ᠡᠭᠦᠷᠢᠳᠡ ᠤᠷᠪᠠᠳᠠᠭ ᠦᠭᠡᠢ ᠬᠠᠨᠢ – ᠶᠣᠨᠳᠣᠨ ᠤ ᠪᠢᠯᠢᠭ᠌ - ᠪᠠᠭᠠᠲᠤᠷ Үүрд уравдаггүй хань –Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠭᠦᠷᠢᠳᠡ ᠤᠷᠪᠠᠳᠠᠭ ᠦᠭᠡᠢ ᠬᠠᠨᠢ – ᠶᠣᠨᠳᠣᠨ ᠤ ᠪᠢᠯᠢᠭ᠌ - ᠪᠠᠭᠠᠲᠤᠷ Үүрд уравдаггүй хань –Ёндоны Билиг - Баатар

ᠡᠭᠦᠷᠢᠳᠡ ᠤᠷᠪᠠᠳᠠᠭ ᠦᠭᠡᠢ ᠬᠠᠨᠢ – ᠶᠣᠨᠳᠣᠨ ᠤ ᠪᠢᠯᠢᠭ᠌ - ᠪᠠᠭᠠᠲᠤᠷ Үүрд уравдаггүй хань –Ёндоны Билиг - Баатар

2024-06-29

460

ᠡᠭᠦᠷᠢᠳᠡ ᠤᠷᠪᠠᠳᠠᠭ ᠦᠭᠡᠢ ᠬᠠᠨᠢ 


 ᠮᠣᠩᠭᠣᠯ ᠬᠥᠮᠦᠨ ᠦ᠌ ᠤᠷᠪᠠᠳᠠᠭ ᠦᠭᠡᠢ ᠬᠠᠨᠢ 
 ᠮᠣᠷᠢ ᠨᠣᠬᠠᠢ ᠬᠣᠶᠠᠷ ᠢ᠋ᠶ᠋ᠠᠨ ᠯᠤᠲᠤ ᠬᠠᠢᠷᠠᠯᠠ 
 ᠮᠥᠩᠬᠡ ᠰᠣᠶᠣᠯ ᠲᠠᠢ ᠪᠠᠨ ᠦᠯᠡᠳᠡᠬᠦ ᠳ᠋ᠦ᠍ 
 ᠮᠣᠷᠢ ᠪᠠᠨ ᠤᠨᠤᠵᠤ ᠨᠣᠬᠠᠢ ᠪᠠᠨ ᠳᠠᠭᠠᠭᠤᠯ᠎ 
 ᠭᠠᠬᠠᠢ ᠭᠠᠢᠬᠠᠯ ᠤ᠋ᠳ ᠲᠠᠢ ᠵᠠᠮ ᠨᠡᠢᠯᠡᠬᠦ ᠪᠡᠷ 
 ᠭᠠᠢᠬᠠᠮᠰᠢᠭ᠌ᠲᠤ ᠮᠣᠷᠢ ᠨᠣᠬᠠᠢ ᠲᠠᠢ ᠪᠠᠨ ᠶᠠᠪᠤ 
 ᠬᠣᠯᠠ ᠠᠶᠠᠨ ᠳ᠋ᠤ᠌ ᠴᠢᠨᠢ ᠬᠠᠨᠢ ᠲᠦᠰᠢᠭ ᠰᠢᠦ 
 ᠬᠠᠮᠤᠭ ᠤ᠋ᠨ ᠰᠢᠳᠤᠷᠭᠤ ᠴᠠᠮᠬᠠᠭ ᠴᠢᠨᠢ ᠰᠢᠦ! 
 ᠡᠳᠦᠷ ᠴᠢᠮ᠎ᠠ ᠪᠠᠷ ᠬᠥᠲᠥᠯᠦᠭᠦᠯᠳᠡᠭ ᠴᠤ᠌
 ᠰᠥᠨᠢ ᠴᠢᠮ᠎ᠠ ᠶ᠋ᠢ ᠬᠦᠲᠦᠯᠦᠳᠡᠭ ᠶᠦᠮ ᠰᠢᠦ 
 ᠶᠠᠮᠠᠷ ᠴᠤ᠌ ᠪᠠᠢᠭᠰᠠᠨ ᠴᠢᠮ᠎ᠠ ᠶ᠋ᠢ ᠪᠡᠨ 
 ᠶᠠᠭ ᠭᠡᠷ ᠦ᠋ᠨ ᠴᠢᠨᠢ ᠡᠭᠦᠳᠡᠨ ᠳ᠋ᠦ᠍ ᠬᠦᠷᠭᠡᠨ᠎ᠡ  

       2024᠂ 3᠂ 24᠃  ᠰᠥᠨᠢ᠃

            ᠬᠥᠬᠡᠬᠣᠲᠠᠨ᠎ᠠ ᠪᠦᠲᠦᠭᠡᠪᠡᠢ᠃