ᠳᠡᠯᠡᠬᠡᠢ ᠬᠠᠢᠷ᠎ᠠ-ᠣ᠊ ∙ ᠠᠶᠠᠯᠭᠤДэлхий хайр_дуучин Ц.Отгонсүрэн,О.Аялгуу_ Delkhii khair_ delhii hair Aylguu ,Otgonsuren
ᠳᠡᠯᠡᠬᠡᠢ ᠬᠠᠢᠷ᠎ᠠ
ᠦᠭᠡ᠄ ᠼ· ᠣᠳᠬᠣᠨᠪᠠᠭᠠᠲᠤᠷ
ᠠᠶ᠎ᠠ᠄ ᠨ · ᠪᠤᠶᠠᠨᠳᠡᠯᠭᠡᠷ
ᠳᠠᠭᠤᠴᠢᠨ᠄ ᠼ ᠂ ᠣᠳᠬᠤᠨᠰᠦ᠋ᠷᠦᠩ᠂ ᠣ᠂ ᠠᠶᠠᠯᠭᠤ
ᠬᠠᠪᠤᠷ ᠰᠢᠭ᠋᠂ ᠮᠣᠳᠣᠳ ᠰᠢᠭ᠋
ᠭᠤᠸ᠎ᠠ ᠴᠡᠴᠡᠭ ᠮᠢᠨᠢ
ᠬᠠᠢᠷ᠎ᠠ ᠰᠢᠭ᠋᠂ ᠵᠤᠨ ᠰᠢᠭ᠋
ᠭᠣᠶᠣᠬᠠᠨ ᠥᠬᠢᠨ ᠮᠢᠨᠢ
ᠴᠢ ᠮᠢᠨᠦ ᠬᠠᠢᠷ᠎ᠠ ᠠ᠋ᠴᠠ
ᠲᠩᠷᠢ ᠳ᠋ᠦ᠍ ᠭᠡᠷᠡᠯᠲᠦᠭᠰᠡᠨ ᠣᠳᠣ
ᠴᠢ ᠮᠢᠨᠦ ᠵᠢᠷᠦᠬᠡᠨ ᠡᠴᠡ
ᠲᠠᠩᠭᠢᠰ ᠲᠤ᠌ ᠭᠢᠯᠠᠯᠵᠠᠭᠰᠠᠨ ᠰᠤᠪᠤᠳ
ᠣᠳᠣ ᠰᠢᠭ᠋ ᠣᠭᠲᠠᠷᠭᠤᠢ ᠰᠢᠭ᠋
ᠰᠠᠷᠠᠭᠤᠯᠬᠠᠨ ᠠᠪᠤ ᠮᠢᠨᠢ
ᠣᠷᠴᠢᠯᠠᠩ ᠳᠡᠯᠡᠬᠡᠢ ᠰᠢᠭ
ᠰᠠᠢᠬᠠᠨ ᠠᠪᠤ ᠮᠢᠨᠢ
ᠲᠠ ᠮᠢᠨᠦ ᠢᠨᠢᠶᠡᠬᠦ
ᠬᠠᠮᠤᠭ ᠤ᠋ᠨ ᠨᠠᠨᠳᠢᠨ ᠰᠢᠯᠲᠠᠭᠠᠨ
ᠲᠠ ᠮᠢᠨᠦ ᠡᠷᠬᠡᠯᠡᠬᠦ
ᠬᠠᠢᠷ᠎ᠠ ᠶ᠋ᠢᠨ ᠭᠣᠶᠣ ᠱᠠᠩᠨᠠᠯ
ᠰᠣᠯᠣᠩᠭ᠎ᠠ ᠰᠢᠭ᠋ ᠡᠷᠪᠡᠬᠡᠢ ᠰᠢᠭ
ᠲᠠᠩᠬᠢᠯᠬᠠᠨ ᠥᠬᠢᠨ ᠮᠢᠨᠢ
ᠰᠦᠷᠴᠢᠭ ᠰᠠᠷᠠᠨᠠᠢ ᠰᠢᠭ᠋
ᠲᠠᠩᠰᠤᠭᠬᠠᠨ ᠥᠬᠢᠨ ᠮᠢᠨᠢ
ᠴᠢ ᠮᠢᠨᠦ ᠬᠠᠢᠷ᠎ᠠ ᠠ᠋ᠴᠠ
ᠲᠩᠷᠢ ᠳ᠋ᠦ᠍ ᠭᠡᠷᠡᠯᠲᠦᠭᠰᠡᠨ ᠣᠳᠣ
ᠴᠢ ᠮᠢᠨᠦ ᠵᠢᠷᠦᠬᠡᠨ ᠡᠴᠡ
ᠲᠠᠩᠭᠢᠰ ᠲᠤ᠌ ᠭᠢᠯᠠᠯᠵᠠᠭᠰᠠᠨ ᠰᠤᠪᠤᠳ
ᠲᠩᠷᠢ ᠰᠢᠭ ᠭᠠᠵᠠᠷ ᠰᠢᠭ᠋
ᠲᠡᠨᠢᠭᠦᠬᠡᠨ ᠠᠪᠤ ᠮᠢᠨᠢ
ᠲᠠᠯ᠎ᠠ ᠰᠢᠭ᠋ ᠠᠭᠤᠯᠠ ᠰᠢᠭ᠋
ᠲᠦᠰᠢᠭ ᠲᠡᠢ ᠠᠪᠤ ᠮᠢᠨᠢ
ᠲᠠ ᠮᠢᠨᠦ ᠢᠨᠢᠶᠡᠬᠦ
ᠬᠠᠮᠤᠭ ᠤ᠋ᠨ ᠨᠠᠨᠳᠢᠨ ᠰᠢᠯᠲᠠᠭᠠᠨ
ᠲᠠ ᠮᠢᠨᠦ ᠡᠷᠬᠡᠯᠡᠬᠦ
ᠬᠠᠢᠷ᠎ᠠ ᠶ᠋ᠢᠨ ᠭᠣᠶᠣ ᠱᠠᠩᠨᠠᠯ
ᠴᠢ ᠮᠢᠨᠦ ᠬᠠᠢᠷ᠎ᠠ ᠠ᠋ᠴᠠ
ᠲᠩᠷᠢ ᠳ᠋ᠦ᠍ ᠭᠡᠷᠡᠯᠲᠦᠭᠰᠡᠨ ᠣᠳᠣ
ᠲᠠ ᠮᠢᠨᠦ ᠡᠷᠬᠡᠯᠡᠬᠦ
ᠬᠠᠢᠷ᠎ᠠ ᠶ᠋ᠢᠨ ᠭᠣᠶᠣ ᠱᠠᠩᠨᠠᠯ
ᠬᠠᠢᠷ᠎ᠠ ᠶ᠋ᠢᠨ ᠭᠣᠶᠣ ᠱᠠᠩᠨᠠᠯ
ᠬᠠᠢᠷ᠎ᠠ ᠶ᠋ᠢᠨ ᠭᠣᠶᠣ ᠱᠠᠩᠨᠠᠯ᠃
ᠦᠰᠦᠭ ᠠᠮᠢᠯᠠᠭᠤᠯᠤᠭᠰᠠᠨᠨᠢ᠄ ᠭᠠᠷᠮ᠎ᠠ
ᠦᠰᠦᠭ ᠬᠠᠲᠠᠭᠰᠠᠨ ᠨᠢ ᠄ ᠭᠠᠸᠠ
ᠬᠢᠨᠠᠭᠴᠢ᠄ ᠣᠣᠡᠬᠠᠡᠰᠤᠡ ᠂ ᠢᠷᠡᠭᠡᠳᠦᠢ
