ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠨᠢᠭᠡᠳᠦᠭᠡᠷ ᠪᠦᠯᠦᠭ᠂ᠠᠩᠬᠠᠨ ᠤ ᠠᠶᠠᠯᠠᠯ (ᠵᠢᠷᠭᠤᠭ᠎ᠠ) Сэрүүхэн тал нутаг – <свис> Вальтер Босгард ( Walter Bosshard)- Нэгдүгээр бүлэг・Анхны аялал (6) ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠨᠢᠭᠡᠳᠦᠭᠡᠷ ᠪᠦᠯᠦᠭ᠂ᠠᠩᠬᠠᠨ ᠤ ᠠᠶᠠᠯᠠᠯ (ᠵᠢᠷᠭᠤᠭ᠎ᠠ) Сэрүүхэн тал нутаг – <свис> Вальтер Босгард ( Walter Bosshard)- Нэгдүгээр бүлэг・Анхны аялал (6)

ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠨᠢᠭᠡᠳᠦᠭᠡᠷ ᠪᠦᠯᠦᠭ᠂ᠠᠩᠬᠠᠨ ᠤ ᠠᠶᠠᠯᠠᠯ (ᠵᠢᠷᠭᠤᠭ᠎ᠠ) Сэрүүхэн тал нутаг – <свис> Вальтер Босгард ( Walter Bosshard)- Нэгдүгээр бүлэг・Анхны аялал (6)

ᠠᠩᠭᠢᠯᠠᠯ:ᠲᠤᠭᠤᠵᠢ ᠷᠣᠮᠠᠨ
2024-06-29

521

ᠵᠢᠷᠭᠤᠭ᠎ᠠ ᠂ ᠰᠥᠨᠢᠳ ᠸᠠᠩ ᠤ᠋ᠨ ᠣᠷᠳᠣᠨ ᠳ᠋ᠤ᠌


       ᠱᠠᠰᠢᠨ ᠰᠤᠷᠲᠠᠯᠴᠢᠯᠠᠭᠴᠢ ᠵᠤᠳ᠋ᠶᠯ ᠡᠸᠷᠢᠺᠰᠣᠨ ᠪᠣᠯ ᠮᠣᠩᠭᠣᠯᠴᠤᠳ ᠤ᠋ᠨ ᠡᠮᠴᠢ ᠶᠦ᠍ᠮ᠃ ᠬᠣᠷᠢᠨ ᠲᠠᠪᠤᠨ ᠵᠢᠯ ᠦ᠋ᠨ ᠲᠤᠷᠰᠢ ᠡᠪᠡᠳᠴᠢᠨ ᠵᠣᠪᠠᠭᠤᠷᠢ ᠳ᠋ᠠᠭᠠᠨ ᠲᠤᠢᠯᠳᠠᠭᠰᠠᠳ ᠲᠡᠭᠦᠨ ᠳᠡᠭᠡᠷ᠎ᠡ ᠡᠮᠨᠡᠭᠦᠯᠬᠦ ᠪᠡᠷ ᠢᠷᠡᠳᠡᠭ ᠠᠵᠢ᠃ ᠲᠡᠷᠡ ᠠᠯᠢ ᠪᠣᠯᠬᠤ ᠪᠠᠷ ᠲᠡᠳᠡᠨ ᠢ᠋ ᠬᠠᠷᠠᠭᠠᠯᠵᠠᠨ ᠲᠤᠰᠠᠯᠠᠬᠤ ᠶ᠋ᠢᠨ ᠳᠠᠭᠠᠤ ᠬᠠᠭᠤᠴᠢᠨ ᠰᠦᠵᠢᠭ ᠪᠠ ᠮᠤᠩᠬᠠᠭ ᠪᠢᠰᠢᠷᠡᠯ ᠡᠴᠡ ᠨᠢ ᠵᠠᠢᠯᠠᠭᠤᠯᠬᠤ ᠪᠠᠷ ᠣᠷᠣᠯᠳᠣᠳᠠᠭ ᠪᠠᠢᠪᠠ᠃ ᠲᠡᠷᠡ ᠲᠠᠯ᠎ᠠ ᠨᠤᠲᠤᠭ ᠲᠤ᠌ ᠡᠮᠴᠢᠯᠡᠬᠦ ᠪᠣᠯᠤᠨ ᠲᠤᠰᠠᠯᠠᠬᠤ ᠪᠠᠷ ᠢ᠋ᠶ᠋ᠠᠨ ᠠᠯᠳᠠᠷᠰᠢᠭᠠᠳ᠂ ᠨᠤᠲᠤᠭ ᠤ᠋ᠨ ᠡᠮᠴᠢ ᠵᠠᠰᠠᠵᠤ ᠦᠯᠦ ᠳᠡᠢᠯᠬᠦ ᠡᠪᠡᠳᠴᠢᠨ ᠲᠡᠢ ᠡᠭᠡᠯ ᠠᠷᠠᠳ ᠤ᠋ᠳ ᠲᠡᠳᠡᠨ ᠦ᠌ ᠬᠢ ᠤᠷᠤᠭᠤ ᠴᠤᠪᠤᠷᠠᠳᠠᠭ ᠮᠥᠷᠲᠡᠭᠡᠨ ᠪᠠᠶᠠᠳ ᠨᠣᠶᠠᠳ ᠴᠤ᠌ ᠲᠡᠭᠦᠨ ᠢ᠋ ᠵᠠᠯᠠᠨ ᠠᠪᠠᠴᠢᠳᠠᠭ ᠠᠵᠢ᠃ ᠡᠸᠷᠢᠺᠰᠤᠨ ᠪᠣᠯ ᠯᠠᠷᠰᠤᠨ ᠤ᠋ ᠪᠢᠳᠡᠨ ᠳ᠋ᠦ᠍ ᠲᠠᠨᠢᠯᠴᠠᠭᠤᠯᠬᠤ ᠭᠡᠵᠦ ᠪᠠᠢᠭ᠎ᠠ ᠰᠥᠨᠢᠳ ᠸᠠᠩ — ᠲᠡᠮᠴᠦᠭ᠌ᠲᠣᠩᠷᠣᠪ ᠨᠣᠶᠠᠨ ᠤ᠋ ᠭᠡᠷ ᠦ᠋ᠨ ᠡᠮᠴᠢ᠃ ᠸᠠᠩ ᠤ᠋ᠨ ᠨᠢᠭᠡ ᠬᠡᠦᠬᠡᠨ ᠨᠢ ᠡᠪᠡᠳᠴᠢᠯᠡᠭᠰᠡᠨ ᠡᠴᠡ ᠱᠠᠰᠢᠨ ᠰᠤᠷᠲᠠᠯᠴᠢᠯᠠᠭᠴᠢ ᠪᠢᠳᠡᠨ ᠦ᠌ ᠲᠡᠷᠭᠡ ᠪᠡᠷ ᠳᠡᠮᠴᠦᠭ᠌ᠲᠣᠭ᠌ᠷᠣᠪ ᠨᠣᠶᠠᠨ ᠪ‍ ᠲᠦ᠍ ᠴᠣᠭ ᠬᠦᠷᠬᠦ ᠪᠣᠯᠵᠠᠢ᠃ ᠲᠠᠯ᠎ᠠ ᠥᠩᠭᠡ ᠪᠡᠷ ᠢ᠋ᠶ᠋ᠡᠨ ᠰᠠᠢᠨ ᠱᠠᠰᠢᠨ ᠰᠤᠷᠲᠠᠯᠴᠢᠯᠠᠭᠴᠢ ᠲᠠᠢ ᠴᠣᠭ ᠲᠡᠳᠡᠨ ᠦ᠌ ᠳ᠋ᠦ᠍ ᠬᠦᠷᠬᠦ ᠨᠢ ᠯᠠᠪᠲᠠᠢ ᠰᠠᠢᠬᠠᠨ ᠤᠭᠲᠤᠯᠭ᠎ᠠ ᠶ᠋ᠢ ᠣᠯᠬᠤ ᠪᠠᠢᠬ᠎ᠠ᠃ 


       ᠳᠡᠮᠴᠦᠭᠳᠣᠩᠷᠣᠪ ᠨᠣᠶᠠᠨ ᠤ᠋ ᠣᠷᠳᠣᠨ ᠴᠠᠭᠠᠨ ᠬᠦᠷᠢᠶᠡᠨ ᠰᠦᠮ᠎ᠡ ᠡᠴᠡ ᠵᠠᠭᠤᠨ ᠳᠥᠴᠢᠨ ᠭᠠᠵᠠᠷ ᠣᠷᠴᠢᠮ ᠵᠠᠢ ᠲᠠᠢ ᠪᠠᠭᠠᠬᠠᠨ ᠳᠥᠭᠥᠮ ᠭᠠᠵᠠᠷ ᠲᠤ᠌ ᠪᠠᠢᠷᠢᠯᠠᠵᠠᠢ ( ᠵᠢᠷᠤᠭ 23 ) ᠃ ᠣᠷᠳᠣᠨ ᠢ᠋ ᠨᠢ ᠬᠢᠲᠠᠳ ᠪᠠᠷᠢᠯᠭᠠᠴᠢᠳ ᠪᠡᠭᠡᠵᠢᠩ ᠦ᠋ᠨ ᠬᠠᠭᠠᠨ ᠤ᠋ ᠣᠷᠳᠣᠨ ᠢ᠋ ᠳᠠᠭᠤᠷᠢᠶᠠᠯᠭᠠᠵᠤ ᠪᠠᠷᠢᠵᠠᠢ᠃ ᠴᠠᠭᠠᠨ ᠬᠡᠷᠡᠮ᠂ ᠢᠰᠡᠭᠡᠢ ᠭᠡᠷ᠂ ᠰᠦᠮ᠎ᠡ ᠬᠡᠯᠪᠡᠷᠢᠲᠦ ᠣᠷᠣᠢ ᠨᠢ ᠣᠷᠳᠣᠨ ᠤ᠋ ᠬᠠᠵᠠᠭᠤ ᠳ᠋ᠠᠬᠢ ᠪᠠᠭ᠎ᠠ ᠨᠠᠭᠤᠷ ᠤ᠋ᠨ ᠣᠰᠤᠨ᠎ᠠ ᠲᠣᠩᠭᠣᠷᠠᠨ ᠦᠵᠡᠭᠳᠡᠵᠦ᠂ ᠣᠷᠳᠣᠨ ᠠ᠋ᠴᠠ ᠪᠠᠷᠠᠭᠤᠨᠰᠢ ᠪᠢᠴᠢᠬᠠᠨ ᠬᠥᠲᠥᠯ ᠳᠡᠭᠡᠷ᠎ᠡ ᠮᠠᠨᠢ ᠶ᠋ᠢᠨ ᠳᠠᠯᠪᠠᠭ᠎ᠠ ᠲᠠᠢ ᠣᠪᠣᠭ᠎ᠠ ᠬᠠᠷᠠᠭᠳᠠᠬᠤ ᠪᠥᠯᠥᠭᠡ᠃ ᠣᠢᠷ᠎ᠠ ᠣᠷᠴᠢᠮ ᠳ᠋ᠤ᠌ ᠵᠡᠭᠡᠷᠳᠡ᠂ ᠪᠤᠭᠤᠷᠤᠯ᠂ ᠬᠠᠷ᠎ᠠ ᠣᠯᠠᠨ ᠵᠢᠰᠦᠮ ᠦ᠋ᠨ ᠠᠳᠤᠭᠤᠳ ᠪᠡᠯᠴᠢᠨ ᠢᠳᠡᠰᠢᠯᠡᠵᠦ᠂ ᠪᠠᠭᠠᠨ᠎ᠠ ᠳᠡᠭᠡᠷ᠎ᠡ ᠴᠦ᠍ ᠨᠡᠯᠢᠶᠡᠳ ᠮᠣᠷᠢᠳ ᠤᠶᠠᠭᠠᠲᠠᠢ ᠪᠠᠢᠪᠠ᠃ ᠡᠳᠡᠭᠡᠷ ᠤᠶᠠᠭᠠᠲᠠᠢ ᠮᠣᠷᠢᠳ ᠨᠢ ᠮᠣᠩᠭᠣᠯ ᠸᠠᠩ ᠤ᠋ᠨ ᠵᠠᠷᠯᠢᠭ ᠢ ᠨᠠᠭᠠᠰᠢ ᠴᠠᠭᠠᠰᠢ ᠳᠠᠮᠵᠢᠭᠤᠯᠬᠤ ᠪᠤᠶᠤ ᠠᠳᠠ ᠴᠢᠮᠡᠭᠡ ᠵᠠᠬᠢᠶ᠎ᠠ ᠤᠯᠠᠮᠵᠢᠯᠠᠬᠤ ᠪᠠᠷ ᠢᠷᠡᠭᠰᠡᠳ ᠦ᠋ᠨ ᠮᠣᠷᠢᠳ ᠠᠵᠢ᠃ ᠪᠢᠳᠡᠨ ᠢ᠋ ᠡᠨᠡ ᠬᠦ᠌ ᠲᠠᠯ᠎ᠠ ᠨᠤᠲᠤᠭ ᠤ᠋ᠨ ᠸᠠᠩ ᠤ᠋ᠨ ᠣᠷᠳᠣᠨ ᠤ᠋ ᠡᠮᠦᠨ᠎ᠡ ( ᠵᠢᠷᠤᠭ 25 ) ᠬᠦᠷᠬᠦ ᠳ᠋ᠦ᠍ ᠪᠣᠢᠳᠠ ( ᠵᠢᠷᠤᠭ 20 ) ᠲᠣᠰᠴᠤ ᠠᠪᠤᠭᠠᠳ᠂ ᠣᠯᠠᠨ ᠬᠦᠷᠢᠶ᠎ᠡ ᠶ᠋ᠢ ᠳᠠᠮᠵᠢᠨ ᠳᠠᠭᠠᠭᠤᠯᠤᠨ ᠶᠠᠪᠤᠭᠰᠠᠭᠠᠷ ᠳᠦᠭᠦᠷᠲᠡᠯ᠎ᠡ ᠬᠥᠮᠦᠨ ᠰᠠᠭᠤᠭᠰᠠᠨ ᠭᠡᠷ ᠲᠦ᠍ ᠣᠷᠣᠭᠤᠯᠪᠠ ᠃ ᠡᠨᠡ ᠨᠢ ᠲᠡᠮᠴᠦᠭᠳᠣᠩᠷᠣᠪ ᠨᠣᠶᠠᠨ ᠤ᠋ ᠬᠦᠯᠢᠶᠡᠨ ᠠᠭᠤᠯᠵᠠᠬᠤ ᠭᠡᠷ ᠠᠵᠢ᠃ ᠲᠡᠷᠡ ᠪᠡᠷ ᠥᠨᠳᠥᠷᠳᠡᠭᠡᠭᠰᠡᠨ ᠰᠠᠭᠤᠳᠠᠯ ᠳᠡᠭᠡᠷ᠎ᠡ ᠰᠠᠭᠠᠲᠠᠵᠤ ᠂ ᠴᠢᠮᠡᠭᠡ ᠬᠦᠷᠭᠡᠭᠴᠢ ᠪᠣᠯᠤᠨ ᠪᠢᠴᠢᠭᠡᠴᠢ ᠨᠠᠷ ᠤ᠋ᠨ ᠶᠠᠷᠢᠬᠤ ᠶ᠋ᠢ ᠳᠤᠷ᠎ᠠ ᠮᠠᠭᠤᠲᠠᠢᠬᠠᠨ ᠰᠣᠨᠣᠰᠴᠤ ᠪᠠᠢᠪᠠ᠃ ᠡᠭᠦᠨ ᠳ᠋ᠦ᠍ ᠨᠢᠭᠡ ᠨᠢ ᠬᠢᠲᠠᠳ ᠤ᠋ᠨ ᠵᠠᠰᠠᠭ ᠯᠤᠭ᠎ᠠ ᠶ᠋ᠢᠨ ᠬᠡᠯᠡᠯᠴᠡᠭᠡ ᠶ᠋ᠢ ᠮᠡᠳᠡᠭᠦᠯᠵᠦ ᠂ ᠨᠥᠭᠦᠭᠡ ᠨᠢ ᠶᠠᠫᠣᠨ ᠤ᠋ ᠣᠹᠢᠽᠧᠷ ᠯᠤᠭ᠎ᠠ ᠶ᠋ᠢᠨ ᠶᠠᠷᠢᠯᠴᠠᠭ᠎ᠠ ᠪᠠᠨ ᠮᠡᠳᠡᠭᠦᠯᠵᠦ ᠪᠠᠢᠪᠠ᠃ ᠮᠥᠨ ᠲᠡᠨᠳᠡ ᠣᠢᠷ᠎ᠠ ᠵᠡᠷᠭᠡᠯᠡᠳᠡᠭᠡ ᠬᠣᠰᠢᠭᠤᠳ ᠤ᠋ᠨ ᠡᠯᠴᠢᠳ ( ᠵᠢᠷᠤᠭ 21 ᠪᠠ 22 ) ᠪᠠᠢᠵᠤ᠂ ᠬᠠᠶᠠ ᠬᠠᠶᠠ ᠵᠡᠷᠭᠡ ᠳ᠋ᠡᠭᠡᠨ ᠦᠭᠡ ᠶᠠᠷᠢᠵᠤ ᠪᠠᠢᠪᠠ᠃ 
      

      
       ᠸᠠᠩ ᠤ᠋ᠨ ᠬᠥᠳᠡᠯᠭᠡᠭᠡᠨ ᠪᠦᠷᠢ ᠨᠢ ᠤᠳᠠᠭᠠᠨ ᠪᠢᠳᠠᠭᠤᠯᠢᠭ ᠪᠠᠢᠵᠤ᠂ ᠴᠠᠢ ᠶ᠋ᠢᠨ ᠠᠶᠠᠭ᠎ᠠ ᠪᠠᠨ ᠳᠡᠭᠡᠭᠰᠢ ᠪᠡᠨ ᠡᠷᠭᠦᠵᠦ ᠠᠮᠠᠨ ᠳ᠋ᠠᠭᠠᠨ ᠲᠤᠯᠭᠠᠭᠠᠳ᠂ ᠵᠤᠵᠠᠭᠠᠨ ᠳᠣᠣᠷᠠᠲᠤ ᠤᠷᠤᠭᠤᠯ ᠢ᠋ᠶ᠋ᠠᠨ ᠬᠥᠳᠡᠯᠭᠡᠬᠦ ᠮᠡᠲᠦ ᠶ᠋ᠢᠨ ᠬᠥᠳᠡᠯᠦᠯ ᠪᠠᠷᠢᠯ ᠠ᠋ᠴᠠ ᠨᠢ ᠬᠠᠷᠠᠪᠠᠯ ᠶᠠᠭ ᠯᠠ ᠥᠨᠳᠥᠷ ᠨᠠᠰᠤᠲᠠᠨ ᠴᠢᠬᠤᠯᠠ ᠶᠡᠬᠡ ᠪᠠᠶᠠᠷ ᠨᠠᠢᠷ ᠳᠡᠭᠡᠷ᠎ᠡ ᠪᠠᠢᠭ᠎ᠠ ᠰᠢᠭ᠋ ᠯᠡ ᠪᠠᠢᠪᠠ᠃ ᠲᠣᠷᠭᠠᠨ ᠵᠠᠭᠠᠮ᠎ᠠ ᠶ᠋ᠢ ᠨᠢ ᠳᠦᠭᠦᠷᠭᠡᠭᠰᠡᠨ ᠳᠠᠪᠬᠤᠷ ᠡᠷᠡᠦ ᠶ᠋ᠢ ᠨᠢ ᠦᠳᠡ ᠶ᠋ᠢᠨ ᠬᠣᠢᠨ᠎ᠠ ᠶ᠋ᠢᠨ ᠨᠠᠷᠠᠨ ᠤ᠋ ᠭᠡᠭᠡ ᠲᠣᠳᠣᠬᠠᠨ ᠳᠣᠪᠣᠢᠯᠭᠠᠵᠠᠢ᠃ ᠬᠥᠮᠦᠨ ᠦ᠌ ᠠᠩᠬᠠᠷᠤᠯ ᠢ᠋ ᠬᠠᠮᠤᠭ ᠠ᠋ᠴᠠ ᠲᠠᠲᠠᠬᠤ ᠨᠢ ᠬᠠᠰᠢ ᠯᠠ ᠲᠡᠭᠦᠨ ᠦ᠌ ᠪᠣᠷᠣ ᠬᠦᠷᠡᠩ ᠥᠩᠭᠡ ᠲᠡᠢ ᠬᠤᠷᠴᠠ ᠬᠣᠶᠠᠷ ᠨᠢᠳᠦ ᠨᠢ ᠪᠠᠢᠵᠤ᠂ ᠶᠠᠭᠤᠮ᠎ᠠ ᠪᠦᠬᠦᠨ ᠢ᠋ ᠨᠡᠪᠲᠡᠷᠡᠲᠡᠯ᠎ᠡ ᠲᠣᠳᠣᠷᠬᠠᠢ ᠬᠠᠷᠠᠵᠤ ᠳᠡᠢᠯᠬᠦ ᠮᠡᠲᠦ ᠠᠵᠢ᠃ ᠨᠢᠷᠤᠭᠤ ᠪᠠᠨ ᠳᠠᠭᠠᠭᠤᠯᠤᠨ ᠨᠢᠭᠲᠠ ᠬᠦᠷᠦᠭᠰᠡᠨ ᠤᠷᠲᠤ ᠭᠡᠵᠢᠭᠡ ᠪᠡᠨ ᠤᠨᠵᠢᠢᠯᠭᠠᠵᠤ᠂ ᠬᠠᠷ᠎ᠠ ᠥᠩᠭᠡᠲᠡᠢ ᠣᠷᠣᠢᠪᠴᠢ ᠲᠣᠯᠣᠭᠠᠢ ᠳᠡᠭᠡᠷ᠎ᠡ ᠪᠡᠨ ᠲᠠᠯᠪᠢᠵᠠᠢ᠃   

             ᠵᠢᠷᠤᠭ 19   ᠰᠥᠨᠢᠳ ᠸᠠᠩ ᠮᠡᠳᠡᠭᠡ ᠬᠦᠷᠭᠡᠭᠴᠢ ᠲᠣᠮᠢᠯᠠᠵᠤ ᠪᠠᠢᠭ᠎ᠠ ᠨᠢ

       ᠸᠠᠩ᠂ ᠲᠦᠰᠢᠮᠡᠳ ᠢ᠋ᠶ᠋ᠡᠨ ᠶᠠᠪᠤᠭᠤᠯᠤᠭᠰᠠᠨ ( ᠵᠢᠷᠤᠭ 19 )  ᠤ ᠳᠠᠷᠠᠭ᠎ᠠ ᠪᠢᠳᠡᠨ ᠲᠡᠢ ᠮᠡᠨᠳᠦᠴᠢᠯᠡᠪᠡ᠃ ᠪᠢᠳᠡᠨ ᠦ᠌ ᠣᠷᠴᠢᠭᠤᠯᠤᠭᠴᠢ ᠶ᠋ᠢ ᠮᠡᠨᠳᠦᠴᠢᠯᠡᠯ ᠦ᠋ᠨ ᠶᠠᠷᠢᠶ᠎ᠠ ᠪᠠᠨ ᠶᠠᠷᠢᠵᠤ ᠪᠠᠢᠬᠤ ᠳ᠋ᠤ᠌ ᠲᠡᠷᠡ ᠲᠣᠯᠣᠭᠠᠢ ᠪᠠᠨ ᠬᠠᠶᠠ ᠬᠠᠶᠠ ᠳᠣᠬᠢᠭᠰᠠᠭᠠᠷ ᠪᠠᠢᠪᠠ᠃ ᠤᠳᠠᠯ ᠦᠭᠡᠢ ᠢᠷᠡᠭᠡᠳᠦᠢ ᠶ᠋ᠢᠨ ᠤᠯᠤᠰ ᠲᠥᠷᠥ ᠶ᠋ᠢᠨ ᠪᠠᠢᠳᠠᠯ ᠤ᠋ᠨ ᠲᠤᠬᠠᠢ ᠶᠠᠷᠢᠯᠴᠠᠵᠤ ᠡᠬᠢᠯᠡᠬᠦ ᠳ᠋ᠦ᠍ ᠸᠠᠩ ᠤ᠋ᠨ ᠴᠣᠭ ᠵᠣᠯᠢ ᠨᠢ ᠰᠡᠷᠭᠦᠵᠦ᠂ ᠥᠪᠡᠷ ᠦ᠋ᠨ ᠦᠵᠡᠯᠲᠡ ᠪᠡᠨ ᠶᠠᠷᠢᠵᠤ ᠡᠬᠢᠯᠡᠯ᠎ᠡ᠃ 
       — ᠬᠡᠳᠦᠨ ᠡᠳᠦᠷ ᠦ᠋ᠨ ᠡᠮᠦᠨᠡᠬᠡᠨ ᠰᠢᠯᠢ ᠶ᠋ᠢᠨ ᠭᠣᠣᠯ ᠤ᠋ᠨ ᠴᠢᠭᠤᠯᠭᠠᠨ ᠤ᠋ ᠵᠡᠭᠦᠨ ᠬᠡᠰᠡᠭ ᠦ᠋ᠨ ᠸᠠᠩ ᠬᠦᠩ ᠦ᠋ᠳ ᠮᠠᠨᠵᠤ ᠤᠯᠤᠰ ᠤ᠋ᠨ ᠬᠢᠵᠠᠭᠠᠷ ᠲᠤ᠌ ᠪᠠᠢᠭ᠎ᠠ ᠦᠵᠦᠮᠦᠴᠢᠨ ᠨᠤᠲᠤᠭ ᠲᠤ᠌ ᠠᠭᠤᠯᠵᠠᠯᠳᠤᠭᠰᠠᠨ ᠶᠤᠮ᠃ ᠲᠡᠨᠳᠡ ᠪᠢᠳᠡ ᠮᠣᠩᠭᠣᠯ ᠤ᠋ᠨ ᠢᠷᠡᠭᠡᠳᠦᠢ ᠶ᠋ᠢᠨ ᠤᠯᠤᠰ ᠲᠥᠷᠥ ᠶ᠋ᠢᠨ ᠪᠠᠢᠳᠠᠯ ᠤ᠋ᠨ ᠲᠤᠬᠠᠢ ᠣᠯᠠᠨ ᠶᠠᠩᠵᠤ ᠶ᠋ᠢᠨ ᠬᠥᠭᠵᠢᠯᠲᠡ ᠵᠢᠴᠢ ᠶᠠᠫᠣᠨᠴᠤᠳ ᠪᠢᠳᠡᠨ ᠢ᠋ ᠰᠢᠨ᠎ᠡ ᠪᠠᠢᠭᠤᠯᠤᠭᠰᠠᠨ ᠮᠠᠨᠵᠤ ᠤᠯᠤᠰ ᠲᠠᠭᠠᠨ ᠣᠷᠣᠭᠤᠯᠬᠤ ᠭᠡᠰᠡᠨ ᠤᠷᠢᠯᠭ᠎ᠠ ᠶ᠋ᠢᠨ ᠪᠢᠴᠢᠭ ᠦ᠋ᠨ ᠲᠤᠬᠠᠢ ᠶᠠᠷᠢᠯᠴᠠᠭᠰᠠᠨ ᠶᠤᠮ᠃ ᠶᠠᠫᠣᠨᠴᠤᠳ ᠪᠢᠳᠡᠨ ᠦ᠌ ᠥᠷᠨᠢᠭᠦᠯᠵᠦ ᠪᠠᠢᠭ᠎ᠠ ᠮᠣᠩᠭᠣᠯ ᠤ᠋ᠨ ᠲᠤᠰᠠᠭᠠᠷ ᠲᠣᠭᠲᠠᠨᠢᠯ ᠤ᠋ᠨ ᠬᠥᠳᠡᠯᠭᠡᠭᠡᠨ ᠢ᠋ ᠤᠳᠬ᠎ᠠ ᠠᠭᠤᠯᠭ᠎ᠠ ᠦᠭᠡᠢ ᠭᠡᠵᠦ ᠬᠡᠯᠡᠭᠰᠡᠨ ᠶᠦᠮ᠃ ᠭᠡᠬᠦ ᠳ᠋ᠦ᠍ ᠪᠢᠳᠡ ᠬᠠᠷᠢᠨ ᠬᠢᠲᠠᠳ ᠠ᠋ᠴᠠ ᠲᠤᠰᠠᠭᠠᠷᠯᠠᠬᠤ ᠡᠨᠡ ᠴᠢᠬᠤᠯᠠ ᠠᠰᠠᠭᠤᠳᠠᠯ ᠢ᠋ ᠰᠢᠢᠳᠪᠦᠷᠢᠯᠡᠬᠦ ᠴᠠᠭ ᠨᠢ ᠬᠦᠷᠴᠦ ᠢᠷᠡᠭᠡ ᠦᠭᠡᠢ ᠭᠡᠮᠡᠨ ᠦᠵᠡᠵᠦ ᠪᠠᠢᠨ᠎ᠠ ᠭᠡᠰᠡᠨ ᠢ᠋ᠶ᠋ᠡᠨ ᠲᠡᠮᠴᠦᠭᠳᠦᠩᠷᠣᠪ ᠨᠣᠶᠠᠨ ᠪᠢᠳᠡᠨ ᠦ᠌ ᠣᠷᠴᠢᠭᠤᠯᠤᠭᠴᠢ ᠶ᠋ᠢᠨ ᠣᠷᠴᠢᠭᠤᠯᠵᠤ ᠪᠠᠷᠠᠬᠤ ᠶ᠋ᠢ ᠬᠦᠯᠢᠶᠡᠵᠦ ᠪᠠᠷᠠᠭᠰᠠᠨ ᠤ᠋ ᠳᠠᠷᠠᠭ᠎ᠠ ᠶᠠᠷᠢᠶ᠎ᠠ ᠪᠠᠨ ᠵᠠᠯᠭᠠᠵᠤ: 
       — ᠮᠣᠩᠭᠣᠯ ᠤ᠋ᠨ ᠲᠤᠰᠠᠭᠠᠷ ᠲᠣᠭᠲᠠᠨᠢᠯ ᠤ᠋ᠨ ᠬᠥᠳᠡᠯᠭᠡᠭᠡᠨ ᠨᠢᠭᠡᠨᠲᠡ ᠪᠦᠬᠦ ᠮᠣᠩᠭᠣᠯ ᠤ᠋ᠨ ᠬᠡᠪᠴᠢᠶᠡᠨ ᠳ᠋ᠦ᠍ ᠥᠷᠨᠢᠩᠭᠦᠢ ᠬᠥᠭᠵᠢᠨ ᠳᠡᠯᠭᠡᠷᠡᠭᠰᠡᠨ ᠶᠦᠮ᠃ ᠭᠡᠪᠡᠴᠦ ᠵᠡᠪᠰᠡᠭ ᠦ᠋ᠨ ᠬᠦᠴᠦᠨ ᠯᠡ ᠮᠣᠩᠭᠣᠯ ᠤ᠋ᠨ ᠠᠷᠠᠳ ᠲᠦᠮᠡᠨ ᠢ᠋ ᠮᠡᠬᠦᠢᠯᠭᠡᠵᠦ ᠪᠠᠢᠨ᠎ᠠ᠂ ᠡᠨᠡ ᠪᠣᠯ ᠪᠢᠳᠡᠨ ᠦ᠌ ᠪᠠᠭᠤᠷᠠᠢ ᠲᠠᠯ᠎ᠠ᠃ ᠪᠢᠳᠡ ᠵᠠᠷ ᠵᠡᠪᠰᠡᠭ ᠮᠠᠭᠤᠲᠠᠢ ᠮᠥᠷᠲᠡᠭᠡᠨ ᠰᠢᠨ᠎ᠡ ᠵᠡᠪᠰᠡᠭ᠂ ᠰᠢᠨ᠎ᠡ ᠲᠡᠢᠨ ᠦ᠌ ᠲᠤᠬᠠᠢ ᠣᠢᠯᠠᠭᠠᠯᠲᠠ ᠳᠤᠲᠠᠮᠠᠭ ᠪᠠᠢᠭᠰᠠᠭᠠᠷ ᠃ ᠬᠢᠲᠠᠳ ᠤᠯᠤᠰ ᠰᠡᠭᠦᠯᠴᠢ ᠶ᠋ᠢᠨ ᠵᠠᠭᠤᠨ ᠵᠢᠯ ᠳ᠋ᠦ᠍ ᠪᠢᠳᠡᠨ ᠳ᠋ᠦ᠍ ᠶᠣᠰᠣᠲᠠᠢ ᠬᠣᠢᠲᠤ ᠡᠬᠡ ᠰᠢᠭ ᠬᠠᠨᠳᠤᠭᠰᠠᠨ ᠶᠤᠮ᠃ ᠭᠡᠬᠦ ᠳ᠋ᠦ᠍ ᠬᠡᠷᠪᠡ ᠬᠢᠲᠠᠳ ᠤ᠋ᠨ ᠵᠠᠰᠠᠭ ᠪᠢᠳᠡᠨ ᠦ᠌ ᠵᠣᠷᠢᠯᠲᠠ — ᠣᠨᠴᠠᠭᠠᠢᠯᠠᠨ ᠬᠢᠲᠠᠳ ᠤ᠋ᠨ ᠨᠡᠭᠦᠳᠡᠯᠯᠡᠨ ᠢᠷᠡᠬᠦ ᠶ᠋ᠢ ᠬᠣᠷᠢᠭᠯᠠᠨ ᠵᠣᠭᠰᠣᠭᠠᠵᠤ᠂ ᠮᠣᠩᠭᠣᠯ ᠸᠠᠩ ᠬᠦᠩ ᠨᠠᠷ ᠤ᠋ᠨ ᠪᠠᠢᠭᠤᠯᠤᠭᠰᠠᠨ ᠵᠠᠰᠠᠭ ᠤ᠋ᠨ ᠪᠠᠢᠭᠤᠯᠤᠮᠵᠢ ᠶ᠋ᠢ ᠮᠡᠳᠡᠷᠡᠬᠦ ᠵᠢᠴᠢ ᠣᠳᠣ ᠪᠣᠯᠲᠠᠯ᠎ᠠ ᠳᠠᠷᠤᠩᠭᠤᠢᠯᠠᠨ ᠵᠠᠬᠢᠷᠴᠤ ᠪᠠᠢᠭ᠎ᠠ ᠬᠢᠲᠠᠳ 《ᠵᠥᠪᠯᠡᠭᠴᠢ 》ᠨᠠᠷ ᠢ᠋ ᠥᠪᠡᠷᠲᠡᠭᠡᠨ ᠵᠠᠰᠠᠬᠤ ᠮᠣᠩᠭᠣᠯ ᠵᠠᠰᠠᠭ ᠤ᠋ᠨ ᠳᠣᠣᠷ᠎ᠠ ᠬᠠᠮᠢᠶᠠᠷᠤᠭᠤᠯᠬᠤ ᠳ᠋ᠤ᠌ ᠯᠠ ᠬᠦᠷᠪᠡᠯ ᠪᠢᠳᠡᠨ ᠬᠢᠲᠠᠳ ᠤᠯᠤᠰ ᠲᠤ᠌ ᠦᠨᠡᠨᠴᠢ ᠪᠡᠷ ᠬᠠᠨᠳᠤᠬᠤ ᠳ᠋ᠤ᠌ ᠪᠡᠯᠡᠬᠡᠨ ᠪᠠᠢᠨ᠎ᠠ᠃ ᠲᠡᠳᠡ ᠪᠣᠯ ᠵᠥᠪᠯᠡᠭᠴᠢ ᠯᠡ ᠪᠠᠢᠬᠤ ᠶᠣᠰᠣᠲᠠᠢ᠂ ᠬᠠᠷᠢᠨ ᠠᠳᠠᠭᠢ ᠨᠣᠶᠠᠷᠬᠠᠭᠴᠢ ᠪᠢᠰᠢ᠃ ᠲᠡᠳᠡᠨ ᠦ᠌ ᠰᠢᠢᠳᠪᠦᠷᠢ ᠨᠢ ᠴᠦ᠍ ᠮᠣᠩᠭᠣᠯ ᠲᠦᠮᠡᠨ ᠳ᠋ᠦ᠍ ᠬᠣᠣᠷᠯᠠᠯ ᠬᠥᠨᠥᠭᠡᠯ ᠤᠴᠠᠷᠠᠭᠤᠯᠬᠤ ᠶ᠋ᠢ ᠵᠥᠪᠰᠢᠶᠡᠷᠡᠬᠦ ᠦᠭᠡᠢ᠃ ᠪᠢᠳᠡᠨ ᠢ᠋ ᠬᠥᠯ ᠳᠣᠣᠷ᠎ᠠ ᠪᠠᠨ ᠳᠡᠪᠰᠡᠵᠦ ᠪᠠᠢᠭᠰᠠᠨ ᠴᠠᠭ ᠨᠢᠭᠡᠨᠲᠡ ᠥᠩᠭᠡᠷᠡᠭᠰᠡᠨ ᠭᠡᠯ᠎ᠡ᠃ ᠦᠳᠡ ᠥᠩᠭᠡᠷᠡᠵᠦ᠂ ᠠᠯᠲᠠᠨ ᠰᠢᠷᠭᠠᠯ ᠨᠠᠷᠠ ᠪᠠᠷᠠᠭᠤᠨ ᠬᠣᠢᠰᠢ ᠪᠠᠨ ᠬᠠᠵᠠᠢᠯ᠎ᠠ᠃ ᠪᠢᠳᠡᠨ ᠥᠷᠥᠭᠡᠨ ᠡᠴᠡ ᠭᠠᠷᠬᠤ ᠳ᠋ᠤ᠌ ᠸᠠᠩ ᠤ᠋ᠨ ᠣᠷᠳᠣᠨ ᠤ᠋ ᠪᠠᠭᠠᠬᠠᠨ ᠬᠦᠷᠢᠶᠡᠨ ᠳ᠋ᠦ᠍ ᠬᠥᠬᠡ ᠰᠠᠭᠠᠷᠠᠯ ᠥᠩᠭᠡ ᠶ᠋ᠢᠨ ᠴᠡᠷᠢᠭ ᠬᠤᠪᠴᠠᠰᠤ ᠲᠠᠢ ᠰᠥᠨᠢ ᠶ᠋ᠢᠨ ᠡᠭᠡᠯᠵᠢ ᠶ᠋ᠢᠨ ᠠᠷᠪᠠᠨ ᠬᠣᠶᠠᠷ ᠰᠢᠳᠠᠷ ᠴᠡᠷᠢᠭ ᠭᠠᠷ ᠳᠠᠬᠢ ᠫᠤᠤ ᠪᠠᠨ ᠠᠳᠬᠤᠨ ᠵᠣᠭᠰᠣᠵᠤ᠂ ᠸᠠᠩ ᠨᠣᠶᠠᠨ ᠤ᠋ ᠭᠠᠷᠴᠤ ᠣᠷᠣᠬᠤ ᠳ᠋ᠤ᠌ ᠫᠤᠤ ᠪᠠᠨ ᠡᠷᠭᠦᠨ ᠶᠣᠰᠣᠯᠠᠵᠤ ᠪᠠᠢᠪᠠ ( ᠵᠢᠷᠤᠭ 30 ) ᠃ ᠴᠡᠷᠢᠭ ᠦ᠋ᠨ ᠵᠡᠪᠰᠡᠭ ᠬᠠᠮᠢᠶᠠᠷᠤᠭᠴᠢ ᠨᠢ ᠭᠣᠵᠣᠭᠣᠷ ᠣᠷᠣᠢ ᠲᠠᠢ ᠮᠠᠯᠠᠭᠠᠢ ᠡᠮᠦᠰᠴᠦ᠂ ᠬᠣᠶᠠᠷ ᠵᠠᠭᠤ ᠭᠠᠷᠤᠢ ᠬᠥᠮᠦᠨ ᠢ᠋ ᠵᠡᠪᠰᠡᠭᠯᠡᠵᠦ ᠳᠡᠢᠯᠬᠦ ᠵᠠᠷ ᠵᠡᠪᠰᠡᠭ ᠢ᠋ ᠬᠤᠷᠢᠶᠠᠭᠰᠠᠨ ᠴᠡᠷᠢᠭ ᠦ᠋ᠨ ᠬᠣᠷᠢᠶᠠᠨ ᠤ᠋ ᠡᠭᠦᠳᠡᠨ ᠳᠡᠭᠡᠷ᠎ᠡ ᠵᠣᠭᠰᠣᠵᠤ ᠪᠠᠢᠯ᠎ᠠ᠃ ᠡᠨᠡ ᠨᠢ ᠦᠨᠡᠨᠳᠡᠭᠡᠨ ᠳᠡᠭᠡᠷ᠎ᠡ ᠵᠠᠭᠤᠨ ᠤ᠋ ᠵᠠᠷ ᠵᠡᠪᠰᠡᠭ ᠦ᠋ᠨ ᠮᠦᠽᠧᠢ ᠰᠢᠭ ᠶᠦᠮ᠃ ᠬᠠᠮᠤᠭ ᠤ᠋ᠨ ᠰᠢᠨ᠎ᠡ ᠭᠡᠭᠳᠡᠭᠰᠡᠨ ᠨᠢ ᠬᠣᠶᠠᠷ ᠮᠠᠰᠢᠨ ᠫᠤᠤ ( ᠵᠢᠷᠤᠭ 27 ) ᠪᠠᠢᠵᠤ᠂ ᠲᠡᠭᠦᠨ ᠢ᠋ ᠬᠡᠷᠡᠭᠯᠡᠳᠡᠭ ᠳᠥᠷᠪᠡᠨ ᠮᠣᠩᠭᠣᠯ ᠨᠢ ᠬᠢᠲᠠᠳ ᠲᠤ᠌ ᠬᠦᠷᠴᠦ ᠰᠤᠷᠤᠭᠠᠳ ᠢᠷᠡᠭᠰᠡᠨ ᠭᠡᠨ᠎ᠡ᠃ ᠲᠡᠮᠴᠦᠭ᠌ᠳᠣᠩᠷᠤᠪ ᠨᠣᠶᠠᠨ ᠲᠡᠭᠦᠨ ᠦ᠌ ᠲᠣᠭᠯᠠᠵᠤ ᠥᠰᠦᠭᠰᠡᠨ ᠳᠣᠪᠣᠴᠠᠭ ᠤ᠋ᠨ ᠴᠠᠭᠠᠨ᠎ᠠ ᠵᠢᠭᠰᠠᠭᠠᠭᠰᠠᠨ ᠮᠣᠷᠢᠲᠤ ᠴᠡᠷᠢᠭ ( ᠵᠢᠷᠤᠭ 29 ) ᠪᠡᠨ ᠵᠣᠷᠢᠭᠵᠢᠭᠤᠯᠬᠤ ᠶ᠋ᠢᠨ ᠬᠠᠮᠲᠤ ᠪᠢᠳᠡᠨ ᠳ᠋ᠦ᠍ ᠮᠣᠩᠭᠣᠯ ᠮᠣᠷᠢᠲᠠᠨ ᠤ᠋ ᠤᠷᠠᠨ ᠡᠷᠳᠡᠮ ᠢ᠋ ᠦᠵᠡᠭᠦᠯᠬᠦ ᠪᠡᠷ ᠠᠵᠢᠨᠠᠢ ᠬᠦᠯᠦᠭ ᠲᠡᠭᠡᠨ ᠮᠣᠷᠳᠠᠨ ᠳᠠᠪᠬᠢᠭᠤᠯᠬᠤ ( ᠵᠢᠷᠤᠭ 26 ) ᠳ᠋ᠤ᠌ ᠪᠢᠳᠡ ᠴᠦ᠍ ᠮᠠᠰᠢᠨ ᠢ᠋ᠶ᠋ᠠᠷ ᠢ᠋ᠶ᠋ᠠᠨ ᠳᠠᠭᠠᠵᠤ ᠳᠣᠪᠲᠣᠯᠭᠠᠪᠠ᠃ ᠮᠣᠷᠢᠲᠤ ᠴᠡᠷᠢᠭ ᠦ᠋ᠳ ᠮᠣᠷᠢᠨ ᠳ᠋ᠠᠭᠠᠨ ᠬᠥᠩᠭᠡᠨ ᠱᠠᠯᠠᠮᠠᠭᠠᠢ ᠮᠣᠷᠳᠠᠵᠤ᠂ ᠪᠢᠳᠡᠨ ᠦ᠌ ᠬᠠᠵᠠᠭᠤ ᠪᠠᠷ ᠳᠣᠪᠲᠣᠯᠤᠨ ᠥᠩᠭᠡᠷᠡᠬᠦ ᠳ᠋ᠦ᠍ ᠭᠠᠵᠠᠷ ᠳᠡᠯᠡᠬᠡᠢ ᠴᠡᠴᠡᠷᠡᠵᠦ ᠪᠠᠢᠪᠠ᠃  《ᠴᠢᠩᠭᠢᠰ ᠬᠠᠭᠠᠨ ᠤ᠋ ᠴᠡᠷᠢᠭ ᠠᠩᠭᠢ ᠭᠡᠵᠦ ᠡᠢᠮᠦ ᠪᠠᠢᠭᠰᠠᠨ ᠪᠠᠢᠬᠤ ᠶᠣᠰᠣᠲᠠᠢ ! 》ᠭᠡᠵᠦ ᠮᠠᠨ ᠤ᠋ ᠬᠢᠨ ᠦ᠌ ᠨᠢᠭᠡ ᠨᠢ ᠶᠠᠷᠢᠪᠠ᠃ ᠬᠠᠮᠤᠭ ᠤ᠋ᠨ ᠡᠮᠦᠨ᠎ᠡ ᠨᠢ ᠳᠠᠯᠪᠠᠭ᠎ᠠ ᠪᠠᠷᠢᠭᠰᠠᠨ ᠮᠣᠷᠢᠲᠠᠨ ᠳᠠᠪᠬᠢᠭᠤᠯᠵᠤ ( ᠵᠢᠷᠤᠭ 28 ) ᠂ ᠬᠠᠷ᠎ᠠ ᠥᠩᠭᠡ ᠶ᠋ᠢᠨ ᠮᠣᠩᠭᠣᠯ ᠬᠢᠲᠠᠳ ᠬᠠᠳᠬᠤᠮᠠᠯ ᠪᠢᠴᠢᠭ ᠲᠡᠢ ᠰᠢᠷ᠎ᠠ ᠳᠠᠯᠪᠠᠭ᠎ᠠ ᠨᠢ ᠰᠠᠯᠬᠢᠨ ᠳ᠋ᠤ᠌ ᠳᠠᠷᠪᠠᠯᠵᠠᠨ᠎ᠠ᠃ ᠲᠡᠷᠡ ᠣᠮᠣᠭ ᠲᠡᠭᠦᠯᠳᠡᠷ ᠢ᠋ᠶ᠋ᠡᠷ ᠸᠠᠩ ᠨᠣᠶᠠᠨ ᠳ᠋ᠠᠭᠠᠨ ᠮᠡᠨᠳᠦᠴᠢᠯᠡᠬᠦ ᠳ᠋ᠦ᠍ ᠣᠯᠠᠨ ᠴᠡᠷᠢᠭ ᠨᠢ ᠴᠦ᠍ ᠳᠠᠭᠠᠯᠳᠤᠨ ᠠᠯᠢ ᠡᠷᠲᠡ ᠧᠦ᠋ᠷᠣᠫᠠ ᠶ᠋ᠢ ᠳᠣᠩᠰᠣᠯᠭᠠᠵᠤ ᠪᠠᠢᠭᠰᠠᠨ ᠳᠠᠭᠤᠨ ᠢ᠋ᠶ᠋ᠠᠷ ᠮᠡᠨᠳᠦᠯᠡᠵᠦ ᠭᠠᠷᠤᠯ᠎ᠠ᠃ 

       ᠮᠣᠷᠢᠲᠤ ᠴᠡᠷᠢᠭ ᠦ᠋ᠨ ᠡᠩᠨᠡᠭᠡ ᠪᠠᠷᠠᠭᠤᠨ ᠬᠣᠢᠰᠢ ᠳᠠᠪᠬᠢᠭᠤᠯᠤᠭᠰᠠᠭᠠᠷ ᠰᠢᠩᠭᠡᠬᠦ ᠨᠠᠷᠠᠨ ᠤ᠋ ᠲᠤᠶᠠᠭᠠᠨ ᠳ᠋ᠤ᠌ ᠳᠡᠯᠲᠠᠷᠠᠨ ᠣᠷᠣᠪᠠ᠃ ᠡᠨᠡ ᠨᠢ ᠨᠠᠳᠠ ᠳ᠋ᠤ᠌ ᠶᠠᠮᠠᠷ ᠨᠢᠭᠡᠨ ᠰᠤᠪᠢᠨ ᠲᠡᠮᠳᠡᠭ ᠢ᠋ ᠬᠡᠯᠡᠵᠦ ᠥᠭᠭᠦᠭᠰᠡᠨ ᠮᠡᠲᠦ ᠪᠣᠯᠪᠠ᠃ ᠶᠠᠭ ᠯᠠ ᠰᠢᠩᠭᠡᠬᠦ ᠨᠠᠷᠠᠨ ᠤ᠋ ᠰᠢᠷᠭᠠᠯ ᠲᠤᠶᠠᠭ᠎ᠠ ᠨᠢ ᠲᠠᠯ᠎ᠠ ᠨᠤᠲᠤᠭ ᠢ᠋ ᠭᠡᠢᠭᠦᠯᠬᠦ ᠳ᠋ᠡᠭᠡᠨ ᠲᠡᠭᠦᠨ ᠦ᠌ ᠬᠠᠭᠤᠴᠢᠨ ᠴᠠᠭ ᠤ᠋ᠨ ᠭᠡᠷᠡᠯ ᠭᠢᠯᠪᠠᠭ᠎ᠠ ᠪᠠᠨ ᠠᠬᠢᠨ ᠨᠢᠭᠡ ᠤᠳᠠᠭ᠎ᠠ ᠡᠷᠭᠢᠴᠡᠭᠦᠯᠦᠨ ᠪᠣᠳᠣᠵᠤ ᠪᠠᠢᠭ᠎ᠠ ᠮᠡᠲᠦ᠃ ᠬᠤᠪᠢ ᠵᠠᠶᠠᠭᠠᠨ ᠤ᠋ ᠪᠢᠴᠢᠭ ᠨᠢᠭᠡᠨᠲᠡ ᠪᠠᠭᠤᠴᠢᠬᠠᠭᠰᠠᠨ ᠪᠢᠰᠢ ᠤᠤ ? ᠮᠣᠩᠭᠣᠯᠴᠤᠳ ᠤ᠋ᠨ ᠬᠦᠷᠰᠢ ᠨᠢ ᠡᠮᠦᠨ᠎ᠡ ᠪᠣᠯᠤᠨ ᠵᠡᠭᠦᠨ ᠵᠦᠭ ᠡᠴᠡ ᠬᠡᠳᠦᠢᠨ ᠲᠠᠷᠢᠶᠠᠯᠠᠵᠤ ᠪᠣᠯᠤᠮᠠᠷ ᠮᠣᠩᠭᠣᠯ ᠭᠠᠵᠠᠷ ᠢ᠋ ᠪᠦᠷ ᠰᠡᠨᠳᠡᠯᠵᠦ ᠬᠠᠶᠠᠭᠰᠠᠨ ᠪᠠᠢᠬᠤ ᠳ᠋ᠤ᠌ ᠲᠡᠳᠡ ᠪᠠᠰᠠ ᠡᠳᠡᠭᠡᠷ ᠨᠤᠲᠤᠭ ᠢ᠋ᠶ᠋ᠠᠨ ᠪᠤᠴᠠᠭᠠᠨ ᠣᠯᠬᠤ ᠶᠣᠰᠣ ᠪᠠᠢᠨ᠎ᠠ ᠭᠡᠵᠢ ᠤᠤ ? ᠲᠡᠳᠡ ᠡᠨᠡ ᠣᠯᠠᠨ ᠲᠣᠭᠠᠯᠠᠰᠢ ᠦᠭᠡᠢ ᠬᠥᠮᠦᠨ ᠢ ᠬᠠᠮᠢᠭᠠᠰᠢ ᠪᠠᠨ ᠨᠡᠭᠦᠯᠭᠡᠨ ᠰᠠᠭᠤᠯᠭᠠᠳᠠᠭ ᠪᠢᠯᠡ ? 
       ᠢᠩᠭᠢᠵᠦ ᠪᠣᠳᠣᠭᠰᠠᠭᠠᠷ ᠪᠢ ᠮᠠᠰᠢᠨ ᠤ᠋ ᠪᠠᠨ ᠵᠦᠭ ᠪᠤᠴᠠᠨ ᠠᠯᠬᠤᠯᠠᠪᠠ᠃ ᠲᠡᠮᠴᠦᠭ᠌ᠲᠣᠩᠷᠣᠪ ᠨᠣᠶᠠᠨ ᠴᠤ᠌ ᠠᠳᠠ ᠢᠷᠡᠭᠡᠳ ᠭᠣᠶᠣ ᠰᠠᠢᠬᠠᠨ ᠪᠣᠢᠺ ᠮᠠᠰᠢᠨ ᠢ ᠠᠵᠢᠭᠯᠠᠵᠤ ᠪᠠᠢᠪᠠ᠃ ᠲᠡᠷᠡ ᠶᠠᠭ ᠯᠠ ᠵᠢᠷᠣᠭ᠎ᠠ ᠮᠣᠷᠢ ᠰᠣᠨᠢᠷᠬᠠᠵᠤ ᠪᠠᠢᠭ᠎ᠠ ᠰᠢᠭ᠋ ᠲᠠᠯ᠎ᠠ ᠪᠦᠷᠢ ᠡᠴᠡ ᠨᠢ ᠠᠵᠢᠭᠯᠠᠨ ᠰᠢᠨᠵᠢᠵᠦ ᠪᠠᠢᠯ᠎ᠠ᠃ ᠠᠬᠢᠭᠠᠳ ᠵᠢᠯᠣᠭᠣᠴᠢ ᠶ᠋ᠢᠨ ᠰᠠᠭᠤᠳᠠᠯ ᠳᠡᠭᠡᠷ᠎ᠡ ᠨᠢ ᠭᠠᠷᠴᠤ ᠰᠠᠭᠤᠭᠠᠳ᠂ ᠮᠣᠲ᠋ᠣᠷ ᠢ᠋ ᠨᠢ ᠠᠰᠠᠭᠠᠨ ᠬᠦᠷᠴᠢᠭᠢᠨᠡᠭᠦᠯᠵᠦ ᠦᠵᠡᠭᠡᠳ ᠦᠨ᠎ᠡ ᠶ᠋ᠢ ᠨᠢ ᠰᠤᠷᠠᠪᠠ᠃ 
       ᠶᠠᠷᠢᠯᠴᠠᠭᠰᠠᠭᠠᠷ ᠪᠠᠢᠭᠠᠳ ᠪᠢᠳᠡᠨ ᠦ᠌ ᠶᠠᠷᠢᠶ᠎ᠠ ᠡᠪᠡᠳᠴᠢᠲᠡᠢ ᠠᠪᠠᠬᠠᠢ ᠶ᠋ᠢᠨ ᠳᠡᠭᠡᠷ᠎ᠡ ᠰᠢᠯᠵᠢᠪᠡ᠃ ᠡᠸᠷᠢᠺᠰᠦᠨ ᠲᠡᠭᠦᠨ ᠢ᠋ ᠦᠵᠡᠬᠦ ᠪᠡᠷ ᠬᠦᠷᠦᠶ᠎ᠡ ᠭᠡᠵᠦ ᠰᠠᠨᠠᠭᠤᠯᠭ᠎ᠠ ᠭᠠᠷᠭᠠᠭᠰᠠᠨ ᠳ᠋ᠤ᠌ ᠳᠡᠮᠴᠦᠭᠳᠣᠩᠷᠤᠪ ᠨᠣᠶᠠᠨ ᠴᠤ᠌ ᠪᠢᠳᠡᠨ ᠲᠡᠢ ᠴᠣᠭ ᠮᠠᠰᠢᠨ ᠳ᠋ᠤ᠌ ᠰᠠᠭᠤᠵᠤ᠂ ᠸᠠᠩ ᠤ᠋ᠨ ᠣᠷᠳᠣᠨ ᠳ᠋ᠤ᠌ ᠪᠤᠴᠠᠬᠤ ᠪᠠᠷ ᠲᠠᠯ᠎ᠠ ᠳᠡᠭᠡᠭᠦᠷ ᠳᠠᠪᠬᠢᠭᠤᠯᠪᠠ᠃ ᠠᠪᠠᠬᠠᠢ ᠶ᠋ᠢᠨ ᠲᠡᠨᠳᠡ ᠬᠦᠷᠬᠦ ᠳ᠋ᠦ᠍ ᠱᠢᠷᠦᠨ ᠰᠢᠭᠢᠳᠬᠡᠭᠡ ᠲᠡᠢ ᠮᠥᠩᠭᠥᠨ ᠳᠠᠷᠤᠭᠤᠯᠭ᠎ᠠ ᠵᠡᠭᠦᠭᠰᠡᠨ (ᠵᠢᠷᠤᠭ 32) ᠨᠡᠯᠢᠶᠡᠳ ᠪᠦᠰᠡᠭᠦᠢᠴᠦᠦᠯ ᠰᠠᠭᠤᠵᠤ ᠪᠠᠢᠪᠠ (ᠵᠢᠷᠤᠭ 33) ᠃ ᠲᠡᠳᠡ ᠨᠠᠷ ᠪᠣᠯ ᠳᠡᠮᠴᠦᠭᠳᠣᠩᠷᠤᠪ ᠨᠣᠶᠠᠨ ᠤ᠋ ᠨᠠᠰᠤᠲᠠᠢ ᠡᠵᠢ ᠶ᠋ᠢᠨ ᠳ᠋ᠦ᠍ ᠠᠢᠯᠴᠢᠯᠠᠵᠤ ᠢᠷᠡᠭᠰᠡᠨ ᠰᠠᠳᠤᠨ ᠲᠥᠷᠥᠯ ᠦ᠋ᠨ ᠬᠢᠨ ᠪᠠᠢᠵᠠᠢ᠃  
       ᠡᠨᠡ ᠬᠦ᠌ ᠨᠠᠰᠤᠲᠠᠢ ᠡᠵᠢ ᠸᠠᠩ ᠤ᠋ᠨ ᠣᠷᠳᠣᠨ ᠳ᠋ᠤ᠌ ᠰᠠᠭᠤᠳᠠᠭ ᠦᠭᠡᠢ ᠶᠦᠮ᠃ ᠲᠡᠷᠡ ᠬᠠᠷᠠᠴᠤ ᠢᠵᠠᠭᠤᠷ ᠲᠠᠢ ᠪᠥᠭᠡᠳ ᠲᠣᠭᠣᠰᠬᠠᠨ ᠪᠠᠢᠰᠢᠩ ᠳ᠋ᠤ᠌ ᠰᠠᠭᠤᠬᠤ ᠶ᠋ᠢᠨ ᠣᠷᠣᠨ ᠳ᠋ᠤ᠌ ᠸᠠᠩ ᠤ᠋ᠨ ᠣᠷᠳᠣᠨ ᠠ᠋ᠴᠠ ᠣᠢᠷᠠᠬᠠᠨ ᠮᠣᠩᠭᠣᠯ ᠭᠡᠷ ᠲᠡᠭᠡᠨ ᠯᠡ ᠠᠮᠢᠳᠤᠷᠠᠳᠠᠭ᠃ ᠲᠡᠷᠡ ᠳᠠᠷᠤᠤ ᠬᠢᠴᠢᠶᠡᠩᠭᠦᠢ ᠪᠥᠭᠡᠳ ᠳᠥᠬᠥᠮᠬᠡᠨ ᠠᠮᠢᠳᠤᠷᠠᠯ ᠲᠠᠢ᠂ ᠦᠬᠡᠷ ᠬᠣᠨᠢᠨ ᠤ᠋ ᠬᠢᠨᠢ ᠰᠦᠷᠦᠭ ᠡᠴᠡ ᠨᠢ ᠬᠠᠷᠠᠬᠤ ᠳ᠋ᠤ᠌ ᠥᠭᠡᠷ᠎ᠡ ᠪᠠᠶᠠᠨ ᠠᠢᠯ ᠤ᠋ᠨ ᠪᠦᠰᠡᠭᠦᠢᠴᠦᠦᠯ ᠲᠡᠢ ᠠᠳᠠᠯᠢᠬᠠᠨ ᠪᠠᠢᠵᠤ᠂ ᠭᠣᠣᠯ ᠴᠠᠭᠠᠨ ᠢᠳᠡᠭᠡ ᠬᠢᠬᠦ ᠶ᠋ᠢ ᠬᠠᠮᠢᠶᠠᠷᠳᠠᠭ ᠠᠵᠤᠭᠤ᠃  
       ᠲᠡᠭᠦᠨ ᠲᠡᠢ ᠡᠰᠡᠷᠭᠦ ᠪᠡᠷ ᠵᠠᠯᠠᠭᠤ ᠦᠶ᠎ᠡ ᠶ᠋ᠢᠨ ᠬᠢᠨ ᠪᠣᠯ ᠬᠠᠷᠢᠨ ᠣᠳᠣᠬᠢᠴᠢᠯᠠᠭᠰᠠᠨ ᠦᠵᠡᠯ ᠪᠣᠳᠣᠯ ᠲᠠᠢ (ᠵᠢᠷᠤᠭ 31)᠃ ᠠᠪᠠᠬᠠᠢ ᠮᠠᠰᠢᠨ ᠤ᠋ ᠵᠠᠯᠠᠭᠤᠷ᠂ ᠲᠣᠷᠣᠮᠰᠤᠯᠠᠭᠤᠷ᠂ ᠲᠣᠰᠣᠨ ᠤ᠋ ᠨᠡᠭᠡᠯᠡᠬᠡᠢ ᠵᠡᠷᠭᠡ ᠶ᠋ᠢ ᠮᠡᠳᠡᠳᠡᠭ᠃ ᠪᠠᠰᠠ ᠨᠢᠭᠡ ᠦᠶᠡᠷᠬᠡᠳᠡᠭ ᠬᠡᠦᠬᠡᠨ ᠨᠢ ᠮᠠᠰᠢᠨ ᠳ᠋ᠤ᠌ ᠣᠷᠣᠵᠤ ᠰᠠᠭᠤᠭᠠᠳ᠂ ᠮᠣᠲ᠋ᠣᠷ ᠤ᠋ᠨ ᠬᠢᠨᠢ ᠨᠠᠮᠤᠭᠤᠬᠠᠨ ᠳᠠᠭᠤ ᠶ᠋ᠢ ᠴᠢᠩᠨᠠᠨ ᠵᠥᠭᠡᠯᠡᠨ ᠰᠠᠭᠤᠳᠠᠯ ᠢ᠋ ᠨᠢ ᠭᠠᠢᠬᠠᠵᠤ ᠪᠠᠢᠪᠠ᠃ ᠸᠠᠩ ᠨᠣᠶᠠᠨ ᠢ᠋ ᠥᠪᠡᠷ ᠦ᠋ᠨ ᠭᠡᠷ ᠦ᠋ᠨ ᠡᠮᠴᠢ ᠲᠡᠢ ᠴᠣᠭ ᠠᠷᠤ ᠳ᠋ᠠᠬᠢ ᠪᠦᠰᠡᠭᠦᠢᠴᠦᠦᠯ ᠦ᠋ᠨ ᠪᠠᠢᠰᠢᠩ ᠤᠷᠤᠭᠤ ᠣᠳᠬᠤ ᠳ᠋ᠤ᠌ ᠮᠠᠷᠺᠤᠸᠨ᠋ᠲ ᠪᠢᠳᠡ ᠬᠣᠶᠠᠷ ᠴᠤ᠌ ᠪᠠᠭᠠᠬᠠᠨ ᠬᠦᠷᠢᠶ᠎ᠡ ᠪᠡᠷ ᠬᠦᠷᠢᠶᠡᠯᠡᠭᠳᠡᠭᠰᠡᠨ ᠰᠠᠭᠤᠬᠤ ᠭᠠᠵᠠᠷ ᠤᠷᠤᠭᠤ ᠪᠠᠨ ᠪᠤᠴᠠᠪᠠ᠃  

       ᠪᠠᠢᠰᠢᠩ ᠤ᠋ᠨ ᠴᠣᠩᠬᠣ ᠪᠠᠷ ᠪᠢᠳᠡ ᠸᠠᠩ ᠤ᠋ᠨ ᠣᠷᠳᠣᠨ ᠤ᠋ ᠬᠥᠯ ᠬᠥᠭᠡᠷᠴᠦᠭ ᠲᠡᠢ ᠠᠮᠢᠳᠤᠷᠠᠯ ᠤ᠋ᠨ ᠪᠠᠢᠳᠠᠯ ᠢ᠋ ᠠᠵᠢᠭᠯᠠᠵᠤ ᠰᠠᠭᠤᠪᠠ᠃ ᠲᠣᠭᠣᠰ ᠤ᠋ᠨ ᠤᠲᠤᠭ᠎ᠠ ᠲᠠᠢ ᠮᠠᠯᠠᠭᠠᠢ ᠡᠮᠦᠰᠦᠭᠰᠡᠨ ᠡᠷᠡᠴᠦᠦᠯ ( ᠵᠢᠷᠤᠭ 24 ) ᠬᠦᠨᠳᠦ ᠠᠯᠬᠤᠳᠠᠯ ᠲᠠᠢ ᠪᠠᠷ ᠵᠣᠴᠢᠨ ᠤ᠋ ᠥᠷᠥᠭᠡᠨ ᠳ᠋ᠦ᠍ ᠨᠠᠷᠢᠨ ᠪᠢᠴᠢᠭᠡᠴᠢ ᠲᠡᠢ ᠠᠭᠤᠯᠵᠠᠬᠤ ᠪᠠᠷ ᠣᠷᠣᠵᠤ ᠪᠠᠢᠪᠠ᠃ ᠴᠠᠭᠳᠠᠭᠴᠢ ᠴᠡᠷᠢᠭ ᠨᠠᠭᠠᠰᠢ ᠴᠠᠭᠠᠰᠢ ᠴᠠᠭᠳᠠᠨ ᠶᠠᠪᠤᠬᠤ ᠪᠥᠭᠡᠳ ᠲᠡᠳᠡ ᠬᠦᠷᠡᠩ᠂ ᠤᠯᠠᠭᠠᠨ᠂ ᠬᠥᠬᠡ ᠵᠢᠩᠰᠡ ᠲᠡᠢ ᠮᠠᠯᠠᠭᠠᠢ ᠡᠮᠦᠰᠦᠭᠰᠡᠨ ᠬᠥᠮᠦᠨ ᠲᠡᠢ ᠬᠠᠷᠭᠤᠬᠤ ᠪᠣᠯᠭᠠᠨ ᠮᠡᠨᠳᠦᠴᠢᠯᠡᠵᠦ ᠪᠠᠢᠪᠠ ( ᠵᠢᠷᠤᠭ 36 ) ᠃ ᠡᠳᠡᠨᠥᠰ ᠪᠣᠯ ᠲᠦᠰᠢᠮᠡᠳ ᠶᠦᠮ᠂ ᠵᠢᠩᠰᠡᠨ ᠦ᠌ ᠬᠢᠨᠢ ᠥᠩᠭᠡ ᠪᠡᠷ ᠲᠦᠰᠢᠮᠡᠯ ᠦ᠋ᠨ ᠵᠡᠷᠭᠡ ᠳᠡᠰ ᠢ᠋ ᠨᠢ ᠲᠠᠨᠢᠳᠠᠭ ᠭᠡᠵᠦ ᠡᠪᠡᠳᠴᠢᠲᠡᠨ ᠢ᠋ᠶ᠋ᠡᠨ ᠦᠵᠡᠭᠡᠳ ᠪᠤᠴᠠᠵᠤ ᠢᠷᠡᠭᠰᠡᠨ ᠡᠸᠷᠢᠺᠰᠦᠨ ᠪᠢᠳᠡᠨ ᠳ᠋ᠦ᠍ ᠲᠠᠢᠯᠪᠤᠷᠢᠯᠠᠪᠠ᠃ ᠡᠨᠡ ᠦᠶ᠎ᠡ ᠳ᠋ᠦ᠍ ᠬᠣᠶᠠᠷ ᠮᠣᠩᠭᠣᠯ ᠡᠷ᠎ᠡ ᠣᠷᠣᠵᠤ ᠢᠷᠡᠭᠡᠳ ᠪᠢᠳᠡᠨ ᠢ᠋ ᠠᠳᠠ ᠪᠠᠢᠬᠤ ᠬᠤᠭᠤᠴᠠᠭᠠᠨ ᠳ᠋ᠤ᠌ ᠦᠢᠯᠡᠴᠢᠯᠡᠬᠦ ᠪᠣᠯᠤᠨ᠎ᠠ ᠭᠡᠵᠦ ᠮᠡᠳᠡᠭᠦᠯᠦᠨ ᠵᠣᠯᠭᠠᠪᠠ᠃ 
       — ᠸᠠᠩ ᠨᠣᠶᠠᠨ ᠳ᠋ᠤ᠌ ᠲᠡᠢᠮᠦ ᠢᠯᠡᠭᠦᠦ ᠳ᠋ᠡᠭᠡᠨ ᠭᠠᠷᠤᠭᠰᠠᠨ ᠣᠯᠠᠨ ᠠᠵᠢᠯᠲᠠᠨ ᠭᠡᠵᠦ ᠪᠠᠢᠳᠠᠭ ᠦᠭᠡᠢ᠃ ᠬᠤᠰᠢᠭᠤᠨ ᠤ᠋ ᠠᠷᠠᠳ ᠨᠢ ᠰᠠᠷ᠎ᠠ ᠶ᠋ᠢᠨ ᠬᠤᠭᠤᠴᠠᠭ᠎ᠠ ᠲᠠᠢ ᠪᠠᠷ ᠸᠠᠩ ᠤ᠋ᠨ ᠣᠷᠳᠣᠨ ᠳ᠋ᠤ᠌ ᠢᠷᠡᠵᠦ ᠡᠭᠡᠯᠵᠢᠯᠡᠨ ᠦᠢᠯᠡᠴᠢᠯᠡᠳᠡᠭ᠃ ᠡᠭᠦᠨ ᠢ᠋ᠶ᠋ᠡᠷ ᠳᠠᠮᠵᠢᠨ ᠸᠠᠩ ᠨᠣᠶᠠᠨ ᠬᠤᠰᠢᠭᠤᠨ ᠤ᠋ ᠬᠥᠮᠦᠨ ᠪᠣᠯᠭᠠᠨ ᠢ᠋ ᠲᠠᠨᠢᠳᠠᠭ᠂ ᠬᠠᠷᠢᠶᠠᠲᠤ ᠨᠠᠷ ᠨᠢ ᠴᠦ᠍ ᠡᠵᠡᠨ ᠲᠡᠢ ᠪᠡᠨ ᠲᠠᠰᠤᠷᠠᠯᠲᠠ ᠦᠭᠡᠢ ᠬᠠᠷᠢᠯᠴᠠᠵᠤ᠂ ᠵᠣᠪᠠᠯ ᠵᠢᠷᠭᠠᠯ ᠢ᠋ᠶ᠋ᠠᠨ ᠬᠠᠮᠲᠤᠳᠬᠠᠳᠠᠭ ᠪᠠᠢᠨ᠎ᠠ ᠭᠡᠵᠦ ᠱᠠᠰᠢᠨ ᠳᠡᠯᠭᠡᠷᠡᠭᠦᠯᠦᠭᠴᠢ ᠡᠸᠷᠢᠭᠰᠦᠨ ᠲᠠᠢᠯᠪᠤᠷᠢᠯᠠᠨ ᠬᠡᠯᠡᠪᠡ᠃ 
       ᠪᠢᠳᠡᠨ ᠦ᠌ ᠰᠢᠳᠠᠷ ᠦᠢᠯᠡᠴᠢᠯᠡᠭᠴᠢ ᠬᠣᠶᠠᠷ ᠮᠣᠩᠭᠣᠯ ᠪᠣᠯ ᠨᠠᠷᠭᠢᠶᠠᠨᠲᠠᠢ ᠵᠠᠯᠠᠭᠤᠴᠤᠳ ᠪᠠᠢᠯ᠎ᠠ ᠃ ᠲᠡᠳᠡᠨ ᠳ᠋ᠦ᠍ ᠰᠠᠨᠠᠭᠠᠨ ᠳ᠋ᠤ᠌ ᠦᠭᠡᠢ ᠡᠢᠮᠦ ᠨᠢᠭᠡᠨ ᠦᠢᠯᠡᠴᠢᠯᠡᠬᠦ ᠠᠵᠢᠯ ᠲᠣᠬᠢᠷᠠᠭᠤᠯᠤᠭᠰᠠᠨ ᠳ᠋ᠤ᠌ ᠶᠡᠬᠡ ᠪᠠᠶᠠᠷᠲᠠᠢ ᠪᠠᠢᠵᠤ ᠂ ᠬᠥᠰᠡᠷ ᠳᠡᠭᠡᠷ᠎ᠡ ᠰᠠᠭᠤᠭᠠᠳ ᠴᠣᠩᠬᠣ ᠪᠠᠷ ᠬᠠᠷᠠᠭᠳᠠᠬᠤ ᠬᠥᠮᠦᠰ ᠢ᠋ ᠨᠢᠭᠡ ᠨᠢᠭᠡ ᠪᠡᠷ ᠨᠡᠷ᠎ᠡ ᠪᠣᠯᠤᠨ ᠵᠡᠷᠭᠡ ᠳᠡᠰ ᠢ᠋ ᠨᠢ ᠲᠠᠨᠢᠯᠴᠠᠭᠤᠯᠵᠤ ᠪᠠᠢᠪᠠ᠃ 
       — ᠵᠠ᠂ ᠣᠳᠣ ᠲᠣᠭᠣᠭᠠᠨ ᠭᠡᠷ ᠦ᠋ᠨ ᠠᠬᠠᠯᠠᠭᠴᠢ ᠢᠷᠡᠯ᠎ᠡ ᠭᠡᠵᠦ ᠲᠡᠳᠡ ᠪᠠᠶᠠᠷᠯᠠᠨ ᠶᠠᠷᠢᠭᠠᠳ ᠬᠠᠭᠠᠯᠭ᠎ᠠ ᠶ᠋ᠢ ᠣᠩᠭᠣᠢᠯᠭᠠᠬᠤ ᠳ᠋ᠤ᠌ ᠭᠣᠵᠣᠭᠣᠷ ᠥᠨᠳᠥᠷ ᠮᠠᠯᠠᠭᠠᠢ ᠲᠠᠢ ᠨᠢᠭᠡ ᠡᠷ᠎ᠡ ᠣᠷᠣᠵᠤ ᠢᠷᠡᠯ᠎ᠡ᠃ ᠪᠢᠳᠡᠨ ᠢ᠋ ᠬᠦᠨᠳᠦᠳᠬᠡᠬᠦ ᠡᠭᠦᠳᠡᠨ ᠡᠴᠡ ᠨᠢᠭᠡ ᠬᠣᠨᠢ ᠭᠠᠷᠭᠠᠵᠤ ᠂ ᠬᠦᠷᠡᠯ ᠵᠠᠭᠠᠮᠠᠯ ᠳᠡᠭᠡᠷ᠎ᠡ ᠰᠢᠷᠠᠭᠰᠠᠨ ᠪᠦᠬᠦᠯᠢ ᠶ᠋ᠢ ᠳᠠᠮᠵᠢᠯᠠᠨ ᠠᠪᠴᠢᠷᠠᠯ᠎ᠠ᠃ 
       — ᠵᠠ ᠂ ᠲᠠᠪᠠᠲᠠᠢ ᠰᠠᠢᠬᠠᠨ ᠵᠣᠭᠣᠭᠯᠠᠭᠠᠷᠠᠢ! ᠲᠠ ᠨᠠᠷ ᠲᠤ᠌ ᠠᠮᠤᠭᠤᠯᠠᠩ ᠰᠠᠢᠬᠠᠨ ᠢ᠋ ᠢᠷᠥᠭᠡᠶ᠎ᠡ ! ᠭᠡᠳ ᠲᠣᠭᠣᠭᠠᠴᠢ ᠠᠪᠤᠭᠠᠢ ᠮᠡᠬᠦᠢᠨ ᠶᠣᠰᠣᠯᠠᠪᠠ᠃  ᠪᠠᠭ᠎ᠠ ᠤᠳᠠᠭᠰᠠᠨ ᠤ᠋ ᠳᠠᠷᠠᠭ᠎ᠠ ᠣᠯᠠᠨ ᠵᠢᠵᠢᠭ ᠲᠠᠪᠠᠭ ᠲᠠᠢ ᠬᠢᠲᠠᠳ ᠨᠣᠭᠣᠭ᠎ᠠ ᠠᠪᠴᠢᠷᠠᠭᠤᠯᠪᠠ᠃ ᠡᠨᠡ ᠨᠢ ᠲᠡᠮᠴᠦᠭᠳᠦᠩᠷᠣᠪ ᠨᠣᠶᠠᠨ ᠪᠢᠳᠡᠨ ᠢ᠋ ᠬᠣᠨᠢᠨ ᠤ᠋ ᠮᠢᠬ᠎ᠠ ᠢᠳᠡᠵᠦ ᠳᠠᠰᠬᠤ ᠦᠭᠡᠢ ᠡᠴᠡ ᠬᠢᠴᠢᠶᠡᠵᠦ ᠣᠨᠴᠠᠭᠠᠢᠯᠠᠨ ᠬᠢᠯᠭᠡᠭᠰᠡᠨ ᠶᠦᠮ ᠪᠠᠢᠨ᠎ᠠ᠃ ᠡᠢᠮᠦ ᠮᠠᠶᠢᠭ ᠢ᠋ᠶ᠋ᠠᠷ ᠬᠡᠳᠦ ᠳᠠᠬᠢᠨ ᠵᠥᠭᠡᠭᠡᠨ ᠠᠪᠴᠢᠷᠠᠭᠰᠠᠨ ᠪᠥᠭᠡᠳ ᠰᠡᠭᠦᠯ ᠳ᠋ᠦ᠍ᠨᠢ ᠪᠢᠳᠡᠨ ᠲᠠᠪᠠᠭ ᠪᠦᠷᠢ ᠡᠴᠡ ᠨᠢ ᠵᠥᠪᠬᠡᠨ ᠠᠮᠰᠠᠬᠤ ᠲᠡᠳᠦᠢ ᠯᠡ ᠪᠠᠢᠯ᠎ᠠ᠃ 
       — ᠦᠯᠡᠳᠡᠭᠰᠡᠨ ᠬᠣᠭᠣᠯᠠ ᠨᠢ ᠦᠢᠯᠡᠴᠢᠯᠡᠭᠰᠡᠨ ᠬᠥᠮᠦᠨ ᠦ᠌ ᠬᠢ ᠪᠣᠯᠳᠠᠭ᠃ ᠡᠨᠡ ᠨᠢ ᠲᠡᠳᠡᠨ ᠦ᠌ ᠠᠵᠢᠯ ᠤ᠋ᠨ ᠬᠠᠷᠠᠮᠵᠢ ᠮᠥᠨ ᠭᠡᠵᠦ ᠰᠸᠸᠳ᠋ᠸᠨ ᠦ᠌ ᠡᠸᠷᠢᠭᠰᠦᠨ ᠶᠠᠷᠢᠪᠠ ᠃ ᠪᠢᠳᠡᠨ ᠢ᠋ ᠢᠳᠡᠵᠦ ᠳᠠᠭᠤᠰᠤᠮᠠᠭᠴᠠ ᠲᠡᠷᠡ ᠬᠣᠶᠠᠷ ᠮᠣᠩᠭᠣᠯ ᠪᠦᠬᠦᠨ ᠢ᠋ ᠠᠪᠴᠤ ᠭᠠᠷᠤᠭᠠᠳ ᠬᠠᠵᠠᠭᠤ ᠶ᠋ᠢᠨ ᠥᠷᠥᠭᠡᠨ ᠳ᠋ᠦ᠍ ᠰᠥᠨᠢ ᠶ᠋ᠢᠨ ᠭᠦᠨ ᠪᠣᠯᠲᠠᠯ᠎ᠠ ᠢᠳᠡᠵᠦ ᠤᠤᠭᠤᠭᠰᠠᠨ ᠪᠢᠯᠡ᠃ 
       ᠥᠷᠯᠥᠭᠡ ᠡᠷᠲᠡ ᠶ᠋ᠢᠨ ᠨᠦᠰᠡᠷ ᠪᠦᠷᠢᠶᠡᠨ ᠦ᠌ ᠤᠷᠲᠤᠯᠠᠭᠰᠠᠨ ᠳᠠᠭᠤᠨ ᠨᠠᠮᠠᠶ᠋ᠢ ᠨᠣᠢᠷ ᠠ᠋ᠴᠠ ᠰᠡᠷᠡᠭᠡᠯ᠎ᠡ᠃ ᠣᠢᠷᠠᠬᠠᠨ ᠪᠠᠢᠭ᠎ᠠ ᠰᠦᠮ᠎ᠡ ᠶ᠋ᠢᠨ ᠯᠠᠮᠠ ᠨᠠᠷ ᠤ᠋ᠨ ᠡᠷᠲᠡ ᠶ᠋ᠢᠨ ᠤᠩᠰᠢᠯᠭ᠎ᠠ ᠡᠬᠢᠯᠡᠵᠦ ᠪᠠᠢᠭ᠎ᠠ ᠶᠤᠮ ᠪᠠᠢᠨ᠎ᠠ᠃ ᠣᠷᠳᠣᠨ ᠤ᠋ ᠬᠠᠵᠠᠭᠤ ᠳ᠋ᠤ᠌ ᠴᠤ᠌ ᠭᠡᠰᠡᠨ ᠨᠢᠭᠡ ᠰᠢᠨᠡᠬᠡᠨ ᠪᠠᠷᠢᠭᠰᠠᠨ ᠲᠣᠮᠣ ᠰᠢᠭ᠋ ᠰᠦᠮ᠎ᠡ ᠪᠠᠢᠵᠤ᠂ ᠪᠠᠨᠴᠢᠨ ᠪᠣᠭᠳᠠ ᠶ᠋ᠢᠨ ᠠᠢᠯᠴᠢᠯᠠᠨ ᠢᠷᠡᠬᠦ ᠳ᠋ᠦ᠍ ᠲᠤᠰᠬᠠᠢᠯᠠᠨ ᠪᠠᠷᠢᠭᠤᠯᠤᠭᠰᠠᠨ ᠶᠤᠮ ᠭᠡᠨ᠎ᠡ᠃ ᠪᠠᠨᠴᠢᠨ ᠪᠣᠭᠳᠠ ᠠᠳᠠ ᠨᠡᠯᠢᠶᠡᠳ ᠤᠷᠲᠤ ᠬᠤᠭᠤᠴᠠᠭ᠎ᠠ ᠪᠠᠢᠵᠤ ᠪᠠᠢᠭᠰᠠᠨ ᠪᠥᠭᠡᠳ ᠰᠥᠨᠢᠳ ᠸᠠᠩ ᠤ᠋ᠨ ᠳᠠᠭᠠᠭᠠᠵᠤ ᠳᠡᠢᠯᠬᠦ ᠬᠡᠮᠵᠢᠶᠡᠨ ᠡᠴᠡ ᠬᠡᠲᠦᠷᠡᠭᠰᠡᠨ ᠵᠠᠷᠤᠳᠠᠯ ᠢ᠋ ᠨᠢ ᠰᠥᠨᠢᠳ ᠸᠠᠩ ᠳᠠᠭᠠᠭᠠᠵᠤ ᠪᠠᠢᠭᠰᠠᠨ ᠪᠢᠯᠡ᠃ 
       ᠴᠠᠭ ᠤ᠋ᠨ ᠳᠠᠷᠠᠭ᠎ᠠ ᠬᠦᠷᠡᠯ ᠳᠡᠪᠦᠷ᠎ᠡ ᠲᠡᠢ ᠴᠠᠢ ᠰᠦᠮ᠎ᠡ ᠳ᠋ᠦ᠍ ᠠᠪᠴᠢᠷᠠᠯ᠎ᠠ ( ᠵᠢᠷᠤᠭ 35 ) ᠃ ᠨᠠᠰᠤ ᠪᠠᠷ ᠬᠠᠮᠤᠭ ᠤ᠋ᠨ ᠠᠬᠠᠮᠠᠳ ᠯᠠᠮᠠ ᠣᠷᠣᠨ ᠡᠴᠡ ᠪᠡᠨ ᠪᠣᠰᠴᠤ ᠰᠦᠮ᠎ᠡ ᠶ᠋ᠢᠨ ᠳᠣᠲᠣᠭᠤᠷ ᠠᠯᠬᠤᠭᠰᠠᠭᠠᠷ ᠡᠭᠦᠳᠡ ᠪᠡᠷ ᠭᠠᠷᠤᠭᠠᠳ ᠭᠠᠳᠠᠨ᠎ᠠ ᠲᠠᠯᠪᠢᠭᠰᠠᠨ ᠰᠢᠷ᠎ᠠ ᠣᠯᠪᠣᠭ ᠳᠡᠭᠡᠷ᠎ᠡ ᠰᠠᠭᠤᠪᠠ᠃ ᠲᠡᠭᠦᠨ ᠳ᠋ᠦ᠍ ᠨᠢᠭᠡ ᠠᠶᠠᠭ᠎ᠠ ᠴᠠᠢ ᠠᠶᠠᠭᠠᠯᠠᠨ ᠥᠭᠬᠦ ᠳ᠋ᠦ᠍ ᠲᠡᠷᠡ ᠬᠠᠷ᠎ᠠ ᠬᠦᠷᠡᠩ ᠥᠩᠭᠡ ᠲᠡᠢ ᠴᠠᠢ ᠶ᠋ᠢ ᠤᠳᠠᠭᠠᠨ ᠭᠡᠭᠴᠢ ᠰᠢᠨᠤᠯᠲᠠᠢᠬᠠᠨ ᠠᠮᠲᠠᠯᠠᠵᠤ ᠦᠵᠡᠭᠡᠳ ᠂ ᠲᠣᠯᠣᠭᠠᠢ ᠪᠠᠨ ᠳᠣᠬᠢᠨ ᠱᠠᠭᠰᠢᠵᠤ ᠭᠠᠷᠪᠠ᠃ ᠲᠦᠳᠡᠬᠡᠨ ᠵᠠᠭᠤᠷ᠎ᠠ ᠪᠤᠰᠤᠳ ᠯᠠᠮᠠ ᠨᠠᠷ ᠪᠣᠯᠤᠨ ᠴᠠᠢ ᠶ᠋ᠢᠨ ᠳᠡᠪᠦᠷ᠎ᠡ ᠨᠦ᠍ᠭᠦᠳ ᠰᠦᠮ᠎ᠡ ᠶ᠋ᠢᠨ ᠪᠦᠷᠦᠩᠬᠦᠢ ᠳ᠋ᠦ᠍ ᠠᠯᠠᠭ᠎ᠠ ᠪᠣᠯᠤᠭᠠᠳ᠂ ᠪᠤᠷᠬᠠᠳ ᠤ᠋ᠨ ᠬᠥᠷᠥᠭ ᠦ᠋ᠨ ᠳᠣᠣᠷ᠎ᠠ ᠪᠦᠭᠦᠳᠡᠭᠡᠷ ᠥᠷᠯᠥᠭᠡ ᠶ᠋ᠢᠨ ᠴᠠᠢ ᠪᠠᠨ ᠤᠤᠭᠤᠵᠠᠭᠠᠯ᠎ᠠ᠃ 
       ᠨᠠᠮᠠᠶ᠋ᠢ ᠡᠨᠡ ᠶᠣᠰᠣᠯᠠᠯ ᠢ᠋ ᠰᠣᠨᠢᠷᠬᠠᠵᠤ ᠪᠠᠢᠬᠤ ᠬᠣᠭᠣᠷᠣᠨᠳᠣ ᠮᠠᠨ ᠤ᠋ ᠬᠢᠨ ᠮᠠᠨᠢ ᠨᠠᠮᠠᠶ᠋ᠢ ᠣᠢᠷ᠎ᠠ ᠣᠷᠴᠢᠮ ᠢ᠋ᠶ᠋ᠠᠷ ᠪᠠᠷᠠᠲᠠᠯ᠎ᠠ ᠡᠷᠢᠵᠡᠭᠡᠭᠰᠡᠨ ᠪᠢᠯᠡ᠃ ᠲᠡᠳᠡᠨ ᠭᠠᠳᠠᠭᠰᠢ ᠪᠠᠨ ᠵᠢᠭᠤᠯᠴᠢᠯᠠᠬᠤ ᠪᠠᠷ ᠪᠠᠢᠭᠰᠠᠨ ᠪᠥᠭᠡᠳ ᠠᠵᠠ ᠲᠠᠭᠠᠷᠠᠵᠤ ᠴᠢᠨᠣ᠎ᠠ ᠬᠠᠷᠭᠤᠬᠤ ᠳ᠋ᠤ᠌ ᠬᠦᠷᠪᠡᠯ ᠮᠠᠰᠢᠨ ᠢ᠋ᠶ᠋ᠠᠷ ᠬᠥᠭᠡᠭᠡᠨ ᠠᠩᠨᠠᠬᠤ ᠰᠠᠨᠠᠭᠠᠲᠠᠢ ᠠᠵᠢ᠃ ᠭᠡᠬᠦ ᠳ᠋ᠦ᠍ ᠡᠨᠡ ᠡᠳᠦᠷ ᠲᠠᠯ᠎ᠠ ᠨᠤᠲᠤᠭ ᠤ᠋ᠨ ᠡᠨᠡ ᠣᠯᠠᠨ ᠠᠷᠢᠶᠠᠲᠠᠨ ᠨᠦᠬᠡᠨ ᠡᠴᠡ ᠪᠡᠨ ᠭᠠᠷᠤᠭᠰᠠᠨ ᠦᠭᠡᠢ ᠪᠣᠯᠤᠯᠲᠠᠢ᠂ ᠬᠠᠷᠢᠨ ᠵᠠᠮ ᠳᠠᠭᠠᠤ ᠰᠦᠷᠦᠭ ᠵᠡᠭᠡᠷ᠎ᠡ ᠶ᠋ᠢᠨ ᠴᠠᠬᠢᠯᠠᠨ ᠭᠦᠶᠦᠬᠦ ᠶ᠋ᠢ ᠬᠠᠷᠠᠯ᠎ᠠ᠃ ᠲᠡᠳᠡᠭᠡᠷ ᠠᠮᠢᠲᠠᠳ ᠬᠥᠮᠦᠨ ᠢ᠋ ᠳᠤᠷᠠᠯᠠᠭᠤᠯᠤᠮᠠᠷ ᠲᠡᠢᠮᠦ ᠦᠵᠡᠰᠬᠦᠯᠡᠩᠲᠡᠢ ᠰᠠᠢᠬᠠᠨ ᠪᠠᠢᠪᠠ᠃ ᠮᠠᠰᠢᠨ ᠤ᠋ ᠯᠠᠪᠠᠷ ᠤ᠋ᠨ ᠳᠠᠭᠤᠨ ᠳ᠋ᠤ᠌ ᠦᠷᠭᠦᠭᠰᠡᠨ ᠵᠡᠭᠡᠷ᠎ᠡ ᠨᠦ᠍ᠭᠦᠳ ᠲᠠᠯ᠎ᠠ ᠶ᠋ᠢ ᠵᠦᠰᠦᠨ ᠳᠡᠭᠵᠢᠨ ᠴᠣᠪᠣᠭᠣᠯᠢᠭ ᠰᠤᠮᠤᠳᠠᠨ ᠣᠳᠤᠯ᠎ᠠ᠃ 
       ᠬᠢᠵᠠᠭᠠᠷ ᠦᠭᠡᠢ ᠦᠷᠭᠦᠯᠵᠢᠯᠡᠭᠰᠡᠨ ᠲᠠᠯ᠎ᠠ ᠨᠤᠲᠤᠭ ᠲᠤ᠌ ᠥᠨᠥᠳᠥᠷ ᠶᠣᠰᠣᠲᠠᠢ ᠰᠠᠢᠬᠠᠨ ᠰᠡᠳᠬᠢᠯ ᠲᠡᠨᠢᠭᠦᠨ ᠡᠳᠦᠷ ᠪᠣᠯᠤᠯ᠎ᠠ᠃ ᠪᠢᠳᠡᠨ ᠣᠷᠣᠢᠬᠠᠨ ᠰᠢᠭ᠋ ᠰᠥᠨᠢᠳ ᠸᠠᠩ ᠤ᠋ᠨ ᠣᠷᠳᠣᠨ ᠳ᠋ᠤ᠌ ᠪᠤᠴᠠᠭᠰᠠᠨ ᠪᠣᠯᠪᠠᠴᠤ ᠬᠠᠷᠠᠩᠭᠤᠢ ᠪᠣᠯᠬᠤ ᠠ᠋ᠴᠠ ᠡᠮᠦᠨ᠎ᠡ ᠴᠠᠭᠠᠨ ᠬᠦᠷᠢᠶᠡᠨ ᠦ᠌ ᠰᠦᠮ᠎ᠡ ᠳ᠋ᠡᠭᠡᠨ ᠠᠮᠵᠢᠨ ᠬᠠᠷᠢᠬᠤ ᠶ᠋ᠢ ᠰᠠᠨᠠᠵᠤ ᠪᠠᠢᠪᠠ᠃ ᠸᠠᠩ ᠨᠣᠶᠠᠨ ᠪᠡᠶ᠎ᠡ ᠪᠡᠷ ᠢ᠋ᠶ᠋ᠡᠨ ᠮᠠᠰᠢᠨ ᠤ᠋ ᠬᠠᠵᠠᠭᠤ ᠳ᠋ᠤ᠌ ᠬᠦᠷᠭᠡᠨ ᠭᠠᠷᠴᠤ ᠢᠷᠡᠭᠰᠡᠨ ᠢ᠋ᠶ᠋ᠡᠨ ᠨᠢᠳᠦ ᠨᠢ ᠭᠡᠨᠡᠳᠲᠡ ᠠᠯᠤᠰ ᠲᠡᠷᠲᠡᠭᠡᠬᠢ ᠲᠠᠯ᠎ᠠ ᠶ᠋ᠢᠨ ᠭᠦᠨ ᠳ᠋ᠡᠬᠢ ᠨᠢᠭᠡᠨ ᠵᠢᠵᠢᠭᠬᠡᠨ ᠲᠣᠯᠪᠣ ᠳᠡᠭᠡᠷ᠎ᠡ ᠲᠣᠭᠲᠠᠯ᠎ᠠ᠃ 
       ᠨᠢᠭᠡᠨ ᠮᠣᠷᠢᠲᠠᠨ ᠲᠠᠯ᠎ᠠ ᠳᠡᠭᠡᠭᠦᠷ ᠳᠠᠪᠬᠢᠭᠤᠯᠤᠭᠰᠠᠭᠠᠷ ᠬᠦᠷᠴᠦ ᠢᠷᠡᠪᠡ᠃ ᠮᠣᠷᠢᠨ ᠠ᠋ᠴᠠ ᠨᠢ ᠠᠭᠤᠷ ᠪᠠᠭᠠᠭᠢᠵᠤ᠂ ᠲᠡᠷᠡ ᠡᠷ᠎ᠡ ᠴᠦ᠍ ᠪᠤᠷᠵᠢᠢᠲᠠᠯ᠎ᠠ ᠬᠥᠯᠥᠷᠡᠭᠰᠡᠨ ᠪᠠᠢᠪᠠ᠃ ᠬᠥᠷᠰᠢ ᠬᠤᠰᠢᠭᠤᠨ ᠳ᠋ᠤ᠌ ᠬᠢᠲᠠᠳ ᠳᠡᠭᠡᠷᠡᠮᠴᠢᠳ ᠳᠠᠭᠠᠷᠢᠨ ᠢᠷᠡᠭᠰᠡᠨ ᠢ᠋ ᠮᠡᠳᠡᠭᠡᠯᠡᠬᠦ ᠵᠢᠴᠢ ᠲᠤᠰᠠᠯᠠᠮᠵᠢ ᠭᠤᠶᠤᠬᠤ ᠪᠠᠷ ᠥᠷᠯᠥᠭᠡ ᠡᠴᠡ ᠣᠳᠣ ᠬᠦᠷᠲᠡᠯ᠎ᠡ ᠳᠠᠪᠬᠢᠵᠤ ᠪᠠᠢᠭ᠎ᠠ ᠠᠵᠢ᠃ ᠮᠡᠳᠡᠭᠡ ᠴᠦ᠍ ᠬᠠᠭᠤᠴᠢᠷᠠᠭᠰᠠᠨ ᠮᠡᠳᠡᠭᠡ ᠪᠠᠢᠨ᠎ᠠ ᠳᠠ ! ᠡᠮᠦᠨ᠎ᠡ ᠡᠳᠦᠷ ᠦ᠋ᠨ ᠳᠡᠭᠡᠷᠡᠮᠴᠢᠳ ᠶᠠᠪᠤᠵᠤ ᠪᠠᠢᠭᠰᠠᠨ ᠨᠢ ᠣᠳᠣ ᠪᠣᠯᠬᠤ ᠳ᠋ᠤ᠌ ᠳᠣᠲᠣᠭᠰᠢ ᠪᠠᠨ ᠭᠦᠨ ᠣᠷᠣᠭᠰᠠᠨ ᠪᠠᠢᠵᠤ ᠪᠣᠯᠬᠤ ᠪᠠᠷ ᠦᠯᠦ ᠪᠠᠷᠠᠮ ᠲᠤᠩ ᠶᠡᠬᠡ ᠬᠣᠬᠢᠷᠠᠯ ᠲᠠᠷᠢᠭᠰᠠᠨ ᠪᠠᠢᠵᠤ ᠴᠤ᠌ ᠮᠡᠳᠡᠬᠦ ᠶᠦᠮ᠃ ᠵᠠᠮ ᠴᠠᠭᠠᠬᠠᠨ ᠲᠤᠯᠠ ᠮᠠᠰᠢᠨ ᠢ᠋ᠶ᠋ᠠᠷ ᠪᠣᠯ ᠡᠨᠡ ᠬᠡᠰᠡᠭ ᠢ᠋ ᠦᠨᠡᠨ ᠳ᠋ᠡᠭᠡᠨ ᠬᠣᠶᠠᠷ ᠭᠤᠷᠪᠠᠬᠠᠨ ᠴᠠᠭ ᠲᠤ᠌ ᠬᠦᠷᠴᠦ ᠳᠡᠢᠯᠬᠦ ᠶᠦᠮ᠃ 
       ᠳᠡᠮᠴᠦᠭᠳᠦᠩᠷᠦᠪ ᠨᠣᠶᠠᠨ ᠪᠢᠳᠡᠨ ᠳ᠋ᠦ᠍ ᠬᠠᠷᠢᠭᠤ ᠶ᠋ᠢ ᠨᠢ ᠬᠦᠷᠭᠡᠬᠦ ᠪᠣᠯᠪᠠ ᠤᠤ ᠭᠡᠮᠡᠨ ᠬᠦᠰᠡᠪᠡ᠃ ᠲᠡᠷᠡ ᠷᠠᠰᠢ ( ᠵᠢᠷᠤᠭ 54 ) ᠬᠡᠮᠡᠬᠦ ᠨᠡᠷ᠎ᠡ ᠲᠡᠢ ᠬᠦᠷᠡᠩ ᠣᠷᠬᠢᠮᠵᠢ ᠲᠠᠢ ᠯᠠᠮᠠ ᠶ᠋ᠢ ᠵᠠᠮᠴᠢ ᠪᠠᠷ ᠲᠣᠮᠢᠯᠠᠪᠠ ᠃ ᠪᠢᠳᠡ ᠮᠠᠰᠢᠨ ᠳ᠋ᠠᠭᠠᠨ ᠭᠠᠷᠤᠭᠠᠳ ᠵᠠᠮ ᠲᠤᠷᠰᠢ ᠵᠡᠭᠡᠷ᠎ᠡ᠂ ᠬᠣᠨᠢᠨ ᠰᠦᠷᠦᠭ ᠪᠠ ᠨᠣᠢᠷ ᠲᠠᠭᠠᠨ ᠣᠷᠣᠭᠰᠠᠨ ᠨᠤᠭᠤᠰᠤ ᠭᠠᠯᠠᠭᠤ ᠶ᠋ᠢ ᠦᠷᠭᠦᠭᠡᠨ ᠰᠣᠴᠢᠭᠠᠭᠰᠠᠭᠠᠷ ᠳᠠᠪᠬᠢᠵᠤ ᠶᠠᠪᠤᠪᠠ᠃ ᠭᠡᠬᠦ ᠳ᠋ᠦ᠍ ᠪᠢᠳᠡᠨ ᠳ᠋ᠦ᠍ ᠡᠨᠡ ᠪᠦᠬᠦᠨ ᠢ᠋ ᠠᠩᠵᠠᠭᠠᠷᠠᠬᠤ ᠵᠠᠪ ᠭᠡᠵᠦ ᠠᠯᠠᠭ᠎ᠠ ! ᠪᠢᠳᠡ ᠴᠢᠩᠭᠢᠰ ᠬᠠᠭᠠᠨ ᠤ᠋ ᠰᠢᠭᠤᠳ ᠤᠭᠰᠠᠭᠠᠨ ᠤ᠋ ᠨᠢᠭᠡ ᠵᠠᠯᠭᠠᠮᠵᠢᠯᠠᠭᠴᠢ ᠶ᠋ᠢᠨ ᠳ᠋ᠦ᠍ ᠬᠦᠷᠬᠦ ᠪᠡᠷ ᠶᠠᠪᠤᠭ᠎ᠠ᠂ ᠤᠴᠢᠷ ᠨᠢ ᠲᠡᠭᠦᠨ ᠦ᠌ ᠡᠳ᠋ ᠪᠠᠶᠠᠯᠢᠭ ᠨᠢ ᠠᠮᠠᠭᠠᠢ ᠵᠢᠯᠣᠭᠣ ᠦᠭᠡᠢ ᠪᠣᠯᠤᠭᠰᠠᠨ ᠬᠢᠲᠠᠳ ᠳᠡᠭᠡᠷᠡᠮᠴᠢ ᠴᠡᠷᠢᠭ ᠦ᠋ᠨ ᠨᠢᠳᠦ ᠶ᠋ᠢ ᠤᠯᠠᠢᠯᠭᠠᠭᠰᠠᠨ ᠠᠵᠢ᠃