ᠬᠥᠮᠦᠨ ᠭᠡᠳᠡᠭ ᠬᠥᠮᠦᠨ ᠤᠤ – ᠶᠣᠨᠳᠣᠨ ᠤ ᠪᠢᠯᠢᠭ᠌ - ᠪᠠᠭᠠᠲᠤᠷ Хүн гэдэг хүн уу –Ёндоны Билиг - Баатар
ᠬᠥᠮᠦᠨ ᠭᠡᠳᠡᠭ ᠬᠥᠮᠦᠨ ᠤᠤ
ᠵᠢᠩᠬᠢᠨᠢ ᠤᠳᠬ᠎ᠠ ᠶ᠋ᠢᠨ ᠬᠥᠮᠦᠨ
ᠥᠪᠡᠷ ᠢ᠋ᠶ᠋ᠡᠨ ᠥᠪᠡᠷ ᠢ᠋ ᠯᠡ
ᠱᠤᠭᠤᠮᠯᠠᠨ ᠪᠦᠲᠦᠭᠡᠳᠡᠭ ᠠ᠋
ᠵᠢᠪᠡᠷᠡᠭᠰᠡᠨ ᠬᠥᠮᠦᠰ ᠯᠡ ᠬᠠᠷᠢᠨ
ᠥᠪᠡᠷ ᠢ᠋ ᠪᠡᠨ ᠨᠡᠢᠬᠡᠮ ᠢᠶᠡᠷ ᠯᠠ
ᠳᠣᠷᠣᠮᠵᠢᠯᠠᠭᠤᠯᠤᠨ ᠪᠦᠲᠦᠭᠡᠳᠡᠭ ᠠ᠋
ᠪᠠᠭᠠᠲᠤᠷ ᠡᠷ᠎ᠡ ᠥᠪᠡᠷ ᠢ᠋ ᠪᠡᠨ
ᠥᠪᠡᠷ ᠢ᠋ᠶ᠋ᠡᠨ ᠯᠡ ᠪᠠᠭᠠᠲᠤᠷ ᠪᠣᠯᠭᠠᠭᠰᠠᠨ
ᠪᠡᠷᠲᠡᠭᠴᠢᠳ ᠬᠡᠵᠢᠶᠡᠳᠡ ᠥᠪᠡᠷ ᠢ᠋ᠶ᠋ᠡᠨ ᠯᠡ
ᠥᠪᠡᠷ ᠢ᠋ ᠪᠡᠨ ᠪᠡᠷᠲᠡᠭᠴᠢᠨ ᠪᠣᠯᠭᠠᠭᠰᠠᠨ
ᠥᠪᠡᠷ ᠢ᠋ᠶ᠋ᠡᠨ ᠵᠥᠪᠬᠡᠨ ᠥᠪᠡᠷ ᠢ᠋ ᠪᠡᠨ
ᠡᠭᠦᠳᠦᠨ ᠪᠦᠲᠦᠭᠡᠬᠦ ᠡᠴᠡ ᠯᠡ
ᠥᠭᠡᠷ᠎ᠡ ᠰᠠᠢᠨ ᠭᠠᠷᠴᠠ ᠭᠡᠵᠦ
ᠥᠷᠯᠥᠭ ᠬᠥᠮᠦᠨ ᠳ᠋ᠦ᠍ ᠪᠠᠢᠳᠠᠭ ᠦᠭᠡᠢ
ᠶᠡᠬᠡᠩᠬᠢ ᠶ᠋ᠢᠨ ᠬᠥᠮᠦᠰ
ᠶᠡᠷᠡᠨ ᠬᠤᠪᠢ ᠶ᠋ᠢᠨ ᠬᠥᠮᠦᠰ
ᠶᠠᠩᠵᠤ ᠶ᠋ᠢᠨ ᠰᠠᠪᠠᠨ ᠳ᠋ᠤ᠌ ᠬᠢᠭᠰᠡᠨ ᠤᠰᠤᠨ
ᠥᠩᠭᠡ ᠦᠨᠦᠷ ᠬᠡᠯᠪᠡᠷᠢ ᠦᠭᠡᠢ ᠤᠰᠤᠨ
ᠶᠠᠭ ᠯᠠ ᠰᠠᠪᠠᠨ ᠤ᠋ ᠪᠠᠨ ᠬᠡᠯᠪᠡᠷᠢ ᠪᠡᠷ ᠨᠢ
ᠬᠡᠪ ᠦ᠋ᠨ ᠬᠤᠷᠤᠳ ᠰᠢᠭ᠋ ᠬᠡᠯᠪᠡᠷᠢᠵᠢᠨᠡ
ᠬᠡᠪ ᠰᠠᠪᠠᠨ ᠠ᠋ᠴᠠ ᠪᠠᠨ
ᠬᠡᠵᠢᠶ᠎ᠡ ᠴᠤ᠌ ᠬᠠᠯᠢᠨ ᠳᠠᠪᠠᠭᠠᠳ
ᠬᠠᠯᠭᠢᠯᠠᠨ ᠴᠠᠯᠭᠢᠯᠠᠵᠤ ᠴᠢᠳᠠᠰᠢ ᠦᠭᠡᠢ
ᠬᠠᠮᠤᠭ ᠤ᠋ᠨ ᠭᠣᠨᠢᠭᠯᠠᠩ ᠲᠪᠢᠯᠠᠩ ᠲᠠᠢ
ᠨᠡᠢᠭᠡᠮ ᠭᠡᠳᠡᠭ ᠳᠦᠭᠦᠷᠡᠩ ᠪᠣᠳᠣᠭ ᠲᠠᠢ
ᠰᠢᠷᠡᠮᠦᠨ ᠸᠠᠭᠠᠷᠤᠨ ᠪᠦᠳᠦᠭᠦᠨ ᠭᠠᠩ
ᠰᠢᠨᠳᠠᠰᠤ ᠦᠭᠡᠢ ᠬᠥᠮᠦᠨ ᠪᠦᠬᠦᠨ ᠢ᠋
ᠰᠢᠨᠤᠯ ᠤ᠋ᠨ ᠬᠢᠨᠢ ᠳᠠᠭᠠᠤ ᠳᠡᠪᠲᠦᠭᠡᠳᠡᠭ ᠠ᠋
ᠡᠢᠮᠦᠷᠬᠦ ᠡᠯᠳᠡᠪ ᠬᠡᠯᠪᠡᠷᠢ ᠪᠠᠭ ᠲᠠᠢ
ᠠᠯᠠᠭ ᠡᠷᠢᠶᠡᠨ᠂ ᠰᠣᠨᠢᠨ ᠦᠨᠦᠷᠯᠢᠭ ᠬᠥᠮᠦᠰ
ᠤᠰᠤᠨ ᠭᠠᠩ ᠠ᠋ᠴᠠ ᠪᠠᠨ
ᠦᠰᠦᠷᠦᠨ ᠭᠠᠷᠬᠤ ᠶ᠋ᠢ ᠶᠠᠳᠠᠵᠤ ᠬᠥᠭᠡᠷᠦᠬᠦᠢ
ᠵᠡᠭᠦᠳᠦᠯᠡᠵᠦ ᠴᠤ᠌ ᠦᠵᠡᠭᠡ ᠦᠭᠡᠢ ᠠ᠋
2024᠂ 3᠂ 25᠃ ᠦᠦᠷ ᠢᠶᠡᠷ
ᠬᠥᠬᠡᠬᠣᠲᠠᠨ᠎ᠠ ᠪᠦᠲᠦᠭᠡᠪᠡᠢ᠃
