ᠋ ᠠᠩ ᠦᠭᠡᠢ ᠭᠠᠵᠠᠷ ᠦᠯᠦ ᠡᠴᠢᠬᠦ ᠢᠨᠦ᠂ ᠰᠢᠨ᠎ᠡ ᠭᠥᠷᠦᠭᠡᠰᠦᠨ ᠦ᠌ ᠡᠯᠢᠭᠡ ᠣᠯᠵᠤ ᠢᠳᠡᠬᠦ ᠦᠭᠡᠢ ᠶ᠋ᠢᠨ ᠲᠤᠯᠠ ᠪᠥᠭᠡᠳ ᠡᠪᠦᠯ ᠪᠣᠯᠪᠠᠰᠤ ᠲᠦᠭᠦᠬᠡᠢ ᠡᠯᠢᠭᠡ ᠶ᠋ᠢ ᠦᠯᠡᠮᠵᠢᠬᠡᠨ ᠬᠥᠯᠳᠡᠭᠡᠨ ᠠᠪᠴᠤ ᠶᠠᠪᠤᠮᠤᠢ᠃ ᠠᠷᠪᠠᠨ ᠨᠠᠢ᠍ᠮᠠᠨ ᠨᠠᠰᠤᠨ ᠳ᠋ᠤᠷ ᠬᠠᠭᠠᠨ ᠰᠠᠭᠤᠵᠤ᠂ ᠡᠨᠡ ᠵᠢᠯ ᠬᠣᠷᠢᠨ ᠨᠠᠢ᠍ᠮᠠᠨ ᠨᠠᠰᠤᠯᠠᠲᠠᠯ᠎ᠠ ᠲᠠᠪᠤᠨ ᠬᠠᠲᠤᠨ ᠠᠪᠴᠤ᠂ ᠴᠥᠮ ᠨᠢᠭᠡᠨ ᠠᠳᠠᠯᠢ ᠪᠠᠷ ᠬᠠᠯᠠᠭᠤᠨ ᠲᠣᠮᠣᠭᠣ ᠪᠠᠷ ᠦᠬᠦᠵᠦᠬᠦᠢ᠃ ᠲᠡᠢᠨ ᠬᠦ᠌ ᠢᠯᠢ ᠭᠠᠵᠠᠷ ᠤ᠋ᠨ ᠡᠬᠡᠨᠡᠷ ᠥᠬᠢᠳ ᠪᠣᠯᠪᠠᠰᠤ ᠪᠡᠶ᠎ᠡ ᠶᠡᠬᠡ᠂ ᠢᠳᠡ ᠬᠦᠴᠦᠨ ᠲᠡᠩᠴᠡᠮᠦᠢ ᠭᠡᠮᠡᠨ ᠢᠯᠢ ᠶ᠋ᠢᠨ ᠢᠳᠡ ᠬᠦᠴᠦᠨ ᠪᠡᠶ᠎ᠡ ᠪᠢᠯᠳᠠᠷ ᠭᠡᠷᠡᠯ ᠥᠩᠭᠡ ᠵᠢᠰᠦ ᠲᠡᠢ ᠰᠠᠢᠬᠠᠨ ᠲᠥᠷᠥᠭᠰᠡᠨ ᠪᠦᠸᠸᠵᠦ ᠠᠪᠠᠬᠠᠢ ᠨᠠᠷ ᠢ᠋ ᠬᠠᠲᠤᠨ ᠪᠣᠯᠭᠠᠨ ᠠᠪᠰᠤᠭᠠᠢ ᠬᠡᠮᠡᠮᠦᠢ᠃
ᠠᠮᠪᠠᠬᠠᠢ ᠬᠠᠭᠠᠨ ᠡᠷᠭᠢᠨ ᠤᠬᠠᠭᠠᠨᠲᠤ ᠰᠠᠢᠳ ᠰᠢᠷ᠎ᠠ ᠬᠡᠮᠡᠭᠴᠢ ᠲᠦᠰᠢᠮᠡᠯ ᠳ᠋ᠡᠭᠡᠨ ᠪᠡᠯᠡᠭ ᠪᠠᠷᠢᠭᠤᠯᠤᠨ ᠬᠡᠳᠦᠨ ᠠᠷᠪᠠᠨ ᠮᠣᠷᠢᠲᠠᠨ ᠢ᠋ ᠠᠪᠴᠤ ᠤᠷᠤᠭ ᠤ᠋ᠨ ᠡᠯᠴᠢ ᠢᠯᠡᠭᠡᠭᠰᠡᠨ ᠳ᠋ᠦ᠍ᠷ ᠠᠷᠤ ᠡᠯᠡᠰᠦᠨ᠎ᠡ ᠣᠯᠠᠩᠬᠢ ᠴᠥᠮ ᠠᠪ ᠰᠢᠪᠠᠭᠤ ᠪᠠᠷ ᠠᠮᠢᠳᠤᠷᠠᠨ᠂ ᠢᠳᠡ ᠬᠦᠴᠦᠨ ᠢ᠋ ᠡᠷᠬᠢᠯᠡᠬᠦ ᠪᠣᠯᠪᠠᠴᠤ ᠠᠮᠪᠠᠬᠠᠢ ᠬᠠᠭᠠᠨ ᠤ᠋ ᠠᠰᠤᠷᠤ ᠲᠣᠭᠰᠢᠨ ᠲᠦᠷᠢᠮᠡᠬᠡᠢ ᠡᠴᠡ ᠪᠠᠰᠠ ᠬᠦ᠌ ᠠᠶᠤᠬᠤ ᠲᠤᠯᠠ᠂ ᠠᠯᠢᠪᠠ ᠬᠥᠮᠦᠨ ᠬᠢᠯᠪᠠᠷᠬᠠᠨ ᠢ᠋ᠶ᠋ᠠᠷ ᠠᠮᠠᠨ ᠠᠯᠳᠠᠵᠤ ᠤᠷᠤᠭ ᠰᠠᠭᠤᠬᠤ ᠦᠭᠡᠢ᠃ ᠠᠢᠮᠠᠨ ᠦᠢᠮᠡᠵᠦ ᠬᠡᠯᠡᠯᠴᠡᠭᠰᠡᠭᠡᠷ ᠪᠠᠢᠭᠰᠠᠨ ᠦᠭᠡ ᠠᠷᠭ᠎ᠠ ᠮᠡᠬᠡᠲᠦ ᠲᠣᠳᠣ ᠵᠣᠯᠪᠢᠨ ᠤ᠋ ᠴᠢᠬᠢᠨ ᠳ᠋ᠦ᠍ᠷ ᠬᠦᠷᠴᠦ᠂ ᠰᠠᠷᠲᠢᠬ᠍ᠴᠢᠨ ᠤ᠋ ᠡᠯᠴᠢ ᠰᠢᠷ᠎ᠠ ᠨᠣᠶᠠᠨ ᠢ᠋ ᠭᠡᠷ᠎ᠲᠡᠭᠡᠨ ᠵᠠᠯᠠᠵᠤ ᠬᠤᠷᠢᠮ ᠪᠠᠷᠢᠵᠤ᠂ ᠬᠣᠯᠠ ᠳ᠋ᠠᠬᠢ ᠰᠣᠨᠣᠰᠬᠠᠯ ᠢ᠋ ᠯᠠᠪᠯᠠᠨ ᠠᠰᠠᠭᠤᠵᠤ᠂ ᠲᠡᠷᠡ ᠤᠯᠤᠰ ᠤ᠋ᠨ ᠰᠠᠢᠨ ᠡᠷᠡᠰ ᠪᠠ ᠠᠮᠪᠠᠬᠠᠢ ᠬᠠᠭᠠᠨ ᠤ᠋ ᠠᠰᠤᠷᠤ ᠠᠶᠤᠮᠰᠢᠭᠲᠤ ᠠᠰᠤᠷᠢ ᠶ᠋ᠢᠨ ᠬᠦᠴᠦᠨ ᠪᠠᠢᠬᠤ ᠦᠨᠡᠨ ᠢ᠋ ᠳᠠᠬᠢᠨ ᠳᠠᠪᠲᠠᠨ ᠲᠤᠷᠰᠢᠨ ᠬᠡᠯᠡᠯᠴᠡᠵᠦ ᠦᠨᠡᠨ ᠢ᠋ ᠢᠨᠦ ᠣᠯᠤᠭᠠᠳ ᠂ ᠦᠨᠡᠭᠡ ᠶ᠋ᠢᠨ ᠤᠬᠠᠭᠠᠨ ᠢ᠋ᠶ᠋ᠠᠨ ᠬᠡᠷᠡᠭᠯᠡᠵᠦ᠂ ᠥᠭᠡᠳᠡ ᠤᠷᠤᠭᠤ ᠬᠡᠳᠦᠨᠲᠡ ᠡᠭᠡᠭᠦᠯᠦᠨ ᠪᠣᠳᠣᠯᠬᠢᠯᠠᠮᠠᠭᠴᠠ ᠦᠨᠡᠬᠡᠷ ᠨᠢᠭᠡᠨ ᠵᠦᠢᠯ ᠦ᠋ᠨ ᠥᠨᠳᠥᠷ ᠮᠡᠷᠭᠡᠨ ᠠᠷᠭ᠎ᠠ ᠶ᠋ᠢ ᠪᠣᠳᠣᠵᠤ ᠭᠠᠷᠭᠠᠭᠠᠳ᠂ ᠰᠠᠷᠲᠢᠬ᠍ᠴᠢᠨ ᠤᠯᠤᠰ ᠤ᠋ᠨ ᠢᠯᠴᠢ ᠰᠢᠷ᠎ᠠ ᠨᠣᠶᠠᠨ ᠤ᠋ ᠵᠦᠭ᠂ ᠰᠠᠬᠠᠯ ᠦᠭᠡᠢ ᠬᠣᠩᠰᠢᠶᠠᠷ ᠬᠣᠰᠢᠭᠤ ᠪᠠᠷ ᠬᠤᠷᠢᠮ ᠤ᠋ᠨ ᠲᠡᠷᠢᠭᠦᠨ ᠰᠢᠷᠡᠭᠡᠨ᠎ᠡ ᠰᠠᠭᠤᠭᠰᠠᠨ ᠬᠠᠭᠤᠴᠢᠨ ᠨᠠᠢ᠍ᠮᠠᠨ ᠤ᠋ ᠴᠢᠦᠢ ᠴᠦ ᠯᠢᠦᠢ ᠢᠦᠢ ᠬᠠᠭ᠎ᠠ ᠶ᠋ᠢ ᠳᠣᠬᠢᠨ ᠠᠯᠲᠠᠨ ᠴᠥᠭᠦᠴᠡᠲᠦ ᠠᠷᠠᠵᠠ ᠬᠤᠷᠤᠵᠠ ᠶ᠋ᠢ ᠪᠠᠷᠢᠭᠤᠯᠤᠨ ᠲᠣᠳᠣ ᠵᠤᠯᠪᠢᠨ ᠲᠣᠪᠬᠢᠲᠠᠯ᠎ᠠ ᠰᠥᠭᠥᠳᠴᠦ ᠢᠢᠨ ᠪᠡᠯᠡᠭᠯᠡᠷᠦᠨ:
ᠰᠠᠢᠨ ᠡᠷᠡᠰᠲᠦ ᠰᠠᠷᠲᠢᠬ᠍ᠴᠢᠨ ᠤ᠋
ᠰᠠᠢᠳ ᠡᠯᠴᠢ ᠨᠣᠶᠠᠨ ᠢ᠋ᠶ᠋ᠠᠷ
ᠰᠠᠢᠬᠠᠨ ᠲᠣᠬᠢᠶᠠᠯ ᠤ᠋ᠨ ᠬᠤᠷᠢᠮ ᠳ᠋ᠤᠷ
ᠰᠠᠨᠠᠭᠠᠨ ᠳ᠋ᠤ᠌ ᠦᠭᠡᠢ ᠲᠣᠬᠢᠶᠠᠯᠳᠤᠪᠠ᠃
ᠰᠡᠪ ᠰᠠᠶᠢ ᠵᠣᠯᠭᠠᠭᠰᠠᠨ ᠢ᠋ᠶ᠋ᠠᠷ
ᠰᠠᠷᠬᠤᠳ ᠤ᠋ᠨ ᠳᠡᠭᠡᠵᠢ ᠪᠡᠨ ᠪᠠᠷᠢᠮᠤᠢ ᠶᠠ᠃
ᠰᠠᠭᠠᠷᠠᠯ ᠦᠭᠡᠢ ᠲᠣᠭᠲᠠᠭᠠᠨ
ᠰᠠᠭᠠᠲᠠᠯ ᠦᠭᠡᠢ ᠵᠣᠭᠣᠭᠯᠠᠪᠠᠰᠤ
ᠰᠠᠷᠨᠢᠭᠰᠠᠨ ᠤᠯᠤᠰ ᠤ᠋ᠳ ᠴᠤᠭᠯᠠᠯᠳᠤᠵᠤ
ᠰᠠᠯᠤᠭᠰᠠᠨ ᠲᠥᠷᠥ ᠬᠠᠮᠲᠤᠳᠠᠭᠠᠳ
ᠰᠠᠨᠠᠭᠰᠠᠨ ᠬᠦᠰᠡᠭᠰᠡᠨ ᠪᠦᠲᠦᠭᠡᠳ
ᠰᠠᠢᠵᠢᠷᠠᠨ ᠵᠢᠷᠭᠠᠯᠳᠤᠬᠤ ᠪᠣᠯᠲᠤᠭᠠᠢ᠃
ᠬᠡᠮᠡᠭᠰᠡᠨ ᠳ᠋ᠦ᠍ᠷ ᠦᠭᠡ ᠶ᠋ᠢᠨ ᠳᠣᠲᠣᠷ᠎ᠠ ᠦᠭᠡ ᠪᠣᠢ ᠲᠤᠯᠠ ᠴᠢᠦᠢ ᠴᠦ ᠯᠢᠦᠢ ᠮᠠᠷᠭᠤᠯ ᠦᠭᠡᠢ ᠬᠦᠯᠢᠶᠡᠨ ᠠᠪᠴᠤ᠂ ᠮᠠᠭᠰᠢᠨ ᠮᠡᠭᠰᠢᠵᠦ ᠬᠠᠷᠢᠭᠤ ᠠᠷᠢᠬᠢ ᠥᠭᠴᠦ᠂ ᠬᠠᠷᠢᠯᠴᠠᠨ ᠲᠠᠨᠢᠯᠴᠠᠨ ᠨᠠᠢᠷ ᠨᠠᠢᠵᠠᠮ ᠲᠠᠢ ᠪᠣᠯᠤᠯᠴᠠᠵᠤ᠂ ᠨᠠᠷᠠᠨ ᠰᠢᠩᠭᠡᠵᠦ ᠵᠤᠯᠠ ᠰᠢᠲᠠᠭᠠᠲᠠᠯ᠎ᠠ ᠶᠡᠬᠡᠯ᠎ᠡ ᠬᠤᠷᠢᠮᠯᠠᠨ ᠰᠣᠭᠲᠣᠲᠠᠯ᠎ᠠ ᠤᠤᠭᠤᠯᠴᠠᠪᠠ᠃
ᠵᠢᠴᠢ ᠡᠳᠦᠷ ᠴᠢᠦᠢ ᠴᠦ ᠯᠢᠦᠢ ᠬᠠᠭᠠᠨ᠂ ᠲᠣᠳᠣ ᠠ᠋ᠴᠠ ᠲᠣᠳᠣᠷᠬᠠᠢᠯᠠᠨ ᠠᠰᠠᠭᠤᠷᠤᠨ: 《ᠰᠠᠷᠲᠢᠭᠴᠢᠨ ᠤ᠋ ᠡᠯᠴᠢ ᠰᠢᠷ᠎ᠠ ᠯᠤᠭ᠎ᠠ ᠰᠠᠢᠬᠠᠨ ᠶᠠᠪᠤᠪᠠᠰᠤ ᠰᠠᠯᠪᠠᠷᠠᠭᠰᠠᠨ ᠤᠯᠤᠰ ᠮᠢᠨᠦ ᠶᠠᠭᠠᠬᠢᠨ ᠬᠠᠮᠲᠤ ᠪᠣᠯᠵᠤ᠂ ᠰᠠᠯᠤᠭᠰᠠᠨ ᠲᠥᠷᠥ ᠮᠢᠨᠦ ᠬᠡᠷᠬᠢᠨ ᠳᠠᠬᠢᠨ ᠬᠠᠮᠲᠤᠳᠬᠤ ᠪᠣᠢ ? 》 ᠬᠡᠮᠡᠭᠰᠡᠨ ᠳ᠋ᠦ᠍ᠷ ᠲᠣᠯᠣᠭᠠᠢ ᠪᠠᠢᠪᠠᠴᠤ ᠴᠢᠬᠢ ᠦᠭᠡᠢ ᠲᠣᠵᠢᠭᠠᠷ ᠬᠤᠯᠤᠭᠠᠷ ᠴᠢᠬᠢᠲᠦ ᠲᠣᠳᠣ᠂ ᠲᠣᠯᠣᠭᠠᠢ ᠲᠦᠷᠦᠭᠦᠦ ᠪᠡᠨ ᠰᠠᠵᠢᠨ᠂ ᠲᠣᠩᠭᠣᠢᠨ ᠪᠥᠬᠥᠢᠵᠦ ᠢᠷᠡᠭᠡᠳ ᠴᠢᠦᠢ ᠴᠦ ᠯᠢᠦᠢ ᠶ᠋ᠢᠨ ᠴᠢᠬᠢᠨ ᠦ᠌ ᠳᠡᠷᠭᠡᠳᠡ ᠴᠥᠴᠢᠭᠡᠨᠡᠨ ᠰᠢᠪᠡᠨᠡᠨ ᠥᠭᠦᠯᠡᠷᠦᠨ :
《ᠥᠴᠥᠭᠡᠳᠦᠷ ᠰᠠᠶᠢ ᠦᠨᠡᠨ ᠮᠡᠳᠡᠭᠡ ᠶ᠋ᠢ ᠰᠣᠨᠣᠰᠬᠤᠯ᠎ᠠ᠂ ᠦᠭᠡᠨᠴᠡ ᠬᠡᠨᠵᠡ ᠲᠠᠩᠭᠤᠳ ᠤ᠋ᠨ ᠡᠵᠡᠨ ᠮᠠᠭᠤ ᠦᠢᠯᠡᠲᠦ ᠯᠢ ᠼᠦᠨ ᠢᠦ ᠦᠬᠦᠭᠡᠳ᠂ ᠦᠨᠡᠭᠡ ᠯᠢ ᠠᠨ ᠴᠢᠤᠸᠠᠨ ᠦᠨᠡᠬᠡᠷ ᠬᠠᠭᠠᠨ ᠰᠠᠭᠤᠵᠤᠬᠤᠢ᠃ ᠦᠯᠡᠮᠵᠢ ᠵᠠᠯᠠᠭᠤ ᠪᠢᠴᠢᠬᠠᠨ ᠦᠷ᠎ᠡ ᠬᠣᠶᠠᠷ ᠥᠬᠢᠨ ᠴᠢᠨᠦ ᠥᠨᠢᠳᠡ ᠪᠡᠯᠪᠡᠰᠦᠷᠡᠨ ᠰᠠᠬᠢᠪᠠᠰᠤ ᠪᠣᠯᠤᠮᠤᠢ ᠤᠤ ? ᠦᠨᠡᠭᠡ ᠯᠢ ᠠᠨ ᠴᠢᠤᠸᠠᠨ ᠥᠩᠭᠡ ᠳ᠋ᠦ᠍ᠷ ᠰᠢᠨᠤᠬᠤ ᠪᠣᠯᠪᠠᠴᠤ᠂ ᠦᠵᠡᠭᠳᠡᠯ ᠬᠠᠷᠠᠭᠳᠠᠯ ᠢ᠋ ᠬᠠᠯᠬᠠᠯᠠᠨ᠂ ᠦᠨᠡᠨᠴᠢ ᠢᠯᠡᠷᠬᠡᠢ ᠪᠡᠷ ᠭᠡᠮᠡᠨ ᠦᠯᠦ ᠠᠪᠬᠤ ᠪᠤᠶᠤ᠃ ᠦᠳᠲᠡᠷ ᠳᠦᠷᠭᠡᠨ᠎ᠡ ᠠᠴᠢᠷᠠᠵᠤ᠂ ᠥᠪᠡᠷ᠎ᠡ ᠭᠠᠵᠠᠷ᠎ᠠ ᠤᠷᠤᠭᠯᠠᠭᠤᠯᠵᠤ ᠥᠨᠳᠥᠷ ᠬᠠᠭᠠᠨ ᠰᠠᠭᠤᠷᠢᠨᠲᠤ ᠥᠨᠥ ᠢᠷᠡᠭᠰᠡᠨ ᠰᠠᠷᠲᠢᠭᠴᠢᠨ ᠤ᠋ ᠦᠯᠡᠮᠵᠢ ᠬᠦᠴᠦᠲᠦ ᠠᠮᠪᠠᠬᠠᠢ ᠳ᠋ᠤᠷ ᠥᠭᠴᠦ ᠬᠠᠲᠤᠨ ᠠᠨᠤ ᠪᠣᠯᠭᠠᠪᠠᠰᠤ᠂ ᠥᠲᠡᠯᠦᠨ ᠥᠲᠡᠯᠲᠡᠯ᠎ᠡ ᠥᠨᠢ ᠤᠳᠠᠭᠠᠨ ᠵᠢᠷᠭᠠᠮᠤᠢ᠂ ᠥᠨᠳᠥᠷ ᠦᠭᠡ ᠡᠳᠦᠢᠬᠡᠨ ᠴᠦ᠍ ᠪᠤᠰᠤ᠂ ᠦᠨᠡᠬᠡᠷ ᠤᠷᠤᠭ ᠪᠦᠲᠦᠬᠦ ᠪᠥᠭᠡᠰᠦ᠂ ᠦᠯᠢᠳᠬᠡᠰᠢ ᠦᠭᠡᠢ ᠪᠠᠶᠠᠷ ᠪᠤᠰᠤ ᠤᠤ ? ᠦᠨᠡᠩᠭᠦ ᠦᠬᠡᠷ ᠢ᠋ ᠴᠣᠬᠢᠭᠴᠢ ᠬᠦᠴᠦᠲᠦ᠂ ᠦᠯᠡᠮᠵᠢ ᠲᠦᠮᠡᠨ ᠴᠡᠷᠢᠭ ᠲᠦ᠍ᠷ ᠦᠬᠦᠬᠦ ᠪᠡᠨ ᠲᠡᠪᠴᠢᠭᠴᠢ ᠬᠦᠷᠭᠡᠨ ᠲᠡᠢ᠃ ᠥᠪᠡᠷ ᠢ᠋ᠶ᠋ᠡᠨ ᠪᠠᠢᠯᠳᠤᠭᠴᠢ ᠬᠠᠭᠠᠨ ᠲᠠᠢ᠂ ᠥᠪᠡᠰᠦᠪᠡᠨ ᠬᠠᠮᠠᠭᠠᠯᠠᠭᠴᠢ ᠵᠠᠩᠵᠤᠨ ᠲᠠᠢ᠂ ᠥᠮᠥᠭᠯᠡᠵᠦ ᠬᠠᠮᠠᠭᠠᠯᠠᠭᠴᠢ ᠴᠡᠷᠢᠭ ᠲᠡᠢ᠂ ᠦᠯᠡᠮᠵᠢ ᠶᠡᠬᠡ ᠡᠳ᠋ ᠲᠡᠢ᠂ ᠥᠳᠬᠡᠨ ᠵᠤᠵᠠᠭᠠᠨ ᠬᠦᠨᠡᠰᠦ ᠲᠡᠢ᠃ ᠦᠯᠢᠳᠬᠡᠰᠢ ᠦᠭᠡᠢ ᠲᠤᠰᠠ ᠲᠠᠢ᠂ ᠥᠨᠳᠥᠷ ᠶᠡᠬᠡ ᠰᠠᠭᠤᠷᠢᠨ ᠲᠠᠢ᠂ ᠦᠨᠡᠨ ᠰᠡᠳᠬᠢᠯᠲᠦ ᠬᠠᠷᠠᠭᠠᠯᠵᠠᠯᠭᠠᠲᠤ ᠨᠥᠷᠢᠨ ᠠᠯᠠᠯᠳᠤᠬᠤ ᠬᠦᠷᠭᠡᠨ ᠲᠡᠢ ᠪᠣᠯᠪᠠᠰᠤ ᠥᠰᠢᠶ᠎ᠡ ᠬᠣᠷᠣᠰᠤᠯᠳᠤ ᠮᠣᠩᠭᠣᠯ ᠤ᠋ᠨ ᠦᠬᠦᠯᠳᠦ ᠮᠤᠬᠤᠯᠢ ᠶ᠋ᠢ ᠠᠯᠠᠵᠤ᠂ ᠥᠪᠡᠷᠦᠨ ᠠᠪᠲᠠᠭᠰᠠᠨ ᠤᠯᠤᠰ ᠢ᠋ᠶ᠋ᠠᠨ ᠦᠯᠡᠳᠡᠭᠡᠯ ᠦᠭᠡᠢ ᠪᠠᠢᠯᠳᠤᠨ ᠠᠪᠴᠤ᠂ ᠦᠰ ᠬᠣᠷᠣᠰᠤᠯ ᠢ᠋ ᠬᠠᠷᠢᠭᠤᠯᠠᠨ᠂ ᠥᠨᠢᠳᠡ ᠶ᠋ᠢᠨ ᠲᠥᠷᠥ ᠪᠡᠨ ᠪᠦᠲᠦᠭᠡᠵᠦ᠂ ᠦᠷᠭᠦᠯᠵᠢ ᠵᠢᠷᠭᠠᠨ ᠠᠮᠢᠳᠤᠷᠠᠬᠤ ᠪᠢᠰᠢᠦ ? 》 ᠬᠡᠮᠡᠭᠰᠡᠨ ᠡᠨᠡ ᠨᠢᠭᠡᠨ ᠵᠡᠷᠭᠡ ᠶ᠋ᠢᠨ ᠦᠭᠡᠰ ᠲᠣᠷ ᠮᠣᠬᠣᠭᠣᠭᠳᠠᠵᠤ ᠭᠠᠴᠢᠭᠳᠠᠬᠤ ᠶ᠋ᠢᠨ ᠲᠤᠢᠯ ᠳ᠋ᠤᠷ ᠲᠤᠯᠤᠭᠰᠠᠨ᠂ ᠴᠢᠦᠢ ᠴᠦ ᠯᠢᠦᠢ ᠭᠠᠵᠠᠷ ᠠ᠋ᠴᠠ ᠭᠠᠩ ᠲᠠᠢ ᠮᠥᠩᠭᠥ ᠣᠯᠵᠤ᠂ ᠲᠡᠭᠷᠢ ᠡᠴᠡ ᠲᠡᠭᠦᠰ ᠴᠢᠨᠳᠠᠮᠠᠨᠢ ᠤᠨᠠᠭᠰᠠᠨ ᠮᠡᠲᠦ ᠪᠠᠶᠠᠷᠯᠠᠵᠤ᠂ ᠲᠣᠳᠣ ᠶ᠋ᠢᠨ ᠲᠣᠯᠣᠭᠠᠢ ᠳ᠋ᠤᠷ ᠲᠣᠯᠣᠭᠠᠢ ᠶᠤᠭᠠᠨ ᠲᠤᠯᠭᠠᠵᠤ ᠲᠤᠰᠠᠯᠠᠮᠵᠢ ᠲᠡᠳᠬᠦᠮᠵᠢ ᠶ᠋ᠢ ᠶᠠᠭᠠᠬᠢᠨ ᠣᠯᠪᠠᠰᠤ ᠵᠣᠬᠢᠬᠤ ᠶ᠋ᠢ ᠲᠣᠳᠣᠯᠠᠨ᠂ ᠳᠠᠬᠢᠨ ᠳᠠᠪᠲᠠᠨ ᠠᠰᠠᠭᠤᠵᠤ᠂ ᠲᠤᠨᠤᠬᠤ ᠳᠡᠭᠡᠷᠡᠮᠳᠡᠬᠦ ᠶ᠋ᠢ ᠪᠠᠰᠠ ᠵᠥᠪᠳᠡᠯᠴᠡᠨ᠂ ᠲᠣᠳᠣ ᠪᠠᠷ ᠳᠠᠷᠤᠢ ᠲᠣᠳᠣᠷᠬᠠᠢ ᠵᠠᠭᠤᠯᠴᠢ ᠪᠣᠯᠭᠠᠨ᠂ ᠲᠣᠰᠣᠲᠤ ᠭᠠᠷ ᠢ᠋ᠶ᠋ᠠᠷ ᠪᠠᠷᠢᠰᠢ ᠦᠭᠡᠢ᠂ ᠲᠤᠩᠭᠠᠯᠠᠭ ᠭᠡᠭᠡᠬᠡᠨ᠂ ᠭᠤᠸ᠎ᠠ ᠦᠵᠡᠰᠬᠦᠯᠡᠩ ᠮᠥᠯᠰᠥᠨ ᠪᠣᠯᠣᠷ᠂ ᠮᠥᠩᠭᠥᠨ ᠲᠣᠯᠢ ᠬᠣᠶᠠᠷ ᠪᠦᠸᠸᠵᠤ ᠠᠪᠠᠬᠠᠢ ᠪᠠᠨ ᠭᠤᠶᠤᠯᠭᠠᠨ ᠲᠣᠭᠲᠠᠭᠠᠵᠤ ᠠᠷᠢᠬᠢ ᠪᠠᠷᠢᠭᠤᠯᠤᠨ᠂ ᠬᠠᠳᠠᠭ ᠲᠠᠲᠠᠭᠤᠯᠵᠤ᠂ ᠪᠠᠰᠠ ᠰᠤᠮᠤᠨ ᠤ᠋ ᠶᠡᠬᠡ ᠪᠡᠯᠡᠭ ᠲᠠᠯᠪᠢᠭᠤᠯᠪᠠᠢ᠃ ᠬᠠᠭᠠᠨ ᠬᠥᠮᠦᠨ ᠦ᠌ ᠬᠠᠲᠤᠨ ᠭᠤᠶᠤᠬᠤ ᠬᠠᠰ ᠬᠠᠪᠴᠢᠯᠭ᠎ᠠ ᠠᠯᠲᠠᠨ ᠪᠤᠢᠯᠤᠭ᠂ ᠪᠤᠯᠠᠭ᠎ᠠ ᠶ᠋ᠢᠨ ᠮᠣᠨᠴᠣᠭ ᠰᠢᠷ᠎ᠠ ᠪᠦᠭᠲᠦᠷᠭᠡᠲᠦ ᠶᠢᠰᠦᠨ ᠴᠠᠭᠠᠨ ᠲᠡᠮᠡᠭᠡ ᠲᠡᠷᠢᠭᠦᠯᠡᠨ᠂ ᠶᠢᠰᠦ ᠶᠢᠰᠦᠨ ᠦ᠌ ᠶᠡᠬᠡ ᠪᠦᠷᠢᠳᠬᠡᠯᠳᠦ᠂ ᠮᠠᠯ ᠮᠥᠩᠭᠥᠨ ᠦ᠌ ᠪᠡᠯᠡᠭ ᠶᠦ᠍ᠭᠡᠨ ᠦᠯᠡᠳᠡᠭᠡᠵᠦ᠂ ᠰᠢᠷ᠎ᠠ ᠨᠣᠶᠠᠨ᠂ ᠰᠢᠷ᠎ᠠ ᠪᠣᠷᠣ ᠬᠥᠭᠡᠷᠲᠡᠯᠡ ᠮᠥᠷᠭᠥᠵᠦ᠂ ᠭᠤᠷᠪᠠᠨ ᠡᠳᠦᠷ ᠶᠡᠬᠡᠳᠡ ᠬᠤᠷᠢᠮᠯᠠᠨ ᠪᠣᠭᠲᠣᠯᠠᠬᠤ ᠪᠠᠭᠤᠯᠭᠠᠬᠤ ᠰᠠᠷ᠎ᠠ ᠡᠳᠦᠷ ᠢ᠋ ᠪᠣᠯᠵᠣᠭᠠᠨ ᠂ ᠰᠠᠶᠢ ᠨᠥᠬᠥᠷ ᠰᠡᠯᠲᠡ ᠪᠡᠨ ᠠᠪᠴᠤ ᠡᠭᠡᠵᠦ ᠮᠣᠷᠳᠠᠪᠠ᠃ ᠡᠭᠦᠨ ᠢ᠋ ᠲᠦᠷ ᠬᠡᠯᠡᠬᠦ ᠦᠭᠡᠢ᠃
ᠲᠡᠨᠳᠡᠴᠡ ᠲᠣᠳᠣ ᠵᠣᠯᠪᠢᠨ ᠲᠣᠮᠣᠭ᠎ᠠ ᠦᠭᠡᠢ ᠴᠢᠦᠢ ᠴᠦ ᠯᠢᠦᠢ ᠶ᠋ᠢ ᠥᠳᠥᠭᠡᠵᠦ ᠲᠣᠭᠲᠠᠭᠤᠷᠢ ᠦᠭᠡᠢ ᠦᠢᠯᠡ ᠶ᠋ᠢ ᠡᠭᠦᠳᠦᠭᠦᠯᠦᠨ᠂ ᠤᠷᠢᠲᠠᠷ ᠴᠢᠦᠢ ᠴᠦ ᠯᠢᠦᠢ ᠶ᠋ᠢᠨ ᠡᠮ᠎ᠡ ᠶᠧ ᠯᠢᠦᠢ ᠱᠢ᠂ ᠬᠠᠭᠠᠨ ᠬᠦᠷᠭᠡᠨ ᠲᠠᠩᠭᠤᠳ ᠤᠯᠤᠰ ᠤ᠋ᠨ ᠬᠤᠸᠠᠨᠽᠦ᠋ᠩ ᠯᠢ ᠼᠦᠨ ᠢᠦ ᠶ᠋ᠢᠨ ᠭᠠᠰᠠᠯᠠᠩ ᠳ᠋ᠤᠷ ᠣᠬᠢᠯᠠᠷᠠ ᠡᠴᠢᠬᠦ ᠪᠡᠷ ᠰᠢᠯᠲᠠᠭᠯᠠᠨ᠂ ᠵᠢᠷᠠᠭᠠᠳ ᠮᠣᠷᠢᠲᠠᠨ ᠢ᠋ ᠠᠪᠴᠤ ᠲᠠᠩᠭᠤᠳ ᠤᠯᠤᠰ ᠲᠤᠷ ᠬᠦᠷᠴᠦ ᠣᠷᠳᠣᠨ᠎ᠠ ᠣᠷᠣᠵᠤ᠂ ᠭᠠᠰᠠᠯᠠᠩ ᠳ᠋ᠤᠷ ᠤᠬᠢᠯᠠᠨ ᠬᠣᠶᠠᠷ ᠥᠬᠢᠨ ᠳ᠋ᠡᠭᠡᠨ ᠰᠤᠷᠭᠠᠵᠤ᠂ ᠲᠡᠳᠡᠨ ᠦ᠌ ᠵᠠᠬᠢᠷᠤᠨ ᠬᠠᠮᠢᠶᠠᠷᠤᠭᠰᠠᠨ ᠰᠠᠩ ᠬᠥᠮᠥᠷᠭᠡ ᠶ᠋ᠢᠨ ᠡᠳ᠋ ᠠᠭᠤᠷᠠᠰᠤᠨ᠂ ᠨᠠᠷᠢᠨ ᠵᠥᠭᠡᠯᠡᠨ ᠠᠯᠲᠠᠨ ᠬᠠᠰ ᠰᠤᠪᠤᠳ ᠡᠷᠳᠡᠨᠢ ᠪᠠ ᠲᠠᠵᠢ ᠮᠠᠩᠨᠤᠭ ᠲᠣᠷᠭ᠎ᠠ ᠪᠤᠯᠠᠭ᠎ᠠ ᠶ᠋ᠢᠨ ᠵᠦᠢᠯ ᠪᠦᠬᠦᠨ ᠢ᠋ ᠰᠥᠨᠢ ᠪᠦᠷᠢ ᠪᠡᠷ ᠭᠠᠷᠭᠠᠵᠤ᠂ ᠤᠷᠢᠲᠠᠷ ᠴᠥᠮ ᠶᠠᠪᠤᠭᠤᠯᠤᠭᠠᠳ᠂ ᠭᠠᠳᠠᠭᠠᠳᠤ ᠪᠠᠢᠳᠠᠯ ᠳ᠋ᠤᠷ ᠬᠠᠭᠠᠨ ᠢ᠋ ᠳᠠᠭᠠᠵᠤ ᠦᠬᠦᠮᠦᠢ ᠭᠡᠮᠡᠨ ᠬᠡᠳᠦ ᠬᠡᠳᠦᠨ ᠤᠳᠠᠭ᠎ᠠ ᠪᠣᠭᠣᠮᠢᠯᠠᠭᠰᠠᠨ ᠢ᠋ ᠴᠥᠮ ᠬᠣᠢᠲᠤ ᠡᠬᠡ ᠢᠨᠤ ᠠᠯᠳᠠᠷᠭᠠᠨ ᠠᠪᠴᠤ᠂ ᠬᠠᠭᠠᠨ ᠤ᠋ ᠮᠣᠩᠭᠣᠨ ᠳ᠋ᠤᠷ ᠬᠦᠷᠴᠦ ᠦᠬᠦᠭᠡᠳ ᠬᠠᠮᠲᠤ ᠣᠷᠣᠰᠢᠭᠤᠯᠵᠤ ᠵᠣᠷᠢᠭ ᠢ᠋ ᠭᠦᠢᠴᠡᠳᠬᠡᠲᠦᠭᠡᠢ ᠭᠡᠮᠡᠨ ᠵᠠᠭᠤᠨ ᠵᠦᠢᠯ ᠢ᠋ᠶ᠋ᠡᠷ ᠪᠠᠴᠢᠯᠠᠨ ᠮᠡᠬᠡᠯᠡᠵᠦ᠂ ᠴᠥᠬᠥᠷᠡᠯ ᠦ᠋ᠨ ᠰᠠᠪᠠ ᠶ᠋ᠢ ᠳᠠᠭᠠᠵᠤ ᠪᠡᠯᠪᠡᠰᠦᠷᠡᠨ ᠶᠠᠪᠤᠵᠤ᠂ ᠳᠥᠴᠢᠨ ᠶᠢᠰᠦᠨ ᠬᠣᠨᠣᠭ ᠭᠦᠢᠴᠡᠨ᠂ ᠣᠷᠳᠣᠨ ᠬᠦᠷᠢᠶᠡᠯᠡᠩ ᠡᠴᠡ ᠵᠠᠯᠠᠨ ᠭᠠᠷᠭᠠᠵᠤ᠂ ᠬᠠᠭᠠᠨ ᠬᠥᠮᠦᠨ ᠦ᠌ ᠡᠳᠦᠷ ᠬᠣᠨᠣᠭ ᠤ᠋ᠨ ᠲᠣᠭ᠎ᠠ ᠶ᠋ᠢ ᠭᠦᠢᠴᠡᠭᠡᠨ ᠲᠠᠯᠪᠢᠬᠤ᠂ ᠬᠣᠲᠠ ᠶ᠋ᠢᠨ ᠭᠠᠳᠠᠭᠠᠳᠤ ᠵᠠᠭᠤᠨ ᠭᠠᠵᠠᠷ ᠤ᠋ᠨ ᠦᠵᠦᠭᠦᠷ᠎ᠡ ᠪᠦᠬᠦᠢ ᠦᠳᠡ ᠪᠠᠭᠤᠳᠠᠯ ᠤ᠋ᠨ ᠤᠷᠲᠤ ᠬᠠᠷᠰᠢ ᠳ᠋ᠤᠷ ᠲᠠᠭᠠᠨ ᠡᠴᠢᠵᠦ᠂ ᠰᠠᠶᠢ ᠵᠠᠭᠤᠨ ᠡᠳᠦᠷ ᠥᠩᠭᠡᠷᠡᠲᠡᠯ᠎ᠡ᠂ ᠴᠢᠦᠢ ᠴᠦ ᠯᠢᠦᠢ ᠥᠪᠡᠷᠦᠨ ᠪᠡᠶ᠎ᠡ ᠪᠡᠷ ᠨᠢᠭᠡᠨ ᠵᠠᠮ ᠤ᠋ᠨ ᠬᠤᠯᠠᠭᠠᠢ ᠴᠡᠷᠢᠭ ᠠᠪᠴᠤ ᠳᠣᠪᠲᠣᠯᠤᠨ ᠢᠷᠡᠵᠦ᠂ ᠡᠮ᠎ᠡ ᠯᠦ᠍ᠬᠡ ᠪᠡᠨ ᠨᠡᠢᠯᠡᠵᠦ ᠬᠣᠶᠠᠷ ᠥᠬᠢᠨ ᠢ᠋ᠶ᠋ᠡᠨ ᠨᠢᠭᠡᠨᠲᠡ ᠵᠠᠩᠳᠠᠨ ᠲᠠᠩᠭᠤᠳ ᠤᠯᠤᠰ ᠤ᠋ᠨ ᠬᠡᠳᠦᠨ ᠠᠷᠪᠠᠨ ᠣᠷᠳᠣᠨ ᠤ᠋ ᠥᠬᠢᠳ ᠲᠡᠢ ᠬᠠᠮᠲᠤ ᠪᠤᠯᠢᠶᠠᠨ ᠠᠪᠴᠤ ᠳᠣᠪᠲᠣᠯᠤᠯᠴᠠᠨ ᠂ ᠢᠯᠢ ᠳ᠋ᠦ᠍ᠷ ᠬᠦᠷᠴᠦ᠂ ᠨᠠᠮᠤᠷ ᠤ᠋ᠨ ᠪᠣᠯᠵᠣᠭ᠎ᠠ ᠳ᠋ᠤᠷ ᠤᠭᠲᠤᠨ ᠶᠡᠬᠡ ᠪᠠᠭᠤᠳᠠᠯ ᠪᠠᠭᠤᠨ ᠬᠦᠯᠢᠶᠡᠲᠡᠯᠡ᠂ ᠪᠣᠯᠵᠣᠭᠠᠨ ᠤ᠋ ᠡᠳᠦᠷ᠎ᠡ᠂ ᠰᠠᠷᠲᠢᠭᠴᠢᠨ ᠤ᠋ ᠠᠮᠪᠠᠬᠠᠢ ᠬᠠᠭᠠᠨ ᠦᠨᠡᠬᠡᠷ ᠶᠡᠬᠡ ᠮᠢᠩᠭᠠᠨ ᠲᠣᠭ᠎ᠠ᠂ ᠮᠢᠩᠭᠠᠨ ᠤ᠋ ᠤᠯᠤᠰ ᠠᠯᠪᠠᠲᠤ ᠴᠡᠷᠢᠭ ᠬᠤᠶᠠᠭ᠂ ᠵᠠᠩᠵᠤᠨ ᠪᠠᠭᠠᠲᠤᠷ ᠤ᠋ᠳ ᠢ᠋ᠶ᠋ᠠᠨ ᠠᠪᠴᠤ᠂ ᠢᠯᠳᠠᠰᠢ ᠮᠥᠷᠡᠨ ᠦ᠌ ᠤᠰᠤᠨ ᠲᠠᠷᠢᠶᠠᠨ ᠤ᠋ ᠲᠠᠯ᠎ᠠ ᠳ᠋ᠤᠷ ᠬᠦᠷᠴᠦ ᠢᠷᠡᠭᠡᠳ ᠶᠡᠬᠡ ᠬᠣᠷᠢᠶ᠎ᠠ ᠪᠠᠭᠤᠳᠠᠯ ᠪᠠᠭᠤᠵᠤ᠂ ᠬᠣᠶᠠᠷ ᠤᠯᠤᠰ ᠬᠤᠷᠢᠮ ᠬᠤᠷᠢᠮᠯᠠᠨ᠂ ᠠᠷᠤ ᠭᠠᠵᠠᠷ ᠤ᠋ᠨ ᠵᠦᠢᠯ ᠵᠦᠢᠯ ᠦ᠋ᠨ ᠤᠯᠤᠰ ᠠᠢᠮᠠᠭ ᠤ᠋ᠳ ᠤ᠋ᠨ ᠡᠵᠡᠳ ᠬᠠᠳ ᠤ᠋ᠨ ᠶᠣᠰᠣᠯᠠᠯ ᠳᠦᠷᠢᠮ ᠢ᠋ᠶ᠋ᠡᠷ ᠣᠷᠣᠯᠳᠣᠭ᠎ᠠ ᠪᠠᠷᠢᠯᠳᠤᠭ᠎ᠠ᠂ ᠪᠡᠯᠡᠭᠯᠡᠯ᠂ ᠰᠢᠯᠦᠭᠯᠡᠯ᠂ ᠱᠠᠪᠠᠩ ᠬᠥᠭᠵᠢᠮ᠂ ᠬᠤᠭᠤᠷ᠂ ᠴᠤᠭᠤᠷ᠂ ᠪᠥᠬᠡ ᠶ᠋ᠢᠨ ᠨᠡᠷ᠎ᠡ ᠳᠠᠭᠤᠳᠠᠬᠤ᠂ ᠮᠣᠷᠢᠨ ᠤ᠋ ᠴᠣᠯᠠ ᠤᠩᠰᠢᠬᠤ ᠶ᠋ᠢᠨ ᠵᠦᠢᠯ ᠵᠦᠢᠯ ᠦ᠋ᠨ ᠨᠠᠢᠷ ᠨᠠᠢᠵᠠᠮ᠂ ᠬᠤᠷᠢᠮ ᠬᠤᠷᠠᠯ ᠢ᠋ ᠶᠡᠬᠡᠯ᠎ᠡ ᠬᠥᠷ ᠨᠠᠢᠷᠲᠠᠶᠠ ᠭᠦᠢᠴᠡᠳᠬᠡᠵᠦ᠂ ᠨᠡᠩ ᠢᠯᠠᠩᠭᠤᠶ᠎ᠠ ᠠᠮᠪᠠᠬᠠᠢ ᠬᠠᠭᠠᠨ ᠡᠨᠡ ᠮᠡᠲᠦ ᠭᠠᠢᠬᠠᠮᠰᠢᠭᠲᠤ ᠲᠡᠭᠷᠢ ᠬᠤᠪᠢᠯᠭᠠᠨ ᠰᠢᠳᠢᠲᠡᠨ ᠮᠡᠲᠦ ᠵᠠᠯᠠᠭᠤ ᠵᠥᠭᠡᠯᠡᠨ ᠭᠤᠸ᠎ᠠ ᠦᠵᠡᠰᠬᠦᠯᠡᠩ ᠷᠠᠭᠢᠨᠢ ᠥᠬᠢᠨ ᠬᠣᠣᠰ ᠬᠠᠰ ᠬᠥᠮᠦᠨ ᠢ᠋ ᠣᠯᠵᠤ᠂ ᠦᠨᠡᠬᠡᠷ ᠲᠡᠭᠷᠢ ᠳ᠋ᠦ᠍ᠷ ᠭᠠᠷᠴᠤ ᠣᠭᠲᠠᠷᠭᠤᠢ ᠳ᠋ᠤᠷ ᠳᠡᠭᠳᠡᠭᠰᠡᠨ ᠠᠳᠠᠯᠢ᠂ ᠠᠮᠠ ᠪᠠᠨ ᠬᠠᠮᠬᠢᠨ ᠴᠢᠳᠠᠬᠤ ᠦᠭᠡᠢ ᠪᠣᠯᠲᠠᠯ᠎ᠠ ᠪᠠᠶᠠᠷᠯᠠᠨ ᠢᠨᠢᠶᠡᠵᠦ ᠶ᠋ᠢᠨ᠂ ᠪᠢᠩ ᠬᠣᠶᠠᠷ ᠬᠠᠲᠤᠨ ᠢ᠋ᠶ᠋ᠠᠨ ᠠᠮᠢᠳᠤ ᠪᠠᠷ ᠠᠮᠠᠨ ᠳ᠋ᠠᠭᠠᠨ ᠡᠮᠬᠦᠵᠦ ᠠᠷᠢᠬᠢ ᠯᠤᠭ᠎ᠠ ᠪᠠᠨ ᠵᠠᠭᠤᠰᠢᠯᠠᠨ ᠵᠠᠯᠭᠢᠰᠤᠭᠠᠢ ᠬᠡᠮᠡᠮᠦᠢ᠃ ᠵᠢᠨ᠂ ᠪᠢᠩ ᠬᠣᠶᠠᠷ ᠬᠠᠲᠤᠨ ᠴᠤ᠌ ᠬᠡᠳᠦᠢᠴᠢᠨᠡᠭᠡᠨ ᠰᠠᠷ᠎ᠠ ᠡᠳᠦᠷ ᠶᠦᠭᠡᠯᠢ ᠡᠪᠡᠳᠴᠢᠨᠲᠦ ᠯᠢ ᠽᠦᠨ ᠢᠦ ᠶ᠋ᠢ ᠡᠩᠰᠡᠭᠯᠡᠨ ᠰᠤᠪᠢᠯᠠᠭᠰᠠᠭᠠᠷ ᠮᠠᠰᠢᠳᠠ ᠵᠦᠳᠡᠵᠦ ᠮᠣᠬᠣᠭᠰᠠᠨ ᠤ᠋ ᠲᠤᠯᠠᠳᠠ᠂ ᠡᠳᠦᠭᠡ ᠡᠪᠡᠳᠴᠢᠨ ᠡᠮᠭᠡᠭ ᠦᠭᠡᠢ ᠢᠳᠡᠷ ᠵᠠᠯᠠᠭᠤ ᠪᠠᠭᠠᠲᠤᠷ ᠬᠦᠴᠦᠲᠦ ᠡᠷ᠎ᠡ ᠳ᠋ᠦ᠍ᠷ ᠪᠠᠬᠠᠷᠬᠠᠨ ᠬᠠᠢᠷᠠᠯᠠᠭᠳᠠᠵᠤ ᠪᠦᠪᠡᠢᠯᠡᠨ ᠡᠷᠬᠡᠯᠡᠭᠦᠯᠬᠦᠢ ᠳ᠋ᠦ᠍ᠷ ᠬᠠᠷᠢᠨᠴᠤ ᠠᠷᠪᠠᠨ ᠬᠤᠪᠢ ᠶ᠋ᠢᠨ ᠠᠮᠠᠷᠠᠭ ᠲᠠᠭᠠᠯᠠᠮᠵᠢᠲᠠᠢ᠃ ᠭᠠᠭᠴᠠ ᠰᠠᠭᠤᠬᠤ ᠬᠣᠨᠣᠬᠤ ᠭᠡᠷ ᠡᠷᠦᠬᠡ ᠢᠨᠤ᠂ ᠴᠥᠮ ᠥᠷᠭᠥᠭᠡ ᠴᠠᠴᠠᠷ᠂ ᠬᠡᠳᠦᠢᠪᠡᠷ ᠲᠠᠵᠢ ᠮᠠᠩᠨᠤᠭ ᠤ᠋ᠨ ᠬᠡᠰᠡᠭᠦᠷ ᠬᠣᠷᠮᠣᠢ᠂ ᠲᠣᠷᠭ᠎ᠠ ᠲᠦᠷᠭᠡ ᠶ᠋ᠢᠨ ᠬᠥᠰᠢᠭᠡ ᠵᠠᠮ᠎ᠠ ᠲᠠᠢ ᠪᠣᠯᠪᠠᠴᠤ ᠶᠠᠭᠤᠨᠠᠢ ᠤᠷᠲᠤ ᠬᠠᠷᠰᠢ ᠶ᠋ᠢᠨ ᠠᠭᠤᠳᠠᠮ ᠭᠡᠭᠡᠬᠡᠨ᠂ ᠭᠡᠷ ᠬᠦᠷᠢᠶᠡᠨ ᠦ᠌ ᠡᠪᠬᠡᠭᠦᠷ ᠳᠠᠪᠬᠤᠷ᠎ᠠ ᠳ᠋ᠤᠷ ᠬᠦᠷᠬᠦ ᠠᠵᠠᠢ ! ᠪᠠᠰᠠ ᠨᠢᠭᠡᠨ ᠰᠢᠨ᠎ᠡ ᠰᠣᠨᠢᠨ ᠠᠨᠤ᠂ ᠭᠦᠨ ᠳᠣᠲᠣᠭᠠᠳᠤ ᠳ᠋ᠤᠷ ᠤᠳᠠᠭᠠᠨ ᠡᠳᠦᠷ ᠬᠣᠷᠢᠭᠳᠠᠭᠰᠠᠨ ᠢ᠋ᠶ᠋ᠠᠷ ᠡᠳᠦᠭᠡ ᠥᠷᠭᠥᠭᠡ ᠴᠠᠴᠠᠷ ᠲᠤᠷ ᠰᠠᠭᠤᠭᠰᠠᠨ ᠢ᠋ᠶ᠋ᠠᠷ ᠠᠭᠤᠳᠠᠮ ᠪᠡᠯᠴᠢᠭᠡᠷ ᠶᠡᠬᠡ ᠬᠡᠭᠡᠷ᠎ᠡ᠂ ᠰᠠᠷᠠᠭᠤᠯ ᠲᠠᠯ᠎ᠠ᠂ ᠵᠢᠷᠲᠠᠢᠮᠠ ᠮᠠᠩᠬᠠᠨ ᠳ᠋ᠤᠷ ᠬᠠᠷᠢᠨᠴᠤ ᠮᠠᠰᠢ ᠠᠭᠤᠳᠠᠮ ᠲᠠᠯᠪᠢᠭᠤ ᠰᠠᠨᠠᠭᠳᠠᠮᠤᠢ᠃
ᠲᠡᠳᠦᠢ ᠴᠢᠦᠢ ᠴᠦ ᠯᠢᠦᠢ᠂ ᠠᠮᠪᠠᠬᠠᠢ ᠬᠠᠭᠠᠨ ᠢ᠋ ᠬᠡᠲᠦᠷᠬᠡᠶ᠎ᠡ ᠶᠡᠬᠡᠯ᠎ᠡ ᠬᠦᠨᠳᠦᠯᠡᠵᠦ᠂ ᠵᠠᠭᠤᠨ ᠵᠣᠪᠠᠯᠠᠩ᠂ ᠮᠢᠩᠭᠠᠨ ᠪᠡᠷᠬᠡ ᠪᠡᠨ ᠲᠣᠭᠠᠯᠠᠵᠤ ᠲᠣᠪᠰᠢᠨ᠂ ᠤᠯᠤᠰ ᠮᠥᠬᠥᠵᠦ᠂ ᠠᠢᠮᠠᠭ ᠠᠪᠲᠠᠭᠰᠠᠨ ᠢ᠋ᠶ᠋ᠠᠨ ᠤᠬᠢᠯᠠᠨ ᠤᠨᠵᠢᠵᠤ ᠠᠭᠤᠷᠯᠠᠨ ᠬᠡᠯᠡᠵᠦ᠂ ᠠᠪᠤᠷᠠᠯ ᠲᠡᠳᠬᠦᠮᠵᠢ ᠲᠤᠰᠠ ᠶ᠋ᠢ ᠭᠤᠶᠤᠭᠰᠠᠨ ᠳ᠋ᠤᠷ ᠠᠮᠪᠠᠬᠠᠢ ᠬᠠᠭᠠᠨ ᠠᠳᠠᠪᠠᠰᠢ ᠪᠠᠷᠳᠠᠩᠬᠢᠨᠠᠨ ᠥᠭᠦᠯᠡᠷᠦᠨ᠄
《 ᠪᠡᠶ᠎ᠡ ᠪᠡᠨ ᠦᠯᠦ ᠮᠡᠳᠡᠬᠦ ᠪᠸᠲ᠋ᠠ᠋ ᠤᠯᠤᠰ ᠤ᠋ᠨ ᠮᠤᠩᠬᠠᠭ ᠬᠠᠷᠠᠩᠭᠤᠢ ᠡᠵᠡᠨ ᠲᠡᠮᠦᠵᠢᠨ ᠰᠠᠪᠠᠭ᠎ᠠ ᠦᠭᠡᠢ ᠪᠡᠷ ᠬᠠᠭᠠᠨ ᠰᠠᠭᠤᠵᠤ᠂ ᠰᠠᠨᠠᠭᠠᠨ ᠤ᠋ ᠵᠣᠷᠢᠭ ᠢ᠋ᠶ᠋ᠠᠷ ᠰᠠᠮᠠᠭᠤᠷᠠᠨ ᠡᠵᠡᠯᠡᠵᠦ᠂ ᠰᠠᠷᠲᠢᠭᠴᠢᠨ ᠠᠢᠮᠠᠭ ᠢ᠋ ᠮᠥᠨ ᠰᠠᠨᠠᠵᠤ ᠪᠣᠢ ᠪᠣᠯᠠᠢ᠃ ᠠᠮᠪᠠᠬᠠᠢ ᠬᠥᠪᠡᠭᠦᠨ ᠪᠢ ᠠᠮᠢᠳᠤ ᠪᠠᠢᠭᠰᠠᠨ ᠴᠠᠭᠳᠠ᠂ ᠠᠮᠠᠯᠳᠠᠵᠤ ᠲᠡᠭᠦᠨ ᠯᠦ᠍ᠭᠡ ᠲᠡᠮᠡᠴᠡᠵᠦ ᠦᠬᠦᠨ ᠪᠠᠢᠯᠳᠤᠵᠤ ᠦᠵᠡᠰᠦᠭᠡᠢ᠃ ᠬᠠᠳᠠᠮ ᠬᠠᠭᠠᠨ ᠡᠴᠢᠭᠡ ᠬᠠᠯᠠᠰᠢᠷᠠᠨ ᠵᠣᠪᠠᠬᠤ ᠬᠡᠷᠡᠭ ᠦᠭᠡᠢ᠃ ᠬᠠᠮᠤᠭ ᠬᠡᠷᠡᠭ ᠪᠦᠬᠦᠨ ᠢ᠋ ᠬᠠᠢᠷᠠᠲᠤ ᠬᠦᠷᠭᠡᠨ ᠴᠢᠨᠦ ᠠᠮᠪᠠᠬᠠᠢ ᠪᠢ ᠮᠡᠳᠡᠰᠦᠭᠡᠢ᠃ ᠠᠯᠢᠪᠠ ᠠᠢᠮᠠᠭ ᠤᠯᠤᠰ ᠤ᠋ᠳ ᠢ᠋ ᠬᠤᠷᠢᠶᠠᠵᠤ᠂ ᠠᠯᠳᠠᠭᠰᠠᠨ ᠤᠯᠤᠰ ᠢ᠋ ᠴᠢᠨᠦ ᠣᠯᠵᠤ ᠥᠭᠬᠦ ᠶ᠋ᠢ ᠠᠮᠪᠠᠬᠠᠢ ᠪᠢ ᠮᠡᠳᠡᠰᠦᠭᠡᠢ ! 》ᠭᠡᠮᠡᠨ ᠠᠮᠠᠨ ᠲᠠᠩᠭᠠᠷᠢᠭ ᠥᠭᠴᠦ᠂ ᠠᠳᠠᠪᠠᠰᠢ ᠰᠠᠢᠬᠠᠨ ᠬᠣᠶᠠᠷ ᠬᠠᠲᠤᠨ ᠢ᠋ᠶ᠋ᠠᠨ ᠠᠪᠴᠤ᠂ ᠠᠯᠢᠪᠠ ᠪᠦᠬᠦ ᠣᠢᠷᠠᠯᠴᠠᠭ᠎ᠠ ᠠᠢᠮᠠᠭ ᠤ᠋ᠳ ᠢ᠋ ᠠᠷᠭᠠᠳᠠᠨ ᠡᠯᠰᠡᠵᠦ᠂ ᠵᠠᠭᠠᠨ ᠭᠡᠷ ᠬᠡᠮᠡᠬᠦ ᠤᠯᠤᠰ᠂ ᠬᠠᠰᠢᠬᠡᠷ ᠬᠡᠮᠡᠬᠦ ᠠᠢᠮᠠᠭ᠂ ᠬᠠᠰᠠᠭ ᠤᠯᠤᠰ ᠤ᠋ᠨ ᠬᠠᠪᠢᠷᠭ᠎ᠠ᠂ ᠪᠣᠷᠣᠢᠳ ᠤᠯᠤᠰ ᠤ᠋ᠨ ᠪᠤᠯᠤᠩ ᠪᠦᠬᠦᠨ ᠢ᠋ ᠲᠣᠭᠣᠷᠢᠵᠤ᠂ ᠲᠠᠩᠭᠤᠳ ᠤᠯᠤᠰ ᠠ᠋ᠴᠠ ᠬᠣᠯᠭᠣᠵᠤ ᠣᠯᠤᠭᠰᠠᠨ ᠣᠯᠵᠠ ᠠᠰᠢᠭ ᠢ᠋ ᠰᠦᠢᠳᠬᠡᠨ᠂ ᠬᠡᠳᠦᠨ ᠰᠠᠷ᠎ᠠ ᠶ᠋ᠢᠨ ᠳᠣᠲᠣᠷ᠎ᠠ ᠠᠮᠪᠠᠬᠠᠢ ᠬᠠᠭᠠᠨ ᠤ᠋ ᠠᠴᠢ ᠪᠠᠷ ᠠᠷᠪᠠᠨ ᠵᠦᠭ ᠦ᠋ᠨ ᠠᠢᠮᠠᠭ ᠤ᠋ᠳ ᠠ᠋ᠴᠠ ᠠᠰᠢᠲᠠᠢ ᠴᠤ᠌ ᠦᠭᠡᠢ ᠴᠡᠷᠢᠭ ᠣᠯᠵᠤ ᠴᠤᠭᠯᠠᠭᠤᠯᠤᠨ ᠠᠩᠬᠠᠨ ᠤ᠋ ᠠᠶᠤᠯᠭᠠᠨ ᠳᠠᠪᠴᠢᠯᠠᠭᠰᠠᠨ ᠸᠠᠢᠯᠠ ᠠᠢᠮᠠᠭ ᠤ᠋ᠨ ᠣᠯᠠᠨ ᠭᠠᠩᠭ᠎ᠠ ᠶ᠋ᠢᠨ ᠳᠥᠭᠥᠮ ᠢ᠋ ᠳᠠᠪᠴᠢᠯᠠᠨ ᠡᠵᠡᠯᠡᠵᠦ᠂ ᠬᠠᠭᠤᠴᠢᠨ ᠬᠠᠭᠠᠨ ᠨᠡᠷ᠎ᠡ ᠪᠡᠨ ᠬᠠᠲᠠᠵᠤ᠂ ᠬᠠᠰ ᠶᠡᠬᠡ ᠬᠠᠭᠠᠨ ᠲᠥᠷᠥ ᠪᠡᠨ ᠨᠡᠭᠡᠭᠡᠵᠦ᠂ ᠬᠠᠰ ᠠᠮᠠᠰᠠᠷ ᠤ᠋ᠨ ᠬᠠᠭᠠᠨ ᠬᠡᠮᠡᠵᠦ᠂ ᠬᠠᠮᠤᠭ ᠲᠣᠭᠣᠷᠢᠭᠰᠠᠨ ᠪᠠᠭ᠎ᠠ ᠠᠢᠮᠠᠭ ᠤ᠋ᠳ ᠢ᠋ ᠠᠮᠪᠠᠬᠠᠢ ᠬᠠᠭᠠᠨ ᠢ᠋ᠶ᠋ᠠᠷ ᠠᠶᠤᠯᠭᠠᠨ᠂ ᠠᠳᠠᠪᠠᠰᠢ ᠲᠡᠩᠬᠡᠭᠡ ᠲᠡᠢ ᠪᠣᠯᠤᠭᠠᠳ᠂ ᠢᠯᠳᠠᠰᠢ ᠬᠣᠲᠠ ᠶ᠋ᠢᠨ ᠡᠵᠡᠨ ᠪᠤᠶᠠᠨᠲᠤ᠂ ᠪᠠᠪᠤ ᠳ᠋ᠤᠷ ᠠᠯᠲᠠᠨ ᠬᠠᠰ ᠢ᠋ᠶ᠋ᠠᠷ ᠠᠮᠠᠷᠠᠭᠯᠠᠨ᠂ ᠠᠷᠪᠠᠨ ᠬᠡᠳᠦᠨ ᠠᠢᠮᠠᠭ ᠲᠠᠨ᠎ᠠ ᠠᠮᠠᠷᠠᠭ ᠢᠨᠠᠭ ᠶᠠᠪᠤᠯᠴᠠᠵᠤ᠂ ᠠᠮᠪᠠᠬᠠᠢ ᠬᠠᠭᠠᠨ ᠠᠯᠢᠪᠠ ᠴᠢᠳᠠᠯ ᠢ᠋ᠶ᠋ᠠᠨ ᠭᠠᠷᠭᠠᠵᠤ᠂ ᠬᠠᠷᠢ ᠬᠣᠯᠠ ᠭᠠᠵᠠᠷ ᠤ᠋ᠨ ᠬᠠᠲᠠᠭᠤ ᠬᠦᠴᠦᠲᠦ ᠤᠯᠤᠰ ᠢ ᠡᠷᠢᠨ ᠡᠯᠰᠡᠭᠰᠡᠭᠡᠷ ᠠᠯᠠᠭ ᠲᠡᠷᠡᠳᠦ ᠠᠢᠮᠠᠭ ᠪᠠ ᠢᠳᠡᠪᠢᠯᠢᠭ ᠶᠡᠬᠡ ᠤᠯᠤᠰ᠂ ᠡᠷᠢᠶᠡᠨ ᠰᠢᠯᠪᠢᠲᠦ ᠠᠢᠮᠠᠭ ᠤᠯᠤᠰ ᠢ᠋ ᠠᠷᠭᠠᠳᠠᠷ᠎ᠠ ᠢᠷᠡᠭᠰᠡᠨ᠎ᠡ᠂ ᠵᠡᠷᠯᠢᠭ ᠤᠯᠤᠰ — ᠤᠷᠢᠶᠠᠩᠬᠠᠢ ᠤᠯᠤᠰ᠂ ᠲᠠᠩᠨᠤ ᠤᠯᠤᠰ ᠵᠡᠷᠭᠡ ᠶ᠋ᠢᠨ ᠠᠢᠮᠠᠭ ᠤ᠋ᠳ ᠤᠷᠢᠳᠠ ᠨᠢᠭᠡᠨᠲᠡ ᠮᠣᠩᠭᠣᠯ ᠤ᠋ᠨ ᠴᠢᠩᠭᠢᠰ ᠬᠠᠭᠠᠨ ᠳ᠋ᠤᠷ ᠳᠠᠭᠠᠭᠰᠠᠨ ᠤ᠋ ᠲᠤᠯᠠᠳᠠ᠂ ᠡᠳᠦᠭᠡ ᠠᠮᠪᠠᠬᠠᠢ ᠬᠠᠭᠠᠨ ᠥᠪᠡᠷᠦᠨ ᠪᠡᠶ᠎ᠡ ᠪᠡᠷ ᠬᠣᠶᠠᠷ ᠲᠦᠮᠡᠨ ᠭᠡᠷ ᠴᠡᠷᠢᠭ ᠢ᠋ᠶ᠋ᠡᠨ ᠳᠠᠭᠠᠭᠤᠯᠵᠤ᠂ ᠠᠵᠠᠷᠭ᠎ᠠ ᠠᠭᠲᠠ᠂ ᠭᠡᠭᠦᠦ ᠪᠠᠢᠳᠠᠰᠤ ᠪᠠᠨ ᠬᠥᠭᠡᠭᠡᠵᠦ᠂ ᠠᠳᠤᠭᠤ ᠮᠠᠯ᠂ ᠰᠦᠷᠦᠭ ᠬᠣᠨᠢ ᠪᠠᠨ ᠭᠡᠯᠢᠵᠦ᠂ ᠠᠴᠢᠮᠠᠭ ᠠᠳᠠᠮᠠᠭ ᠢ᠋ᠶ᠋ᠠᠨ ᠠᠶᠠᠯᠴᠢᠨ ᠠᠶᠠᠯᠠᠨ ᠲᠣᠭᠣᠷᠢᠨ ᠶᠠᠪᠤᠵᠤ ᠡᠯᠰᠡᠬᠦᠢ ᠳ᠋ᠦ᠍ᠷ ᠠᠶ᠎ᠠ ᠪᠠᠷᠤᠭᠲᠠᠢ ᠠᠢᠮᠠᠭ ᠤᠯᠤᠰ ᠤ᠋ᠳ ᠠᠶᠤᠮᠰᠢᠭᠲᠤ ᠠᠮᠪᠠᠬᠠᠢ ᠬᠠᠭᠠᠨ ᠤ᠋ ᠠᠰᠤᠷᠤ ᠬᠦᠴᠦᠨ ᠡᠴᠡ ᠠᠶᠤᠨ ᠰᠢᠷᠪᠡᠭᠡᠲᠦᠵᠦ᠂ ᠠᠷᠭᠠᠳᠠᠯ ᠥᠭᠡᠶ᠎ᠡ᠂ ᠠᠮᠠᠨ ᠤ᠋ ᠦᠵᠦᠭᠦᠷ᠎ᠡ ᠵᠠ ᠵᠠ ᠭᠡᠮᠡᠨ ᠬᠦᠯᠢᠶᠡᠪᠡᠴᠦ᠂ ᠠᠯᠤᠰ ᠴᠠᠭᠠᠨ᠎ᠠ ᠪᠠᠨ ᠠᠤᠭ᠎ᠠ ᠬᠦᠴᠦᠲᠦ᠂ ᠠᠯᠲᠠᠨ ᠶᠠᠰᠤᠲᠤ ᠮᠣᠩᠭᠣᠯ ᠠ᠋ᠴᠠ ᠠᠶᠤᠯᠴᠠᠨ᠂ ᠠᠯᠤᠰ ᠳᠠᠯᠳᠠᠭᠤᠷ ᠢ᠋ᠶ᠋ᠠᠷ ᠠᠯᠢᠪᠠ ᠤᠴᠢᠷ ᠤ᠋ᠨ ᠮᠡᠳᠡᠭᠡ ᠤᠴᠢᠷ ᠢ᠋ᠶ᠋ᠠᠨ ᠴᠥᠮ ᠮᠡᠳᠡᠭᠦᠯᠵᠦ ᠢᠯᠡᠭᠡᠯᠴᠡᠮᠦᠢ᠃ ᠡᠭᠦᠨ ᠳ᠋ᠦ᠍ᠷ ᠲᠠᠢᠽᠦ ᠴᠢᠩᠭᠢᠰ ᠬᠠᠭᠠᠨ᠂ ᠶᠡᠬᠡ ᠵᠢᠨᠦᠩ ᠮᠤᠬᠤᠯᠢ ᠳ᠋ᠤᠷ ᠵᠠᠷᠯᠢᠭ ᠪᠠᠭᠤᠯᠭᠠᠨ᠂ ᠪᠠᠷᠠᠭᠤᠨ ᠡᠲᠡᠭᠡᠳ ᠦ᠋ᠨ ᠶᠡᠬᠡ ᠲᠥᠰᠢᠶ᠎ᠡ ᠬᠦᠯᠦᠭ ᠬᠦᠩ ᠲᠠᠢᠪᠤᠤ ᠲᠦᠰᠢᠮᠡᠯ ᠪᠤᠭᠤᠷᠵᠢ ᠨᠣᠶᠠᠨ ᠢ᠋ ᠵᠣᠩᠭᠢᠯᠠᠭᠤᠯᠤᠨ᠂ ᠨᠠᠭᠠᠴᠤ ᠨᠣᠶᠠᠨ ᠬᠦᠩ ᠠᠵᠢᠨᠠᠢ ᠮᠡᠷᠭᠡᠨ ᠢ᠋ ᠳᠡᠳ᠋ᠯᠡᠭᠦᠯᠵᠦ᠂ ᠨᠠᠢ᠍ᠮᠠᠨ ᠪᠠᠭ᠎ᠠ ᠵᠠᠩᠵᠤᠨ ᠬᠣᠶᠠᠷ ᠲᠦᠮᠡᠨ ᠴᠡᠷᠢᠭ ᠠᠪᠴᠤ᠂ ᠪᠠᠷᠠᠭᠤᠨ ᠬᠣᠢᠲᠤ ᠣᠯᠠᠨ ᠬᠢᠵᠠᠭᠠᠷ ᠠᠢᠮᠠᠭ ᠤᠯᠤᠰ ᠢ᠋ ᠰᠡᠷᠭᠡᠢᠯᠡᠨ᠂ ᠢᠯᠳᠡᠰᠢ ᠮᠥᠷᠡᠨ ᠣ ᠴᠠᠢᠯᠵᠢ ᠤᠯᠤᠰ ᠢ᠋ ᠳᠠᠢᠯᠠᠷ᠎ᠠ ᠡᠴᠢᠬᠦᠢ ᠳ᠋ᠦ᠍ᠷ ᠠᠮᠪᠠᠬᠠᠢ ᠬᠠᠭᠠᠨ ᠤ᠋ ᠲᠣᠭᠣᠷᠢᠨ ᠡᠯᠰᠡᠭᠰᠡᠨ ᠠᠢᠮᠠᠭ ᠤᠯᠤᠰ ᠲᠤᠷ ᠵᠠᠬ᠎ᠠ ᠳᠠᠷᠠᠭᠠᠯᠠᠨ ᠬᠦᠷᠴᠦ᠂ ᠦᠨᠡᠨ ᠬᠤᠳᠠᠯ ᠢ᠋ ᠪᠠᠢᠴᠠᠭᠠᠯᠭᠠᠨ ᠦᠨᠡᠨ ᠳ᠋ᠦ᠍ᠷ ᠬᠦᠷᠦᠭᠦᠯᠦᠭᠲᠦᠨ ᠬᠡᠮᠡᠭᠡᠳ ᠬᠠᠪᠤᠷ ᠤ᠋ᠨ ᠰᠡᠭᠦᠯ ᠰᠠᠷ᠎ᠠ ᠳ᠋ᠤᠷ ᠲᠠᠢᠽᠢ ᠴᠢᠨ ᠸᠠᠩ ᠴᠠᠭᠠᠲᠠᠢ᠂ ᠶᠡᠬᠡ ᠹᠥᠮᠡ ᠪᠣᠳᠣ ᠨᠣᠶᠠᠨ ᠬᠥᠮᠦᠨ ᠪᠦᠷᠢ ᠲᠠᠪᠤᠨ ᠮᠢᠩᠭᠠᠨ ᠴᠡᠷᠢᠭ ᠠᠪᠴᠤ ᠡᠮᠦᠨ᠎ᠡ ᠬᠣᠰᠢᠭᠤᠴᠢ ᠪᠣᠯᠤᠨ ᠡᠮᠦᠨ᠎ᠡ ᠠᠩᠭᠢ ᠶ᠋ᠢ ᠵᠠᠬᠢᠷᠤᠨ ᠳᠠᠷᠤᠵᠤ᠂ ᠲᠠᠢᠽᠦ ᠴᠢᠩᠭᠢᠰ ᠬᠠᠭᠠᠨ ᠠᠷᠪᠠᠨ ᠰᠡᠴᠡᠳ᠂ ᠠᠷᠪᠠᠨ ᠪᠠᠭᠠᠲᠤᠷ᠂ ᠬᠣᠶᠠᠷ ᠲᠦᠮᠡᠨ ᠴᠡᠷᠢᠭ ᠢ᠋ ᠠᠪᠴᠤ ᠳᠤᠮᠳᠠᠳᠤ ᠠᠩᠭᠢ ᠶ᠋ᠢ ᠡᠵᠡᠯᠡᠨ᠂ ᠲᠠᠢᠽᠢ ᠴᠢᠨ ᠸᠠᠩ ᠥᠭᠡᠳᠡᠢ᠂ ᠶᠡᠬᠡ ᠹᠥᠮᠡ ᠲᠠᠪᠤᠨᠠᠩ ᠤᠯᠤᠰ ᠤ᠋ᠨ ᠬᠦᠷᠭᠡᠨ ᠴᠡᠴᠡᠬᠢ ᠴᠣᠯᠠᠲᠤ ᠵᠢᠪᠡᠭᠡ ᠬᠣᠶᠠᠭᠤᠯᠠ᠂ ᠬᠥᠮᠦᠨ ᠪᠦᠷᠢ ᠲᠠᠪᠤᠨ ᠮᠢᠩᠭᠠᠨ ᠴᠡᠷᠢᠭ ᠢ᠋ ᠠᠪᠴᠤ ᠰᠡᠭᠦᠯ ᠦ᠋ᠨ ᠠᠩᠭᠢ ᠶ᠋ᠢ ᠳᠠᠷᠤᠵᠤ᠂ ᠬᠠᠭᠠᠨ ᠤ᠋ ᠵᠡᠭᠦᠨ ᠪᠠᠷᠠᠭᠤᠨ ᠬᠣᠶᠠᠷ ᠮᠥᠷᠥ ᠳ᠋ᠦ᠍ᠷ ᠳᠣᠭᠲᠣᠩᠭᠤ᠂ ᠰᠥᠪᠡᠭᠡᠲᠡᠢ ᠬᠣᠶᠠᠷ ᠪᠠᠭᠠᠲᠤᠷ ᠲᠡᠷᠢᠭᠦᠯᠡᠨ᠂ ᠪᠦᠭᠦᠳᠡ ᠶ᠋ᠢᠨ ᠲᠣᠪᠴᠢᠶ᠎ᠠ ᠶ᠋ᠢ ᠶᠡᠬᠡ ᠲᠦᠰᠢᠶ᠎ᠡ ᠬᠦᠯᠦᠭ ᠲᠠᠢᠪᠤᠤ ᠴᠢᠯᠠᠭᠤᠨ ᠨᠣᠶᠠᠨ ᠪᠠᠭᠴᠠᠯᠠᠨ ᠵᠠᠬᠢᠷᠴᠤ᠂ ᠪᠡᠯᠭᠦᠳᠡᠢ ᠴᠢᠨ ᠸᠠᠩ ᠬᠠᠭᠤᠴᠢᠨ ᠨᠠᠢ᠍ᠮᠠᠨ ᠢ᠋ ᠬᠠᠪᠰᠤᠷᠴᠤ᠂ ᠬᠠᠰᠠᠷ ᠴᠢᠨ ᠸᠠᠩ ᠰᠢᠨ᠎ᠡ ᠨᠠᠢ᠍ᠮᠠᠨ ᠢ᠋ ᠬᠠᠷᠠᠭᠠᠯᠵᠠᠬᠤ ᠲᠤᠯᠠ ᠵᠢᠨᠦᠩ ᠮᠤᠬᠤᠯᠢ ᠪᠡᠶ᠎ᠡ ᠪᠡᠷ ᠤᠯᠤᠰ ᠤ᠋ᠨ ᠬᠣᠲᠠᠯᠠᠭᠠᠷ ᠤ᠋ᠨ ᠬᠣᠷᠢᠨ ᠲᠦᠮᠡᠨ ᠴᠡᠷᠢᠭ ᠢ᠋ ᠠᠪᠴᠤ᠂ ᠳᠥᠷᠪᠡᠨ ᠵᠦᠭ ᠲᠦ᠍ᠷ ᠲᠤᠰᠠᠯᠠᠬᠤ ᠪᠠᠷ ᠤᠯᠤᠰ ᠲᠤᠷ ᠦᠯᠡᠳᠡᠪᠡ᠃
ᠲᠡᠳᠦᠢ ᠲᠠᠢᠽᠦ ᠴᠢᠩᠭᠢᠰ ᠬᠠᠭᠠᠨ ᠤ᠋ ᠭᠤᠷᠪᠠᠨ ᠠᠩᠭᠢ ᠶᠡᠬᠡ ᠴᠡᠷᠢᠭ ᠠᠯᠭᠤᠷ ᠬᠥᠳᠡᠯᠦᠨ ᠮᠣᠷᠳᠠᠵᠤ᠂ ᠡᠮᠦᠨᠡᠲᠦ ᠬᠣᠰᠢᠭᠤᠴᠢ ᠲᠠᠢᠽᠢ ᠴᠠᠭᠠᠲᠠᠢ ᠶ᠋ᠢᠨ ᠴᠡᠷᠢᠭ ᠰᠠᠶᠢ ᠲᠠᠩᠭᠤᠳ ᠤᠯᠤᠰ ᠤ᠋ᠨ ᠵᠠᠬ᠎ᠠ ᠳ᠋ᠤᠷ ᠬᠦᠷᠲᠡᠯ᠎ᠡ᠂ ᠯᠢ ᠵᠢᠢ ᠯᠢ ᠬᠣᠷᠣᠭ᠎ᠠ᠂ ᠯᠦᠸᠧ ᠰᠧ ᠴᠧᠩ ᠬᠣᠲᠠ ᠶ᠋ᠢ ᠰᠠᠬᠢᠬᠤ ᠮᠣᠩᠭᠣᠯ ᠤ᠋ᠨ ᠴᠡᠷᠢᠭ ᠦ᠋ᠳ ᠳᠣᠪᠲᠣᠯᠤᠯᠴᠠᠨ ᠢᠷᠡᠵᠦ ᠮᠡᠳᠡᠭᠦᠯᠬᠦ ᠢᠨᠦ :
《ᠲᠠᠩᠭᠤᠳ ᠤᠯᠤᠰ ᠲᠠᠩᠭᠠᠷᠢᠭ ᠠ᠋ᠴᠠ ᠤᠷᠪᠠᠵᠤ᠂ ᠴᠡᠷᠢᠭ ᠬᠥᠳᠡᠯᠬᠦ ᠬᠡᠷᠡᠭ ᠡᠳᠦᠭᠡ ᠨᠢᠭᠡᠨᠲᠡ ᠢᠯᠡᠷᠡᠨ ᠭᠠᠷᠴᠤ ᠂ ᠲᠡᠳᠡᠨ ᠦ᠌ ᠳᠣᠲᠣᠭᠠᠳᠤ ᠪᠣᠭᠣᠮᠲᠠ ᠶ᠋ᠢᠨ ᠭᠠᠳᠠᠭᠠᠳᠤ ᠬᠣᠶᠠᠷ ᠠᠭᠤᠯᠠᠨ ᠤ᠋ ᠵᠡᠪᠡ ᠮᠤᠬᠤᠷ ᠣᠯᠣᠭᠠᠢ ᠶ᠋ᠢᠨ ᠭᠣᠣᠯ ᠳ᠋ᠤᠷ ᠭᠠᠵᠠᠷ ᠤ᠋ᠨ ᠪᠠᠢᠳᠠᠯ ᠳ᠋ᠤᠷ ᠵᠣᠬᠢᠴᠠᠭᠤᠯᠤᠨ ᠡᠮᠦᠨ᠎ᠡ ᠨᠢᠭᠡᠨ ᠬᠠᠭᠠᠯᠭ᠎ᠠ ᠂ ᠪᠠᠷᠠᠭᠤᠨ ᠨᠢᠭᠡᠨ ᠬᠠᠭᠠᠯᠭ᠎ᠠ ᠂ ᠬᠣᠶᠠᠷᠬᠠᠨ ᠬᠠᠭᠠᠯᠭᠠᠲᠤ ᠶᠡᠬᠡ ᠠᠭᠤᠳᠠᠮ ᠵᠣᠯᠣᠭᠠᠢ ᠬᠣᠲᠠ ᠂ ᠬᠢᠲᠠᠳ ᠢ᠋ᠶ᠋ᠠᠷ < ᠸᠠ ᠯᠦ᠍ ᠬᠠᠢ ᠴᠧᠩ > ᠬᠡᠮᠡᠬᠦ ᠪᠠᠯᠭᠠᠰᠤᠨ᠎ᠠ ᠂ ᠠᠯᠲᠠᠨ ᠤᠯᠤᠰ ᠤ᠋ᠨ ᠯᠢ ᠶᠦᠩ ᠹᠦ ᠬᠡᠮᠡᠭᠴᠢ ᠶ᠋ᠢ ᠶᠡᠬᠡ ᠶᠤᠸᠠᠨᠱᠤᠸᠠᠢ ᠡᠷᠭᠦᠮᠵᠢᠯᠡᠨ ᠨᠡᠢᠲᠡ ᠰᠢᠯᠭᠠᠭᠰᠠᠨ ᠴᠡᠷᠢᠭ ᠮᠣᠷᠳᠠᠨ ᠭᠠᠷᠴᠤ ᠢᠷᠡᠪᠡ ᠃ ᠵᠢᠷᠯᠤᠭ ᠬᠣᠲᠠ ᠬᠢᠭᠡᠳ ᠯᠢ ᠵᠢᠢ ᠯᠢ ᠬᠣᠷᠣᠭ᠎ᠠ ᠶ᠋ᠢᠨ ᠠᠪᠲᠠᠬᠤ ᠠᠨᠤ ᠥᠷᠯᠥᠭᠡ ᠮᠠᠨᠠᠭᠠᠷ ᠪᠣᠯᠪᠠ 》ᠬᠡᠮᠡᠮᠦᠢ᠃
ᠡᠭᠦᠨᠦ ᠬᠡᠷᠬᠢᠬᠦ ᠶ᠋ᠢ ᠲᠠᠯᠪᠢᠯ ᠦᠭᠡᠢ ᠳᠣᠣᠷᠠᠲᠤ ᠪᠦᠯᠦᠭ ᠲᠣᠷ ᠦᠵᠡᠮᠡᠭᠴᠡ ᠳᠠᠷᠤᠢ ᠣᠯᠵᠤ ᠮᠡᠳᠡᠮᠦᠢ᠃
ᠠᠯᠲᠠᠨ ᠤ᠋ ᠠᠰᠢᠭ ᠲᠤᠷ ᠦᠯᠦ ᠬᠣᠮᠣᠬᠠᠯᠵᠠᠬᠤ ᠪᠣᠭᠳᠠ ᠲᠥᠷᠥᠯᠬᠢᠲᠡᠨ ᠦ᠌ ᠭᠡᠭᠡᠬᠡᠨ
ᠠᠳᠤᠭᠤᠰᠤᠨ ᠤ᠋ ᠶᠠᠪᠤᠳᠠᠯ ᠢ᠋ᠶ᠋ᠠᠷ ᠥᠬᠢᠨ ᠢ᠋ᠶ᠋ᠡᠨ ᠪᠤᠯᠢᠶᠠᠬᠤ ᠪᠤᠳᠤᠩᠭᠤᠢ ᠠᠮᠢᠲᠠᠨ ᠤ᠋ ᠦᠢᠯᠡᠳᠦᠯ᠃
ᠠᠳᠠᠭ ᠳᠣᠣᠷᠠᠲᠤ ᠲᠣᠳᠣ ᠵᠤᠯᠪᠢᠨ ᠤ᠋ ᠠᠷᠭ᠎ᠠ ᠶᠠᠭᠤᠲᠠᠢ ᠴᠤ᠌ ᠲᠡᠢᠮᠦ ᠣᠯᠠᠨ ?
ᠠᠮᠪᠠᠬᠠᠢ ᠬᠠᠭᠠᠨ ᠠᠳᠠᠪᠠᠰᠢ ᠵᠠᠪᠰᠢᠶᠠᠨᠲᠠᠢ ᠠᠯᠢᠪᠠ ᠠᠢᠮᠠᠭ ᠤ᠋ᠳ ᠢ᠋ ᠠᠢᠮᠠᠳᠠᠭᠤᠯᠤᠮᠤᠢ᠃
ᠰᠤᠯᠠ ᠰᠢᠭᠦᠮᠵᠢᠯᠡᠯ
ᠰᠤᠳᠤᠷᠴᠢ ᠰᠠᠢᠳ ᠴᠤᠤ ᠢ ᠹᠦ ᠶ᠋ᠢᠨ ᠿᠦᠨ ᠲᠢᠩ᠂ ᠢᠨ ᠵᠠᠨ ᠨᠠ ᠰᠢ ᠮᠢᠨᠦ ᠲᠠᠪᠢᠨ ᠲᠠᠪᠤᠨ ᠨᠠᠰᠤᠯᠠᠲᠠᠯ᠎ᠠ ᠳᠣᠲᠣᠷ᠎ᠠ ᠪᠠᠨ ᠰᠡᠮᠡᠬᠡᠷ ᠡᠪᠦᠷᠯᠡᠭᠰᠡᠨ ᠨᠢᠭᠡᠨ ᠵᠦᠢᠯ ᠦ᠋ᠨ ᠭᠠᠢᠬᠠᠪᠠᠴᠤ ᠦᠯᠦ ᠣᠯᠬᠤ ᠤᠴᠢᠷ ᠠᠮᠤᠢ᠃ ᠬᠥᠮᠦᠨ ᠦ᠌ ᠵᠦᠭ ᠦᠭᠡ ᠬᠡᠯᠡᠨ ᠢ᠋ᠶ᠋ᠡᠷ ᠨᠡᠪᠲᠡᠷᠡᠭᠦᠯᠦᠨ ᠤᠬᠠᠮᠵᠢᠯᠠᠭᠤᠯᠵᠤ ᠪᠣᠯᠬᠤ ᠦᠭᠡᠢ᠂ ᠳᠣᠲᠣᠷ᠎ᠠ ᠪᠠᠨ ᠪᠤᠬᠢᠨᠢᠳᠤᠨ ᠪᠣᠳᠣᠵᠤ ᠪᠦᠲᠡᠩᠰᠡᠨ ᠪᠢᠲᠡᠭᠦᠷᠡᠭᠰᠡᠭᠡᠷ ᠮᠠᠰᠢ ᠤᠳᠠᠵᠤᠬᠤᠢ᠃ ᠡᠳᠦᠭᠡ ᠪᠢᠷ ᠪᠡᠬᠡᠰ ᠲᠣᠷ ᠠᠷᠭᠠᠴᠠᠰᠬᠢᠨ ᠭᠠᠷᠭᠠᠵᠤ᠂ ᠦᠰᠦᠭ ᠪᠢᠴᠢᠭ ᠢ᠋ᠶ᠋ᠡᠷ ᠢᠯᠡᠷᠬᠡᠢᠯᠡᠨ ᠲᠣᠭᠠᠴᠢᠪᠠᠴᠤ ᠪᠠᠰᠠ ᠬᠦ᠌ ᠪᠤᠰᠤᠳ ᠤ᠋ᠨ ᠰᠡᠳᠬᠢᠯ ᠳ᠋ᠦ᠍ᠷ ᠥᠴᠢᠮᠡᠭᠴᠡ ᠰᠡᠴᠡ ᠰᠡᠩᠬᠡᠷᠡᠨ ᠮᠠᠲᠠᠯ ᠲᠥᠷᠥᠭᠳᠡᠭᠦᠯᠦᠨ ᠴᠢᠳᠠᠬᠤ ᠦᠭᠡᠢ ᠳ᠋ᠡᠭᠡᠨ ᠮᠠᠰᠢᠳᠠ ᠴᠢᠬᠤᠯᠳᠠᠨ ᠪᠢᠲᠡᠭᠦᠷᠡᠮᠦᠢ᠃ ᠮᠤᠩᠬᠠᠭ ᠪᠢ ᠲᠥᠷᠥᠯᠬᠢ ᠪᠠᠴᠢᠮ ᠴᠦᠯᠢᠰ᠂ ᠲᠡᠪᠴᠢ ᠮᠣᠬᠣᠳᠠᠭ᠂ ᠣᠢ ᠣᠶᠤᠨ ᠠᠨᠤ ᠬᠡᠷᠪᠡ ᠬᠢᠯᠢᠩ ᠲᠡᠮᠡᠴᠡᠯ ᠦᠭᠡᠢ ᠰᠤᠯᠠ ᠲᠡᠭᠰᠢ ᠦᠶ᠎ᠡ ᠳ᠋ᠦ᠍ᠷ ᠪᠣᠯᠪᠠᠰᠤ ᠬᠡᠳᠦᠨ ᠬᠤᠪᠢ ᠶ᠋ᠢᠨ ᠬᠡᠷᠡᠭᠯᠡᠵᠦ ᠪᠣᠯᠬᠤᠢ ᠶ᠋ᠢᠨ ᠲᠡᠳᠦᠢ ᠰᠠᠢᠨ ᠭᠠᠵᠠᠷ ᠪᠣᠢ ᠪᠣᠯᠪᠠᠴᠤ᠂ ᠪᠢᠯᠢᠭ ᠬᠢᠭᠡᠳ ᠪᠠᠭᠲᠠᠭᠠᠮᠵᠢ ᠭᠡᠮᠡᠨ ᠪᠠᠬᠠᠨ ᠲᠡᠳᠦᠢ ᠴᠦ᠍ ᠦᠭᠡᠢ ᠶ᠋ᠢᠨ ᠲᠤᠯᠠ᠂ ᠪᠡᠶ᠎ᠡ ᠡᠴᠡᠭᠡᠨ ᠢᠯᠡᠭᠦᠦ ᠪᠢᠯᠢᠭ ᠪᠠᠭᠲᠠᠭᠠᠮᠵᠢᠲᠤ ᠬᠥᠮᠦᠨ ᠢ᠋ ᠦᠵᠡᠪᠡᠰᠦ᠂ ᠬᠡᠳᠦᠢ ᠨᠢᠭᠤᠷ ᠤ᠋ᠨ ᠡᠮᠦᠨ᠎ᠡ ᠢᠨᠤ ᠠᠮᠠᠨ ᠠ᠋ᠴᠠ ᠡᠰᠡ ᠭᠠᠷᠭᠠᠪᠠᠴᠤ ᠠᠯᠤᠰ ᠴᠠᠭᠠᠨ᠎ᠠ ᠪᠠᠨ ᠠᠰᠢᠳᠠ ᠰᠡᠮᠡᠬᠡᠷ ᠪᠣᠳᠣᠯᠬᠢᠯᠠᠨ ᠭᠠᠢᠬᠠᠨ ᠪᠢᠰᠢᠷᠡᠮᠦᠢ᠃ ᠨᠡᠩ ᠢᠯᠠᠩᠭᠤᠶ᠎ᠠ ᠣᠶᠤᠨ ᠬᠢᠭᠡᠳ ᠤᠬᠠᠮᠵᠢᠯᠠᠯ ᠪᠠ ᠬᠤᠷᠴᠠ ᠨᠡᠪᠲᠡᠷᠬᠡᠢ ᠢᠨᠤ᠂ ᠪᠡᠶ᠎ᠡ ᠡᠴᠡᠭᠡᠨ ᠢᠯᠡᠭᠦᠦ ᠬᠥᠮᠦᠨ ᠢ᠋ ᠤᠴᠠᠷᠠᠪᠠᠰᠤ ᠰᠠᠢᠬᠠᠨ ᠦᠨᠦᠷ ᠢ᠋ ᠣᠯᠵᠤ ᠦᠨᠦᠰᠦᠭᠰᠡᠨ ᠮᠡᠲᠦ᠂ ᠰᠠᠢᠨ ᠴᠡᠴᠡᠭ ᠢ᠋ ᠣᠯᠵᠤ ᠦᠵᠡᠭᠰᠡᠨ ᠠᠳᠠᠯᠢ ᠭᠱᠠᠨ ᠵᠠᠭᠤᠷ᠎ᠠ ᠪᠠᠶᠠᠰᠬᠤᠯᠠᠩ ᠰᠡᠳᠬᠢᠯ ᠬᠥᠪᠬᠡᠯᠵᠡᠨ ᠬᠥᠳᠡᠯᠵᠦ᠂ ᠡᠳ᠋ ᠠᠰᠢᠭ ᠣᠯᠤᠭᠰᠠᠨ ᠠ᠋ᠴᠠ ᠢᠯᠡᠭᠦᠦ ᠠᠷᠪᠠᠨ ᠬᠤᠪᠢ ᠬᠥᠭᠡᠷᠦᠨ ᠪᠠᠶᠠᠷᠯᠠᠵᠤ᠂ ᠭᠠᠷ ᠬᠥᠯ ᠴᠦ᠍ ᠰᠡᠳᠬᠢᠯ ᠦ᠋ᠨ ᠠᠶ᠎ᠠ ᠶ᠋ᠢ ᠳᠠᠭᠠᠵᠤ ᠮᠢᠳᠠᠭᠴᠠᠨ ᠬᠥᠳᠡᠯᠲᠡᠯ᠎ᠡ ᠰᠢᠨᠡᠷᠬᠡᠨ ᠪᠡᠶᠡᠰᠴᠦ᠂ ᠲᠡᠷᠡ ᠬᠥᠮᠦᠨ ᠢ᠋ ᠥᠪᠡᠷᠦᠨ ᠪᠡᠶ᠎ᠡ ᠶ᠋ᠢᠨ ᠡᠷᠬᠡᠲᠡᠨ ᠴᠣᠭᠴᠠ᠂ ᠶᠠᠰᠤ ᠮᠢᠬ᠎ᠠ ᠮᠡᠲᠦ ᠬᠦᠨᠳᠦ ᠦᠵᠡᠵᠦ᠂ ᠳᠡᠭᠦᠨᠦ ᠡᠷᠬᠢᠮ ᠪᠠ ᠳᠣᠣᠷᠠᠲᠤ ᠶ᠋ᠢ ᠣᠭᠲᠣ ᠦᠯᠦ ᠢᠯᠭᠠᠨ᠂ ᠬᠠᠵᠠᠭᠤ ᠶ᠋ᠢᠨ ᠬᠥᠮᠦᠰ ᠦ᠋ᠨ ᠰᠣᠨᠵᠢᠯ ᠪᠠ ᠬᠠᠷᠰᠢᠯ ᠢ᠋ ᠥᠴᠦᠬᠡᠨ ᠴᠦ᠍ ᠬᠠᠢᠬᠤᠷᠬᠤ ᠦᠭᠡᠢ ᠪᠣᠯᠲᠠᠯ᠎ᠠ ᠪᠠᠬᠠᠷᠬᠠᠨ ᠪᠠᠶᠠᠷᠯᠠᠮᠤᠢ᠃ ᠡᠨᠡ ᠢᠨᠤ ᠴᠦᠯᠢᠰ ᠮᠢᠨᠦ ᠲᠥᠷᠥᠯᠬᠢ ᠳᠠᠭᠠᠵᠤ ᠲᠥᠷᠥᠭᠰᠡᠨ ᠴᠢᠩ ᠦᠨᠡᠨ ᠬᠦ᠌ ᠵᠠᠩ ᠴᠢᠨᠠᠷ ᠮᠥᠨ ᠦ᠌ ᠲᠤᠯᠠᠳᠠ᠂ ᠬᠠᠷᠠᠬᠠᠨ ᠨᠢᠯᠬ᠎ᠠ ᠠ᠋ᠴᠠ ᠠᠯᠢᠪᠠ ᠰᠤᠷᠭᠠᠯ ᠰᠣᠶᠣᠯ ᠪᠦᠬᠦᠨ᠂ ᠠᠯᠢᠪᠠ ᠬᠥᠮᠦᠨ ᠲᠥᠷᠥᠯᠬᠢᠲᠡᠨ ᠪᠦᠬᠦᠨ᠂ ᠠᠯᠢᠪᠠ ᠥᠪᠡᠷᠦᠨ ᠪᠠᠬᠠᠷᠬᠠᠨ ᠳᠤᠷᠠᠰᠢᠶᠠᠬᠤ ᠪᠠ ᠵᠢᠪᠡᠭᠦᠷᠡᠨ ᠵᠢᠭᠰᠢᠬᠦ ᠶ᠋ᠢ ᠡᠷᠬᠡᠪᠰᠢ ᠪᠤᠰᠤᠳ ᠬᠥᠮᠦᠨ ᠢ᠋ ᠥᠪᠡᠷᠦᠨ ᠪᠡᠶ᠎ᠡ ᠳ᠋ᠦ᠍ᠷ ᠦᠯᠢᠳᠬᠡᠨ ᠠᠳᠠᠯᠢᠳᠬᠠᠨ ᠡᠷᠭᠢᠴᠡᠭᠦᠯᠦᠨ ᠦᠵᠡᠭᠳᠡᠬᠦᠢ ᠬᠡᠮᠡᠭᠰᠡᠨ ᠢ᠋ ᠣᠯᠠᠨᠲᠠ ᠦᠵᠡᠭᠰᠡᠨ ᠢ᠋ᠶ᠋ᠡᠷ ᠬᠥᠮᠦᠨ ᠪᠦᠬᠦᠨ ᠴᠥᠮ ᠪᠠᠰᠠ ᠰᠡᠴᠡᠨ ᠭᠡᠭᠡᠬᠡᠨ ᠨᠡᠪᠲᠡᠷᠬᠡᠢ ᠮᠡᠷᠭᠡᠳ ᠢ᠋ ᠦᠵᠡᠪᠡᠰᠦ᠂ ᠪᠠᠰᠠ ᠬᠦ᠌ ᠨᠠᠳᠤᠷ ᠠᠳᠠᠯᠢ ᠪᠠᠬᠠᠷᠬᠠᠨ ᠳᠤᠷᠠᠰᠢᠶᠠᠵᠤ᠂ ᠪᠡᠶᠡᠰᠦᠨ ᠳᠠᠭᠠᠯᠠᠮᠤᠢ ᠶᠠ ᠭᠡᠮᠡᠨ ᠰᠠᠨᠠᠬᠤᠶ᠎ᠠ᠂ ᠬᠣᠢᠨ᠎ᠠ ᠬᠣᠯᠠ ᠣᠢᠶ᠎ᠠ ᠳᠥᠷᠪᠡᠨ ᠵᠦᠭ ᠦ᠋ᠨ ᠮᠣᠩᠭᠣᠯ ᠢᠷᠭᠡᠨ ᠭᠠᠵᠠᠷ᠎ᠠ ᠡᠴᠢᠵᠦ ᠢᠷᠡᠬᠦᠶ᠎ᠡ᠂ ᠤᠯᠠᠩᠭᠢᠨ ᠤ᠋ ᠠᠭᠠᠰᠢ ᠵᠠᠩ ᠢ᠋ ᠤᠳᠠᠭᠠᠨ ᠡᠳᠦᠷ ᠰᠠᠨᠠᠭ᠎ᠠ ᠲᠠᠯᠪᠢᠨ ᠳᠠᠩᠰᠠᠨ ᠦᠵᠡᠬᠦᠯ᠎ᠡ ᠣᠭᠲᠣ ᠲᠡᠢᠮᠦ ᠦᠭᠡᠢ ᠪᠣᠯᠤᠭᠠᠳ᠂ ᠠᠷᠪᠠᠨ ᠬᠤᠪᠢ ᠠ᠋ᠴᠠ ᠨᠠᠢ᠍ᠮᠠᠨ ᠶᠢᠰᠦᠨ ᠬᠤᠪᠢ ᠠᠨᠤ ᠡᠷᠳᠡᠮᠳᠡᠨᠡ ᠥᠰᠢᠶᠡᠯᠡᠨ ᠴᠢᠳᠠᠯᠲᠠᠨᠠ ᠠᠲᠠᠭᠠᠷᠬᠠᠨ᠂ ᠰᠡᠴᠡᠨ ᠭᠡᠭᠡᠬᠡᠨ ᠢ᠋ ᠬᠠᠷᠠᠳᠠᠵᠤ᠂ ᠮᠡᠷᠭᠡᠨ ᠤᠬᠠᠮᠠᠬᠠᠢ ᠶ᠋ᠢ ᠵᠢᠪᠡᠭᠦᠷᠡᠬᠦ ᠢᠨᠦ ᠣᠯᠠᠨ ᠪᠣᠯᠤᠭᠰᠠᠨ ᠳ᠋ᠤᠷ ᠠᠪᠠᠢ ᠴᠦᠯᠢᠰ ᠮᠢᠨᠦ ᠳᠣᠲᠣᠷ᠎ᠠ ᠳᠠᠷᠤᠢ ᠡᠷᠭᠢᠭᠦᠳᠡᠨ ᠪᠠᠯᠠᠷᠠᠵᠤ ᠂ ᠪᠤᠬᠢᠨᠢᠳᠤᠯ ᠰᠡᠵᠢᠭᠯᠡᠯ ᠲᠥᠷᠥᠭᠳᠡᠭᠡᠳ᠂ ᠰᠡᠮᠡᠬᠡᠷ ᠰᠠᠭᠤᠵᠤ ᠳᠡᠭᠦᠨᠦ ᠰᠢᠯᠲᠠᠭᠠᠨ ᠪᠠᠷᠢᠯᠳᠤᠯᠭ᠎ᠠ ᠶ᠋ᠢ ᠠᠨᠤ ᠬᠣᠣᠰᠯᠠᠭᠤᠯᠤᠨ ᠤᠴᠢᠷ ᠶᠠᠪᠤᠳᠠᠯ ᠢ᠋ ᠠᠨᠤ ᠮᠥᠷᠭᠥᠯᠳᠦᠭᠦᠯᠵᠦ ᠬᠢᠨᠠᠨ ᠨᠠᠷᠢᠪᠴᠢᠯᠠᠨ ᠤᠬᠤᠴᠢᠯᠠᠨ ᠲᠢᠭᠴᠢᠯᠡᠨ ᠤᠬᠠᠵᠤ ᠪᠣᠳᠣᠬᠤᠯ᠎ᠠ᠂ ᠤᠭ ᠮᠥᠨ ᠴᠢᠨᠠᠷ ᠤ᠋ᠨ ᠣᠨᠣᠯ ᠰᠠᠨᠠᠯ ᠢ᠋ ᠠᠨᠤ ᠡᠭᠡᠨᠡᠭᠲᠡ ᠣᠯᠤᠨ ᠴᠢᠳᠠᠬᠤ ᠦᠭᠡᠢ ᠪᠣᠯᠵᠤᠬᠤᠢ᠃ ᠡᠭᠦᠨ ᠢ᠋ ᠲᠠᠢᠯᠤᠨ ᠡᠰᠡ ᠭᠠᠷᠭᠠᠪᠠᠰᠤ᠂ ᠦᠵᠡᠬᠦ ᠮᠡᠷᠭᠡᠳ ᠤᠬᠠᠭᠠᠨ ᠢ᠋ ᠦᠯᠦ ᠲᠥᠰᠥᠭᠯᠡᠮᠦᠢ ᠶᠠ᠃ ᠡᠳᠦᠷ ᠳᠠᠭᠤᠰᠤᠨ ᠰᠡᠭᠰᠡᠯᠵᠡᠨ ᠬᠥᠳᠡᠯᠬᠦ ᠢᠮᠠᠭᠠᠨ ᠤ᠋ ᠰᠡᠭᠦᠯ ᠢ᠋ ᠣᠭᠲᠣ ᠭᠠᠢᠬᠠᠬᠤ ᠦᠭᠡᠢ᠂ ᠤᠷᠲᠤᠳᠠ ᠤᠨᠵᠢᠭᠤᠯᠤᠨ ᠨᠠᠭᠠᠯᠳᠤᠬᠤ ᠬᠣᠨᠢᠨ ᠤ᠋ ᠰᠡᠭᠦᠯ ᠦ᠋ᠨ ᠬᠥᠳᠡᠯᠦᠭᠰᠡᠨ ᠢ᠋ ᠬᠣᠴᠢᠯᠠᠨ ᠰᠢᠭᠦᠮᠵᠢᠯᠡᠬᠦ ᠢᠨᠤ᠂ ᠢᠮᠠᠭᠠᠨ ᠤ᠋ ᠰᠡᠭᠦᠯ ᠦ᠋ᠨ ᠦᠯᠢᠳᠬᠡᠯ ᠬᠡᠮᠡᠭᠴᠢ᠂ ᠦᠯᠢᠭᠡᠷᠯᠡᠪᠡᠰᠦ ᠨᠢᠭᠡᠨ ᠡᠷ᠎ᠡ ᠳ᠋ᠦ᠍ᠷ ᠭᠠᠷᠤᠭᠰᠠᠨ ᠬᠣᠶᠠᠷ ᠡᠮ᠎ᠡ ᠶ᠋ᠢᠨ ᠲᠡᠮᠡᠴᠡᠯᠳᠦᠭᠡᠨ᠂ ᠨᠢᠭᠡᠨ ᠲᠥᠷᠥᠯ ᠦ᠋ᠨ ᠪᠠᠶᠠᠨ ᠶᠠᠳᠠᠭᠤ ᠬᠣᠶᠠᠷ ᠭᠡᠷᠦᠨ ᠲᠡᠮᠡᠴᠡᠯᠳᠦᠭᠡᠨ᠂ ᠨᠢᠭᠡᠨ ᠬᠤᠰᠢᠭᠤᠨ ᠤ᠋ ᠠᠯᠪᠠᠨ ᠤ᠋ ᠲᠦᠰᠢᠮᠡᠳ ᠰᠢᠭᠤᠪᠠᠩ ᠤ᠋ᠨ ᠲᠡᠮᠡᠴᠡᠯᠳᠦᠭᠡᠨ᠂ ᠨᠢᠭᠡᠨ ᠲᠥᠷᠥ ᠶ᠋ᠢᠨ ᠵᠠᠯᠢᠬᠠᠢ ᠪᠠ ᠴᠢᠬᠡᠴᠢ ᠶ᠋ᠢᠨ ᠲᠡᠮᠡᠴᠡᠯᠳᠦᠭᠡᠨ ᠁ ᠡᠳᠡᠭᠡᠷ ᠵᠡᠷᠭᠡ ᠶ᠋ᠢᠨ ᠣᠯᠠᠨ ᠵᠦᠢᠯ ᠦ᠋ᠨ ᠲᠡᠮᠡᠴᠡᠯᠳᠦᠭᠡᠨ ᠳ᠋ᠦ᠍ᠷ ᠴᠥᠮ ᠢ᠋ᠶ᠋ᠡᠷ ᠲᠡᠮᠡᠴᠡᠯᠳᠦᠬᠦᠢ ᠶ᠋ᠢᠨ ᠰᠢᠯᠲᠠᠭᠠᠨ ᠪᠠᠷᠢᠯᠳᠤᠯᠭ᠎ᠠ ᠨᠢᠳᠦᠨ ᠦ᠌ ᠡᠮᠦᠨ᠎ᠡ ᠮᠠᠰᠢᠳᠠ ᠢᠯᠡ ᠪᠠᠢᠬᠤ ᠦᠢᠯᠡ ᠲᠤᠯᠠ᠂ ᠡᠭᠦᠨ ᠢ᠋ ᠡᠭᠦᠷᠢᠳᠡ ᠪᠠᠢᠬᠤ ᠨᠢᠭᠡᠨᠲᠡ ᠲᠣᠭᠲᠠᠭᠰᠠᠨ ᠵᠦᠢ᠂ ᠨᠢᠭᠡᠨ ᠨᠠᠮ ᠤ᠋ᠨ ᠤᠷᠠᠴᠤᠳ ᠤ᠋ᠨ ᠠᠳᠬᠠᠭ᠂ ᠨᠢᠭᠡᠨ ᠨᠣᠮ ᠤ᠋ᠨ ᠭᠦᠷᠢᠮᠴᠢ ᠶ᠋ᠢᠨ ᠠᠳᠬᠠᠭ᠂ ᠨᠢᠭᠡᠨ ᠶᠢᠷᠲᠢᠨᠴᠦ ᠶ᠋ᠢᠨ ᠰᠤᠷᠭᠠᠯᠲᠠᠨ ᠤ᠋ ᠠᠳᠬᠠᠭ ᠁ ᠡᠳᠡᠭᠡᠷ ᠦ᠋ᠳ ᠬᠡᠮᠡᠭᠴᠢ ᠲᠡᠮᠡᠴᠡᠯ ᠦ᠋ᠨ ᠣᠷᠴᠢᠯᠠᠩ ᠯᠤᠭ᠎ᠠ ᠬᠠᠮᠲᠤ ᠪᠠᠷᠢᠯᠳᠤᠨ ᠪᠦᠲᠦᠭᠰᠡᠨ ᠨᠢᠭᠡᠨᠲᠡ ᠲᠣᠭᠲᠠᠭᠰᠠᠨ ᠡᠩ ᠦ᠋ᠨ ᠵᠠᠩ᠃ ᠡᠭᠦᠷᠢᠳᠡ ᠮᠢᠩᠭᠠᠨᠲᠠ ᠬᠥᠳᠡᠯᠪᠡᠴᠦ ᠬᠣᠴᠢ ᠦᠭᠡᠢ ᠢᠮᠠᠭᠠᠨ ᠤ᠋ ᠰᠡᠭᠦᠯ ᠦ᠋ᠨ ᠬᠡᠷᠡᠭ ᠲᠤᠯᠠ᠂ ᠥᠭᠦᠯᠡᠯ ᠰᠢᠭᠦᠮᠵᠢᠯᠡᠯ ᠦ᠋ᠨ ᠲᠣᠭᠠᠨ ᠳ᠋ᠤᠷ ᠣᠷᠣᠭᠤᠯᠤᠨ ᠲᠣᠭᠠᠴᠢᠬᠤ ᠠ᠋ᠴᠠ ᠭᠠᠷᠤᠭᠰᠠᠨ ᠡᠭᠡᠯ ᠥᠲᠡᠯ᠎ᠡ ᠬᠥᠮᠦᠨ ᠠᠮᠢᠲᠠᠨ ᠤ᠋ ᠲᠣᠭᠲᠠᠮᠠᠯ ᠠᠳᠬᠠᠭ᠂ ᠬᠠᠳᠠᠮᠠᠯ ᠵᠠᠩ᠂ ᠡᠭᠦᠨ ᠢ᠋ ᠬᠡᠯᠡᠯᠴᠡᠬᠦ ᠦᠭᠡᠢ ᠂ ᠬᠡᠷᠡᠭ ᠪᠣᠯᠭᠠᠨ ᠬᠡᠯᠡᠯᠴᠡᠨ ᠰᠢᠭᠦᠮᠵᠢᠯᠡᠬᠦ ᠢᠨᠦ ᠶᠡᠷᠦ ᠨᠢᠭᠡᠨᠲᠡ ᠡᠷᠲᠡᠢᠨ ᠰᠡᠭᠰᠡᠯᠵᠡᠬᠦ ᠬᠣᠨᠢᠨ ᠤ᠋ ᠰᠡᠭᠦᠯ ᠦ᠋ᠨ ᠡᠷᠲᠡᠢᠨ ᠪᠣᠰᠬᠤ ᠶ᠋ᠢ ᠬᠣᠴᠢᠯᠠᠨ ᠰᠢᠭᠦᠮᠵᠢᠯᠡᠬᠦ ᠢᠨᠦ ᠣᠷᠴᠢᠯᠠᠩ ᠤ᠋ᠨ ᠳᠡᠭᠡᠷ᠎ᠡ ᠣᠭᠲᠣ ᠲᠥᠷᠥᠯ ᠲᠥᠷᠥᠭᠰᠡᠨ ᠴᠦ᠍ ᠪᠤᠰᠤ᠂ ᠠᠢᠯ ᠠᠢᠮᠠᠭ ᠴᠤ᠌ ᠪᠤᠰᠤ ᠂ ᠠᠯᠪᠠᠨ ᠲᠦᠰᠢᠮᠡᠳ ᠴᠦ᠍ ᠪᠤᠰᠤ᠂ ᠠᠯᠤᠰ ᠰᠤᠷᠭᠠᠯᠲᠠᠨ ᠴᠤ᠌ ᠪᠤᠰᠤ᠂ ᠠᠮᠢᠳᠤᠷᠠᠯ ᠣᠨᠳᠣᠷᠣᠯ ᠤ᠋ᠨ ᠵᠠᠮ ᠮᠥᠷ ᠴᠦ᠍ ᠥᠪᠡᠷ᠎ᠡ ᠥᠪᠡᠷ᠎ᠡ᠂ ᠠᠰᠢᠭ ᠬᠦᠰᠡᠯ ᠦ᠋ᠨ ᠡᠷᠢᠯᠲᠡ ᠣᠨᠣᠯᠲᠠ ᠴᠤ᠌ ᠠᠰ ᠠᠰ ᠲᠠᠭᠠᠨ᠂ ᠠᠰᠢᠳᠠ ᠶ᠋ᠢᠨ ᠣᠷᠣᠰᠢᠬᠤ ᠡᠭᠦᠳᠡ ᠬᠠᠭᠠᠯᠭ᠎ᠠ ᠴᠤ᠌ ᠣᠨ ᠣᠨᠳᠣᠣ᠂ ᠠᠯᠤᠰ ᠭᠠᠵᠠᠷ ᠥᠪᠡᠷ᠎ᠡ ᠴᠢᠭᠤᠯᠭᠠᠨ ᠶᠠᠪᠤᠬᠤ ᠶᠠᠪᠤᠳᠠᠯ᠂ ᠬᠥᠭᠡᠭᠡᠬᠦ ᠦᠢᠯᠡᠰ ᠴᠦ᠍ ᠦᠰᠦᠳ ᠬᠣᠯᠠ ᠬᠠᠷᠢᠶ᠎ᠠ ᠦᠭᠡᠢ ᠪᠣᠢ ᠶ᠋ᠢᠨ ᠦᠨᠳᠦᠰᠦ᠂ ᠬᠣᠭᠣᠰᠣᠨ ᠤ᠋ ᠬᠠᠭᠠᠯᠭ᠎ᠠ ᠮᠡᠲᠦ ᠡᠲᠡᠭᠡᠳ ᠥᠪᠡᠷ᠎ᠡ᠂ ᠡᠢᠮᠦ ᠠᠷᠠᠳ ᠪᠥᠭᠡᠲᠡᠯ᠎ᠡ᠂ ᠨᠢᠭᠤᠷ ᠤᠴᠠᠷᠠᠨ ᠦᠭᠡ ᠬᠡᠯᠡᠯᠴᠡᠭᠰᠡᠨ ᠦ᠌ ᠲᠡᠳᠦᠢᠬᠡᠨ ᠢ᠋ᠶ᠋ᠡᠷ ᠳᠡᠭᠦᠨᠦ ᠮᠡᠳᠡᠷᠡᠯ ᠤᠬᠠᠮᠵᠢᠯᠠᠯ ᠠᠨᠤ ᠲᠡᠭᠦᠨ ᠯᠦ᠍ᠭᠡ ᠲᠡᠩᠴᠡᠮᠡᠷ ᠪᠣᠯᠪᠠᠰᠤ ᠳᠠᠷᠤᠢ ᠵᠢᠪᠡᠭᠦᠷᠡᠨ ᠵᠢᠭᠰᠢᠬᠦ ᠨᠢᠭᠤᠴᠠ ᠠᠳᠬᠠᠭ ᠰᠡᠳᠬᠢᠯ ᠲᠥᠷᠥᠭᠡᠳ᠂ ᠨᠢᠭᠤᠷ ᠤ᠋ᠨ ᠳᠡᠭᠡᠷ᠎ᠡ ᠢᠨᠢᠶᠡᠨ ᠨᠡᠢᠯᠡᠭᠦᠯᠦᠨ ᠥᠴᠢᠬᠦ ᠪᠥᠭᠡᠲᠡᠯ᠎ᠡ᠂ ᠨᠢᠭᠤᠴᠠ ᠵᠢᠷᠦᠬᠡᠨ ᠳ᠋ᠡᠭᠡᠨ ᠲᠡᠷᠡ ᠬᠥᠮᠦᠨ ᠢ᠋ ᠥᠰᠢᠶᠡᠯᠡᠨ ᠬᠠᠷᠠᠳᠠᠬᠤ ᠰᠡᠳᠬᠢᠯ ᠢ᠋ ᠪᠠᠷᠢᠭᠴᠢᠳ ᠢ᠋ ᠴᠦᠯᠢᠰ ᠪᠢ ᠬᠠᠵᠠᠭᠤᠳᠠ ᠠ᠋ᠴᠠ ᠬᠠᠷᠠᠭᠰᠠᠭᠠᠷ᠂ ᠲᠡᠷᠡ ᠬᠥᠮᠦᠨ ᠢᠨᠦ ᠡᠴᠢᠮᠡᠭᠴᠡ᠂ ᠡᠨᠡ ᠬᠠᠷᠠᠳᠠᠨ ᠠᠳᠬᠠᠭᠯᠠᠭᠴᠢ ᠬᠥᠮᠦᠨ ᠦ᠌ ᠠᠮᠠᠨ ᠠ᠋ᠴᠠ ᠠᠨᠤ ᠬᠠᠷᠠᠩᠭᠤᠢ ᠪᠤᠷᠲᠠᠭ ᠤ᠋ᠨ ᠦᠯᠦ ᠲᠣᠭᠣᠮᠵᠢᠯᠠᠬᠤ ᠪᠠ ᠬᠠᠷᠠᠳᠠᠨ ᠠᠲᠠᠭᠠᠷᠬᠠᠬᠤ ᠠᠮᠠᠨ ᠤ᠋ ᠠᠶᠠᠰ ᠠᠨᠤ ᠰᠠᠭᠤᠳᠠᠯ ᠤ᠋ᠨ ᠳᠡᠭᠡᠷ᠎ᠡ ᠴᠤᠪᠤᠷᠠᠨ ᠭᠠᠷᠴᠤ ᠢᠷᠡᠬᠦ ᠶ᠋ᠢ ᠮᠠᠰᠢ ᠣᠯᠠᠨ ᠠ᠋ᠴᠠ ᠣᠯᠠᠨᠲᠠ ᠦᠵᠡᠭᠰᠡᠭᠡᠷ ᠰᠠᠶᠢ ᠡᠢᠮᠦ ᠨᠢᠭᠡᠨ ᠵᠦᠢᠯ ᠦ᠋ᠨ ᠬᠢᠯᠢᠨᠴᠡᠲᠦ ᠬᠣᠷᠣᠬᠠᠢ ᠮᠡᠲᠦ ᠬᠥᠮᠦᠨ ᠬᠡᠲᠦᠷᠬᠡᠢ ᠣᠯᠠᠨᠲᠠ ᠪᠠᠢᠬᠤ ᠶ᠋ᠢ ᠯᠠᠪ ᠴᠠᠪ ᠣᠯᠵᠤ ᠮᠡᠳᠡᠭᠡᠳ᠂ ᠥᠪᠡᠷᠦᠨ ᠵᠠᠩ ᠯᠤᠭ᠎ᠠ ᠪᠠᠨ ᠲᠠᠭᠠᠴᠠᠭᠤᠯᠤᠨ ᠦᠵᠡᠭᠦᠯᠦᠨ᠂ ᠠᠶ᠎ᠠ ᠦᠨᠡᠬᠡᠷ ᠲᠡᠭᠷᠢ ᠭᠠᠵᠠᠷ ᠠᠯᠤᠰᠯᠠᠨ ᠭᠠᠯᠪᠠ ᠳᠡᠯᠡᠬᠡᠢ ᠥᠭᠡᠷᠡᠲᠦᠵᠦᠬᠦᠢ᠃ ᠠᠪᠠᠢ ᠡᠳᠡᠭᠡᠷ ᠵᠡᠷᠭᠡ ᠶ᠋ᠢᠨ ᠠᠳᠬᠠᠭ ᠬᠠᠷᠠᠩᠭᠤᠢ ᠶ᠋ᠢᠨ ᠠᠭᠤᠷ ᠠᠮᠢᠰᠬᠤᠯ ᠤ᠋ᠨ ᠳᠣᠲᠣᠷ᠎ᠠ ᠠ᠋ᠴᠠ ᠵᠠᠩᠭᠢᠳᠴᠤ ᠪᠦᠲᠦᠭᠰᠡᠨ ᠬᠥᠮᠦᠨ ᠬᠡᠮᠡᠭᠴᠢᠳ᠂ ᠡᠭᠡᠨᠡᠭᠲᠡ ᠡᠩ ᠡᠴᠡᠭᠡᠨ ᠡᠲᠡᠭᠡᠳᠬᠡᠨ᠂ ᠣᠯᠠᠨ ᠠ᠋ᠴᠠᠭᠠᠨ ᠣᠴᠣᠭᠣᠢᠬᠠᠨ ᠭᠡᠮᠡᠨ ᠶᠠᠪᠤᠬᠤ ᠠᠷᠠᠳ ᠤ᠋ᠨ ᠳᠣᠲᠣᠷ᠎ᠠ ᠠ᠋ᠴᠠ ᠭᠠᠷᠬᠤ ᠪᠣᠢ ᠢ᠎ᠡ᠂ ᠡᠭᠡᠯ ᠥᠲᠡᠯ᠎ᠡ ᠠᠷᠠᠳ ᠤ᠋ᠨ ᠳᠣᠲᠣᠷᠠᠬᠢ ᠶᠡᠷᠦ ᠶ᠋ᠢᠨ ᠠᠲᠠᠭ᠎ᠠ᠂ ᠲᠡᠮᠡᠴᠡᠯᠲᠦ ᠠᠮᠢᠲᠠᠳ ᠢ᠋ ᠡᠭᠦᠨᠦ ᠳᠣᠲᠣᠷ᠎ᠠ ᠣᠷᠣᠭᠤᠯᠵᠤ ᠲᠡᠩᠴᠡᠬᠦ ᠢᠨᠦ ᠪᠤᠰᠤ ᠲᠤᠯᠠ᠂ ᠡᠢᠮᠦ ᠡᠲᠡᠭᠡᠳ ᠨᠢᠭᠤᠴᠠ ᠠᠳᠬᠠᠭ ᠬᠠᠷᠠᠳᠠᠨ ᠢ᠋ ᠠᠨᠤ ᠰᠠᠶᠢ ᠬᠣᠨᠢᠨ ᠤ᠋ ᠰᠡᠭᠦᠯ ᠦ᠋ᠨ ᠬᠣᠴᠢ ᠪᠣᠯᠭᠠᠨ ᠬᠡᠯᠡᠯᠴᠡᠨ ᠰᠢᠭᠦᠮᠵᠢᠯᠡᠬᠦ ᠪᠣᠯᠠᠢ᠃ ᠲᠡᠢᠨ ᠬᠦ᠌ ᠡᠢᠮᠦ ᠵᠡᠷᠭᠡ ᠶ᠋ᠢᠨ ᠬᠠᠷᠠᠲᠠᠢ ᠡᠷᠳᠡᠮᠲᠡᠨ ᠦ᠌ ᠡᠬᠢ ᠡᠴᠦᠰ ᠯᠠᠪ ᠬᠡᠷᠡᠭ ᠪᠦᠷᠢ ᠳ᠋ᠦ᠍ᠷ ᠣᠨᠴᠣᠭᠣᠢ ᠣᠨᠣᠴᠢᠲᠠᠢ ᠳᠥᠭᠥᠮ ᠬᠤᠷᠴᠠ ᠪᠣᠢ ᠊ᠢ᠎ᠠ ᠭᠡᠮᠡᠨ ᠡᠢᠮᠦ ᠬᠡᠳᠦ ᠬᠡᠳᠦᠨ ᠬᠥᠮᠦᠨ ᠢ᠋ ᠤᠳᠠᠭᠠᠨ ᠰᠡᠳᠬᠢᠯ ᠲᠠᠯᠪᠢᠨ ᠰᠢᠨᠵᠢᠭᠰᠡᠭᠡᠷ ᠶᠡᠬᠡ ᠬᠤᠷᠴᠠ ᠳᠥᠭᠥᠮ᠂ ᠲᠠᠰᠤᠷᠬᠠᠢ ᠳᠡᠢᠯᠦᠭᠰᠡᠨ ᠢ᠋ ᠢᠨᠦ ᠬᠠᠷᠢᠨ ᠣᠯᠵᠤ ᠠᠭᠤᠯᠵᠠᠨ ᠦᠵᠡᠵᠦ ᠴᠢᠳᠠᠭᠰᠠᠨ ᠦᠭᠡᠢ᠃ ᠬᠠᠷᠢᠨᠴᠤ ᠡᠢᠮᠦ ᠠᠪᠤᠴᠠᠲᠤ ᠴᠢᠳᠠᠯᠲᠠᠨ᠂ ᠲᠡᠭᠦᠨ ᠡᠴᠡ ᠠᠯᠤᠰ ᠬᠡᠲᠦᠢᠳᠦᠭᠰᠡᠨ ᠱᠠᠰᠢᠨ ᠤ᠋ ᠬᠠᠭᠠᠯᠭ᠎ᠠ ᠶ᠋ᠢᠨ ᠳᠣᠲᠣᠷᠠᠬᠢ ᠳᠣᠯᠣᠭᠠᠨ ᠬᠡᠯᠡᠨ ᠦ᠌ ᠪᠢᠴᠢᠭ ᠦᠰᠦᠭ ᠲᠣᠷ ᠨᠡᠪᠲᠡᠷᠡᠭᠰᠡᠨ᠂ ᠨᠡᠢᠰᠯᠡᠯ ᠦ᠋ᠨ ᠪᠠᠢ ᠲᠠ ᠰᠧ ᠬᠡᠢᠳ ᠦ᠋ᠨ ᠯᠢᠦ ᠳᠡ ᠪᠯᠡᠮᠡ ᠶ᠋ᠢ ᠲᠡᠢᠨ ᠬᠦ᠌ ᠠᠳᠬᠠᠭᠯᠠᠨ ᠦᠵᠡᠵᠦ ᠰᠡᠷᠡᠭᠳᠡᠭᠡᠳ᠂ ᠲᠡᠷᠡ ᠬᠥᠮᠦᠨ ᠨᠢᠭᠡᠨᠲᠡ ᠢᠨᠢᠶᠡᠭᠰᠡᠨ ᠳ᠋ᠦ᠍ᠷ᠂ ᠡᠢᠮᠦ ᠵᠠᠩᠳᠠᠨ ᠤ᠋ ᠡᠳ᠋ ᠰᠠᠷᠨᠢᠨ᠂ ᠬᠡᠷᠡᠭ ᠡᠪᠳᠡᠷᠡᠵᠦ᠂ ᠶᠠᠪᠤᠳᠠᠯ ᠪᠤᠷᠤᠭᠤᠲᠠᠨ᠂ ᠵᠠᠷᠢᠮ ᠨᠠᠰᠤᠨ ᠠ᠋ᠴᠠ ᠡᠷᠲᠡ ᠨᠥᠭᠴᠢᠭᠰᠡᠨ ᠴᠦ᠍ ᠮᠥᠨ ᠭᠠᠷᠴᠤᠬᠤᠢ᠃ ᠠᠶ᠎ᠠ᠂ ᠡᠭᠦᠪᠡᠷ ᠦᠵᠡᠬᠦᠯ᠎ᠡ ᠡᠲᠡᠭᠡᠳ ᠦᠵᠡᠯᠲᠡᠨ ᠡᠭᠡᠨᠡᠭᠲᠡ ᠡᠶᠡᠪᠡᠷᠭᠦ ᠭᠡᠭᠡᠬᠡᠨ ᠳ᠋ᠦ᠍ᠷ ᠦᠯᠦ ᠬᠦᠷᠬᠦ ᠶ᠋ᠢ ᠮᠡᠳᠡᠪᠡᠴᠦ᠂ ᠡᠲᠡᠭᠡᠳᠳᠡᠨ ᠦ᠌ ᠦᠵᠡᠯ ᠰᠠᠨᠠᠯ ᠢ᠋ ᠠᠨᠤ ᠡᠰᠡ ᠮᠡᠳᠡᠪᠡᠢ᠃ ᠡᠷᠬᠡᠪᠰᠢ ᠯᠠᠪ ᠨᠢᠭᠡᠨ ᠵᠦᠢᠯ ᠦ᠋ᠨ ᠡᠷᠬᠢᠯᠡᠨ ᠪᠠᠷᠢᠮᠲᠠᠯᠠᠭᠰᠠᠨ ᠣᠨᠣᠯ ᠰᠠᠨᠠᠯ ᠪᠣᠢ ᠪᠣᠯᠠᠢ᠂ ᠨᠠᠷᠢᠪᠴᠢᠯᠠᠨ ᠠᠰᠠᠭᠤᠶ᠎ᠠ ᠪᠡᠷᠬᠡᠲᠡᠢ᠃
